| | | —— ᠠᠷᠢᠭᠤᠨ | | | ᠮᠤᠩᠭᠤᠯ ᠦᠨᠳᠦᠰᠦᠳᠡᠨ ᠤ ᠤᠳᠤ ᠦᠶ᠎ᠡ ᠶᠢᠨ ᠤᠷᠠᠨ ᠵᠤᠬᠢᠶᠠᠯ ᠤᠨ ᠲᠡᠤᠬᠡᠨ ᠳᠤ ᠤᠳᠤ ᠦᠶ᠎ᠡ ᠶᠢᠨ | ᠲᠦᠷᠦᠯᠬᠢ ᠬᠡᠯᠡᠨ ᠤ ᠲᠤᠭᠤᠵᠢᠰ ᠤᠨ ᠵᠤᠬᠢᠶᠠᠯ ︵ᠲᠤᠷᠤᠬᠰᠢ ᠲᠤᠭᠤᠵᠢᠰ ᠤᠨ ᠵᠤᠬᠢᠶᠠᠯ ᠬᠡᠵᠤ ᠲᠦᠭᠦᠮᠴᠢᠯᠡᠨ᠎ᠠ︶ | ᠤᠨ ᠵᠤᠬᠢᠶᠠᠨ ᠪᠦᠳᠦᠬᠡᠯᠬᠡ 20 ᠳ᠋ᠤᠭᠠᠷ ᠵᠠᠭᠤᠨ ᠤ ᠲᠠᠪᠢ᠂ ᠵᠢᠷᠠᠠᠭᠤᠨ ᠤᠨ ᠠᠴᠠ ᠡᠬᠢᠯᠡᠵᠦ᠂ ᠠ᠊ · ᠤᠤᠽᠠᠷ᠂ | ᠮ᠊ · ᠠᠰᠠᠷ᠂ ᠬᠡᠷᠡᠯᠴᠤᠬᠳᠤ᠂ ᠬᠤ · ᠪᠠᠳᠠᠢ ᠵᠡᠷᠬᠡ ᠨᠡᠷᠡᠲᠦ ᠵᠤᠬᠢᠶᠠᠯᠴᠢᠳ ᠤᠨ ᠵᠤᠬᠢᠶᠠᠯ ᠪᠦᠲᠦᠭᠡᠯ ︽ᠦᠨᠢᠷ | ᠴᠡᠴᠡᠭ︾᠂ ︽ᠴᠤᠯᠮᠤᠨ︾ ᠮᠡᠳᠤ ᠶᠢᠨ ᠤᠷᠠᠨ ᠵᠤᠬᠢᠶᠠᠯ ᠤᠨ ᠰᠡᠳᠬᠦᠯ ᠳᠤ ᠨᠡᠶᠢᠳᠡᠯᠡᠭᠳᠡᠨ ᠤᠩᠰᠢᠬᠴᠢᠳ ᠲᠤ | ᠲᠠᠨᠢᠬᠳᠠᠵᠦ ᠪᠠᠶᠢᠯ᠎ᠠ᠃ 20 ᠳ᠋ᠤᠭᠠᠷ ᠵᠠᠭᠤᠨ ᠤ ᠨᠠᠶᠠ᠂ ᠶᠡᠷᠡᠬᠡᠳ ᠤᠨ ᠳᠤ᠂ ᠲᠤᠭᠤᠵᠢᠰ ᠤᠨ ᠵᠤᠬᠢᠶᠠᠯ ᠤᠨ | ᠵᠤᠬᠢᠶᠠᠨ ᠪᠦᠳᠦᠬᠡᠯᠬᠡ ᠤᠯᠠᠮ ᠪᠤᠯᠪᠠᠰᠤᠷᠠᠩᠭᠤᠢ ᠪᠤᠯᠵᠦ᠂ ᠨᠢᠭᠡ ᠪᠦᠯᠦᠭ ᠰᠢᠨ᠎ᠠ ᠵᠤᠬᠢᠶᠠᠯᠴᠢᠳ ᠪᠠ ᠰᠢᠨ᠎ᠡ | ᠪᠦᠳᠦᠬᠡᠯ ᠤᠳ ᠢᠯᠡᠷᠡᠵᠠᠢ᠃ ᠯᠢᠭᠳᠡᠨ᠂ ᠪᠠᠳᠪᠠ᠂ ᠰᠠᠶᠢᠨᠪᠠᠶᠠᠷ᠂ ᠪᠦᠷᠢᠨᠳᠡᠬᠦᠰ᠂ ᠠᠶᠤᠩᠭ᠎ᠠ᠂ ᠮᠡᠨᠳᠤᠮᠤᠢ ᠵᠡᠷᠬᠡ | ᠵᠤᠬᠢᠶᠠᠯᠴᠢᠳ ᠪᠤᠯ ᠲᠤᠰ ᠱᠠᠲᠦ ᠦᠶ᠎ᠡ ᠶᠢᠨ ᠲᠦᠯᠦᠬᠡᠯᠡᠬᠦ ᠴᠢᠨᠠᠷ ᠲᠠᠢ ᠵᠤᠬᠢᠶᠠᠯᠴᠢᠳ ᠪᠤᠯᠤᠨ᠎ᠠ᠃ ᠨᠡᠩ ᠴᠦ 21 | ᠳ᠋ᠤᠭᠡᠷ ᠵᠠᠭᠤᠨ ᠳᠤ ᠲᠠᠪᠰᠢᠨ ᠤᠷᠤᠬᠰᠠᠨ ᠠᠴᠠ ᠨᠠᠭᠠᠰᠢ᠂ ᠮᠤᠩᠭᠤᠯ ᠦᠨᠳᠦᠰᠦᠳᠡᠨ ᠤ ᠲᠦᠷᠦᠯᠬᠢ ᠬᠡᠯᠡᠨ ᠤ | ᠲᠤᠭᠤᠵᠢᠰ ᠤᠨ ᠵᠤᠬᠢᠶᠠᠯ ᠨᠢ ᠬᠦᠭᠵᠢᠯᠳᠡ ᠶᠢᠨ ᠰᠢᠨ᠎ᠡ ᠲᠦᠷᠢ ᠲᠦᠷᠬᠦ ᠪᠠᠷ ᠢᠶᠠᠨ ᠤᠡᠭᠰᠢᠬᠴᠢ ᠤᠯᠠᠨ ᠤ | ᠠᠩᠬᠠᠷᠤᠯ ᠢ ᠲᠠᠳᠠᠬᠰᠠᠨ ᠪᠦᠬᠡᠳ ᠲᠤᠭᠤᠵᠢᠰ ᠤᠨ ᠵᠤᠬᠢᠶᠠᠯ ᠤᠨ ᠲᠡᠬᠦᠪᠦᠷᠢ ᠨᠡᠯᠢᠶᠡᠳ ᠤᠯᠠᠨ ᠬᠡᠪᠯᠡᠭᠳᠡᠵᠡᠢ᠃ | ᠤᠶᠢᠷ᠎ᠠ ᠶᠢᠨ ᠬᠡᠳᠤᠨ ᠵᠢᠯ ᠳᠤ᠂ ᠮᠤᠩᠭᠤᠯ ᠦᠨᠳᠦᠰᠦᠳᠡᠨ ᠤ ᠲᠦᠷᠦᠯᠬᠢ ᠬᠡᠯᠡᠨ ᠤ ᠤᠷᠠᠨ | ᠵᠤᠬᠢᠶᠠᠯ ᠤᠨ ᠤᠷᠴᠢᠭᠤᠯᠭ᠎ᠠ ᠶᠢᠨ ᠬᠦᠭᠵᠢᠯᠳᠡ ᠶᠢ ᠲᠠᠭᠠᠯᠳᠤᠨ᠂ ᠮᠤᠩᠭᠤᠯ ᠲᠤᠭᠤᠵᠢᠰ ᠤᠨ ᠪᠦᠳᠦᠬᠡᠯ ᠬᠢᠳᠡᠳ | ᠬᠡᠯᠡ ᠪᠠᠷ ᠲᠠᠮᠵᠢᠨ᠂ ᠠᠩᠭ᠍ᠯᠢ᠂ ᠹᠷᠠᠨᠼᠢ᠂ ᠭᠧᠷᠮᠨᠨ᠂ ᠶᠠᠫᠤᠨ ᠵᠡᠷᠬᠡ ᠬᠡᠯᠡ ᠪᠠᠷ ᠤᠷᠴᠢᠭᠤᠯᠤᠬᠳᠠᠨ᠂ ᠲᠡᠯᠡᠬᠡᠢ | ᠨᠡᠶᠢᠳᠡ ᠶᠢᠨ ᠤᠩᠰᠢᠬᠴᠢᠳ ᠤᠨ ᠠᠩᠬᠠᠷᠤᠯ ᠢ ᠲᠠᠲᠠᠭᠰᠠᠭᠠᠷ ᠢᠷᠡᠭᠰᠡᠨ ᠶᠤᠮ᠃ | ᠮᠤᠩᠭᠤᠯ ᠤᠷᠠᠨ ᠵᠤᠬᠢᠶᠠᠯ ᠤᠨ ᠦᠪ ᠪᠠᠶᠠᠨ ᠰᠤᠶᠤᠯ ᠤᠨ ᠰᠠᠩ ᠤᠨ ᠨᠢᠬᠡᠨ ᠰᠤᠪᠤᠳ ᠪᠤᠯᠤᠬᠰᠠᠨ ᠤ | ᠬᠤᠪᠢ ᠳᠤ᠂ ᠮᠤᠩᠭᠤᠯ ᠲᠤᠭᠤᠵᠢᠰ ᠨᠢ ᠮᠤᠩᠭᠤᠯ ᠠᠮᠢᠲᠤᠷᠠᠯ ᠢ ᠬᠠᠷᠠᠭᠤᠯᠤᠨ᠂ ᠮᠤᠩᠭᠤᠯ ᠰᠤᠶᠤᠯ ᠢ ᠲᠡᠯᠡᠭᠡᠢ ᠳᠤ | ᠭᠠᠶᠢᠬᠠᠭᠤᠯᠤᠨ᠂ ᠮᠤᠩᠭᠤᠯ ᠤᠡᠭᠰᠢᠭᠴᠢᠳ ᠤᠨ ᠰᠡᠳᠬᠢᠯ ᠤᠨ ᠬᠡᠬᠡᠪᠴᠢ ᠪᠤᠯᠵᠠᠢ᠃ ᠮᠤᠩᠭᠤᠯ ᠦᠨᠲᠦᠰᠦᠳᠡᠨ ᠤ | ᠤᠲᠤ ᠦᠶ᠎ᠡ ᠶᠢᠨ ᠲᠦᠷᠦᠯᠬᠢ ᠬᠡᠯᠡᠨ ᠤ ᠲᠤᠭᠤᠵᠢᠰ ᠤᠨ ᠵᠤᠬᠢᠶᠠᠯ ᠤᠨ ᠰᠡᠳᠤᠪ ᠤᠨ ᠬᠦᠷᠢᠶ᠎ᠠ ᠬᠡᠪᠴᠢᠶ᠎ᠡ ᠨᠢ | ᠦᠷᠬᠡᠨ᠂ ᠬᠡᠯᠡ ᠬᠡᠯᠡᠯᠬᠡ ᠨᠢ ᠦᠨᠳᠦᠰᠦᠳᠡᠨ ᠤ ᠦᠨᠦᠷ ᠠᠮᠲᠠ ᠲᠠᠢ᠂ ᠬᠦᠤᠷᠨᠢᠯ ᠤᠨ ᠠᠷᠭ᠎ᠠ ᠨᠢ ᠰᠢᠨ᠎ᠠ ᠰᠡᠪᠡᠬᠦᠨ | ᠪᠠᠶᠢᠲᠠᠭ ᠢᠶᠠᠷ ᠢᠶᠠᠨ ᠤᠡᠭᠰᠢᠬᠴᠢᠳ ᠤᠨ ᠠᠩᠬᠠᠷᠤᠯ ᠢ ᠲᠠᠲᠠᠵᠦ᠂ ᠤᠷᠠᠨ ᠵᠤᠬᠢᠶᠠᠯ ᠰᠤᠲᠤᠯᠤᠬᠴᠢᠳ ᠤᠨ | ᠰᠤᠲᠤᠯᠭᠠᠨ ᠤ ᠰᠡᠲᠦᠪ ᠪᠤᠯᠤᠬᠰᠠᠭᠠᠷ ᠢᠷᠡᠵᠡᠢ᠃ | ᠲᠤᠭᠤᠵᠢᠰ ᠤᠨ ᠰᠡᠳᠤᠪ ᠤᠨ ᠤᠯᠠᠨ ᠶᠠᠩᠵᠦᠳᠤ ᠰᠢᠨᠵᠢ | ᠰᠢᠨ᠎ᠠ ᠲᠤᠮᠳᠠᠳᠤ ᠤᠯᠤᠰ ᠪᠠᠶᠢᠭᠤᠯᠤᠬᠳᠠᠬᠰᠠᠨ ᠠᠴᠠ ᠨᠠᠭᠠᠰᠢ᠂ ᠮᠤᠩᠭᠤᠯ ᠦᠨᠲᠦᠰᠦᠳᠡᠨ ᠤ | ᠲᠦᠷᠦᠯᠬᠢ ᠬᠡᠯᠡᠨ ᠤ ᠲᠤᠭᠤᠵᠢᠰ ᠤᠨ ᠵᠤᠬᠢᠶᠠᠯ ᠤᠨ ᠵᠤᠬᠢᠶᠠᠨ ᠪᠦᠳᠦᠬᠡᠯᠬᠡ ᠢᠯᠡᠳᠳᠡ ᠠᠮᠵᠢᠯᠳᠠ ᠤᠯᠵᠦ᠂ ᠠᠮᠢ | ᠠᠬᠤᠢ ᠤᠷᠴᠢᠨ ᠲᠤᠭᠤᠷᠢᠨ ᠤ ᠰᠡᠲᠦᠪ ᠪᠦᠬᠦᠢ ᠲᠤᠭᠤᠵᠢᠰ᠂ ᠦᠭᠡᠷᠡᠴᠢᠯᠡᠯᠳᠡ ᠨᠡᠭᠡᠭᠡᠯᠳᠡ᠂ ᠲᠡᠤᠬᠡ ᠶᠢᠨ ᠦᠨᠡᠨ | ᠭᠡᠷᠡᠭ ᠢᠶᠠᠷ ᠰᠡᠳᠤᠪᠯᠡᠭᠰᠡᠨ᠂ ᠤᠷᠤᠨ ᠨᠤᠲᠤᠭ ᠤᠨ ᠤᠨᠴᠠᠯᠢᠭ ᠲᠠᠢ ᠲᠤᠭᠤᠵᠢᠰ ᠤᠨ ᠵᠤᠬᠢᠶᠠᠯ ᠮᠠᠰᠢ ᠤᠯᠠᠨ | ᠢᠯᠡᠷᠡᠵᠠᠢ᠃ | ᠠᠮᠢ ᠠᠬᠤᠢ ᠤᠷᠴᠢᠨ ᠲᠤᠭᠤᠷᠢᠨ ᠤ ᠠᠰᠠᠭᠤᠲᠠᠯ ᠢ ᠬᠦᠨᠳᠡᠭᠰᠡᠨ ᠲᠤᠭᠤᠵᠢᠰ ᠤᠨ ᠪᠦᠳᠦᠬᠡᠯ ᠨᠢ | ᠮᠤᠩᠭᠤᠯᠴᠤᠳ ᠤᠨ ᠠᠮᠢ ᠠᠬᠤᠢ ᠶᠢᠨ ᠰᠤᠶᠤᠯ ᠢ ᠤᠯᠠᠮᠵᠢᠯᠠᠨ᠂ ᠨᠡᠶᠢᠬᠡᠮ ᠠᠬᠤᠢ ᠶᠢᠨ ᠬᠦᠭᠵᠢᠯᠳᠡ᠂ ᠠᠵᠦ | ᠦᠢᠯᠡᠳᠪᠦᠷᠢᠵᠢᠯᠳᠡ ᠶᠢᠨ ᠠᠬᠢᠴᠠ ᠶᠢ ᠲᠠᠭᠠᠯᠳᠤᠨ ᠢᠯᠡᠷᠡᠭᠰᠡᠨ ᠠᠮᠢ ᠠᠬᠤᠢ ᠶᠢᠨ ᠮᠠᠭᠤᠳᠠᠯ᠂ ᠭᠠᠵᠠᠷ ᠰᠢᠷᠤᠢ ᠶᠢᠨ | ᠡᠯᠡᠰᠤᠷᠭᠡᠭᠵᠢᠯ ᠵᠡᠷᠭᠡ ᠠᠰᠠᠭᠤᠲᠠᠯ ᠤᠨ ᠰᠢᠯᠳᠠᠭᠠᠨ᠂ ᠦᠷ᠎ᠠ ᠨᠦᠯᠦᠭᠡ ᠶᠢ ᠲᠤᠭᠠᠴᠢᠬᠤ ᠶᠢᠨ ᠲᠠᠭᠠᠤ ᠠᠮᠢ ᠠᠬᠤᠢ | ᠤᠷᠴᠢᠨ ᠲᠤᠭᠤᠷᠢᠨ ᠢᠶᠠᠨ ᠬᠠᠮᠠᠭᠠᠯᠠᠨ᠂ ᠬᠦᠮᠦᠨ ᠪᠠ ᠪᠠᠶᠢᠭᠠᠯᠢ ᠶᠢᠨ ᠡᠶ᠎ᠡ ᠵᠤᠬᠢᠴᠠᠩᠭᠤᠢ ᠬᠠᠮᠲᠦ ᠪᠠᠷ ᠬᠦᠭᠵᠢᠬᠦ | ᠦᠵᠡᠯᠳᠡ ᠶᠢ ᠲᠤᠭᠤᠵᠢᠰ ᠤᠨ ᠬᠡᠯᠡ ᠪᠠᠷ ᠲᠤᠷᠠᠲᠤᠨ ᠭᠠᠷᠭᠠᠭᠰᠠᠨ ᠪᠠᠶᠢᠨ᠎ᠠ᠃ ᠵᠢᠱᠢᠶᠡᠯᠡᠪᠡᠯ᠂ ᠮᠠᠨᠳᠤᠮᠤᠢ ᠶᠢᠨ ︽ | ᠢᠮᠠᠭᠠᠳᠤ ᠭᠤᠸᠠᠢ︾᠂ ︽ᠪᠤᠭᠤᠷᠤᠯ ᠰᠢᠳᠦᠬᠡᠨ︾᠂ ᠠᠶᠤᠩᠭ᠎ᠠ ᠶᠢᠨ ︽ᠲᠠᠭᠤᠳᠤ ᠭᠤᠪᠢ︾᠂ ︽ᠰᠢᠷ᠎ᠠ | ᠲᠠᠯ᠎ᠠ ᠶᠢᠨ ᠡᠬᠢ︾᠂ ᠤ · ᠪᠤᠶ᠋ᠬᠠᠦ᠋ᠯᠵᠡᠢ ᠶᠢᠨ ︽ᠢᠳᠡᠭᠡᠯᠳᠤ ᠮᠤᠳᠤᠨ ᠤ ᠦᠷ᠎ᠠ︾᠂ ︽ᠤᠷᠤᠭ ᠤᠨ ᠲᠠᠷᠢᠶ᠎ᠠ︾ | ᠵᠡᠷᠬᠡ ᠪᠦᠳᠦᠬᠡᠯ ᠳᠤ ᠠᠳᠠᠯᠢ ᠪᠤᠰᠤ ᠬᠠᠷᠠᠭ᠎ᠠ ᠠᠴᠠ ᠠᠮᠢ ᠠᠬᠤᠢ ᠶᠢᠨ ᠠᠰᠠᠭᠤᠳᠠᠯ ᠢ ᠲᠤᠰᠬᠠᠵᠦ᠂ ᠬᠦᠮᠦᠰ ᠲᠤ | ᠦᠵᠡᠯ ᠰᠠᠨᠠᠭᠠᠨ ᠤ ᠰᠡᠩᠬᠡᠷᠡᠬᠦᠯᠤᠯ ᠣᠯᠭᠤᠬᠤ ᠪᠠᠷ ᠬᠠᠷᠠᠯᠳᠠ ᠪᠠᠨ ᠪᠤᠯᠭᠠᠵᠠᠢ᠃ | ︽ᠤᠷᠤᠨ ᠨᠤᠳᠤᠭ ᠤᠨ ᠲᠤᠭᠤᠵᠢᠰ ᠪᠤᠯ ᠬᠦᠳᠡᠭᠡ ᠲᠤᠰᠬᠤᠨ ᠤ ᠠᠮᠢᠳᠤᠷᠠᠯ ᠢᠶᠠᠷ ᠰᠡᠳᠤᠪ | ᠪᠤᠯᠭᠠᠬᠰᠠᠨ᠂ ᠤᠷᠤᠨ ᠨᠤᠳᠤᠭ ᠤᠨ ᠤᠨᠴᠠᠯᠢᠭ ᠲᠠᠢ ᠨᠢᠭᠡ ᠪᠦᠯᠦᠭ ᠲᠤᠭᠤᠵᠢᠰ ᠤᠨ ᠪᠦᠳᠦᠬᠡᠯ ᠢ ᠬᠡᠯᠡᠵᠦ ᠪᠠᠶᠢᠨ᠎ᠠ︾ | ᠃ ᠮᠤᠩᠭᠤᠯ ᠤᠷᠤᠨ ᠨᠤᠳᠤᠭ ᠤᠨ ᠲᠤᠭᠤᠵᠢᠰ ᠲᠤ ᠬᠤᠷᠴᠢᠨ᠂ ᠤᠷᠳᠤᠰ᠂ ᠤᠶᠢᠷᠠᠳ ᠤᠨ ᠲᠤᠭᠤᠵᠢᠰ ᠨᠢ | ᠲᠤᠭᠤᠵᠢᠰ ᠤᠨ ᠰᠡᠳᠤᠪ᠂ ᠬᠡᠯᠡ ᠬᠡᠯᠡᠯᠬᠡ᠂ ᠪᠢᠴᠢᠯᠬᠡ ᠶᠢᠨ ᠠᠷᠭ᠎ᠠ ᠪᠠᠷᠢᠯ ᠤᠨ ᠲᠠᠯ᠎ᠠ ᠪᠠᠷ ᠪᠦᠷ ᠦᠪᠡᠷ | ᠦᠪᠡᠷ ᠤᠨ ᠢᠶᠠᠨ ᠤᠨᠴᠠᠯᠢᠭ ᠲᠠᠢ᠃ ᠪᠤᠲᠠᠲᠠᠶᠢᠴᠢᠯᠠᠨ ᠶᠠᠷᠢᠪᠠᠯ᠄ ᠬᠤᠷᠴᠢᠨ ᠨᠤᠲᠤᠭ ᠲᠠᠢ ᠵᠤᠬᠢᠶᠠᠯᠴᠢ ᠪᠠᠳᠪᠠ ᠶᠢᠨ | ︽ᠬᠠᠷᠢᠬᠤ ᠬᠡᠷᠡᠯ︾᠂ ᠪᠦᠬᠡᠳᠡᠯᠬᠡᠷ ᠤᠨ ︽ᠴᠡᠩᠬᠡᠷᠯᠡᠨ ᠬᠠᠷᠠᠬᠳᠠᠬᠤ ᠬᠦᠬᠡᠮᠳᠦᠭ ᠠᠭᠤᠯᠠᠰ︾᠂ ᠪᠠᠳᠤᠮᠦ᠋ᠩᠭᠡ ᠪᠠ | ᠣᠶᠤᠨ ᠤ ︽ᠮᠤᠩᠭᠤᠯᠵᠢᠨ ᠠᠪᠤ︾ ᠵᠡᠷᠭᠡ ᠪᠦᠳᠦᠬᠡᠯ ᠨᠢ ᠬᠤᠷᠴᠢᠨ ᠮᠤᠩᠭᠤᠯᠴᠤᠳ ᠤᠨ ᠬᠠᠭᠠᠰ ᠲᠠᠷᠢᠶᠠᠯᠠᠬᠤ | ᠬᠠᠭᠠᠰ ᠮᠠᠯᠵᠢᠬᠤ ᠠᠮᠢᠳᠤᠷᠠᠯ ᠤᠨ ᠬᠡᠯᠪᠡᠷᠢ᠂ ᠵᠠᠩ ᠵᠠᠩᠰᠢᠯ ᠪᠠ ᠲᠡᠤᠬᠡ ᠰᠤᠶᠤᠯ ᠢ ᠠᠮᠢᠳᠤᠯᠢᠭ ᠢᠶᠠᠷ ᠲᠤᠰᠬᠠᠵᠠᠢ᠃ | ᠦᠬᠡᠷᠡᠴᠢᠯᠡᠯᠳᠡ ᠨᠡᠭᠡᠭᠡᠯᠳᠡ ᠬᠢᠭᠰᠡᠨ ᠠᠴᠠ ᠨᠠᠭᠠᠰᠢ᠂ ᠠᠵᠤ ᠠᠬᠤᠢ ᠪᠠ ᠰᠤᠶᠤᠯ ᠤᠨ | ᠦᠭᠡᠷᠡᠴᠢᠯᠡᠯᠳᠡ ᠶᠢ ᠬᠡᠷᠡᠭᠵᠢᠬᠦᠯᠬᠦ ᠶᠠᠪᠤᠴᠠ ᠳᠤ ᠢᠯᠡᠷᠡᠭᠰᠡᠨ ᠲᠤᠪᠤᠶᠢᠮ᠎ᠠ ᠠᠰᠠᠭᠤᠳᠠᠯ ᠪᠠ ᠦᠬᠡᠷᠡᠴᠢᠯᠡᠯᠳᠡ ᠶᠢᠨ | ᠠᠮᠵᠢᠯᠳᠠ ᠶᠢ ᠲᠤᠰᠬᠠᠬᠰᠠᠨ ᠲᠤᠭᠤᠵᠢᠰ ᠤᠨ ᠵᠤᠬᠢᠶᠠᠯ ᠴᠦ ᠮᠤᠩᠭᠤᠯ ᠲᠤᠭᠤᠵᠢᠰ ᠤᠨ ᠲᠤᠲᠤᠷ᠎ᠠ ᠪᠠᠰᠠ ᠮᠠᠰᠢ ᠶᠡᠭᠡ | ᠬᠤᠪᠢ ᠶᠢᠨ ᠵᠢᠩ ᠢ ᠡᠵᠡᠯᠡᠳᠡᠭ ᠪᠠᠶᠢᠨ᠎ᠠ᠃ ᠡᠬᠦᠨ ᠳᠤ᠄ ᠵᠠ ᠊ · ᠬᠡᠰᠢᠭᠳᠦ ᠶᠢᠨ ︽ᠤᠭᠠᠯᠵᠠᠨ ᠬᠡ ᠲᠠᠢ ᠡᠮᠡᠭᠡᠯ︾ | ᠂ ᠬᠤ᠋ · ᠪᠠᠳᠠᠢ ᠶᠢᠨ ︽ᠴᠢᠳᠠᠯᠳᠤ ᠶᠢᠨ ᠤᠴᠠᠷᠠᠯ︾᠂ ᠦᠯᠵᠡᠶᠢᠪᠦᠷᠢᠨ ᠤ ︽ᠡᠷᠢᠶᠡᠨ ᠳᠠᠬᠢ ᠡᠳᠤᠷ ᠬᠤᠨᠤᠭ ᠤᠳ︾ | ᠵᠡᠷᠭᠡ ᠲᠤᠭᠤᠵᠢᠰ ᠤᠨ ᠪᠦᠳᠦᠬᠡᠯ ᠨᠢ ᠠᠳᠠᠯᠢ ᠪᠤᠰᠤ ᠬᠠᠷᠠᠭᠠᠰᠦ ᠠᠴᠠ᠂ ᠠᠳᠠᠯᠢ ᠪᠤᠰᠤ ᠤᠷᠠᠯᠢᠭ ᠤᠨ ᠢᠯᠡᠷᠡᠬᠦᠯᠬᠦ | ᠠᠷᠭ᠎ᠠ ᠪᠠᠷᠢᠯ ᠢᠶᠠᠷ ᠦᠭᠡᠷᠡᠴᠢᠯᠡᠯᠳᠡ ᠨᠡᠭᠡᠭᠡᠯᠳᠡ ᠬᠢᠬᠦ ᠶᠠᠪᠤᠴᠠ ᠳᠠᠬᠢ ᠠᠮᠢᠳᠤᠷᠠᠯ ᠤᠨ ᠬᠤᠪᠢᠷᠠᠯᠳᠠ ᠶᠢ ᠬᠠᠷᠠᠭᠤᠯᠵᠠᠢ | ᠃ | ᠲᠡᠤᠬᠡᠨ ᠰᠡᠳᠤᠪᠳᠤ ᠲᠤᠭᠤᠵᠢᠰ ᠨᠢ ᠦᠨᠳᠦᠰᠦᠳᠡᠨ ᠤ ᠲᠡᠤᠬᠡᠳᠤ ᠬᠦᠮᠦᠨ᠂ ᠲᠡᠤᠬᠡᠳᠤ ᠤᠴᠢᠷ ᠠᠴᠠ | ᠰᠡᠳᠦᠪᠯᠡᠵᠦ᠂ ᠦᠨᠳᠦᠰᠦᠳᠡᠨ ᠤ ᠪᠠᠨ ᠤᠯᠠᠮᠵᠢᠯᠠᠯᠳᠤ ᠲᠡᠤᠬᠡ ᠰᠤᠶᠤᠯ ᠤᠨ ᠦᠨ᠎ᠡ ᠦᠷᠳᠡᠭ ᠢ ᠲᠠᠬᠢᠨ | ᠢᠯᠡᠷᠡᠬᠦᠯᠬᠦ ᠶᠢ ᠵᠤᠷᠢᠬᠰᠠᠨ ᠪᠠᠶᠢᠨ᠎ᠠ᠃ ᠮ᠊ ᠊ · ᠬᠠᠰᠪᠠᠭᠠᠨ᠎ᠠ ᠶᠢᠨ ︽ᠵᠠᠰᠠᠭ ᠤᠨ ᠬᠤᠳᠤᠭᠤᠷ︾᠂ ᠴ᠊ · | ᠪᠦᠬᠡᠳᠡᠯᠬᠡᠷ ᠤᠨ ︽ᠮᠢᠳᠡᠨ ᠬᠠᠳᠤᠨ︾᠂ ᠬᠡᠷᠡᠯᠳᠦ ᠶᠢᠨ ︽ᠨᠠᠷᠠᠨ ᠰᠠᠷᠠᠨ ᠮᠤᠳᠤ︾ ᠵᠡᠷᠬᠡ ᠷᠤᠮᠠᠨ ᠨᠢ ᠲᠡᠤᠬᠡ ᠶᠢᠨ | ᠲᠤᠬᠠᠢ ᠡᠷᠬᠢᠴᠡᠬᠦᠯᠤᠯ ᠪᠠ ᠲᠤᠷᠠᠰᠤᠮᠵᠢ ᠪᠠᠷ ᠲᠠᠮᠵᠢᠨ᠂ ᠦᠩᠭᠡᠷᠡᠭᠰᠡᠨ ᠲᠡᠤᠬᠡᠨ ᠳᠤ ᠲᠠᠶᠢᠯᠪᠤᠷᠢᠯᠠᠯ ᠬᠢᠭᠰᠡᠨ ᠪᠠᠶᠢᠨ᠎ᠠ | ᠃ | ᠡᠬᠦᠨ ᠠᠴᠠ ᠭᠠᠳᠠᠨ᠎ᠠ᠂ ᠤᠲᠤ ᠦᠶ᠎ᠡ ᠶᠢᠨ ᠮᠤᠩᠭᠤᠯ ᠲᠤᠭᠤᠵᠢᠰ ᠤᠨ ᠪᠦᠲᠦᠭᠡᠯ ᠳᠤ᠂ ᠬᠤᠪᠢᠰᠬᠠᠯᠳᠤ | ᠦᠵᠡᠯ ᠤᠨ ᠲᠤᠭᠤᠵᠢᠰ᠂ ᠨᠡᠶᠢᠭᠡᠮ ᠵᠢᠷᠤᠮ ᠤᠨ ᠪᠦᠳᠦᠬᠡᠨ ᠪᠠᠶᠢᠭᠤᠯᠤᠯᠳᠡ ᠶᠢᠨ ᠰᠡᠲᠦᠪᠲᠦ ᠲᠤᠭᠤᠵᠢᠰ᠂ | ᠰᠤᠶᠤᠯ ᠤᠨ ᠲᠤᠬᠠᠢ ᠪᠤᠳᠤᠯᠭᠠᠰᠢᠷᠠᠯ ᠤᠨ ᠲᠤᠭᠤᠵᠢᠰ ᠵᠡᠷᠬᠡ ᠪᠤᠢ᠃ ᠨᠡᠶᠢᠭᠡᠮ ᠤᠨ ᠬᠦᠭᠵᠢᠯᠳᠡ᠂ ᠠᠵᠦ | ᠠᠬᠤᠢ ᠶᠢᠨ ᠬᠦᠭᠵᠢᠯᠳᠡ ᠶᠢ ᠲᠠᠭᠠᠯᠳᠤᠨ᠂ ᠲᠦᠷᠦᠯᠬᠢ ᠬᠡᠯᠡᠨ ᠤ ᠲᠤᠭᠤᠵᠢᠰ ᠤᠨ ᠰᠡᠳᠤᠪ ᠠᠭᠠᠵᠢᠮ ᠢᠶᠠᠷ | ᠦᠷᠭᠡᠵᠢᠨ᠂ ᠨᠡᠶᠢᠬᠡᠮ ᠠᠮᠢᠲᠤᠷᠠᠯ ᠤᠨ ᠲᠠᠯ᠎ᠠ ᠪᠦᠷᠢ ᠶᠢ ᠲᠤᠰᠬᠠᠨ᠂ ᠲᠤᠭᠤᠵᠢᠰ ᠤᠨ ᠵᠤᠬᠢᠶᠠᠯ ᠤᠨ ᠠᠭᠤᠯᠭ᠎ᠠ ᠪᠠ | ᠬᠡᠯᠪᠡᠷᠢ ᠶᠢᠨ ᠰᠢᠨ᠎ᠡ ᠶᠢ ᠡᠬᠦᠳᠴᠡᠢ᠃ | | ᠲᠤᠭᠤᠵᠢᠰ ᠤᠨ ᠬᠡᠯᠡ ᠬᠡᠯᠡᠯᠬᠡ ᠶᠢᠨ ᠤᠷᠠᠯᠢᠭ ᠰᠢᠨᠵᠢ | ᠲᠤᠭᠤᠵᠢᠰ ᠤᠨ ᠵᠤᠬᠢᠶᠠᠯ ᠪᠤᠯ ᠤᠷᠠᠨ ᠵᠤᠬᠢᠶᠠᠯ ᠤᠨ ᠨᠢᠬᠡᠨ ᠲᠠᠯᠠᠰᠲᠦ᠂ ᠦᠨᠲᠦᠰᠦᠳᠡᠨ ᠤ | ᠰᠤᠶᠤᠯ ᠤᠨ ᠨᠢᠬᠡᠨ ᠴᠢᠬᠤᠯᠠ ᠠᠴᠢᠶᠠᠯᠠᠪᠦᠷᠢ ᠪᠤᠯᠬᠤ ᠶᠤᠮ᠃ ᠮᠤᠩᠭᠤᠯ ᠦᠨᠲᠦᠰᠦᠳᠡᠨ ᠤ ᠤᠲᠤ ᠦᠶ᠎ᠡ ᠶᠢᠨ | ᠲᠦᠷᠦᠯᠬᠢ ᠬᠡᠯᠡᠨ ᠤ ᠲᠤᠭᠤᠵᠢᠰ ᠤᠨ ᠵᠤᠬᠢᠶᠠᠯ ᠳᠤ ᠦᠨᠲᠦᠰᠦᠳᠡᠨ ᠤ ᠰᠤᠶᠤᠯ ᠤᠨ ᠠᠭᠤᠯᠭ᠎ᠠ ᠶᠢ ᠤᠨᠤᠪᠴᠢᠳᠠᠢ | ᠢᠯᠡᠳᠬᠡᠵᠦ᠂ ᠦᠨᠳᠦᠰᠦᠳᠡᠨ ᠤ ᠤᠷᠠᠨ ᠵᠤᠬᠢᠶᠠᠯ ᠤᠨ ᠬᠡᠯᠡᠨ ᠤ ᠦᠪᠡᠷᠮᠢᠴᠠ ᠴᠢᠨᠠᠷ ᠢ ᠬᠦᠢᠴᠡᠳ ᠢᠯᠡᠷᠡᠬᠦᠯᠵᠠᠢ᠃ | ᠲᠤᠬᠠᠢᠢᠯᠠᠪᠠᠯ᠂ ᠮᠤᠩᠭᠤᠯ ᠦᠨᠲᠦᠰᠦᠳᠡᠨ ᠤ ᠤᠳᠤ ᠦᠶ᠎ᠡ ᠶᠢᠨ ᠲᠦᠷᠦᠯᠬᠢ ᠬᠡᠯᠡᠨ ᠤ ᠲᠤᠭᠤᠵᠢᠰ ᠤᠨ ᠵᠤᠬᠢᠶᠠᠯ ᠳᠤ | ᠮᠠᠰᠢ ᠤᠯᠠᠨ ᠦᠨᠳᠦᠰᠦᠳᠡᠨ ᠤ ᠤᠨᠴᠠᠯᠢᠭ ᠲᠠᠢ ᠬᠦᠮᠦᠨ ᠤ ᠨᠠᠷᠠ᠂ ᠭᠠᠵᠠᠷ ᠤᠨ ᠨᠠᠷ᠎ᠡ ᠢᠯᠡᠷᠡᠭᠰᠡᠨ ᠢᠶᠠᠷ ᠪᠠᠷᠠᠬᠤ | ᠦᠬᠡᠢ᠂ ᠮᠤᠩᠭᠤᠯᠴᠤᠳ ᠤᠨ ᠡᠳᠤᠷ ᠲᠤᠳᠤᠮ ᠤᠨ ᠠᠮᠢᠳᠤᠷᠠᠯ ᠤᠶᠢᠯᠡᠳᠪᠦᠷᠢᠯᠡᠯ ᠤᠨ ᠬᠡᠯᠪᠡᠷᠢ᠂ ᠱᠠᠰᠢᠨ ᠰᠢᠳᠦᠯᠬᠡ᠂ | ᠦᠷᠳᠡᠭ ᠤᠨ ᠦᠵᠡᠯᠳᠡ ᠶᠢ ᠬᠠᠷᠠᠭᠤᠯᠤᠬᠰᠠᠨ ᠦᠭᠡᠰ ᠢ ᠬᠡᠷᠡᠭᠯᠡᠵᠦ ᠵᠤᠬᠢᠶᠠᠯ ᠤᠨ ᠦᠨᠳᠦᠰᠦᠳᠡᠨ ᠤ ᠤᠨᠴᠠᠯᠢᠭ ᠢ | ᠤᠯᠠᠮ ᠨᠢᠬᠡ ᠠᠯᠬᠤᠮ ᠲᠤᠪᠤᠶᠢᠯᠭᠠᠪᠠ᠃ ᠪᠤᠲᠠᠲᠠᠢ ᠵᠢᠱᠢᠶ᠎ᠡ ᠠᠴᠠ ᠬᠡᠲᠦ ᠲᠠᠲᠠᠶ᠎ᠠ᠄ | ︽ᠠᠢ︕ ᠲᠡᠬᠦᠨ ᠢ ᠤᠯᠤᠰ ᠤᠳ ︿ᠱᠠᠬᠳᠠᠷ ᠰᠤᠯᠢᠶᠠᠳᠤ﹀ ᠶᠢ ᠤᠯᠠᠨ ᠤᠩᠰᠢᠬᠰᠠᠨ ᠠᠴᠠ ᠲᠡᠶᠢᠮᠤ | ᠪᠤᠯᠪᠠ ᠭᠡᠵᠡᠬᠡᠳᠡᠭ᠃︾ ︵ᠯᠢᠭᠳᠡᠨ ᠤ ︽ᠤᠯᠠᠨ ᠦᠭᠡᠳᠤ ᠶᠢᠨ ᠬᠤᠪᠢ ᠵᠠᠶᠠᠭ᠎ᠠ︾ ᠠᠴᠠ︶ | ︽ᠲᠡᠳᠡ ᠯᠠᠪ ᠠᠯᠠᠯᠳᠤᠵᠦ ᠪᠠᠶᠢᠭ᠎ᠠ ᠪᠠᠶᠢᠯᠬᠦᠢ︕ ᠭᠤᠷᠪᠠᠨ ᠨᠠᠰᠤᠳᠠᠢ ᠭᠤᠨᠠᠭᠠᠨ ᠤᠯᠠᠭᠠᠨ᠂ ᠠᠷᠪᠠᠨ | ᠬᠤᠶᠠᠷ ᠲᠤᠯᠤᠭᠠᠢ ᠲᠠᠢ ᠠᠷᠵᠠᠭ ᠬᠠᠷ᠎ᠠ ᠮᠠᠩᠭᠤᠰ᠃︾ ︵ᠰᠠᠶᠢᠨᠪᠠᠶᠠᠷ ᠤᠨ ︽ᠲᠤᠮᠳᠠ ᠨᠠᠰᠤ ᠮᠠᠨᠳᠤᠳᠤᠭᠠᠢ︾ | ᠠᠴᠠ︶ | ᠡᠨᠡ ᠬᠤᠶᠠᠷ ᠵᠢᠱᠢᠶ᠎ᠡ ᠨᠢ ᠤᠲᠤ ᠦᠶ᠎ᠡ ᠶᠢᠨ ᠲᠤᠭᠤᠵᠢᠰ ᠤᠨ ᠵᠤᠬᠢᠶᠠᠯ ᠤᠨ ᠲᠤᠳᠤᠷᠠᠬᠢ ᠬᠡᠯᠡᠴᠡ | ᠦᠬᠡ᠂ ᠲᠤᠮᠤᠭ᠂ ᠰᠤᠶᠤᠯ ᠤᠨ ᠲᠦᠷᠢ᠂ ᠵᠠᠩ ᠲᠠᠳᠬᠠᠯ ᠵᠡᠷᠭᠡ ᠦᠨᠳᠦᠰᠦᠳᠡᠨ ᠤ ᠰᠤᠶᠤᠯ ᠤᠨ ᠤᠨᠴᠠᠯᠢᠭ ᠢ | ᠢᠯᠡᠷᠡᠬᠦᠯᠵᠦ ᠴᠢᠲᠠᠬᠰᠠᠨ ᠢᠶᠠᠷ ᠦᠯᠦ ᠪᠠᠷᠠᠮ ᠲᠦᠷᠦᠯᠬᠢ ᠬᠡᠯᠡᠨ ᠤ ᠭᠤᠸ᠎ᠠ ᠰᠠᠶᠢᠬᠠᠨ ᠢ ᠭᠠᠶᠢᠬᠠᠭᠤᠯᠵᠦ ᠴᠢᠳᠠᠵᠠᠢ᠃ | ᠤᠷᠠᠨ ᠨᠠᠶᠢᠷᠠᠭᠤᠯᠭ᠎ᠠ ᠶᠢᠨ ᠬᠤᠪᠢ ᠳᠤ᠂ ᠮᠤᠩᠭᠤᠯ ᠦᠨᠲᠦᠰᠦᠳᠡᠨ ᠤ ᠤᠲᠤ ᠦᠶ᠎ᠡ ᠶᠢᠨ ᠲᠦᠷᠦᠯᠬᠢ | ᠬᠡᠯᠡᠨ ᠤ ᠲᠤᠭᠤᠵᠢᠰ ᠤᠨ ᠵᠤᠬᠢᠶᠠᠯ ᠳᠤ ᠦᠨᠳᠦᠰᠦᠳᠡᠨ ᠤ ᠤᠨᠴᠠᠯᠢᠭ ᠲᠠᠢ ᠵᠦᠢᠷᠯᠠᠯ᠂ ᠬᠦᠮᠦᠨᠴᠢᠯᠡᠯ᠂ ᠲᠠᠪᠠᠭᠤᠯᠤᠯ | ᠪᠠ ᠬᠤᠤᠰᠯᠠᠭᠤᠯᠤᠯ ᠤᠨ ᠠᠷᠭ᠎ᠠ ᠶᠢ ᠬᠡᠷᠡᠭᠯᠡᠭᠰᠡᠨ ᠠᠴᠠ ᠬᠡᠯᠡ ᠬᠡᠯᠡᠯᠬᠡ ᠨᠢ ᠠᠮᠢᠳᠤ ᠲᠦᠷᠰᠦᠯᠢᠭ᠂ | ᠤᠩᠰᠢᠬᠴᠢᠳ ᠲᠤ ᠬᠦᠨᠵᠡᠭᠡᠢ ᠲᠦᠷᠦᠭᠳᠡᠯ ᠥᠭᠴᠦ ᠴᠢᠳᠠᠬᠰᠠᠨ ᠪᠠᠶᠢᠨ᠎ᠠ᠃ ᠮᠤᠩᠭᠤᠯ ᠦᠨᠳᠦᠰᠦᠳᠡᠨ ᠤ ᠡᠳᠤᠷ | ᠲᠤᠳᠤᠮ ᠤᠨ ᠠᠮᠢᠳᠤᠷᠠᠯ ᠲᠠᠢ ᠨᠢᠬᠳᠠ ᠬᠠᠷᠢᠴᠠᠭ᠎ᠠ ᠲᠠᠢ ︽ᠨᠤᠬᠠᠢ᠂ ᠮᠤᠷᠢ᠂ ᠲᠡᠮᠡᠭᠡ︾ ᠵᠡᠷᠭᠡ ᠠᠮᠢᠳᠠᠨ ᠲᠠᠢ | ᠬᠤᠯᠪᠤᠬᠳᠠᠬᠰᠠᠨ ᠤᠷᠠᠨ ᠨᠠᠶᠢᠷᠠᠭᠤᠯᠭ᠎ᠠ ᠶᠢᠨ ᠠᠷᠭ᠎ᠠ ᠶᠢ ᠴᠦ ᠤᠯᠠᠨ ᠭᠡᠷᠡᠭᠯᠡᠵᠡᠢ᠃ ᠵᠢᠱᠢᠶᠡᠯᠡᠪᠡᠯ᠄ ︽ᠡᠨᠡ ︿ | ᠠᠵᠢᠷᠭᠠᠨ ᠬᠠᠷ᠎ᠠ﹀ ᠬᠦᠦ ᠬᠤᠵᠢᠮ ᠰᠢᠨᠳᠠᠰᠤ ᠲᠠᠢ ᠡᠷ᠎ᠡ ᠪᠤᠯᠬᠤ ᠨᠢ ᠡ︖ ᠬᠦᠮᠦᠨ ᠪᠤᠯᠬᠤ ᠪᠠᠭ᠎ᠠ ᠠᠴᠠ ᠪᠠᠨ᠂ | ᠬᠦᠯᠦᠭ ᠪᠤᠯᠬᠤ ᠤᠨᠠᠭᠠᠨ ᠠᠴᠠ ᠪᠠᠨ ᠭᠡᠳᠡᠭ ᠤᠷᠦ ᠲᠠᠢ ᠦᠭᠡ ᠁︾ ︵ᠮᠦᠩᠭᠡ ᠶᠢᠨ ︽ᠬᠠᠠ ᠮᠤᠨᠠ ᠶᠢᠨ | ᠰᠡᠬᠦᠷᠡᠰᠤ︾ ᠠᠴᠠ︶ ︽ᠲᠠ ᠨᠠᠷ ᠤᠨ ᠭᠠᠷ ᠢ ᠴᠢᠨᠢ ᠭᠠᠨᠵᠤᠭ᠎ᠠ ᠳᠤ᠂ ᠬᠥᠯ ᠢ ᠴᠢᠨᠢ ᠲᠦᠷᠦᠬᠡ ᠳᠤ ᠬᠦᠷᠬᠡᠭᠰᠡᠨ | ᠶᠤᠮ᠃︾ ︵ᠬᠤ᠋ · ᠪᠠᠳᠠᠢ ᠶᠢᠨ ︽ᠨᠢᠯᠬ᠎ᠠ ᠴᠡᠴᠡᠭ︾ ᠠᠴᠠ︶ | ᠲᠤᠭᠤᠵᠢᠰ ᠤᠨ ᠬᠦᠤᠷᠨᠢᠯ ᠤᠨ ᠰᠢᠨ᠎ᠡ ᠰᠡᠪᠡᠬᠦᠨ ᠰᠢᠨᠵᠢ | ᠮᠤᠩᠭᠤᠯ ᠦᠨᠲᠦᠰᠦᠳᠡᠨ ᠤ ᠤᠲᠤ ᠦᠶ᠎ᠡ ᠶᠢᠨ ᠲᠦᠷᠤᠯᠬᠢ ᠬᠡᠯᠡᠨ ᠤ ᠲᠤᠭᠤᠵᠢᠰ ᠤᠨ ᠵᠤᠬᠢᠶᠠᠯᠴᠢᠳ᠂ | ᠬᠢᠳᠡᠳ ᠲᠤᠭᠤᠵᠢᠰ ᠪᠤᠯᠤᠨ ᠭᠠᠳᠠᠭᠠᠳᠤ ᠶᠢᠨ ᠲᠤᠭᠤᠵᠢᠰ ᠤᠨ ᠬᠠᠮᠢᠶ᠎ᠠ ᠪᠦᠬᠦᠢ ᠮᠠᠲ᠋ᠧᠷᠢᠶᠡᠯ ᠢ ᠯᠠᠪᠯᠠᠵᠦ᠂ | ᠲᠤᠭᠤᠵᠢᠰ ᠤᠨ ᠵᠤᠬᠢᠶᠠᠯ ᠤᠨ ᠬᠦᠤᠷᠨᠢᠯ ᠤᠨ ᠠᠷᠭ᠎ᠠ ᠳᠠᠭᠠᠨ ᠰᠢᠨᠡᠴᠢᠯᠡᠯᠳᠡ ᠬᠢᠭᠰᠡᠨ ᠪᠠᠶᠢᠨ᠎ᠠ᠃ | ᠬᠦᠦᠷᠨᠢᠭᠴᠢ ᠶᠢᠨ ᠬᠠᠷᠠᠭᠠᠰᠦ ᠠᠴᠠ᠂ ᠲᠤᠭᠤᠵᠢᠰ ᠤᠨ ᠵᠤᠬᠢᠶᠠᠯ ᠤᠨ ᠬᠦᠦᠷᠨᠢᠬᠦ ᠠᠷᠭ᠎ᠠ ᠶᠢ ᠪᠦᠬᠦ | ᠲᠠᠯ᠎ᠠ ᠠᠴᠠ ᠬᠦᠤᠷᠨᠢᠬᠦ᠂ ᠭᠤᠷᠪᠠᠳᠤᠭᠠᠷ ᠪᠡᠶ᠎ᠡ ᠶᠢᠨ ᠵᠤᠬᠰᠤᠯᠳᠠ ᠠᠴᠠ ᠬᠦᠤᠷᠨᠢᠬᠦ᠂ ᠲᠤᠭᠤᠵᠢᠰ ᠤᠨ ᠭᠤᠤᠯ | ᠪᠠᠭᠠᠲᠤᠷ ᠠᠴᠠ ᠬᠦᠦᠷᠨᠢᠬᠦ ᠭᠡᠵᠦ ᠬᠤᠪᠢᠶᠠᠵᠦ ᠪᠤᠯᠲᠠᠭ᠃ ᠵᠢᠱᠢᠶᠡᠯᠡᠪᠡᠯ᠄ ᠭᠠ᠊ · ᠰᠢᠷᠡᠪᠵᠠᠮᠰᠤ ᠶᠢᠨ ︽ᠬᠦᠮᠦᠨ | ᠶᠠᠰᠤᠳᠤ ᠬᠠᠳᠠ︾ ᠳᠤ ᠵᠠᠷᠢᠮ ᠳᠠᠭᠠᠨ ᠵᠤᠬᠢᠶᠠᠬᠴᠢ ᠠᠴᠠ᠂ ᠵᠠᠷᠢᠮ ᠳᠠᠭᠠᠨ ᠵᠤᠬᠢᠶᠠᠯ ᠤᠨ ᠭᠤᠤᠯ ᠪᠠᠭᠠᠳᠤᠷ ᠠᠴᠠ | ᠵᠤᠬᠢᠶᠠᠯ ᠤᠨ ᠤᠶᠢᠯᠡ ᠶᠠᠪᠤᠳᠠᠯ ᠳᠠᠭᠠᠨ ᠲᠤᠭᠠᠴᠢᠯᠲᠠ ᠬᠢᠭᠰᠡᠨ ᠪᠠᠶᠢᠨ᠎ᠠ᠃ ᠪᠠᠳᠪᠠ ᠶᠢᠨ ︽ᠬᠠᠷᠢᠬᠤ ᠬᠡᠷᠡᠯ︾ ᠳᠤ | ᠵᠤᠬᠢᠶᠠᠯ ᠤᠨ ᠪᠠᠭᠠᠳᠤᠷ ᠤᠯᠠᠭᠠᠳᠠᠢ ᠶᠢᠨ ᠡᠷᠬᠢᠴᠡᠬᠦᠯᠤᠯ ᠢᠶᠠᠷ ᠲᠡᠬᠦᠨ ᠤ ᠨᠢᠭᠡ ᠨᠠᠰᠤᠨ ᠤ ᠦᠡᠭᠭᠡᠷᠡᠯᠳᠡ ᠶᠢ | ᠡᠷᠬᠢᠴᠡᠬᠦᠯᠦᠭᠰᠡᠨ ᠪᠠᠶᠢᠨ᠎ᠠ᠃ | ᠲᠤᠭᠤᠵᠢᠰ ᠤᠨ ᠵᠤᠬᠢᠶᠠᠯ ᠤᠨ ᠬᠦᠤᠷᠨᠢᠯ ᠤᠨ ᠴᠠᠭ ᠲᠤᠬᠳᠠᠮᠠᠯ ᠪᠢᠰᠢ᠂ ᠡᠶᠢᠮᠦ ᠠᠴᠠ ᠤᠴᠢᠷ | ᠶᠠᠪᠤᠳᠠᠯ ᠤᠨ ᠡᠬᠦᠰᠦᠭᠰᠡᠨ ᠲᠠᠰ ᠲᠠᠷᠠᠭᠠᠯᠠᠯ ᠢᠶᠠᠷ ᠲᠤᠭᠠᠴᠢᠬᠤ ᠪᠢᠰᠢ᠂ ᠬᠠᠷᠢᠨ ᠵᠤᠬᠢᠶᠠᠯ ᠤᠨ ᠪᠠᠭᠠᠳᠤᠷ ᠤᠨ | ᠰᠡᠳᠬᠢᠯ ᠤᠨ ᠬᠦᠳᠡᠯᠬᠡᠬᠡᠨ ᠤ ᠯᠣᠬᠢᠭ ᠪᠤᠶᠤ ᠲᠡᠬᠦᠨ ᠤ ᠲᠦᠷᠰᠦᠯᠡᠨ ᠪᠤᠳᠤᠬᠤ ᠯᠣᠬᠢᠭ ᠤᠨ ᠲᠠᠷᠠᠭᠠᠯᠠᠯ ᠢᠶᠠᠷ ᠤᠴᠢᠷ | ᠶᠠᠪᠤᠳᠠᠯ ᠳᠠᠭᠠᠨ ᠲᠤᠭᠠᠴᠢᠯᠳᠠ ᠬᠢᠳᠡᠭ᠃ ᠵᠢᠱᠢᠶᠡᠯᠡᠪᠡᠯ᠄ ᠮᠠᠨᠳᠤᠮᠤᠢ ᠶᠢᠨ ︽ᠰᠢᠳᠦᠬᠡᠨ ᠭᠠᠯ︾ ᠪᠠ ︽ᠭᠤᠪᠢ ᠶᠢᠨ | ᠬᠦᠨ ᠳᠤ︾ ᠬᠡᠬᠦ ᠲᠤᠭᠤᠵᠢᠰ ᠲᠤ᠂ ᠵᠤᠬᠢᠶᠠᠯ ᠤᠨ ᠪᠠᠭᠠᠳᠤᠷ ᠤᠨ ᠰᠡᠳᠬᠢᠯ ᠤᠨ ᠬᠦᠳᠡᠯᠬᠡᠬᠡᠨ ᠤ ᠴᠠᠭ ᠢᠶᠠᠷ ᠵᠠᠬᠪᠤᠷ | ᠪᠤᠯᠭᠠᠨ᠂ ᠵᠤᠬᠢᠶᠠᠯ ᠤᠨ ᠪᠠᠭᠠᠳᠤᠷ ᠤᠨ ᠲᠦᠷᠰᠦᠯᠡᠨ ᠪᠤᠳᠤᠯᠳᠠ ᠪᠠ ᠡᠷᠬᠢᠴᠡᠬᠦᠯᠤᠯ ᠤᠨ ᠲᠤᠮᠳᠠ ᠵᠤᠬᠢᠶᠠᠯ ᠤᠨ | ᠤᠶᠢᠯᠡ ᠶᠠᠪᠤᠳᠠᠯ ᠢᠶᠠᠨ ᠬᠦᠭᠵᠢᠭᠦᠯᠵᠡᠢ᠃ | ᠲᠤᠭᠤᠵᠢᠰ ᠤᠨ ᠵᠤᠬᠢᠶᠠᠯ ᠤᠨ ᠬᠦᠤᠷᠨᠢᠯ ᠤᠨ ᠬᠡᠯᠡᠯᠬᠡ ᠰᠢᠬᠦᠮᠵᠢ ᠴᠢᠨᠠᠷ ᠪᠠ ᠪᠡᠯᠭᠡᠳᠡᠯ ᠰᠢᠨᠵᠢ ᠲᠠᠢ᠃ | ᠮᠠᠨᠳᠤᠮᠤᠢ ᠶᠢᠨ ︽ᠲᠦᠷᠪᠡᠨ ᠴᠢᠬᠢᠳᠤ ᠴᠢᠨ᠋ᠸ᠎ᠠ ᠪᠠ ᠠᠩᠴᠢᠨ︾ ᠳᠤ ᠵᠤᠬᠢᠶᠠᠯ ᠤᠨ ᠪᠠᠭᠠᠳᠤᠷ ᠪᠠᠯᠳᠠᠨ ᠤ | ᠬᠡᠯᠡᠯᠬᠡ ᠪᠠᠷ ᠬᠦᠮᠦᠨ ᠲᠦᠷᠦᠯᠬᠢᠳᠡᠨ ᠤ ᠬᠦᠢᠳᠡᠮᠰᠦᠭ᠂ ᠬᠤᠪᠢᠨᠴᠢᠷ ᠪᠠ ᠰᠢᠨᠤᠬᠠᠢ ᠴᠢᠨᠠᠷ ᠢ ᠰᠢᠬᠦᠮᠵᠢᠯᠡᠭᠰᠡᠨ ᠪᠢᠯᠡ᠃ | | ᠨᠠᠷᠢᠪᠴᠢᠯᠠᠨ ᠰᠢᠨᠵᠢᠯᠡᠪᠡᠯ᠂ ᠮᠤᠩᠭᠤᠯ ᠦᠨᠲᠦᠰᠦᠳᠡᠨ ᠤ ᠤᠲᠤ ᠦᠶ᠎ᠡ ᠶᠢᠨ ᠲᠦᠷᠦᠯᠬᠢ ᠬᠡᠯᠡᠨ ᠤ | ᠲᠤᠭᠤᠵᠢᠰ ᠤᠨ ᠵᠤᠬᠢᠶᠠᠯ ᠤᠨ ᠬᠡᠯᠡ ᠬᠡᠯᠡᠯᠬᠡ ᠠᠮᠢᠳᠤᠯᠢᠭ ᠤᠶᠢᠯᠠᠭᠠᠮᠵᠢᠳᠡᠢ᠂ ᠦᠨᠳᠦᠰᠦᠳᠡᠨ ᠤ ᠤᠨᠴᠠᠯᠢᠭ ᠲᠠᠢ᠂ | ᠲᠢᠭ ᠨᠠᠶᠢᠷᠠᠭᠤᠯᠭ᠎ᠠ ᠪᠠ ᠬᠦᠤᠷᠨᠢᠯ ᠤᠨ ᠠᠷᠭ᠎ᠠ ᠶᠢᠨ ᠬᠤᠪᠢ ᠳᠤ᠂ ᠲᠡᠤᠬᠡᠨ ᠵᠤᠬᠢᠶᠠᠯ ᠤᠨ ᠬᠡᠪ ᠨᠠᠮᠪᠠ ᠶᠢ | ᠤᠯᠠᠮᠵᠢᠯᠠᠬᠤ ᠪᠠ ᠰᠢᠨᠡᠴᠢᠯᠡᠵᠦ᠂ ᠭᠤᠸ᠎ᠠ ᠲᠠᠭᠠᠰᠢᠶᠡᠯ ᠤᠨ ᠨᠦᠯᠦᠭᠡ ᠪᠠᠨ ᠨᠡᠮᠡᠭᠳᠡᠭᠦᠯᠦᠭᠰᠡᠨ ᠭᠡᠵᠦ ᠦᠵᠡᠵᠦ | ᠪᠤᠯᠤᠨ᠎ᠠ᠃ ᠮᠤᠩᠭᠤᠯ ᠦᠨᠳᠦᠰᠦᠳᠡᠨ ᠤ ᠤᠷᠠᠨ ᠵᠤᠬᠢᠶᠠᠯ ᠤᠨ ᠵᠤᠬᠢᠶᠠᠨ ᠪᠦᠲᠦᠬᠡᠯᠬᠡ ᠶᠢᠨ ᠬᠢᠷᠢ ᠲᠦᠪᠰᠢᠨ ᠢᠶᠠᠨ | ᠨᠡᠩ ᠦᠨᠳᠤᠷ ᠲᠦᠪᠰᠢᠨ ᠳᠤ ᠬᠦᠷᠬᠡᠬᠦ ᠶᠢᠨ ᠲᠦᠯᠦᠭᠡ᠂ ᠮᠤᠩᠭᠤᠯ ᠦᠨᠳᠦᠰᠦᠳᠡᠨ ᠤ ᠲᠦᠷᠦᠯᠬᠢ ᠬᠡᠯᠡᠨ ᠤ | ᠲᠤᠭᠤᠵᠢᠰ ᠤᠨ ᠵᠤᠬᠢᠶᠠᠯ ᠤᠨ ᠵᠤᠬᠢᠶᠠᠨ ᠪᠦᠲᠦᠭᠡᠯᠭᠡ ᠨᠢ ᠡᠷᠭᠡᠪᠰᠢ᠂ ᠦᠨᠳᠦᠰᠦᠳᠡᠨ ᠤ ᠤᠯᠠᠮᠵᠢᠯᠠᠯᠳᠤ ᠰᠤᠶᠤᠯ | ᠲᠡᠭᠡᠷ᠎ᠠ ᠪᠠᠨ ᠬᠥᠯ ᠲᠤᠬᠳᠠᠨ᠂ ᠪᠢᠴᠢᠯᠬᠡ ᠶᠢᠨ ᠠᠷᠭ᠎ᠠ ᠳᠠᠭᠠᠨ ᠰᠢᠨᠡᠴᠢᠯᠡᠯᠳᠡ ᠬᠢᠵᠦ᠂ ᠵᠤᠬᠢᠶᠠᠯ ᠪᠦᠳᠦᠬᠡᠯ ᠤᠨ | ᠤᠯᠠᠨ ᠶᠠᠩᠵᠦᠳᠤ ᠰᠢᠨᠵᠢ ᠶᠢ ᠬᠦᠨᠳᠦᠳᠬᠡᠨ᠂ ᠴᠠᠭ ᠦᠶ᠎ᠡ ᠶᠢᠨ ᠪᠠᠶᠢᠳᠠᠯ ᠤᠷᠤᠭᠤ ᠠᠩᠬᠠᠷᠤᠯ ᠢᠶᠠᠨ | ᠬᠠᠨᠳᠤᠭᠤᠯᠤᠬᠰᠠᠨ ᠪᠠᠶᠢᠬᠤ ᠭᠡᠷᠡᠭᠳᠡᠢ᠃ | | | | |