ᠦᠪᠡᠷ ᠤᠨ ᠪᠡᠶ᠎ᠡ ᠠᠴᠠ ᠪᠠᠨ ᠡᠭᠢᠯᠡᠭᠦ
ᠨᠡᠶᠢᠲᠡᠯᠡᠭᠰᠡᠨ ᠴᠠᠭ᠄
2015/6/19
              ᠭᠡᠤᠭᠡᠨ ᠮᠢᠨᠢ ᠠᠩᠬ᠎ᠠ ᠳᠤᠮᠳᠠᠲᠦ ᠳᠤ ᠤᠯᠠᠨ ᠤᠯᠤᠰ ᠤᠨ ᠰᠤᠷᠭᠠᠭᠤᠯᠢ ᠳᠤ ᠤᠷᠤᠪᠠ᠃ ᠰᠤᠷᠭᠠᠭᠤᠯᠢ ᠶᠢᠨ ᠲᠦᠷᠢᠮ ᠨᠢ ᠵᠦᠪᠭᠡᠨ 4 ᠵᠤᠷᠪᠤᠰ᠄ ᠦᠪᠡᠷ ᠢ ᠪᠠᠨ ᠭᠦᠨᠲᠦᠳᠭᠡᠭᠦ︔ ᠪᠤᠰᠤᠳ ᠢ ᠭᠦᠨᠲᠦᠳᠭᠡᠭᠦ ︔ ᠬᠠᠷᠢᠭᠤᠴᠠᠯᠭᠠᠲᠦ ᠰᠡᠳᠭᠢᠯᠭᠡ ᠲᠠᠢ ᠪᠠᠶᠢᠬᠤ︔ ᠪᠤᠰᠤᠳ ᠲᠤ ᠨᠦᠭᠦᠷᠰᠡᠭ ᠬᠠᠨᠲᠤᠬᠤ᠃ ᠡᠶᠢᠮᠦᠷᠭᠦ ᠰᠤᠷᠭᠠᠭᠤᠯᠢ  ᠶᠢᠨ ᠲᠦᠷᠢᠮ ᠨᠢ ᠤᠶᠢᠯᠠᠭᠠᠬᠤ ᠳᠤ ᠲᠦᠭᠦᠮ᠂ ᠴᠡᠭᠡᠵᠢᠯᠡᠭᠦ ᠳᠤ ᠠᠮᠠᠷ᠂ ᠭᠢᠭᠦ ᠳᠤ ᠭᠢᠯᠪᠠᠷ᠃       ᠭᠦᠮᠦᠨ ᠨᠡᠶᠢᠭᠡᠮ ᠤᠨ ᠭᠢᠴᠢᠶᠡᠯ ᠤᠨ ᠠᠩᠬᠠᠨ ᠤ ᠭᠢᠴᠢᠶᠡᠯ ᠨᠢ᠄ ᠴᠢᠨᠦ ᠨᠡᠷ᠎ᠡ ᠴᠢᠨᠢ ᠶᠠᠭᠠᠭᠢᠵᠦ ᠢᠷᠡᠭᠰᠡᠨ ᠪᠤᠢ︖ ᠴᠢᠨᠤ ᠭᠡᠷ ᠴᠢᠨᠢ ᠬᠠᠮᠢᠭ᠎ᠠ ᠪᠠᠶᠢᠬᠤ ᠪᠤᠢ︖ ᠴᠢ ᠶᠠᠮᠠᠷ ᠵᠠᠩ ᠠᠭᠠᠯᠢ ᠲᠠᠢ ᠭᠦᠮᠦᠨ ᠪᠤᠯᠤᠶ᠎ᠠ ᠭᠡᠵᠦ ᠪᠤᠲᠤᠵᠦ ᠪᠠᠶᠢᠬᠤ ᠪᠤᠢ︖ ᠴᠢᠨᠦ ᠪᠢᠰᠢᠷᠡᠳᠡᠭ ᠰᠡᠴᠡᠨ ᠦᠬᠡ ᠶᠠᠭᠤ ᠪᠤᠢ︖ ᠶᠠᠭᠠᠭᠢᠭᠠᠳ︖       ᠭᠡᠤᠭᠡᠨ ᠨᠠᠳᠠ ᠠᠴᠠ ᠭᠦᠮᠦᠨ ᠨᠡᠶᠢᠭᠡᠮ ᠤᠨ ᠭᠢᠴᠢᠶᠡᠯ ᠭᠡᠳᠡᠭ ᠴᠢᠨᠢ ᠳᠡᠤᠭᠡ᠂ ᠨᠡᠶᠢᠭᠡᠮ ᠬᠡᠭᠦ ᠮᠡᠲᠦ ᠶᠢᠨ ᠠᠭᠤᠯᠭ᠎ᠠ ᠪᠢᠰᠢ ᠤᠤ︖ ᠶᠠᠭᠠᠭᠢᠭᠠᠳ ᠦᠪᠡᠷ ᠤᠨ ᠭᠢᠨᠢ ᠲᠤᠬᠠᠢ ᠶᠠᠷᠢᠭᠤᠯᠵᠦ ᠪᠠᠶᠢᠬᠤ ᠪᠤᠢ︖ ᠮᠢᠨᠦ ᠦᠵᠡᠭᠦ ᠪᠠᠷ ᠳᠡᠯᠡᠭᠡᠢ ᠶᠢ ᠳᠠᠨᠢᠶ᠎ᠠ ᠭᠡᠪᠡᠯ ᠦᠪᠡᠷ ᠢ ᠪᠠᠨ ᠳᠠᠨᠢᠬᠤ ᠠᠴᠠ ᠡᠭᠢᠯᠡᠭᠦ ᠴᠢᠬᠤᠯᠠᠲᠠᠢ ᠪᠠᠶᠢᠬ᠎ᠠ᠃    
 
ᠢᠷᠡᠯᠲᠡ᠄ ᠬᠡᠰᠢᠭᠲᠡᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号