| | | ᠨᠠᠮᠤᠷ ᠤᠨ ᠰᠡᠬᠦᠯ ᠰᠠᠷ᠎ᠠ ᠳᠤ ᠡᠬᠢᠨ ᠤ ᠴᠠᠰᠤ ᠬᠡᠳᠦᠶᠢᠨ ᠤᠷᠤᠵᠤ ᠰᠢᠷᠭᠠᠯ ᠬᠦᠨᠳᠡᠢ ᠦᠩᠭᠡ ᠰᠤᠯᠢᠨ | ᠲᠤᠨᠢᠶᠠᠷᠳᠤᠬᠤ ᠠᠵᠠᠢ᠃ ᠬᠦᠨᠳᠡᠢ ᠤᠷᠤᠭᠤᠳᠠᠨ ᠪᠠᠷᠠᠭᠠᠨ ᠮᠤᠷᠢᠳᠠᠢ ᠬᠦᠮᠦᠨ ᠲᠦᠳᠡᠯᠡᠭᠰᠡᠭᠡᠷ ᠢᠷᠡᠬᠦ ᠬᠠᠷᠠᠭᠳᠠᠨ᠎ᠠ᠃ | ᠡᠨᠡ ᠪᠤᠯ ᠨᠤᠳᠤᠭ ᠤᠨ ᠤᠯᠠᠨ ᠳᠠᠭᠠᠨ ︽ᠪᠠᠪᠠᠢ︾ ᠬᠡᠮᠡᠨ ᠠᠪᠤᠭᠠᠶᠢᠯᠠᠭᠤᠯᠳᠠᠭ ᠨᠠᠰᠤ ᠪᠠᠷ ᠢᠶᠠᠨ ᠠᠳᠤᠭᠤ | ᠮᠠᠯᠵᠢᠭᠰᠠᠭᠠᠷ ᠲᠡᠳᠬᠦᠪᠤᠷᠢ ᠳᠤ ᠭᠠᠷᠤᠭᠰᠠᠨ ᠪᠠᠳᠠᠷᠴᠢ ᠡᠪᠤᠭᠡᠨ ᠪᠠᠶᠢᠪᠠ᠃ ᠦᠨᠦᠳᠦᠷ ᠲᠡᠷᠨ ᠨᠢᠭᠡ ᠨᠤᠳᠤᠭ ᠨᠢᠭᠡ | ᠭᠤᠤᠯ ᠤᠨ ᠨᠠᠰᠤ ᠪᠠᠷ ᠢᠶᠠᠨ ᠨᠦᠬᠦᠷᠯᠡᠭᠰᠡᠨ ᠲᠠᠩᠭᠤᠳ ᠬᠡᠮᠡᠬᠦ ᠡᠪᠤᠭᠡᠨ ᠤ ᠳᠤ ᠤᠴᠢᠬᠤ ᠪᠠᠷ ᠶᠠᠪᠤᠭ᠎ᠠ ᠨᠢ ᠡᠨᠡ | ᠪᠠᠶᠢᠯ᠎ᠠ᠃ ᠠᠶᠢᠯ ᠳᠤ ᠤᠴᠢᠬᠤ ᠪᠠᠷ ᠵᠤᠷᠢᠵᠤ ᠪᠠᠶᠢᠭ᠎ᠠ ᠭᠤᠤᠯ ᠤᠴᠢᠷ ᠨᠢ ᠰᠠᠶ᠋ᠢᠬᠠᠨ ᠬᠤᠳᠠ ᠠᠴᠠ ᠬᠡᠦᠭᠡᠳ ᠤᠳ | ᠨᠢ ᠢᠷᠡᠵᠤ ᠬᠤᠳᠠ ᠠᠪᠴᠤ ᠶᠠᠪᠤᠬᠤ ᠪᠤᠯᠤᠭᠰᠠᠨ ᠳᠤ ᠪᠠᠶᠢᠪᠠ᠃ ᠪᠠᠳᠠᠷᠴᠢ ᠡᠪᠤᠭᠡᠨ ᠠᠭᠠᠷᠤ ᠮᠤᠳᠤᠨ ᠡᠷᠢᠭᠡ ᠪᠠᠨ | ᠱᠠᠵᠢᠬᠢᠨᠠᠭᠤᠯᠤᠨ ᠠᠮᠠᠨ ᠳᠠᠭᠠᠨ ᠮᠠᠨᠢ ᠪᠠᠨ ᠤᠩᠰᠢᠵᠤ ᠬᠡᠭᠡᠷ ᠮᠤᠷᠢ ᠰᠡᠬᠦᠯ ᠬᠦᠳᠡᠯᠭᠡᠨ ᠠᠯᠬᠤᠬᠤ ᠠᠵᠠᠢ᠃ ᠡᠪᠤᠭᠡᠨ | ᠤ ᠰᠡᠳᠬᠢᠯ ᠶᠡᠭᠡᠳᠠ ᠲᠤᠮᠳᠠᠭᠤᠷ ᠪᠠᠶᠢᠯ᠎ᠠ᠃ ᠰᠠᠶᠢᠨ ᠮᠠᠭᠤ ᠪᠠᠨ ᠬᠤᠪᠤᠷᠬᠠᠨ ᠮᠡᠳᠡᠳᠡᠭ ᠬᠤᠶᠠᠷ ᠬᠦᠤ ᠨᠢ ᠨᠢᠭᠡ ᠯᠡ | ᠤᠷᠤᠢ ᠬᠡᠨᠡᠳᠳᠠ ᠴᠢᠷᠦᠬᠦᠯ ᠲᠠᠢ ᠮᠠᠰᠢᠨ ᠬᠦᠯᠦᠭᠯᠡᠨ ᠲᠠᠪᠬᠢᠭᠠᠳ ᠢᠷᠡᠭᠰᠡᠨ ᠳᠤ ᠡᠪᠤᠭᠡᠨ ᠪᠠᠶᠠᠷᠯᠠᠭᠰᠠᠨ ᠴᠤ ᠬᠡᠷᠡᠭ | ᠵᠤᠷᠢᠯᠭ᠎ᠠ ᠶᠢ ᠨᠢ ᠰᠤᠨᠤᠰᠤᠭᠠᠳ ᠤᠷᠮ᠎ᠠ ᠨᠢ ᠬᠤᠭᠤᠷᠠᠭᠰᠠᠨ ᠪᠠᠶᠢᠪᠠ᠃ ᠬᠤᠶᠠᠷ ᠬᠦᠤ ᠨᠢ ᠠᠪᠤ ᠶᠢ ᠪᠠᠨ ᠬᠤᠳᠠ | ᠠᠪᠴᠤ ᠶᠠᠪᠤᠬᠤ ᠲᠤᠬᠠᠢ ᠪᠠᠨ ᠠᠩᠬ᠎ᠠ ᠤᠳᠠᠭ᠎ᠠ ᠬᠡᠯᠡᠬᠦ ᠳᠤ᠄ ︽ᠲᠠᠨ ᠨᠠᠷ ᠨᠠᠮᠠᠢᠢ ᠨᠠᠰᠤᠨ ᠤ ᠡᠴᠦᠰ ᠲᠤ | ᠪᠠᠶᠢᠰᠢᠩ ᠤᠨ ᠮᠤᠬᠤᠷ ᠲᠤ ᠠᠪᠠᠴᠢᠵᠤ ᠬᠠᠶᠠᠬᠤ ᠨᠢ ᠁︾ ᠭᠡᠬᠦ ᠳᠤ ᠲᠤᠮᠤ ᠬᠦᠤ ᠨᠢ᠄ ︽ᠲᠠ ᠬᠡᠳᠦᠢ | ᠪᠤᠯᠳᠠᠯ᠎ᠠ ᠢᠩᠬᠢᠵᠤ ᠠᠶᠢᠯ ᠤᠨ ᠬᠠᠶᠠᠭ᠎ᠠ ᠲᠠᠭᠠᠵᠤ ᠠᠮᠢᠳᠤᠷᠠᠬᠤ ᠶᠤᠮ ᠪᠤᠢ᠂ ᠨᠠᠭᠠᠳᠤ ᠪᠡᠶ᠎ᠠ ᠪᠠᠨ ᠪᠤᠳᠤ︾ ᠬᠡᠯ᠎ᠠ᠃ | ᠡᠪᠤᠭᠡᠨ᠄ ︽ᠪᠢ ᠡᠨᠡ ᠬᠡᠳᠦᠨ ᠪᠤᠭ᠂ ᠬᠡᠭᠡᠷ ᠮᠤᠷᠢ ᠪᠠᠨ ᠶᠠᠭᠠᠬᠢᠬᠤ ᠪᠤᠯᠵᠤ ᠪᠠᠶᠢᠨ᠎ᠠ︖︾ ᠬᠡᠵᠤ ᠵᠦᠷᠢᠬᠦᠳᠯᠡᠬᠦ | ᠳᠤ ᠲᠤᠮᠤ ᠬᠦᠤ ᠨᠢ᠄ ︽ᠠᠪᠤ ᠲᠠ ᠶᠠᠮᠠᠷ ᠵᠦᠷᠢᠬᠦᠳ ᠶᠤᠮ ᠪᠤᠢ᠂ ᠬᠡᠳᠦᠨ ᠪᠤᠭ ᠢᠶᠠᠨ ᠵᠠᠷᠤᠨ᠎ᠠ ᠪᠢᠵᠠ᠂ ᠬᠡᠭᠡᠷ | ᠮᠤᠷᠢ ᠬᠦᠭᠰᠢᠨ ᠶᠤᠮ ᠴᠢᠨᠢ ᠬᠦᠮᠦᠨ ᠠᠪᠬᠤ ᠦᠭᠡᠢ ᠲᠡᠭᠡᠭᠡᠳ ᠦᠬᠦᠨ᠎ᠠ ᠪᠢᠵᠠ︕︾ ᠬᠡᠬᠦ ᠳᠤ ᠡᠪᠤᠭᠡᠨ ᠮᠠᠰᠢ | ᠠᠭᠤᠷᠯᠠᠵᠤ ᠬᠠᠨ᠎ᠠ ᠶᠢᠨ ᠲᠤᠯᠤᠭᠠᠢ ᠠᠴᠠ ᠰᠤᠷ ᠠᠪᠴᠤ ᠬᠦᠤ ᠪᠠᠨ ᠵᠤᠤᠬ᠎ᠠ ᠲᠤᠭᠤᠷᠢᠭᠤᠯᠤᠨ ᠬᠦᠭᠡᠭᠡᠨ | ᠤᠷᠢᠶᠠᠯᠭᠠᠵᠤ᠂ ᠲᠡᠷᠡᠬᠦᠭᠡᠨ ᠳᠡᠭᠡᠨ ᠨᠡᠯᠢᠶᠡᠳ ᠶᠠᠭᠤᠮ᠎ᠠ ᠪᠤᠯᠪᠠ᠃ ᠡᠪᠤᠭᠡᠨ ᠬᠡᠳᠦᠢ ᠶᠠᠪᠤᠬᠤ ᠲᠤᠷ᠎ᠠ ᠦᠭᠡᠢ | ᠪᠠᠶᠢᠭᠰᠠᠨ ᠴᠤ ᠬᠡᠦᠭᠡᠳ ᠤᠨ ᠢᠶᠠᠨ ᠬᠦᠴᠦᠨ ᠳᠤ ᠠᠪᠳᠠᠨ ᠡᠴᠦᠰ ᠲᠡᠭᠡᠨ ᠶᠠᠪᠤᠬᠤ ᠪᠠᠷ ᠪᠤᠯᠤᠯ᠎ᠠ᠃ | ᠡᠪᠤᠭᠡᠨ ᠬᠤᠶᠠᠷ ᠬᠦᠤ ᠬᠤᠶᠠᠷ ᠦᠬᠢᠨ ᠲᠠᠢ᠂ ᠡᠮᠡᠭᠡᠨ ᠨᠢ ᠪᠤᠷᠬᠠᠨ ᠪᠤᠯᠤᠭᠠᠳ ᠠᠷᠪᠠᠭᠠᠳ ᠵᠢᠯ ᠪᠤᠯᠵᠤ | ᠪᠠᠶᠢᠭ᠎ᠠ ᠪᠦᠭᠡᠳ ᠨᠠᠭᠠᠴᠤ ᠲᠡᠬᠦᠤ ᠶᠢᠨ ᠢᠶᠠᠨ ᠬᠠᠶᠠᠭ᠎ᠠ ᠶᠢ ᠪᠠᠷᠠᠳᠠᠨ ᠬᠡᠳᠦᠨ ᠪᠤᠭ ᠭᠠᠭᠴᠨ ᠬᠡᠭᠡᠷ ᠮᠤᠷᠢ ᠲᠠᠢ ᠪᠠᠨ | ᠠᠮᠢᠳᠤᠷᠠᠵᠤ ᠪᠠᠶᠢᠭ᠎ᠠ ᠪᠢᠯᠨ᠃ ᠡᠪᠤᠭᠡᠨ ᠮᠤᠷᠢᠨ ᠤ ᠪᠠᠨ ᠲᠤᠯᠤᠭᠠᠢ ᠤᠷᠤᠭᠤ ᠬᠠᠷᠠᠵᠤ ︽ᠪᠢ ᠶᠠᠭᠠᠬᠢᠬᠤᠪ᠂ | ᠬᠤᠳᠠ ᠰᠠᠭᠤᠷᠢᠨ ᠭᠠᠵᠠᠷ ᠪᠡᠶ᠎ᠠ ᠠᠮᠠᠷ ᠪᠠᠶᠢᠭᠠᠳ ᠪᠠᠶᠢᠵᠤ ᠪᠤᠯᠬᠤ ᠪᠠᠶᠢᠬᠤ᠂ ᠡᠨᠡ ᠮᠠᠭᠤ ᠮᠤᠷᠢ ᠮᠢᠨᠢ ᠶᠠᠭᠠᠬᠢᠨ᠎ᠠ | ᠳ᠋ᠠ ᠬᠦᠭᠡᠷᠦᠬᠦᠢ᠂ ᠢᠵᠢᠯᠢ ᠰᠦᠷᠦᠭ ᠴᠤ ᠪᠠᠶᠢᠬᠤ ᠦᠭᠡᠢ᠂ ᠨᠠᠳᠠ ᠲᠠᠢ ᠪᠠᠶᠢᠭᠰᠠᠭᠠᠷ ᠪᠠᠶᠢᠵᠤ ᠪᠦᠷ ᠵᠤᠵᠢᠭ ᠪᠤᠯᠵᠤ | ᠬᠦᠢᠴᠡᠭᠰᠡᠨ ᠠᠮᠢᠳᠠᠨ᠃ ᠶᠠᠳᠠᠵᠤ ᠲᠡᠵᠢᠭᠡᠯ ᠤᠰᠤ ᠶᠢ ᠨᠢ ᠲᠠᠭᠠᠷᠠᠭᠤᠯᠤᠭᠠᠳ ᠦᠭᠬᠦ ᠬᠦᠮᠦᠨ ᠴᠤ ᠠᠯᠠᠭ᠎ᠠ︾ | ᠬᠡᠵᠤ ᠮᠤᠷᠢᠨ ᠳᠠᠭᠠᠨ ᠯᠡ ᠰᠠᠨᠠᠭ᠎ᠠ ᠵᠤᠪᠠᠨ ᠡᠯᠳᠡᠪ ᠢ ᠡᠷᠬᠢᠴᠡᠬᠦᠯᠦᠨ ᠶᠠᠪᠤᠳᠠᠯ᠎ᠠ ᠤᠷᠢᠳᠤ ᠠᠴᠠ ᠨᠢ ᠲᠤᠮᠤ ᠬᠠᠯᠳᠠᠷ | ᠨᠤᠬᠠᠢ ᠠᠮᠠᠳᠠᠨ ᠢᠷᠡᠵᠤ ᠬᠤᠶᠢᠭᠤᠷ ᠤᠷᠢᠳᠤᠭᠤᠷ ᠬᠡᠷᠦᠨ ᠮᠤᠷᠢᠨ ᠤ ᠬᠢᠨᠢ ᠰᠡᠬᠦᠯ ᠠᠴᠠ ᠬᠡᠰᠡᠭ ᠴᠢᠷᠦᠭᠳᠡᠭᠰᠡᠨ | ᠢᠶᠠᠨ ᠬᠠᠭ᠋ᠠᠵᠤ ᠴᠠᠴᠠᠨ ᠭᠤᠳᠤᠴᠢᠨ ᠠᠬᠢᠨ ᠲᠠᠭᠠᠷᠢᠯᠠ᠃ ᠲᠠᠩᠭᠤᠳ ᠡᠪᠤᠭᠡᠨ ᠤ ᠠᠴᠢ ᠬᠦᠤ ᠭᠡᠷ ᠠᠴᠠ ᠭᠠᠷᠴᠤ | ᠢᠷᠡᠨ ᠨᠤᠬᠠᠢ ᠪᠠᠨ ᠵᠠᠩᠳᠤᠷᠤᠨ ᠬᠤᠷᠢᠭᠠᠳ᠄ ︽ᠰᠠᠶᠢᠨ ᠪᠠᠶᠢᠨ᠎ᠠ ᠦᠦ᠂ ᠪᠠᠪᠠᠢ︖ ᠰᠠᠶᠢᠬᠠᠨ ᠨᠠᠮᠤᠷᠵᠢᠵᠤ ᠪᠠᠶᠢᠨ᠎ᠠ | ᠦᠦ︖︾ ᠬᠡᠮᠡᠨ ᠮᠡᠨᠳᠦᠯᠡᠭᠡᠳ ᠡᠪᠦᠭᠡᠨ ᠢ ᠮᠤᠷᠢᠨ ᠠᠴᠠ ᠨᠢ ᠲᠦᠰᠢᠨ ᠪᠠᠭᠤᠯᠭᠠᠵᠤ ᠬᠡᠷ ᠲᠤ ᠤᠷᠤᠭᠤᠯᠪᠠ᠃ | ᠬᠤᠶᠠᠷ ᠡᠪᠤᠭᠡᠨ ᠡᠳᠦᠷᠵᠢᠨ ᠶᠠᠷᠢᠵᠤ ᠨᠠᠷᠠ ᠬᠡᠪᠡᠶᠢᠭᠰᠡᠨ ᠬᠤᠶᠢᠨ᠎ᠠ ᠡᠪᠤᠭᠡᠨ ᠪᠠᠳᠠᠷᠴᠢ ᠶᠠᠪᠤᠬᠤ ᠪᠠᠷ ᠪᠤᠯᠵᠤ | ᠤᠶᠠᠭᠠᠨ ᠲᠡᠭᠡᠷ᠎ᠠ ᠤᠴᠢᠨ ᠬᠡᠭᠡᠷ ᠮᠤᠷᠢᠨ ᠤ ᠪᠠᠨ ᠡᠮᠡᠭᠡᠯ ᠢ ᠠᠪᠴᠤ ᠴᠤᠯᠪᠤᠭᠤᠷ ᠢ ᠲᠠᠩᠭᠤᠳ ᠡᠪᠤᠭᠡᠨ ᠤ ᠭᠠᠷ | ᠲᠤ ᠪᠠᠷᠢᠭᠤᠯᠤᠭᠠᠳ᠂ ᠬᠤᠭᠤᠯᠠᠢ ᠵᠠᠩᠬᠢᠷᠠᠭᠤᠯᠤᠨ᠄ ︽ᠵᠠ ᠲᠠᠩᠭᠤᠳ ᠮᠢᠨᠢ᠂ ᠴᠢ ᠪᠢᠳᠠ ᠬᠤᠶᠠᠷ ᠪᠡᠶ᠎ᠠ ᠪᠡᠶ᠎ᠠ ᠪᠠᠨ | ᠮᠡᠳᠡᠬᠦ ᠦᠭᠡᠢ ᠪᠢᠰᠢ ᠳ᠋ᠧ᠂ ᠬᠤᠶᠠᠷ ᠬᠦᠯ ᠲᠠᠢ ᠠᠴᠠ ᠴᠢ ᠪᠢᠳᠠ ᠬᠤᠶᠠᠷ᠂ ᠲᠦᠷᠪᠡᠨ ᠲᠤᠭᠤᠷᠠᠢ ᠲᠠᠢ ᠠᠴᠠ ᠡᠨᠡ | ᠮᠠᠭᠤ ᠬᠡᠭᠡᠷ ᠮᠤᠷᠢ ᠪᠢᠳᠠ ᠭᠤᠷᠪᠠ ᠯᠡ ᠡᠨᠡ ᠨᠤᠳᠤᠭ ᠲᠠᠭᠠᠨ ᠬᠠᠮᠤᠭ ᠤᠨ ᠦᠨᠳᠦᠷ ᠨᠠᠰᠤ ᠲᠠᠢ ᠨᠢ ᠪᠤᠯᠤᠭᠠᠳ | ᠪᠠᠶᠢᠨ᠎ᠠ᠃ ᠪᠢ ᠮᠡᠨᠳᠤ ᠪᠤᠴᠠᠵᠤ ᠢᠷᠡᠬᠦ ᠦᠭᠡᠢ ᠪᠠᠶᠢᠬ᠎ᠠ᠂ ᠴᠢᠮ᠎ᠠ ᠠᠴᠠ ᠦᠭᠡᠷ᠎ᠠ ᠡᠨᠡ ᠮᠠᠭᠤ ᠮᠤᠷᠢ ᠪᠠᠨ | ᠦᠯᠡᠳᠡᠭᠡᠬᠦ ᠬᠦᠮᠦᠨ ᠠᠯᠠᠭ᠎ᠠ ᠳ᠋ᠠ᠃︾ ᠬᠡᠮᠡᠨ ᠬᠠᠨᠴᠤᠢ ᠪᠠᠷ ᠢᠶᠠᠨ ᠮᠤᠷᠢᠨ ᠤ ᠪᠠᠨ ᠬᠠᠮᠠᠷ ᠢ ᠢᠯᠪᠢᠨ ᠰᠠᠨᠠᠭ᠎ᠠ | ᠠᠯᠳᠠᠵᠤ᠄ ︽ᠰᠠᠶᠢᠨ ᠰᠠᠭᠤᠵᠤ ᠪᠠᠶᠢᠭᠠᠷᠠᠢ︾ ᠬᠡᠵᠤ ᠬᠡᠯᠡᠭᠡᠳ ᠲᠠᠩᠭᠤᠳ ᠡᠪᠤᠭᠡᠨ ᠤ ᠠᠴᠢ ᠬᠦᠤ ᠶᠢᠨ | ᠮᠤᠲ᠋ᠤᠽᠢᠺᠯ ᠤᠨ ᠠᠷᠤ ᠪᠠᠷ ᠡᠮᠡᠭᠡᠯ ᠢᠶᠠᠨ ᠲᠡᠪᠡᠷᠢᠨ ᠰᠠᠭᠤᠭᠠᠳ ᠶᠠᠪᠤᠵᠤ ᠤᠳᠤᠯ᠎ᠠ᠃ | ᠲᠡᠷᠨ ᠰᠦᠨᠢ ᠡᠪᠤᠭᠡᠨ ᠤ ᠨᠤᠶᠢᠷ ᠬᠦᠷᠦᠭᠰᠡᠨ ᠦᠭᠡᠢ᠂ ᠰᠦᠨᠢᠵᠢᠨ ᠡᠯᠳᠡᠪ ᠢ ᠪᠤᠳᠤᠨ ᠬᠡᠪᠳᠡᠬᠦ ᠳᠤ ᠬᠡᠭᠡᠷ | ᠮᠤᠷᠢ ᠨᠢ ᠨᠢᠳᠤᠨ ᠳᠤᠨᠢ ᠦᠵᠡᠭᠳᠡᠭᠡᠳ ᠪᠠᠶᠢᠪᠠ᠃ ᠤᠳᠤ ᠠᠴᠠ ᠤᠯᠠᠨ ᠵᠢᠯ ᠤᠨ ᠡᠮᠦᠨ᠎ᠠ ᠬᠡᠭᠡᠷ ᠮᠤᠷᠢᠨ ᠤ ᠡᠬᠡ | ᠶᠢ ᠵᠡᠷᠭᠡᠯᠡᠳᠡᠭᠡ ᠰᠤᠮᠤ ᠶᠢᠨ ᠬᠦᠮᠦᠨ ᠠᠴᠠ ᠬᠤᠳᠠᠯᠳᠤᠵᠤ ᠠᠪᠬᠤ ᠳᠤ ᠦᠰᠤ ᠨᠤᠤᠰᠤ ᠠᠴᠠ ᠪᠠᠨ ᠰᠠᠯᠤᠭ᠎ᠠ ᠦᠭᠡᠢ | ᠵᠢᠵᠢᠭᠭᠡᠨ ᠰᠠᠷᠪᠠ ᠪᠠᠶᠢᠭᠰᠠᠨ ᠨᠢ ᠰᠠᠶ᠋ᠢᠬᠠᠨ ᠮᠡᠳᠤ᠃ ᠲᠡᠷᠨ ᠬᠡᠭᠡᠷ ᠭᠡᠬᠦᠤ ᠠᠴᠠ ᠶᠡᠷᠤ ᠳᠡᠭᠡᠨ ᠭᠠᠭᠴᠨ ᠤᠨᠠᠭ᠎ᠠ | ᠭᠠᠷᠤᠭᠰᠠᠨ ᠨᠢ ᠡᠨᠡ ᠬᠡᠭᠡᠷ ᠮᠤᠷᠢ ᠪᠠᠶᠢᠯ᠎ᠠ᠃ ᠬᠡᠭᠡᠷ ᠮᠤᠷᠢ ᠡᠪᠤᠭᠡᠨ ᠬᠤᠶᠠᠷ ᠬᠠᠮᠳᠤ ᠠᠷᠪᠠᠨ ᠨᠠᠢᠮᠠᠨ ᠵᠢᠯ ᠪᠤᠯᠬᠤ | ᠳᠠᠭᠠᠨ ᠪᠡᠶ᠎ᠠ ᠪᠡᠶ᠎ᠡ ᠳᠡᠭᠡᠨ ᠰᠠᠯᠵᠤ ᠬᠠᠭᠠᠴᠠᠬᠤ ᠶᠢᠨ ᠠᠷᠭ᠎ᠠ ᠦᠭᠡᠢ ᠲᠡᠩᠳᠡᠬᠦᠤ ᠰᠠᠶᠢᠨ ᠲᠠᠰᠴᠠᠢ᠃ ᠡᠪᠤᠭᠡᠨ ᠡᠨᠡ | ᠵᠢᠯ ᠲᠠᠯᠠᠨ ᠭᠤᠷᠪᠠ ᠶᠢᠨ ᠵᠢᠯ ᠤᠷᠤᠵᠤ ᠪᠠᠶᠢᠭ᠎ᠠ ᠪᠤᠯ ᠬᠠᠷᠢᠨ ᠬᠡᠭᠡᠷ ᠮᠤᠷᠢ ᠨᠢ ᠠᠷᠪᠠᠨ ᠨᠠᠢᠮᠠ ᠬᠦᠷᠴᠤ ᠪᠤᠢ᠃ | ᠦᠷᠯᠦᠭᠡ ᠡᠷᠳᠠ ᠪᠤᠰᠤᠭᠰᠠᠨ ᠡᠪᠤᠭᠡᠨ ᠦᠨᠳᠦᠷ ᠲᠡᠭᠡᠷ᠎ᠠ ᠭᠠᠷᠴᠤ ᠲᠤᠷᠠᠨ ᠲᠠᠯᠪᠢᠪᠠᠯ ᠵᠡᠬᠦᠨ ᠬᠦᠨᠳᠡᠢ ᠠᠴᠠ | ᠭᠠᠭᠴᠨ ᠪᠠᠷᠠᠭᠠᠨ ᠠᠳᠤᠭᠤ ᠰᠢᠭᠤᠳ ᠨᠠᠭᠠᠰᠢᠯᠠᠭᠰᠠᠭᠠᠷ ᠢᠷᠡᠬᠦ ᠨᠢ ᠬᠡᠭᠡᠷ ᠮᠤᠷᠢ ᠨᠢ ᠪᠠᠶᠢᠯ᠎ᠠ᠃ ᠨᠠᠮᠤᠷ ᠤᠨ ᠰᠡᠬᠦᠯ | ᠰᠠᠷ᠎ᠠ ᠶᠢᠨ ᠦᠷᠯᠦᠭᠡᠨ ᠤ ᠬᠦᠢᠳᠡᠨ ᠵᠢᠪᠠᠷ ᠰᠦᠷᠦᠨ ᠡᠵᠡᠨ ᠢᠶᠠᠨ ᠡᠷᠢᠨ ᠴᠤᠭᠬᠢᠬᠤ ᠬᠠᠶᠢᠷᠠᠳᠠᠢ ᠮᠤᠷᠢ ᠪᠠᠨ | ᠬᠠᠷᠠᠭᠠᠳ ᠡᠪᠤᠭᠡᠨ ᠤ ᠰᠡᠳᠬᠢᠯ ᠬᠠᠷᠠᠭᠤᠰᠠᠯ ᠭᠤᠨᠢᠭ ᠢᠶᠠᠷ ᠦᠶᠡᠷᠯᠡᠵᠠᠢ᠃ | ᠨᠤᠳᠤᠭ ᠤᠨ ᠤᠯᠠᠨ ᠢᠷᠡᠵᠤ ᠡᠪᠤᠭᠡᠨ ᠤ ᠭᠡᠷ ᠢ ᠲᠤᠤᠷ᠎ᠠ ᠨᠢ ᠠᠴᠢᠶᠠᠯᠠᠭᠠᠳ ᠬᠦᠳᠡᠯᠬᠦ ᠳᠤ ᠪᠡᠯᠡᠨ ᠪᠤᠯᠪᠠ᠃ | | ︽ᠵᠠ ᠪᠠᠪᠠᠢ᠂ ᠰᠠᠶᠢᠨ ᠶᠠᠪᠤᠭᠠᠷᠠᠢ︾ | ︽ᠬᠡᠭᠡᠷ ᠮᠤᠷᠢ ᠶᠢ ᠴᠢᠨᠢ ᠪᠢᠳᠠ ᠰᠠᠶᠢᠨ ᠬᠠᠷᠠᠵᠤ ᠪᠠᠶᠢᠶ᠎ᠠ︾ | ︽ᠲᠠ ᠰᠠᠨᠠᠭ᠎ᠠ ᠵᠤᠪᠠᠭ᠋ᠤ ᠬᠡᠷᠡᠭ ᠦᠭᠡᠢ︾ | ︽ᠬᠠᠪᠤᠷ ᠨᠤᠭᠤᠭ᠎ᠠ ᠴᠠᠭ᠎ᠠ ᠭᠠᠷᠬᠤ ᠪᠠᠷ ᠬᠦᠷᠦᠭᠡᠳ ᠢᠷᠡᠭᠡᠷᠡᠢ︾ ᠬᠡᠬᠦᠴᠢᠯᠡᠨ ᠬᠦᠮᠦᠨ ᠪᠦᠬᠦᠨ ᠯᠡ | ᠰᠡᠳᠬᠢᠯ ᠤᠨ ᠢᠶᠠᠨ ᠦᠭᠡ ᠶᠢ ᠬᠡᠯᠡᠵᠤ ᠪᠠᠶᠢᠯ᠎ᠠ᠃ ᠡᠪᠤᠭᠡᠨ ᠤ ᠰᠡᠳᠬᠢᠯ ᠡᠮᠳᠡᠷᠡᠵᠤ ᠨᠢᠯᠪᠤᠰᠤ ᠤᠨᠠᠭᠠᠨ ᠮᠤᠷᠢᠨ ᠤ | ᠪᠠᠨ ᠮᠠᠩᠨᠠᠢ ᠶᠢ ᠢᠯᠪᠢᠨ ᠦᠳᠡᠵᠤ ᠦᠭᠭᠦᠭᠰᠡᠳ ᠢ ᠨᠢᠭᠡ ᠪᠦᠷᠢᠴᠢᠯᠡᠨ ᠦᠨᠦᠰᠦᠭᠰᠡᠭᠡᠷ ᠰᠠᠯᠵᠤ ᠴᠢᠳᠠᠬᠤ ᠦᠭᠡᠢ | ᠪᠠᠶᠢᠬᠤ ᠳᠤ ᠬᠤᠶᠠᠷ ᠬᠦᠤ ᠨᠢ ᠬᠦᠴᠤ ᠪᠠᠷ ᠰᠢᠬᠠᠭᠤ ᠯᠡ ᠮᠠᠰᠢᠨ ᠳᠤ ᠰᠠᠭᠤᠯᠭᠠᠨ ᠠᠪᠴᠤ ᠤᠳᠤᠯ᠎ᠠ᠃ | ᠲᠡᠬᠦᠨ ᠠᠴᠠ ᠬᠤᠶᠢᠰᠢ ᠤᠳᠠᠯ ᠦᠭᠡᠢ ᠬᠤᠳᠠ ᠤᠷᠤᠭᠠᠳ ᠢᠷᠡᠭᠰᠡᠨ ᠨᠢᠭᠡ ᠨᠢ᠄ ︽ᠪᠢ ᠪᠠᠪᠠᠢ ᠲᠠᠢ | ᠠᠭᠤᠯᠵᠠᠯ᠎ᠠ᠂ ᠬᠦᠭᠡᠷᠦᠬᠦᠢ︕ ᠨᠤᠳᠤᠭ ᠤᠰᠤ ᠬᠡᠭᠡᠷ ᠮᠤᠷᠢ ᠪᠠᠨ ᠯᠡ ᠶᠠᠷᠢᠭᠰᠠᠨ ᠬᠦᠮᠦᠨ ᠰᠠᠭᠤᠵᠤ ᠪᠠᠶᠢᠨ᠎ᠠ᠃ | ᠬᠡᠭᠡᠷ ᠮᠤᠷᠢᠨ ᠳᠤ ᠨᠢ ᠴᠢᠳᠠᠬᠤ ᠶᠠᠳᠠᠬᠤ ᠪᠠᠷ ᠢᠶᠠᠨ ᠡᠪᠡᠰᠤ ᠲᠡᠵᠢᠭᠡᠯ ᠢᠯᠡᠬᠦᠴᠢᠯᠡᠵᠤ ᠪᠠᠶᠢᠶ᠎ᠠ᠂ ᠲᠠᠩᠭᠤᠳ ᠭᠤᠸᠠᠢ | ᠶᠢᠨ ᠭᠠᠳᠠᠨ᠎ᠠ ᠲᠤᠭᠳᠠᠬᠤ ᠦᠭᠡᠢ ᠪᠠᠶᠢᠨ᠎ᠠ ᠬᠡᠨ᠎ᠠ᠃︾ ᠬᠡᠮᠡᠨ ᠪᠤᠰᠤᠳ ᠢ ᠤᠷᠢᠶᠠᠯᠠᠵᠠᠢ᠃ ᠲᠡᠷᠨ ᠡᠪᠤᠯ ᠳᠡᠭᠡᠨ | ᠪᠠᠳᠠᠷᠴᠢ ᠡᠪᠤᠭᠡᠨ ᠬᠤᠳᠠ ᠳᠤ ᠨᠠᠰᠤᠨ ᠦᠭᠡᠳᠠ ᠪᠤᠯᠤᠭᠰᠠᠨ ᠰᠤᠷᠠᠭ ᠲᠤᠭᠤᠯᠳᠠᠪᠠ᠃ ᠬᠡᠭᠡᠷ ᠮᠤᠷᠢ ᠡᠪᠤᠭᠡᠨ ᠤ | ᠨᠤᠳᠤᠭᠯᠠᠳᠠᠭ ᠪᠠᠶᠢᠭᠰᠠᠨ ᠭᠠᠵᠠᠷ ᠢᠶᠠᠷ ᠦᠷᠬᠦᠯᠵᠢ ᠭᠠᠭᠴᠠᠭᠠᠷ ᠢᠶᠠᠨ ᠢᠳᠡᠰᠢᠯᠡᠳᠡᠭ ᠪᠦᠭᠡᠳ ᠲᠠᠭᠠᠷᠠᠭᠰᠠᠨ ᠬᠦᠮᠦᠨ | ᠪᠦᠬᠦᠨ ᠯᠡ ︽ᠪᠠᠪᠠᠢ ᠶᠢᠨ ᠬᠡᠭᠡᠷ ᠮᠤᠷᠢ︾ ᠬᠡᠮᠡᠨ ᠡᠪᠡᠰᠤ ᠤᠰᠤ ᠠᠴᠠ ᠪᠠᠨ ᠢᠯᠡᠬᠦᠴᠢᠯᠡᠳᠡᠭ ᠪᠠᠶᠢᠭᠰᠠᠨ ᠪᠦᠭᠡᠳ | ᠨᠢᠭᠡ ᠤᠳᠠᠭ᠎ᠠ ᠰᠤᠮᠤ ᠶᠢᠨ ᠲᠦᠪ ᠲᠡᠭᠡᠷ᠎ᠠ ᠲᠡᠵᠢᠭᠡᠨ᠎ᠠ ᠬᠡᠮᠡᠨ ᠵᠠᠰᠠᠭ ᠲᠠᠷᠤᠭ᠎ᠠ ᠨᠢ ᠬᠠᠰᠢᠶ᠎ᠠ ᠬᠤᠷᠤᠭ᠎ᠠ | ᠪᠠᠷᠢᠭᠤᠯᠤᠨ ᠡᠪᠡᠰᠤ ᠲᠡᠵᠢᠭᠡᠯ ᠪᠡᠯᠡᠳᠭᠡᠭᠰᠡᠨ ᠴᠤ ᠰᠦᠨᠢ ᠳᠡᠭᠡᠨ ᠬᠦᠶᠦᠭᠡᠳ ᠡᠪᠤᠯᠵᠢᠶᠡᠨ ᠳᠡᠭᠡᠨ ᠢᠷᠡᠴᠢᠭᠡᠭᠰᠡᠨ | ᠪᠠᠶᠢᠭᠰᠠᠨ ᠪᠦᠭᠡᠳ ᠡᠵᠡᠨ ᠤ ᠪᠠᠨ ᠨᠤᠳᠤᠭᠯᠠᠭᠳᠠᠭ ᠪᠠᠶᠢᠭᠰᠠᠨ ᠭᠠᠵᠠᠷ ᠠᠴᠠ ᠵᠢᠯ ᠤᠨ ᠲᠦᠷᠪᠡᠨ ᠤᠯᠠᠷᠢᠯ ᠠᠯᠬᠤᠮ | ᠴᠤ ᠬᠤᠯᠠᠳᠠᠬᠤ ᠦᠭᠡᠢ ᠪᠠᠶᠢᠭᠰᠠᠭᠠᠷ ᠲᠠᠪᠤᠨ ᠵᠢᠯ ᠭᠠᠷᠤᠢ ᠪᠤᠯᠵᠤ ᠬᠤᠷᠢᠨ ᠭᠤᠷᠪᠠ ᠬᠦᠷᠦᠨ ᠪᠠᠶᠢᠭᠠᠯᠢ ᠶᠢᠨ ᠵᠠᠮ | ᠢᠶᠠᠷ ᠡᠴᠦᠰᠯᠡᠪᠡ᠃ ᠨᠤᠳᠤᠭ ᠤᠨ ᠬᠡᠳᠦᠨ ᠬᠦᠮᠦᠨ ᠬᠠᠪᠤᠷᠵᠢᠶᠠᠨ ᠤ ᠬᠢᠨ ᠤᠷᠢᠳᠤ ᠦᠨᠳᠦᠷ ᠲᠡᠭᠡᠷ᠎ᠠ ᠬᠡᠭᠡᠷ ᠮᠤᠷᠢᠨ | ᠤ ᠬᠢᠨᠢ ᠲᠤᠯᠤᠭᠠᠢ ᠶᠢ ᠠᠪᠠᠴᠢᠵᠤ ᠲᠠᠯᠪᠢᠭᠠᠳ ᠲᠡᠷᠡᠬᠦᠭᠡᠨ ᠳᠡᠭᠡᠨ ᠴᠢᠯᠠᠭᠤ ᠤᠪᠤᠭᠠᠯᠠᠵᠤ ᠪᠢᠴᠢᠬᠠᠨ ᠤᠪᠤᠭ᠎ᠠ | ᠪᠤᠰᠬᠠᠪᠠ᠃ ᠬᠡᠳᠦᠭᠡᠨ ᠵᠢᠯ ᠤᠨ ᠲᠤᠳᠤᠷ᠎ᠠ ᠤᠷᠤᠢ ᠲᠡᠭᠡᠷ᠎ᠠ ᠭᠠᠷᠤᠭᠰᠠᠨ ᠬᠦᠮᠦᠨ ᠪᠦᠬᠦᠨ ᠤᠪᠤᠭᠠᠨ ᠳᠤ ᠴᠢᠯᠠᠭᠤ | ᠨᠡᠮᠡᠭᠰᠡᠭᠡᠷ ᠤᠶᠢᠷ᠎ᠠ ᠬᠠᠪᠢ ᠳᠠᠭᠠᠨ ᠨᠡᠷᠡᠳᠠᠢ ᠲᠤᠮᠤ ᠤᠪᠤᠭ᠎ᠠ ᠪᠤᠯᠵᠤ ︽ᠬᠡᠭᠡᠷ ᠮᠤᠷᠢᠨ ᠤ ᠤᠪᠤᠭ᠎ᠠ︾ ᠨᠡᠷ᠎ᠠ ᠪᠠᠷ | ᠠᠯᠳᠠᠷᠰᠢᠵᠠᠢ᠃ | | ︵ᠰᠠᠴᠤᠷᠠᠯᠳᠤ ᠺᠢᠷᠢᠯ ᠠᠴᠠ ᠪᠠᠭᠤᠯᠭᠠᠪᠠ︶ | | ᠡᠬᠢ ᠰᠤᠷᠪᠤᠯᠵᠢ >>> | | |