| ᠡᠪᠤᠭᠡᠨ ᠪᠠᠯᠪᠠᠷ ᠬᠠᠱᠠᠩ ᠵᠡᠭᠡᠷᠳᠠ ᠪᠠᠨ ᠡᠮᠡᠭᠡᠯᠯᠡᠵᠤ ᠬᠠᠭᠤᠴᠢᠨ ᠭᠠᠷ ᠪᠤᠭᠴᠤ ᠪᠠᠨ ᠭᠠᠨᠵᠤᠭᠠᠯᠠᠭᠠᠳ ︽ | ᠠᠢ ᠬᠦᠭᠡᠷᠦᠬᠦᠢ᠂ ᠲᠠᠩᠬᠠᠷ ᠲᠤᠯᠤᠭᠠᠢ᠂ ᠲᠠᠯᠠᠢ ᠨᠦᠬᠦᠭᠡᠰᠦᠳᠤ ᠨᠠᠷᠠ ᠮᠢᠨᠢ ᠪᠢᠳᠠ ᠭᠤᠷᠪᠠ ᠴᠤ ᠬᠦᠭ ᠨᠢ | ᠦᠩᠭᠡᠷᠡᠵᠤ ᠳ᠋ᠧ︾ ᠬᠡᠵᠤ ᠲᠤᠯᠤᠭᠠᠢ ᠰᠡᠭᠰᠤᠷᠡᠨ ᠦᠬᠦᠯᠡᠪᠡ᠃ ᠡᠮᠡᠭᠡᠨ ᠨᠢ ᠲᠠᠶᠢᠵᠠᠳᠠᠢ ᠰᠤᠮᠤ ᠠᠪᠴᠢᠷᠠᠵᠤ ᠦᠭᠬᠦ | ᠳᠡᠭᠡᠨ᠄ ︽ᠶᠠᠭᠠᠬᠢᠭᠰᠠᠨ ᠴᠤ ᠬᠢᠷᠢ ᠪᠠᠨ ᠮᠡᠳᠡᠳᠡᠭ ᠦᠭᠡᠢ ᠡᠪᠤᠭᠡᠨ ᠪᠤᠢ ᠳ᠋ᠧ ᠴᠢ᠃ ᠬᠠᠷ᠎ᠠ ᠬᠦᠷᠦᠭᠡᠰᠤ ᠨᠠᠮᠨᠠᠨᠠ | ᠬᠡᠵᠤ ᠭᠠᠭᠴᠠᠭᠠᠷ ᠢᠶᠠᠨ ᠬᠦᠪᠴᠢ ᠵᠦᠭᠯᠡᠭᠰᠡᠨ ᠠᠴᠠ ᠤᠨᠤᠨ ᠤ ᠡᠷᠬᠢ ᠪᠠᠷ ᠮᠠᠭᠤ ᠲᠡᠭᠡᠭᠡ ᠪᠠᠨ ᠴᠢᠷᠦᠭᠡᠳ | ᠬᠡᠯᠳᠦᠷᠢᠵᠤ ᠶᠠᠪᠤᠪᠠᠯ ᠠᠰᠢᠳᠠᠢ ᠦᠦ︾ ᠬᠡᠵᠠᠢ᠃ | ᠡᠪᠤᠭᠡᠨ ᠨᠢ᠄ ︽ᠲᠦᠢ ᠬᠠᠷᠠᠯᠠᠮᠠᠷ᠂ ᠡᠷ᠎ᠠ ᠬᠦᠮᠦᠨ ᠤ ᠶᠠᠪᠤᠳᠠᠯ ᠳᠤ ᠪᠢᠳᠡᠭᠡᠢ ᠤᠷᠤᠯᠴᠨ ᠬᠡᠵᠤ ᠡᠰᠨ | ᠬᠡᠯᠡᠯ᠎ᠡ ᠦᠦ ᠴᠢᠮ᠎ᠠ ᠳᠤ᠃ ᠬᠦᠪᠴᠢ ᠳᠤ ᠪᠠᠭᠠᠪᠠᠭᠠᠢ ᠤᠯᠠᠰᠢᠷᠠᠵᠤ᠂ ᠬᠠᠨᠳᠠᠭᠠᠢ ᠪᠤᠭᠤ ᠢᠳᠡᠵᠤ ᠪᠠᠶᠢᠭ᠎ᠠ ᠶᠢ | ᠰᠤᠨᠤᠰᠤᠭᠠᠳ ᠪᠢ ᠵᠦᠭᠡᠷ ᠰᠠᠭᠤᠬᠤ ᠬᠡᠷᠡᠭ ᠦᠦ︖︾ | — ︽ᠲᠠᠯ᠎ᠠ ᠬᠦᠷᠦᠭᠰᠡᠨ ᠴᠢ ᠯᠡ ᠬᠠᠷ᠎ᠠ ᠬᠦᠷᠦᠭᠡᠰᠤ ᠴᠦᠭᠡᠷᠡᠬᠦᠯᠳᠡᠭ ᠨᠢ ᠪᠤᠯᠤᠯ᠎ᠠ ᠶᠤᠮ ᠪᠢᠵᠠ ᠳ᠋ᠧ᠃ | ᠭᠠᠢ ᠪᠤᠯᠵᠤ ᠮᠤᠷᠢᠨ ᠠᠴᠠ ᠪᠠᠨ ᠤᠶᠢᠴᠢᠪᠠᠯ ᠴᠢ ᠶᠠᠭᠠᠬᠢᠬᠤ ᠶᠤᠮ ᠪᠢᠯᠨ᠃ ᠦᠮᠦᠬᠢ ᠶᠠᠰᠤ ᠴᠢᠨᠢ ᠬᠠᠭᠤᠷᠠᠢ | ᠮᠦᠴᠢᠷ ᠠᠴᠠ ᠠᠮᠠᠷᠬᠠᠨ ᠬᠤᠭᠤᠷᠠᠨ᠎ᠠ ᠰᠢᠤ ᠳ᠋ᠧ︾ | — ︽ ᠠᠩ ᠭᠦᠷᠦᠭᠡᠨ ᠳᠤ ᠮᠤᠷᠳᠠᠬᠤ ᠬᠡᠵᠤ ᠪᠠᠶᠢᠬᠤ ᠳᠤ ᠪᠡᠯᠭᠡ ᠦᠭᠡᠢ ᠶᠠᠭᠤᠮ᠎ᠠ ᠪᠤᠤ ᠲᠤᠩᠭᠤᠰ᠂ | ᠬᠦᠪᠴᠢ ᠪᠠᠷ ᠲᠡᠨᠦᠬᠦ ᠵᠠᠪ ᠲᠠᠢ ᠬᠦᠮᠦᠨ ᠨᠠᠳᠠ ᠠᠴᠠ ᠦᠭᠡᠷ᠎ᠠ ᠬᠡᠨ ᠪᠠᠶᠢᠭ᠎ᠠ ᠶᠤᠮ ᠪᠤᠢ᠃ ᠲᠦᠢ ᠬᠠᠷᠠᠯᠠᠮᠠᠷ᠂ ᠭᠡᠷ | ᠤᠨ ᠮᠤᠬᠤᠷ ᠰᠠᠬᠢᠵᠤ ᠴᠠᠢ ᠬᠦᠵᠡᠭᠡᠯᠡᠭᠰᠡᠭᠡᠷ ᠪᠠᠶᠢᠭᠠᠳ ᠬᠠᠮᠤᠭ ᠪᠡᠶ᠎ᠠ ᠮᠢᠨᠢ ᠤᠯᠴᠠᠭᠠᠷ ᠬᠦᠭᠡ ᠵᠤᠪᠠᠯᠭ᠎ᠠ ᠪᠤᠯᠵᠤ | ᠬᠦᠢᠴᠡᠯᠠ᠃ ᠠᠩᠴᠢ ᠪᠠᠯᠪᠠᠷ ᠦᠳᠡᠯᠦᠯᠠ ᠴᠤ ᠬᠡᠰᠡᠨ ᠦᠬᠦᠭᠰᠡᠨ ᠮᠢᠬ᠎ᠠ ᠪᠢᠰᠢ᠃ ᠬᠡᠭᠡᠷ᠎ᠠ ᠭᠠᠷᠴᠤ ᠬᠡᠶᠢᠮᠤᠷᠢ ᠪᠠᠨ | ᠰᠡᠷᠬᠦᠭᠡᠬᠦ ᠶᠤᠰᠤᠳᠠᠢ︾ ᠭᠡᠪᠡ᠃ | ᠡᠪᠤᠭᠡᠨ ᠴᠤᠬᠤᠮ ᠮᠤᠷᠳᠠᠬᠤ ᠦᠶ᠎ᠠ ᠳᠡᠭᠡᠨ ᠮᠠᠭᠤ ᠬᠦᠭᠰᠢᠨ ᠢᠶᠠᠨ ᠠᠷᠠᠢ ᠴᠤ ᠲᠡᠩᠳᠡᠬᠦᠯᠪᠡ ᠦᠦ ᠳ᠋ᠧ ᠬᠡᠵᠤ | ᠪᠤᠳᠤᠭᠠᠳ ᠰᠡᠳᠬᠢᠯ ᠢ ᠨᠢ ᠵᠠᠰᠠᠨ ᠵᠦᠭᠡᠯᠡᠨ ᠦᠭᠡ ᠬᠡᠯᠡᠬᠦ ᠪᠠᠷ ᠰᠢᠢᠳᠪᠡ᠃ | ᠬᠡᠰᠡᠨ ᠲᠡᠶᠢᠮᠤ ᠦᠭᠡ ᠤᠯᠤᠯ ᠦᠭᠡᠢ ᠭᠠᠶᠢᠬᠠᠰᠢ ᠲᠠᠰᠤᠷᠠᠨ ᠵᠤᠭᠰᠤᠭᠰᠠᠨ ᠢᠶᠠᠨ᠄ ︽ᠬᠦᠭᠰᠢᠨ ᠡ᠂ | ᠬᠦᠷᠡᠭᠴᠢ ᠦᠨᠢᠶᠡᠨ ᠤ ᠴᠢᠨᠢ ᠲᠡᠯᠡᠩ ᠬᠠᠪᠤᠳᠤᠭᠰᠠᠨ ᠬᠡᠯ᠎ᠠ ᠦᠦ᠂ ᠪᠢ ᠴᠢᠮ᠎ᠠ ᠳᠤ ᠪᠠᠭᠠᠪᠠᠭᠠᠢ ᠶᠢᠨ ᠰᠠᠪᠠᠷ | ᠠᠪᠴᠢᠷᠠᠭᠤᠵᠠᠢ᠂ ᠴᠢ ᠮᠠᠭᠠᠵᠢᠵᠤ ᠲᠤᠮᠨᠤᠭᠠᠷᠠᠢ︾ ᠬᠡᠵᠤ ᠠᠯᠢ ᠪᠤᠯᠬᠤ ᠪᠠᠷ ᠠᠶᠠᠳᠠᠢ ᠵᠦᠭᠡᠯᠡᠨ ᠬᠡᠯᠡᠵᠠᠢ᠃ ᠪᠠᠯᠪᠠᠷ | ᠭᠤᠸᠠᠢ ᠵᠠᠯᠠᠭᠤ ᠶᠢᠨ ᠴᠠᠭ ᠲᠤ ᠫᠤᠤ ᠡᠬᠦᠷᠦᠭᠡᠳ ᠭᠠᠷᠬᠤ ᠳᠠᠭᠠᠨ ︽ᠬᠦᠭᠰᠢᠨ ᠡ᠂ ᠴᠢ ᠲᠤᠭᠤᠭ᠎ᠠ ᠪᠠᠨ ᠲᠠᠯᠪᠢᠵᠤ | ᠪᠠᠶᠢᠭᠠᠷᠠᠢ᠃ ᠪᠢ ᠨᠢᠭᠡ ᠭᠤᠷ ᠡᠬᠦᠷᠴᠤ ᠢᠷᠡᠬᠦ ᠮᠢᠨᠢ︾ ᠬᠡᠳᠡᠭ ᠰᠡᠨ᠃ ᠪᠠᠯᠪᠠᠷ ᠰᠢᠭ᠋ ᠢᠩᠬᠢᠵᠤ ᠬᠡᠯᠡᠭᠰᠡᠨ ᠳᠡᠭᠡᠨ | ᠬᠦᠷᠳᠡᠭ ᠪᠤᠯ ᠴᠤ ᠪᠠᠷᠳᠠᠮ ᠠᠮᠠ ᠢᠯᠡᠬᠦᠳᠡᠬᠦ ᠦᠭᠡᠢ ᠰᠢᠤ ᠬᠡᠵᠤ ᠮᠠᠨ ᠤ ᠨᠤᠳᠤᠭ ᠤᠨ ᠬᠢᠨ ᠶᠠᠷᠢᠵᠠᠭᠠᠳᠠᠭ ᠪᠠᠶᠢᠯ᠎ᠠ | ᠃ | ᠠᠭᠯᠠᠭ ᠵᠡᠯᠢᠬᠦᠳ ᠭᠠᠵᠠᠷ ᠬᠦᠷᠴᠤ ᠢᠷᠡᠬᠦ ᠳᠡᠭᠡᠨ ᠡᠪᠤᠭᠡᠨ ᠤ ᠬᠡᠶᠢᠮᠤᠷᠢ ᠦᠨᠡᠭᠡᠷ ᠰᠡᠷᠬᠦᠵᠠᠢ᠃ ︽ᠠᠢ | ᠬᠦᠭᠡᠷᠦᠬᠦᠢ᠂ ᠮᠦᠩᠭᠡ ᠨᠤᠭᠤᠭᠠᠨ ᠬᠠᠩᠭᠠᠢ᠂ ᠮᠦᠩᠬᠦᠨ ᠴᠠᠭᠠᠨ ᠰᠠᠷᠢᠳᠠᠭ ᠤᠳ ᠮᠢᠨᠢ︾ ᠬᠡᠵᠤ ᠵᠠᠯᠠᠭᠤ ᠳᠠᠭᠠᠨ | ᠰᠤᠨᠤᠰᠴᠤ ᠪᠠᠶᠢᠭᠰᠠᠨ ᠪᠦᠭᠡ ᠶᠢᠨ ᠲᠠᠭᠤᠳᠠᠯᠭ᠎ᠠ ᠠᠴᠠ ᠰᠢᠪᠡᠨᠡᠭᠡᠳ ︽ᠴᠢᠨᠤ ᠡᠪᠤᠷ ᠰᠤᠭᠤᠨ ᠲᠤᠤᠷ᠎ᠠ ᠶᠠᠳᠠᠵᠤ | ᠠᠷᠪᠠᠨ ᠵᠢᠯ ᠭᠦᠷᠦᠭᠡᠯᠡᠬᠦ ᠶᠤᠮᠰᠠᠨ︾ ᠬᠡᠪᠡ᠃ | ᠭᠡᠷ ᠠᠴᠠ ᠪᠠᠨ ᠲᠠᠭᠠᠭᠤᠯᠵᠤ ᠭᠠᠷᠤᠭᠰᠠᠨ ᠬᠡᠷᠡᠮᠦᠨ ᠴᠤᠭᠤᠳᠤᠭᠤᠷ ᠬᠡᠳᠡᠭ ᠨᠤᠬᠠᠢ ᠨᠢ ᠴᠢᠨᠳᠠᠭ᠎ᠠ ᠬᠦᠭᠡᠭᠡᠳ | ᠶᠠᠪᠤᠴᠢᠬᠠᠭᠰᠠᠨ ᠦᠶ᠎ᠠ ᠳᠤ ᠡᠪᠤᠭᠡᠨ᠂ ᠤᠪᠤᠭᠤᠷ ᠬᠠᠷ᠎ᠠ ᠪᠤᠳᠠᠨ ᠲᠡᠭᠡᠷ᠎ᠠ ᠶᠡᠬᠡᠮᠰᠦᠭ ᠬᠡᠪᠳᠡᠵᠤ ᠪᠠᠶᠢᠭ᠎ᠠ ᠲᠤᠮᠤ | ᠭᠡᠭᠴᠢ ᠶᠢᠨ ᠪᠠᠭᠠᠪᠠᠭᠠᠢ ᠤᠯᠵᠤ ᠦᠵᠡᠪᠡ᠃ | ︽ᠮᠥᠨ ᠴᠤ ᠯᠤᠳᠤ ᠡᠳ᠋ ᠶᠤᠮ᠃ ᠵᠢᠩᠬᠢᠨᠢ ᠰᠢᠷ᠎ᠠ ᠮᠠᠬᠠᠢ ᠬᠡᠳᠡᠭ ᠴᠢᠨᠢ ᠡᠨᠡ ᠳ᠋ᠧ᠃ ᠲᠡᠭᠡᠭᠡᠳ ᠬᠤᠷᠢᠨ | ᠲᠦᠷᠪᠡᠳᠡᠬᠢ ᠮᠢᠨᠢ ᠪᠤᠯᠤᠨ᠎ᠠ ᠰᠢᠤ᠃ ᠲᠡᠶᠢᠮᠤ ᠡ᠂ ᠬᠤᠷᠢᠨ ᠲᠦᠷᠪᠡᠳᠡᠬᠢ ︾ ᠬᠡᠵᠤ ᠦᠬᠦᠯᠡᠨ ᠮᠤᠷᠢ ᠪᠠᠨ | ᠪᠤᠷᠭᠠᠰᠤᠨ ᠤ ᠮᠦᠴᠢᠷ ᠠᠴᠠ ᠤᠶᠠᠵᠤ᠂ ᠪᠤᠶᠢᠳᠤᠭ ᠭᠤᠳᠤᠯ ᠢᠶᠠᠨ ᠲᠠᠶᠢᠯᠵᠤ ᠬᠠᠶᠠᠭᠠᠳ ᠰᠦᠯᠵᠢᠮᠡᠯ ᠨᠤᠤᠰᠤᠨ | ᠤᠶᠢᠮᠤᠰᠤ ᠲᠠᠢ ᠬᠦᠯ ᠢᠶᠠᠨ ᠵᠦᠭᠡᠯᠡᠨ ᠭᠡᠭᠴᠢ ᠵᠦᠭᠡᠭᠡᠵᠤ ᠲᠠᠯᠪᠢᠭᠰᠠᠭᠠᠷ ᠲᠦᠬᠦᠪᠡ᠃ ᠫᠤᠤ ᠶᠢᠨ ᠲᠠᠭᠤ ᠪᠠᠷ ᠰᠢᠷ᠎ᠠ | ᠮᠠᠬᠠᠢ ᠤᠬᠤᠰᠬᠢᠨ ᠪᠤᠰᠴᠤ᠂ ᠭᠠᠵᠠᠷ ᠲᠤᠷᠬᠢᠳᠠᠯᠠ ᠬᠠᠰᠬᠢᠷᠤᠭᠰᠠᠭᠠᠷ ᠬᠠᠷ᠎ᠠ ᠡᠷᠴᠢ ᠪᠠᠷ ᠢᠶᠠᠨ ᠲᠠᠭᠠᠷᠢᠵᠤ ᠢᠷᠡᠪᠡ᠃ | ᠫᠤᠤ ᠬᠤᠶᠠᠷ ᠲᠠᠬᠢᠨ ᠲᠠᠰ ᠬᠢᠭᠰᠡᠨ ᠪᠤᠯᠪᠠᠴᠤ ᠪᠠᠭᠠᠪᠠᠭᠠᠢ ᠤᠶᠢᠴᠢᠭᠰᠠᠨ ᠦᠭᠡᠢ᠂ ᠬᠠᠷᠢᠨ ᠠᠭᠱᠠᠨ ᠵᠠᠭᠤᠷ᠎ᠠ | ᠡᠪᠤᠭᠡᠨ ᠢ ᠦᠰᠦᠯᠢᠭ ᠲᠤᠮᠤ ᠰᠠᠪᠠᠷ ᠢᠶᠠᠷ ᠢᠶᠠᠨ ᠲᠠᠷᠤᠪᠠ᠃ ᠪᠠᠯᠪᠠᠷ ᠭᠤᠸᠠᠢ ᠠᠮᠢᠰᠬᠤᠯ ᠲᠠᠪᠴᠢᠳᠠᠬᠤ ᠵᠠᠭᠤᠷ᠎ᠠ | ᠰᠤᠶᠤᠭ᠎ᠠ ᠨᠢ ᠢᠷᠵᠠᠶᠢᠭᠰᠠᠨ ᠠᠶᠤᠮᠰᠢᠭᠳᠤ ᠲᠤᠮᠤ ᠠᠮᠠᠨ ᠠᠴᠠ ᠡᠪ ᠦᠭᠡᠢ ᠮᠠᠭᠤᠬᠠᠢ ᠦᠨᠦᠷ ᠬᠠᠩᠬᠤᠯᠵᠤ ᠪᠠᠶᠢᠬᠤ | ᠶᠢ ᠮᠡᠳᠡᠷᠡᠵᠠᠢ᠃ ᠡᠨᠡ ᠬᠦᠨᠳᠤ ᠮᠦᠴᠨ ᠳᠤ ᠴᠤᠤᠳᠤ ᠠᠩᠴᠢᠨ ᠤ ᠤᠬᠠᠭᠠᠨ ᠰᠠᠮᠪᠠᠭ᠎ᠠ ᠶᠢ ᠦᠵᠡᠬᠦᠯᠵᠤ᠂ | ᠬᠢᠳᠤᠭ᠎ᠠ ᠰᠤᠭᠤᠯᠬᠤ ᠶᠢ ᠤᠷᠤᠯᠳᠤᠳᠠᠯᠠ ᠪᠠᠭᠠᠪᠠᠭᠠᠢ ᠤᠭᠵᠤᠮ ᠬᠦᠴᠦᠳᠠᠢ ᠴᠢᠷᠠᠯᠠᠭᠠᠳ ᠡᠪᠤᠭᠡᠨ ᠢ ᠤᠷᠬᠢᠵᠤ | ᠡᠷᠬᠢᠪᠡ᠃ ᠪᠡᠯᠪᠠᠷ ᠭᠤᠸᠠᠢ᠂ ᠦᠨᠳᠡᠶᠢᠵᠤ ᠬᠠᠷᠠᠪᠠᠯ ᠬᠡᠷᠡᠮᠦᠨ ᠴᠤᠭᠤᠳᠤᠭᠤᠷ ᠨᠢ ᠬᠦᠴᠦᠷᠭᠡᠭ ᠠᠷᠢᠶᠠᠳᠠᠨ ᠤ | ᠤᠭᠤᠴᠠᠨ ᠲᠡᠭᠡᠷ᠎ᠠ ᠬᠠᠴᠢᠭ ᠮᠡᠳᠤ ᠨᠠᠭᠠᠯᠳᠤᠴᠢᠬᠠᠭᠠᠳ ᠴᠢᠳᠠᠯ ᠤᠨ ᠬᠢᠷᠢ ᠪᠠᠷ ᠬᠠᠵᠠᠵᠤ᠂ ᠰᠢᠷᠬᠠᠳᠤᠭᠰᠠᠨ | ᠪᠠᠭᠠᠪᠠᠭᠠᠢ ᠲᠤᠭᠤᠰᠤ ᠮᠠᠨᠠᠷᠠᠭᠤᠯᠤᠨ ᠡᠷᠬᠢᠯᠳᠦᠵᠤ ᠪᠠᠶᠢᠯ᠎ᠠ᠃ ᠡᠨᠡ ᠦᠶ᠎ᠠ ᠪᠠᠷ ᠦᠩᠬᠦᠯᠴᠡᠭ ᠨᠢ ᠬᠠᠭᠠᠷᠠᠬᠤ | ᠰᠢᠬᠠᠭᠰᠠᠨ ᠵᠡᠭᠡᠷᠳᠠ ᠮᠤᠷᠢ᠂ ᠪᠤᠷᠭᠠᠰᠤᠨ ᠮᠦᠴᠢᠷ ᠠᠴᠠ ᠴᠤᠯᠪᠤᠭᠤᠷ ᠢᠶᠠᠨ ᠰᠤᠭᠤ ᠲᠠᠳᠠᠭᠠᠳ ᠬᠠᠷ᠎ᠠ ᠪᠤᠭᠴᠤ ᠪᠠᠨ | ᠲᠠᠯᠪᠠᠭᠠᠨᠠᠭᠤᠯᠤᠨ ᠲᠠᠪᠬᠢᠵᠤ ᠤᠳᠤᠪᠠ᠃ ᠡᠪᠤᠭᠡᠨ᠂ ᠫᠤᠤ ᠤᠷᠤᠭᠤ ᠪᠠᠨ ᠤᠬᠤᠰᠬᠢᠬᠤ ᠬᠡᠰᠡᠨ ᠴᠢᠨᠢ ᠬᠦᠯ ᠨᠢ | ᠬᠦᠨᠳᠡᠬᠦᠷᠢᠯᠡᠭᠡᠳ ᠬᠦᠳᠡᠯᠵᠤ ᠪᠤᠯᠤᠭᠰᠠᠨ ᠦᠭᠡᠢ᠃ ᠬᠡᠷᠡᠮᠦᠨ ᠴᠤᠭᠤᠳᠤᠭᠤᠷ᠂ ᠪᠠᠭᠠᠪᠠᠭᠠᠢ ᠶᠢᠨ ᠨᠢᠷᠤᠭᠤᠨ ᠠᠴᠠ | ᠦᠰᠦᠷᠴᠤ ᠪᠠᠭᠤᠩᠭᠤᠳᠠ ᠪᠠᠨ ᠪᠤᠷᠤᠭᠤᠯᠠᠨ ᠵᠢᠭᠤᠳᠠᠵᠤ᠂ ᠡᠵᠡᠨ ᠳᠡᠭᠡᠨ ᠲᠤᠯᠭᠠᠷᠠᠭᠰᠠᠨ ᠠᠶᠤᠯ ᠢ ᠬᠤᠯᠠᠳᠠᠭᠤᠯᠵᠤ | ᠴᠢᠳᠠᠯ᠎ᠠ᠃ | ᠠᠩᠴᠢᠨ ᠡᠪᠤᠭᠡᠨ ᠬᠡᠷᠡᠮᠦᠨ ᠴᠤᠭᠤᠳᠤᠭᠤᠷ ᠢᠶᠠᠨ ᠬᠦᠳᠦᠯᠦᠭᠡᠳ ᠲᠠᠶᠠᠭ ᠲᠤᠯᠵᠤ ᠤᠢ ᠲᠠᠶᠢᠭ᠎ᠠ ᠪᠠᠷ | ᠬᠡᠳᠦᠨ ᠡᠳᠦᠷ ᠮᠠᠴᠤᠯ᠎ᠠ᠃ ᠬᠦᠢᠳᠡᠨ ᠪᠤᠯᠠᠭ ᠤᠨ ᠤᠰᠤᠨ ᠠᠴᠠ ᠬᠡᠳᠡᠰᠤ ᠪᠠᠨ ᠴᠦᠳᠦᠶᠢᠳᠡᠯᠠ ᠵᠠᠯᠬᠢᠯᠠᠭᠠᠳ᠂ | ᠲᠦᠷ ᠠᠮᠤᠰᠬᠢᠬᠤ ᠵᠠᠭᠤᠷ᠎ᠠ ︽ᠪᠢ ᠶᠡᠷᠤ ᠨᠢ ᠪᠦᠬᠦ ᠨᠠᠰᠤᠨ ᠳᠠᠭᠠᠨ ᠢᠩᠬᠢᠵᠤ ᠦᠯᠦᠰᠦᠭᠰᠡᠨ ᠪᠤᠯ ᠦᠦ︾ ᠬᠡᠵᠤ | ᠪᠤᠳᠤᠪᠠ᠃ ᠠ ᠲᠠᠶᠢᠮᠤ᠂ ᠠᠷᠤᠬᠠᠩᠭᠠᠯ ᠤᠨ ᠠᠪᠠ ᠶᠢᠨ ᠲᠠᠳᠠᠯᠭᠠᠨ ᠳᠤ ᠤᠴᠢᠭᠠᠳ ᠡᠶᠢᠮᠤᠷᠬᠦ ᠪᠠᠷ ᠦᠯᠦᠰᠦᠭᠰᠡᠨ | ᠶᠤᠮ ᠪᠠᠶᠢᠨ᠎ᠠ᠃ ᠡᠬᠦᠨ ᠠᠴᠠ ᠦᠭᠡᠷ᠎ᠠ ᠤᠭᠳᠤ ᠦᠭᠡᠢ ᠬᠡᠵᠤ ᠰᠢᠪᠡᠨᠡᠪᠡ᠃ ᠬᠡᠷᠡᠮᠦᠨ ᠴᠤᠭᠤᠳᠤᠭᠤᠷ ᠶᠠᠮᠠᠷ ᠨᠢᠭᠡᠨ | ᠠᠩ ᠠᠶᠢᠰᠤᠢ ᠶᠢ ᠠᠵᠢᠭᠯᠠᠭᠰᠠᠨ ᠪᠤᠯᠤᠯᠳᠠᠢ ᠴᠢᠬᠢ ᠪᠠᠨ ᠬᠦᠳᠡᠯᠭᠡᠵᠤ ᠦᠨᠳᠡᠯᠵᠡᠪᠡ᠃ ᠪᠠᠯᠪᠠᠷ ᠭᠤᠸᠠᠢ᠂ | ᠴᠤᠭᠤᠳᠤᠭᠤᠷ ᠤᠨ ᠲᠤᠯᠤᠭᠠᠢ ᠶᠢ ᠬᠤᠷᠮᠤᠢ ᠪᠠᠷ ᠢᠶᠠᠨ ᠬᠤᠴᠢᠭᠠᠳ ᠫᠤᠤ ᠪᠠᠨ ᠪᠡᠯᠡᠳᠭᠡᠳᠡᠯᠠ ᠤᠨᠠᠩᠬᠢ ᠮᠦᠴᠢᠷ | ᠬᠤᠭᠤ ᠬᠢᠰᠬᠢᠯᠡᠭᠰᠡᠭᠡᠷ ᠨᠢᠭᠡᠨ ᠭᠠᠶᠢᠬᠠᠮᠰᠢᠭᠳᠤ ᠠᠮᠢᠳᠠᠨ ᠡᠮᠦᠨ᠎ᠠ ᠨᠢ ᠬᠦᠷᠴᠤ ᠢᠷᠡᠯ᠎ᠠ᠃ ᠰᠠᠶᠢᠬᠠᠨ ᠬᠠᠩᠭᠠᠯ ᠪᠤᠭᠤ | ᠂ ᠨᠤᠭᠤᠭᠠᠨ ᠨᠢᠳᠤ ᠪᠠᠨ ᠬᠢᠯᠠᠯᠵᠠᠭᠤᠯᠤᠨ ᠰᠤᠨᠢᠶᠠᠭᠠᠳ ᠰᠦᠭᠡᠭ ᠪᠤᠷᠭᠠᠰᠤ ᠭᠠᠮ ᠬᠠᠶᠢᠷ᠎ᠠ ᠦᠭᠡᠢ ᠮᠦᠷᠬᠦᠵᠤ | ᠡᠬᠢᠯᠡᠪᠡ᠃ | ︽ᠴᠢᠰᠤᠨ ᠡᠪᠡᠷ ᠴᠢᠨᠢ ᠵᠠᠭᠠᠳᠤᠨᠠᠵᠤ ᠪᠠᠶᠢᠭ᠎ᠠ ᠪᠢᠵᠠ ᠳ᠋ᠧ᠂ ᠭᠡᠨᠡᠭᠡᠨ ᠬᠤᠩᠭᠤᠷ ᠮᠢᠨᠢ᠂ ᠲᠤᠯᠤᠪᠤᠷ | ᠬᠤᠷᠤᠭᠤ ᠪᠠᠨ ᠬᠦᠳᠡᠯᠭᠡᠬᠦ ᠲᠡᠳᠦᠢ ᠪᠠᠷ ᠲᠤᠤᠷ᠎ᠠ ᠴᠢᠨᠢ ᠬᠡᠪᠳᠡᠬᠦᠯᠦᠭᠡᠳ᠂ ᠲᠠᠰᠤᠳᠠᠨ ᠤᠭᠳᠤᠴᠢᠨ ᠢᠳᠡᠴᠢᠭᠡᠬᠦ | ᠲᠡᠶᠢᠮᠤ ᠬᠦᠴᠦᠳᠡᠨ ᠤ ᠡᠮᠦᠨ᠎ᠠ ᠪᠠᠶᠢᠭ᠎ᠠ ᠪᠠᠨ ᠮᠡᠳᠡᠵᠤ ᠪᠠᠶᠢᠨ᠎ᠠ ᠦᠦ᠂ ᠴᠢᠨᠤ ᠤᠷᠤᠨ ᠳᠤ ᠮᠠᠭᠤ ᠤᠯᠠᠭᠠᠨᠳᠠᠢ᠂ | ᠶᠠᠳᠠᠵᠤ ᠦᠮᠡᠭᠡᠢ ᠬᠦᠷᠡᠨᠠ ᠴᠤ ᠪᠠᠶᠢᠭᠰᠠᠨ ᠪᠤᠯ︾ ᠬᠡᠵᠤ ᠦᠬᠦᠯᠡᠳᠡᠯᠠ ᠬᠡᠷᠡᠮᠦᠨ ᠴᠤᠭᠤᠳᠤᠭᠤᠷ ᠨᠢ ᠬᠤᠴᠠᠨ | ᠠᠷᠬᠢᠷᠠᠭᠠᠳ᠂ ᠰᠤᠴᠢᠭᠰᠠᠨ ᠪᠤᠭᠤ ᠬᠠᠵᠠᠭᠤ ᠶᠢᠨ ᠲᠦᠬᠦᠯ ᠤᠷᠤᠭᠤ ᠴᠤᠶᠢᠯᠤᠨ ᠬᠠᠷᠠᠶᠢᠪᠠ᠃ | ᠬᠤᠶᠠᠷ ᠬᠦᠷᠦᠭᠡᠴᠢᠨ ᠭᠤᠩᠬᠠᠨ ᠭᠠᠩᠬᠠᠨ ᠰᠠᠵᠢᠯᠠᠭᠰᠠᠭᠠᠷ ᠡᠷᠳᠡᠨ ᠤ ᠨᠢᠭᠡᠨ ᠮᠠᠷᠠ ᠶᠢᠨ ᠲᠡᠷᠭᠡᠳᠠ ᠬᠦᠷᠴᠤ | ᠢᠷᠡᠯ᠎ᠠ᠃ ᠪᠠᠯᠪᠠᠷ ᠡᠪᠤᠭᠡᠨ᠂ ᠲᠠᠭᠠᠭᠤᠯ ᠤᠨ ᠢᠶᠠᠨ ᠲᠤᠯᠤᠭᠠᠢ ᠶᠢ ᠬᠤᠷᠮᠤᠢ ᠪᠠᠷ ᠢᠶᠠᠨ ᠬᠤᠴᠢᠭᠠᠳ ᠮᠠᠷᠠ ᠰᠠᠬᠢᠵᠤ | ᠰᠦᠨᠢᠵᠢᠨ ᠰᠠᠭᠤᠵᠠᠢ᠃ ᠠᠳᠠ ᠲᠠᠢ ᠮᠠᠭᠤ ᠦᠯᠦᠰᠬᠦᠯᠡᠩ᠂ ᠠᠷᠤᠬᠠᠩᠭᠠᠯ ᠤᠨ ᠬᠢ ᠠᠴᠠ ᠯᠠᠪ ᠬᠤᠶᠠᠷ ᠲᠠᠬᠢᠨ | ᠢᠯᠡᠬᠦᠤ ᠪᠤᠯᠵᠤ ᠳ᠋ᠧ ᠬᠡᠵᠤ ᠪᠤᠳᠤᠪᠠ᠃ ᠦᠦᠷ ᠠᠴᠠ ᠡᠮᠦᠨᠡᠭᠡᠨ ᠶᠠᠮᠠᠷ ᠨᠢᠭᠡᠨ ᠠᠮᠢᠳᠠᠨ ᠤ ᠪᠠᠷ᠎ᠠ ᠲᠤᠷᠮᠤᠯᠵᠠᠬᠤ ᠳᠤ | ᠨᠤᠤᠬ᠎ᠠ ᠲᠠᠢ ᠨᠢᠳᠤ ᠪᠠᠨ ᠠᠷᠴᠢᠵᠤ ᠠᠵᠢᠭᠯᠠᠭᠰᠠᠭᠠᠷ ᠫᠤᠤ ᠪᠠᠨ ᠱᠠᠭᠠᠶᠢᠪᠠ᠃ ᠭᠠᠷ ᠨᠢ ᠴᠡᠴᠡᠷᠡᠵᠤ ᠫᠤᠤ ᠶᠢᠨ ᠬᠢᠨᠢ | ᠠᠮᠠ ᠵᠢᠩ ᠤᠨ ᠭᠤᠳᠤᠯᠢ ᠰᠢᠭ᠋ ᠰᠠᠪᠠᠯᠠᠵᠤ ᠪᠤᠢ ᠶᠢ ᠮᠡᠳᠡᠭᠡᠳ ᠲᠡᠷᠭᠡᠳᠠ ᠪᠠᠨ ᠢᠷᠡᠬᠦᠯᠵᠤ ᠪᠠᠶᠢᠵᠤ ᠲᠤᠷᠰᠢᠬᠤ ᠪᠠᠷ | ᠰᠢᠢᠳᠦᠪᠡ᠃ ᠠᠷᠬᠠᠶᠢᠵᠤ ᠲᠠᠷᠬᠠᠶᠢᠭᠰᠠᠨ ᠬᠤᠶᠠᠷ ᠬᠠᠨᠳᠠᠭᠠᠢ᠂ ᠪᠠᠷᠤᠭ ᠡᠭᠴᠨ ᠲᠡᠭᠡᠷ᠎ᠠ ᠠᠴᠠ ᠨᠢ ᠦᠩᠭᠡᠶᠢᠨ | ᠵᠤᠭᠰᠤᠬᠤ ᠳᠤ ᠡᠪᠤᠭᠡᠨ ᠰᠢᠯᠦᠰᠤ ᠪᠠᠨ ᠬᠦᠳᠬᠢᠳᠡᠯᠠ ᠵᠠᠯᠬᠢᠭᠰᠠᠨ ᠢᠶᠠᠨ ᠠᠭᠤᠷ ᠴᠢᠬᠤᠯ ᠨᠢ ᠬᠡᠨᠡᠳᠳᠠ | ᠲᠦᠷᠡᠰᠬᠢᠵᠤ᠄ ︽ᠦᠬᠦᠯ ᠢᠶᠠᠨ ᠡᠷᠢᠭᠰᠡᠨ ᠭᠠᠶᠢᠬᠠᠯ ᠤᠳ᠂ ᠨᠢᠳᠤᠨ ᠠᠴᠠ ᠲᠠᠯᠳᠠ ᠤᠷᠤ︾ ᠬᠡᠵᠤ ᠬᠠᠰᠬᠢᠷᠪᠠ᠃ | ᠲᠠᠮᠢᠷ ᠨᠢ ᠪᠠᠷᠠᠭᠳᠠᠭᠰᠠᠨ ᠡᠪᠤᠭᠡᠨ᠂ ᠰᠡᠬᠦᠯᠴᠢ ᠶᠢᠨ ᠭᠠᠭᠴᠨ ᠰᠤᠮᠤ ᠪᠠᠨ ᠭᠤᠨᠢᠭ ᠲᠠᠢ ᠪᠠᠷ ᠰᠢᠷᠳᠡᠨ᠎ᠠ᠃ | ︽ᠬᠡᠴᠢᠨᠡᠨ ᠴᠤ ᠰᠢᠪᠠᠭᠤ᠂ ᠪᠤᠷᠤ ᠬᠦᠷᠦᠭᠡᠰᠦᠨ ᠳᠤ ᠲᠤᠷᠬᠢᠪᠠ ᠳ᠋ᠠ᠃ ᠲᠡᠭᠡᠭᠡᠳ ᠰᠢᠯᠪᠤᠯᠠᠵᠤ ᠴᠤ ᠴᠢᠳᠠᠭ᠎ᠠ | ᠦᠭᠡᠢ ᠰᠢᠤ᠃ ᠲᠤᠷᠤᠶᠢᠳᠠᠯ ᠬᠡᠳᠡᠭ ᠮᠥᠨ ᠴᠤ ᠪᠡᠷᠭᠡ ᠶᠤᠮ ᠡ︾ ᠬᠡᠵᠤ ᠬᠤᠭᠤᠯᠠᠢ ᠴᠡᠴᠡᠷᠡᠬᠦᠯᠦᠨ ᠦᠬᠦᠯᠡᠪᠡ᠃ | ᠴᠤᠭ ᠰᠢᠭ᠋ ᠤᠯᠠᠶᠢᠭᠰᠠᠨ ᠨᠢᠳᠤ ᠪᠠᠨ ᠡᠷᠬᠢᠯᠳᠦᠬᠦᠯᠦᠨ᠂ ᠤᠮᠤᠭᠤᠯᠳᠤᠵᠤ ᠬᠠᠳᠠᠭᠰᠠᠨ ᠤᠷᠤᠭᠤᠯ ᠢᠶᠠᠨ ᠬᠦᠳᠡᠯᠭᠡᠵᠤ | ᠦᠬᠦᠶᠦ᠂ ᠠᠮᠢᠳᠤᠷᠠᠶᠦ ᠬᠡᠵᠤ ᠪᠤᠳᠤᠭᠰᠠᠨ ᠢᠶᠠᠨ᠂ ︽ᠠᠮᠢᠳᠤᠷᠠᠬᠤ ᠶᠤᠰᠤᠳᠠᠢ᠂ ᠶᠠᠭᠠᠬᠢᠯ᠎ᠠ ᠬᠡᠵᠤ ᠦᠬᠦᠬᠦ | ᠪᠢᠯᠨ︾ ᠬᠡᠳ ᠬᠠᠰᠬᠢᠷᠤᠨ ᠪᠤᠰᠬᠤ ᠬᠡᠰᠡᠨ ᠨᠢ ᠰᠤᠬᠤᠷ ᠨᠤᠮᠤᠨ ᠤ ᠰᠢᠷᠤᠢ ᠡᠮᠬᠦᠭᠡᠳ ᠤᠶᠢᠴᠢᠵᠠᠢ ᠁ | ᠠᠮᠢᠰᠬᠤᠭᠠᠳᠠᠨ ᠤᠭᠤᠬᠢᠯᠠᠭᠰᠠᠨ ᠮᠤᠷᠢᠳ ᠤᠨ ᠬᠠᠮᠠᠷ᠂ ᠲᠤᠯᠤᠭᠠᠢ ᠲᠡᠭᠡᠷ᠎ᠠ ᠨᠢ ᠫᠠᠷᠴᠢᠬᠢᠨᠠᠵᠤ᠂ ᠬᠦᠴᠦᠷᠭᠡᠭ | ᠬᠡᠳᠦᠨ ᠭᠠᠷ ᠡᠪᠤᠭᠡᠨ ᠢ ᠬᠡᠢ ᠳᠤ ᠡᠷᠬᠦᠨ ᠠᠪᠤᠪᠠ᠃ ᠪᠠᠯᠪᠠᠷ ᠭᠤᠸᠠᠢ ᠨᠢᠳᠤ ᠪᠠᠨ ᠠᠯᠭᠤᠷ ᠨᠡᠭᠡᠭᠡᠵᠤ᠂ ᠲᠤᠯᠤᠭᠠᠢ | ᠰᠡᠭᠰᠦᠷᠡᠨ᠄ ︽ᠲᠠ ᠨᠠᠷ ᠶᠠᠯᠢᠮ ᠦᠭᠡᠢ ᠬᠤᠵᠢᠮᠳᠠᠵᠤ ᠳ᠋ᠧ᠃ ᠲᠠᠩᠴᠢ ᠶᠠᠯᠢᠮ ᠦᠭᠡᠢ︾ ᠬᠡᠬᠦ ᠳᠤ ᠨᠢ ︽ᠮᠤᠷᠢ | ᠴᠢᠨᠢ ᠰᠠᠶ᠋ᠢ ᠤᠴᠢᠭᠰᠠᠨ ᠰᠢᠤ ᠳ᠋ᠧ᠂ ᠲᠡᠭᠡᠭᠡᠳ ᠯᠡ ᠪᠢᠳᠠ ᠬᠤᠵᠢᠮᠳᠠᠴᠢᠬᠠᠯᠠ᠃ ᠬᠡᠰᠡᠨ ᠴᠦ ᠲᠠᠨ ᠢ ᠪᠠᠨ ᠠᠮᠢᠳᠤ | ᠮᠡᠨᠳᠤ ᠲᠡᠭᠡᠷ᠎ᠠ ᠴᠢᠨᠢ ᠤᠯᠤᠭᠰᠠᠨ ᠳᠠᠭᠠᠨ ᠪᠢᠳᠠ ᠪᠠᠶᠠᠷᠳᠠᠢ ᠪᠠᠶᠢᠨ᠎ᠠ᠃︾ ᠬᠡᠵᠤ ᠴᠠᠭᠠᠳᠤᠤᠯ ᠨᠢ ᠬᠠᠷᠢᠭᠤᠯᠪᠠ᠃ | ᠪᠠᠯᠪᠠᠷ ᠡᠪᠤᠭᠡᠨ ᠠᠷᠪᠠᠭᠠᠳ ᠬᠤᠨᠤᠭ ᠬᠡᠪᠳᠡᠭᠡᠳ ᠲᠡᠩᠭᠡᠷᠡᠵᠤ ᠪᠢᠯᠨ᠃ ︽ᠲᠤᠷᠠᠵᠤ ᠦᠬᠦᠬᠦ ᠶᠢᠨ ᠲᠤᠶᠢᠯ | ᠳᠤ ᠬᠦᠷᠴᠢᠭᠡᠭᠡᠳ ᠪᠠᠶᠢᠵᠤ ᠬᠠᠵᠠᠭᠤ ᠳᠤ ᠪᠠᠨ ᠢᠷᠡᠭᠰᠡᠨ ᠬᠠᠨᠳᠠᠭᠠᠢ ᠶᠢ ᠪᠤᠴᠠᠭᠠᠨ᠎ᠠ ᠬᠡᠳᠡᠭ ᠴᠢᠨᠢ ᠮᠥᠨ ᠴᠦ | ᠭᠠᠶᠢᠬᠠᠯᠳᠠᠢ ᠬᠡᠷᠡᠭ᠂ ᠦᠬᠦᠬᠦ ᠨᠢ ᠪᠠᠶᠢᠨ᠎ᠠ ᠰᠢᠤ ᠳ᠋ᠧ᠃ ᠰᠡᠪᠡᠰᠦᠨ ᠲᠡᠭᠡᠷ᠎ᠠ ᠴᠢᠨᠢ ᠤᠬᠢᠯᠠᠬᠤ ᠦᠷ᠎ᠠ ᠠᠴᠢ ᠦᠭᠡᠢ | ᠰᠠᠨ ᠪᠤᠯ ᠪᠠᠰᠠ ᠴᠤ ᠶᠠᠭᠠᠬᠢᠶ᠎ᠠ ᠬᠡᠬᠦᠪ︾ ᠬᠡᠵᠤ ᠡᠮᠡᠭᠡᠨ ᠨᠢ ᠬᠠᠳᠠᠭᠤ ᠵᠢᠮᠡᠯᠡᠵᠠᠢ᠃ ᠡᠪᠤᠭᠡᠨ᠂ ᠨᠢᠳᠤᠷᠭ᠎ᠠ ᠰᠢᠭ᠋ | ᠲᠤᠮᠤ ᠮᠤᠳᠤᠨ ᠭᠠᠩᠰᠠ ᠪᠠᠷ ᠢᠶᠠᠨ ᠲᠤᠬᠢᠵᠤ ᠵᠠᠩᠭᠠᠨ ᠰᠦᠷᠳᠡᠬᠦᠯᠦᠭᠡᠳ᠄ ︽ᠲᠦᠢ ᠬᠠᠷᠠᠯᠠᠮᠠᠷ᠂ ᠲᠦᠷᠤ ᠶᠢᠨ | ᠬᠠᠤᠯᠢ ᠬᠡᠳᠡᠭ ᠴᠢᠨᠢ ᠪᠠᠯᠪᠠᠷ ᠤᠨ ᠠᠮᠢ ᠲᠠᠢ ᠰᠠᠴᠠᠭᠤ ᠶᠤᠮ ᠦᠦ᠂ ᠪᠢ ᠦᠯᠦᠰᠦᠪᠡᠯ ᠵᠦᠷᠢᠴᠡᠨᠠ ᠬᠡᠵᠤ ᠲᠡᠷᠨ | ᠬᠠᠤᠯᠢ ᠶᠢ ᠴᠢᠨᠢ ᠪᠠᠳᠤᠯᠠᠭ᠎ᠠ ᠦᠭᠡᠢ᠃ ᠲᠠᠬᠢᠭᠠᠳ ᠢᠩᠬᠢᠵᠤ ᠪᠤᠤ ᠲᠤᠤᠭᠠᠷ︕︾ ᠬᠡᠵᠠᠢ᠃ | | ︵ᠰᠠᠴᠤᠷᠠᠯᠳᠤ ᠺᠢᠷᠢᠯ ᠠᠴᠠ ᠪᠠᠭᠤᠯᠭᠠᠪᠠ︶ | | | ᠡᠬᠢ ᠰᠤᠷᠪᠤᠯᠵᠢ >>> | | |