ᠮᠤᠩᠭᠤᠯ ᠤᠨ ᠡᠷᠳᠡᠨ ᠤ ᠤᠳᠬ᠎ᠠ ᠵᠤᠬᠢᠶᠠᠯ ᠤᠨ ᠰᠤᠷᠪᠤᠯᠵᠢ ᠪᠢᠴᠢᠭ ᠤᠨ ᠰᠤᠲᠤᠯᠤᠯ ᠳᠤ ᠮᠦᠡᠭᠭᠡ ᠲᠠᠭᠤᠷᠢᠰᠤᠭᠲᠠᠬᠤ ᠠᠯᠲᠠᠷ
ᠨᠡᠶᠢᠲᠡᠯᠡᠭᠰᠡᠨ ᠴᠠᠭ᠄
2019/12/17
        ᠰᠡᠳᠦᠪ ᠤᠨ ᠢᠷᠡᠯᠳᠡ᠄ ᠤᠷᠴᠢᠮᠬᠠᠨ᠂ ᠲᠡᠮᠦᠷᠪᠠᠭᠠᠨ᠎ᠠ ᠫᠷᠣᠹᠧᠰᠰᠣᠷ ᠤᠨ ᠨᠠᠰᠤ ᠨᠥᠭᠴᠢᠭᠰᠡᠨ ᠨᠢᠬᠡ ᠵᠢᠯ ᠤᠨ ᠣᠢ ᠶᠢ ᠳᠤᠷᠠᠳᠬᠠᠭᠰᠠᠨ ᠵᠢᠭᠠᠨ ᠰᠣᠷᠭᠠᠯᠲᠠ ᠪᠠ ᠡᠷᠳᠡᠮ ᠰᠢᠨᠵᠢᠯᠡᠬᠡᠨ ᠤ ᠰᠤᠳᠤᠯᠤᠨ ᠶᠠᠷᠢᠯᠴᠠᠬᠤ ᠬᠤᠷᠠᠯ ᠦᠪᠦᠷ ᠮᠣᠩᠭᠤᠯ ᠤᠨ ᠪᠠᠭᠰᠢ ᠶᠢᠨ ᠶᠡᠭᠡ ᠰᠣᠷᠭᠠᠭᠤᠯᠢ ᠳᠤ ᠶᠠᠪᠤᠭᠳᠠᠯ᠎ᠠ᠃ ᠬᠤᠷᠠᠯ ᠤᠨ ᠨᠡᠬᠡᠬᠡᠯᠳᠡ ᠶᠢᠨ ᠶᠤᠰᠤᠯᠠᠯ ᠳᠤ ︽ᠳᠡᠮᠦᠷᠪᠠᠭᠠᠨ᠎ᠠ ᠫᠷᠦᠹᠧᠰᠰᠤᠷ ᠤᠨ ᠬᠢᠳᠠᠳ ᠮᠤᠩᠭᠤᠯ ᠦᠬᠦᠯᠡᠯ ᠤᠨ ᠳᠡᠬᠦᠪᠦᠷᠢ︾᠎ ᠶᠢ ᠠᠩᠬ᠎ᠠ ᠳᠠᠷᠬᠠᠭᠠᠵᠠᠢ᠃ ᠲᠤᠰ ᠤᠲᠠᠭᠠᠨ ᠤ ᠰᠤᠳᠤᠯᠤᠨ ᠶᠠᠷᠢᠯᠴᠠᠬᠤ ᠬᠤᠷᠠᠯ ᠳᠤ ᠤᠷᠤᠨ ᠤ ᠳᠤᠳᠤᠨ᠎ᠠ ᠭᠠᠳᠠᠨᠠᠬᠢ ᠶᠡᠭᠡ ᠲᠡᠭᠡᠳᠦ ᠰᠤᠷᠭᠠᠭᠤᠯᠢ ᠠᠴᠠ ᠬᠦᠷᠦᠯᠴᠡᠨ ᠢᠷᠡᠭᠰᠡᠨ ᠲᠡᠮᠦᠷᠪᠠᠭᠠᠨ᠎ᠠ ᠪᠠᠭᠰᠢ ᠶᠢᠨ ᠠᠵᠢᠯ ᠨᠢᠭᠡᠲᠡᠳ ᠪᠠ ᠲᠡᠭᠦᠨ ᠤ ᠬᠠᠨᠢ ᠨᠥᠬᠦᠳ ᠬᠠᠶᠢᠷᠠᠲᠤ ᠰᠤᠷᠤᠭᠴᠢᠳ ᠨᠢ ᠬᠤᠷᠠᠨ ᠴᠤᠭᠯᠠᠷᠠᠵᠤ᠂ ᠲᠡᠮᠦᠷᠪᠠᠭᠠᠨ᠎ᠠ ᠪᠠᠭᠰᠢ ᠶᠢ ᠳᠤᠷᠠᠰᠤᠨ ᠰᠠᠨᠠᠭᠠᠯᠵᠠᠬᠤ ᠶᠢᠨ ᠬᠠᠮᠲᠤ ᠲᠡᠭᠦᠨ ᠤ ᠡᠷᠳᠡᠮ ᠰᠢᠨᠵᠢᠯᠡᠭᠡᠨ ᠤ ᠦᠢᠯᠡᠰ ᠪᠦᠲᠦᠭᠡᠯ ᠢ ᠨᠢ ᠦᠨᠡᠯᠡᠨ ᠶᠠᠷᠢᠯᠴᠠᠵᠤ᠂ ︽ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠳᠤ 40 ᠭᠠᠷᠤᠢ ᠵᠢᠯ ᠠᠵᠢᠯᠯᠠᠬᠤ ᠳᠠᠭᠠᠨ ᠲᠡᠮᠦᠷᠪᠠᠭᠠᠨ᠎ᠠ ᠫᠷᠤᠹᠧᠰᠰᠤᠷ ᠡᠷᠳᠡᠮ ᠰᠢᠨᠵᠢᠯᠡᠭᠡᠨ᠂ ᠵᠢᠭᠠᠨ ᠰᠤᠷᠭᠠᠯᠲᠠ ᠶᠢᠨ ᠠᠵᠢᠯ ᠢᠶᠠᠨ ᠨᠠᠷᠢᠨ ᠨᠢᠮᠪᠠᠢ᠂ ᠰᠢᠷᠭᠠᠭᠤ ᠬᠠᠳᠠᠭᠤᠵᠢᠯᠲᠠᠢ ᠪᠡᠶᠡᠯᠡᠭᠦᠯᠵᠦ᠂ ᠴᠢᠲᠠᠪᠦᠷᠢᠲᠠᠨ ᠬᠦᠮᠦᠵᠢᠭᠦᠯᠬᠦ ᠪᠠ ᠡᠷᠳᠡᠮ ᠰᠢᠨᠵᠢᠯᠡᠭᠡᠨ ᠳᠡᠭᠡᠨ ᠰᠢᠮᠳᠠᠵᠤ᠂ ᠦᠪᠡᠷ ᠤᠨ ᠤᠶᠤᠨ ᠤᠬᠠᠭᠠᠨ᠂ ᠬᠦᠴᠦᠨ ᠴᠢᠳᠠᠯ ᠢᠶᠠᠨ ᠪᠦᠷ ᠦᠨᠳᠦᠰᠦᠲᠡᠨ ᠤ ᠰᠤᠷᠭᠠᠨ ᠬᠦᠮᠦᠵᠢᠯ ᠤᠨ ᠦᠢᠯᠡᠰ ᠲᠤ ᠡᠷᠭᠦᠵᠡᠢ︾ ᠬᠡᠮᠡᠨ ᠦᠨᠡᠯᠡᠵᠡᠬᠡᠪᠡ᠃          ᠴ᠊᠂ ᠬᠡᠰᠢᠭᠳᠦᠭ᠌ᠳᠠᠬᠤ᠄ ︵ᠲᠦᠪ ᠤᠨ ᠦᠨᠳᠦᠰᠦᠳᠡᠨ ᠤ ᠶᠡᠭᠡ ᠰᠤᠷᠭᠠᠭᠤᠯᠢ ᠶᠢᠨ ᠫᠷᠦᠹᠧᠰᠰᠤᠷ︶          ᠪᠢ ᠳᠡᠮᠦᠷᠪᠠᠭᠠᠨ᠎ᠠ ᠫᠷᠦᠹᠧᠰᠰᠤᠷ ᠲᠠᠢ 30 ᠵᠢᠯ ᠤᠨ ᠡᠮᠦᠨ᠎ᠡ ᠳᠠᠨᠢᠯᠴᠠᠭᠰᠠᠨ ᠪᠢᠯᠡ᠃ 1988 ᠤᠨ ᠳᠤ ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠳᠤ ᠠᠩᠬᠠᠳᠤᠭᠠᠷ ᠬᠤᠭᠤᠴᠠᠭᠠᠨ ᠤ ︽ᠮᠤᠩᠭᠤᠯ ᠤᠨ ᠨᠢᠭᠤᠴᠠ ᠳᠤᠪᠴᠢᠶᠠᠨ︾᠎ ᠤ ᠤᠯᠠᠨ ᠤᠯᠤᠰ ᠤᠨ ᠡᠷᠳᠡᠮ ᠰᠢᠨᠵᠢᠯᠡᠬᠡᠨ ᠤ ᠬᠤᠷᠠᠯ ᠬᠤᠷᠠᠯᠳᠤᠬᠤ ᠳᠤ ᠤᠳᠬ᠎ᠠ ᠵᠤᠬᠢᠶᠠᠯ ᠤᠨ ᠳᠤᠭᠤᠢᠢᠯᠠᠩ ᠳᠤ ᠪᠢᠳᠡ ᠬᠠᠮᠳᠤ ᠪᠠᠷ ᠤᠷᠤᠯᠴᠠᠬᠰᠠᠨ ᠶᠤᠮ᠂ ᠲᠤᠬᠠᠢ ᠶᠢᠨ ᠦᠶ᠎ᠡ ᠳᠤ ᠮᠢᠨᠦ ᠦᠬᠦᠯᠡᠯ ᠪᠤᠯ ︽︿ᠮᠤᠩᠭᠤᠯ ᠤᠨ ᠨᠢᠭᠤᠴᠠ ᠳᠤᠪᠴᠢᠶᠠᠨ﹀᠎ ᠤ ᠬᠢᠳᠠᠳ ᠪᠠᠷ ᠬᠡᠪᠯᠡᠯ ᠤᠨ ᠳᠤᠪᠴᠢ︾᠂ ᠳᠡᠮᠦᠷᠪᠠᠭᠠᠨ᠎ᠠ ᠫᠷᠦᠹᠧᠰᠰᠤᠷ ᠤᠨ ᠦᠬᠦᠯᠡᠯ ᠪᠤᠯ ᠰᠢᠨ᠎ᠡ ᠪᠠᠷ ᠢᠯᠡᠷᠡᠬᠦᠯᠦᠭᠰᠡᠨ ᠮᠠ ᠢᠤᠢ ᠲᠠᠩ ᠤᠨ ᠠᠷᠪᠠᠨ ᠳᠠᠪᠤᠨ ᠪᠦᠯᠦᠭᠳᠤ ︽ᠶᠤᠸᠠᠨ ᠤᠯᠤᠰ ᠤᠨ ᠨᠢᠭᠤᠴᠠ ᠳᠤᠪᠴᠢᠶᠠᠨ︾᠎ ᠤ ᠪᠢᠴᠢᠮᠡᠯ ᠡᠬᠢ ᠶᠢᠨ ᠳᠤᠬᠠᠢ ᠦᠬᠦᠯᠡᠭᠰᠡᠨ ᠳᠤᠯᠠ ᠮᠦᠨ ᠪᠠᠷ ᠬᠡᠪᠯᠡᠯ ᠤᠨ ᠠᠰᠠᠭᠤᠳᠠᠯ ᠢ ᠰᠤᠳᠤᠯᠤᠭᠰᠠᠨ ᠪᠠᠶᠢᠨ᠎ᠠ᠃ ᠰᠤᠳᠤᠯᠤᠨ ᠶᠠᠷᠢᠯᠴᠠᠬᠤ ᠶᠠᠪᠤᠴᠠ ᠳᠤ ᠤᠯᠠᠮ ᠢᠶᠠᠷ ᠳᠠᠨᠢᠯᠴᠠᠵᠤ᠂ ᠶᠡᠷᠡᠬᠡᠳ ᠤᠨ ᠤ ᠡᠬᠢ ᠪᠠᠷ ᠤᠯᠤᠰ ᠤᠨ ︽9.5︾ ᠨᠡᠶᠢᠬᠡᠮ ᠤᠨ ᠰᠢᠨᠵᠢᠯᠡᠬᠦ ᠤᠬᠠᠭᠠᠨ ᠤ ᠭᠤᠤᠯᠳᠠᠯᠭᠠᠳᠤ ᠲᠦᠷᠦᠯ ᠵᠦᠢᠯ — ︽ᠮᠤᠩᠭᠤᠯ ᠦᠨᠳᠦᠰᠦᠳᠡᠨ ᠤ ᠤᠳᠬ᠎ᠠ ᠵᠤᠬᠢᠶᠠᠯ ᠤᠨ ᠳᠡᠦᠬᠡ︾᠎ ᠶᠢᠨ ᠨᠠᠶᠢᠷᠠᠭᠤᠯᠬᠤ ᠠᠵᠢᠯ ᠳᠤ ᠤᠷᠤᠯᠴᠠᠵᠤ ᠡᠬᠡ ᠨᠤᠤᠷᠠᠭ ᠢᠶᠠᠨ ᠬᠢᠨᠠᠨ ᠶᠠᠷᠢᠯᠴᠠᠳᠠᠭ ᠪᠠᠶᠢᠯ᠎ᠠ᠂ ᠪᠢ ᠮᠤᠩᠭᠤᠯ ᠤᠨ ᠡᠷᠳᠡᠨ ᠤ ᠤᠷᠠᠨ ᠵᠤᠬᠢᠶᠠᠯ ᠤᠨ ᠳᠤᠬᠠᠢ᠂ ᠳᠡᠷᠡ ᠡᠷᠳᠡᠨ ᠤ ᠮᠤᠩᠭᠤᠯ ᠵᠤᠬᠢᠶᠠᠯᠴᠢᠳ ᠤᠨ ᠬᠢᠳᠠᠳ ᠤᠷᠠᠨ ᠵᠤᠬᠢᠶᠠᠯ ᠤᠨ ᠳᠤᠬᠠᠢ ᠨᠠᠶᠢᠷᠠᠭᠤᠯᠤᠨ ᠪᠢᠴᠢᠬᠦ ᠡᠬᠦᠷᠬᠡ ᠲᠠᠢ ᠪᠠᠶᠢᠯ᠎ᠠ᠃ 30 ᠵᠢᠯ ᠳᠤ᠂ ᠳᠡᠮᠦᠷᠪᠠᠭᠠᠨ᠎ᠠ ᠫᠷᠦᠹᠧᠰᠰᠤᠷ ᠮᠤᠩᠭᠤᠯ ᠤᠨ ᠡᠷᠳᠡᠨ ᠤ ᠤᠳᠬ᠎ᠠ ᠵᠤᠬᠢᠶᠠᠯ ᠤᠨ ᠰᠤᠷᠪᠤᠯᠵᠢ ᠰᠤᠳᠤᠯᠤᠯ ᠤᠨ ᠳᠠᠯ᠎ᠠ ᠪᠠᠷ ᠰᠢᠷᠭᠠᠭᠤ ᠬᠠᠳᠠᠭᠤᠵᠢᠯᠳᠠᠢ ᠠᠵᠢᠯᠯᠠᠵᠤ᠂ ᠮᠤᠩᠭᠤᠯ ᠤᠨ ᠡᠷᠳᠡᠨ ᠤ ᠤᠳᠬ᠎ᠠ ᠵᠤᠬᠢᠶᠠᠯ ᠤᠨ ᠰᠤᠷᠪᠤᠯᠵᠢ ᠰᠤᠳᠤᠯᠤᠯ ᠤᠨ ᠡᠩᠨᠡᠬᠡᠨ ᠤ ᠨᠢᠬᠡᠨ ᠦᠶ᠎ᠠ ᠶᠢᠨ ᠠᠯᠳᠠᠷᠳᠤ ᠪᠠᠭᠰᠢ ᠪᠤᠯᠤᠭᠰᠠᠨ ᠶᠤᠮ᠃ ᠳᠡᠬᠦᠨ ᠤ ︽ᠡᠷᠳᠡᠨ ᠤ ᠮᠤᠩᠭᠤᠯ ᠵᠤᠬᠢᠶᠠᠯᠴᠢᠳ ᠤᠨ ᠬᠢᠳᠠᠳ ᠬᠡᠯᠡᠨ ᠤ ᠵᠤᠬᠢᠶᠠᠯ ᠪᠦᠳᠦᠬᠡᠯ ᠤᠨ ᠰᠢᠯᠭᠠᠨ ᠮᠠᠭᠠᠳᠯᠠᠯᠳᠠ︾ ︵ᠬᠢᠳᠠᠳ︶᠂ ︽ᠮᠤᠩᠭᠤᠯ ᠤᠨ ᠨᠢᠭᠤᠴᠠ ᠳᠤᠪᠴᠢᠶᠠᠨ ᠤ ᠰᠤᠷᠪᠤᠯᠵᠢ ᠪᠢᠴᠢᠭ ᠪᠠᠷ ᠬᠡᠪᠯᠡᠯ ᠤᠨ ᠰᠤᠳᠤᠯᠤᠯ︾᠂ ︽ᠮᠤᠩᠭᠤᠯ ᠤᠨ ᠡᠷᠳᠡᠨ ᠤ ᠵᠠᠩ ᠦᠢᠯᠡ ᠶᠢᠨ ᠳᠤᠬᠠᠢ ᠬᠢᠳᠠᠳ ᠰᠤᠷᠪᠤᠯᠵᠢᠰ ᠤᠨ ᠳᠡᠮᠳᠡᠭᠯᠡᠯ ᠤᠳ ᠤᠨ ᠡᠮᠬᠢᠳᠬᠡᠯ ᠳᠠᠶᠢᠯᠪᠤᠷᠢ︾᠂ ︽ᠮᠤᠩᠭᠤᠯ ᠤᠨ ᠨᠢᠭᠤᠴᠠ ᠳᠤᠪᠴᠢᠶᠠᠨ ᠤ ᠰᠤᠷᠪᠤᠯᠵᠢ ᠪᠢᠴᠢᠭ ᠪᠠᠷ ᠬᠡᠪᠯᠡᠯ ᠤᠨ ᠰᠢᠯᠭᠠᠨ ᠮᠠᠭᠠᠳᠯᠠᠯᠳᠠ︾ ︵ᠬᠢᠳᠠᠳ︶ ᠵᠡᠷᠬᠡ ᠡᠷᠳᠡᠮ ᠰᠢᠨᠵᠢᠯᠡᠬᠡᠨ ᠤ ᠳᠤᠰᠬᠠᠢ ᠨᠤᠮ 4 ᠪᠠᠶᠢᠵᠤ᠂ ᠨᠠᠶᠢᠷᠠᠭᠤᠯᠤᠨ ᠬᠡᠪᠯᠡᠬᠦᠯᠦᠭᠰᠡᠨ ᠨᠤᠮ 5 ᠪᠠᠶᠢᠵᠤ᠂ ᠡᠷᠳᠡᠮ ᠰᠢᠨᠵᠢᠯᠡᠬᠡᠨ ᠤ ᠦᠬᠦᠯᠡᠯ 80 ᠭᠠᠷᠤᠢ ᠨᠡᠶᠢᠳᠡᠯᠡᠬᠦᠯᠵᠡᠢ᠃ ᠤᠯᠤᠰ ᠤᠨ ᠨᠡᠶᠢᠬᠡᠮ ᠤᠨ ᠰᠢᠨᠵᠢᠯᠡᠬᠦ ᠤᠬᠠᠭᠠᠨ ᠤ ᠰᠠᠭᠤᠷᠢ ᠮᠦᠩᠬᠦᠨ ᠤ 3 ᠲᠦᠰᠦᠪ ᠢ ᠳᠠᠭᠠᠭᠠᠨ ᠠᠪᠴᠤ ᠪᠡᠶᠡᠯᠡᠬᠦᠯᠵᠡᠢ᠃          ᠫᠷᠦᠹᠧᠰᠰᠤᠷ ᠳᠡᠮᠦᠷᠪᠠᠭᠠᠨ᠎ᠠ ᠮᠤᠩᠭᠤᠯ ᠤᠨ ᠡᠷᠳᠡᠨ ᠤ ᠤᠳᠬ᠎ᠠ ᠵᠤᠬᠢᠶᠠᠯ ᠢ ᠤᠳᠠᠭᠠᠨ ᠵᠢᠯ ᠵᠢᠭᠠᠵᠤ ᠰᠤᠳᠤᠯᠤᠭᠰᠠᠨ ᠢᠶᠠᠷ ᠪᠠᠷᠠᠬᠤ ᠦᠬᠡᠢ ︽ᠮᠤᠩᠭᠤᠯ ᠤᠨ ᠨᠢᠭᠤᠴᠠ ᠳᠤᠪᠴᠢᠶᠠᠨ︾᠎ ᠤ ᠲᠤᠬᠠᠢ ᠰᠤᠳᠤᠯᠭᠠᠨ ᠴᠤ ᠲᠤᠪᠤᠶᠢᠮ᠎ᠠ ᠠᠮᠵᠢᠯᠳᠠ ᠲᠠᠢ᠃ ᠳᠡᠷᠡ᠂ ᠭᠠᠷᠴᠠᠭ ᠵᠦᠢ᠂ ᠪᠠᠷ ᠬᠡᠪᠯᠡᠯ ᠤᠨ ᠤᠬᠠᠭᠠᠨ ᠳᠤ ᠪᠤᠯᠪᠠᠰᠤᠷᠠᠩᠭᠤᠢ᠂ ᠤᠯᠤᠰ ᠤᠨ ᠳᠤᠳᠤᠭᠠᠳᠤ ᠶᠢᠨ ᠰᠤᠷᠪᠤᠯᠵᠢ ᠪᠢᠴᠢᠭ ᠤᠨ ᠬᠠᠳᠠᠭᠠᠯᠠᠭᠳᠠᠵᠤ ᠪᠠᠶᠢᠭ᠎ᠠ ᠪᠠᠶᠢᠳᠠᠯ ᠢ ᠳᠤᠳᠤᠷᠬᠠᠢ ᠮᠡᠳᠡᠳᠡᠭ ᠃ 1986 ᠤᠨ ᠠᠴᠠ ︽ᠮᠤᠩᠭᠤᠯ ᠤᠨ ᠨᠢᠭᠤᠴᠠ ᠳᠤᠪᠴᠢᠶᠠᠨ︾᠎ ᠤ ᠪᠠᠷ ᠬᠡᠪᠯᠡᠯ ᠢ ᠰᠤᠳᠤᠯᠵᠤ ᠡᠬᠢᠯᠡᠭᠰᠡᠨ ᠢᠶᠠᠨ ᠪᠢᠴᠢᠮᠡᠯ ᠡᠬᠡ᠂ ᠪᠠᠷ ᠬᠡᠪᠯᠡᠯ ᠢ ᠴᠤᠭᠯᠠᠭᠤᠯᠬᠤ ᠠᠵᠢᠯ ᠢᠶᠠᠨ ᠡᠬᠢᠯᠡᠬᠦᠯᠵᠦ᠂ 30 ᠭᠠᠷᠤᠢ ᠵᠢᠯ ᠪᠤᠯᠵᠠᠢ᠃ ᠮᠠ ᠢᠤᠢ ᠲᠠᠩ ᠤᠨ ᠪᠢᠴᠢᠮᠡᠯ ᠡᠬᠡ᠂ ᠬᠠᠷᠠᠴᠢᠨ ᠸᠠᠩ ᠤᠨ ᠤᠷᠳᠤᠨ ᠤ ᠪᠢᠴᠢᠮᠡᠯ ᠡᠬᠡ ᠪᠤᠯᠤᠨ ᠲᠦ᠋ ᠵᠢᠢ ᠶᠢᠨ ᠪᠢᠴᠢᠮᠡᠯ ᠡᠬᠡ ᠶᠢ ᠰᠢᠨ᠎ᠡ ᠪᠠᠷ ᠤᠯᠤᠭᠰᠠᠨ ᠨᠢ ︽ᠮᠤᠩᠭᠤᠯ ᠤᠨ ᠨᠢᠭᠤᠴᠠ ᠳᠤᠪᠴᠢᠶᠠᠨ︾᠎ ᠤ ᠬᠢᠳᠠᠳ ᠪᠠᠷ ᠬᠡᠪᠯᠡᠯ ᠤᠨ ᠡᠬᠦᠰᠦᠯ ᠢᠷᠡᠯ ᠢ ᠰᠤᠳᠤᠯᠬᠤ ᠳᠤ ᠰᠢᠨ᠎ᠡ ᠰᠤᠷᠪᠤᠯᠵᠢ ᠮᠠᠲ᠋ᠧᠷᠢᠶᠠᠯ ᠬᠠᠩᠭᠠᠭᠰᠠᠨ ᠪᠠᠶᠢᠨ᠎ᠠ᠃ ᠳᠡᠬᠦᠨ ᠤ ︽ᠮᠠ ᠢᠤᠢ ᠲᠠᠩ ᠤᠨ 15 ᠪᠤᠳᠢᠳᠤ ︿ᠮᠤᠩᠭᠤᠯ ᠤᠨ ᠨᠢᠭᠤᠴᠠ ᠳᠤᠪᠴᠢᠶᠠᠨ﹀᠎ ᠤ ᠬᠠᠭᠤᠯᠪᠤᠷᠢ︾᠂ ︽ᠬᠠᠷᠠᠴᠢᠨ ᠴᠢᠨ ᠸᠠᠩ ᠤᠨ ᠤᠷᠳᠤᠨ ᠤ ︿ᠮᠤᠩᠭᠤᠯ ᠤᠨ ᠨᠢᠭᠤᠴᠠ ᠳᠤᠪᠴᠢᠶᠠᠨ ﹀᠎ ᠤ ᠬᠠᠭᠤᠯᠪᠤᠷᠢ ᠵᠢᠴᠢ ᠳᠡᠬᠦᠨ ᠤ ᠡᠷᠳᠡᠮ ᠰᠢᠨᠵᠢᠯᠡᠬᠡᠨ ᠤ ᠠᠴᠢ ᠬᠤᠯᠪᠤᠭᠳᠠᠯ︾ ᠵᠡᠷᠬᠡ ᠦᠬᠦᠯᠡᠯ ᠨᠢ ᠨᠡᠶᠢᠳᠡᠯᠡᠭᠳᠡᠭᠰᠡᠨ ᠤ ᠳᠠᠷᠠᠭ᠎ᠠ᠂ ᠡᠷᠳᠡᠮ ᠰᠢᠨᠵᠢᠯᠡᠬᠡᠨ ᠤ ᠳᠤᠮᠳᠠ ᠮᠠᠰᠢ ᠶᠡᠭᠡ ᠨᠦᠯᠦᠬᠡ ᠳᠤᠰᠬᠠᠯ ᠭᠠᠷᠴᠠᠢ᠃          ︽︿ᠮᠤᠩᠭᠤᠯ ᠤᠨ ᠨᠢᠭᠤᠴᠠ ᠳᠤᠪᠴᠢᠶᠠᠨ﹀᠎ ᠤ ᠰᠤᠷᠪᠤᠯᠵᠢ ᠪᠢᠴᠢᠭ ᠤᠨ ᠪᠠᠷ ᠬᠡᠪᠯᠡᠯ ᠤᠨ ᠰᠤᠳᠤᠯᠤᠯ︾ ᠬᠡᠬᠦ ᠨᠤᠮ ᠨᠢ ᠦᠪᠡᠷᠳᠡᠬᠡᠨ ᠵᠠᠰᠠᠬᠤ ᠤᠷᠤᠨ ᠤ ᠠᠩᠬᠠᠳᠤᠭᠠᠷ ᠬᠤᠭᠤᠴᠠᠭᠠᠨ ᠤ ᠬᠦᠨ ᠤᠠᠬᠭᠠᠨ ᠨᠡᠶᠢᠬᠡᠮ ᠤᠨ ᠰᠢᠨᠵᠢᠯᠡᠬᠦ ᠤᠬᠠᠭᠠᠨ ᠤ ᠰᠢᠯᠢᠳᠡᠭ ᠪᠦᠳᠦᠬᠡᠯ ᠤᠨ ᠨᠢᠬᠡᠳᠦᠬᠡᠷ ᠳᠡᠰ ᠤᠨ ᠱᠠᠩᠨᠠᠯ ᠬᠦᠷᠳᠡᠵᠦ᠂ ᠮᠤᠩᠭᠤᠯ ᠤᠯᠤᠰ ᠤᠨ ᠰᠢᠨᠵᠢᠯᠡᠬᠦ ᠤᠬᠠᠭᠠᠨ ᠤ ᠠᠺᠠᠳᠧᠮᠢ᠂ ᠮᠤᠩᠭᠤᠯ ᠤᠯᠤᠰ ᠤᠨ ᠶᠡᠭᠡ ᠰᠤᠷᠭᠠᠭᠤᠯᠢ ᠺᠢᠷᠢᠯ ᠦᠰᠦᠭ ᠢᠶᠠᠷ ᠬᠦᠷᠪᠡᠬᠦᠯᠦᠨ ᠬᠡᠪᠯᠡᠬᠦᠯᠦᠭᠰᠡᠨ ᠪᠠᠶᠢᠨ᠎ᠠ᠃ 2006 ᠤᠨ ᠳᠤ ᠡᠬᠦᠷᠬᠡᠯᠡᠨ ᠬᠦᠢᠴᠡᠳᠬᠡᠭᠰᠡᠨ ᠤᠯᠤᠰ ᠤᠨ ᠨᠡᠶᠢᠬᠡᠮ ᠤᠨ ᠰᠢᠨᠵᠢᠯᠡᠬᠦ ᠤᠬᠠᠭᠠᠨ ᠤ ᠰᠠᠭᠤᠷᠢ ᠮᠦᠩᠬᠦ ᠶᠢᠨ ᠲᠦᠷᠦᠯ ᠵᠦᠢᠯ ︽︿ᠮᠤᠩᠭᠤᠯ ᠤᠨ ᠨᠢᠭᠤᠴᠠ ᠲᠤᠪᠴᠢᠶᠠᠨ﹀᠎ ᠤ ᠰᠤᠷᠪᠤᠯᠵᠢ ᠪᠢᠴᠢᠭ ᠤᠨ ᠮᠠᠭᠠᠳᠯᠠᠯ︾ ᠪᠤᠯ ᠫᠷᠦᠹᠧᠰᠰᠤᠷ ᠳᠡᠮᠦᠷᠪᠠᠭᠠᠨ᠎ᠠ ᠶᠢᠨ ᠴᠢᠬᠤᠯᠠ ᠪᠦᠳᠦᠬᠡᠯ ᠪᠤᠯᠤᠨ᠎ᠠ᠃ ᠠᠭᠤᠯᠭ᠎ᠠ ᠨᠢ ᠪᠦᠷᠢᠨ ᠪᠦᠳᠦᠨ ᠰᠢᠰᠲ᠋ᠧᠮ ᠲᠠᠢ᠂ ᠡᠰᠢᠯᠡᠵᠦ ᠯᠠᠪᠯᠠᠭᠰᠠᠨ ᠰᠤᠷᠪᠤᠯᠵᠢ ᠪᠢᠴᠢᠭ ᠳᠠᠯᠠᠢ ᠪᠠᠶᠠᠯᠢᠭ ᠪᠠᠶᠢᠳᠠᠭ ᠢᠶᠠᠷ ᠢᠶᠠᠨ ᠤᠨᠴᠠᠯᠢᠭᠳᠠᠭᠰᠠᠨ ᠪᠠᠶᠢᠨ᠎ᠠ᠃          ᠫᠷᠦᠹᠧᠰᠰᠤᠷ ᠳᠡᠮᠦᠷᠪᠠᠭᠠᠨ᠎ᠠ ᠶᠢᠨ ᠰᠤᠷᠪᠤᠯᠵᠢ ᠪᠢᠴᠢᠭ ᠤᠨ ᠬᠦᠨ ᠮᠡᠳᠡᠯᠬᠡ ᠪᠠ ᠰᠤᠳᠤᠯᠭᠠᠨ ᠤ ᠠᠵᠢᠯ ᠤᠨ ᠠᠵᠢᠯᠴᠢ ᠰᠢᠷᠭᠠᠭᠤ ᠰᠤᠷᠳᠠᠯ ᠨᠢ ᠳᠡᠬᠦᠨ ᠤ ᠮᠤᠩᠭᠤᠯ ᠵᠤᠬᠢᠶᠠᠯᠴᠢᠳ ᠤᠨ ᠬᠢᠳᠠᠳ ᠬᠡᠯᠡᠨ ᠤ ᠵᠤᠬᠢᠶᠠᠯ ᠪᠦᠳᠦᠬᠡᠯ ᠤᠨ ᠰᠤᠳᠤᠯᠤᠯ ᠢ ᠶᠡᠬᠡᠬᠡᠨ ᠠᠮᠵᠢᠯᠳᠠ ᠤᠯᠤᠯᠳᠠ ᠲᠠᠢ ᠪᠤᠯᠭᠠᠵᠠᠢ᠃ ᠳᠡᠷᠡ᠂ 1980 ᠤᠨ ᠠᠴᠠ ᠡᠨᠡ ᠳᠠᠯ᠎ᠠ ᠶᠢᠨ ᠰᠤᠳᠤᠯᠭᠠᠨ ᠢ ᠡᠬᠢᠯᠡᠬᠦᠯᠵᠦ᠂ 1990 ᠤᠨ ᠪᠤᠯᠬᠤ ᠳᠤ ᠤᠷᠢᠲᠤᠬᠢ ᠬᠦᠮᠦᠰ ᠤᠨ ᠨᠡᠶᠢᠳᠡᠯᠡᠬᠦᠯᠦᠭᠰᠡᠨ ᠬᠢᠳᠠᠳ ᠢᠶᠠᠷ ᠵᠤᠬᠢᠶᠠᠯ ᠪᠢᠴᠢᠳᠡᠭ ᠮᠤᠩᠭᠤᠯ ᠵᠤᠬᠢᠶᠠᠯᠴᠢᠳ ᠠᠴᠠ ᠭᠠᠳᠠᠨ᠎ᠠ᠂ ᠶᠤᠸᠠᠨ ᠤᠯᠤᠰ ᠠᠴᠠ ᠴᠢᠩ ᠤᠯᠤᠰ ᠤᠨ ᠰᠡᠬᠦᠯᠴᠢ ᠬᠦᠷᠳᠡᠯᠡᠬᠢ 42 ᠮᠤᠩᠭᠤᠯ ᠵᠤᠬᠢᠶᠠᠯᠴᠢᠳ ᠪᠤᠯᠤᠨ ᠳᠡᠳᠡᠨ ᠤ 100 ᠰᠢᠬᠠᠮ ᠪᠤᠳᠢ ᠵᠤᠬᠢᠶᠠᠯ ᠪᠦᠳᠦᠬᠡᠯ ᠤᠳ ᠢ ᠰᠢᠨ᠎ᠡ ᠪᠠᠷ ᠢᠯᠡᠷᠡᠬᠦᠯᠵᠡᠢ᠃ ᠳᠡᠬᠦᠨ ᠤ ︽ᠡᠷᠳᠡᠨ ᠤ ᠮᠤᠩᠭᠤᠯ ᠵᠤᠬᠢᠶᠠᠯᠴᠢᠳ ᠤᠨ ᠬᠢᠳᠠᠳ ᠬᠡᠯᠡᠨ ᠤ ᠵᠤᠬᠢᠶᠠᠯ ᠪᠦᠳᠦᠬᠡᠯ ᠤᠨ ᠰᠢᠯᠭᠠᠨ ᠮᠠᠭᠠᠳᠯᠠᠯᠳᠠ︾ ᠬᠡᠮᠡᠬᠦ ᠳ᠋ᠤᠺᠲ᠋ᠤᠷ ᠤᠨ ᠦᠬᠦᠯᠡᠯ ᠪᠤᠯ ᠤᠯᠤᠰ ᠤᠨ ᠳᠤᠳᠤᠭᠠᠳᠤ ᠶᠢᠨ ᠡᠷᠳᠡᠨ ᠤ ᠮᠤᠩᠭᠤᠯ ᠵᠤᠬᠢᠶᠠᠯᠴᠢᠳ ᠤᠨ ᠬᠢᠳᠠᠳ ᠬᠡᠯᠡᠨ ᠤ ᠵᠤᠬᠢᠶᠠᠯ ᠪᠦᠳᠦᠬᠡᠯ ᠤᠨ ᠰᠤᠳᠤᠯᠤᠯ ᠤᠨ ᠲᠦᠯᠦᠬᠡᠯᠡᠬᠦ ᠪᠦᠳᠦᠬᠡᠯ ᠪᠤᠯᠤᠨ᠎ᠠ᠃          ᠫᠷᠦᠹᠧᠰᠰᠤᠷ ᠳᠡᠮᠦᠷᠪᠠᠭᠠᠨ᠎ᠠ ᠰᠤᠷᠪᠤᠯᠵᠢ ᠪᠢᠴᠢᠭ ᠤᠨ ᠬᠦᠨ ᠮᠡᠳᠡᠯᠬᠡ ᠪᠠ ᠰᠤᠳᠤᠯᠭᠠᠨ ᠤ ᠠᠵᠢᠯ ᠤᠨ ᠠᠵᠢᠯᠴᠢ ᠰᠢᠷᠭᠠᠭᠤ ᠬᠡᠪ ᠰᠤᠷᠳᠠᠯ ᠨᠢ ᠳᠡᠬᠦᠨ ᠢ ᠡᠷᠳᠡᠮ ᠰᠢᠨᠵᠢᠯᠡᠬᠡᠨ ᠤ ᠳᠠᠯ᠎ᠠ ᠪᠠᠷ ᠶᠡᠬᠡᠬᠡᠨ ᠠᠮᠵᠢᠯᠳᠠ ᠳᠤ ᠬᠦᠷᠭᠡᠵᠡᠢ᠃          ᠰᠦᠶᠦᠬᠡ ︵ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ ᠫᠷᠤᠹᠧᠰᠰᠤᠷ︶          ᠳᠡᠮᠦᠷᠪᠠᠭᠠᠨ᠎ᠠ ᠠᠪᠤᠭᠠᠢ ᠲᠠᠢ ᠳᠠᠨᠢᠯᠴᠠᠵᠤ ᠨᠠᠶᠢᠵᠠᠯᠠᠭᠠᠳ 40 ᠰᠢᠬᠠᠮ ᠵᠢᠯ ᠪᠤᠯᠪᠠ᠃ ᠦᠨᠡᠬᠡᠷ ︽ᠦᠶ᠎ᠠ ᠵᠠᠢ ᠦᠬᠡᠢ ᠨᠠᠶᠢᠵᠠ︾ ᠬᠡᠵᠦ ᠬᠡᠯᠡᠯᠳᠡᠢ᠃ ᠳᠡᠷᠡ ᠮᠠᠨᠢ ᠨᠠᠮ᠎ᠡ ᠠᠴᠠ ᠳᠡᠬᠦᠦ ᠮᠦᠷᠳᠡᠬᠡᠨ ᠨᠤᠳᠤᠭ ᠨᠢᠬᠡᠳᠡᠢ ᠪᠤᠯᠬᠤ ᠳᠤᠯᠠ ᠳᠠᠩᠳᠠ ︽ᠠᠬ᠎ᠠ︾ ᠪᠤᠶᠤ ︽ᠪᠠᠭᠰᠢ︾ ᠬᠡᠵᠦ ᠬᠦᠨᠳᠦᠳᠬᠡᠨ ᠳᠠᠭᠤᠳᠠᠳᠠᠭ ᠪᠠᠶᠢᠭᠰᠠᠨ᠃          1994 ᠤᠨ ᠤ ᠬᠠᠪᠤᠷ ᠤᠨ ᠨᠢᠬᠡᠨ ᠡᠳᠦᠷ᠂ ᠳᠡᠮᠦᠷᠪᠠᠭᠠᠨ᠎ᠠ ᠠᠪᠤᠭᠠᠢ ᠠᠯᠪᠠᠨ ᠬᠡᠷ ᠲᠤ ᠢᠷᠡᠬᠡᠳ ᠮᠠᠰᠢ ᠶᠤᠰᠤᠷᠬᠠᠭ ᠢᠶᠠᠷ᠄ ︽ᠪᠠᠭᠰᠢ ᠡ᠂ ᠪᠢ ᠳ᠋ᠤᠺᠲ᠋ᠤᠷᠠᠨᠲ ᠰᠢᠯᠭᠠᠬᠤ ᠰᠠᠨᠠᠭ᠎ᠠ ᠲᠠᠢ ᠁︾ ᠬᠡᠬᠦ ᠳᠤ᠂ ᠪᠢ ᠳᠡᠬᠦᠨ ᠤ ᠦᠨᠳᠦᠰᠦᠨ ᠪᠠᠶᠢᠳᠠᠯ ᠢ ᠤᠢᠢᠯᠠᠭᠠᠭᠠᠳ ︽ᠶᠡᠭᠡ ᠰᠠᠶᠢᠨ ᠤᠴᠢᠷ᠃ ᠤᠳᠤ ᠨᠢᠬᠡᠬᠡᠨ ᠵᠢᠯ ᠤᠨ ᠵᠠᠢ ᠪᠠᠶᠢᠨ᠎ᠠ᠂ ᠶᠠᠭ ᠭᠤᠷᠢ ᠦᠬᠡᠢ ᠪᠤᠯ ᠮᠤᠩᠭᠤᠯ ᠤᠯᠤᠰ ᠲᠤ ᠨᠡᠷ᠎ᠡ ᠪᠠᠨ ᠮᠡᠳᠡᠬᠦᠯᠦᠬᠡᠳ ᠪᠡᠶ᠎ᠠ ᠪᠠᠨ ᠲᠦᠰᠢᠵᠦ ᠰᠤᠷᠤᠯᠴᠠᠭᠠᠳ ᠳ᠋ᠤᠺᠲ᠋ᠤᠷ ᠠᠪᠴᠢᠬ᠎ᠠ︕︾ ᠬᠡᠵᠦ ᠦᠷᠦᠪᠳᠡᠨ ᠬᠡᠯᠡᠬᠦ ᠳᠤ᠂ ᠳᠡᠷᠡ ᠳᠤᠷ᠎ᠠ ᠦᠬᠡᠶᠢᠴᠡᠭᠰᠡᠨ ᠮᠠᠶ᠋ᠢᠭ ᠲᠠᠢ᠄ ︽ᠪᠢ ᠡᠷᠳᠡᠮ ᠰᠤᠷᠬᠤ ᠶᠢᠨ ᠲᠦᠯᠦᠬᠡ ᠳ᠋ᠤᠺᠲ᠋ᠤᠷᠠᠨᠲ ᠰᠢᠯᠭᠠᠬᠤ ᠬᠡᠵᠦ ᠪᠠᠶᠢᠨ᠎ᠠ᠂ ᠪᠢ 44 ᠨᠠᠰᠤᠯᠠᠳᠠᠯ᠎ᠠ ᠪᠠᠨ ᠦᠨᠳᠦᠰᠦᠨ ᠳᠡᠭᠡᠨ ᠴᠦᠮ ᠪᠡᠶ᠎ᠠ ᠪᠠᠨ ᠲᠦᠰᠢᠵᠦ ᠰᠤᠷᠤᠯᠴᠠᠭᠰᠠᠭᠠᠷ ᠢᠷᠡᠵᠡᠢ᠃ ᠤᠳᠤ ᠬᠠᠷᠢᠨ ᠨᠡᠷᠡᠳᠡᠢ ᠡᠷᠳᠡᠮᠳᠡᠨ ᠪᠠᠭᠰᠢ ᠨᠠᠷ ᠲᠤ ᠱᠠᠪᠢᠯᠠᠵᠤ ᠢᠯᠡᠬᠦᠬᠡᠨ ᠶᠠᠭᠤᠮ᠎ᠠ ᠮᠡᠳᠡᠵᠦ ᠠᠪᠤᠶ᠎ᠠ ᠬᠡᠬᠦ ᠳᠤ ᠁︾ ᠬᠡᠳ ᠰᠡᠳᠬᠢᠯ ᠳᠤᠭᠳᠤᠯᠤᠯ᠎ᠠ᠃ ᠪᠢ ᠳᠡᠬᠦᠨ ᠤ ᠬᠡᠦᠬᠡᠳ ᠰᠢᠭ ᠠᠭᠠᠰᠢ ᠲᠠᠢ ᠶᠢ ᠦᠵᠡᠬᠡᠳ ᠢᠨᠢᠶᠡᠳᠤ ᠬᠦᠷᠴᠦ᠄ ︽ᠲᠠ ᠰᠠᠶᠢ ᠭᠠᠳᠠᠭᠠᠳᠤ ᠬᠡᠯᠡ ᠠᠨᠠᠢ ᠬᠡᠵᠦ ᠬᠡᠯᠡᠯ᠎ᠡ᠂ 44 ᠨᠠᠰᠤᠯᠠᠴᠢᠬᠠᠯ᠎ᠠ ᠬᠡᠵᠦ ᠪᠠᠴᠢᠮᠳᠠᠭᠰᠠᠨ ᠮᠠᠶ᠋ᠢᠭᠳᠠᠢ᠂ ᠡᠬᠦᠨ ᠠᠴᠠ ᠪᠤᠯᠵᠤ ᠬᠦᠰᠡᠯ ᠴᠢᠨᠢ ᠪᠡᠶᠡᠯᠡᠭᠳᠡᠬᠦ ᠦᠬᠡᠢ ᠪᠤᠯ ᠬᠡᠵᠦ ᠵᠤᠪᠠᠭᠰᠠᠨ ᠶᠤᠮ ᠁︾ ᠬᠡᠵᠦ ᠳᠠᠶᠢᠯᠪᠤᠷᠢᠯᠠᠨ ᠬᠡᠯᠡᠬᠦ ᠳᠤ᠂ ︽ᠬᠠᠮᠤᠭ ᠰᠡᠬᠦᠯ ᠤᠨ ᠳᠤᠬᠢᠶᠠᠯ ᠢ ᠪᠢ ᠯᠠᠪᠳᠠᠢ ᠠᠯᠳᠠᠬᠤ ᠦᠬᠡᠢ︕︾᠂ ︽ᠠᠩᠭ᠍ᠯᠢ ᠬᠡᠯᠡ ᠪᠠᠨ ᠨᠢᠬᠡ ᠵᠢᠯ ᠰᠡᠯᠪᠢᠪᠡᠯ ᠪᠤᠯᠴᠢᠬᠠᠬᠤ ᠪᠠᠶᠢᠬ᠎ᠠ︾ ᠬᠡᠵᠦ ᠢᠳᠡᠬᠡᠯᠳᠡᠢ ᠬᠡᠯᠡᠵᠦ ᠪᠠᠶᠢᠯ᠎ᠠ᠃ ︽ᠵᠤᠷᠢᠭ ᠪᠠᠶᠢᠪᠠᠯ ᠵᠤ᠋ ᠶᠢ ᠳᠠᠪᠠᠳᠠᠭ︾ ᠬᠡᠳᠡᠭ ᠢᠶᠠᠷ ᠳᠠᠷᠠᠭ᠎ᠠ ᠵᠢᠯ ᠨᠢ ᠦᠨᠡᠬᠡᠷ ᠳ᠋ᠤᠺᠲ᠋ᠤᠷᠠᠨᠲ ᠰᠢᠯᠭᠠᠭᠤᠯᠤᠭᠠᠳ ᠤᠷᠤᠭᠰᠠᠨ ᠪᠠᠶᠢᠯ᠎ᠠ᠃          ᠳᠡᠮᠦᠷᠪᠠᠭᠠᠨ᠎ᠠ ᠪᠤᠯ ᠨᠢᠬᠡᠨ ᠰᠢᠯᠢᠳᠡᠭ ᠡᠷᠳᠡᠮ ᠰᠢᠨᠵᠢᠯᠡᠬᠡᠳᠡᠨ᠂ ᠲᠦᠪ ᠴᠢᠩᠭ᠎ᠠ ᠤᠪᠤᠷ ᠲᠠᠢ ᠫᠷᠦᠹᠧᠰᠰᠤᠷ ᠪᠤᠯᠬᠤᠷ ᠦᠪᠡᠷ ᠤᠨ ᠰᠤᠳᠤᠯᠵᠤ ᠪᠠᠶᠢᠭ᠎ᠠ ᠵᠦᠢᠯ ᠳᠡᠭᠡᠨ ᠲᠦᠢᠯ ᠤᠨ ᠬᠢᠨᠠᠭᠤᠷ ᠯᠠᠪᠳᠠᠭᠤᠨ ᠬᠠᠷᠢᠭᠤᠴᠠᠯᠭᠠᠳᠤ ᠤᠪᠤᠷ ᠲᠠᠢ ᠬᠠᠨᠲᠤᠲᠠᠭ᠃ ᠲᠡᠬᠦᠨ ᠤ ᠰᠤᠳᠤᠯᠭᠠᠨ ᠤ ᠭᠤᠤᠯ ᠠᠷᠭ᠎ᠠ ᠨᠢ ︽ᠰᠢᠯᠭᠠᠨ ᠨᠤᠳᠠᠯᠠᠬᠤ ︾ ᠠᠷᠭ᠎ᠠ ᠪᠤᠯᠤᠨ᠎ᠠ᠃ ᠡᠨᠡ ᠠᠷᠭ᠎ᠠ ᠨᠢ ︽ᠦᠨᠦᠴᠢᠨ ᠪᠠᠷᠢᠮᠳᠠ︾ ᠠᠰᠢᠭᠯᠠᠬᠤ ᠶᠢ ᠡᠷᠡᠰ ᠴᠡᠬᠡᠷᠯᠡᠳᠡᠭ ᠪᠤᠯᠬᠤᠷ ᠵᠠᠪᠠᠯ ᠬᠤᠶᠠᠷ ᠠᠴᠠ ᠳᠡᠬᠡᠭᠰᠢ ᠪᠠᠷᠢᠮᠳᠠ ᠤᠯᠬᠤ ᠬᠡᠳ ᠦᠢᠯᠡ ᠪᠠᠨ ᠪᠠᠷᠠᠵᠤ ᠦᠰᠦ ᠪᠠᠨ ᠳᠡᠬᠦᠵᠦ ᠡᠶᠢᠰᠢ ᠳᠡᠶᠢᠰᠢ ᠪᠠᠷᠢᠮᠳᠠ ᠡᠷᠢᠬᠡᠳ ᠭᠦᠶᠦᠳᠡᠭ᠃ ᠡᠶᠢᠮᠦ ᠠᠴᠠ ᠳᠡᠷᠡ᠂ ︽ᠮᠤᠩᠭᠤᠯ ᠤᠨ ᠨᠢᠭᠤᠴᠠ ᠳᠤᠪᠴᠢᠶᠠᠨ︾ ᠮᠡᠳᠤ ᠶᠢᠨ ᠰᠤᠷᠪᠤᠯᠵᠢ ᠪᠢᠴᠢᠭ ᠤᠳ ᠲᠤ ᠰᠤᠳᠤᠯᠤᠯ ᠦᠷᠨᠢᠬᠦᠯᠬᠦ ᠳᠤ ᠤᠯᠤᠰ ᠤᠨ ᠳᠤᠳᠤᠭᠠᠳᠤ ᠶᠢᠨ ᠳᠤᠮᠤ ᠳᠤᠮᠤ ᠨᠤᠮ ᠤᠨ ᠰᠠᠩ ᠤᠳ ᠢ ᠮᠤᠬᠤᠳᠠᠯ᠎ᠠ ᠭᠦᠶᠦᠵᠦ ᠳᠠᠭᠤᠰᠳᠠᠯ᠎ᠠ ᠰᠢᠬᠦᠳᠡᠭ᠃ ᠨᠢᠬᠡᠨ ᠵᠤᠨ ᠪᠡᠬᠡᠵᠢᠩ ᠤᠨ ᠮᠤᠩᠭᠤᠯ ᠰᠤᠳᠤᠯᠤᠯ ᠤᠨ ᠬᠤᠷᠠᠯ ᠳᠤ ᠠᠭᠤᠯᠵᠠᠬᠤ ᠦᠶ᠎ᠠ ᠳᠤ ᠦᠰᠦ ᠬᠡᠵᠢᠬᠡ ᠨᠢ ᠦᠷᠪᠤᠶᠢᠵᠦ᠂ ᠰᠠᠬᠠᠯ ᠰᠠᠨᠴᠢᠭ ᠨᠢ ᠰᠡᠷᠡᠶᠢᠬᠡᠳ ᠬᠤᠶᠠᠷ ᠨᠢᠳᠤ ᠨᠢ ᠬᠤᠩᠭᠤᠢᠢᠨ ᠬᠠᠷᠠᠭᠳᠠᠵᠤ᠂ ᠶᠠᠭᠠᠬᠢᠵᠤ ᠢᠩᠬᠢᠵᠦ ᠵᠦᠳᠡᠬᠦᠷᠢᠳᠡᠢ ᠶᠠᠪᠤᠵᠤ ᠪᠠᠶᠢᠬᠤ ᠶᠢ ᠠᠰᠠᠭᠤᠬᠤ ᠳᠤ ᠱᠠᠩᠬᠠᠢ ᠶᠢᠨ ᠨᠢᠬᠡᠨ ᠳᠤᠮᠤ ᠨᠤᠮ ᠤᠨ ᠰᠠᠩ ᠠᠴᠠ ᠮᠠᠲ᠋ᠧᠷᠢᠶᠠᠯ ᠰᠢᠬᠦᠵᠦ ᠰᠢᠬᠦᠬᠡᠳ ᠶᠠᠭᠠᠷᠠᠤ ᠰᠠᠨᠳᠤᠷᠤᠤ ᠳᠠᠪᠬᠢᠭᠤᠯᠵᠤ ᠢᠷᠡᠭᠰᠡᠨ ᠬᠡᠵᠦ ᠶᠠᠷᠢᠵᠤ ᠪᠠᠶᠢᠯ᠎ᠠ᠃ ᠬᠤᠷᠠᠯ ᠳᠠᠭᠤᠰᠬᠤ ᠳᠤ ᠨᠡᠯᠢᠶᠡᠳ ᠬᠦᠮᠦᠰ ᠬᠤᠳᠠᠯᠳᠤᠭᠠᠨ ᠤ ᠳᠡᠯᠬᠡᠬᠦᠷ ᠢᠶᠠᠷ ᠵᠤᠷᠴᠢᠬᠤ ᠳᠤ ᠳᠡᠮᠦᠷᠪᠠᠭᠠᠨ᠎ᠠ ᠬᠠᠷᠢᠨ᠄ ︽ᠪᠠᠭᠰᠢ ᠡ︕ ᠨᠤᠮ ᠤᠨ ᠳᠡᠯᠬᠡᠬᠦᠷ ᠢᠶᠠᠷ ᠡᠷᠬᠢᠯᠳᠦᠬᠦ ᠦᠬᠡᠢ ᠤᠤ︖︾ ᠭᠡᠵᠦ ᠶᠠᠮᠠᠷ ᠶᠠᠮᠠᠷ ᠰᠢᠨ᠎ᠡ ᠨᠤᠮ ᠭᠠᠷᠤᠭᠰᠠᠨ ᠰᠤᠷᠠᠭ ᠢ ᠬᠡᠯᠡᠬᠡᠳ ᠶᠡᠭᠡ ᠬᠦᠭᠵᠢᠯᠳᠡᠢ᠂ ᠪᠢ ᠴᠤ ᠨᠤᠮ ᠤᠨ ᠵᠢᠯᠪᠢ ᠲᠠᠢ ᠪᠤᠯᠬᠤᠷ ᠬᠠᠮᠲᠦ ᠪᠡᠬᠡᠵᠢᠩ ᠬᠤᠳᠠ ᠶᠢᠨ ᠨᠡᠷᠡᠳᠤ ᠨᠤᠮ ᠤᠨ ᠳᠡᠯᠬᠡᠬᠦᠷ ᠤᠳ ᠢ ᠰᠢᠬᠦᠨ ᠳᠠᠪᠬᠢᠪᠠ᠃ ᠬᠦᠬᠡᠬᠤᠳᠠ ᠳᠠᠭᠠᠨ ᠪᠤᠴᠠᠬᠤ ᠳᠤ ᠨᠢᠬᠡ ᠤᠯᠠᠨ ᠨᠤᠮ ᠡᠬᠦᠷᠦᠬᠡᠳ ᠢᠷᠡᠴᠢᠭᠡᠭᠰᠡᠨ ᠳᠡᠬᠦᠨ ᠤ ᠬᠠᠷᠠᠪᠳᠤᠷ ᠴᠢᠷᠠᠢ ᠳᠤ ᠬᠠᠪᠤᠷ ᠤᠨ ᠨᠠᠷᠠ ᠳᠤᠰᠤᠭᠰᠠᠨ ᠰᠢᠬ ᠬᠡᠷᠡᠯ ᠤᠢᠢᠵᠤ ᠪᠠᠶᠢᠯ᠎ᠠ᠃          ᠵᠠᠭᠠᠷ ︵ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠫᠷᠤᠹᠧᠰᠰᠤᠷ︶          ︽ᠡᠷᠳᠡᠮ ᠰᠢᠨᠵᠢᠯᠡᠬᠡᠨ ᠳᠤ ᠬᠦᠴᠦᠨ ᠢᠶᠠᠨ ᠡᠷᠬᠦᠭᠰᠡᠨ ᠡᠷᠳᠡᠮᠳᠡᠨ᠂ ᠡᠷᠡᠯᠬᠡᠭ ᠰᠦᠰᠦ ᠪᠠᠷ ᠬᠠᠳᠠᠭᠤᠵᠢᠨ ᠴᠢᠷᠮᠠᠶᠢᠭᠰᠠᠨ ᠵᠢᠳᠬᠦᠯᠳᠡᠠ︾ — ᠳᠡᠮᠦᠷᠪᠠᠭᠠᠨ᠎ᠠ ᠪᠠᠭᠰᠢ ᠪᠤᠯ ᠠᠵᠠ ᠳᠤᠬᠢᠶᠠᠯ ᠳᠤ ᠢᠪᠡᠭᠡᠭᠳᠡᠭᠰᠡᠨ ᠰᠡᠬᠡᠬᠡᠳᠡᠨ᠂ ᠡᠷᠳᠡᠮ ᠮᠡᠳᠡᠯᠬᠡ ᠳᠤ ᠰᠢᠮᠳᠠᠭᠰᠠᠨ ᠤᠶᠤᠳᠠᠨ᠂ ᠡᠷᠢᠯ ᠬᠠᠶᠢᠯᠳᠠ ᠳᠤ ᠰᠢᠭᠤᠷᠬᠠᠢᠢᠯᠠᠭᠰᠠᠨ ᠰᠤᠳᠤᠯᠭᠠᠳᠠᠨ᠂ ᠰᠤᠷᠭᠠᠯᠳᠠ ᠰᠤᠳᠤᠯᠭᠠᠨ ᠢ ᠤᠶᠠᠯᠳᠤᠭᠤᠯᠤᠭᠰᠠᠨ ᠡᠷᠳᠡᠮᠳᠡᠨ᠂ ᠰᠦᠰᠦ ᠵᠤᠷᠢᠭ ᠢᠶᠠᠷ ᠠᠯᠳᠠᠷᠰᠢᠭᠰᠠᠨ ᠵᠢᠳᠬᠦᠯᠳᠡᠨ᠂ ᠡᠨᠡ ᠪᠤᠯ ᠮᠢᠨᠦ ᠳᠡᠮᠦᠷᠪᠠᠭᠠᠨ᠎ᠠ ᠪᠠᠭᠰᠢ ᠶᠢ ᠳᠤᠷᠠᠳᠬᠠᠨ ᠦᠨᠡᠯᠡᠵᠦ ᠪᠠᠶᠢᠭ᠎ᠠ ᠰᠡᠳᠬᠢᠯ ᠤᠨ ᠦᠬᠡ ᠪᠤᠯᠤᠨ᠎ᠠ᠃          ᠳᠡᠬᠡᠷ᠎ᠡ ᠵᠠᠭᠤᠨ ᠤ ︽ᠰᠤᠶᠤᠯ ᠤᠨ ᠶᠡᠭᠡ ᠬᠤᠪᠢᠰᠬᠠᠯ︾᠎ ᠤᠨ ᠦᠶ᠎ᠡ ᠳᠤ᠂ ᠰᠡᠬᠡᠬᠡᠳᠡᠨ ᠵᠠᠯᠠᠭᠤᠴᠤᠳ ᠢ ᠬᠦᠳᠡᠭᠡ ᠪᠠᠭᠤᠯᠭᠠᠬᠤ ᠬᠦᠳᠡᠯᠬᠡᠬᠡᠨ ᠦᠷᠨᠢᠭᠰᠡᠨ ᠶᠤᠮ᠃ ᠡᠨᠡ ᠨᠢ ᠤᠯᠠᠨ ᠵᠠᠯᠠᠭᠤᠴᠤᠳ ᠤᠨ ᠦᠷᠬᠦᠯᠵᠢᠯᠡᠨ ᠰᠤᠷᠤᠯᠴᠠᠬᠤ ᠶᠢ ᠨᠦᠯᠦᠬᠡᠯᠡᠭᠰᠡᠨ ᠪᠤᠯᠪᠠᠴᠤ ᠳᠡᠳᠡᠨ ᠤ ᠨᠡᠶᠢᠬᠡᠮ ᠠᠮᠢᠳᠤᠷᠠᠯ ᠲᠠᠢ ᠳᠠᠨᠢᠯᠴᠠᠵᠤ ᠦᠢᠯᠡᠳᠦᠯᠬᠡ ᠶᠢᠨ ᠳᠤᠮᠳᠠ ᠳᠠᠪᠳᠠᠨ ᠪᠤᠯᠪᠠᠰᠤᠷᠠᠬᠤ ᠳᠤ ᠰᠠᠶᠢᠬᠠᠨ ᠳᠤᠬᠢᠶᠠᠯ ᠪᠤᠯᠵᠠᠢ᠃ ᠳᠡᠮᠦᠷᠪᠠᠭᠠᠨ᠎ᠠ ᠪᠠᠭᠰᠢ ᠮᠢᠩᠭ᠎ᠠ ᠲᠦᠮᠡᠨ ᠰᠡᠬᠡᠬᠡᠳᠡᠨ ᠵᠠᠯᠠᠭᠤᠴᠤᠳ ᠤᠨ ᠨᠢᠬᠡ ᠪᠠᠷ 1969 ᠤᠨ ᠳᠤ ᠬᠦᠯᠦᠨ ᠪᠤᠶᠢᠷ ᠠᠶᠢᠮᠠᠭ ᠤᠨ ᠰᠢᠨ᠎ᠠ ᠪᠠᠷᠭᠤ ᠵᠡᠬᠦᠨ ᠬᠤᠰᠢᠭᠤᠨ ᠤ ᠰᠢᠨᠡᠪᠤᠯᠠᠭ ᠨᠢᠬᠡᠳᠦᠯ ᠤᠨ ᠵᠡᠬᠦᠨ ᠪᠠᠷᠢᠭᠠᠳᠠ ᠳᠤ ᠬᠦᠳᠡᠭᠡ ᠪᠠᠭᠤᠭᠰᠠᠨ ᠰᠡᠬᠡᠬᠡᠳᠡᠨ ᠢᠶᠠᠷ ᠤᠴᠢᠵᠤ᠂ ᠵᠢᠷ ᠤᠨ ᠨᠢᠬᠡᠨ ᠮᠠᠯᠴᠢᠨ ᠠᠶᠢᠯ ᠳᠤ ᠰᠠᠭᠤᠵᠤ ᠮᠠᠯᠵᠢᠬᠤ ᠠᠮᠢᠳᠤᠷᠠᠯ ᠤᠨ ᠬᠠᠷ᠎ᠠ ᠪᠤᠷᠤ ᠠᠵᠢᠯ ᠳᠤ ᠭᠤᠷᠪᠠᠨ ᠵᠢᠯ ᠳᠠᠪᠳᠠᠭᠳᠠᠵᠠᠢ᠃ ᠡᠨᠡ ᠦᠶ᠎ᠠ ᠳᠤ ᠡᠷᠳᠡᠮ ᠮᠡᠳᠡᠯᠬᠡ ᠰᠤᠷᠤᠯᠴᠠᠬᠤ ᠪᠠᠨ ᠳᠠᠰᠤᠯᠳᠠᠭᠤᠯᠤᠭᠰᠠᠨ ᠦᠬᠡᠢ ᠮᠤᠩᠭᠤᠯ ᠬᠢᠳᠠᠳ ᠨᠤᠮ ᠢ ᠰᠢᠮᠳᠠᠨ ᠤᠩᠰᠢᠵᠤ᠂ ᠦᠨᠳᠦᠰᠦᠨ ᠮᠡᠳᠡᠯᠬᠡ ᠶᠢᠨ ᠰᠠᠭᠤᠷᠢ ᠪᠠᠨ ᠪᠠᠳᠤ ᠳᠠᠯᠪᠢᠵᠠᠢ᠃ ᠬᠦᠳᠡᠭᠡ ᠪᠠᠭᠤᠭᠰᠠᠨ ᠰᠡᠬᠡᠬᠡᠳᠡᠨ ᠠᠮᠢᠳᠤᠷᠠᠯ ᠨᠢ ᠨᠡᠶᠢᠬᠡᠮ ᠢ ᠳᠠᠨᠢᠵᠤ᠂ ᠨᠡᠶᠢᠬᠡᠮ ᠠᠴᠠ ᠰᠤᠷᠤᠯᠴᠠᠬᠤ ᠠᠩᠬᠠᠨ ᠤ ᠠᠯᠬᠤᠮ ᠪᠤᠯᠤᠭᠰᠠᠨ ᠪᠤᠯᠬᠤᠷ ᠳᠡᠷᠡ ᠪᠤᠯ ᠠᠵᠠ ᠳᠤᠬᠢᠶᠠᠯ ᠳᠤ ᠢᠪᠡᠬᠡᠭᠳᠡᠭᠰᠡᠨ ᠰᠡᠬᠡᠬᠡᠳᠡᠨ ᠶᠤᠮ᠃          ᠬᠦᠳᠡᠭᠡ ᠰᠡᠬᠡᠬᠡᠳᠡᠨ ᠢᠶᠠᠷ ᠬᠡᠳᠦᠨ ᠵᠢᠯ ᠠᠵᠢᠯᠯᠠᠭᠠᠳ 1972 ᠤᠨ ᠳᠤ ᠦᠪᠦᠷ ᠮᠤᠩᠭᠤᠯ ᠤᠨ ᠪᠠᠭᠰᠢ ᠶᠢᠨ ᠳᠡᠬᠡᠳᠤ ᠰᠤᠷᠭᠠᠭᠤᠯᠢ ᠶᠢᠨ ᠳᠤᠮᠳᠠᠳᠤ ᠤᠯᠤᠰ ᠤᠨ ᠬᠡᠯᠡ ᠤᠳᠬ᠎ᠠ ᠵᠤᠬᠢᠶᠠᠯ ᠤᠨ ᠰᠠᠯᠪᠤᠷᠢ ᠶᠢᠨ ᠮᠤᠩᠭᠤᠯ ᠬᠡᠯᠡᠨ ᠤ ᠳᠤᠰᠬᠠᠢ ᠮᠡᠷᠬᠡᠵᠢᠯ ᠳᠤ ᠠᠵᠢᠯᠴᠢᠨ ᠳᠠᠷᠢᠶᠠᠴᠢᠨ ᠴᠡᠷᠢᠭ ᠠᠴᠠ ᠬᠦᠷᠬᠡᠭᠳᠡᠨ ᠢᠷᠡᠵᠦ ᠰᠤᠷᠤᠯᠴᠠᠵᠤ᠂ ᠰᠢᠷᠭᠠᠭᠤ ᠬᠠᠳᠠᠭᠤᠵᠢᠯᠳᠠᠢ ᠰᠤᠷᠤᠯᠴᠠᠭᠰᠠᠨ ᠠᠴᠠ ᠰᠠᠭᠤᠷᠢ ᠮᠡᠳᠡᠯᠬᠡ ᠦᠨᠳᠦᠰᠦᠨ ᠪᠤᠯᠪᠠᠰᠤᠷᠠᠯ ᠤᠨ ᠬᠢᠷᠢ ᠬᠡᠮᠵᠢᠶ᠎ᠠ ᠨᠢ ᠮᠠᠰᠢ ᠲᠦᠷᠬᠡᠨ ᠳᠡᠬᠡᠭᠰᠢᠯᠡᠵᠦ᠂ ᠠᠩᠬᠢ ᠳᠠᠭᠠᠨ ᠤᠷᠦ᠋ᠢᠯᠠᠵᠤ ᠰᠠᠯᠪᠤᠷᠢ ᠳᠠᠭᠠᠨ ᠮᠠᠩᠯᠠᠶᠢᠯᠠᠵᠤ ᠪᠠᠶᠢᠭᠰᠠᠨ ᠪᠤᠯᠬᠤᠷ ᠰᠤᠷᠭᠠᠭᠤᠯᠢ ᠳᠠᠭᠠᠨ ᠦᠯᠡᠳᠡᠵᠦ ᠪᠠᠭᠰᠢᠯᠠᠵᠠᠢ᠃ ᠶᠡᠭᠡ ᠰᠤᠷᠭᠠᠭᠤᠯᠢ ᠶᠢᠨ ᠰᠤᠷᠤᠯᠭ᠎ᠠ ᠶᠢᠨ ᠠᠮᠢᠳᠤᠷᠠᠯ ᠨᠢ ᠳᠡᠬᠦᠨ ᠳᠤ ᠡᠷᠳᠡᠮ ᠮᠡᠳᠡᠯᠬᠡ ᠶᠢᠨ ᠷᠢᠳᠢ ᠰᠢᠳᠢ ᠶᠢ ᠳᠠᠨᠢᠭᠤᠯᠵᠤ᠂ ᠡᠷᠳᠡᠮ ᠤᠨ ᠳᠠᠯᠠᠢ ᠳᠤ ᠰᠠᠯ ᠬᠦᠯᠬᠡᠯᠡᠬᠦ ᠶᠢ ᠳᠠᠨᠢᠭᠤᠯᠤᠭᠰᠠᠨ ᠪᠤᠯᠬᠤᠷ ᠡᠷᠳᠡᠮ ᠮᠡᠳᠡᠯᠬᠡ ᠳᠤ ᠰᠢᠮᠳᠠᠭᠰᠠᠨ ᠤᠶᠤᠳᠠᠨ ᠶᠤᠮ᠃          1978 ᠤᠨ ᠠᠴᠠ ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠮᠤᠩᠭᠤᠯ ᠬᠡᠯᠡ ᠤᠳᠬ᠎ᠠ ᠵᠤᠬᠢᠶᠠᠯ ᠳᠡᠦᠬᠡ ᠰᠤᠳᠤᠯᠬᠤ ᠭᠠᠵᠠᠷ ᠲᠤ ᠡᠷᠳᠡᠮ ᠰᠢᠨᠵᠢᠯᠡᠬᠡᠨ ᠬᠢᠬᠦ ᠪᠤᠯᠵᠤ᠂ ᠮᠤᠩᠭᠤᠯ ᠵᠤᠬᠢᠶᠠᠯᠴᠢᠳ ᠤᠨ ᠬᠢᠳᠠᠳ ᠢᠶᠠᠷ ᠪᠢᠴᠢᠭᠰᠡᠨ ᠵᠤᠬᠢᠶᠠᠯ ᠪᠦᠳᠦᠬᠡᠯ ᠤᠨ ᠰᠤᠳᠤᠯᠤᠯ ᠢᠶᠠᠷ ᠡᠷᠳᠡᠮ ᠰᠢᠨᠵᠢᠯᠡᠬᠡᠨ ᠤ ᠡᠬᠢᠨ ᠤ ᠴᠡᠭ ᠢᠶᠠᠨ ᠪᠤᠯᠭᠠᠵᠤ ᠪᠠᠶᠢᠭᠰᠠᠨ ᠢᠶᠠᠷ ︽ᠮᠤᠩᠭᠤᠯ ᠤᠨ ᠨᠢᠭᠤᠴᠠ ᠳᠤᠪᠴᠢᠶᠠᠨ ︾᠎ ᠤ ᠰᠤᠳᠤᠯᠤᠯ᠂ ᠮᠤᠩᠭᠤᠯ ᠤᠨ ᠡᠷᠳᠡᠨ ᠤ ᠤᠷᠠᠨ ᠵᠤᠬᠢᠶᠠᠯ ᠰᠤᠳᠤᠯᠤᠯ᠂ ᠮᠤᠩᠭᠤᠯ ᠤᠳᠬ᠎ᠠ ᠵᠤᠬᠢᠶᠠᠯ ᠤᠨ ᠰᠤᠷᠪᠤᠯᠵᠢ ᠪᠢᠴᠢᠭ ᠰᠤᠳᠤᠯᠤᠯ ᠵᠡᠷᠬᠡ ᠪᠠᠷ ᠰᠤᠳᠤᠯᠭᠠᠨ ᠤ ᠬᠠᠷᠠᠭ᠎ᠠ ᠴᠠᠷᠠᠭ᠎ᠠ ᠪᠠᠨ ᠳᠠᠰᠤᠷᠠᠯᠳᠠ ᠦᠬᠡᠢ ᠦᠷᠬᠡᠵᠢᠬᠦᠯᠵᠡᠢ᠃ ᠡᠷᠳᠡᠮ ᠰᠢᠨᠵᠢᠯᠡᠬᠡᠨ ᠳᠤ 40 ᠭᠠᠷᠤᠢ ᠵᠢᠯ ᠮᠠᠷᠠᠶᠢᠵᠤ᠂ ︽ᠮᠤᠩᠭᠤᠯ ᠤᠨ ᠡᠷᠳᠡᠨ ᠤ ᠤᠷᠠᠨ ᠵᠤᠬᠢᠶᠠᠯ ᠪᠤᠯᠤᠨ ᠳᠡᠦᠬᠡ ᠰᠤᠶᠤᠯ ᠤᠨ ᠰᠤᠳᠤᠯᠤᠯ︾᠂ ︽ᠳᠤᠮᠳᠠᠳᠤ ᠤᠯᠤᠰ ᠤᠨ ᠮᠤᠩᠭᠤᠯ ᠵᠤᠬᠢᠶᠠᠯᠴᠢᠳ ᠤᠨ ᠨᠠᠮᠳᠠᠷ︾ 5 ᠪᠤᠳᠢ ᠨᠤᠮ ᠬᠡᠪᠯᠡᠬᠦᠯᠵᠦ᠂ 80 ᠭᠠᠷᠤᠢ ᠡᠷᠳᠡᠮ ᠰᠢᠨᠵᠢᠯᠡᠬᠡᠨ ᠤ ᠦᠬᠦᠯᠡᠯ ᠨᠡᠶᠢᠳᠡᠯᠡᠬᠦᠯᠵᠡᠢ᠃ ᠡᠷᠳᠡᠮ ᠰᠢᠨᠵᠢᠯᠡᠬᠡᠨ ᠳᠤ ᠨᠠᠷᠢᠨ ᠬᠢᠨᠠᠮᠠᠭᠠᠢ ᠰᠢᠨᠵᠢᠯᠡᠬᠦ ᠤᠬᠠᠭᠠᠨᠴᠢ ᠤᠪᠤᠷ ᠢᠶᠠᠷ ᠬᠠᠨᠳᠤᠵᠤ᠂ ᠰᠢᠨᠳᠡᠷᠡᠰᠢ ᠦᠬᠡᠢ ᠵᠢᠳᠬᠦᠭᠰᠡᠨ ᠢᠶᠠᠷ ᠳᠡᠬᠦᠨ ᠤ ᠪᠦᠳᠦᠬᠡᠯ ᠨᠢ ᠤᠯᠤᠰ ᠤᠨ ᠳᠤᠳᠤᠭᠠᠳᠤ ᠭᠠᠳᠠᠭᠠᠳᠤ ᠶᠢᠨ ᠮᠡᠷᠬᠡᠵᠢᠯ ᠨᠢᠬᠡᠳᠡᠳ ᠤᠨ ᠦᠨᠳᠦᠷ ᠦᠨᠡᠯᠡᠯᠳᠡ ᠶᠢ ᠤᠯᠤᠭᠰᠠᠨ ᠪᠠᠶᠢᠯ᠎ᠠ᠃          1995 ᠤᠨ ᠳᠤ ᠠᠰᠫᠢᠷᠠᠨᠲ ᠤᠨ ᠵᠢᠯᠤᠭᠤᠳᠤᠭᠴᠢ ᠪᠠᠭᠰᠢ ᠪᠠᠷ ᠵᠦᠪᠰᠢᠶᠡᠷᠡᠭᠳᠡᠵᠦ᠂ 1996 ᠤᠨ ᠠᠴᠠ ᠠᠰᠫᠢᠷᠠᠨᠲ ᠡᠯᠰᠡᠬᠡᠳ 2018 ᠤᠨ ᠪᠤᠯᠳᠠᠯᠠᠬᠢ 20 ᠭᠠᠷᠤᠢ ᠵᠢᠯ ᠳᠤ ᠤᠯᠠᠨ ᠠᠰᠫᠢᠷᠠᠨᠲ ᠬᠦᠮᠦᠵᠢᠬᠦᠯᠵᠡᠢ᠃ ᠵᠢᠭᠠᠨ ᠰᠤᠷᠭᠠᠯᠳᠠ ᠡᠷᠳᠡᠮ ᠰᠢᠨᠵᠢᠯᠡᠭᠡ ᠶᠢ ᠤᠶᠠᠯᠳᠤᠭᠤᠯᠵᠤ᠂ ᠦᠯᠢᠬᠡᠷ ᠳᠠᠭᠤᠷᠢᠶᠠᠯ ᠤᠨ ᠬᠦᠴᠦᠨ ᠢᠶᠠᠷ ᠴᠢᠳᠠᠪᠤᠷᠢᠳᠠᠨ ᠬᠦᠮᠦᠵᠢᠬᠦᠯᠬᠦ ᠳᠤ ᠦᠪᠡᠷ ᠤᠨ ᠤᠷ᠎ᠠ ᠤᠬᠠᠭᠠᠨ ᠠᠪᠢᠶᠠᠰ ᠪᠢᠯᠢᠭ ᠢᠶᠠᠨ ᠵᠤᠷᠢᠭᠤᠯᠵᠤ ᠦᠨᠡᠨ ᠪᠤᠳᠠᠳᠠᠢ ᠦᠯᠡᠮᠵᠢ ᠪᠦᠳᠦᠮᠵᠢ ᠤᠯᠤᠭᠰᠠᠨ ᠪᠤᠯᠬᠤᠷ ᠳᠡᠷᠡ ᠪᠤᠯ ᠰᠤᠷᠭᠠᠯᠳᠠ ᠰᠤᠳᠤᠯᠭᠠᠨ ᠢ ᠤᠶᠠᠯᠳᠤᠭᠤᠯᠤᠭᠰᠠᠨ ᠡᠷᠳᠡᠮᠳᠡᠨ ᠪᠠᠶᠢᠭᠰᠠᠨ᠃          ᠳᠡᠮᠦᠷᠪᠠᠭᠠᠨ᠎ᠠ ᠪᠠᠭᠰᠢ ᠡᠷᠳᠡᠮ ᠰᠢᠨᠵᠢᠯᠡᠬᠡᠨ ᠤ ᠦᠢᠯᠡᠰ ᠲᠤ ᠭᠠᠷᠮᠠᠭᠠᠢᠢᠯᠠᠨ ᠵᠢᠳᠬᠦᠬᠦ ᠳᠡᠭᠡᠨ ᠲᠦᠪ ᠴᠢᠬᠡᠴᠢ ᠤᠪᠤᠷ ᠢᠶᠠᠷ ᠡᠷᠢᠯ ᠬᠠᠶᠢᠯᠳᠠ ᠬᠢᠵᠦ᠂ ᠰᠤᠳᠤᠯᠤᠯ ᠰᠢᠨᠵᠢᠯᠡᠯ ᠢᠶᠠᠨ ᠬᠦᠨᠵᠡᠬᠡᠶᠢᠷᠡᠬᠦᠯᠵᠦ᠂ ᠦᠷ᠎ᠠ ᠦᠭᠬᠦᠬᠡᠵᠢ ᠲᠠᠢ ᠪᠦᠳᠦᠬᠡᠯ ᠤᠳ ᠳᠤᠭᠤᠷᠪᠢᠭᠰᠠᠨ ᠶᠤᠮ᠃ ᠡᠨᠡ ᠨᠢ ᠮᠤᠩᠭᠤᠯ ᠰᠤᠳᠤᠯᠤᠯ ᠤᠨ ᠦᠷᠨᠢᠯ ᠬᠦᠭᠵᠢᠯ᠂ ᠦᠬᠡᠳᠡᠯᠡᠯ ᠮᠠᠨᠳᠤᠯ ᠳᠤ ᠦᠨᠡᠳᠡᠢ ᠬᠤᠪᠢ ᠨᠡᠮᠡᠷᠢ ᠪᠤᠯᠤᠭᠰᠠᠨ ᠪᠤᠯᠬᠤᠷ ᠠᠮᠵᠢᠯᠳᠠ ᠪᠦᠳᠦᠬᠡᠯ ᠨᠢ ᠠᠯᠳᠠᠷ ᠨᠡᠷ᠎ᠠ ᠶᠢᠨ ᠬᠢᠨᠢ ︽ᠨᠡᠷᠡᠳᠤ ᠳᠡᠮᠳᠡᠭ︾ ᠪᠤᠯᠵᠤ᠂ ᠤᠯᠤᠰ ᠤᠨ ᠳᠤᠳᠤᠭᠠᠳᠤ ᠭᠠᠳᠠᠭᠠᠳᠤ ᠳᠤ ᠠᠯᠳᠠᠷᠰᠢᠭᠤᠯᠤᠨ ᠳᠠᠭᠤᠷᠢᠰᠬᠠᠵᠠᠢ ᠃ ᠡᠪᠡᠳᠴᠢᠨ ᠡᠮᠬᠡᠭ ᠤᠨ ᠳᠠᠷᠴᠢᠯᠠᠭᠠᠯ ᠳᠤ ᠤᠴᠠᠷᠠᠭᠰᠠᠨ ᠴᠤ ᠡᠷᠡᠰ ᠬᠠᠳᠠᠨ ᠵᠤᠷᠢᠭ ᠢᠶᠠᠷ ᠪᠢᠷ ᠬᠤᠷᠴᠠᠯᠠᠨ ᠪᠠᠶᠢᠯᠳᠤᠵᠤ᠂ ᠠᠮᠢ ᠨᠠᠰᠤᠨ ᠤ ᠡᠴᠦᠰ ᠤᠨ ᠴᠠᠭ ᠮᠦᠴᠡ ᠳᠡᠭᠡᠨ ᠭᠤᠨᠢᠵᠤ ᠭᠤᠳᠤᠷᠠᠯ ᠦᠬᠡᠢ ᠪᠢᠯᠢᠭ ᠤᠬᠠᠭᠠᠨ ᠢᠶᠠᠨ ᠪᠠᠳᠠᠷᠠᠭᠤᠯᠵᠤ᠂ ᠬᠤᠶᠠᠷ ᠪᠤᠳᠢ ᠨᠤᠮ ᠢᠶᠠᠨ ᠤᠯᠠᠨ ᠤ ᠬᠦᠷᠳᠡᠬᠡᠯ ᠪᠤᠯᠭᠠᠬᠤ ᠪᠠᠷ ᠤᠢᠢᠭ᠎ᠠ ᠦᠬᠡᠢ ᠵᠢᠳᠬᠦᠵᠦ ᠬᠡᠪᠯᠡᠯ ᠳᠤ ᠰᠢᠯᠵᠢᠬᠦᠯᠬᠦ ᠪᠠᠷ ᠠᠵᠢᠯᠯᠠᠵᠤ ᠪᠠᠶᠢᠭᠰᠠᠨ ᠨᠢ ᠬᠡᠨ ᠪᠦᠬᠦᠨ ᠳᠤ ᠬᠡᠵᠢᠶ᠎ᠠ ᠡᠬᠦᠷᠢᠳᠡ ᠶᠢᠨ ᠳᠤᠷᠠᠳᠬᠠᠯ ᠪᠤᠯᠵᠤ ᠵᠤᠷᠢᠬᠵᠢᠭᠤᠯᠤᠯ ᠪᠤᠯᠵᠤ ᠳᠠᠭᠤᠷᠢᠶᠠᠯ ᠪᠤᠯᠤᠭᠰᠠᠨ ᠶᠤᠮ᠃ ᠳᠡᠮᠦᠷᠪᠠᠭᠠᠨ᠎ᠠ ᠪᠠᠭᠰᠢ ᠶᠢᠨ ᠡᠷᠳᠡᠮ ᠰᠢᠨᠵᠢᠯᠡᠬᠡᠨ ᠤ ᠲᠦᠪ ᠴᠢᠭᠡᠴᠢ ᠰᠤᠷᠳᠠᠯ᠂ ᠨᠠᠷᠢᠨ ᠬᠢᠨᠠᠮᠠᠭᠠᠢ ᠤᠪᠤᠷ ᠨᠢ ᠦᠢᠯᠡᠰ ᠤᠨ ᠵᠠᠮ ᠤᠨ ᠭᠡᠷᠡᠯᠳᠤ ᠴᠠᠮᠬᠠᠭ ᠪᠤᠯᠵᠤ ᠰᠤᠳᠤᠯᠤᠯ ᠰᠢᠨᠵᠢᠯᠡᠯ ᠢ ᠨᠢ ᠵᠢᠯᠤᠭᠤᠳᠴᠤ ᠪᠠᠶᠢᠭᠰᠠᠨ ᠪᠤᠯᠬᠤᠷ ᠰᠦᠰᠦ ᠵᠤᠷᠢᠭ ᠢᠶᠠᠷ ᠠᠯᠳᠠᠷᠰᠢᠭᠰᠠᠨ ᠵᠢᠳᠬᠦᠯᠳᠡᠨ ᠪᠠᠶᠢᠭᠰᠠᠨ ᠶᠤᠮ᠃          ᠳ᠋᠊ · ᠴᠡᠩᠬᠡᠯᠳᠣ ︵ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠫᠷᠦᠹᠧᠰᠰᠤᠷ︶          ᠡᠷᠳᠡᠮᠲᠡᠨ ᠫᠷᠣᠹᠧᠰᠰᠣᠷ  ᠪ᠊· ᠲᠡᠮᠦᠷᠪᠠᠭᠠᠨ᠎ᠠ ᠪᠠᠭᠰᠢ ᠶᠢᠷᠳᠢᠨᠴᠦ ᠶᠢᠨ ᠮᠥᠩᠬᠡ ᠪᠤᠰᠤ ᠶᠢ ᠦᠵᠡᠭᠦᠯᠵᠦ᠂ ᠲᠣᠭᠤᠷᠤᠤ ᠵᠠᠶᠢᠳᠠᠯᠠᠵᠤ ᠲᠣᠭᠤᠰᠣᠲᠤ ᠵᠢᠷᠲᠢᠨᠴᠦ ᠠᠴᠠ ᠮᠣᠷᠳᠠᠭᠠᠳ ᠨᠢᠭᠡ ᠵᠢᠯ ᠤᠨ ᠣᠢ ᠪᠣᠯᠵᠤ ᠪᠠᠶᠢᠨ᠎ᠠ᠃ ᠥᠨᠥᠳᠥᠷ ᠠᠳᠡ ᠪᠢ ᠬᠡᠳᠦ᠋ᠢᠪᠡᠷ ᠮᠡᠷᠭᠡᠵᠢᠯ ᠨᠢᠬᠡᠳᠡᠢ ᠪᠢᠰᠢ ᠪᠣᠯᠪᠠᠴᠤ ᠲᠡᠮᠦᠷᠪᠠᠭᠠᠨ᠎ᠠ ᠪᠠᠭᠰᠢ ᠳᠤ ᠰᠤᠷᠤᠭᠴᠢ ᠶᠢᠨ ᠦᠶ᠎ᠡ ᠪᠣᠯᠬᠤ ᠶᠢᠨ ᠵᠡᠷᠭᠡ ᠪᠠᠷ ᠬᠠᠮᠲᠤ ᠠᠵᠢᠯᠯᠠᠭᠰᠠᠳ ᠤᠨ ᠬᠤᠪᠢ ᠠᠴᠠ ᠳᠤᠷᠠᠰᠤᠨ ᠰᠠᠨᠠᠭᠠᠯᠵᠠᠭᠰᠠᠨ ᠰᠡᠳᠬᠢᠯᠭᠡ ᠪᠠᠨ ᠢᠯᠡᠳᠬᠡᠨ ᠬᠡᠳᠦᠨ ᠦᠭᠡ ᠶᠠᠷᠢᠮᠠᠷ ᠪᠠᠶᠢᠨ᠎ᠠ᠃          ᠮᠢᠨᠤ ᠮᠡᠳᠡᠬᠦ ᠪᠠᠷ ᠡᠷᠳᠡᠮᠲᠡᠨ ᠲᠡᠮᠦᠷᠪᠠᠭᠠᠨ᠎ᠠ ᠬᠦᠩᠭᠡᠨ ᠬᠠᠭᠤᠳᠠᠮ ᠢᠶᠠᠷ ᠪᠢᠷ ᠪᠠᠷᠢᠬᠤ ᠦᠭᠡᠢ ᠪᠥᠭᠡᠳ ᠬᠠᠰᠢ ᠶᠠᠰᠢ ᠪᠠᠷ ᠦᠭᠦᠯᠡᠯ ᠨᠡᠶᠢᠲᠡᠯᠡᠭᠦᠯᠬᠦ ᠬᠥᠮᠥᠨ ᠪᠢᠰᠢ ᠶᠤᠮ᠃ ᠬᠥᠮᠥᠨ ᠤ ᠠᠩᠬᠠᠷᠤᠯ ᠢ ᠲᠠᠲᠠᠬᠤ ᠦᠭᠡᠢ ᠪᠣᠯ ᠬᠥᠩᠭᠡᠨ ᠪᠢᠷ ᠢ ᠬᠦᠰᠢᠳᠡᠭ ᠦᠭᠡᠢ ᠬᠥᠮᠥᠨ᠃ ᠲᠡᠷᠡ ᠪᠠᠷ ᠦᠭᠦᠯᠡᠯ ᠨᠡᠶᠢᠲᠡᠯᠡᠭᠦᠯᠬᠦ ᠨᠢ ᠲᠤᠭ᠎ᠠ ᠨᠣᠷᠮ᠎ᠠ ᠭᠦᠢᠴᠡᠭᠡᠬᠦ ᠪᠣᠶᠣ ᠨᠡᠷ᠎ᠡ ᠪᠠᠨ ᠲᠡᠮᠳᠡᠭᠯᠡᠭᠦᠯᠬᠦ ᠶᠢᠨ ᠲᠥᠯᠥᠭᠡ ᠪᠢᠰᠢ ᠭᠡᠳᠡᠭ ᠵᠠᠷᠴᠢᠮ ᠢ ᠴᠢᠩᠭ᠎ᠠ ᠪᠠᠷᠢᠭᠰᠠᠨ ᠬᠥᠮᠥᠨ᠃ ᠦᠭᠦᠯᠡᠯ ᠪᠣᠯ ᠣᠨᠣᠯ ᠠᠷᠭ᠎ᠠ ᠦᠵᠡᠯᠲᠡ ᠶᠢᠨ ᠠᠯᠢ ᠨᠢᠭᠡ ᠨᠢ ᠵᠠᠪᠠᠯ ᠰᠢᠨ᠎ᠡ ᠪᠣᠶᠣ ᠡᠭᠦᠳᠦᠯᠲᠡ ᠲᠠᠢ ᠪᠠᠶᠢᠯᠭᠠᠬᠤ ᠬᠡᠷᠡᠭᠲᠡᠢ ᠭᠡᠰᠡᠨ ᠢ ᠪᠠᠲᠤ ᠵᠢᠷᠤᠮᠯᠠᠭᠰᠠᠨ ᠬᠥᠮᠥᠨ᠃ ︽ᠮᠣᠩᠭᠤᠯ ᠤᠨ ᠨᠢᠭᠤᠴᠠ ᠲᠣᠪᠴᠢᠶᠠᠨ ᠤ ᠰᠤᠷᠪᠤᠯᠵᠢ ᠪᠢᠴᠢᠭ ᠤᠨ ᠪᠠᠷ ᠬᠡᠪᠯᠡᠯ ᠤᠨ ᠰᠤᠳᠤᠯᠭ᠎ᠠ︾ ᠭᠡᠰᠡᠨ ᠲᠤᠰᠬᠠᠢ ᠰᠡᠳᠦᠪᠲᠦ ᠪᠦᠲᠦᠭᠡᠯ ᠨᠢ ᠬᠢᠲᠠᠳ ᠢᠶᠠᠷ ᠪᠡᠭᠡᠵᠢᠩ ᠶᠡᠭᠡ ᠰᠤᠷᠭᠠᠭᠤᠯᠢ ᠶᠢᠨ ᠬᠡᠪᠯᠡᠯ ᠤᠨ ᠬᠤᠷᠢᠶ᠎ᠠ ᠠᠴᠠ ᠬᠡᠪᠯᠡᠭᠳᠡᠵᠦ᠂ ︽ᠳᠣᠷᠣᠨᠠᠳᠠᠬᠢᠨ ᠤ ᠰᠣᠶᠣᠯ ᠤᠨ ᠴᠢᠭᠤᠯᠭᠠᠨ︾ ᠴᠣᠪᠤᠷᠠᠯ ᠪᠢᠴᠢᠭ ᠲᠤ ᠰᠣᠩᠭᠤᠭᠳᠠᠨ᠂ ᠪᠡᠭᠡᠵᠢᠩ ᠶᠡᠭᠡ ᠰᠤᠷᠭᠠᠭᠤᠯᠢ ᠶᠢᠨ ᠠᠰᠫᠢᠷᠠᠨᠲ ᠳ᠋ᠣᠺᠲ᠋ᠣᠷᠠᠨᠲ ᠤᠨ ᠤᠩᠰᠢᠬᠤ ᠪᠢᠴᠢᠭ ᠲᠤ ᠵᠢᠭᠰᠡᠭᠠᠭᠳᠠᠭᠰᠠᠨ ᠪᠠᠶᠢᠲᠠᠯ᠎ᠠ ᠴᠢᠮᠡᠭᠡ ᠢᠮᠡᠭᠡ ᠭᠠᠷᠭᠠᠯ ᠦᠭᠡᠢ ᠴᠢᠭ ᠲᠡᠭᠡᠨ ᠰᠠᠭᠤᠳᠠᠭ ᠬᠥᠮᠥᠨ ᠪᠠᠶᠢᠭᠰᠠᠨ᠃ ᠡᠷᠳᠡᠮᠲᠡᠨ ᠲᠡᠮᠦᠷᠪᠠᠭᠠᠨ᠎ᠠ ᠬᠢᠲᠠᠳ ᠪᠢᠴᠢᠭ ᠢᠶᠠᠷ ᠪᠢᠴᠢᠪᠡᠯ ᠬᠢᠲᠠᠳ ᠡᠷᠳᠡᠮᠲᠡᠳ ᠠᠴᠠ ᠴᠤ ᠢᠯᠡᠭᠦᠦ ᠰᠠᠶᠢᠨ ᠪᠢᠴᠢᠳᠡᠭ ᠢᠶᠠᠷ ᠪᠠᠷᠠᠬᠤ ᠦᠭᠡᠢ᠂ ᠡᠷᠲᠡᠨ ᠤ ᠬᠢᠲᠠᠳ ᠬᠡᠯᠡ ᠶᠢ ᠴᠤ ᠬᠢᠲᠠᠳᠴᠤᠳ ᠤᠨ ᠡᠷᠲᠡᠨ ᠤ ᠬᠢᠲᠠᠳ ᠬᠡᠯᠡ ᠰᠤᠳᠤᠯᠤᠭᠠᠴᠢᠳ ᠲᠠᠢ ᠮᠥᠴᠡᠭᠡᠷᠬᠡᠵᠦ ᠪᠣᠯᠣᠮᠠᠷ ᠭᠡᠳᠡᠭ ᠢ ᠮᠠᠨᠤᠰ ᠪᠦᠷ ᠮᠡᠳᠡᠵᠦ ᠪᠠᠶᠢᠨ᠎ᠠ᠃ ᠭᠡᠲᠡᠯ᠎ᠡ ᠲᠡᠷᠡ ᠪᠠᠷ ᠣᠩᠭᠢᠷᠠᠵᠤ ᠣᠮᠣᠷᠬᠠᠭᠯᠠᠭᠰᠠᠨ ᠰᠢᠨᠵᠢ ᠶᠢ ᠨᠢᠭᠤᠷ ᠲᠡᠭᠡᠨ ᠢᠯᠡᠷᠡᠭᠦᠯᠦᠭᠡ ᠦᠭᠡᠢ᠂ ᠣᠨᠴᠠᠭᠠᠶᠢᠷᠠᠵᠤ ᠮᠡᠳᠡᠮᠡᠬᠡᠶᠢᠷᠡᠭᠰᠡᠨ ᠦᠭᠡ ᠶᠢ ᠠᠮᠠᠨ ᠳᠠᠭᠠᠨ ᠳᠦᠳᠦᠨᠡᠭᠡ ᠦᠭᠡᠢ᠃ ᠬᠠᠷᠢᠨ ᠮᠣᠩᠭᠤᠯ ᠰᠤᠳᠤᠯᠤᠯ ᠤᠨ ᠬᠢᠨ ᠮᠣᠩᠭᠤᠯ ᠢᠶᠠᠷ ᠢᠶᠠᠨ ᠪᠢᠴᠢᠬᠦ ᠦᠭᠡᠢ ᠪᠣᠯ ᠬᠡᠨ ᠮᠣᠩᠭᠤᠯ ᠢᠶᠠᠷ ᠪᠢᠴᠢᠳᠡᠭ ᠪᠣᠢ ᠭᠡᠵᠦ ᠮᠣᠩᠭᠤᠯ ᠢᠶᠠᠷ ᠪᠢᠴᠢᠬᠦ ᠪᠠᠨ ᠡᠷᠬᠢᠮ ᠳᠡᠭᠡᠳᠦ ᠪᠣᠯᠭᠠᠨ ᠶᠠᠷᠢᠳᠠᠭ ᠪᠠᠶᠢᠭᠰᠠᠨ ᠶᠤᠮ᠃ ᠲᠡᠷᠡ ᠪᠠᠷ ᠨᠠᠳᠠ ᠰᠢᠭ᠋ ︽ᠲᠠᠯ᠎ᠠ ᠨᠤᠲᠤᠭ ᠤᠨ ᠡᠷᠳᠡᠮᠲᠡᠨ︾ ᠭᠡᠳᠡᠭ ᠨᠡᠷ᠎ᠡ ᠶᠢᠨ ᠲᠡᠳᠦᠢ ᠦᠨᠡᠮᠯᠡᠯ ᠫᠠᠶᠢᠰᠠ ᠶᠢ ᠠᠪᠤᠭᠰᠠᠨ ᠦᠭᠡᠢ ᠪᠣᠯᠪᠠᠴᠤ ᠵᠢᠩᠬᠢᠨᠢ ᠲᠠᠯ᠎ᠠ ᠨᠤᠲᠤᠭ ᠤᠨ ᠣᠬᠢ ᠰᠣᠳᠣᠨ ᠡᠷᠳᠡᠮᠲᠡᠨ ᠭᠡᠳᠡᠭ ᠢᠷᠠᠭᠤ ᠠᠯᠳᠠᠷ ᠢ ᠨᠡᠶᠢᠭᠡᠮ ᠨᠡᠶᠢᠲᠡ ᠲᠡᠭᠦᠨ ᠳᠤ ᠰᠢᠯᠵᠢᠰᠢ ᠦᠭᠡᠢ ᠪᠠᠬᠢ ᠵᠡᠭᠦᠯᠭᠡᠭᠰᠡᠨ ᠶᠤᠮ᠃          ᠡᠷᠳᠡᠮᠲᠡᠨ ᠫᠷᠣᠹᠧᠰᠰᠣᠷ ᠲᠡᠮᠦᠷᠪᠠᠭᠠᠨ᠎ᠠ ᠪᠣᠯ ᠨᠢᠮᠪᠠᠢ ᠬᠢᠨᠠᠭᠤᠷ ᠴᠢᠩᠭ᠎ᠠ ᠬᠠᠲᠠᠭᠤ ᠪᠠᠭᠰᠢ ᠪᠣᠯᠣᠨ᠎ᠠ᠃ ᠲᠡᠷᠡ ᠪᠠᠷ ᠡᠷᠳᠡᠮ ᠰᠢᠨᠵᠢᠯᠡᠭᠡ ᠪᠠ ᠵᠢᠭᠠᠨ ᠰᠤᠷᠭᠠᠯᠲᠠ ᠶᠢ ᠤᠶᠠᠯᠳᠤᠭᠤᠯᠬᠤ ᠶᠢ ᠠᠩᠬᠠᠷᠤᠨ ︽ᠳᠤᠮᠳᠠᠳᠤ ᠤᠯᠤᠰ ᠤᠨ ᠣᠳᠣ ᠦᠶ᠎ᠡ ᠶᠢᠨ ᠤᠷᠠᠨ ᠵᠣᠬᠢᠶᠠᠯ ᠤᠨ ᠲᠡᠦᠬᠡ︾ ᠵᠡᠷᠭᠡ ᠬᠡᠳᠦᠨ ᠰᠤᠷᠬᠤ ᠪᠢᠴᠢᠭ ᠢ ᠮᠣᠩᠭᠤᠯ ᠬᠡᠯᠡ ᠪᠠᠷ ᠨᠠᠶᠢᠷᠠᠭᠤᠯᠬᠤ ᠠᠵᠢᠯ ᠳᠤ ᠣᠷᠣᠯᠴᠠᠵᠤ᠂ ︽ᠳᠤᠮᠳᠠᠳᠤ ᠤᠯᠤᠰ ᠤᠨ ᠡᠷᠲᠡᠨ ᠤ ᠰᠤᠷᠪᠤᠯᠵᠢ ᠪᠢᠴᠢᠭ ᠤᠨ ᠤᠬᠠᠭᠠᠨ︾᠂ ︽ᠮᠣᠩᠭᠤᠯ ᠤᠷᠠᠨ ᠵᠣᠬᠢᠶᠠᠯ ᠤᠨ ᠰᠤᠷᠪᠤᠯᠵᠢ ᠪᠢᠴᠢᠭ ᠤᠨ ᠤᠬᠠᠭᠠᠨ︾᠂ ︽ᠮᠣᠩᠭᠤᠯ ᠤᠷᠠᠨ ᠵᠣᠬᠢᠶᠠᠯ ᠤᠨ ᠰᠤᠷᠪᠤᠯᠵᠢ ᠪᠢᠴᠢᠭ ᠤᠨ ᠤᠬᠠᠭᠠᠨ ᠤ ᠰᠤᠳᠤᠯᠭᠠᠨ ᠤ ᠲᠡᠦᠬᠡ︾᠂ ︽ᠮᠣᠩᠭᠤᠯ ᠦᠨᠳᠦᠰᠦᠲᠡᠨ ᠤ ᠬᠢᠲᠠᠳ ᠢᠶᠠᠷ ᠪᠢᠴᠢᠭᠰᠡᠨ ᠪᠦᠲᠦᠭᠡᠯ ᠤᠨ ᠰᠤᠳᠤᠯᠭ᠎ᠠ︾᠂ ︽ᠮᠣᠩᠭᠤᠯ ᠤᠨ ᠨᠢᠭᠤᠴᠠ ᠲᠣᠪᠴᠢᠶᠠᠨ ᠤ ᠲᠤᠰᠬᠠᠢ ᠰᠡᠳᠦᠪᠲᠦ ᠰᠤᠳᠤᠯᠭᠠᠨ︾᠂ ︽ᠡᠷᠲᠡᠨ ᠤ ᠬᠢᠲᠠᠳ ᠬᠡᠯᠡ︾ ᠭᠡᠬᠦ ᠮᠡᠲᠦ ᠶᠢᠨ ᠣᠯᠠᠨ ᠵᠦᠢᠯ ᠤᠨ ᠬᠢᠴᠢᠶᠡᠯ ᠢ ᠠᠰᠫᠢᠷᠠᠨᠲ ᠲᠤ ᠨᠡᠭᠡᠭᠡᠭᠰᠡᠨ ᠪᠥᠭᠡᠳ ︽ᠡᠷᠲᠡᠨ ᠤ ᠰᠤᠷᠪᠤᠯᠵᠢ ᠪᠢᠴᠢᠭ ᠢ ᠡᠮᠬᠢᠯᠡᠬᠦ ᠠᠷᠭ᠎ᠠ ᠪᠠ ᠰᠤᠳᠤᠯᠭᠠᠨ︾ ᠭᠡᠰᠡᠨ ᠦᠨᠳᠦᠰᠦᠨ ᠠᠩᠭᠢ ᠳᠤ ᠨᠡᠭᠡᠭᠡᠭᠰᠡᠨ ᠬᠢᠴᠢᠶᠡᠯ ᠨᠢ ᠰᠤᠷᠤᠭᠴᠢᠳ ᠤᠨ ᠰᠣᠨᠢᠷᠬᠠᠯ ᠢ ᠲᠠᠲᠠᠵᠤ ᠰᠣᠩᠭᠤᠨ ᠰᠤᠷᠬᠤ ᠣᠶᠣᠲᠠᠳ ᠤᠳᠠᠭ᠎ᠠ ᠪᠦᠷᠢ ᠬᠤᠶᠠᠷ ᠵᠠᠭᠤ ᠰᠢᠬᠠᠮ ᠳᠤ ᠬᠦᠷᠳᠡᠭ ᠪᠠᠶᠢᠨ᠎ᠠ᠃ ᠲᠡᠮᠦᠷᠪᠠᠭᠠᠨ᠎ᠠ ᠪᠠᠭᠰᠢ ᠶᠢᠨ ᠬᠢᠴᠢᠶᠡᠯ ᠬᠥᠮᠥᠵᠢᠯ ᠤᠨ ᠣᠨᠴᠠᠯᠢᠭ ᠨᠢ ᠦᠬᠦᠮᠡᠯ ᠨᠢᠭᠡ ᠯᠧᠺᠼᠢ ᠶᠢ ᠣᠯᠠᠨ ᠵᠢᠯ ᠳᠠᠷᠠᠭᠠᠯᠠᠨ ᠤᠩᠰᠢᠬᠤ ᠪᠢᠰᠢ᠂ ᠬᠢᠴᠢᠶᠡᠯ ᠳᠡᠭᠡᠷ᠎ᠡ ᠡᠷᠳᠡᠮ ᠰᠢᠨᠵᠢᠯᠡᠭᠡᠨ ᠤ ᠰᠢᠨ᠎ᠡ ᠰᠢᠨ᠎ᠡ ᠠᠮᠵᠢᠯᠲᠠ ᠪᠦᠲᠦᠭᠡᠯ ᠢ ᠲᠠᠨᠢᠯᠴᠠᠭᠤᠯᠬᠤ ᠶᠢ ᠴᠢᠬᠤᠯᠠᠴᠢᠯᠠᠬᠤ ᠪᠠᠷ ᠪᠠᠷᠠᠬᠤ ᠦᠭᠡᠢ᠂ ᠰᠤᠷᠤᠭᠴᠢᠳ ᠤᠨ ᠪᠡᠶ᠎ᠡ ᠪᠠᠨ ᠳᠠᠭᠠᠭᠠᠵᠤ ᠰᠤᠷᠤᠯᠴᠠᠬᠤ ᠪᠠ ᠡᠭᠦᠳᠦᠨ ᠪᠦᠲᠦᠭᠡᠯᠴᠢ ᠲᠠᠢ ᠰᠤᠳᠤᠯᠬᠤ ᠶᠢ ᠲᠤᠩ ᠬᠦᠨᠳᠦᠳᠬᠡᠳᠡᠭ ᠲᠤ ᠣᠷᠣᠰᠢᠨ᠎ᠠ᠃          ᠲᠡᠮᠦᠷᠪᠠᠭᠠᠨ᠎ᠠ ᠪᠠᠭᠰᠢ ᠪᠣᠯ ᠡᠷᠳᠡᠮ ᠰᠢᠨᠵᠢᠯᠡᠭᠡᠨ ᠤ ᠰᠣᠳᠣᠨ ᠳᠠᠭᠠᠭᠤᠯᠤᠭᠴᠢ ᠡᠩᠨᠡᠭᠡ ᠪᠥᠯᠬᠦᠮ ᠤᠨ ᠢᠶᠠᠨ ᠰᠢᠯᠢᠳᠡᠭ ᠠᠬᠠᠯᠠᠭᠴᠢ ᠪᠣᠯᠣᠨ᠎ᠠ᠃ ᠫᠷᠣᠹᠧᠰᠰᠣᠷ ᠲᠡᠮᠦᠷᠪᠠᠭᠠᠨ᠎ᠠ ᠰᠤᠳᠤᠯᠤᠨ ᠰᠤᠷᠤᠭᠴᠢ ᠶᠢᠨ ᠭᠠᠵᠠᠷ ᠳᠠᠷᠤᠭᠠᠯᠠᠵᠤ ᠪᠠᠶᠢᠭ᠎ᠠ ᠳᠠᠭᠠᠨ ︽ᠬᠡᠯᠡ ᠰᠢᠨᠵᠢᠯᠡᠯ ᠪᠠ ᠬᠡᠷᠡᠭᠯᠡᠭᠡᠨ ᠤ ᠬᠡᠯᠡ ᠰᠢᠨᠵᠢᠯᠡᠯ︾᠂ ︽ᠳᠤᠮᠳᠠᠳᠤ ᠤᠯᠤᠰ ᠤᠨ ᠡᠷᠲᠡᠨ ᠤ ᠰᠤᠷᠪᠤᠯᠵᠢ ᠪᠢᠴᠢᠭ ᠤᠨ ᠤᠬᠠᠭᠠᠨ︾ ᠵᠡᠷᠭᠡ ᠮᠡᠷᠭᠡᠵᠢᠯ ᠳᠤ ᠮᠠᠰᠲ᠋ᠧᠷ ᠵᠡᠷᠭᠡ ᠣᠯᠭᠤᠬᠤ ᠡᠷᠬᠡ ᠶᠢ ᠣᠯᠬᠤ ᠳᠤ ᠬᠦᠴᠦᠨ ᠵᠢᠳᠬᠦᠯ ᠢᠶᠠᠨ ᠦᠵᠡᠭᠦᠯᠦᠭᠰᠡᠨ ᠪᠥᠭᠡᠳ ᠳᠤᠮᠳᠠᠳᠤ ᠤᠯᠤᠰ ᠤᠨ ᠡᠷᠲᠡᠨ ᠤ ᠰᠤᠷᠪᠤᠯᠵᠢ ᠪᠢᠴᠢᠭ ᠤᠨ ᠤᠬᠠᠭᠠᠨ ᠤ ᠮᠡᠷᠭᠡᠵᠢᠯ ᠢ ᠪᠡᠶᠡᠴᠢᠯᠡᠨ ᠵᠣᠬᠢᠶᠠᠨ ᠪᠠᠶᠢᠭᠤᠯᠵᠤ᠂ ᠤᠳᠤᠷᠢᠳᠤᠨ ᠳᠠᠭᠠᠭᠤᠯᠤᠭᠰᠠᠨ ᠶᠤᠮ᠃ ᠪᠦᠬᠦ ᠤᠯᠤᠰ ᠤᠨ ᠠᠷᠪᠠᠳᠤᠭᠠᠷ ᠤᠳᠠᠭᠠᠨ ᠤ ᠳ᠋ᠣᠺᠲ᠋ᠣᠷ ᠤᠨ ᠴᠤᠯᠠ ᠣᠯᠭᠤᠬᠤ ᠡᠷᠬᠡ ᠶᠢ ᠭᠤᠶᠤᠴᠢᠯᠠᠬᠤ ᠠᠵᠢᠯ ᠳᠤ ᠲᠡᠷᠡ ᠪᠠᠷ ᠮᠣᠩᠭᠤᠯ ᠬᠡᠯᠡ ᠤᠳᠬ᠎ᠠ ᠵᠣᠬᠢᠶᠠᠯ ᠤᠨ ᠮᠡᠷᠭᠡᠵᠢᠯ ᠤᠨ ᠪᠦᠬᠦ ᠪᠠᠭᠰᠢ ᠶᠢᠨ ᠡᠩᠨᠡᠭᠡ ᠶᠢ ᠵᠣᠬᠢᠶᠠᠨ ᠪᠠᠶᠢᠭᠤᠯᠵᠤ ᠳ᠋ᠣᠺᠲ᠋ᠣᠷ ᠤᠨ ᠴᠤᠯᠠ ᠣᠯᠭᠤᠬᠤ ᠴᠡᠭ ᠢ ᠡᠷᠡᠮᠡᠯᠵᠡᠬᠦ ᠠᠵᠢᠯ ᠢ ᠱᠠᠯᠠᠪᠳᠠᠨ ᠬᠢᠭᠰᠡᠨ ᠶᠤᠮ᠃ ᠳᠡᠷᠡ ᠤᠳᠠᠭᠠᠨ ᠤ ᠡᠷᠡᠮᠡᠯᠵᠡᠯ ᠨᠢ ᠡᠯᠳᠡᠪ ᠰᠢᠯᠲᠠᠭᠠᠨ ᠠᠴᠠ ᠪᠣᠯᠵᠤ ᠲᠣᠬᠢᠶᠠᠯ ᠢ ᠲᠦᠷ ᠠᠯᠳᠠᠭᠰᠠᠨ ᠪᠣᠯᠪᠠᠴᠤ ᠥᠨᠥᠳᠥᠷ ᠤᠨ ᠮᠠᠨ ᠤ ᠳᠤᠮᠳᠠᠳᠤ ᠤᠯᠤᠰ ᠤᠨ ᠬᠡᠯᠡ ᠤᠳᠬ᠎ᠠ ᠵᠣᠬᠢᠶᠠᠯ ᠤᠨ ᠮᠡᠷᠭᠡᠵᠢᠯ ᠳᠤ ᠳ᠋ᠣᠺᠲ᠋ᠣᠷ ᠤᠨ ᠴᠤᠯᠠ ᠣᠯᠭᠤᠬᠤ ᠡᠷᠬᠡ ᠶᠢ ᠣᠯᠬᠤ ᠳᠤ ᠪᠠᠲᠤᠲᠠᠢ ᠰᠠᠭᠤᠷᠢ ᠶᠢ ᠲᠠᠯᠪᠢᠭᠰᠠᠨ ᠪᠠᠶᠢᠨ᠎ᠠ᠃          2005 ᠣᠨ ᠳᠤ ᠮᠣᠩᠭᠤᠯ ᠬᠡᠯᠡ ᠤᠳᠬ᠎ᠠ ᠵᠣᠬᠢᠶᠠᠯ ᠤᠨ ᠮᠡᠷᠭᠡᠵᠢᠯ ᠠᠩᠬᠠᠳᠤᠭᠠᠷ ᠬᠤᠭᠤᠴᠠᠭᠠᠨ ᠤ ᠣᠷᠣᠨ ᠤ ᠳᠡᠰ ᠤᠨ ᠨᠡᠷᠡᠲᠤ ᠳᠤᠰᠬᠠᠢ ᠮᠡᠷᠭᠡᠵᠢᠯ ᠢᠶᠠᠷ ᠲᠣᠳᠣᠷᠠᠭᠰᠠᠨ ᠴᠢᠮᠡᠭᠡ ᠶᠢ ᠰᠣᠨᠣᠰᠤᠭᠠᠳ ᠪᠠᠶᠠᠷᠯᠠᠭᠰᠠᠨ ᠢᠶᠠᠨ ᠢᠯᠡᠳᠭᠡᠳᠡᠭ ᠵᠣᠷᠰᠢᠯ ᠤᠨ ᠨᠢᠭᠡ ᠬᠡᠯᠪᠡᠷᠢ ᠠᠯᠪᠠᠨ ᠰᠢᠷᠡᠭᠡ ᠪᠠᠨ ᠠᠯᠠᠭᠠᠳᠠᠵᠤ ᠪᠠᠶᠢᠯ᠎ᠠ᠃ ᠢᠯᠠᠩᠭᠤᠶ᠎ᠠ ᠳ᠋ᠣᠺᠲ᠋ᠣᠷ ᠤᠨ ᠴᠤᠯᠠ ᠣᠯᠭᠤᠬᠤ ᠡᠷᠬᠡ ᠶᠢ ᠣᠯᠣᠭᠰᠠᠨ ᠪᠠᠲᠤᠲᠠᠢ ᠴᠢᠮᠡᠭᠡ ᠶᠢ ᠳᠠᠮᠵᠢᠭᠤᠯᠬᠤ ᠳᠤ ᠡᠪᠡᠳᠴᠢᠲᠡᠨ ᠤ ᠣᠷᠣ ᠳᠡᠭᠡᠷ᠎ᠡ ᠠᠴᠠ ᠡᠪᠴᠢᠭᠦᠦ ᠪᠠᠨ ᠠᠯᠠᠭᠠᠳᠠᠨ ᠪᠠᠶᠠᠷᠯᠠᠵᠤ ᠪᠠᠶᠢᠭᠰᠠᠨ ᠵᠡᠷᠭᠡ ᠨᠢ ᠨᠠᠳᠠᠲᠦ ᠣᠳᠣ ᠴᠤ ᠮᠥᠨ ᠢᠯᠡ ᠲᠣᠳᠣᠬᠠᠨ ᠬᠠᠷᠠᠭᠳᠠᠭᠠᠳ ᠪᠠᠶᠢᠨ᠎ᠠ᠃ ᠠᠶᠤᠮᠰᠢᠭᠲᠤ ᠬᠠᠷ᠎ᠠ ᠡᠪᠡᠳᠴᠢᠨ ᠠᠷᠢᠭᠤᠨ ᠴᠠᠭᠠᠨ ᠠᠮᠢᠳᠤᠷᠠᠯ ᠤᠨ ᠳᠤᠮᠳᠠ ᠠᠴᠠ ᠠᠬᠠᠯᠠᠭᠴᠢ ᠶᠢ ᠮᠢᠨᠢ ᠠᠵᠢᠯ ᠢ ᠨᠢ ᠳᠠᠭᠤᠰᠬᠠᠯ ᠦᠭᠡᠢ ᠠᠪᠤᠭᠠᠳ ᠶᠠᠪᠤᠭᠰᠠᠨ᠃ ᠳᠡᠩᠳᠡᠭᠦᠦ ᠶᠠᠳᠠᠷᠠᠭᠰᠠᠨ ᠪᠠᠶᠢᠬ᠎ᠠ ᠲᠠ︕          ᠲᠠᠨ ᠤ ᠠᠯᠳᠠᠷ ᠨᠡᠷ᠎ᠡ ᠪᠠ ᠠᠷᠢᠭᠤᠨ ᠦᠢᠯᠡᠰ ᠴᠢᠨᠢ ᠲᠡᠦᠬᠡᠨ ᠬᠠᠭᠤᠳᠠᠰᠤᠨ ᠳᠤ ᠲᠣᠳᠣᠷᠠᠭᠰᠠᠨ ᠶᠠᠩᠵᠤ ᠪᠠᠷ ᠢᠶᠠᠨ ᠲᠥᠪᠯᠡᠬᠦᠨ ᠦᠯᠡᠳᠡᠬᠦ ᠪᠣᠯᠣᠨ᠎ᠠ᠃
 
ᠢᠷᠡᠯᠲᠡ᠄ ᠬᠡᠰᠢᠭᠳᠡᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号