ᠰᠤᠷᠤᠬᠴᠢᠳ ᠤᠨ ᠭᠠᠷ ᠤᠨ ᠲᠢᠭ ᠢ ᠪᠠᠭ᠎ᠠ ᠰᠤᠷᠭᠠᠭᠤᠯᠢ ᠠᠴᠠ ᠨᠢ ᠡᠬᠢᠯᠡᠨ ᠠᠳᠬᠤᠪᠡᠯ ᠵᠤᠬᠢᠨ᠎ᠠ
ᠨᠡᠶᠢᠲᠡᠯᠡᠭᠰᠡᠨ ᠴᠠᠭ᠄
2015/9/29
       ᠰᠢᠨᠵᠢᠯᠡᠬᠦ ᠤᠬᠠᠭᠠᠨ ᠮᠡᠷᠬᠡᠵᠢᠯ ᠤᠨ ᠲᠠᠪᠰᠢᠯᠳᠡ ᠶᠢ ᠲᠠᠭᠠᠯᠳᠤᠨ᠂ ᠺᠤᠮᠫᠢᠥᠲ᠋ᠧᠷ ᠢᠶᠠᠷ ᠦᠰᠦᠭ ᠴᠤᠬᠢᠬᠤ ᠨᠢ ᠲᠦᠬᠡᠮᠡᠯᠵᠢᠵᠤ᠂ ᠬᠦᠮᠤᠰ ᠦᠰᠦᠭ ᠪᠢᠴᠢᠬᠦ ᠶᠢ ᠬᠦᠡᠳᠦᠳᠬᠡᠬᠦ ᠪᠠᠨ ᠪᠤᠯᠢᠵᠡᠢ᠃ ᠰᠤᠷᠤᠬᠴᠢᠳ ᠴᠤ ᠰᠤᠷᠭᠠᠭᠤᠯᠢ ᠳᠠᠭᠠᠨ ᠦᠰᠦᠭ ᠢ ᠰᠠᠶᠢᠬᠠᠨ ᠪᠢᠴᠢᠬᠦ ᠵᠡᠩ ᠲᠠᠳᠬᠠᠯ ᠦᠬᠡᠢ ᠪᠤᠯᠵᠤ᠂ ᠦᠰᠦᠭ ᠪᠢᠴᠢᠭ ᠢ ᠬᠠᠰᠢ ᠶᠡᠰᠢ ᠪᠢᠴᠢᠬᠦ᠂ ᠲᠦᠷᠢᠮᠵᠢᠭᠰᠡᠨ ᠪᠢᠴᠢᠯᠬᠡ ᠪᠠᠷ ᠲᠤᠳᠡᠮᠠᠬ᠂ ᠲᠠᠰᠬᠠᠯ ᠤᠨ ᠬᠠᠭᠤᠳᠡᠰᠤ ᠴᠡᠪᠡᠷ ᠪᠤᠰᠤ ᠪᠠᠶᠢᠬᠤ ᠵᠡᠷᠬᠡ ᠠᠰᠠᠭᠤᠳᠡᠯ ᠤᠷᠤᠰᠢᠵᠤ ᠪᠤᠢ᠃ ᠨᠢᠬᠡᠨ ᠰᠤᠷᠭᠠᠨ ᠬᠦᠮᠦᠵᠢᠯ ᠤᠨ ᠠᠵᠢᠯᠳᠡᠨ ᠪᠤᠯᠤᠬᠰᠡᠨ ᠤ ᠬᠤᠪᠢ ᠳᠤ᠂ ᠦᠪᠡᠷ ᠤᠨ ᠬᠡᠳᠤᠨ ᠦᠵᠡᠯᠳᠡ ᠪᠠᠨ ᠮᠦᠴᠢᠳ ᠦᠬᠦᠯᠡᠶ᠎ᠠ᠃      ᠨᠢᠬᠡ᠂ ᠰᠤᠷᠤᠬᠴᠢᠳ ᠤᠨ ᠦᠰᠦᠭ ᠪᠢᠴᠢᠬᠦ ᠲᠤᠷ᠎ᠠ ᠪᠠᠬ᠎ᠠ ᠶᠢ ᠬᠦᠭᠵᠢᠬᠡᠬᠦ ᠬᠡᠷᠡᠭᠳᠡᠢ᠃      ᠰᠡᠳᠬᠢᠴᠨ ᠶᠢᠨ ᠵᠦᠢᠴᠢ ᠶᠢᠨ ᠦᠵᠡᠬᠦ ᠪᠠᠷ᠂ ᠲᠤᠷ᠎ᠠ ᠪᠠᠬ᠎ᠠ ᠪᠤᠯ ᠬᠦᠮᠤᠰ ᠤᠨ ᠠᠯᠢᠪᠡ ᠬᠡᠷᠡᠭ ᠪᠤᠳᠡᠰ ᠲᠤ ᠰᠤᠨᠢᠷᠬᠠᠯ ᠲᠠᠢ ᠪᠤᠯᠬᠤ ᠪᠡ ᠬᠦᠬᠡᠬᠡᠴᠡᠯᠳᠤᠯ ᠲᠠᠢ ᠪᠤᠯᠳᠠᠬ᠃ ᠲᠠᠷᠤᠢ ᠬᠦᠮᠤᠰ ᠤᠨ ᠶᠡᠮᠡᠷ ᠨᠢᠬᠡᠨ ᠰᠤᠳᠤᠯᠤᠯ ᠂ ᠶᠡᠮᠡᠷ ᠨᠢᠬᠡ ᠵᠦᠢᠯ ᠤᠨ ᠲᠤᠬᠠᠢᠢᠯᠠᠭᠰᠡᠨ ᠠᠵᠢᠯ ᠪᠡ ᠮᠡᠷᠬᠡᠵᠢᠯ ᠢ ᠰᠠᠨᠠᠭᠠᠴᠢᠯᠠᠭ᠎ᠠ ᠠᠴᠠ ᠪᠠᠨ ᠰᠤᠳᠤᠯᠬᠤ ᠬᠦᠳᠡᠯᠬᠡᠭᠴᠢ ᠬᠦᠴᠦᠨ ᠴᠢᠳᠡᠳᠠᠬ᠃ ᠬᠦᠮᠤᠰ ᠶᠡᠮᠡᠷ ᠨᠢᠬᠡᠨ ᠵᠦᠢᠯ ᠳᠤ ᠲᠤᠷ᠎ᠠ ᠪᠠᠬ᠎ᠠ ᠲᠠᠢ ᠪᠤᠯᠤᠬᠰᠡᠭᠠᠷ ᠦᠪᠡᠷ ᠤᠨ ᠲᠤᠷ᠎ᠠ ᠠᠴᠠ ᠪᠠᠨ ᠰᠤᠷᠤᠯᠴᠠᠭᠠᠳ ᠡᠬᠢᠯᠡᠴᠢᠬᠡᠳᠡᠭ ᠶᠤᠮ᠃      ᠹᠷᠡᠡᠼᠢ ᠶᠢᠨ ᠨᠢᠬᠡᠨ ᠰᠤᠷᠭᠠᠠ ᠬᠦᠮᠦᠵᠢᠯᠳᠡᠨ ᠤ ᠵᠢᠭᠠᠵᠤ ᠭᠠᠷᠭᠠᠬᠰᠡᠨ ᠢᠶᠠᠷ᠄ ︽ᠵᠢᠭᠠᠨ ᠰᠤᠷᠭᠠᠬᠤ ᠨᠢ ᠴᠢᠳᠡᠪᠤᠷᠢ ᠶᠢ ᠤᠯᠠᠮᠵᠢᠯᠠᠬᠤ ᠲᠡᠬᠡᠷ᠎ᠠ ᠪᠠᠶᠢᠬᠤ ᠪᠢᠰᠢ᠂ ᠬᠠᠷᠢᠨ ᠲᠡᠬᠦᠨ ᠢ ᠵᠤᠷᠢᠬᠵᠢᠭᠤᠯᠬᠤ᠂ ᠤᠷᠮᠠᠰᠢᠭᠤᠯᠬᠤ᠂ ᠰᠡᠩᠬᠡᠷᠡᠬᠦᠯᠬᠦ ᠲᠡᠬᠡᠷ᠎ᠠ ᠪᠤᠢ︾ ᠬᠡᠵᠤ ᠬᠡᠯᠡᠪᠡ᠃ ᠡᠬᠦᠨ ᠠᠴᠠ ᠦᠵᠡᠵᠤ ᠭᠠᠷᠬᠤ ᠨᠢ ᠰᠤᠷᠤᠬᠴᠢᠳ ᠤᠨ ᠦᠰᠦᠭ ᠪᠢᠴᠢᠬᠦ ᠲᠤᠷ᠎ᠠ ᠪᠠᠬ᠎ᠠ ᠨᠢ ᠭᠠᠷ ᠤᠨ ᠲᠢᠭ ᠢ ᠰᠠᠶᠢᠵᠢᠷᠠᠭᠤᠯᠬᠤ ᠳᠤ ᠬᠡᠮᠵᠢᠶᠡᠯᠡᠰᠢ ᠦᠬᠡᠢ ᠤᠢᠢᠯᠡᠳᠤᠯ ᠦᠵᠡᠬᠦᠯᠵᠤ ᠪᠤᠢ᠃ ᠰᠤᠷᠤᠬᠴᠢᠳ ᠭᠠᠷ ᠤᠨ ᠲᠢᠭ ᠢᠶᠠᠨ ᠰᠠᠶᠢᠵᠢᠷᠠᠭᠤᠯᠬᠤ ᠳᠤ ᠡᠩ ᠲᠡᠷᠢᠬᠦᠨ ᠳᠤ ᠶᠡᠭᠤᠨ ᠤ ᠲᠦᠯᠦᠬᠡ ᠭᠠᠷ ᠤᠨ ᠲᠢᠭ ᠢᠶᠠᠨ ᠰᠠᠶᠢᠵᠢᠷᠠᠭᠤᠯᠵᠤ ᠪᠠᠶᠢᠬᠤ ᠪᠠᠨ ᠤᠢᠢᠯᠠᠭᠠᠵᠤ ᠮᠡᠳᠡᠬᠦ ᠬᠡᠷᠡᠭᠳᠡᠢ᠃ ᠰᠠᠶᠢᠬᠠᠨ ᠪᠢᠴᠢᠯᠬᠡ ᠲᠠᠢ ᠬᠦᠮᠤᠨ ᠶᠠᠬ ᠨᠢᠬᠡᠨ ᠭᠤᠶᠤ ᠬᠤᠪᠴᠠᠰᠤ ᠡᠮᠦᠰᠦᠭᠰᠡᠨ ᠲᠠᠢ ᠠᠳᠡᠯᠢ ᠬᠦᠮᠤᠰ ᠲᠤ ᠰᠠᠶᠢᠬᠠᠨ ᠲᠦᠷᠦᠭᠳᠡᠯ ᠦᠭᠴᠤ᠂ ᠡᠨᠡᠬᠦ ᠬᠦᠮᠤᠨ ᠤ ᠰᠤᠶᠤᠯ ᠮᠡᠳᠡᠯᠬᠡ ᠶᠢᠨ ᠬᠢᠷᠢ ᠬᠡᠮᠵᠢᠶ᠎ᠠ ᠶᠢ ᠢᠯᠡᠷᠡᠬᠦᠯᠵᠤ᠂ ᠨᠡᠯᠢᠶᠡᠳ ᠶᠡᠭᠡ ᠬᠡᠮᠵᠢᠶᠡᠨ ᠠᠴᠠ ᠲᠤᠰ ᠬᠦᠮᠤᠨ ᠤ ᠰᠤᠶᠤᠯ ᠪᠤᠯᠪᠰᠤᠷᠡᠯ ᠨᠡᠩ ᠴᠢᠨᠠᠭᠰᠢᠯᠡᠪᠡᠯ ᠨᠡᠩ ᠠᠷᠪᠢᠨ ᠶᠡᠭᠤᠮ᠎ᠠ ᠶᠢ ᠤᠯᠵᠤ ᠮᠡᠳᠡᠬᠦ ᠶᠤᠮ᠃ ᠶᠡᠷᠤ ᠶᠢᠨ ᠦᠬᠡᠨ ᠳᠤ᠄ ︽ᠦᠰᠦᠭ ᠪᠢᠴᠢᠭ ᠨᠢ ᠬᠦᠮᠤᠨ ᠲᠠᠢ ᠪᠠᠨ ᠠᠳᠡᠯᠢᠬᠠᠨ︾ ᠬᠡᠳᠡᠭ ᠨᠢ ᠡᠨᠡᠬᠦ ᠤᠴᠢᠷ ᠶᠤᠰᠤ ᠶᠢ ᠬᠡᠯᠡᠵᠤ ᠪᠤᠢ᠃ ᠲᠠᠷᠠᠭᠠᠯᠡᠪᠡᠯ ᠤᠷᠡᠨ ᠪᠢᠴᠢᠯᠬᠡ ᠶᠢᠨ ᠲᠤᠰ ᠪᠡᠶ᠎ᠠ ᠶᠢᠨ ᠤᠡᠴᠠᠯᠢᠬ ᠠᠴᠠ ᠡᠬᠦᠰᠴᠤ᠂ ᠲᠤᠷ᠎ᠠ ᠪᠠᠬ᠎ᠠ ᠶᠢ ᠨᠢ ᠬᠦᠭᠵᠢᠬᠡᠵᠤ᠂ ᠲᠡᠬᠦᠨ ᠢ ᠬᠡᠷᠡᠭ ᠪᠤᠳᠡᠰ ᠤᠨ ︽ᠭᠤᠶᠤ︾ ᠪᠡ ︽ᠬᠠᠴᠢᠨ ᠰᠤᠨᠢᠨ︾ ᠠᠬᠤᠢ ᠪᠠᠶᠢᠳᠡᠯ ᠳᠤ ᠤᠷᠤᠭᠤᠯᠵᠤ᠂ ᠪᠤᠳᠡᠳᠡᠢ ᠵᠢᠭᠠᠨ ᠰᠤᠷᠭᠠᠬᠤ ᠶᠡᠪᠤᠴᠨ ᠲᠤᠮᠳᠡ ᠪᠠᠨ ᠤᠷᠡᠨ ᠪᠢᠴᠢᠯᠬᠡ ᠶᠢᠨ ᠤᠡᠴᠠᠯᠢᠬ ᠢ ᠪᠦᠷᠢᠨ ᠬᠦᠢᠴᠡᠳ ᠠᠰᠢᠬᠯᠡᠨ ᠰᠤᠷᠤᠬᠴᠢᠳ ᠲᠤ ᠤᠷᠡᠨ ᠪᠢᠴᠢᠯᠬᠡ ᠶᠢᠨ ᠤᠷᠡᠯᠢᠬ ᠤᠨ ᠰᠠᠶᠢᠬᠠᠨ ᠢ ᠮᠡᠳᠡᠷᠡᠬᠦᠯᠵᠤ᠂ ᠲᠡᠳᠡᠨ ᠤ ᠭᠠᠷ ᠤᠨ ᠲᠢᠭ ᠢᠶᠠᠨ ᠰᠠᠶᠢᠵᠢᠷᠠᠭᠤᠯᠬᠤ ᠲᠤᠷ᠎ᠠ ᠪᠠᠬ᠎ᠠ ᠶᠢ ᠬᠦᠭᠵᠢᠬᠡᠵᠤ᠂ ᠤᠯᠡᠨ ᠵᠦᠢᠯ ᠤᠨ ᠵᠢᠭᠠᠨ ᠰᠤᠷᠭᠠᠯᠳᠡ ᠶᠢᠨ ᠬᠦᠳᠡᠯᠬᠡᠬᠡᠨ ᠢ ᠦᠷᠨᠢᠬᠦᠯᠬᠦ ᠪᠠᠷ ᠲᠠᠮᠵᠢᠭᠤᠯᠤᠨ ᠲᠤᠷ᠎ᠠ ᠪᠠᠬ᠎ᠠ ᠶᠢ ᠨᠢ ᠬᠦᠭᠵᠢᠬᠡᠬᠦ ᠬᠡᠷᠡᠭᠳᠡᠢ᠃ ᠵᠢᠱᠢᠶᠡᠯᠡᠪᠡᠯ᠂ ᠤᠷᠡᠨ ᠪᠢᠴᠢᠯᠬᠡ ᠶᠢᠨ ᠲᠠᠶᠢᠯᠤᠮᠵᠢ ᠬᠢᠬᠦ᠂ ᠤᠷᠡᠨ ᠪᠦᠳᠦᠬᠡᠯ ᠢ ᠰᠤᠨᠢᠷᠬᠠᠭᠤᠯᠬᠤ᠂ ᠤᠷᠡᠨ ᠪᠢᠴᠢᠯᠬᠡ ᠶᠢᠨ ᠤᠷᠤᠯᠳᠤᠭᠠᠨ ᠬᠢᠬᠦ ᠵᠡᠷᠬᠡ ᠪᠠᠷ ᠲᠠᠮᠵᠢᠭᠤᠯᠤᠨ ᠰᠤᠷᠤᠬᠴᠢᠳ ᠤᠨ ᠰᠤᠶᠤᠯ ᠢᠷᠬᠡᠨᠰᠢᠯ ᠤᠨ ᠬᠡᠪ ᠴᠢᠨᠡᠷ ᠢ ᠲᠡᠬᠡᠭᠰᠢᠯᠡᠬᠦᠯᠬᠦ ᠪᠤᠯᠤᠨ᠎ᠠ᠃      ᠬᠤᠶᠡᠷ ᠂ ᠰᠤᠷᠤᠬᠴᠢᠳ ᠲᠤ ᠤᠷᠡᠨ ᠪᠢᠴᠢᠯᠬᠡ ᠶᠢ ᠰᠤᠷᠤᠯᠴᠠᠬᠤ ᠤᠷᠴᠢᠨ ᠲᠤᠭᠤᠷᠢᠨ ᠢ ᠪᠤᠢ ᠪᠤᠯᠭᠠᠬᠤ ᠬᠡᠷᠡᠭᠳᠡᠢ᠃      ᠰᠤᠷᠤᠬᠴᠢᠳ ᠢ ᠰᠤᠷᠭᠠᠭᠤᠯᠢ ᠶᠢᠨ ᠬᠦᠷᠢᠶᠡᠨ ᠳᠤ ᠤᠷᠤᠮᠠᠭᠴᠨ ᠰᠤᠶᠤᠯ ᠤᠨ ᠦᠨᠦᠷ ᠠᠮᠳᠡ ᠲᠠᠢ ᠪᠠᠶᠢᠬᠤ ᠶᠢ ᠮᠡᠳᠡᠬᠦᠯᠬᠦ ᠶᠢᠨ ᠲᠦᠯᠦᠬᠡ᠂ ᠤᠷᠡᠨ ᠪᠢᠴᠢᠯᠬᠡ ᠶᠢᠨ ᠲᠠᠪᠴᠡᠩ᠂ ᠬᠠᠷ᠎ᠠ ᠰᠠᠮᠪᠡᠷ᠎ᠠ ᠵᠡᠷᠬᠡ ᠶᠢ ᠪᠠᠶᠢᠭᠤᠯᠵᠤ ᠂ ᠨᠡᠷᠡᠳᠤ ᠬᠦᠮᠤᠰ ᠤᠨ ᠤᠷᠡᠨ ᠪᠢᠴᠢᠯᠬᠡ ᠶᠢᠨ ᠪᠦᠳᠦᠬᠡᠯ ᠢ ᠡᠯᠬᠦᠵᠤ᠂ ᠰᠠᠶᠢᠬᠠᠨ ᠪᠢᠴᠢᠭᠰᠡᠨ ᠰᠤᠷᠤᠬᠴᠢᠳ ᠤᠨ ᠪᠦᠳᠦᠬᠡᠯ ᠢ ᠲᠡᠯᠬᠡᠨ ᠦᠵᠡᠬᠦᠯᠵᠤ᠂ ᠰᠤᠷᠤᠬᠴᠢᠳ ᠤᠨ ᠤᠷᠮ᠎ᠠ ᠵᠤᠷᠢᠬ ᠢ ᠨᠢ ᠬᠦᠭᠵᠢᠬᠡᠵᠤ ᠨᠡᠩ ᠠᠷᠪᠢᠨ ᠪᠢᠴᠢᠬᠦ ᠶᠢ ᠵᠤᠷᠢᠬᠵᠢᠭᠤᠯᠤᠨ᠎ᠠ᠃ ᠪᠠᠰᠨ ᠠᠩᠬᠢ ᠪᠤᠯᠭᠠᠨ ᠳᠤ ︽ᠰᠤᠷᠤᠯᠴᠠᠯᠭ᠎ᠠ ᠶᠢᠨ ᠲᠠᠪᠴᠡᠩ︾ ᠢ ᠡᠷᠬᠢᠯᠡᠵᠤ᠂ ᠭᠠᠷ ᠤᠨ ᠲᠢᠭ ᠢ ᠠᠳᠡᠯᠢᠳᠬᠠᠬᠤ ᠤᠷᠤᠯᠳᠤᠭᠠᠨ ᠢ ᠶᠡᠪᠤᠬᠳᠡᠭᠤᠯᠵᠤ᠂ ᠭᠠᠷ ᠤᠨ ᠲᠢᠭ ᠢᠶᠠᠨ ᠰᠠᠶᠢᠵᠢᠷᠠᠭᠤᠯᠬᠤ ᠲᠠᠳᠬᠠᠯ ᠲᠠᠢ ᠪᠤᠯᠭᠠᠬᠤ ᠬᠡᠷᠡᠭᠳᠡᠢ᠃      ᠭᠤᠷᠪᠠ᠂ ᠭᠠᠷ ᠤᠨ ᠲᠢᠭ ᠢ ᠰᠠᠶᠢᠵᠢᠷᠠᠭᠤᠯᠬᠤ ᠵᠢᠭᠠᠨ ᠰᠤᠷᠭᠠᠯᠳᠡ ᠶᠢ ᠴᠢᠩᠭᠠᠳᠬᠠᠬᠤ ᠬᠡᠷᠡᠭᠳᠡᠢ᠃      ᠬᠡᠷᠪᠡ ᠰᠤᠷᠤᠬᠴᠢ ᠪᠤᠯᠭᠠᠨ ᠢ ᠰᠠᠶᠢᠬᠠᠨ ᠭᠠᠷ ᠤᠨ ᠲᠢᠭ ᠲᠠᠢ ᠪᠤᠯᠭᠠᠶ᠎ᠠ ᠬᠡᠪᠡᠯ ᠡᠷᠬᠡᠪᠰᠢ ᠪᠠᠭᠰᠢ ᠨᠡᠷ ᠠᠴᠠ ᠡᠬᠢᠯᠡᠨ ᠠᠳᠬᠤᠬᠤ ᠬᠡᠷᠡᠭᠳᠡᠢ᠃ ᠪᠠᠭᠰᠢ ᠶᠢᠨ ᠨᠢᠬᠡ ᠦᠬᠡ ᠨᠢᠬᠡ ᠬᠦᠳᠠᠯᠤᠯ ᠨᠢ ᠰᠤᠷᠤᠬᠴᠢᠳ ᠲᠤ ᠶᠡᠭᠡ ᠨᠦᠯᠦᠬᠡ ᠪᠤᠯᠳᠠᠬ ᠠᠴᠠ ᠪᠠᠭᠰᠢ ᠶᠢᠨ ᠦᠪᠡᠷ ᠤᠨ ᠪᠠᠶ᠎ᠠ ᠶᠢᠨ ᠤᠷᠡᠨ ᠪᠢᠴᠢᠯᠬᠡ ᠶᠢᠨ ᠰᠤᠶᠤᠯ ᠪᠤᠯᠪᠠᠰᠤᠷᠡᠯ ᠨᠢ ᠲᠤᠩ ᠴᠢᠬᠤᠯᠨ ᠶᠤᠮ᠃ ᠪᠠᠭᠰᠢ ᠶᠢᠨ ᠡᠩᠨᠡᠬᠡᠨ ᠤ ᠪᠠᠶᠢᠭᠤᠯᠤᠯᠳᠡ ᠶᠢᠨ ᠲᠠᠯ᠎ᠠ ᠪᠠᠷ ᠡᠩ ᠲᠠᠷᠢᠬᠦᠨ ᠳᠤ ᠰᠤᠷᠭᠠᠭᠤᠯᠢ ᠨᠢ ᠡᠷᠬᠡᠪᠰᠢ ᠤᠷᠡᠨ ᠪᠢᠴᠢᠯᠬᠡ ᠶᠢᠨ ᠲᠠᠯ᠎ᠠ ᠳᠤ ᠠᠪᠢᠶᠡᠰ ᠲᠠᠢ ᠲᠤᠰᠬᠠᠢ ᠪᠠᠭᠰᠢ ᠶᠢ ᠬᠡᠷᠡᠭᠯᠡᠵᠤ᠂ ᠤᠷᠡᠨ ᠪᠢᠴᠢᠯᠬᠡ ᠶᠢᠨ ᠪᠠᠭᠰᠢ ᠴᠤ ᠡᠨᠡᠬᠦ ᠲᠠᠯ᠎ᠠ ᠪᠠᠷ ᠢᠯᠡᠬᠦᠬᠡᠨ ᠵᠢᠯᠤᠭᠤᠳᠴᠤ᠂ ᠡᠬᠦᠨ ᠤ ᠬᠠᠮᠳᠤ ᠤᠷᠡᠨ ᠪᠢᠴᠢᠯᠬᠡ ᠶᠢᠨ ᠲᠤᠮᠳᠡ ᠲᠤᠯᠭᠠᠷᠠᠭᠰᠡᠨ ᠠᠰᠠᠭᠤᠳᠡᠯ ᠳᠤ ᠵᠦᠪ ᠤᠨᠤᠪᠴᠢᠳᠡᠢ ᠪᠠᠷ ᠦᠰᠦᠭ ᠪᠢᠴᠢᠬᠦ ᠶᠢ ᠲᠠᠶᠢᠯᠪᠤᠷᠢᠯᠡᠵᠤ ᠦᠭᠬᠦ ᠬᠡᠷᠡᠭᠳᠡᠢ᠃ ᠲᠦᠷᠪᠡ ᠳᠤ᠂ ᠵᠦᠪᠬᠡᠨ ᠤᠷᠡᠨ ᠪᠢᠴᠢᠯᠬᠡ ᠶᠢᠨ ᠬᠢᠴᠢᠶᠡᠯ ᠢ ᠲᠦᠰᠢᠭᠯᠡᠬᠡᠤᠨ ᠪᠤᠯᠬᠤ ᠦᠬᠡᠢ ᠶᠤᠮ᠂ ᠤᠯᠡᠨ ᠢᠶᠠᠷ ᠢᠶᠠᠨ ᠴᠢᠷᠮᠠᠶᠢᠪᠡᠯ ᠵᠤᠬᠢᠨ᠎ᠠ᠃ ᠪᠠᠭᠰᠢ ᠨᠡᠷ ᠦᠪᠡᠷᠳᠡᠬᠡᠨ ᠦᠰᠦᠭ ᠢ ᠰᠠᠶᠢᠬᠠᠨ ᠪᠢᠴᠢᠬᠦ ᠠᠴᠠ ᠭᠠᠳᠡᠨ᠎ᠠ ᠰᠠᠶᠢᠬᠠᠨ ᠭᠠᠷ ᠤᠨ ᠲᠢᠭ ᠲᠠᠢ ᠰᠤᠷᠤᠬᠴᠢ ᠶᠢ ᠵᠢᠱᠢᠶ᠎ᠠ ᠪᠤᠯᠭᠠᠨ ᠦᠪᠡᠷ ᠪᠤᠰᠤᠳ ᠲᠤ ᠲᠠᠭᠤᠷᠢᠶᠡᠯ ᠪᠤᠯᠭᠠᠵᠤ᠂ ᠭᠠᠷ ᠤᠨ ᠲᠢᠭ ᠨᠢ ᠪᠠᠷᠤᠬ ᠲᠠᠢ ᠰᠤᠷᠤᠬᠴᠢᠳ ᠢ ᠦᠡᠳᠦᠰᠤᠨ ᠲᠠᠯ᠎ᠠ ᠠᠴᠠ ᠠᠳᠬᠤᠨ᠂ ᠵᠢᠱᠢᠶᠡᠯᠡᠪᠡᠯ ᠰᠠᠭᠤᠬᠤ ᠪᠠᠶᠢᠳᠡᠯ᠂ ᠪᠢᠷ ᠠᠳᠬᠤᠬᠤ᠂ ᠴᠡᠪᠡᠷ ᠲᠡᠭᠰᠢ᠂ ᠨᠠᠷᠢᠨ ᠬᠢᠨᠠᠮᠠᠭᠠᠢ ᠪᠢᠴᠢᠬᠦ ᠶᠢ ᠱᠠᠭᠠᠷᠳᠡᠨ ᠲᠦᠷᠢᠮᠵᠢᠭᠰᠡᠨ ᠪᠢᠴᠢᠯᠬᠡ ᠲᠠᠢ ᠪᠤᠯᠬᠤ ᠶᠢ ᠴᠢᠩᠭᠠᠳᠬᠠᠪᠡᠯ ᠵᠤᠬᠢᠨ᠎ᠠ᠃                                ᠡᠬᠢ ᠰᠤᠷᠪᠤᠯᠵᠢ >>>  
 
ᠢᠷᠡᠯᠲᠡ᠄ ᠬᠡᠰᠢᠭᠲᠡᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号