| | | ᠤᠳᠤ ᠠᠴᠠ ᠬᠡᠳᠦᠨ ᠵᠢᠯ ᠤᠨ ᠡᠮᠦᠨ᠎ᠠ ᠮᠠᠨ ᠤ ᠳᠤ ᠨᠢᠭᠡᠨ ᠵᠢᠬᠦᠷ ᠲᠠᠢ ᠮᠡᠳᠤ ᠬᠤᠷᠳᠤᠨ ᠬᠦᠯᠦᠭ ᠪᠠᠶᠢᠵᠤ | ᠪᠢᠯᠨ᠃ ᠶᠠᠭ ᠯᠡ ᠨᠢᠰᠳᠡᠭ ᠬᠤᠷᠤᠬᠠᠢ ᠰᠢᠭ᠋ ᠬᠠᠪ ᠬᠠᠷ᠎ᠠ ᠦᠩᠭᠡᠳᠠᠢ ᠲᠡᠷᠨ ᠮᠤᠷᠢ ᠯᠠᠪ ᠪᠤᠰᠤᠭ᠎ᠠ ᠪᠠᠷ ᠢᠶᠠᠨ | ᠲᠦᠷᠦᠭᠰᠡᠨ ᠪᠠᠶᠢᠵᠤ ᠬᠡᠵᠤ ᠪᠢ ᠪᠤᠳᠤᠳᠠᠭ ᠶᠤᠮ᠃ ᠦᠨᠡᠨᠳᠡᠭᠡᠨ ᠪᠤᠰᠤᠭ᠎ᠠ ᠪᠠᠷ ᠢᠶᠠᠨ ᠲᠦᠷᠦᠭᠰᠡᠨ ᠢ ᠨᠢ ᠬᠡᠨ ᠴᠤ | ᠬᠠᠷᠠᠭ᠎ᠠ ᠦᠭᠡᠢ ᠪᠤᠯᠪᠠᠴᠤ ᠡᠶᠢᠮᠤ ᠯᠡ ᠬᠦᠯᠦᠭ ᠯᠡ ᠡᠬᠡ ᠠᠴᠠ ᠪᠠᠨ ᠲᠦᠷᠪᠡᠨ ᠬᠦᠯ ᠢᠶᠠᠷ ᠢᠶᠠᠨ ᠤᠨᠠᠳᠠᠭ ᠪᠠᠶᠢᠵᠤ | ᠲᠠᠭᠠᠷᠠᠨ᠎ᠠ ᠬᠡᠬᠦ ᠪᠠᠷ ᠰᠠᠶᠢᠬᠠᠨ ᠬᠤᠷᠳᠤᠨ ᠪᠤᠶᠠᠨ ᠪᠠᠶᠢᠭᠰᠠᠨ ᠳ᠋ᠠ᠃ ᠲᠠᠭᠠᠨ ᠳᠤ ᠨᠢ ᠬᠡᠭᠡᠷ᠎ᠠ ᠶᠢᠨ ᠠᠮᠢᠳᠠᠨ | ᠨᠤᠴᠤᠭᠠᠳ ᠵᠦᠪ ᠲᠠᠯ᠎ᠠ ᠶᠢᠨ ᠬᠤᠩᠭᠤᠨ ᠳᠤ ᠨᠢ ᠰᠢᠳᠤ ᠪᠠᠨ ᠤᠷᠤᠭᠤᠯᠤᠭᠰᠠᠨ ᠤ ᠭᠠᠢ ᠪᠠᠷ ᠬᠤᠶᠢᠳᠤ ᠬᠦᠯ ᠨᠢ | ᠦᠯᠤ ᠮᠡᠳᠡᠭ ᠴᠦᠮᠴᠦᠭᠡᠨᠡᠵᠤ ᠭᠢᠰᠬᠢᠳᠡᠭ᠂ ᠵᠦᠭᠡᠷ ᠵᠤᠭᠰᠤᠬᠤ ᠳᠠᠭᠠᠨ ᠬᠦᠷᠳᠡᠯ᠎ᠠ ᠲᠡᠷᠨ ᠲᠠᠯ᠎ᠠ ᠶᠢᠨ ᠲᠠᠰᠢᠶ᠎ᠠ ᠨᠢ | ᠲᠤᠤᠷ᠎ᠠ ᠤᠨᠵᠠᠶᠢᠵᠤ ᠬᠠᠷᠠᠭᠳᠠᠳᠠᠭ ᠠᠴᠠ ᠬᠦᠮᠦᠰ ︽ᠵᠠᠭᠠᠷᠵᠠᠪ ᠤᠨ ᠬᠡᠯᠳᠡᠩ ᠬᠠᠷ᠎ᠠ︾ ᠬᠡᠳᠡᠭ᠂ ᠪᠢ ᠲᠡᠷᠨ ᠨᠡᠷ᠎ᠠ | ᠳᠤ ᠲᠤᠷ᠎ᠠ ᠦᠭᠡᠢ ᠮᠠᠨ ᠤ ︽ᠬᠢᠯᠢᠩ ᠬᠠᠷ᠎ᠠ︾ ᠬᠡᠮᠡᠨ ᠨᠡᠷᠡᠯᠡᠳᠡᠭ ᠪᠠᠶᠢᠭᠰᠠᠨ᠃ | ᠪᠤᠤᠬᠠᠢ ᠳᠤ ᠬᠤᠩᠭᠤ ᠪᠠᠨ ᠰᠡᠳᠡᠯᠦᠬᠦᠯᠦᠨ ᠠᠯᠳᠠᠭᠰᠠᠨ ᠲᠡᠷᠨ ᠲᠠᠭ᠎ᠠ ᠶᠢ ᠵᠢᠬᠦᠷᠳᠤ ᠬᠤᠷᠳᠤᠨ ᠬᠦᠯᠦᠭ | ᠬᠡᠵᠤ ᠬᠡᠨ ᠮᠡᠳᠡᠬᠦ ᠪᠢᠯᠨ᠃ ᠤᠨᠤᠭ᠎ᠠ ᠪᠠᠨ ᠶᠡᠬᠦᠯᠡᠬᠦ ᠪᠠᠷ ᠶᠠᠪᠤᠭᠰᠠᠨ ᠠᠬ᠎ᠠ ᠮᠠᠨᠢ ᠰᠢᠷᠬᠠᠨ ᠠᠴᠠ ᠨᠢ ᠴᠢᠰᠤ | ᠰᠢᠬᠦᠷᠡᠭᠰᠡᠨ ᠬᠠᠷ᠎ᠠ ᠲᠠᠭ᠎ᠠ ᠪᠠᠨ ᠬᠦᠳᠦᠯᠦᠨ ᠢᠷᠡᠭᠡᠳ᠂ ᠰᠢᠷᠬ᠎ᠠ ᠨᠢ ᠢᠳᠡᠭᠡᠯᠡᠵᠤ ᠪᠡᠭᠡᠵᠤ ᠮᠠᠭᠠᠳ ᠦᠭᠡᠢ᠂ | ᠰᠠᠶᠢᠨ ᠬᠠᠷᠠᠵᠤ ᠬᠠᠨᠳᠤᠵᠤ ᠪᠠᠢ ᠬᠡᠮᠡᠨ ᠠᠪᠴᠢᠷᠠᠵᠤ ᠨᠠᠳᠠᠳᠤ ᠲᠠᠭᠠᠭᠠᠯᠭᠠᠵᠤ ᠦᠭᠬᠦᠪᠡ᠃ ᠬᠡᠪᠡᠴᠤ ᠠᠵᠠ ᠪᠠᠷ | ᠮᠠᠭᠤ ᠶᠠᠭᠤᠮ᠎ᠠ ᠪᠤᠯᠤᠭᠰᠠᠨ ᠦᠭᠡᠢ᠂ ᠰᠢᠷᠬ᠎ᠠ ᠨᠢ ᠴᠤ ᠬᠤᠷᠳᠤᠨ ᠡᠳᠡᠭᠡᠵᠤ᠂ ᠪᠠᠷᠠᠭᠤᠨ ᠬᠤᠶᠢᠳᠤ ᠲᠠᠯ᠎ᠠ ᠶᠢᠨ | ᠲᠠᠰᠢᠶ᠎ᠠ ᠨᠢ ᠦᠯᠤ ᠮᠡᠳᠡᠭ ᠬᠡᠯᠳᠡᠩ ᠬᠠᠷ᠎ᠠ ᠲᠠᠭ᠎ᠠ ᠮᠢᠨᠤ ᠡᠳᠦᠷ ᠲᠤᠳᠤᠮ ᠤᠨ ᠬᠦᠯ ᠲᠡᠬᠦᠵᠢᠯᠡᠬᠦ ᠤᠨᠤᠭ᠎ᠠ ᠪᠤᠯᠤᠨ | ᠬᠤᠪᠢᠷᠠᠯ᠎ᠠ᠃ ᠬᠢᠯᠢᠩ ᠬᠠᠷ᠎ᠠ ᠬᠡᠮᠳᠦᠵᠤ ᠪᠡᠷᠳᠡᠭᠰᠡᠨ ᠴᠤ ᠬᠡᠰᠡᠨ ᠦᠨᠡᠭᠡᠷ ᠬᠤᠷᠳᠤᠨ ᠬᠦᠯᠦᠭ ᠬᠡᠳᠡᠭ ᠨᠢ ᠡᠳᠦᠷ | ᠠᠴᠠ ᠡᠳᠦᠷ ᠲᠤ ᠮᠡᠳᠡᠷᠡᠭᠳᠡᠭᠰᠡᠭᠡᠷ ᠪᠠᠶᠢᠯ᠎ᠠ᠃ ᠬᠦᠯ ᠬᠦᠩᠭᠡᠨ᠂ ᠶᠠᠪᠤᠳᠠᠯ ᠵᠦᠭᠡᠯᠡᠨᠳᠠᠢ᠃ ᠬᠤᠨᠢ ᠲᠤᠭᠤᠯ ᠤᠨ | ᠪᠡᠯᠴᠢᠭᠡᠷ ᠠᠴᠠ ᠦᠶ᠎ᠠ ᠶᠢᠨ ᠬᠡᠦᠭᠡᠳ ᠤᠳ ᠲᠠᠢ ᠤᠷᠤᠯᠳᠤᠨ ᠲᠠᠪᠬᠢᠬᠤ ᠳᠤ ᠨᠠᠰᠤ ᠬᠦᠢᠴᠡᠭᠰᠡᠨ ᠮᠤᠷᠢᠨ ᠠᠴᠠ | ᠬᠤᠴᠤᠷᠬᠤ ᠦᠭᠡᠢ ᠰᠡᠬᠦᠯ ᠲᠠᠷᠤᠨ ᠲᠠᠪᠬᠢᠨ᠎ᠠ᠃ ᠲᠠᠪᠬᠢᠭᠠᠳ ᠨᠦᠬᠦᠭᠡ ᠬᠤᠶᠢᠳᠤ ᠬᠦᠯ ᠤᠨ ᠲᠤᠳᠠᠭᠤ ᠨᠢ ᠶᠡᠷᠦ | ᠮᠡᠳᠡᠭᠳᠡᠬᠦ ᠦᠭᠡᠢ᠂ ᠬᠠᠷᠢᠨ ᠴᠤ ᠲᠠᠪᠬᠢᠬᠤ ᠲᠤᠳᠤᠮ ᠶᠠᠪᠤᠳᠠᠯ ᠨᠢ ᠵᠦᠭᠡᠯᠡᠷᠡᠵᠤ᠂ ᠭᠠᠵᠠᠷ ᠠᠯᠤᠰᠯᠠᠬᠤ ᠲᠤᠳᠤᠮ | ᠬᠤᠷᠳᠤ ᠬᠦᠴᠤ ᠨᠢ ᠠᠬᠢᠨᠠ᠃ ᠪᠢ ᠴᠤ ᠬᠢᠯᠢᠩ ᠬᠠᠷ᠎ᠠ ᠶᠢᠨ ᠶᠠᠮᠠᠷᠰᠢᠤ ᠰᠢᠨᠳᠠᠰᠤᠳᠤ ᠬᠦᠯᠦᠭ ᠪᠤᠯᠬᠤ ᠲᠤᠬᠠᠢ | ᠠᠬ᠎ᠠ ᠳᠤ ᠬᠡᠯᠡᠬᠦ ᠳᠤ ᠶᠡᠷᠤ ᠢᠳᠡᠭᠡᠭᠰᠡᠨ ᠰᠢᠨᠵᠢ ᠦᠭᠡᠢ ᠦᠯᠤ ᠲᠤᠭᠤᠮᠰᠤᠷᠯᠠᠨᠠ᠃ ᠨᠠᠮᠠᠢᠢ ᠱᠠᠯᠠᠭᠠᠳ ᠪᠠᠶᠢᠬᠤ ᠪᠠᠷ | ᠬᠤᠶᠢᠳᠤᠨ ᠨᠢ ᠠᠬ᠎ᠠ ᠬᠡᠯᠳᠡᠩ ᠬᠠᠷ᠎ᠠ ᠶᠢ ᠤᠶᠠᠵᠤ ᠦᠵᠡᠯ᠎ᠠ᠃ ᠶᠠᠭ ᠮᠢᠨᠤ ᠪᠤᠳᠤᠭᠰᠠᠨ ᠰᠢᠭ᠋ ᠰᠤᠮᠤ ᠶᠢᠨ | ᠨᠠᠭᠠᠳᠤᠮ ᠳᠤ ᠲᠠᠰᠤᠷᠬᠠᠢ ᠬᠤᠯᠨ ᠲᠦᠷᠦᠬᠦᠯᠡᠵᠤ ᠢᠷᠡᠬᠦ ᠳᠤ ᠬᠦᠮᠦᠰ᠄ ︽ᠦᠭᠡᠢ ᠮᠥᠨ ᠬᠤᠷᠳᠤᠨ ᠠᠳᠤᠭᠤᠰᠤ | ᠡ᠃ ᠬᠦᠯ ᠨᠢ ᠬᠡᠮᠳᠦᠭᠰᠡᠨ ᠦᠭᠡᠢ ᠪᠤᠯ ᠪᠦᠷ ᠢᠯᠡᠬᠦᠤ ᠬᠤᠷᠳᠤᠯᠠᠵᠤ ᠪᠠᠶᠢᠵᠤ ᠰᠢᠤ︾ ᠬᠡᠮᠡᠨ ᠱᠠᠭᠠᠬᠢᠵᠠᠭᠠᠵᠤ᠂ | ᠬᠡᠯᠳᠡᠩ ᠲᠠᠰᠢᠶᠠᠳᠤ ᠬᠠᠷ᠎ᠠ ᠶᠢᠨ ᠲᠤᠬᠠᠢ ᠡᠶᠢᠮᠤ ᠨᠢᠭᠡᠨ ᠪᠠᠭ᠋ᠠᠷᠬᠠᠭᠰᠠᠨ᠂ ᠭᠠᠶᠢᠬᠠᠭᠰᠠᠨ ᠶᠠᠷᠢᠶ᠎ᠠ ᠮᠠᠨ ᠤ ᠨᠤᠳᠤᠭ | ᠢᠶᠠᠷ ᠲᠠᠷᠬᠠᠪᠠ᠃ ᠬᠦᠮᠦᠰ ᠤᠨ ᠶᠠᠷᠢᠶ᠎ᠠ᠂ ᠰᠤᠮᠤ ᠶᠢᠨ ᠨᠠᠭᠠᠳᠤᠮ ᠳᠤ ᠲᠠᠰᠤᠷᠬᠠᠢ ᠬᠤᠯᠨ ᠲᠦᠷᠦᠬᠦᠯᠡᠭᠰᠡᠨ ᠵᠡᠷᠭᠡ | ᠠᠴᠠ ᠪᠤᠯᠤᠭᠠᠳ ᠠᠬ᠎ᠠ ᠮᠠᠨᠢ ᠴᠤ ᠬᠢᠯᠢᠩ ᠬᠠᠷ᠎ᠠ ᠶᠢ ᠡᠷᠡᠮᠳᠡᠭ ᠵᠡᠷᠡᠮᠳᠡᠭ ᠠᠳᠤᠭᠤᠰᠤ ᠪᠢᠰᠢ ᠬᠠᠷᠢᠨ ᠭᠠᠶᠢᠬᠠᠯᠳᠠᠢ | ᠬᠤᠷᠳᠤᠨ ᠬᠦᠯᠦᠭ ᠬᠡᠳᠡᠭ ᠲᠤ ᠢᠳᠡᠭᠡᠵᠤ ᠡᠬᠢᠯᠡᠭᠰᠡᠨ ᠪᠤᠯᠪᠠᠦ᠂ ᠲᠡᠷᠨ ᠵᠢᠯ ᠪᠤᠯᠤᠭᠰᠠᠨ ᠵᠡᠷᠭᠡᠯᠡᠳᠡᠭᠡᠬᠢ ᠰᠤᠮᠤᠨ ᠤ | ᠤᠢ ᠳᠤ ᠬᠢᠯᠢᠩ ᠬᠠᠷ᠎ᠠ ᠶᠢ ᠪᠠᠨ ᠤᠷᠤᠯᠳᠤᠭᠤᠯᠤᠯᠠ᠃ ᠲᠡᠨᠳᠠ ᠴᠤ ᠪᠠᠰᠠ ᠬᠢᠯᠢᠩ ᠬᠠᠷ᠎ᠠ ᠮᠠᠩᠨᠠᠢ ᠳᠠᠭᠠᠨ | ᠲᠤᠭᠤᠰᠤ ᠦᠭᠡᠢ ᠬᠤᠷᠳᠤᠯᠠᠵᠤ᠂ ᠬᠤᠯᠨ ᠰᠠᠭᠠᠬᠠᠯᠳᠠ ᠶᠢᠨ ᠬᠢᠷᠢ ᠲᠠᠰᠤᠷᠬᠠᠢ ᠲᠦᠷᠦᠬᠦᠯᠡᠵᠤ ᠢᠷᠡᠬᠦ ᠳᠤ | ᠨᠠᠭᠠᠳᠤᠮᠴᠢᠳ ᠮᠠᠨ ᠤ ᠨᠤᠳᠤᠭ ᠤᠨ ᠬᠢᠨ ᠤ ᠬᠡᠯᠡᠳᠡᠭ ᠲᠡᠷᠨ ᠯᠡ ᠱᠠᠭᠰᠢᠭᠰᠠᠨ᠂ ᠭᠠᠶᠢᠬᠠᠭᠰᠠᠨ ᠦᠭᠡ ᠶᠢ | ᠬᠡᠯᠡᠵᠡᠭᠡᠨ᠂ ᠬᠢᠯᠢᠩ ᠬᠠᠷ᠎ᠠ ᠶᠢ ᠮᠠᠭᠳᠠᠨ ᠱᠤᠤᠬᠢᠵᠠᠭᠠᠯᠠ᠃ ᠰᠢᠳᠦᠯᠡᠩ᠂ ᠬᠢᠵᠠᠭᠠᠯᠠᠩ᠂ ᠰᠤᠶᠤᠭᠠᠯᠠᠩ ᠨᠠᠰᠤᠨ | ᠳᠠᠭᠠᠨ ᠬᠢᠯᠢᠩ ᠬᠠᠷ᠎ᠠ ᠤᠶᠢᠷ᠎ᠠ ᠬᠠᠪᠢ ᠶᠢᠨ ᠨᠠᠭᠠᠳᠤᠮ᠂ ᠤᠶᠠᠭ᠎ᠠ ᠰᠤᠶᠢᠯᠭᠠ ᠳᠤ ᠤᠯᠠᠭᠠᠨ ᠬᠦᠯ ᠲᠠᠢ ᠶᠢ ᠤᠷᠢᠳᠤ | ᠪᠠᠨ ᠬᠢᠰᠬᠢᠬᠦᠯᠦᠭᠰᠡᠨ ᠦᠭᠡᠢ᠃ ᠴᠤᠬᠤᠮ ᠯᠡ ᠵᠢᠷ ᠤᠨ ᠠᠳᠤᠭᠤᠰᠤ ᠪᠤᠰᠤ ᠵᠢᠬᠦᠷᠳᠤ ᠬᠦᠯᠦᠭ ᠮᠡᠳᠤ | ᠤᠷᠤᠯᠳᠤᠭᠰᠠᠨ ᠨᠠᠭᠠᠳᠤᠮ ᠪᠦᠬᠦᠨ ᠳᠡᠭᠡᠨ ᠮᠠᠩᠨᠠᠢ ᠳᠠᠭᠠᠨ ᠲᠤᠭᠤᠰᠤ ᠦᠭᠡᠢ ᠢᠷᠡᠵᠤ ᠪᠠᠶᠢᠯ᠎ᠠ᠃ ᠬᠠᠷ᠎ᠠ ᠮᠤᠷᠢᠨ ᠤ | ᠠᠴᠢ ᠪᠠᠷ ᠠᠬ᠎ᠠ ᠶᠢᠨ ᠨᠡᠷ᠎ᠠ ᠬᠦᠨᠳᠤ ᠴᠤ ᠦᠰᠴᠤ᠂ ᠴᠢᠳᠠᠯ ᠲᠠᠢ ᠰᠠᠶᠢᠨ ᠤᠶᠠᠭᠠᠴᠢ ᠶᠢᠨ ᠲᠤᠭᠠᠨ ᠳᠤ ᠪᠠᠭᠳᠠᠵᠤ | ᠂ ᠠᠯᠳᠠᠷ ᠴᠤᠤ᠂ ᠲᠦᠮᠡᠨ ᠤ ᠮᠠᠭᠳᠠᠭᠠᠯ ᠳᠤ ᠬᠦᠭᠡᠷᠦᠭᠰᠡᠨ ᠠᠬ᠎ᠠ ᠮᠠᠨᠢ ᠶᠠᠭᠤᠮ᠎ᠠ ᠯᠡ ᠪᠤᠯ᠄ ︽ᠮᠢᠨᠤ ᠬᠠᠷ᠎ᠠ | ᠮᠤᠷᠢᠨ ᠤ ᠤᠷᠢᠳᠤ ᠬᠢᠰᠬᠢᠬᠦ ᠬᠤᠷᠳᠤᠨ ᠠᠵᠢᠨᠠᠢ ᠡᠨᠡ ᠠᠶᠢᠮᠠᠭ ᠰᠤᠮᠤᠨ ᠳᠤ ᠯᠠᠪ ᠠᠯᠠᠭ᠎ᠠ᠃ ᠲᠡᠷᠨ ᠤᠯᠤᠰ ᠤᠨ | ᠨᠠᠭᠠᠳᠤᠮ ᠳᠤ ᠨᠢ ᠤᠷᠤᠯᠳᠤᠵᠤ ᠦᠵᠡᠳᠡᠭ ᠯᠡ ᠶᠤᠮ ᠦᠦ᠃ ᠲᠠᠩᠴᠢ ᠠᠳᠠ ᠠᠴᠠ ᠶᠠᠪᠤᠨ᠎ᠠ ᠬᠡᠳᠡᠭ ᠬᠤᠯᠨ ᠶᠤᠮ | ᠳ᠋ᠠ᠃ ᠲᠡᠬᠦᠨ ᠠᠴᠠ ᠮᠢᠨᠤ ᠬᠠᠷ᠎ᠠ ᠤᠯᠤᠰ ᠲᠤ ᠴᠤ ᠬᠡᠰᠡᠨ ᠲᠤᠭᠤᠰᠤ ᠦᠭᠡᠢ ᠲᠦᠷᠦᠬᠦᠯᠡᠨᠠ ᠳ᠋ᠧ︾ ᠬᠡᠮᠡᠨ | ᠴᠡᠭᠡᠵᠢ ᠬᠦᠳᠡᠯᠭᠡᠨ ᠬᠠᠩᠬᠠᠯᠵᠠᠵᠤ ᠰᠠᠭᠤᠬᠤ ᠪᠤᠯᠪᠠ᠃ ᠭᠠᠵᠠᠷ ᠭᠠᠵᠠᠷ ᠠᠴᠠ ᠴᠤᠭᠯᠠᠷᠠᠭᠰᠠᠨ ᠲᠡᠷᠨ ᠤᠯᠠᠨ | ᠬᠤᠷᠳᠤᠨ ᠰᠠᠶᠢᠬᠠᠨ ᠠᠵᠢᠨᠠᠢ ᠨᠤᠭᠤᠳ ᠲᠤᠳᠤᠷ᠎ᠠ ᠦᠪᠡᠷ ᠤᠨ ᠬᠢᠨᠢ ᠤᠶᠠᠭ᠎ᠠ ᠰᠤᠶᠢᠯᠭᠠ ᠶᠢ ᠨᠢ | ᠲᠠᠭᠠᠷᠠᠭᠤᠯᠤᠭᠰᠠᠨ ᠬᠦᠯᠦᠭ ᠬᠡᠷᠬᠢᠨ ᠲᠠᠪᠬᠢᠬᠤ ᠪᠤᠯ ᠬᠡᠮᠡᠨ ᠲᠦᠰᠦᠭᠡᠯᠡᠵᠤ ᠱᠤᠬᠤᠭᠤᠷᠬᠠᠬᠤ ᠨᠢ ᠤᠶᠠᠭᠠᠴᠢ ᠬᠦᠮᠦᠨ | ᠪᠦᠬᠦᠨ ᠤ ᠪᠤᠳᠤᠳᠠᠭ ᠪᠤᠳᠤᠯ ᠴᠤ ᠪᠠᠶᠢᠵᠤ ᠮᠡᠳᠡᠨ᠎ᠠ᠂ ᠬᠡᠬᠦ ᠳᠡᠭᠡᠨ ᠯᠡ ᠬᠡᠨᠡᠳᠳᠠ ᠤᠯᠳᠠᠭᠰᠠᠨ ᠠᠯᠳᠠᠷ ᠨᠡᠷ᠎ᠡ | ᠠᠬ᠎ᠠ ᠶᠢᠨ ᠵᠠᠩ ᠢ ᠡᠪᠳᠡᠭᠡᠳ ᠪᠠᠶᠢᠭ᠎ᠠ ᠨᠢ ᠨᠠᠳᠠᠳᠤ ᠠᠩᠵᠠᠭᠠᠷᠠᠭᠳᠠᠭᠠᠳ ᠪᠠᠶᠢᠪᠠ᠃ ᠮᠠᠭᠠᠳ ᠦᠭᠡᠢ ᠲᠡᠷᠨ ᠨᠢᠭᠡ | ᠭᠠᠶᠢᠳᠤ ᠶᠠᠪᠤᠳᠠᠯ ᠲᠤᠬᠢᠶᠠᠯᠳᠤᠭ᠎ᠠ ᠦᠭᠡᠢ ᠪᠤᠯ ᠠᠬ᠎ᠠ ᠤᠯᠤᠰ ᠤᠨ ᠨᠠᠭᠠᠳᠤᠮ ᠳᠤ ᠤᠴᠢᠬᠤ ᠲᠡᠷᠨ ᠬᠦᠰᠡᠯ | ᠮᠦᠷᠦᠭᠡᠳᠦᠯ ᠢᠶᠠᠨ ᠯᠠᠪ ᠪᠡᠶᠡᠯᠡᠬᠦᠯᠬᠦ ᠪᠠᠶᠢᠭᠰᠠᠨ ᠪᠢᠵᠠ ᠡ᠃ | ᠬᠢᠯᠢᠩ ᠬᠠᠷ᠎ᠠ ᠶᠢ ᠶᠡᠭᠡ ᠨᠠᠰᠤᠨ ᠳᠤ ᠨᠡᠶᠢᠯᠡᠭᠰᠡᠨ ᠲᠡᠷᠨ ᠵᠢᠯ ᠠᠬ᠎ᠠ ᠮᠠᠨᠢ ᠠᠨᠠᠢ ᠯᠡ ᠤᠶᠢᠷ᠎ᠠ ᠬᠠᠪᠢ ᠶᠢᠨ | ᠨᠠᠭᠠᠳᠤᠮ ᠬᠡᠰᠦᠨ᠂ ᠬᠢᠯᠢᠩ ᠬᠠᠷ᠎ᠠ ᠶᠢᠨ ᠢᠶᠠᠨ ᠬᠤᠷᠳᠤ ᠶᠢ ᠭᠠᠶᠢᠬᠠᠭᠤᠯᠵᠤ ᠶᠠᠪᠤᠯ᠎ᠠ᠃ ᠤᠶᠢᠷ᠎ᠠ ᠶᠢᠨ ᠬᠡᠳᠦᠨ | ᠰᠤᠮᠤ ᠲᠠᠶᠠᠭᠠᠷ ᠬᠢᠯᠢᠩ ᠬᠠᠷ᠎ᠠ ᠶᠢ ᠠᠨᠳᠠᠬᠤ ᠦᠭᠡᠢ ᠪᠤᠯᠤᠭᠠᠳ ᠪᠠᠶᠢᠭᠰᠠᠨ ᠦᠶ᠎ᠠ᠃ ᠲᠡᠰ ᠤᠨ ᠭᠤᠤᠯ ᠤᠨ | ᠵᠠᠭᠠᠷᠵᠠᠪ ᠤᠶᠠᠭᠠᠴᠢ ᠢᠷᠡᠵᠤ ᠬᠡᠨ᠎ᠠ ᠬᠡᠮᠡᠨ ᠲᠤᠭᠤᠯᠤᠭᠰᠠᠨ ᠬᠦᠮᠦᠰ᠄ ︽ᠵᠠ ᠡᠨᠡ ᠨᠠᠭᠠᠳᠤᠮ ᠤᠨ ᠮᠤᠷᠢᠨ ᠤ | ᠲᠦᠷᠦᠬᠦᠤ ᠯᠠᠪ ᠲᠤᠳᠤᠷᠬᠠᠢ ᠪᠤᠯᠤᠯ᠎ᠠ᠃ ᠲᠡᠰ ᠤᠨ ᠭᠤᠤᠯ ᠤᠨ ᠬᠡᠯᠳᠡᠩ ᠬᠠᠷ᠎ᠠ ᠶᠢᠨ ᠡᠮᠦᠨ᠎ᠠ ᠬᠢᠰᠬᠢᠬᠦ ᠬᠦᠯᠦᠭ | ᠪᠠᠶᠢᠬᠤ ᠦᠭᠡᠢ ᠪᠢᠵᠠ ᠳ᠋ᠧ︾ ᠬᠡᠵᠡᠭᠡᠨᠠ᠃ ᠲᠡᠰ ᠤᠨ ᠭᠤᠤᠯ ᠤᠨ ᠤᠨᠠᠭ᠎ᠠ᠂ ᠲᠡᠷᠬᠢ ᠶᠢᠨ ᠭᠤᠤᠯ ᠤᠨ ᠬᠡᠦᠭᠡᠨ | ᠭᠡᠰᠡᠨ ᠦᠭᠡ ᠶᠢᠨ ᠤᠳᠬ᠎ᠠ ᠤᠴᠢᠷ ᠢ ᠪᠦᠷᠢᠨ ᠲᠦᠬᠦᠷᠡᠩ ᠤᠶᠢᠯᠠᠭᠠᠬᠤ ᠳᠤ ᠨᠠᠰᠤ ᠮᠢᠨᠢ ᠪᠠᠯᠴᠢᠷ ᠪᠠᠶᠢᠭᠰᠠᠨ ᠴᠤ | ᠬᠡᠰᠡᠨ ᠲᠡᠰ ᠤᠨ ᠭᠤᠤᠯ ᠤᠨ ᠤᠨᠠᠭ᠎ᠠ ᠬᠡᠰᠡᠨ ᠲᠡᠷᠨ ᠦᠭᠡ ᠴᠤᠬᠤᠮ ᠯᠡ ᠬᠢᠯᠢᠩ ᠬᠠᠷ᠎ᠠ ᠳᠤ ᠵᠤᠷᠢᠭᠤᠯᠤᠭᠳᠠᠭᠰᠠᠨ | ᠮᠡᠳᠤ ᠨᠠᠳᠠᠳᠤ ᠪᠤᠳᠤᠭᠳᠠᠳᠠᠭ ᠪᠠᠶᠢᠵᠤ ᠪᠢᠯᠨ᠃ ᠵᠡᠷᠭᠡᠯᠡᠳᠡᠭᠡ ᠬᠤᠶᠠᠷ ᠰᠤᠮᠤ ᠶᠢᠨ ᠨᠠᠭᠠᠳᠤᠮ ᠳᠤ ᠤᠴᠢᠭᠰᠠᠨ ᠠᠬ᠎ᠠ | ᠮᠠᠨᠢ ᠨᠠᠢᠮᠠᠳᠤᠭᠠᠷ ᠰᠠᠷ᠎ᠠ ᠶᠢᠨ ᠡᠬᠢ ᠪᠠᠷ ᠪᠤᠯᠬᠤ ᠬᠦᠪᠰᠦᠬᠦᠯ ᠤᠨ ᠨᠢᠭᠡᠨ ᠰᠤᠮᠤ ᠶᠢᠨ ᠤᠢ ᠳᠤ ᠤᠴᠢᠬᠤ ᠪᠠᠷ | ᠵᠡᠭᠡᠵᠤ ᠡᠬᠢᠯᠡᠪᠡ᠃ ᠠᠬ᠎ᠠ ᠲᠠᠢ ᠬᠠᠮᠳᠤ ᠮᠠᠨ ᠤ ᠨᠤᠳᠤᠭ ᠤᠨ ᠬᠡᠳᠤ ᠬᠡᠳᠦᠨ ᠤᠶᠠᠭᠠᠴᠢ ᠬᠠᠮᠰᠠᠵᠤ ᠨᠢᠭᠡ ᠭᠠᠯ | ᠪᠤᠯᠤᠨ ᠶᠠᠪᠤᠬᠤ ᠪᠠᠷ ᠲᠤᠭᠳᠠᠵᠤ᠂ ᠬᠦᠪᠰᠦᠬᠦᠯ ᠤᠨ ᠨᠠᠭᠠᠳᠤᠮ ᠳᠤ ᠶᠠᠪᠤᠬᠤ ᠬᠡᠵᠤ ᠪᠠᠶᠢᠭ᠎ᠠ ᠤᠶᠠᠭᠠᠴᠢᠳ ᠤᠨ | ᠲᠤᠬᠠᠢ ᠤᠰᠤ ᠭᠤᠤᠯ ᠤᠨ ᠬᠦᠮᠦᠨ ᠵᠤᠨ ᠰᠤᠨᠢᠨ ᠪᠤᠯᠤᠨ᠄ ︽ᠵᠠ ᠤᠳᠤ ᠯᠡ ᠵᠠᠭᠠᠷᠵᠠᠪ ᠤᠶᠠᠭᠠᠴᠢ ᠶᠢᠨ ᠡᠷᠳᠡᠮ᠂ | ᠬᠡᠯᠳᠡᠩ ᠬᠠᠷ᠎ᠠ ᠶᠢᠨ ᠬᠤᠷᠳᠤ ᠬᠤᠶᠠᠷ ᠢ ᠨᠢᠭᠡ ᠰᠢᠯᠭᠠᠵᠤ ᠳ᠋ᠧ᠃ ᠡᠨᠡ ᠤᠶᠢᠷ᠎ᠠ ᠬᠠᠪᠢ ᠶᠢᠨ ᠬᠡᠳᠦᠨ ᠰᠤᠮᠤ | ᠶᠠᠭᠠᠬᠢᠬᠤᠪ᠂ ᠭᠠᠵᠠᠷ ᠰᠢᠷᠤᠢ᠂ ᠠᠭᠠᠷ ᠤᠰᠤ ᠨᠢ ᠠᠳᠠᠯᠢᠬᠠᠨ ᠬᠤᠶᠢᠨ᠎ᠠ᠃ ᠬᠠᠷᠢᠨ ᠡᠨᠡ ᠬᠠᠩᠭᠠᠢ ᠭᠠᠵᠠᠷ ᠲᠤ | ᠮᠤᠷᠢᠨ ᠤ ᠤᠶᠠᠭ᠎ᠠ ᠰᠤᠶᠢᠯᠭᠠ ᠦᠭᠡᠷᠡᠴᠢᠯᠡᠭᠳᠡᠵᠤ᠂ ᠡᠯᠡᠰᠦᠷᠭᠡᠭ ᠭᠠᠵᠠᠷ ᠶᠠᠪᠤᠵᠤ ᠰᠠᠭᠤᠭᠰᠠᠨ ᠮᠤᠷᠢ ᠬᠠᠩᠭᠠᠢ ᠶᠢᠨ | ᠬᠠᠳᠠᠭᠤ ᠬᠦᠷᠦᠰᠦᠨ ᠲᠡᠭᠡᠷ᠎ᠠ ᠤᠯᠠᠳᠠᠭᠠᠳ ᠤᠯᠢᠭᠳᠠᠢ ᠬᠤᠷᠳᠤᠯᠠᠵᠤ ᠴᠢᠳᠠᠳᠠᠭ ᠦᠭᠡᠢ᠃ ᠵᠢᠩᠬᠢᠨᠢ ᠰᠠᠶᠢᠨ ᠬᠦᠯᠦᠭ | ᠮᠥᠨ ᠪᠢᠰᠢ ᠨᠢ ᠴᠤᠬᠤᠮ ᠯᠡ ᠠᠳᠠ ᠠᠴᠠ ᠮᠡᠳᠡᠭᠳᠡᠨ᠎ᠠ ᠳ᠋ᠧ︾ ᠭᠡᠵᠡᠭᠡᠨᠠ᠃ ᠡᠶᠢᠮᠤ ᠶᠠᠷᠢᠶ᠎ᠠ ᠭᠠᠷᠤᠭᠠᠳ ᠤᠳᠠᠭ᠎ᠠ | ᠦᠭᠡᠢ ᠪᠠᠶᠢᠳᠠᠯ᠎ᠠ ᠤᠰᠤ ᠨᠤᠳᠤᠭ ᠲᠠᠶᠠᠭᠠᠷ ᠪᠠᠯᠪᠠᠷ ᠬᠤᠪᠢᠯᠭᠠᠨ ᠬᠡᠮᠡᠨ ᠠᠯᠳᠠᠷᠰᠢᠭᠰᠠᠨ ᠨᠢᠭᠡᠨ ᠮᠠᠨ ᠤ ᠳᠤ ᠢᠷᠡᠯ᠎ᠠ | ᠃ | ︽ᠦᠬᠦᠵᠤ ᠪᠠᠶᠢᠭᠰᠠᠨ ᠬᠡᠦᠭᠡᠳ ᠢ ᠤᠰᠤ ᠰᠠᠴᠤᠵᠤ ᠲᠠᠷᠨᠢᠳᠠᠭᠠᠳ ᠪᠤᠰᠬᠠᠵᠤ ᠬᠡᠨ᠎ᠠ︾᠂ ︽ᠵᠠᠮ ᠳᠤ | ᠲᠠᠭᠠᠷᠠᠭᠰᠠᠨ ᠡᠪᠡᠳᠴᠢᠳᠠᠢ ᠬᠦᠮᠦᠨ ᠢ ᠡᠷᠢᠭᠡ ᠪᠠᠷ ᠢᠶᠠᠨ ᠤᠷᠢᠶᠠᠯᠭᠠᠵᠤ ︿ᠵᠠᠶᠢᠯᠨ ᠴᠢ﹀ ᠬᠡᠮᠡᠨ ᠵᠠᠩᠨᠠᠭᠰᠠᠨ ᠴᠢᠨᠢ | ᠪᠦᠭᠡᠮ ᠬᠠᠷ᠎ᠠ ᠴᠢᠰᠤ ᠪᠠᠷ ᠪᠦᠭᠡᠯᠵᠢᠭᠡᠳ ᠡᠷᠡᠬᠦᠯ ᠪᠤᠯᠵᠤ ᠬᠡᠨ᠎ᠠ︾ ᠬᠡᠬᠦᠴᠢᠯᠡᠨ ᠪᠠᠯᠪᠠᠷ ᠬᠤᠪᠢᠯᠠᠭᠠᠨ ᠤ ᠲᠤᠬᠠᠢ | ᠦᠨᠡᠨ ᠬᠤᠳᠠᠯ ᠨᠢ ᠮᠡᠳᠡᠭᠳᠡᠬᠦ ᠦᠭᠡᠢ᠂ ᠲᠤᠮᠤᠭ ᠰᠢᠭ᠋ ᠶᠠᠷᠢᠶ᠎ᠠ ᠶᠢ ᠪᠢ ᠲᠤᠮᠤᠴᠤᠳ ᠠᠴᠠ ᠪᠢᠰᠢᠬᠦᠢ | ᠰᠤᠨᠤᠰᠤᠭᠰᠠᠨ᠃ ᠬᠡᠬᠦ ᠳᠡᠭᠡᠨ ᠮᠠᠨ ᠤ ᠨᠤᠳᠤᠭ ᠤᠨ ᠬᠢᠨ ᠲᠡᠷᠨ ᠬᠦᠮᠦᠨ ᠢ ᠲᠡᠭᠡᠳᠡᠯ᠎ᠠ ᠰᠢᠳᠤᠵᠤ ᠵᠠᠯᠪᠠᠷᠢᠵᠤ | ᠰᠦᠢᠳ ᠪᠤᠯᠳᠠᠭ ᠦᠭᠡᠢ ᠪᠠᠶᠢᠯ᠎ᠠ᠃ ᠬᠠᠷᠢᠨ ᠭᠠᠳᠠᠨ᠎ᠠ ᠠᠴᠠ ᠪᠠᠯᠪᠠᠷ ᠬᠤᠪᠢᠯᠭᠠᠨ ᠳᠤ ᠬᠦᠮᠦᠰ ᠶᠡᠭᠡᠯ᠎ᠠ ᠢᠷᠡᠳᠡᠭ᠂ | ᠵᠠᠷᠢᠮ ᠨᠢ ᠴᠤ ᠪᠠᠷᠤᠭ ᠠᠮᠢᠳᠤ ᠪᠤᠷᠬᠠᠨ ᠮᠡᠳᠤ ᠰᠢᠳᠤᠵᠤ ᠪᠢᠰᠢᠷᠡᠳᠡᠭ ᠰᠤᠷᠠᠭ ᠪᠠᠶᠢᠳᠠᠭ ᠪᠠᠶᠢᠪᠠ᠃ | ᠪᠠᠯᠪᠠᠷ ᠬᠤᠪᠢᠯᠭᠠᠨ ᠵᠤᠨᠰᠢᠯᠭᠠ᠂ ᠨᠤᠭᠤᠭ᠎ᠠ ᠴᠠᠭ᠎ᠠ᠂ ᠪᠤᠷᠤᠭᠠᠨ ᠬᠤᠷ᠎ᠠ ᠬᠡᠬᠦᠴᠢᠯᠡᠨ ᠠᠬ᠎ᠠ ᠲᠠᠢ ᠤᠶᠢᠷ᠎ᠠ | ᠵᠠᠭᠤᠷ᠎ᠠ ᠶᠢᠨ ᠶᠠᠭᠤᠮ᠎ᠠ ᠬᠦᠭᠡᠷᠴᠤ ᠰᠠᠭᠤᠭᠰᠠᠨ ᠢᠶᠠᠨ᠄ ︽ᠴᠢᠮᠠᠢᠢ ᠬᠦᠪᠰᠦᠬᠦᠯ ᠤᠷᠤᠭᠤ ᠨᠠᠭᠠᠳᠤᠮ ᠳᠤ ᠶᠠᠪᠤᠬᠤ | ᠬᠡᠵᠤ ᠪᠠᠶᠢᠭ᠎ᠠ ᠬᠡᠬᠦ ᠶᠤᠮ᠃ ᠲᠡᠭᠡᠭᠡᠳ ᠬᠡᠵᠢᠶ᠎ᠠ ᠬᠦᠳᠡᠯᠬᠦ ᠶᠤᠮ ᠪᠤᠢ ᠳ᠋ᠧ︖︾ ᠬᠡᠰᠡᠨ ᠳᠤ ᠠᠬ᠎ᠠ ᠬᠡᠰᠡᠭ | ᠵᠠᠭᠤᠷ᠎ᠠ ᠲᠠᠭ ᠴᠢᠭ᠋ ᠪᠠᠶᠢᠭᠰᠠᠨ ᠢᠶᠠᠨ ᠠᠶᠠᠭ᠎ᠠ ᠲᠠᠢ ᠠᠶᠢᠷᠠᠭ ᠢᠶᠠᠨ ᠨᠢᠭᠡ ᠠᠮᠢᠰᠬᠤᠯ ᠢᠶᠠᠷ ᠵᠠᠯᠬᠢᠴᠢᠬᠠᠭᠠᠳ᠄ ︽ | ᠬᠠᠷ᠎ᠠ ᠮᠤᠷᠢᠨ ᠤ ᠪᠠᠨ ᠴᠢᠳᠠᠯ ᠢ ᠦᠵᠡᠶ᠎ᠠ ᠯᠡ ᠬᠡᠰᠡᠨ ᠶᠤᠮ᠂ ᠤᠶᠢᠷ᠎ᠠ ᠶᠢᠨ ᠬᠡᠳᠦᠨ ᠰᠤᠮᠤᠨ ᠳᠠᠭᠠᠨ ᠴᠤ | ᠶᠠᠭᠠᠬᠢᠬᠤᠪ᠂ ᠮᠢᠨᠤ ᠬᠠᠷ᠎ᠠ ᠶᠢᠨ ᠡᠮᠦᠨ᠎ᠠ ᠬᠢᠰᠬᠢᠬᠦ ᠬᠤᠷᠳᠤᠨ ᠠᠵᠢᠨᠠᠢ ᠠᠯᠠᠭ᠎ᠠ ᠰᠢᠭ᠋ ᠪᠠᠶᠢᠨ᠎ᠠ᠃ ᠮᠠᠨ ᠤ ᠬᠢ ᠰᠢᠭ᠋ | ᠡᠯᠡᠰᠦᠷᠭᠡᠭ ᠭᠤᠪᠢ ᠨᠤᠳᠤᠭ ᠤᠨ ᠠᠳᠤᠭᠤ ᠬᠠᠩᠭᠠᠢ ᠭᠠᠵᠠᠷ ᠤᠨ ᠬᠠᠳᠠᠭᠤ ᠬᠦᠷᠦᠰᠦᠨ ᠲᠡᠭᠡᠷ᠎ᠠ ᠬᠡᠷᠬᠢᠨ | ᠬᠤᠷᠳᠤᠯᠠᠬᠤ ᠪᠤᠯ︖︾ ᠬᠡᠮᠡᠨ ᠠᠰᠠᠭᠤᠯᠳᠠ ᠶᠢ ᠠᠰᠠᠭᠤᠯᠳᠠ ᠪᠠᠷ ᠬᠠᠷᠢᠭᠤᠯᠬᠤ ᠨᠢ ᠴᠠᠭᠠᠨ᠎ᠠ ᠪᠠᠨ ᠯᠡ ᠨᠢᠭᠡ | ᠶᠠᠩᠵᠤᠳᠠᠢ ᠪᠠᠶᠢᠭ᠎ᠠ ᠪᠤᠯᠤᠯᠳᠠᠢ᠃ | ᠪᠠᠯᠪᠠᠷ ᠬᠤᠪᠢᠯᠭᠠᠨ ᠴᠤ ᠮᠥᠨ ᠵᠢᠭᠠᠬᠠᠨ ᠲᠠᠭᠤ ᠦᠭᠡᠢ ᠰᠠᠭᠤᠭᠰᠠᠨ ᠢᠶᠠᠨ᠄ ︽ᠪᠢ ᠬᠦᠮᠦᠨ ᠮᠡᠳᠡᠬᠦ ᠠᠴᠠ | ᠶᠠᠮᠠᠷ ᠮᠤᠷᠢ ᠮᠠᠯ ᠮᠡᠳᠡᠬᠦ ᠪᠢᠰᠢ ᠳ᠋ᠧ᠃ ᠬᠦᠮᠦᠰ ᠴᠢᠨᠤ ᠡᠨᠡ ᠬᠡᠯᠳᠡᠩ ᠬᠠᠷ᠎ᠠ ᠶᠢ ᠲᠡᠭᠷᠢ ᠶᠢᠨ ᠬᠦᠯᠦᠭ ᠯᠡ ᠬᠡᠵᠡᠭᠡᠬᠦ | ᠶᠤᠮ᠃ ᠪᠢ ᠴᠢᠮᠠᠢᠢ ᠤᠳᠤ ᠬᠤᠷᠢᠭᠯᠠᠭᠠᠳ ᠪᠠᠷᠤᠭ ᠲᠡᠶᠢᠯᠬᠦ ᠦᠭᠡᠢ ᠪᠢᠵᠠ᠃ ᠤᠭ ᠨᠢ ᠡᠨᠡ ᠵᠢᠯ ᠴᠢ ᠲᠡᠷᠨ | ᠨᠠᠭᠠᠳᠤᠮ ᠳᠤ ᠶᠠᠪᠤᠬᠤ ᠬᠡᠷᠡᠭ ᠦᠭᠡᠢ ᠯᠡ ᠪᠠᠶᠢᠭ᠎ᠠ ᠶᠤᠮ᠃ ᠵᠠ ᠶᠠᠭᠠᠬᠢᠬᠤᠪ᠂ ᠶᠠᠮᠠᠷ ᠨᠢᠭᠡᠨ ᠶᠠᠭᠤᠮ᠎ᠠ ᠪᠤᠯᠪᠠᠯ | ᠨᠠᠳᠠᠳᠤ ᠡᠷᠳᠡᠭᠡᠨ ᠬᠡᠯᠨ ᠦᠭᠬᠦᠭᠡᠷᠠᠢ︾ ᠬᠡᠳ ᠲᠠᠬᠢᠨ ᠨᠢᠭᠡ ᠴᠤ ᠦᠭᠡ ᠨᠡᠮᠡᠵᠤ ᠬᠡᠯᠡᠭᠰᠡᠨ ᠦᠭᠡᠢ ᠭᠠᠷᠴᠤ | ᠤᠳᠤᠯ᠎ᠠ᠃ ᠬᠤᠪᠢᠯᠭᠠᠨ ᠢ ᠶᠠᠪᠤᠭᠰᠠᠨ ᠤ ᠲᠠᠷᠠᠭ᠎ᠠ ᠡᠵᠢ ᠮᠠᠨᠢ ᠠᠬ᠎ᠠ ᠶᠢ᠄ ︽ᠪᠢᠳᠡᠭᠡᠢ ᠶᠠᠪᠤ᠂ ᠪᠠᠯᠪᠠᠷ ᠬᠤᠪᠢᠯᠭᠠᠨ | ᠵᠦᠭᠡᠷ ᠴᠤ ᠨᠢᠭᠡ ᠬᠡᠯᠡᠭᠰᠡᠨ ᠦᠭᠡᠢ ᠪᠠᠶᠢᠬᠤ ᠰᠢᠤ᠂ ᠬᠦᠪᠰᠦᠬᠦᠯ ᠬᠡᠯᠨ ᠠᠮᠠ ᠶᠡᠭᠡᠳᠠᠢ᠂ ᠪᠦᠭᠡ ᠢᠳᠤᠭᠠᠨ ᠲᠠᠢ | ᠨᠤᠳᠤᠭ ᠬᠡᠳᠡᠭ᠃ ᠬᠡᠳᠦᠨ ᠵᠢᠯ ᠳᠤ ᠭᠠᠭᠴᠨ ᠪᠤᠯᠬᠤ ᠨᠠᠭᠠᠳᠤᠮ ᠤᠨ ᠢᠶᠠᠨ ᠲᠦᠷᠦᠬᠦᠤ ᠶᠢ ᠪᠤᠰᠤᠳ ᠲᠤ ᠠᠯᠳᠠᠶ᠎ᠠ | ᠬᠡᠵᠤ ᠬᠡᠨ ᠪᠤᠳᠤᠬᠤ ᠪᠤᠢ︖ ᠶᠠᠭᠤ ᠴᠤ ᠪᠤᠯᠬᠤ ᠶᠤᠮ ᠪᠢᠯᠨ︾ ᠬᠡᠮᠡᠨ ᠬᠤᠷᠢᠭᠯᠠᠭᠰᠠᠨ ᠴᠤ ᠠᠬ᠎ᠠ ᠮᠠᠨᠢ᠄ ︽ | ᠨᠢᠭᠡᠨᠳᠠ ᠶᠠᠪᠤᠶ᠎ᠠ ᠬᠡᠳ ᠬᠦᠮᠦᠰ ᠲᠠᠢ ᠶᠠᠷᠢᠭᠠᠳ ᠲᠤᠬᠢᠷᠠᠴᠢᠬᠠᠭᠰᠠᠨ ᠬᠤᠶᠢᠨ᠎ᠠ ᠤᠳᠤ ᠶᠠᠭᠠᠬᠢᠵᠤ ᠪᠤᠯᠢᠬᠤ ᠪᠤᠢ ᠳ᠋ᠧ | ᠃ ᠲᠡᠭᠡᠭᠡᠳ ᠴᠤ ᠶᠡᠷᠤ ᠨᠢ ᠶᠠᠭᠠᠬᠢᠪᠠ ᠯᠡ ᠬᠡᠵᠤ᠂ ᠡᠷᠡᠤ ᠪᠠᠯᠪᠠᠷ ᠦᠪᠴᠢᠬᠢᠨᠡᠵᠤ ᠯᠡ ᠪᠠᠶᠢᠭ᠎ᠠ ᠪᠢᠵᠠ᠃ ᠬᠡᠳᠦᠨ | ᠬᠤᠯᠤ ᠠᠶᠢᠷᠠᠭ ᠵᠦᠭᠡᠷ ᠤᠤᠭᠤᠭᠠᠳ ᠮᠤᠷᠳᠠᠬᠤ ᠦᠭᠡᠢ᠂ ᠡᠯᠳᠡᠪ ᠶᠠᠭᠤᠮ᠎ᠠ ᠶᠠᠷᠢᠭᠠᠳ︾ ᠬᠡᠮᠡᠨ ᠲᠠᠰᠤ ᠵᠦᠷᠢᠯᠡ᠃ | ᠠᠬ᠎ᠠ ᠮᠠᠨᠢ ᠶᠠᠪᠤᠭᠠᠳ ᠰᠠᠷ᠎ᠠ ᠢᠯᠡᠬᠦᠤ ᠶᠢᠨ ᠲᠠᠷᠠᠭ᠎ᠠ ᠡᠷᠬᠢᠵᠤ ᠢᠷᠡᠯ᠎ᠠ᠃ ᠮᠤᠷᠢᠨ ᠲᠡᠭᠡᠷ᠎ᠠ ᠪᠠᠨ ᠴᠤ ᠲᠤᠭᠳᠠᠵᠤ | ᠴᠢᠳᠠᠬᠤ ᠦᠭᠡᠢ᠂ ᠬᠦᠮᠦᠨ ᠢᠶᠠᠷ ᠲᠦᠰᠢᠬᠦᠯᠦᠭᠰᠡᠨ ᠠᠮᠢᠳᠠᠨ ᠠᠷᠠᠶᠢᠬᠠᠨ ᠬᠡᠷ ᠤᠨ ᠪᠠᠷ᠎ᠠ ᠬᠠᠷᠠᠬᠤ ᠨᠢ ᠲᠡᠷᠨ᠃ | ᠬᠠᠮᠳᠤ ᠶᠠᠪᠤᠭᠰᠠᠨ ᠬᠦᠮᠦᠰ ᠤᠨ ᠶᠠᠷᠢᠬᠤ ᠨᠢ᠂ ᠶᠡᠭᠡ ᠨᠠᠰᠤᠨ ᠳᠤ ᠮᠠᠨ ᠤ ᠬᠢᠯᠢᠩ ᠬᠠᠷ᠎ᠠ ᠲᠦᠷᠦᠬᠦᠯᠡᠵᠤ᠂ ᠪᠠᠰᠠ | ᠦᠭᠡᠷ᠎ᠠ ᠨᠢᠭᠡ ᠤᠶᠠᠭᠠᠴᠢ ᠶᠢᠨ ᠦᠷᠢᠶ᠎ᠠ ᠨᠢ ᠠᠶᠢᠷᠠᠭᠳᠠᠵᠠᠢ᠃ ᠬᠤᠯᠨ ᠠᠴᠠ ᠵᠤᠷᠢᠵᠤ ᠤᠴᠢᠭᠰᠠᠨ ᠤᠶᠠᠭᠠᠴᠢᠳ | ᠶᠡᠭᠡ ᠯᠡ ᠪᠠᠶᠠᠷ ᠬᠦᠷ ᠲᠠᠢ ᠪᠤᠴᠠᠵᠤ ᠶᠠᠪᠤᠭᠰᠠᠨ ᠠᠵᠠᠢ᠃ ᠲᠡᠭᠡᠭᠰᠡᠨ ᠠᠬ᠎ᠠ ᠵᠦᠪ ᠵᠦᠭᠡᠷ ᠶᠠᠪᠤᠵᠤ ᠪᠠᠶᠢᠭᠰᠠᠨ ᠯᠡ | ᠬᠡᠨᠡᠳᠳᠠ ᠲᠠᠳᠠᠵᠤ᠂ ᠮᠤᠷᠢᠨ ᠲᠡᠭᠡᠷ᠎ᠠ ᠪᠠᠨ ᠴᠢᠭᠡ ᠰᠠᠭᠤᠬᠤ ᠨᠢ ᠪᠠᠶᠢᠳᠤᠭᠠᠢ ᠡᠭ᠍ᠴᠡᠷᠡᠵᠤ ᠴᠤ ᠴᠢᠳᠠᠬᠤ ᠦᠭᠡᠢ | ᠡᠪᠬᠡᠷᠡᠭᠰᠡᠨ ᠠᠮᠢᠳᠠᠨ ᠪᠤᠯᠴᠢᠬᠠᠭᠰᠠᠨ ᠬᠡᠨ᠎ᠠ᠃ ᠲᠡᠭᠡᠭᠡᠳ ᠯᠡ ᠬᠠᠵᠠᠭᠤ ᠠᠴᠠ ᠨᠢ ᠲᠦᠰᠢᠵᠤ ᠲᠤᠯᠵᠤ ᠶᠠᠪᠤᠵᠤ | ᠪᠠᠶᠢᠵᠤ ᠠᠪᠴᠢᠷᠠᠵᠠᠢ᠃ ᠮᠠᠷᠭᠠᠰᠢ ᠨᠢ ᠰᠤᠮᠤ ᠠᠴᠠ ᠡᠮᠴᠢ ᠢᠷᠡᠵᠤ ᠦᠵᠡᠭᠡᠳ ᠶᠠᠮᠠᠷ ᠴᠤ ᠪᠠᠶᠢᠭᠰᠠᠨ ᠡᠮᠨᠡᠯᠭᠡ | ᠤᠷᠤᠭᠤ ᠠᠪᠤᠭᠠᠳ ᠶᠠᠪᠤᠶ᠎ᠠ ᠬᠡᠮᠡᠨ ᠬᠤᠪᠴᠠᠰᠤ ᠬᠤᠨᠠᠷ ᠢ ᠨᠢ ᠪᠡᠯᠡᠳᠭᠡᠯᠭᠡᠪᠡ᠃ ᠬᠡᠳᠦᠨ ᠮᠠᠯ ᠢᠶᠠᠨ ᠤᠷᠬᠢᠬᠤ | ᠠᠷᠭ᠎ᠠ ᠦᠭᠡᠢ᠂ ᠲᠡᠭᠡᠷ᠎ᠠ ᠨᠢ ᠡᠪᠤᠯᠵᠢᠶ᠎ᠠ ᠪᠠᠭᠤᠴᠨ ᠪᠠᠨ ᠰᠡᠯᠪᠢᠬᠦ ᠠᠴᠠ ᠦᠭᠰᠦᠬᠦᠯᠦᠭᠡᠳ ᠨᠠᠮᠤᠷ ᠤᠨ ᠠᠵᠢᠯ | ᠡᠬᠢᠯᠡᠬᠦ ᠲᠦᠬᠦᠴᠢᠭᠡᠭᠰᠡᠨ ᠦᠶ᠎ᠠ ᠪᠤᠯᠬᠤᠷ ᠡᠵᠢ ᠪᠢᠳᠠ ᠬᠤᠶᠠᠷ ᠤᠨ ᠬᠡᠨ ᠬᠡᠨ ᠨᠢ ᠶᠠᠪᠤᠵᠤ ᠴᠢᠳᠠᠭᠰᠠᠨ ᠦᠭᠡᠢ᠃ | ᠬᠠᠮᠳᠤ ᠶᠠᠪᠤᠶ᠎ᠠ ᠬᠡᠰᠡᠨ ᠴᠤ ᠠᠬ᠎ᠠ ᠵᠦᠪᠰᠢᠶᠡᠷᠡᠬᠦ ᠦᠭᠡᠢ ᠪᠠᠶᠢᠭᠰᠠᠨ ᠪᠢᠵᠠ᠃ ᠲᠤᠳᠤᠷ᠎ᠠ ᠠᠴᠠ ᠨᠢᠭᠡ ᠶᠠᠭᠤᠮ᠎ᠠ | ᠲᠠᠳᠠᠭᠠᠳ ᠪᠠᠶᠢᠬᠤ ᠰᠢᠭ᠋ ᠬᠡᠮᠡᠨ ᠬᠡᠳᠡᠰᠤ ᠪᠠᠨ ᠲᠠᠷᠤᠨ ᠡᠪᠬᠡᠷᠡᠭᠰᠡᠨ ᠠᠮᠢᠳᠠᠨ ᠠᠬ᠎ᠠ ᠮᠠᠨᠢ ᠡᠮᠨᠡᠯᠭᠡ ᠶᠢᠨ ᠮᠠᠰᠢᠨ ᠳᠤ | ᠰᠠᠭᠤᠭᠠᠳ ᠶᠠᠪᠤᠬᠤ ᠳᠠᠭᠠᠨ᠄ ︽ᠵᠠ ᠴᠢ ᠲᠤᠭᠯᠠᠬᠤ ᠡᠷᠬᠡᠯᠡᠬᠦ ᠶᠢ ᠯᠡ ᠪᠤᠳᠤᠭᠠᠳ ᠪᠠᠶᠢᠪᠠ᠃ ᠡᠵᠢ ᠳᠡᠭᠡᠨ ᠰᠠᠶᠢᠨ | ᠲᠤᠰᠠᠯᠠᠵᠤ᠂ ᠡᠷ᠎ᠠ ᠬᠦᠮᠦᠨ ᠰᠢᠭ ᠤᠯᠢᠭᠳᠠᠶᠢᠬᠠᠨ ᠪᠠᠶᠢᠵᠤ ᠦᠵᠡᠭᠡᠷᠡᠢ︾ ᠬᠡᠮᠡᠨ ᠵᠠᠬᠢᠯ᠎ᠠ᠃ ᠠᠬ᠎ᠠ ᠡᠮᠨᠡᠯᠭᠡ ᠳᠤ | ᠬᠡᠳᠦ ᠬᠤᠨᠤᠭᠰᠠᠨ ᠢ ᠮᠡᠳᠡᠬᠦ ᠦᠭᠡᠢ᠂ ᠬᠡᠬᠦ ᠳᠡᠭᠡᠨ ᠶᠡᠭᠡ ᠯᠡ ᠤᠳᠠᠭᠠᠨ ᠬᠡᠪᠳᠡᠭᠰᠡᠨ ᠰᠠᠨᠠᠭᠳᠠᠨ᠎ᠠ᠃ ᠪᠡᠶ᠎ᠠ ᠨᠢ | ᠤᠯᠢᠭᠳᠠᠢ ᠰᠠᠶᠢᠵᠢᠷᠠᠭᠰᠠᠨ ᠴᠤ ᠶᠠᠭᠤᠮ᠎ᠠ ᠦᠭᠡᠢ ᠪᠤᠴᠠᠵᠤ ᠢᠷᠡᠭᠰᠡᠨ ᠶᠤᠮ᠃ ᠠᠬ᠎ᠠ ᠢᠷᠡᠭᠰᠡᠨ ᠤ ᠮᠠᠷᠭᠠᠰᠢ ᠡᠵᠢ | ᠮᠠᠨᠢ ᠨᠠᠮᠠᠢᠢ ᠪᠠᠯᠪᠠᠷ ᠬᠤᠪᠢᠯᠭᠠᠨ ᠢ ᠵᠠᠯᠠᠭᠠᠳ ᠢᠷᠡᠭᠡᠴᠢ ᠬᠡᠮᠡᠨ ᠶᠠᠪᠤᠭᠤᠯᠤᠯ᠎ᠠ᠃ ᠠᠬ᠎ᠠ ᠴᠤ ᠤᠭ ᠤᠨ ᠰᠢᠳᠦᠯᠭᠡ | ᠦᠭᠡᠢ ᠬᠦᠮᠦᠨ᠃ ︽ᠡᠷᠳᠡᠮ ᠲᠠᠢ ᠴᠢᠳᠠᠯ ᠲᠠᠢ ᠡᠮᠴᠢ ᠲᠤᠮᠴᠢ ᠨᠢ ᠦᠵᠡᠭᠡᠳ ᠡᠮᠴᠢᠯᠡᠵᠤ ᠴᠢᠳᠠᠭᠰᠠᠨ ᠦᠭᠡᠢ | ᠶᠠᠭᠤᠮ᠎ᠠ ᠶᠢ ᠡᠷᠡᠦ ᠪᠠᠯᠪᠠᠷ ᠶᠠᠭᠠᠬᠢᠵᠤ ᠡᠳᠡᠭᠡᠬᠦ ᠪᠤᠢ ᠳ᠋ᠧ︾ ᠬᠡᠮᠡᠨ ᠲᠤᠳᠤᠷ᠎ᠠ ᠪᠠᠨ ᠪᠤᠳᠤᠵᠤ ᠪᠠᠶᠢᠭᠰᠠᠨ ᠪᠠᠶᠢᠬᠤ᠂ | ᠭᠡᠪᠡᠴᠤ ᠭᠠᠳᠠᠨ᠎ᠠ ᠪᠠᠨ ᠶᠠᠭᠤᠮ᠎ᠠ ᠲᠤᠤᠭᠠᠷᠤᠭᠰᠠᠨ ᠦᠭᠡᠢ᠃ | ᠨᠠᠮᠠᠢᠢ ᠬᠢᠯᠢᠩ ᠬᠠᠷ᠎ᠠ ᠪᠠᠨ ᠤᠨᠤᠨ ᠪᠠᠯᠪᠠᠷ ᠬᠤᠪᠢᠯᠭᠠᠨ ᠤ ᠳᠤ ᠤᠴᠢᠬᠤ ᠳᠤ ᠬᠡᠵᠢᠶ᠎ᠠ ᠶᠠᠵᠢᠶᠠᠨ ᠤ ᠢᠷᠡᠨ᠎ᠠ | ᠬᠡᠵᠤ ᠮᠡᠳᠡᠴᠢᠭᠡᠭᠡᠳ ᠬᠦᠯᠢᠶᠡᠵᠤ ᠪᠠᠶᠢᠭᠰᠠᠨ ᠮᠡᠳᠤ ᠲᠡᠪᠡᠯ ᠬᠤᠪᠴᠠᠰᠤ ᠪᠠᠨ ᠡᠮᠦᠰᠦᠭᠡᠳ ᠵᠡᠭᠡᠴᠢᠭᠡᠭᠰᠡᠨ᠂ | ᠪᠤᠷᠬᠢᠭᠰᠠᠨ ᠰᠢᠷ᠎ᠠ ᠲᠠᠮᠠᠬᠢ ᠪᠠᠨ ᠬᠠᠮᠠᠷ ᠤᠷᠤᠭᠤ ᠪᠠᠨ ᠴᠢᠬᠢᠨ ᠶᠡᠭᠡ ᠯᠡ ᠶᠠᠭᠤᠮ᠎ᠠ ᠪᠤᠳᠤᠭᠰᠠᠨ ᠰᠢᠨᠵᠢᠳᠠᠢ | ᠪᠤᠳᠤᠯᠭᠠᠰᠢᠷᠠᠵᠤ ᠰᠠᠭᠤᠬᠤ ᠳᠤ ᠨᠢ ᠪᠢ ᠶᠡᠭᠡᠳᠠ ᠭᠠᠶᠢᠬᠠᠪᠠ᠃ | ᠨᠠᠮᠠᠢᠢ ᠤᠷᠤᠭᠠᠳ ᠮᠡᠨᠳᠦᠯᠡᠵᠤ᠄ ︽ᠠᠬ᠎ᠠ ᠮᠠᠨᠢ ᠡᠪᠡᠳᠦᠭᠡᠳ᠂ ᠡᠵᠢ ᠲᠠᠨ ᠢ ᠵᠠᠯᠠᠭᠠᠳ ᠢᠷ᠎ᠡ ᠬᠡᠵᠤ ᠨᠠᠮᠠᠢᠢ | ᠶᠠᠪᠤᠭᠤᠯᠤᠯ᠎ᠠ︾ ᠬᠡᠬᠦ ᠳᠤ ᠤᠭᠳᠤᠬᠠᠨ ᠴᠤ ᠲᠤᠤᠭᠠᠷᠤᠭᠰᠠᠨ ᠦᠭᠡᠢ᠃ ᠨᠢᠳᠤ ᠪᠠᠨ ᠠᠨᠢᠨ ᠮᠠᠨᠢ ᠮᠡᠭᠵᠢᠮ | ᠤᠩᠰᠢᠵᠤ ᠪᠠᠶᠢᠨ᠎ᠠ ᠦᠦ ᠬᠡᠯᠳᠠᠢ ᠬᠡᠰᠡᠭ ᠰᠠᠭᠤᠭᠠᠳ᠄ ︽ᠵᠠ ᠶᠠᠪᠤᠶ᠎ᠠ ᠳ᠋ᠠ︾ ᠬᠡᠮᠡᠨ ᠪᠤᠰᠤᠯ᠎ᠠ᠃ ᠵᠠᠮ ᠵᠠᠭᠤᠷ᠎ᠠ ᠴᠤ | ᠤᠭᠳᠤ ᠶᠠᠭᠤᠮ᠎ᠠ ᠶᠠᠷᠢᠭᠰᠠᠨ ᠦᠭᠡᠢ᠃ ᠬᠡᠷ ᠲᠤ ᠢᠷᠡᠭᠡᠳ ᠡᠵᠢ ᠶᠢᠨ ᠭᠠᠷᠭᠠᠵᠤ ᠲᠠᠯᠪᠢᠭᠰᠠᠨ ᠰᠠᠷᠬᠤᠳ ᠠᠴᠠ | ᠬᠤᠶᠠᠷ ᠲᠠᠭᠰᠢ ᠵᠠᠯᠬᠢᠯᠠᠭᠰᠠᠨ ᠢᠶᠠᠨ᠄ ︽ᠶᠡᠭᠡ ᠯᠡ ᠬᠦᠨᠳᠤ ᠪᠠᠶᠢᠨ᠎ᠠ ᠳ᠋ᠠ᠃ ᠨᠠᠳᠠᠳᠤ ᠡᠷᠳᠡᠭᠡᠨ ᠬᠡᠯᠡᠬᠦ ᠦᠭᠡᠢ᠃ | ᠪᠢ ᠴᠤ ᠡᠶᠢᠮᠤ ᠶᠠᠭᠤᠮ᠎ᠠ ᠪᠤᠯᠬᠤ ᠶᠢ ᠮᠡᠳᠡᠵᠤ ᠪᠠᠶᠢᠭᠰᠠᠨ ᠬᠢᠷᠢ ᠨᠢ ᠦᠨᠦᠭᠡᠨ ᠵᠠᠭᠤᠷ᠎ᠠ ᠮᠠᠷᠳᠠᠵᠤ ᠤᠷᠬᠢᠵᠤ︾ | ᠬᠡᠮᠡᠨ ᠭᠡᠷ ᠲᠤ ᠪᠠᠶᠢᠭ᠎ᠠ ᠬᠦᠮᠦᠰ ᠲᠤ ᠪᠢᠰᠢ᠂ ᠦᠪᠡᠷ ᠲᠡᠭᠡᠨ ᠬᠡᠯᠡᠬᠦ ᠮᠡᠳᠤ ᠨᠠᠮᠤᠭᠤᠬᠠᠨ ᠦᠬᠦᠯᠡᠭᠰᠡᠨ ᠢᠶᠠᠨ᠄ ︽ | ᠴᠢᠨᠤ ᠮᠤᠷᠢ ᠶᠢ ᠠᠪᠬᠤ ᠬᠡᠵᠤ ᠱᠠᠯᠠᠭᠰᠠᠨ ᠲᠡᠷᠨ ᠬᠦᠮᠦᠨ ᠴᠢᠨᠢ ᠲᠡᠭᠡᠭᠡᠳ ᠶᠠᠮᠠᠷᠰᠢᠤ ᠬᠦᠮᠦᠨ ᠪᠠᠶᠢᠭᠰᠠᠨ ᠶᠤᠮ ᠪᠤᠢ | ︖︾ ᠬᠡᠮᠡᠨ ᠠᠬ᠎ᠠ ᠠᠴᠠ ᠠᠰᠠᠭᠤᠯ᠎ᠠ᠃ ᠲᠦᠷᠦᠬᠦᠨ ᠠᠴᠠ ᠬᠤᠶᠢᠰᠢ ᠲᠤᠭᠤᠮᠵᠢᠷ ᠮᠠᠭᠤᠳᠠᠶᠢᠬᠠᠨ ᠬᠡᠪᠳᠡᠵᠤ | ᠪᠠᠶᠢᠭᠰᠠᠨ ᠠᠬ᠎ᠠ ᠬᠤᠪᠢᠯᠭᠠᠨ ᠤ ᠬᠡᠨᠡᠳᠳᠠ ᠡᠶᠢᠨ ᠠᠰᠠᠭᠤᠬᠤ ᠳᠤ ᠰᠤᠴᠢᠬᠤ ᠰᠢᠭ᠋ ᠪᠤᠯᠤᠭᠰᠠᠨ ᠢᠶᠠᠨ᠄ ︽ᠵᠠ | ᠪᠠᠶᠢᠵᠠ᠂ ᠲᠤᠮᠳᠠ ᠬᠢᠷᠢ ᠶᠢᠨ ᠨᠠᠰᠤᠨ ᠤ᠂ ᠪᠠᠷᠠᠭᠠᠨ ᠴᠢᠷᠠᠢ ᠲᠠᠢ ᠡᠷ᠎ᠠ ᠪᠠᠶᠢᠭᠰᠠᠨ᠃ ᠬᠢᠯᠢᠩ ᠬᠠᠷ᠎ᠠ ᠪᠠᠨ | ᠵᠠᠷᠤᠴᠢᠬᠠ ᠬᠡᠵᠤ ᠮᠥᠨ ᠴᠤ ᠶᠡᠭᠡ ᠱᠠᠯᠠᠭᠰᠠᠨ ᠳ᠋ᠠ᠃ ᠵᠠᠷᠤᠬᠤ ᠦᠭᠡᠢ ᠬᠡᠳ ᠪᠠᠶᠢᠬᠤ ᠳᠤ ᠯᠡ ᠦᠨ᠎ᠠ ᠬᠡᠯᠡᠭᠡᠳ | ᠰᠠᠭᠤᠭᠠᠳ ᠪᠠᠶᠢᠭᠰᠠᠨ᠃ ᠰᠡᠬᠦᠯ ᠳᠡᠭᠡᠨ ᠴᠤ ᠪᠦᠷ ᠠᠭᠤᠷᠯᠠᠭᠠᠳ᠂ ᠨᠠᠭᠠᠳᠤ ᠮᠤᠷᠢ ᠪᠠᠨ ᠤᠯᠠᠨ ᠵᠢᠯ | ᠬᠤᠷᠳᠤᠯᠠᠭᠤᠯᠵᠤ᠂ ᠪᠤᠰᠤᠳ ᠤᠨ ᠨᠠᠭᠠᠳᠤᠮ ᠢ ᠪᠤᠯᠢᠶᠠᠬᠤ ᠶᠢ ᠴᠢᠨᠢ ᠬᠠᠷᠠᠨ᠎ᠠ ᠬᠡᠳ ᠭᠠᠷᠤᠭᠠᠳ ᠶᠠᠪᠤᠭᠰᠠᠨ ᠰᠢᠤ︾ | ᠬᠡᠮᠡᠨ ᠰᠤᠯᠠᠬᠠᠨ ᠦᠴᠢᠯᠠ᠃ ᠪᠠᠯᠪᠠᠷ ᠬᠤᠪᠢᠯᠭᠠᠨ ᠮᠥᠨ ᠯᠡ ᠦᠪᠡᠷ ᠲᠡᠭᠡᠨ ᠦᠬᠦᠯᠡᠬᠦ ᠮᠡᠳᠤ᠄ ︽ᠠ᠂ ᠮᠥᠨ᠃ | ᠲᠡᠶᠢᠮᠤ ᠪᠤᠢ︾ ᠬᠡᠰᠡᠨ ᠢᠶᠠᠨ ᠡᠮᠦᠨᠡᠬᠢ ᠯᠤᠩᠬᠤ ᠲᠠᠢ ᠠᠴᠠ ᠪᠠᠨ ᠲᠠᠬᠢᠨ ᠨᠢᠭᠡ ᠠᠶᠠᠭᠠᠯᠠᠵᠤ ᠵᠠᠯᠬᠢᠴᠢᠬᠠᠭᠠᠳ᠄ ︽ | ᠵᠠ ᠠᠮᠢᠨ ᠤ ᠪᠠᠨ ᠤᠷᠤᠨ ᠳᠤ ᠬᠡᠯᠳᠡᠩ ᠬᠠᠷ᠎ᠠ ᠶᠢ ᠪᠠᠨ ᠯᠡ ᠦᠭᠴᠤ ᠳ᠋ᠧ᠃ ᠲᠡᠭᠡᠵᠤ ᠯᠡ ᠰᠠᠯᠬᠤ ᠦᠭᠡᠢ ᠪᠤᠯ | ᠪᠤᠯᠬᠤ ᠦᠭᠡᠢ ᠨᠢ᠃ ᠨᠡᠬᠡᠯ ᠬᠠᠳᠠᠭᠤ ᠲᠠᠢ ᠬᠦᠮᠦᠨ ᠪᠠᠶᠢᠨ᠎ᠠ︾ ᠬᠡᠬᠦ ᠨᠢ ᠲᠡᠷᠨ᠃ ᠡᠵᠢ ︽ᠬᠦᠶ᠋ᠢ ᠡ︕︾ | ᠬᠡᠮᠡᠨ ᠤᠤᠯᠭ᠎ᠠ ᠠᠯᠳᠠᠵᠤ᠂ ᠠᠬ᠎ᠠ ᠰᠤᠴᠢᠨ ᠦᠨᠳᠡᠶᠢᠭᠰᠡᠨ ᠴᠤ ᠲᠤᠤᠭᠠᠷᠤᠭᠰᠠᠨ ᠦᠭᠡᠢ᠃ ᠬᠡᠷ ᠲᠤ ᠪᠠᠯᠪᠠᠷ | ᠬᠤᠪᠢᠯᠭᠠᠨ ᠤ ᠤᠩᠰᠢᠬᠤ ᠨᠤᠮ ᠠᠴᠠ ᠦᠭᠡᠷ᠎ᠠ ᠲᠠᠭᠤ ᠴᠢᠮᠡᠭᠡ ᠦᠭᠡᠢ ᠬᠡᠰᠡᠭᠭᠡᠨ ᠬᠤᠷᠤᠮ ᠦᠩᠭᠡᠷᠡᠯ᠎ᠠ᠃ | ᠤᠳᠠᠭᠰᠠᠨ ᠴᠤ ᠦᠭᠡᠢ ᠬᠤᠪᠢᠯᠭᠠᠨ ᠨᠤᠮ ᠢᠶᠠᠨ ᠤᠩᠰᠢᠵᠤ ᠲᠠᠭᠤᠰᠤᠭᠠᠳ ᠡᠮᠦᠨᠡᠬᠢ ᠠᠶᠠᠭ᠎ᠠ ᠲᠠᠢ ᠠᠷᠢᠬᠢ | ᠤᠷᠤᠭᠤ ᠪᠠᠨ ᠪᠠᠭᠠᠬᠠᠨ ᠰᠢᠪᠰᠢᠨ ᠦᠯᠢᠶᠡᠭᠰᠡᠨ ᠢᠶᠠᠨ ᠬᠤᠷᠤᠭᠤ ᠪᠠᠨ ᠵᠠᠩᠭᠠᠨ ᠨᠠᠮᠠᠢᠢ ᠲᠠᠭᠤᠳᠠᠵᠤ᠄ ︽ᠵᠠ᠂ ᠴᠢ | ᠡᠨᠡ ᠠᠷᠢᠬᠢ ᠶᠢ ᠬᠠᠷ᠎ᠠ ᠮᠤᠷᠢᠨ ᠤ ᠪᠠᠨ ᠮᠠᠩᠨᠠᠢ ᠲᠡᠭᠡᠷ᠎ᠠ ᠲᠤᠰᠤᠯᠭᠠᠴᠢᠬᠠᠭᠠᠳ ᠢᠷ᠎ᠠ︾ ᠬᠡᠪᠡ᠃ ᠪᠢ ᠴᠤ ᠭᠠᠳᠠᠭ᠎ᠠ | ᠤᠶᠠᠭᠠᠳᠠᠢ ᠪᠠᠶᠢᠭᠰᠠᠨ ᠬᠢᠯᠢᠩ ᠬᠠᠷ᠎ᠠ ᠤᠷᠤᠭᠤ ᠪᠠᠨ ᠤᠴᠢᠵᠤ ᠬᠤᠪᠢᠯᠭᠠᠨ ᠤ ᠵᠢᠭᠠᠭᠰᠠᠨ ᠢ ᠬᠢᠭᠡᠳ ᠤᠷᠤᠵᠤ | ᠢᠷᠡᠪᠡᠯ ᠲᠡᠷᠡᠪᠡᠷ᠄ ︽ᠨᠠᠭᠠᠳᠤ ᠠᠳᠤᠭᠤ ᠪᠠᠨ ᠤᠷᠤᠢ ᠳᠠᠭᠠᠨ ᠢᠵᠢᠯᠢ ᠳᠤ ᠨᠢ ᠲᠠᠯᠪᠢᠴᠢᠬᠠᠭᠠᠷᠠᠢ︾ ᠬᠡᠰᠡᠨ ᠢᠶᠠᠨ | ᠡᠵᠢ ᠳᠤ ᠬᠠᠨᠳᠤᠨ᠄ ︽ᠵᠠ ᠪᠢ ᠴᠤ ᠢᠩᠬᠢᠭᠡᠳ ᠶᠠᠪᠤᠶ᠎ᠠ ᠳ᠋ᠠ᠃ ᠮᠠᠷᠭᠠᠰᠢ ᠠᠴᠠ ᠬᠦᠤ ᠴᠢᠨᠢ ᠵᠦᠭᠡᠷ ᠪᠤᠯᠴᠢᠬᠠᠨ᠎ᠠ | ᠡ︾ ᠬᠡᠮᠡᠨ ᠦᠬᠦᠯᠡᠪᠡ᠃ ᠤᠷᠤᠢ ᠪᠢ ᠤᠶᠢᠷᠠᠬᠠᠨ ᠶᠠᠪᠤᠭᠰᠠᠨ ᠠᠳᠤᠭᠤᠨ ᠳᠠᠭᠠᠨ ᠬᠢᠯᠢᠩ ᠬᠠᠷ᠎ᠠ ᠶᠢ ᠪᠠᠨ | ᠠᠪᠠᠴᠢᠵᠤ ᠲᠠᠯᠪᠢᠯ᠎ᠠ᠃ ᠬᠦᠮᠦᠨ ᠪᠦᠯᠨ ᠬᠦᠷᠦᠯᠴᠡᠬᠦ ᠦᠭᠡᠢ ᠤᠨᠠᠭ᠎ᠠ ᠲᠠᠯᠪᠢᠴᠢᠬᠠᠭᠰᠠᠨ ᠪᠠᠶᠢᠭᠰᠠᠨ ᠪᠤᠯᠬᠤᠷ | ᠦᠷᠯᠦᠭᠡ ᠨᠢ ᠠᠳᠤᠭᠤ ᠪᠠᠨ ᠬᠤᠷᠢᠶᠠᠬᠤ ᠬᠡᠷᠡᠭ ᠪᠠᠶᠢᠭᠰᠠᠨ ᠦᠭᠡᠢ᠃ ᠬᠡᠬᠦ ᠳᠡᠭᠡᠨ ᠯᠡ ᠪᠠᠯᠪᠠᠷ ᠬᠤᠪᠢᠯᠭᠠᠨ ᠤ | ᠠᠶᠠᠭᠯᠠᠭᠰᠠᠨ ᠢ ᠰᠠᠨᠠᠨ ᠦᠷᠯᠦᠭᠡ ᠨᠢ ᠡᠷᠳᠡ ᠭᠡᠭᠴᠢ ᠮᠤᠷᠳᠠᠵᠤ ᠠᠳᠤᠭᠤᠨ ᠳᠠᠭᠠᠨ ᠶᠠᠪᠤᠯ᠎ᠠ᠃ ︽ᠬᠢᠯᠢᠩ ᠬᠠᠷ᠎ᠠ | ᠶᠠᠭᠠᠬᠢᠭᠰᠠᠨ ᠪᠤᠯ᠂ ᠬᠤᠪᠢᠯᠭᠠᠨ ᠤ ᠬᠡᠯᠡᠭᠰᠡᠨ ᠲᠡᠷᠨ ᠦᠭᠡ ᠶᠠᠮᠠᠷ ᠤᠴᠢᠷᠳᠠᠢ ᠶᠤᠮ ᠪᠤᠯ︖︾ ᠬᠡᠰᠡᠨ ᠪᠤᠳᠤᠯ | ᠰᠦᠨᠢᠵᠢᠨ ᠮᠢᠨᠤ ᠰᠠᠨᠠᠭᠠᠨ ᠠᠴᠠ ᠭᠠᠷᠤᠭ᠎ᠠ ᠦᠭᠡᠢ᠃ ᠦᠷᠯᠦᠭᠡ ᠠᠳᠤᠭᠤᠨ ᠳᠠᠭᠠᠨ ᠲᠠᠪᠬᠢᠵᠤ ᠶᠠᠪᠤᠬᠤ ᠬᠦᠷᠳᠡᠯ᠎ᠠ | ᠡᠨᠡ ᠪᠤᠳᠤᠯ ᠨᠠᠳᠠ ᠠᠴᠠ ᠤᠭᠳᠤ ᠰᠠᠯᠤᠭᠰᠠᠨ ᠦᠭᠡᠢ᠃ ᠠᠳᠤᠭᠤᠨ ᠲᠡᠭᠡᠷ᠎ᠠ ᠪᠠᠨ ᠲᠠᠪᠬᠢᠨ ᠢᠷᠡᠪᠡᠯ ᠬᠢᠯᠢᠩ ᠬᠠᠷ᠎ᠠ | ᠤᠭᠳᠤ ᠬᠠᠷᠠᠭᠳᠠᠭᠰᠠᠨ ᠦᠭᠡᠢ᠂ ᠶᠠᠭᠠᠬᠢᠬᠤ ᠠᠷᠭ᠎ᠠ ᠦᠭᠡᠢ ᠯᠡ ᠦᠴᠦᠭᠡᠳᠦᠷ ᠤᠷᠤᠢ ᠪᠢ ᠢᠵᠢᠯᠢ ᠳᠤ ᠨᠢ ᠦᠪᠡᠷ | ᠤᠨ ᠭᠠᠷ ᠢᠶᠠᠷ ᠠᠪᠴᠢᠷᠠᠵᠤ ᠲᠠᠯᠪᠢᠭᠰᠠᠨ ᠰᠠᠨ᠃ ᠠᠳᠤᠭᠤ ᠮᠠᠨᠢ ᠲᠤᠭᠳᠠᠵᠤ ᠶᠠᠳᠠᠨ᠂ ᠨᠢᠭᠡ ᠶᠠᠭᠤᠮᠠᠨ ᠠᠴᠠ | ᠦᠷᠬᠦᠭᠰᠡᠨ ᠪᠤᠯᠤᠯᠳᠠᠢ ᠬᠠᠮᠠᠷ ᠢᠶᠠᠨ ᠲᠤᠤᠭᠠᠷᠭᠠᠨ ᠰᠤᠷᠳᠤᠯᠵᠠᠨᠠ᠃ ᠴᠢᠮᠡᠭᠡ ᠦᠭᠬᠦᠨ ᠬᠠᠰᠬᠢᠷᠴᠤ᠂ ᠠᠳᠤᠭᠤ ᠪᠠᠨ | ᠨᠢᠭᠡ ᠲᠤᠭᠤᠷᠢᠭᠠᠳ ᠪᠢ ᠠᠷᠠᠢ ᠦᠨᠳᠦᠷᠯᠢᠭ ᠭᠠᠵᠠᠷ ᠭᠠᠷᠴᠤ ᠲᠤᠷᠠᠨᠳᠠᠬᠤ ᠪᠠᠷ ᠰᠢᠢᠳᠦᠨ ᠬᠠᠵᠠᠭᠤ ᠶᠢᠨ ᠲᠤᠯᠤᠭᠠᠢ | ᠤᠷᠤᠭᠤ ᠲᠠᠪᠬᠢᠯ᠎ᠠ᠃ ᠲᠤᠯᠤᠭᠠᠢ ᠲᠡᠭᠡᠷ᠎ᠠ ᠠᠴᠠ ᠲᠤᠷᠠᠨ ᠲᠠᠯᠪᠢᠪᠠᠯ ᠪᠠᠷᠠᠭᠤᠨ ᠭᠤᠤ ᠳᠤ ᠶᠠᠮᠠᠷ ᠨᠢᠭᠡᠨ ᠠᠮᠢᠳᠠᠨ ᠤ | ᠰᠡᠭ ᠵᠡᠮ ᠪᠠᠶᠢᠭ᠎ᠠ ᠪᠤᠯᠤᠯᠳᠠᠢ᠂ ᠬᠡᠳᠦᠨ ᠬᠠᠷ᠎ᠠ ᠰᠢᠪᠠᠭᠤ ᠨᠢᠰᠦᠨ ᠪᠠᠭᠤᠨ᠎ᠠ᠃ ᠡᠷᠬᠢᠨ ᠲᠤᠭᠤᠷᠢᠨ ᠳᠤ ᠭᠠᠭᠴᠨ | ᠠᠳᠤᠭᠤ ᠬᠡᠬᠦ ᠪᠠᠷ ᠶᠠᠭᠤᠮ᠎ᠠ ᠤᠯᠵᠤ ᠬᠠᠷᠠᠭ᠎ᠠ ᠦᠭᠡᠢ ᠪᠤᠯᠬᠤᠷ ᠪᠢ ᠲᠤᠯᠤᠭᠠᠢ ᠲᠡᠭᠡᠷ᠎ᠠ ᠠᠴᠠ ᠪᠠᠭᠤᠬᠤ ᠳᠠᠭᠠᠨ | ᠲᠡᠷᠡᠬᠦ ᠬᠠᠷ᠎ᠠ ᠰᠢᠪᠠᠭᠤᠳ ᠤᠨ ᠴᠤᠭᠯᠠᠷᠠᠭᠰᠠᠨ ᠰᠡᠭ ᠢ ᠤᠴᠢᠵᠤ ᠦᠵᠡᠬᠦ ᠪᠠᠷ ᠰᠢᠢᠳᠦᠪᠡ᠃ | ᠡ ᠬᠠᠯᠠᠭ︕ ᠬᠢᠯᠢᠩ ᠬᠠᠷ᠎ᠠ ᠮᠠᠨᠢ ᠠᠵᠠᠢ᠃ ᠴᠢᠨ᠋ᠸ᠎ᠠ ᠬᠡᠳᠡᠰᠤ ᠲᠤᠳᠤᠷ᠎ᠠ ᠶᠢ ᠨᠢ ᠶᠠᠭᠤ ᠴᠤ ᠦᠯᠡᠳᠡᠭᠡᠯ | ᠦᠭᠡᠢ ᠢᠳᠡᠵᠠᠢ᠃ ᠬᠡᠬᠦ ᠳᠡᠭᠡᠨ ᠬᠠᠷ᠎ᠠ ᠰᠠᠶᠢᠬᠠᠨ ᠨᠢᠳᠤ ᠨᠢ ᠬᠠᠭᠠᠰ ᠠᠨᠢᠭᠠᠰᠤᠳᠠᠢ ᠪᠠᠶᠢᠪᠠ᠃ ᠪᠢ ᠭᠡᠷ ᠤᠷᠤᠭᠤ | ᠪᠠᠨ ᠲᠠᠪᠬᠢᠨ ᠤᠴᠢᠪᠠᠯ ᠠᠬ᠎ᠠ ᠮᠠᠨᠢ ᠮᠤᠷᠢᠨ ᠤ ᠤᠶᠠᠭᠠᠨ ᠲᠡᠭᠡᠷ᠎ᠠ ᠶᠠᠪᠤᠵᠤ ᠬᠠᠷᠠᠭᠳᠠᠨ᠎ᠠ᠃ ᠠᠬ᠎ᠠ ᠶᠢ ᠪᠠᠨ | ᠡᠳᠡᠭᠡᠷᠡᠭᠰᠡᠨ ᠢ ᠬᠠᠷᠠᠭᠠᠳ ᠬᠢᠯᠢᠩ ᠬᠠᠷ᠎ᠠ ᠶᠢᠨ ᠢᠶᠠᠨ ᠦᠯᠡᠳᠡᠭᠳᠡᠯ ᠢ ᠬᠠᠷᠠᠨ ᠲᠦᠷᠦᠭᠰᠡᠨ ᠨᠢᠯᠪᠤᠰᠤ ᠭᠤᠨᠢᠭ | ᠬᠤᠶᠠᠷ ᠠᠷᠠᠢ ᠨᠠᠮᠬᠠᠷᠠᠬᠤ ᠰᠢᠭ᠋ ᠪᠤᠯᠤᠯ᠎ᠠ᠃ ᠲᠡᠷᠨ ᠡᠳᠦᠷ ᠠᠬ᠎ᠠ ᠪᠢᠳᠠ ᠬᠤᠶᠠᠷ ᠬᠠᠮᠳᠤ ᠮᠤᠷᠳᠠᠵᠤ᠂ ᠬᠢᠯᠢᠩ ᠬᠠᠷ᠎ᠠ | ᠶᠢᠨ ᠢᠶᠠᠨ ᠪᠦᠳᠦᠨ ᠦᠯᠡᠳᠡᠭᠰᠡᠨ ᠲᠡᠯ ᠰᠡᠬᠦᠯ ᠠᠴᠠ ᠬᠡᠰᠡᠭᠭᠡᠨ ᠦᠰᠤ ᠠᠪᠴᠤ᠂ ᠡᠳᠦᠢ ᠬᠦᠷᠳᠡᠯ᠎ᠠ ᠠᠶᠢᠷᠠᠭ᠂ | ᠬᠠᠵᠠᠭᠠᠷ ᠠᠴᠠ ᠪᠤᠰᠤᠳ ᠬᠦᠯᠦᠭ ᠤᠨ ᠲᠤᠭᠤᠰᠤ ᠬᠦᠷᠭᠡᠭᠡ ᠦᠭᠡᠢ ᠠᠳᠠᠷ ᠰᠠᠶᠢᠬᠠᠨ ᠲᠤᠯᠤᠭᠠᠢ ᠶᠢ ᠨᠢ ᠬᠠᠳᠠᠭ | ᠢᠶᠠᠷ ᠤᠷᠢᠶᠠᠨ ᠦᠯᠵᠡᠶᠢᠳᠤ ᠬᠠᠶᠢᠷᠬᠠᠨ ᠤ ᠤᠷᠤᠢ ᠲᠡᠭᠡᠷᠡᠬᠢ ᠶᠡᠭᠡ ᠤᠪᠤᠭᠠᠨ ᠲᠡᠭᠡᠷ᠎ᠠ ᠵᠠᠯᠠᠯ᠎ᠠ᠃ ᠲᠡᠬᠦᠨ ᠠᠴᠠ | ᠬᠤᠶᠢᠰᠢ ᠬᠡᠳᠦᠨ ᠵᠢᠯ ᠦᠩᠭᠡᠷᠡᠵᠠᠢ᠃ ᠤᠪᠤᠭᠠᠨ ᠲᠡᠭᠡᠷᠡᠬᠢ ᠭᠠᠩᠳᠠᠵᠤ ᠤᠷᠠᠭᠳᠠᠭᠠᠳ ᠪᠠᠷᠤᠭ ᠴᠠᠭᠠᠨ ᠦᠩᠭᠡᠳᠠᠢ | ᠪᠤᠯᠤᠭᠰᠠᠨ ᠪᠦᠰᠨ ᠪᠠᠷ ᠤᠷᠢᠶᠠᠭᠰᠠᠨ ᠠᠳᠤᠭᠤᠨ ᠤ ᠲᠤᠯᠤᠭᠠᠢ ᠶᠢᠨ ᠶᠠᠰᠤ ᠶᠢ ᠬᠠᠷᠠᠭᠠᠳ ᠰᠠᠭᠤᠵᠤ ᠪᠠᠶᠢᠬᠤ | ᠳᠠᠭᠠᠨ ᠪᠢ ᠬᠢᠯᠢᠩ ᠬᠠᠷ᠎ᠠ ᠮᠤᠷᠢ ᠪᠠᠨ ᠡᠶᠢᠨ ᠲᠤᠷᠠᠰᠤᠯᠠ᠃ ᠮᠠᠭᠠᠳ ᠦᠭᠡᠢ ᠬᠢᠯᠢᠩ ᠬᠠᠷ᠎ᠠ ᠶᠢᠨ ᠮᠢᠨᠢ ᠮᠠᠩᠨᠠᠢ | ᠳᠠᠭᠠᠨ ᠲᠤᠭᠤᠰᠤ ᠬᠦᠷᠭᠡᠵᠤ ᠦᠵᠡᠭᠡ ᠦᠭᠡᠢ ᠲᠡᠷᠨ ᠠᠳᠠᠷ ᠰᠠᠶᠢᠬᠠᠨ ᠲᠡᠷᠢᠬᠦᠨ ᠴᠤ ᠶᠤᠮ ᠪᠢᠯᠨ ᠦᠦ᠃ ᠮᠠᠷᠭᠠᠰᠢ | ᠮᠠᠨ ᠤ ᠬᠢ ᠨᠠᠭᠠᠳᠤᠮ ᠳᠤ ᠤᠶᠠᠬᠤ ᠮᠤᠷᠢᠳ ᠢᠶᠠᠨ ᠪᠠᠷᠢᠨ᠎ᠠ᠃ | | ︵ᠰᠠᠴᠤᠷᠠᠯᠳᠤ ᠺᠢᠷᠢᠯ ᠠᠴᠠ ᠪᠠᠭᠤᠯᠭᠠᠪᠠ︶ | | ᠡᠬᠢ ᠰᠤᠷᠪᠤᠯᠵᠢ >>> | |