ᠮᠤᠩᠭᠤᠯ ᠤᠨ ᠤᠯᠠᠮᠵᠢᠯᠠᠯᠳᠤ ᠬᠡᠷ ᠤᠨ ᠰᠤᠷᠭᠠᠯ
ᠨᠡᠶᠢᠲᠡᠯᠡᠭᠰᠡᠨ ᠴᠠᠭ᠄
2019/12/2
                                             —— ᠬᠠ᠊ ᠦᠨᠢᠪᠠᠳᠠᠷᠠ                 ᠦᠷ᠎ᠡ ᠬᠡᠦᠬᠡᠳ ᠢᠶᠠᠨ ᠴᠡᠭᠡᠷᠯᠡᠭᠦᠯᠦᠨ ᠰᠤᠷᠭᠠᠳᠠᠭ ᠶᠣᠰᠣᠨ        ᠮᠣᠩᠭᠤᠯ ᠦᠨᠳᠦᠰᠣᠨ ᠳᠡᠣᠬᠡᠨ ᠬᠦᠭᠵᠢᠯᠳᠡ ᠶᠢᠨ ᠶᠠᠪᠤᠴᠠ ᠳ᠋ᠠᠭᠠᠨ‌ᠠᠳᠠᠯᠢ ᠪᠣᠰᠣ ᠰᠢᠨᠵᠢ ᠴᠢᠨᠠᠷ ᠲᠠᠢ ᠨᠡᠶᠢᠭᠡᠮ ᠳᠤ ᠴᠦᠮ ᠠᠳᠠᠯᠢ ᠪᠣᠰᠣ ᠶᠢᠨ ᠵᠣᠬᠢᠴᠠᠯᠳᠤᠬᠤ ᠬᠡᠯᠪᠡᠷᠢ ᠪᠠᠷ ᠪᠣᠯᠪᠠᠰᠤᠨ ᠰᠣᠶᠣᠯ ᠪᠡ ᠪᠣᠯᠪᠠᠰᠤᠨ ᠶᠣᠰᠣ ᠮᠣᠷᠠᠯ ᠢᠶᠠᠨ ᠬᠦᠭᠵᠢᠭᠦᠯᠦᠨ ᠮᠠᠨᠳᠤᠭᠤᠯᠵᠤ ᠣᠯᠠᠮᠵᠢᠯᠠᠨ ᠵᠠᠯᠭᠠᠮᠵᠢᠯᠠᠭᠰᠠᠭᠠᠷ ᠢᠷᠡᠭᠰᠡᠨ ᠶᠣᠮ᠃ ᠵᠢᠱᠢᠶᠡᠯᠡᠪᠡᠯ ᠹᠸᠣᠳᠡᠯ ᠤᠨ ᠨᠡᠶᠢᠭᠡᠮ ᠳᠤ ᠬᠦᠮᠦᠨ ᠤ ᠦᠵᠡᠯ ᠣᠬᠠᠮᠰᠠᠷ ᠬᠠᠷᠠᠬᠠᠨ  ᠬᠤᠴᠣᠷᠤᠩᠭᠤᠢ ᠪᠠᠶᠢᠭᠰᠠᠨ ᠪᠦᠭᠡᠳ ᠨᠡᠩ ᠪᠣᠳᠠᠰᠴᠢ ᠦᠵᠡᠯ ᠭᠡᠭᠴᠢ ᠶᠠᠭᠤ ᠪᠣᠯᠬᠤ ᠶᠢ ᠮᠡᠳᠡᠬᠦ ᠦᠭᠡᠢ ᠪᠠᠶᠢᠭᠰᠠᠨ ᠪᠣᠯᠪᠡᠴᠤ ᠦᠪᠡᠷ ᠤᠨ ᠣᠶᠣᠨ ᠰᠠᠨᠠᠭ᠎ᠠ᠂ ᠠᠯᠢᠪᠠ ᠠᠵᠢᠯᠯᠠᠭ᠎ᠠ ᠪᠠᠨ ᠪᠣᠳᠠᠳᠠᠢ ᠪᠠᠶᠢᠳᠠᠯ ᠳᠤ ᠵᠣᠬᠢᠴᠠᠭᠰᠠᠨ᠂ ᠬᠦᠮᠦᠨ ᠲᠦᠷᠦᠯᠬᠢᠳᠡᠨ ᠳᠤ ᠠᠰᠢᠭ ᠲᠠᠢ ᠶᠠᠪᠣᠳᠠᠯ ᠬᠢᠬᠦ ᠪᠠᠷ ᠭᠤᠣᠯ ᠵᠤᠷᠢᠯᠭ᠎ᠠ ᠪᠣᠯᠭᠠᠭᠰᠠᠨ ᠬᠦᠮᠦᠵᠢᠯ ᠬᠢᠵᠦ ᠦᠪᠡᠷ ᠤᠨ ᠦᠷ᠎ᠡ ᠠᠴᠢᠷ ᠬᠤᠶᠢᠴᠢ ᠦᠶ᠎ᠡ  ᠪᠠᠨ ᠰᠣᠷᠭᠠᠬᠤ ᠳᠠᠭᠠᠨ ᠪᠠᠭ᠎ᠠ ᠠᠴᠠ ᠨᠢ ᠦᠨᠡᠨ᠂ ᠰᠠᠶᠢᠨ᠂ ᠰᠠᠶᠢᠬᠠᠨ  ᠢ ᠪᠠᠭ᠋ᠠᠷᠬᠠᠨ ᠪᠷᠢᠮᠳᠠᠯᠠᠬᠤ ᠳᠤ ᠰᠣᠷᠭᠠᠵᠦ ᠪᠠᠶᠢᠵᠠᠢ᠃ ᠭᠡᠬᠦ ᠳᠡᠭᠡᠨ ᠳᠣᠬᠠᠢ ᠶᠢᠨ ᠨᠡᠶᠢᠭᠡᠮ ᠤᠨ ᠰᠢᠨᠵᠢ ᠴᠢᠨᠠᠷ ᠪᠣᠯᠣᠨ ᠬᠦᠮᠦᠨ ᠤ ᠣᠬᠠᠮᠰᠠᠷ ᠤᠨ ᠬᠢᠵᠠᠭᠠᠷᠯᠠᠯ ᠠᠴᠠ ᠪᠣᠯᠵᠦ ᠦᠨᠦᠳᠦᠷ ᠤᠨ ᠰᠢᠭ ᠪᠣᠳᠠᠰᠴᠢ ᠦᠵᠡᠯ᠂ ᠨᠠᠶᠢᠳᠡᠴᠢ ᠦᠵᠡᠯ᠂ ᠬᠦᠰᠡᠯᠡᠩ ᠤᠨ ᠬᠦᠮᠦᠵᠢᠯ ᠬᠢᠵᠦ ᠰᠤᠷᠭᠠᠳᠠᠭ ᠪᠢᠰᠢ᠂ ᠬᠠᠷᠢᠨ ᠠᠶᠤᠯᠭᠠᠵᠤ ᠰᠦᠷᠳᠡᠭᠦᠯᠬᠦ ᠪᠣᠶᠣ ᠰᠡᠳᠬᠢᠯᠴᠢ ᠦᠵᠡᠯ ᠤᠨ ᠠᠷᠭ᠎ᠠ ᠪᠠᠷ ᠬᠡᠦᠬᠡᠳ ᠪᠠᠭᠠᠴᠤᠳ ᠢ ᠰᠣᠷᠭᠠᠨ ᠠᠬᠠᠰ ᠵᠠᠬᠠᠰ ᠢᠶᠠᠨ ᠬᠦᠨᠳᠦᠯᠡᠵᠦ᠂ ᠠᠵᠢᠯ ᠬᠥᠳᠡᠯᠮᠦᠷᠢ ᠳᠤ ᠰᠢᠭᠤᠷᠬᠠᠶᠢᠯᠠᠨ ᠠᠶᠢᠯ ᠣᠯᠠᠨ  ᠲᠠᠢ ᠪᠠᠨ ᠡᠶ᠎ᠡ ᠨᠠᠶᠢᠷ ᠲᠠᠢ ᠶᠠᠪᠤᠯᠴᠠᠵᠤ᠂ ᠠᠳᠠᠯ ᠦᠢᠯᠡᠰ ᠢᠶᠠᠨ ᠪᠣᠰᠬᠠᠨ ᠠᠵᠦ ᠵᠢᠷᠭᠠᠯᠳᠠᠢ ᠠᠮᠢᠳᠤᠷᠠᠬᠤ ᠶᠢ ᠰᠣᠷᠭᠠᠳᠠᠭ ᠪᠠᠶᠢᠵᠡᠢ᠃ ᠢᠩᠭᠢᠵᠦ ᠬᠢᠬᠦ ᠶᠢᠨ ᠠᠷᠭ᠎ᠠ ᠨᠢ ᠠᠰᠳᠠᠭᠠᠨ᠂ ᠬᠡᠯᠡᠯᠭᠡ ᠨᠢ ᠣᠨᠳᠣᠣ ᠴᠤ ᠪᠣᠳᠠᠰᠴᠢ ᠦᠵᠡᠯ ᠤᠨ ᠬᠥᠮᠥᠵᠢᠯ ᠲᠠᠢ ᠡᠭᠡᠭᠡ ᠠᠳᠠᠯᠢᠬᠠᠨ ᠦᠷ᠎ᠡ ᠪᠦᠳᠦᠮᠵᠢ ᠣᠯᠵᠦ᠂ ᠠᠵᠢᠯᠴᠢ ᠬᠥᠳᠡᠯᠮᠦᠷᠢᠴᠢ᠂ ᠨᠣᠮᠣᠬᠠᠨ ᠰᠢᠳᠤᠷᠭᠤ᠂ ᠶᠣᠰᠣ ᠮᠣᠷᠠᠯ ᠲᠠᠢ ᠬᠦᠮᠦᠨ ᠪᠣᠯᠭᠠᠬᠤ ᠭᠡᠰᠡᠨ ᠵᠤᠷᠢᠯᠭ᠎ᠠ ᠳᠤ ᠬᠦᠷᠳᠡᠭ᠃ ᠡᠭᠦᠨ ᠠᠴᠠ ᠦᠵᠡᠪᠡᠯ  ᠦᠩᠭᠡᠷᠡᠰᠡᠨ ᠤ ᠮᠣᠩᠭᠤᠯᠴᠣᠳ ᠤᠨ ︿︿ᠴᠡᠭᠡᠷ ᠶᠣᠰᠣᠨ﹀﹀ ᠢᠶᠠᠷ ᠬᠡᠦᠬᠡᠳ ᠢᠶᠠᠨ ᠰᠣᠷᠭᠠᠳᠠᠭ ᠠᠷᠭ᠎ᠠ ᠶᠢ ᠬᠠᠷᠢᠨ ᠨᠢᠭᠡ ᠵᠦᠢᠯ ᠤᠨ ᠮᠣᠩᠭᠤᠯᠴᠣᠳ︿︿ᠬᠡᠦᠬᠡᠳ ᠰᠣᠷᠭᠠᠬᠤ ᠣᠬᠠᠭᠠᠨ﹀﹀ ᠭᠡᠵᠦ ᠬᠡᠯᠡᠵᠦ ᠪᠣᠯᠬᠤ ᠶᠣᠮ᠃ ᠶᠠᠭᠤ ᠴᠤ ᠭᠡᠰᠡᠨ‌ᠮᠣᠩᠭᠤᠯᠴᠣᠳ ᠬᠡᠦᠬᠡᠳ ᠢᠶᠠᠨ ᠰᠣᠷᠭᠠᠬᠤ ᠳᠤ ︿︿ᠣᠬᠠᠭᠠᠨ﹀﹀  ᠲᠠᠢ ᠠᠷᠭ᠎ᠠ ᠬᠡᠷᠡᠭᠯᠡᠵᠦ ᠪᠠᠶᠢᠭᠰᠠᠨ ᠨᠢ ᠦᠨᠡᠨ ᠶᠣᠮ᠃               ᠪᠣᠰᠣᠳ ᠤᠨ ᠳᠣᠯᠣᠭᠠᠢ ᠳᠤ ᠭᠠᠷ ᠬᠦᠷᠬᠦ ᠶᠢ ᠴᠡᠭᠡᠷᠯᠡᠭᠦᠯᠬᠦ        ᠬᠦᠮᠦᠨ ᠤ ᠳᠠᠪᠣᠨ ᠴᠣᠯᠣ᠂ ᠲᠦᠷᠪᠡᠨ ᠮᠦᠴᠢ᠂ ᠡᠯ᠎ᠡ ᠡᠷᠬᠡᠳᠡᠨ ᠤ ᠳᠣᠳᠣᠷ᠎ᠠ ᠲᠠᠷᠢᠬᠢ ᠲᠣᠯᠣᠭᠠᠢ ᠪᠦᠭᠦᠳᠡ ᠶᠢ ᠵᠠᠬᠢᠷᠳᠠᠭ ᠢᠶᠠᠷ ᠢᠶᠠᠨ ᠬᠠᠮᠤᠭ ᠬᠦᠨᠳᠦᠳᠠᠢ ᠪᠠᠶᠢᠳᠠᠭ᠃ ᠢᠩᠭᠢᠬᠦ ᠳᠡᠭᠡᠨ ᠬᠥᠮᠥᠰ ᠳᠣᠯᠣᠭᠠᠢ ᠪᠠᠨ‌ᠡᠷᠬᠡᠳᠡᠨ ᠴᠣᠭᠴᠢᠰ ᠤᠨ ᠳᠡᠷᠢᠭᠦᠨ ᠢᠶᠠᠷ ᠦᠵᠡᠵᠦ᠂ ᠪᠠᠷᠤᠭ ᠤᠨ ᠶᠠᠭᠤᠮᠠᠨ ᠳᠤ ᠬᠦᠨᠳᠡᠳᠡᠭ ᠦᠭᠡᠢ᠂ ᠬᠢᠷᠢ ᠪᠠᠷᠤᠭ ᠤᠨ ᠣᠴᠢᠷ ᠲᠤ ᠪᠦᠬᠦᠶᠢᠵᠦ ᠳᠣᠯᠣᠭᠠᠢ ᠳᠣᠬᠢᠳᠠᠭ ᠦᠭᠡᠢ ᠪᠠᠶᠢᠳᠠᠭ᠃        ᠪᠣᠰᠣᠳ ᠤᠨ ᠳᠣᠯᠣᠭᠠᠢ ᠳᠤ ᠭᠠᠷ ᠬᠦᠷᠬᠦ ᠦᠢᠯᠡ ᠶᠠᠪᠤᠳᠠᠯ  ᠢ ᠮᠣᠩᠭᠤᠯᠴᠣᠳ ᠶᠡᠭᠡ ᠡᠭᠳᠡᠭᠦᠴᠡᠳᠡᠭ ᠪᠦᠭᠡᠳ ᠳᠣᠶᠢᠯ ᠤᠨ ᠮᠣᠷᠠᠯ ᠦᠭᠡᠢ ᠶᠠᠪᠤᠳᠠᠯ ᠢᠶᠠᠷ ᠦᠵᠡᠳᠡᠭ᠃ ᠨᠡᠩ ᠦᠷ᠎ᠡ ᠬᠡᠦᠬᠡᠳ᠂ ᠦᠶ᠎ᠡ ᠵᠡᠷᠭᠡ ᠳᠣᠣᠷ᠎ᠠ ᠬᠥᠮᠥᠰ ᠨᠢᠰᠤᠳᠠᠨ ᠳᠣᠮᠣᠭᠠᠳᠠᠨ᠂ ᠠᠬᠠᠰ ᠵᠠᠬᠠᠰ᠂ ᠠᠬᠠᠮᠠᠳ ᠬᠦᠮᠦᠨ ᠤ ᠳᠣᠯᠣᠭᠠᠢ ᠳᠤ ᠭᠠᠷ ᠬᠦᠷᠬᠦ  ᠶᠢ ᠳᠠᠰᠣ ᠴᠡᠭᠡᠷᠯᠡᠳᠡᠭ ᠪᠦᠭᠡᠳ ᠡᠶᠢᠮᠦᠷᠬᠦ ᠠᠵᠢᠯᠯᠠᠭ᠎ᠠ ᠶᠢ ︿︿ᠳᠣᠮᠤᠭ᠎ᠠ ᠦᠭᠡᠢ ᠬᠡᠦᠬᠡᠳ ᠳᠣᠯᠣᠭᠠᠢ ᠢᠶᠠᠷ ᠨᠠᠭᠠᠳᠣᠨ᠎ᠠ﹀﹀  ᠭᠡᠳᠡᠭ᠃ ᠬᠠᠷᠢᠨ ᠠᠬᠠᠮᠠᠳ ᠨᠠᠰᠤᠲᠠᠨ ᠨᠢ ᠨᠢᠯᠬ᠎ᠠ ᠪᠠᠭ᠎ᠠ ᠬᠡᠦᠬᠡᠳ ᠤᠨ ᠳᠣᠯᠣᠭᠠᠢ  ᠶᠢ ᠦᠬᠦᠭᠡᠷᠳᠡᠨ ᠢᠯᠢᠪᠡᠯ ᠡᠭᠦᠨ ᠢ ᠬᠠᠷᠢᠨ ᠬᠠᠶᠢᠷᠠᠯᠠᠨ ᠰᠠᠨᠠᠵᠤ ᠪᠠᠶᠢᠭ᠎ᠠ ᠪᠠᠷ ᠦᠵᠡᠳᠡᠭ᠃ ᠪᠠᠭ᠎ᠠ ᠬᠡᠦᠬᠡᠳ ᠶᠡᠬᠡᠰ ‍ᠦᠨ‌‍ᠲ᠋ᠣᠯᠣᠭᠠᠢ ᠳᠤ ᠭᠠᠷ ᠬᠦᠷᠬᠦ᠂ ᠬᠡᠦᠬᠡᠳ ᠨᠠᠭᠠᠳᠤᠮ ᠱᠤᠭ ᠭᠠᠷᠭᠠᠨ ᠠᠬᠠᠮᠠᠳ ᠨᠠᠰᠤᠲᠠᠨ ᠤ ᠳᠣᠯᠣᠭᠠᠢ  ᠶᠢ ᠳᠡᠮᠳᠡᠷᠢᠬᠦ᠂ ᠰᠢᠪᠳᠣᠷᠬᠤ᠂ ᠳᠣᠭᠰᠢᠬᠤ᠂ ᠣᠨᠳᠠᠵᠦ ᠪᠠᠶᠢᠭ᠎ᠠ ᠠᠬᠠᠮᠠᠳ ᠨᠠᠰᠤᠲᠠᠨ ᠤ ᠳᠣᠯᠣᠭᠠᠢ ᠶᠢ ᠬᠦᠳᠡᠯᠭᠡᠬᠦ ᠵᠡᠷᠭᠡ ᠳᠤ ᠶᠡᠬᠡᠴᠣᠣᠯ ᠳᠣᠩ ᠳᠣᠷ᠎ᠡ ᠦᠭᠡᠶᠢᠴᠡᠳᠡᠭ᠃ ᠬᠡᠦᠬᠡᠳ ᠬᠡᠷᠪᠡ ᠠᠬᠠᠰ ᠵᠠᠬᠠᠰ ‍ᠤᠨ‌‍ᠲ᠋ᠣᠯᠣᠭᠠᠢ ᠳᠤ ᠭᠠᠷ  ᠬᠦᠷᠪᠡᠯ ᠠᠬᠠᠰ ᠵᠠᠬᠠᠰ ᠢᠶᠠᠨ ᠬᠦᠨᠳᠦᠯᠡᠬᠦ ᠦᠭᠡᠢ ᠳᠤ ᠳᠣᠭᠠᠴᠠᠭᠳᠠᠵᠦ᠂ ᠳᠣᠯᠣᠭᠠᠢ ᠲᠦᠷᠦᠭᠦᠦ ᠦᠭᠡᠢ ᠠᠶᠢᠯ ᠤᠨ ᠬᠡᠦᠬᠡᠳ ᠭᠡᠵᠦ ᠬᠡᠯᠡᠭᠳᠡᠳᠡᠭ᠃        ᠬᠡᠦᠬᠡᠳ ᠢ ᠬᠠᠷᠠᠬᠠᠨ ᠪᠠᠭ᠎ᠠ ᠠᠴᠠ ᠨᠢ ᠠᠬᠠᠮᠠᠳ ᠨᠠᠰᠤᠲᠠᠨ᠂ ᠠᠬᠠᠰ ᠵᠠᠬᠠᠰ ᠢᠶᠠᠨ ᠬᠦᠨᠳᠦᠯᠡᠬᠦ ᠶᠣᠰᠣ ᠮᠣᠷᠠᠯ ᠲᠠᠢ ᠪᠣᠯᠭᠠᠨ ᠬᠥᠮᠥᠵᠢᠭᠦᠯᠬᠦ ᠶᠢᠨ ᠲᠦᠯᠦᠭᠡ ︿︿ᠪᠣᠰᠣᠳ ᠤᠨ ᠳᠣᠯᠣᠭᠠᠢ ᠳᠤ ᠭᠠᠷ ᠬᠦᠷ᠂ ᠭᠠᠷ ᠴᠢᠨᠢ ᠴᠡᠴᠡᠷᠡᠭᠡ ᠪᠣᠯᠣᠨ᠎ᠠ﹀﹀  ᠭᠡᠵᠦ ᠠᠶᠤᠯᠭᠠᠵᠤ ᠪᠣᠰᠣᠳ ᠤᠨ ᠳᠣᠯᠣᠭᠠᠢ ᠳᠤ ᠭᠠᠷ ᠬᠦᠷᠬᠦ ᠶᠢ ᠴᠡᠭᠡᠷᠯᠡᠭᠦᠯᠳᠡᠭ ᠪᠠᠶᠢᠵᠡᠢ  
 
ᠢᠷᠡᠯᠲᠡ᠄ ᠬᠡᠰᠢᠭᠳᠡᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号