ᠳᠡᠯᠡᠬᠡᠢ ᠶᠢᠨ ᠨᠠᠷᠠᠲᠤ ᠰᠤᠷᠭᠠᠭᠤᠯᠢ ᠨᠤᠭᠤᠳ ᠶᠠᠮᠠᠷ ᠴᠢᠲᠠᠪᠤᠷᠢᠲᠠᠨ ᠢ ᠲᠤᠭᠤᠲᠠᠭ ᠪᠤᠢ︖
ᠨᠡᠶᠢᠲᠡᠯᠡᠭᠰᠡᠨ ᠴᠠᠭ᠄
2015/7/16
       ᠰᠢᠯᠭᠠᠯᠲᠠ ᠶᠢᠨ ᠬᠢᠷᠢ ᠪᠦᠳᠦᠮᠵᠢ ᠨᠢ ᠬᠠᠮᠤᠭ ᠤᠨ ᠰᠠᠶᠢᠨ ᠪᠢᠰᠢ ᠪᠠᠶᠢᠵᠤ ᠪᠤᠯᠬᠤ ᠪᠤᠯᠪᠠᠴᠦ ᠤᠯᠠᠨ ᠲᠠᠯ᠎ᠠ  ᠶᠢᠨ ᠠᠪᠢᠶᠠᠰ ᠴᠢᠲᠠᠪᠤᠷᠢ ᠲᠠᠢ᠂ ᠦᠪᠡᠷᠮᠢᠴᠠ ᠤᠨᠴᠠᠯᠢᠭ ᠲᠠᠢ ᠬᠢᠴᠢᠶᠠᠯ ᠤᠨ ᠭᠠᠲᠠᠨᠠᠬᠢ ᠬᠦᠲᠡᠯᠭᠡᠭᠡᠨ ᠬᠢᠭᠰᠡᠨ ᠦᠩᠭᠡᠷᠡᠯᠲᠡ ᠲᠠᠢ ᠪᠠᠶᠢᠬᠤ ᠬᠡᠷᠡᠭᠳᠡᠢ                                                              ᠰᠤᠷᠪᠤᠯᠵᠢᠯᠠᠬᠴᠢ ᠵᠠᠩ ᠱᠦᠸᠧ          ᠳᠡᠭᠡᠲᠤ ᠰᠤᠷᠭᠠᠭᠤᠯᠢ ᠳᠤ ᠡᠯᠰᠡᠬᠦ ᠰᠢᠯᠭᠠᠯᠲᠠ ᠶᠢᠨ ᠦᠭᠡᠷᠡᠴᠢᠯᠠᠯᠲᠠ ᠶᠢᠨ ᠳᠦᠰᠦᠯ ᠢ ᠦᠨᠳᠦᠰᠦᠯᠠᠪᠠᠯ᠂ ᠶᠡᠭᠡ ᠰᠤᠷᠭᠠᠭᠤᠯᠢ ᠨᠤᠭᠤᠳ ᠰᠤᠷᠤᠭᠴᠢ ᠡᠯᠰᠡᠬᠦ ᠳᠡᠭᠡᠨ ᠰᠤᠷᠤᠭᠴᠢᠳ ᠤᠨ ᠲᠡᠭᠡᠲᠤ ᠰᠤᠷᠭᠠᠭᠤᠯᠢ ᠳᠤ ᠡᠯᠰᠡᠬᠦ ᠨᠢᠭᠡᠲᠤᠯᠳᠡᠢ ᠰᠢᠯᠭᠠᠯᠲᠠ ᠶᠢᠨ ᠬᠢᠷᠢ ᠪᠦᠳᠦᠮᠵᠢ ᠪᠤᠯᠤᠨ ᠦᠨᠳᠦᠷ ᠲᠤᠮᠳᠠᠳᠦ ᠶᠢᠨ ᠬᠤᠭᠤᠴᠠᠭᠠᠨ ᠳᠠᠬᠢ ᠬᠢᠴᠢᠶᠠᠯ  ᠤᠨ ᠰᠢᠯᠭᠠᠯᠲᠠ ᠶᠢᠨ ᠬᠢᠷᠢ ᠪᠦᠳᠦᠮᠵᠢ ᠪᠠᠷ ᠦᠨᠳᠦᠰᠦ ᠪᠠᠷᠢᠮᠲᠠ ᠪᠤᠯᠭᠠᠨ᠂ ᠶᠡᠷᠦᠩᠬᠡᠢ ᠬᠡᠪ ᠴᠢᠨᠠᠷ ᠤᠨ ᠦᠨᠡᠯᠡᠯᠲᠡ  ᠪᠠᠷ ᠯᠠᠪᠯᠠᠯᠲᠠ ᠪᠤᠯᠭᠠᠵᠤ᠂ ᠤᠯᠠᠨ ᠡᠰᠢᠵᠢᠬᠦᠯᠦᠨ ᠡᠯᠰᠡᠬᠦ ᠳᠦᠷᠢᠮ ᠢ ᠬᠡᠷᠡᠭᠵᠢᠬᠦᠯᠬᠦ ᠪᠤᠯᠤᠨ᠎ᠠ᠃ ᠶᠡᠷᠦᠩᠬᠡᠢ ᠬᠡᠪ ᠴᠢᠨᠠᠷ ᠤᠨ ᠦᠨᠡᠯᠡᠯᠲᠡ ᠨᠢ ᠳᠡᠭᠡᠲᠤ ᠰᠤᠷᠭᠠᠭᠤᠯᠢ ᠳᠤ ᠡᠯᠰᠡᠬᠦ ᠰᠢᠯᠭᠠᠯᠲᠠ ᠶᠢᠨ ᠦᠭᠡᠷᠡᠴᠢᠯᠠᠯᠲᠠ ᠶᠢᠨ ᠳᠤᠷᠰᠢᠯᠲᠠ ᠳᠤᠳᠤᠷ᠎ᠠ ᠤᠯᠠᠮ ᠠᠴᠠ ᠤᠯᠠᠮ ᠬᠦᠨᠳᠦ ᠬᠤᠪᠢ ᠶᠢᠨ ᠵᠢᠩ ᠢ ᠡᠵᠡᠯᠡᠬᠦ ᠪᠤᠯᠵᠤ ᠪᠠᠶᠢᠨ᠎ᠠ᠂ ᠡᠬᠦᠨ ᠠᠴᠠ ᠬᠤᠶᠢᠰᠢᠲᠠ ᠳᠡᠭᠡᠲᠤ ᠰᠤᠷᠭᠠᠭᠤᠯᠢ ᠨᠤᠭᠤᠳ ᠰᠤᠷᠤᠭᠴᠢ ᠡᠯᠰᠡᠬᠦ ᠲᠠᠯ᠎ᠠ ᠪᠠᠷ ᠨᠡᠩ ᠢᠯᠡᠬᠦᠦ ᠦᠪᠡᠰᠦᠪᠡᠨ ᠡᠵᠡᠨ ᠮᠡᠲᠡᠬᠦ ᠡᠷᠭᠡ  ᠶᠢ ᠡᠳ᠋ᠯᠡᠬᠦ ᠪᠤᠯᠬᠤᠷ ᠬᠤᠷᠲᠤᠬᠠᠨ ︽ᠰᠤᠷᠤᠭᠴᠢ ᠡᠯᠰᠡᠵᠦ ᠰᠤᠷᠬᠤ ᠬᠡᠷᠡᠭᠲᠡᠢ︾ ᠪᠠᠶᠢᠨ᠎ᠠ᠃ ᠳᠡᠭᠡᠪᠡᠯ᠂ ᠪᠢᠲᠠ ᠤᠷᠲᠤ ᠬᠤᠭᠤᠴᠭᠠᠨ ᠤ ᠳᠤᠷᠰᠢ ᠳᠤ ᠪᠤᠢ ᠪᠤᠯᠤᠬᠰᠠᠨ ᠬᠡᠪᠰᠢᠭᠰᠡᠨ ᠰᠡᠳᠬᠢᠴᠠ ᠪᠠᠨ ᠬᠡᠷᠬᠢᠨ ᠬᠤᠪᠢᠷᠠᠭᠤᠯᠵᠤ᠂ ︽ᠬᠤᠪᠢ ᠶᠢ ᠡᠯᠰᠡᠵᠦ︾ ᠪᠠᠶᠢᠬᠰᠠᠨ ᠢᠶᠠᠨ ᠬᠡᠷᠬᠢᠨ ︽ᠬᠦᠮᠦᠨ ᠢ ᠡᠯᠰᠡᠬᠦ︾ ᠪᠤᠯᠭᠠᠨ ᠬᠤᠪᠢᠷᠠᠭᠤᠯᠬᠤ ᠪᠤᠢ︖ ᠡᠬᠦᠨ ᠳᠤ ᠪᠤᠰᠤᠳ ᠤᠨ ᠳᠤᠷᠰᠢᠯᠭ᠎ᠠ ᠪᠠᠷ ᠳᠤᠯᠢ ᠪᠤᠯᠭᠠᠵᠤ ᠪᠤᠯᠤᠨ᠎ᠠ᠃ ᠪᠢᠲᠠ ᠡᠳᠦᠭᠡ ᠬᠠᠷᠠᠭ᠎ᠠ ᠪᠠᠨ ᠭᠠᠲᠠᠭᠰᠢ ᠰᠢᠯᠵᠢᠬᠦᠯᠵᠦ᠂ ᠭᠠᠲᠠᠭᠠᠳᠦ ᠶᠢᠨ ᠳᠡᠷᠢᠬᠦᠨ ᠵᠡᠷᠭᠡ ᠶᠢᠨ ᠶᠡᠭᠡ ᠰᠤᠷᠭᠠᠭᠤᠯᠢ ᠪᠤᠯ ᠶᠠᠮᠠᠷ ᠰᠤᠷᠤᠭᠴᠢ ᠶᠢ ᠲᠤᠭᠤᠲᠠᠭ ᠢ ᠦᠵᠡᠶ᠎ᠡ᠃                                              —— ᠨᠠᠶᠢᠷᠠᠭᠤᠯᠤᠬᠴᠢ              ᠳᠤᠰᠬᠠᠢ ᠮᠡᠷᠭᠡᠵᠢᠯᠲᠠᠨ᠄ ᠳᠡᠯᠡᠬᠡᠢ ᠳᠡᠭᠡᠷᠡᠬᠢ ᠨᠡᠷᠡᠲᠡᠢ ᠶᠡᠭᠡ ᠰᠤᠷᠭᠠᠭᠤᠯᠢ ᠨᠤᠭᠤᠳ ᠴᠢᠲᠠᠪᠤᠷᠢᠲᠠᠨ ᠢ ᠰᠤᠩᠭᠤᠬᠤ ᠳᠠᠭᠠᠨ ᠭᠠᠭᠴᠠ ᠰᠢᠯᠭᠠᠯᠲᠠ ᠶᠢᠨ ᠬᠤᠪᠢ ᠶᠢ ᠯᠠ ᠴᠢᠬᠤᠯᠠᠴᠢᠯᠠᠬᠤ ᠪᠢᠰᠢ᠂ ᠶᠡᠷᠦᠨᠢ ᠰᠤᠷᠤᠭᠴᠢ ᠶᠢᠨ ᠬᠡᠪ ᠴᠢᠨᠠᠷ ᠢ ᠴᠢᠬᠤᠯᠠᠴᠢᠯᠠᠨ ᠦᠵᠡᠲᠡᠭ ᠳᠡᠯᠡᠬᠡᠢ ᠶᠢᠨ ᠨᠡᠷᠡᠲᠤ ᠰᠤᠷᠭᠠᠭᠤᠯᠢ ᠶᠢᠨ ᠰᠤᠷᠤᠭᠴᠢ ᠡᠯᠰᠡᠬᠦ ᠶᠠᠪᠤᠴᠠ ᠳᠤ ᠂ ᠮᠠᠨ ᠤ ︽ᠰᠠᠨᠠᠭ᠎ᠠ ᠤᠬᠠᠭᠠᠨ ᠳᠤ ᠤᠷᠤᠮ᠎ᠠ ᠦᠭᠡᠢ︾ ᠶᠠᠪᠣᠲᠠᠯ ᠬᠡᠳᠦ ᠭᠠᠷᠴᠦ ᠦᠩᠭᠡᠷᠡᠵᠡᠢ᠃ ᠵᠢᠱᠢᠶᠠᠯᠠᠪᠠᠯ ᠤᠯᠤᠰ ᠤᠨ ᠳᠤᠳᠤᠭᠠᠲᠤ ᠶᠢᠨ ᠲᠡᠭᠡᠲᠤ ᠰᠤᠷᠭᠠᠭᠤᠯᠢ ᠳᠤ ᠡᠯᠰᠡᠬᠦ ᠰᠢᠯᠭᠠᠯᠲᠠ ᠳᠤ ᠭᠤᠭᠤᠵᠢᠬᠲᠠᠭᠰᠠᠨ ᠨᠢᠭᠡ ᠰᠤᠷᠤᠭᠴᠢ ᠬᠠᠷᠢᠨ ᠬᠠᠷᠸᠠᠷᠳ᠋ ᠶᠡᠭᠡ ᠰᠤᠷᠭᠠᠭᠤᠯᠢ ᠳᠤ ᠡᠯᠰᠡᠭᠲᠡᠭᠰᠡᠨ ᠪᠠᠶᠢᠪᠠ︔ ᠪᠡᠭᠡᠵᠢᠩ ᠤᠨ ᠳᠡᠭᠡᠲᠤ ᠰᠤᠷᠭᠠᠭᠤᠯᠢ ᠳᠤ ᠡᠯᠰᠡᠬᠦ ᠰᠢᠯᠭᠠᠯᠲᠠ ᠳᠤ ᠳᠡᠷᠢᠬᠦᠨ ᠬᠤᠪᠢ ᠤᠯᠤᠬᠠᠰᠠᠨ ᠨᠢᠭᠡ ᠰᠤᠷᠤᠭᠴᠢ ᠠᠮᠧᠷᠢᠺᠠ ᠶᠢᠨ 11 ᠶᠡᠭᠡ ᠰᠤᠷᠭᠠᠭᠤᠯᠢ ᠳᠤ ᠭᠤᠶᠤᠴᠢᠯᠠᠯ ᠭᠠᠷᠭᠠᠭᠰᠠᠨ ᠪᠤᠯᠪᠠᠴᠦ ᠠᠯᠢ ᠨᠢᠭᠡ ᠰᠤᠷᠭᠠᠭᠤᠯᠢ ᠨᠢ ᠴᠦ ᠡᠯᠰᠡᠭᠰᠡᠨ ᠦᠭᠡᠢ᠃      ᠪᠢᠲᠠᠨ ᠤ ᠰᠠᠨᠠᠭ᠎ᠠ ᠤᠬᠠᠭᠠᠨ ᠳᠤ ᠤᠷᠤᠮ᠎ᠠ ᠦᠭᠡᠢ ᠭᠡᠵᠤ ᠪᠠᠶᠢᠭ᠎ᠠ ᠶᠢᠨ ᠤᠴᠢᠷ ᠨᠢ ᠤᠯᠤᠰ ᠤᠨ ᠳᠤᠳᠤᠭᠠᠲᠤ ᠶᠢᠨ ᠶᠡᠭᠡ ᠰᠤᠷᠭᠠᠭᠤᠯᠢ ᠨᠤᠭᠤᠳ ᠪᠤᠯ ᠰᠤᠷᠤᠭᠴᠢ ᠡᠯᠰᠡᠬᠦ ᠳᠡᠭᠡᠨ ᠪᠠᠷᠤᠭ ᠯᠠ ᠤᠯᠤᠬᠰᠠᠨ ᠬᠤᠪᠢ  ᠪᠠᠷ ᠪᠠᠷᠢᠮᠵᠢᠶ᠎ᠠ ᠪᠤᠯᠭᠠᠲᠠᠭ᠃ ᠰᠢᠯᠭᠠᠯᠲᠠ ᠳᠤ ᠰᠠᠶᠢᠨ ᠬᠢᠷᠢ ᠪᠦᠳᠦᠮᠵᠢ ᠤᠯᠤᠭᠰᠠᠨ ᠰᠤᠷᠤᠭᠴᠢ ᠶᠢ ᠴᠢᠩᠬᠤᠸᠠ ᠶᠡᠭᠡ ᠰᠤᠷᠭᠠᠭᠤᠯᠢ᠂ ᠪᠡᠭᠡᠵᠢᠩ ᠶᠡᠭᠡ ᠰᠤᠷᠭᠠᠭᠤᠯᠢ ᠵᠡᠷᠭᠡ ᠨᠠᠷᠠᠲᠤ ᠰᠤᠷᠭᠠᠭᠤᠯᠢ ᠨᠤᠭᠤᠳ ᠲᠠᠭᠠᠵᠤ ᠨᠡᠬᠡᠵᠦ ᠪᠠᠶᠢᠭᠠᠳ ᠡᠯᠰᠡᠳᠡᠭ᠃ ᠭᠡᠲᠡᠯ᠎ᠡ ᠳᠡᠯᠡᠬᠡᠢ ᠶᠢᠨ ᠨᠡᠷᠡᠲᠤ ᠰᠤᠷᠭᠠᠭᠤᠯᠢ ᠶᠢᠨ ᠰᠤᠷᠤᠭᠴᠢ ᠰᠤᠩᠭᠤᠬᠤ ᠪᠠᠷᠢᠮᠵᠢᠶ᠎ᠠ ᠪᠠᠷ ᠦᠵᠡᠪᠡᠯ᠂ ᠰᠠᠶᠢᠨ ᠬᠢᠷᠢ ᠪᠦᠳᠦᠮᠵᠢ ᠪᠤᠯ ᠶᠠᠭᠤ ᠪᠦᠬᠦᠨ ᠢ ᠰᠢᠢᠳᠪᠦᠷᠢᠯᠡᠬᠦ ᠵᠦᠢᠯ ᠪᠢᠰᠢ᠃ ᠠᠮᠧᠷᠢᠺᠠ ᠪᠠᠷ ᠵᠢᠱᠢᠶᠠᠯᠠᠵᠤ ᠬᠡᠯᠡᠪᠡᠯ᠂ ᠰᠤᠷᠤᠭᠴᠢ ᠡᠯᠰᠡᠬᠦ ᠳᠡᠭᠡᠨ ᠬᠤᠪᠢ ᠬᠦᠮᠦᠨ ᠤ ᠭᠤᠶᠤᠴᠢᠯᠠᠯ ᠤᠨ ᠪᠢᠴᠢᠭ᠂ ᠪᠠᠭᠰᠢ ᠶᠢᠨ ᠲᠠᠨᠢᠯᠴᠠᠭᠤᠯᠬᠤ ᠪᠢᠴᠢᠭ᠂ SAT ᠤᠨ ᠬᠢᠷᠢ ᠪᠦᠳᠦᠮᠵᠢ᠂ ᠡᠩ ᠤᠨ ᠦᠶ᠎ᠡ ᠶᠢᠨ ᠬᠢᠷᠢ ᠪᠦᠳᠦᠮᠵᠢ᠂ ᠭᠤᠶᠤᠴᠢᠯᠠᠬᠴᠢ ᠶᠢᠨ ᠶᠡᠷᠦᠩᠬᠡᠢ ᠬᠡᠪ ᠴᠢᠨᠠᠷ ᠵᠡᠷᠭᠡ ᠦᠢ ᠤᠯᠠᠨ ᠬᠦᠴᠦᠨ ᠵᠦᠢᠯ ᠢ ᠪᠤᠲᠤᠯᠬᠢᠯᠠᠲᠠᠭ᠃      ︽ᠠᠮᠧᠷᠢᠺᠠ ᠪᠠᠷ ᠵᠢᠱᠢᠶᠠᠯᠠᠵᠤ ᠬᠡᠯᠡᠪᠡᠯ᠂ ᠦᠨᠳᠦᠷ ᠲᠤᠮᠳᠠᠳᠦ ᠶᠢᠨ ᠰᠢᠯᠭᠠᠯᠲᠠ ᠳᠤ ᠰᠤᠷᠭᠠᠭᠤᠯᠢ ᠳᠠᠭᠠᠨ ᠳᠡᠷᠢᠬᠦᠯᠡᠭᠰᠡᠨ᠂ SAT ᠲᠤ ᠲᠦᠬᠦᠷᠡᠩ ᠬᠤᠪᠢ ᠤᠯᠤᠬᠰᠠᠨ ᠵᠠᠷᠢᠮ ᠰᠤᠷᠤᠭᠴᠢ ᠶᠢ ᠬᠠᠷᠸᠠᠷᠳ᠋ ᠶᠡᠭᠡ ᠰᠤᠷᠭᠠᠭᠤᠯᠢ ᠡᠯᠰᠡᠬᠦ ᠦᠭᠡᠢ ᠪᠠᠶᠢᠵᠤ ᠮᠡᠲᠡᠨ᠎ᠡ᠃︾ ᠭᠠᠲᠠᠭᠠᠳᠦ ᠳᠤ ᠰᠤᠷᠤᠯᠴᠠᠭᠤᠯᠬᠤ ᠠᠵᠢᠯ ᠤᠨ ᠤᠯᠠᠨ ᠵᠢᠯ ᠤᠨ ᠲᠤᠷᠰᠢᠯᠭ᠎ᠠ  ᠲᠠᠢ ᠳᠤᠰᠬᠠᠢ ᠮᠡᠷᠭᠡᠵᠢᠯᠲᠠᠨ ᠮᠠ ᠵᠧᠨ ᠢ ᠬᠡᠯᠡᠭᠰᠡᠨ ᠨᠢ᠄ ︽ᠠᠮᠧᠷᠢᠺᠠ ᠶᠢᠨ ᠳᠡᠷᠢᠬᠦᠨ ᠵᠡᠷᠭᠡ ᠶᠢᠨ ᠶᠡᠭᠡ ᠰᠤᠷᠭᠠᠭᠤᠯᠢ ᠳᠤ ᠤᠷᠤᠶ᠎ᠠ ᠭᠡᠪᠡᠯ ᠭᠠᠭᠴᠠ ᠰᠠᠶᠢᠨ ᠬᠢᠷᠢ ᠪᠦᠳᠦᠮᠵᠢ ᠲᠠᠢ ᠪᠠᠶᠢᠭᠠᠳ ᠪᠤᠯᠬᠤ ᠦᠭᠡᠢ᠂ ᠤᠴᠢᠷ ᠶᠠᠭᠤ ᠭᠡᠪᠡᠯ ᠤᠯᠤᠬᠰᠠᠨ ᠬᠤᠪᠢ ᠨᠢ ᠡᠯᠰᠡᠬᠦ ᠪᠠᠷᠢᠮᠵᠢᠶ᠎ᠠ ᠳᠤ ᠬᠦᠷᠦᠭᠰᠡᠨ ᠰᠤᠷᠤᠭᠴᠢ ᠪᠠᠶᠢᠬᠤ ᠯᠠ ᠪᠤᠶᠠᠨ ᠶᠤᠮ︾ ᠭᠡᠵᠡᠢ      ᠳᠡᠭᠡᠭᠡᠳ ᠰᠢᠯᠭᠠᠯᠲᠠ ᠶᠢᠨ ᠬᠤᠪᠢ ᠳᠤ ᠳᠦᠰᠢᠭᠯᠡᠬᠦ ᠦᠭᠡᠢ ᠪᠠᠷ ᠶᠠᠭᠤᠨ ᠳᠤ ᠳᠦᠰᠢᠭᠯᠡᠬᠦ ᠪᠤᠢ︖      ︽ᠳᠡᠯᠡᠬᠡᠢ ᠳᠡᠭᠡᠷᠡᠬᠢ ᠨᠡᠷᠡᠲᠡᠢ ᠶᠡᠭᠡ ᠰᠤᠷᠭᠠᠭᠤᠯᠢ ᠨᠤᠭᠤᠳ ᠴᠢᠲᠠᠪᠤᠷᠢᠲᠠᠨ ᠢ ᠰᠤᠩᠭᠤᠬᠤ ᠳᠠᠭᠠᠨ ᠭᠠᠭᠴᠠ ᠰᠢᠯᠭᠠᠯᠲᠠ ᠶᠢᠨ ᠬᠤᠪᠢ ᠶᠢ ᠯᠠ ᠴᠢᠬᠤᠯᠠᠴᠢᠯᠠᠬᠤ ᠪᠢᠰᠢ᠂ ᠶᠡᠷᠦᠨᠢ ᠰᠤᠷᠤᠭᠴᠢ ᠶᠢᠨ ᠬᠡᠪ ᠴᠢᠨᠠᠷ ᠢ ᠴᠢᠬᠤᠯᠠᠴᠢᠯᠠᠨ ᠦᠵᠡᠲᠡᠭ︾᠃ ᠮᠠ ᠵᠧᠨ ᠢ ᠬᠡᠯᠡᠭᠰᠡᠨ ᠨᠢ᠄ ︽ᠳᠡᠯᠡᠬᠡᠢ ᠶᠢᠨ ᠨᠡᠷᠡᠲᠤ ᠰᠤᠷᠭᠠᠭᠤᠯᠢ ᠨᠤᠭᠤᠳ ᠰᠤᠷᠤᠭᠴᠢ ᠡᠯᠰᠡᠬᠦ  ᠳᠡᠭᠡᠨ᠂ ᠬᠦᠮᠦᠨ ᠳᠤ ᠭᠦᠨᠵᠡᠭᠡᠢ ᠰᠠᠭᠤᠲᠠᠯ ᠦᠯᠡᠲᠡᠭᠡᠲᠡᠭ᠂ ᠤᠯᠠᠨ ᠲᠠᠯ᠎ᠠ ᠶᠢᠨ ᠠᠪᠢᠶᠠᠰ ᠴᠢᠲᠠᠪᠤᠷᠢ ᠲᠠᠢ ᠪᠦᠬᠡᠳ ᠦᠪᠡᠷᠮᠢᠴᠠ ᠬᠢᠴᠢᠶᠠᠯ ᠤᠨ ᠭᠠᠲᠠᠨᠠᠬᠢ ᠬᠦᠲᠡᠯᠭᠡᠭᠡᠨ ᠤ ᠦᠩᠭᠡᠷᠡᠯᠲᠡ ᠲᠠᠢ ᠰᠤᠷᠤᠭᠴᠢ ᠶᠢ ᠡᠷᠢᠲᠡᠭ᠃ ᠤᠴᠢᠷ ᠶᠠᠭᠤ ᠭᠡᠪᠡᠯ ᠲᠠᠲᠠ ᠪᠤᠯ ᠢᠷᠡᠭᠡᠳᠦᠢ ᠳᠤ ᠲᠡᠯᠡᠭᠡᠢ ᠶᠢ ᠨᠦᠯᠦᠭᠡᠯᠡᠬᠦ ᠬᠦᠮᠦᠨ ᠪᠤᠶᠤ ᠡᠶᠢᠮᠦ ᠲᠠᠯᠲᠠ ᠪᠤᠯᠤᠯᠴᠠᠭ᠎ᠠ ᠲᠠᠢ ᠬᠦᠮᠦᠨ ᠢ ᠡᠷᠢᠲᠡᠭ︾᠃      ᠳᠤᠰᠬᠠᠢ ᠮᠡᠷᠭᠡᠵᠢᠯᠲᠠᠨ ᠼᠣᠣ ᠴᠢᠶᠠᠩ ᠵᠢᠱᠢᠶᠠᠯᠠᠵᠤ ᠬᠡᠯᠡᠭᠰᠡᠨ ᠨᠢ᠄ ︽ᠬᠠᠷᠸᠠᠷᠳ᠋ ᠶᠡᠭᠡ ᠰᠤᠷᠭᠠᠭᠤᠯᠢ ᠪᠠᠷ ᠵᠢᠱᠢᠶᠡᠯᠡᠪᠠᠯ᠂ ᠲᠠᠲᠠ ᠪᠤᠯ ᠳᠡᠯᠡᠬᠡᠢ ᠶᠢᠨ ᠤᠲᠤᠷᠢᠳᠤᠭᠴᠢ ᠴᠢᠲᠠᠪᠤᠷᠢᠲᠠᠨ ᠢ ᠬᠦᠮᠦᠵᠢᠬᠦᠯᠬᠦ ᠬᠦᠰᠡᠯ ᠵᠤᠷᠢᠭ ᠲᠠᠢ᠂ ᠡᠶᠢᠮᠦ ᠳᠤ ᠬᠡᠷᠪᠡ ᠨᠢᠭᠡ ᠰᠤᠷᠤᠭᠴᠢ ᠶᠡᠷᠦᠩᠬᠡᠶᠢᠯᠡᠭᠴᠢ ᠪᠤᠯᠬᠤ ᠲᠠᠯᠲᠠ ᠴᠢᠨᠰᠠᠭ᠎ᠠ ᠲᠠᠢ ᠪᠦᠭᠡᠳ ᠶᠡᠷᠦᠩᠬᠡᠶᠢᠯᠡᠭᠴᠢ ᠪᠤᠯᠬᠤ ᠬᠠᠯᠠᠭᠤᠨ ᠤᠷᠮ᠎ᠠ ᠲᠠᠢ ᠪᠠᠶᠢᠲᠠᠭ ᠪᠤᠯ ᠤᠤᠯ ᠰᠤᠷᠭᠠᠭᠤᠯᠢ ᠳᠡᠬᠦᠨ ᠢ ᠴᠢᠬᠤᠯᠠᠴᠢᠠᠯᠨ ᠦᠵᠡᠬᠦ ᠪᠤᠯᠤᠨ᠎ᠠ︾ ᠭᠡᠵᠡᠢ᠃  ᠪᠦᠬᠦ ᠠᠭᠤᠯᠭ᠎ᠠ >>>  
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号