| ᠬᠡᠰᠢᠭᠲᠡᠨ ᠤ ᠬᠤᠰᠢᠭᠤ ᠨᠣᠳᠤᠭ ᠠᠴᠠ ᠡᠷᠳᠡᠮᠳᠡᠨ ᠪᠣᠯᠣᠨ ᠰᠠᠶᠢᠨ ᠪᠥᠬᠡ ᠲᠠᠰᠣᠷᠠᠳᠠᠭ ᠥᠭᠡᠢ | ᠭᠡᠵᠥ ᠤᠯᠠᠮᠵᠢᠯᠠᠨ ᠶᠠᠷᠢᠭᠳᠠᠳᠠᠭ᠃ | ᠬᠡᠰᠢᠭᠳᠡᠨ ᠤ ᠳᠡᠭᠡᠷ᠎ᠡ ᠥᠶ᠎ᠡ ᠶᠢᠨ ᠰᠠᠶᠢᠨ ᠪᠥᠬᠡᠴᠥᠥᠯ ᠳᠤ ᠪᠠᠶᠠᠨᠴᠠᠭᠠᠨ᠂ ᠭᠠᠷᠤᠳᠢ᠂ | ᠠᠯᠲᠠᠨᠸᠠᠴᠢᠷ᠂ ᠳᠡᠯᠬᠡᠶᠢᠬᠤᠩᠭᠤᠷ᠂ ᠳᠠᠯᠠᠶᠢᠪᠣᠯᠠᠭ᠂ ᠰᠧᠮᠧ᠂ ᠰᠣᠳᠮᠠᠸᠠᠩᠴᠤᠭ᠂ ᠸᠠᠩᠴᠤᠭ᠂ ᠰᠢᠷᠠᠯᠠᠢ᠂ ᠡᠨᠡᠪᠢᠰᠢ | ᠂ ᠠᠨᠤ ᠁ ᠭᠡᠬᠦ ᠣᠯᠠᠨ ᠰᠠᠶᠢᠨ ᠪᠥᠬᠡᠴᠥᠥᠯ ᠪᠠᠶᠢᠪᠠ᠃ ᠤᠷᠴᠢᠮ ᠥᠶ᠎ᠡ ᠠᠴᠠ ᠰᠠᠶᠢᠨ ᠪᠥᠬᠡᠴᠥᠥᠯ ᠤᠨ | ᠳᠣᠳᠣᠷ᠎ᠠ ᠠᠴᠠ ᠭᠤᠩᠴᠣᠭᠰᠡᠷᠡᠩ ᠴᠣᠯᠭᠤᠷᠠᠨ ᠭᠠᠷᠴᠠᠢ᠃ | ᠭᠤᠩᠴᠣᠭᠰᠡᠷᠡᠩ ᠪᠣᠯ ᠰᠢᠨ᠎ᠡ ᠳᠣᠮᠳᠠᠳᠤ ᠣᠯᠣᠰ ᠤᠨ ᠪᠡᠶ᠎ᠡ ᠲᠠᠮᠢᠷ ᠤᠨ ᠪᠥᠬᠡ ᠶᠢᠨ ᠲᠠᠪᠴᠩ | ᠳᠡᠭᠡᠷ᠎ᠡ ᠢᠯᠡᠷᠡᠨ ᠭᠠᠷᠣᠭᠰᠠᠨ ᠥᠪᠣᠷ ᠮᠤᠩᠭᠤᠯ ᠤᠷᠣᠨ ᠤ ᠠᠷᠪᠠᠨ ᠳᠣᠯᠳᠭᠠᠨ ᠨᠡᠷᠡᠰ ᠤᠳᠭᠠᠨ ᠠᠪᠣᠷᠭᠤ ᠪᠥᠬᠡ | ᠶᠢᠨ ᠨᠢᠭᠡ᠂ ᠵᠣᠤ ᠣᠳᠠ ᠠᠶᠢᠮᠠᠭ ᠤᠨ ᠴᠤᠷ ᠤᠨ ᠭᠠᠭᠴᠠ ᠠᠩᠬᠠᠨ ᠤ ᠠᠪᠤᠷᠭᠤ ᠶᠤᠮ᠃ | ᠲᠡᠷᠡ ᠬᠥᠬᠡ ᠨᠣᠬᠠᠢ ᠵᠢᠯ (1934.9) ᠳᠤ ᠬᠡᠰᠢᠭᠳᠡᠨ ᠪᠠᠷᠠᠭᠤᠨ ᠠᠷᠤ ᠶᠢᠨ ᠭᠤᠷᠪᠠᠨ | ᠬᠥᠷᠢᠶ᠎ᠡ ᠶᠢᠨ ᠨᠣᠳᠤᠭ ᠲᠠᠢ ᠵᠢᠷ ᠤᠨ ᠮᠠᠯᠴᠢᠨ ᠢᠳᠡᠷᠵᠠᠨᠠ᠂ ᠯᠢᠩᠬᠤᠸ᠎ᠠ ᠶᠢᠨ ᠬᠥᠪᠡᠭᠦᠨ ᠪᠣᠯᠣᠨ ᠵᠠᠶᠠᠭᠠᠵᠤ᠂ ᠡᠥ | ᠰᠠᠨ ᠭᠥᠢ ᠣᠪᠣᠭ ᠤᠨ ᠵᠢᠭᠮᠡᠳ ᠳ᠋ᠠ ᠳᠤ ᠥᠷᠡᠴᠢᠯᠡᠭᠳᠡᠵᠠᠢ᠃ ᠬᠠᠷᠠᠬᠠᠨ ᠪᠠᠭ᠎ᠠ ᠠᠴᠠ ᠪᠥᠬᠡ ᠶᠢᠨ ᠠᠪᠢᠶᠠᠰ ᠪᠢᠯᠢᠭ | ᠲᠠᠢ ᠲᠣᠯᠠ ᠥᠶ᠎ᠡ ᠬᠤᠷᠠᠭ ᠤᠨ ᠨᠠᠶᠢᠵᠢ ᠨᠥᠬᠦᠳ ᠲᠠᠢ ᠪᠠᠨ ᠥᠷᠭᠦᠯᠵᠢ ᠪᠠᠷᠢᠯᠳᠣᠵᠤ ᠨᠣᠴᠤᠯᠳᠣᠬᠤ ᠳᠣᠷ᠎ᠠ | ᠪᠠᠭ᠋ᠠᠲᠠᠢ ᠬᠡᠵᠢᠶᠡᠳᠠ ᠣᠯᠠ ᠨᠢ ᠰᠠᠯᠣᠩᠬᠢ ᠭᠤᠳᠣᠯ᠂ ᠮᠥᠷᠥ ᠨᠢ ᠣᠷᠠᠩᠬᠠᠢ ᠬᠤᠪᠴᠠᠰᠤ ᠲᠠᠢ ᠶᠠᠪᠣᠳᠠᠭ᠃ | ᠨᠠᠭᠠᠳᠴᠤ ᠪᠠᠷᠢᠯᠳᠣᠬᠤ ᠬᠥᠮᠥᠨ ᠳᠣᠬᠢᠶᠠᠯᠳᠣᠪᠠᠯ ᠨᠠᠷᠠ ᠰᠢᠩᠭᠡᠵᠤ᠂ ᠰᠠᠷ᠎ᠠ ᠵᠢᠷᠭᠠᠳᠠᠯᠠ ᠪᠠᠷᠢᠯᠳᠤᠭᠰᠠᠨ ᠴᠦ ᠰᠠᠨᠠᠭ᠎ᠠ | ᠬᠠᠨᠳᠠᠭ ᠥᠭᠡᠢ᠃ ᠠᠷᠪᠠᠨ ᠨᠠᠢᠮᠠᠲᠠᠢ ᠠᠩᠬ᠎ᠠ ᠬᠡᠰᠢᠭᠳᠡᠨ ᠰᠥᠯᠳᠡ ᠣᠪᠣᠭᠠᠨ ᠤ ᠲᠠᠬᠢᠯᠭ᠎ᠠ ᠶᠢᠨ ᠶᠡᠭᠡ ᠨᠠᠶᠢᠷ ᠲᠤ | ᠪᠠᠷᠢᠯᠳᠣᠭᠰᠠᠨ ᠠᠴᠠ ᠡᠬᠢᠯᠡᠨ (1950᠂1953᠂1956᠂1961 ᠣᠨ ) ᠬᠤᠰᠢᠭᠤ ᠰᠥᠯᠳᠡ ᠤᠪᠤᠭ᠎ᠠ | ᠲᠠᠬᠢᠯᠭ᠎ᠠ ᠶᠢᠨ ᠶᠡᠭᠡ ᠨᠠᠶᠢᠷ ᠲᠤ ᠳᠥᠷᠪᠡ ᠤᠳᠠᠭ᠎ᠠ ᠪᠠᠷᠢᠯᠳᠣᠵᠤ ᠨᠢᠭᠡ ᠤᠳᠠᠭ᠎ᠠ ᠲᠡᠳ᠋ᠯᠡᠵᠤ᠂ ᠬᠤᠶᠠᠷ ᠤᠳᠠᠭ᠎ᠠ | ᠲᠡᠷᠢᠭᠦᠯᠡᠪᠡ᠃ | ᠭᠤᠩᠴᠣᠭᠰᠡᠷᠡᠩ ᠬᠤᠷᠢ ᠬᠥᠷᠬᠦ ᠶᠢᠨ ᠥᠶ᠎ᠡ ᠳᠤ 1.70 ᠮᠧᠲᠷ᠂ ᠪᠡᠶ᠎ᠡ ᠶᠢᠨ ᠬᠥᠨᠳᠥ | 60kg ᠳᠤ ᠬᠥᠷᠴᠠᠢ᠃ ᠴᠡᠭᠡᠵᠢ ᠠᠭᠤᠳᠠᠮ᠂ ᠮᠥᠷᠥ ᠲᠡᠭᠰᠢ᠂ ᠰᠢᠯᠢ ᠰᠠᠶᠢᠲᠠᠢ ᠪᠥᠬᠡ ᠬᠥᠮᠥᠨ ᠤ ᠪᠠᠶᠢᠳᠠᠯ | ᠢᠯᠡᠷᠡᠨ ᠬᠡᠳᠣᠢ ᠲᠡᠩᠴᠡᠰᠢ ᠥᠭᠡᠢ ᠬᠥᠮᠥᠨ ᠲᠠᠢ ᠪᠠᠨ ᠲᠡᠳᠣᠢ ᠮᠥᠷᠥᠶᠢᠴᠡᠬᠦ ᠪᠠᠭ᠋ᠠᠳᠠᠢ᠂ ᠬᠡᠳᠣᠢ ᠣᠨᠠᠵᠤ | ᠬᠠᠶᠠᠭᠳᠠᠭᠰᠠᠨ ᠴᠦ ᠬᠠᠯᠠᠰᠢᠷᠠᠵᠣ ᠮᠣᠬᠤᠳᠠᠭ ᠥᠭᠡᠢ ᠤᠨᠴᠠᠯᠢᠭ ᠲᠠᠢ᠂ ᠬᠡᠵᠢᠶ᠎ᠡ ᠲᠡᠶᠢᠯᠪᠡᠯ ᠰᠠᠶ᠋ᠢ ᠰᠠᠨᠠᠭ᠎ᠠ ᠰᠡᠳᠭᠢᠯ | ᠠᠮᠠᠷᠠᠳᠠᠭ ᠪᠢᠯᠡ᠃ | 1953 ᠤᠨ ᠤ ᠰᠢᠯᠢ ᠶᠢᠨ ᠭᠤᠣᠯ ᠠᠶᠢᠮᠠᠭ ᠤᠨ ᠶᠬᠡ ᠨᠠᠶᠢᠷ ᠲᠤ ᠲᠡᠷᠠ ᠥᠪᠥᠷ ᠮᠣᠩᠭᠤᠯ | ᠣᠷᠣᠨ ᠤ ᠶᠢᠰᠤᠨ ᠠᠶᠢᠮᠠᠭ ᠤᠨ ᠠᠩᠬᠠᠳᠠᠭᠴᠢ ᠤᠳᠠᠭᠠᠨ ᠤ ᠳᠣᠮᠳᠠᠳᠤ ᠮᠠᠶ᠋ᠢᠭ ᠤᠨ 68kg ᠤᠨ ᠵᠠᠯᠠᠭᠤᠴᠣᠳ | ᠤᠨ ᠪᠥᠬᠡ ᠶᠢᠨ ᠲᠡᠳ᠋ ᠬᠥᠩᠭᠡᠨ ᠲᠡᠰ ᠤᠨ ᠣᠷᠣᠯᠳᠣᠭᠠᠨ ᠳᠤ ᠨᠡᠷ᠎ᠡ ᠮᠡᠳᠡᠭᠦᠯᠵᠥ᠂ ᠵᠡᠭᠦᠨ ᠥᠵᠥᠮᠥᠴᠢᠨ ᠤ | ᠠᠯᠳᠠᠷᠳᠤ ᠪᠥᠬᠡ ᠨᠤᠷᠳᠤᠨ ᠤ ᠰᠢᠷᠤᠪ ( ᠭᠤᠸ᠎ᠠ ᠰᠢᠷᠣᠪ ) ᠲᠠᠢ ᠮᠥᠷᠥᠶᠢᠴᠡᠨ ᠬᠥᠨᠳᠤ ᠰᠢᠷᠬᠠᠳᠤᠵᠤ | ᠤᠷᠤᠯᠳᠤᠭᠠᠨ ᠠᠴᠠ ᠬᠠᠰᠤᠭᠳᠠᠨ ᠳᠥᠷᠪᠡᠳᠤᠭᠡᠷ ᠨᠡᠷ᠎ᠡ ᠳᠤ ᠣᠷᠤᠪᠠ᠃ ᠲᠡᠷᠡ ᠤᠳᠠᠭᠠᠨ ᠤ ᠣᠷᠣᠨ ᠤ ᠬᠡᠪᠴᠢᠶᠡᠨ | ᠤ ᠵᠠᠯᠠᠭᠤ ᠪᠥᠬᠡᠴᠣᠳ ᠰᠣᠩᠭᠤᠬᠤ ᠬᠠᠷᠠᠭ᠎ᠠ ᠳᠤ ᠣᠨᠣᠭᠳᠠᠵᠤ ᠰᠣᠷᠢᠶ᠎ᠠ ᠶᠢᠨ ᠪᠥᠬᠡ ᠪᠠᠷ ᠥᠯᠡᠳᠡᠭᠰᠡᠨ ᠪᠠᠶᠢᠨ᠎ᠠ᠃ | ᠰᠤᠷᠢᠶ᠎ᠠ ᠶᠢᠨ ᠵᠠᠯᠠᠭᠤᠴᠣᠳ ᠲᠤ ᠥᠵᠥᠮᠥᠴᠢᠨ ᠤ ᠰᠡᠩᠭᠡ᠂ ᠠᠪᠠᠭ᠎ᠠ ᠶᠢᠨ ᠯᠥᠨᠳᠥᠪ᠂ | ᠰᠥᠨᠢᠳ ᠤᠨ ᠲᠥᠳᠥᠪ᠂ ᠬᠡᠰᠢᠭᠲᠡᠨ ᠤ ᠭᠤᠩᠴᠣᠭᠰᠡᠷᠡᠩ ᠵᠡᠷᠭᠡ ᠵᠢᠷᠠᠭᠠᠳ ᠨᠡᠷᠡᠰ ᠢ ᠰᠣᠩᠭᠤᠵᠤ ᠪᠠᠷᠠᠭᠤᠨ | ᠥᠵᠥᠮᠥᠴᠢᠨ ᠤ ᠤᠯᠠᠭᠠᠨᠬᠠᠭᠠᠯᠭ᠎ᠠ ᠳᠤ ᠠᠪᠠᠴᠢᠵᠤ ᠥᠵᠥᠮᠥᠴᠢᠨ ᠤ ᠠᠯᠳᠠᠷᠳᠣ ᠪᠥᠬᠡᠴᠣᠳ᠂ ᠪᠠᠭᠠᠳᠣᠷᠠᠠᠷᠰᠯᠡᠨ ᠤ | ᠲᠤᠩᠷᠣᠪᠰᠡᠷᠡᠩ᠂ ᠢᠮᠠᠭᠠᠳᠣ ᠶᠢᠨ ᠪᠠᠳᠤᠸ᠋ᠴᠢᠷ ᠤᠨ ᠰᠧᠳᠡᠩ᠂ ᠮᠠᠮᠠ ᠵᠠᠩᠭᠢ ᠶᠢᠨ ᠠᠷᠠᠰᠢᠰᠧᠪᠴᠢᠨ ( ᠰᠧᠪᠴᠡᠩᠭᠡ ) | ᠂ ᠷᠠᠰᠢᠲᠣᠩᠷᠣᠪ᠂ ᠬᠥᠷᠢᠶ᠎ᠡ ᠪᠣᠶᠠᠨᠴᠣᠭᠳᠣ᠂ ᠬᠥᠷᠢᠶ᠎ᠡ ᠲᠡᠮᠡᠴᠣᠢ᠂ ᠢᠨᠵᠠᠭ᠎ᠠ ᠶᠣᠨᠳᠣᠨ᠂ ᠬᠡᠣᠬᠡᠨ ᠤ ᠡᠷᠬᠢᠮᠪᠠᠳᠣ᠂ | ᠠᠷᠰᠯᠠᠨ ᠤ ᠭᠠᠷᠣᠳᠢ᠂ ᠪᠥᠳᠥᠭᠦᠨ ᠵᠢᠷᠭᠠᠯ᠂ ᠰᠢᠨ᠎ᠡ ᠰᠥᠮ᠎ᠡ ᠶᠢᠨ ᠯᠠᠮᠠ᠂ ᠣᠨᠠᠭ᠎ᠠ ᠶᠢᠨ ᠸᠠᠩᠴᠤᠭ᠂ ᠡᠰᠡᠷᠡᠭ | ᠨᠠᠷ ᠢ ᠵᠠᠯᠠᠵᠤ ᠣᠷᠣᠯᠴᠠᠭᠤᠯᠣᠭᠰᠠᠨ ᠪᠠᠶᠢᠨ᠎ᠠ᠃ ᠰᠤᠷᠢᠶ᠎ᠠ ᠶᠢᠨ ᠬᠤᠭᠤᠴᠠᠭ᠎ᠠ ᠨᠢ ᠪᠠᠷᠤᠭ ᠬᠤᠶᠠᠷ ᠰᠠᠷ᠎ᠠ ᠰᠢᠬᠠᠮ | ᠶᠠᠪᠣᠭᠳᠠᠬᠤ ᠳᠤ ᠨᠠᠰᠤ ᠪᠠᠭ᠎ᠠ ᠭᠤᠩᠴᠣᠭᠰᠡᠷᠡᠩ ᠳᠤ ᠬᠡᠯᠡᠪᠡᠯ ᠰᠣᠷᠢᠶ᠎ᠠ ᠶᠢᠨ ᠠᠩᠬᠠᠨ ᠤ ᠬᠤᠭᠤᠴᠠᠭᠠᠨ ᠳᠤ | ᠠᠯᠳᠠᠷᠳᠣ ᠪᠥᠬᠡᠴᠣᠳ ᠢ ᠲᠠᠪᠠᠭ᠋ᠤ ᠶᠢ ᠪᠢᠳᠡᠭᠡᠢ ᠬᠡᠯᠡ᠂ ᠲᠠᠯ᠎ᠠ ᠮᠥᠴᠢᠨ ᠤ ᠲᠤᠷᠪᠢ ᠬᠥᠴᠤᠨ ᠨᠢ ᠲᠡᠩᠴᠡᠰᠢ | ᠥᠭᠡᠢ ᠢᠯᠠᠭᠳᠠᠵᠣ ᠪᠠᠶᠢᠪᠠ᠃ ᠰᠣᠷᠢᠶ᠎ᠠ ᠶᠢᠨ ᠳᠣᠮᠳᠠ ᠬᠤᠭᠤᠴᠠᠭ᠎ᠠ ᠪᠣᠯᠬᠤ ᠳᠤ ᠠᠷᠠᠢ ᠭᠡᠵᠤ ᠠᠮᠢ ᠪᠠᠨ | ᠬᠤᠷᠢᠭᠯᠠᠬᠤ ᠬᠡᠮᠵᠢᠶ᠎ᠡ ᠳᠤ ᠬᠥᠷᠴᠤ ᠰᠣᠷᠢᠶ᠎ᠠ ᠶᠢᠨ ᠰᠡᠭᠦᠯᠴᠢ ᠪᠣᠯᠬᠤ ᠳᠤ ᠠᠪᠣᠨ ᠲᠠᠯᠪᠢᠨ ᠣᠨᠠᠬᠤ ᠥᠭᠡᠢ | ᠮᠥᠷᠳᠡᠭᠡᠨ ᠠᠯᠠᠭ ᠡᠭᠡᠯᠵᠢ ᠬᠠᠷᠢᠭᠤ ᠲᠠᠢ ᠪᠣᠯᠵᠣ ᠲᠡᠭᠡᠭᠰᠢᠯᠡᠭᠰᠡᠨ ᠭᠡᠨ᠎ᠡ᠃ ᠰᠣᠷᠢᠶ᠎ᠠ ᠶᠢᠨ ᠪᠠᠭᠰᠢ ᠨᠠᠷ ᠠᠴᠠ | ᠬᠡᠰᠢᠭᠲᠡᠨ ᠤ ᠭᠤᠩᠴᠣᠭᠰᠡᠷᠡᠩ ᠢ ᠣᠨᠠᠭᠠᠳ ᠮᠣᠬᠤᠳᠠᠭ ᠥᠭᠡᠢ᠂ ᠤᠶᠠᠭᠠᠳ ᠰᠤᠯᠠᠷᠠᠳᠠᠭ ᠦᠭᠡᠢ ᠪᠦᠬᠡ ᠪᠤᠯᠬᠤ | ᠵᠤᠷᠢᠭ ᠰᠥᠰᠦ ᠲᠠᠢ ᠬᠦᠮᠥᠨ ᠭᠡᠵᠦ ᠦᠨᠡᠯᠡᠵᠦ ᠭᠡᠯᠡ᠃ ᠰᠤᠷᠢᠶ᠎ᠠ ᠶᠢᠨ ᠪᠥᠬᠡᠴᠦᠦᠯ ᠤᠨ ᠲᠤᠲᠤᠷ᠎ᠠ ᠠᠴᠠ ᠦᠪᠦᠷ | ᠮᠤᠩᠭᠤᠯ ᠤᠷᠤᠨ ᠤ ᠠᠩᠬᠠᠳᠤᠭᠠᠷ ᠤᠳᠠᠭᠠᠨ ᠤ ᠪᠦᠬᠡ ᠶᠢᠨ ᠪᠤᠯᠪᠠᠰᠤᠷᠠᠯ ᠤᠨ ᠠᠩᠬᠢ ᠶᠢᠨ ᠲᠠᠮᠢᠷᠴᠢᠨ ᠢᠶᠠᠷ | ᠰᠢᠯᠢᠭᠳᠡᠨ ᠬᠦᠬᠡᠬᠤᠲᠠ ᠳᠤ ᠬᠦᠷᠴᠠᠢ᠃ | 1958 ᠤᠨ ᠳᠤ ᠭᠤᠩᠴᠣᠭᠰᠡᠷᠡᠩ᠂ ᠦᠪᠦᠷ ᠮᠤᠩᠭᠤᠯ ᠤᠨ ᠪᠦᠬᠡ ᠶᠢᠨ ᠠᠩᠬᠢ ᠶᠢᠨ | ᠲᠦᠯᠦᠭᠡᠯᠡᠭᠴᠢ ᠪᠠᠷ ᠬᠠᠮᠤᠭ ᠠᠩᠬ᠎ᠠ ᠤᠳᠠᠭ᠎ᠠ᠂ ᠮᠤᠩᠭᠤᠯ ᠤᠯᠤᠰ ᠤᠨ ᠵᠠᠮ ᠤᠨ ᠡᠭᠦᠳᠡᠨ ᠳᠤ ᠬᠦᠷᠴᠦ᠂ | ᠨᠦᠬᠦᠷᠰᠡᠭ ᠤᠷᠤᠯᠳᠤᠭᠠᠨ ᠳᠤ ᠤᠷᠤᠯᠴᠠᠭᠰᠠᠨ ᠪᠠᠶᠢᠨ᠎ᠠ᠃ 1958 ᠤᠨ ᠤ 7 ᠰᠠᠷ᠎ᠠ ᠶᠢᠨ 15 ᠳᠤ | ᠰᠢᠯᠢᠨᠬᠤᠳᠠ ᠳᠤ ᠪᠤᠯᠤᠠᠭᠰᠠᠨ ᠪᠦᠬᠡ ᠤᠷᠤᠨ ᠤ ᠳᠤᠮᠳᠠᠳᠤ ᠮᠠᠶ᠋ᠢᠭ ᠤᠨ ᠪᠦᠬᠡ ᠶᠢᠨ ᠤᠷᠤᠯᠳᠠᠭᠠᠨ ᠳᠤ ᠤᠨᠴᠠ | ᠰᠠᠶᠢᠨ ᠬᠢᠷᠢ ᠪᠦᠳᠦᠮᠵᠢ ᠤᠯᠪᠠ᠃ ᠲᠡᠷᠡ ᠥᠪᠦᠷ ᠮᠤᠩᠭᠤᠯ ᠢ ᠲᠦᠯᠦᠭᠡᠯᠡᠵᠦ᠂ ᠤᠯᠤᠰ ᠤᠨ ᠲᠤᠲᠤᠭᠠᠳᠤ ᠳᠠᠬᠢ | ᠡᠯ᠎ᠡ ᠮᠤᠵᠢ᠂ ᠤᠷᠤᠨ᠂ ᠬᠤᠳᠠ ᠶᠢᠨ ᠨᠥᠬᠦᠷᠰᠡᠭ ᠤᠷᠤᠯᠳᠤᠭᠠᠨ ᠳᠤ ᠤᠯᠠᠨ ᠤᠳᠠᠭ᠎ᠠ ᠤᠷᠤᠯᠴᠠᠵᠤ᠂ ᠪᠦᠬᠦ | ᠤᠯᠤᠰ ᠤᠨ ᠨᠢᠭᠡᠳᠦᠭᠡᠷ ᠤᠳᠠᠭ᠎ᠠ᠂ ᠬᠤᠶᠠᠳᠦᠭᠠᠷ ᠤᠳᠠᠭ᠎ᠠ᠂ ᠭᠤᠷᠪᠠᠳᠦᠭᠠᠷ ᠤᠳᠠᠭᠠᠨ ᠤ ᠪᠡᠶ᠎ᠡ ᠶᠢᠨ ᠲᠠᠮᠢᠷ ᠤᠨ | ᠴᠤᠠᠭᠯᠠᠭᠠᠨ ᠳᠤ ᠤᠷᠤᠯᠴᠠᠵᠦ ᠤᠳᠠᠭ᠎ᠠ ᠪᠦᠷᠢ ᠶᠢᠨ ᠮᠥᠷᠦᠶᠢᠴᠡᠭᠡᠨ ᠳᠤ ᠰᠢᠯᠢᠳᠡᠭ ᠠᠮᠵᠢᠯᠳᠠ ᠤᠯᠵᠤ ᠥᠪᠥᠷ | ᠮᠤᠩᠭᠤᠯ ᠤᠷᠤᠨ ᠤ ᠲᠠᠮᠢᠷ ᠤᠨ ᠦᠢᠯᠡᠰ ᠲᠤ ᠭᠠᠪᠢᠶ᠎ᠠ ᠵᠢᠳᠬᠦᠯ ᠨᠡᠮᠡᠷᠢᠯᠡᠵᠦ ᠰᠢᠯᠢᠳᠡᠭ ᠲᠠᠮᠢᠷᠢᠴᠢᠨ ᠢᠶᠠᠷ | ᠦᠨᠡᠯᠡᠭᠳᠡᠭᠰᠡᠨ ᠢᠶᠠᠷ ᠪᠠᠷᠠᠬᠤ ᠦᠭᠡᠢ ᠪᠦᠬᠡ ᠶᠢᠨ ᠰᠤᠷᠭᠠᠭᠴᠢ ᠪᠠᠷ ᠠᠵᠢᠯᠯᠠᠵᠦ ᠤᠯᠠᠨ ᠰᠢᠯᠢᠳᠡᠭ ᠲᠠᠮᠢᠷᠴᠢᠳ | ᠬᠦᠮᠥᠵᠢᠭᠦᠯᠪᠡ᠃ | ᠭᠤᠩᠴᠣᠭᠰᠡᠷᠡᠩ ᠭᠤᠸᠠᠢ ᠪᠡᠭᠡᠵᠢᠩ ᠳᠤ ᠪᠣᠯᠣᠭᠰᠠᠨ ᠠᠩᠬᠠᠳᠣᠭᠠᠷ ᠤᠳᠠᠭᠠᠨ ᠤ ᠪᠥᠬᠦ ᠣᠯᠤᠰ | ᠤᠨ ᠪᠡᠶ᠎ᠡ ᠲᠠᠮᠢᠷ ᠤᠨ ᠴᠤᠭᠯᠠᠭᠠᠨ (1959.9.13 — 20) ᠤ ᠠᠪᠣᠷᠭᠤ ᠰᠢᠯᠭᠠᠷᠠᠭᠤᠯᠬᠤ ᠣᠷᠣᠯᠳᠣᠭᠠᠨ ᠳᠤ | ᠳᠣᠮᠳᠠᠳᠣ ᠮᠠᠶ᠋ᠢᠭ ᠤᠨ ᠪᠥᠬᠡ ᠶᠢᠨ 78kg ᠤᠨ ᠲᠡᠰ ᠲᠤ ᠠᠩᠬ᠎ᠠ ᠤᠳᠠᠭ᠎ᠠ ᠠᠪᠤᠷᠭᠤ ᠴᠣᠯᠠ ᠬᠠᠮᠠᠭᠠᠯᠠᠨ᠂ | ᠥᠪᠥᠷ ᠮᠣᠩᠭᠤᠯ ᠤᠷᠣᠨ ᠤ ᠤᠣᠭᠠᠨ ᠠᠪᠣᠷᠭᠤ ᠶᠢᠨ ᠡᠩᠨᠡᠭᠡᠨ ᠳᠤ ᠨᠡᠷ᠎ᠡ ᠲᠡᠮᠳᠡᠭᠯᠡᠭᠳᠡᠪᠡ᠃ | 1960 ᠤᠨ ᠳᠤ ᠴᠠᠬᠠᠷ ᠤᠨ ᠬᠠᠩᠬᠠᠯ ᠤᠨ ᠨᠠᠶᠢᠷ ᠲᠤ ᠬᠥᠷᠴᠤ 128 ᠪᠥᠬᠡ ᠳᠤ ᠨᠠᠶᠢᠷ | ᠲᠠᠯᠪᠢᠨ ᠲᠡᠳ᠋ᠯᠡᠵᠤ ᠠᠪᠠᠭ᠎ᠠ ᠬᠤᠰᠢᠭᠤᠨ ᠤ ᠶᠠᠩᠳᠣ ᠳᠠᠬᠢ ᠨᠠᠶᠢᠷ ᠲᠤ ᠠᠪᠠᠭ᠎ᠠ ᠶᠢᠨ ᠯᠥᠨᠳᠥᠪ᠂ ᠥᠵᠥᠮᠥᠴᠢᠨ ᠤ | ᠮᠠᠮᠠ ᠵᠠᠩᠭᠢ ᠶᠢᠨ ᠠᠷᠠᠰᠢᠰᠧᠪᠴᠢᠨ ᠨᠠᠷ ᠢ ᠲᠠᠪᠠᠵᠤ ᠨᠠᠶᠢᠷ ᠤᠨ ᠲᠡᠷᠢᠭᠦᠨ ᠱᠠᠩ ᠬᠠᠯᠠᠭᠤᠨ ᠬᠤᠰᠢᠭᠤᠳᠣ ᠮᠤᠷᠢ ᠶᠢ | ᠬᠥᠳᠥᠯᠥᠭᠰᠡᠨ ᠤᠳᠠᠭ᠎ᠠ ᠪᠣᠢ᠃ ᠲᠡᠷᠡ ᠣᠯᠠᠨ ᠨᠠᠶᠢᠷ ᠲᠤ ᠪᠠᠷᠢᠯᠳᠣᠬᠤ ᠪᠠᠳᠣᠯᠭ᠎ᠠ ᠲᠠᠢ ᠪᠠᠶᠢᠭᠰᠠᠨ ᠪᠣᠯᠪᠠᠴᠤ | ᠥᠪᠥᠷ ᠮᠣᠩᠭᠤᠯ ᠳᠤ ᠪᠥᠬᠡ ᠶᠢᠨ ᠰᠣᠷᠭᠠᠭᠴᠢ ᠪᠠᠷ ᠠᠵᠢᠯᠯᠠᠵᠣ ᠪᠠᠶᠢᠭᠰᠠᠨ ᠣᠴᠢᠷ ᠠᠴᠠ ᠵᠠᠪ ᠴᠢᠯᠥᠭᠡ ᠲᠣᠩ | ᠬᠤᠪᠣᠷ ᠰᠢᠯᠳᠠᠭᠠᠨ ᠠᠴᠠ ᠣᠯᠠᠨ ᠠᠷᠪᠢᠨ ᠠᠷᠠᠳ ᠤᠨ ᠶᠡᠭᠡ ᠨᠠᠶᠢᠷ ᠲᠤ ᠪᠠᠷᠢᠯᠳᠤᠵᠤ ᠴᠢᠳᠠᠭᠰᠠᠨ ᠥᠭᠡᠢ ᠨᠢ | ᠬᠠᠷᠠᠮᠰᠠᠯᠳᠠᠢ᠃ | 1962 ᠤᠨ ᠳᠤ ᠥᠪᠥᠷ ᠮᠣᠩᠭᠤᠯ ᠤᠨ ᠪᠥᠬᠡ ᠶᠢᠨ ᠠᠩᠬᠢ ᠶᠢᠨ ᠲᠣᠮᠢᠯᠠᠯᠳᠠ ᠪᠠᠷ ᠰᠢᠯᠢ | ᠶᠢᠨ ᠭᠤᠣᠯ ᠠᠶᠢᠮᠠᠭ ᠤᠨ ᠵᠡᠭᠦᠨ ᠥᠵᠥᠮᠥᠴᠢᠨ ᠬᠤᠰᠢᠭᠤᠨ ᠳᠤ ᠬᠥᠷᠴᠤ ᠲᠥᠷ ᠴᠠᠭ ᠤᠨ ᠪᠥᠬᠡ ᠶᠢᠨ | ᠪᠣᠯᠪᠠᠰᠥᠷᠠᠯ ᠤᠨ ᠠᠩᠬᠢ ᠡᠷᠬᠢᠯᠡᠵᠤ ᠰᠢᠨ᠎ᠡ ᠲᠠᠮᠢᠷᠴᠢᠨ ᠰᠤᠩᠭᠤᠨ ᠠᠪᠬᠤ ᠳᠤ ᠭᠤᠣᠯᠯᠠᠨ ᠤᠷᠣᠯᠴᠠᠨ᠂ ᠪᠥᠬᠡ ᠶᠢᠨ | ᠥᠯᠥᠬᠡᠢ ᠥᠵᠥᠮᠥᠴᠢᠨ ᠨᠣᠳᠤᠭ ᠲᠤ ᠬᠡᠰᠢᠭᠳᠡᠨ ᠤ ᠰᠠᠶᠢᠨ ᠪᠥᠬᠡ ᠭᠤᠩᠴᠣᠭᠰᠡᠷᠡᠩ᠂ ᠣᠯᠣᠰ ᠤᠨ ᠠᠪᠣᠷᠭᠤ | ᠴᠣᠯᠠ ᠬᠠᠮᠠᠭᠠᠯᠠᠵᠣ᠂ ᠪᠥᠬᠡ ᠶᠢᠨ ᠪᠠᠭᠰᠢ ᠪᠠᠷ ᠥᠵᠥᠮᠥᠴᠢᠨ ᠠᠴᠠ ᠰᠢᠨ᠎ᠡ ᠪᠥᠬᠡᠴᠣᠣᠯ ᠰᠣᠩᠭᠤᠬᠤ ᠪᠠᠷ ᠢᠷᠡᠵᠠᠢ ᠁ | ᠭᠡᠵᠤ ᠥᠵᠥᠮᠥᠴᠢᠨ ᠤ ᠠᠯᠳᠠᠷᠳᠤ ᠪᠥᠬᠡᠴᠣᠳ᠂ ᠭᠠᠬᠢᠯ ᠤᠨ ᠯᠠᠮᠠ ᠨᠠᠷ ᠲᠠᠷᠠᠭ᠎ᠠ ᠲᠠᠷᠠᠭ᠎ᠠ ᠪᠠᠷ ᠢᠶᠠᠨ ᠬᠥᠷᠣᠯᠴᠡᠨ | ᠢᠷᠡᠵᠤ᠂ ᠠᠪᠣᠷᠭᠤ ᠭᠤᠩᠴᠣᠭᠰᠡᠷᠡᠩ ᠲᠠᠢ ᠪᠠᠷᠢᠯᠳᠣᠭᠠᠳ ᠥᠨᠡᠨᠬᠦ ᠠᠪᠣᠷᠭᠤ ᠶᠢᠨ ᠬᠢᠷᠢ ᠳᠤ ᠬᠥᠷᠥᠭᠰᠡᠨ ᠰᠠᠶᠢᠨ | ᠪᠥᠬᠡ ᠪᠣᠯᠵᠠᠢ ᠭᠡᠵᠤ ᠲᠠᠭᠤ ᠨᠢᠭᠡᠲᠠᠢ ᠪᠢᠰᠢᠷᠡᠨ ᠥᠨᠡᠯᠡᠵᠤ ᠪᠠᠶᠢᠪᠠ᠃ | ᠭᠤᠩᠴᠣᠭᠰᠡᠷᠡᠩ ᠵᠠᠮ ᠨᠡᠪᠳᠡᠷᠯᠡᠭᠡ ᠳᠥᠭᠦᠮ ᠥᠭᠡᠢ ᠪᠠᠶᠢᠳᠠᠯ ᠲᠣᠣᠷ᠎ᠠ ᠴᠠᠭ ᠢᠶᠠᠨ ᠠᠰᠢᠭᠯᠠᠨ | ᠬᠡᠴᠢᠨᠡᠨ ᠡᠳᠣᠷ ᠬᠤᠨᠤᠭ ᠵᠠᠮᠨᠠᠨ ᠪᠥᠬᠡ ᠶᠢᠨ ᠥᠯᠥᠭᠡᠢ ᠥᠵᠥᠮᠥᠴᠢᠨ ᠳᠤ ᠭᠤᠷᠪᠠᠨ ᠣᠳᠠᠭᠠᠨ ᠤ ᠶᠡᠭᠡ ᠨᠠᠶᠢᠷ ᠲᠤ | ᠪᠠᠷᠢᠯᠳᠣᠭᠰᠠᠨ ᠲᠡᠣᠬᠡ ᠲᠠᠢ᠃ ᠬᠤᠶᠠᠷ ᠣᠳᠠᠭ᠎ᠠ ᠨᠢ ᠲᠣᠰᠬᠠᠢ ᠪᠠᠷᠢᠯᠳᠣᠬᠤ ᠲᠠᠰᠬᠠᠯ ᠲᠠᠢ ᠬᠥᠷᠥᠭᠰᠡᠨ ᠶᠤᠮ᠃ | ᠬᠠᠮᠤᠭ ᠰᠡᠭᠦᠯᠴᠢ ᠶᠢᠨ ᠣᠳᠠᠭ᠎ᠠ ᠨᠢ ᠵᠢᠷᠭᠤᠭ᠎ᠠ ᠳᠤ ᠤᠷᠣᠵᠤ᠂ ᠭᠤᠷᠪᠠᠳᠠᠬᠢ ᠤᠳᠠᠭ᠎ᠠ ᠨᠢ ︽ᠰᠤᠶᠣᠯ ᠤᠨ ᠶᠡᠭᠡ | ᠬᠤᠪᠢᠰᠬᠠᠯ︾ ᠤᠨ ᠨᠥᠯᠥᠬᠡ ᠪᠠᠷ ᠪᠡᠶ᠎ᠡ ᠡᠮᠵᠡᠭ ᠲᠠᠢ ᠪᠠᠶᠢᠭᠰᠠᠨ ᠰᠢᠯᠳᠠᠭᠠᠨ ᠠᠴᠠ ᠪᠣᠯᠵᠤ ᠨᠠᠶᠢᠷ ᠲᠠᠯᠪᠢᠨ | ᠭᠤᠴᠢᠨ ᠬᠤᠶᠠᠷ ᠲᠤ ᠣᠷᠣᠪᠠ᠃ | 1962 ᠤᠨ ᠤ 7 ᠳ᠋ᠣᠠᠭᠠᠷ ᠰᠠᠷ᠎ᠠ ᠳᠤ ᠥᠵᠥᠮᠥᠴᠢᠨ ᠪᠠᠷᠠᠭᠤᠨ ᠬᠤᠰᠢᠭᠤᠨ ᠤ ᠬᠤᠶᠠᠳᠣᠭᠠᠷ | ᠣᠳᠠᠭᠠᠨ ᠤ ᠶᠡᠭᠡ ᠨᠠᠭᠠᠳᠣᠮ ᠤᠨ ᠬᠤᠷᠠᠯ ᠪᠣᠯᠵᠤ᠂ 512 ᠨᠡᠷᠡᠰ ᠰᠢᠯᠢᠳᠡᠭ ᠪᠥᠬᠡ ᠶᠢᠨ ᠮᠥᠷᠥᠶᠢᠴᠡᠭᠡᠨ ᠳᠤ | ᠤᠯᠣᠰ ᠤᠨ ᠠᠪᠤᠡᠭᠤ ᠪᠥᠬᠡᠴᠣᠳ ᠥᠵᠥᠮᠥᠴᠢᠨ ᠤ ᠰᠡᠩᠭᠡ᠂ ᠮᠥᠩᠬᠡ᠂ ᠬᠤᠶᠠᠷ ᠴᠢᠮᠡᠳ᠂ ᠰᠣᠳᠨᠠᠮᠸᠠᠩᠴᠤᠭ᠂ | ᠰᠣᠳᠨᠠᠮ᠂ ᠯᠣᠣᠷᠠᠢ ᠠᠴᠠ ᠭᠠᠳᠠᠨ᠎ᠠ ᠬᠡᠰᠢᠭᠳᠡᠨ ᠤ ᠭᠤᠩᠴᠣᠭᠰᠡᠷᠡᠩ ᠣᠷᠣᠯᠴᠠᠪᠠ᠃ | ᠭᠤᠩᠴᠣᠭᠰᠡᠷᠡᠩ ᠨᠠᠶᠢᠷ ᠤᠨ ᠬᠤᠶᠠᠳᠤᠭᠠᠷ ᠲᠠᠭᠤᠨ ᠳᠤ ᠥᠵᠥᠮᠥᠴᠢᠨ ᠤ ᠰᠢᠯᠢᠳᠡᠭ ᠵᠠᠯᠠᠭᠤ | ᠪᠥᠬᠡ ᠰᠠᠶᠢᠪᠠᠶᠠᠷ ᠢ ᠲᠠᠪᠠᠨ ᠭᠤᠷᠪᠠᠳᠣᠭᠠᠷ ᠲᠠᠭᠤᠨ ᠳᠤ ᠥᠵᠥᠮᠥᠴᠢᠨ ᠤ ᠠᠯᠳᠠᠷᠳᠤ ᠪᠥᠬᠡ ᠬᠠᠭᠠᠯᠭ᠎ᠠ ᠶᠢᠨ | ᠭᠠᠷᠤᠳᠢ ᠶᠢ ᠲᠠᠪᠠᠵᠤ ᠳᠥᠷᠪᠡᠳᠥᠭᠡᠷ ᠲᠠᠭᠤᠨ ᠳᠤ ᠥᠵᠥᠮᠥᠴᠢᠨ ᠤ ᠯᠣᠣᠷᠠᠢ ᠠᠪᠣᠷᠭᠤ ᠶᠢ ᠲᠠᠪᠠᠪᠠ᠃ ᠲᠠᠪᠣᠳᠣᠭᠠᠷ | ᠲᠠᠭᠤᠨ ᠳᠤ ᠥᠵᠥᠮᠥᠴᠢᠨ ᠤ ᠠᠯᠳᠠᠷᠳᠤ ᠴᠣᠣᠳᠣ ᠪᠥᠬᠡ ᠮᠠᠮᠠ ᠵᠠᠩᠭᠢ ᠶᠢᠨ ᠠᠷᠠᠰᠢᠰᠧᠪᠴᠢᠨ ᠢ ᠲᠠᠪᠠᠵᠤ | ᠵᠢᠷᠭᠤᠳᠣᠭᠠᠷ ᠲᠠᠭᠤᠨ ᠳᠤ ᠥᠵᠥᠮᠥᠴᠢᠨ ᠤ ᠠᠯᠳᠠᠷᠳᠤ ᠴᠣᠣᠳᠣ ᠪᠥᠬᠡ ᠠᠵᠠᠢ ᠶᠢᠨ ᠪᠠᠳᠠᠷᠠᠭᠴᠢ ᠶᠢ ᠲᠠᠪᠠᠵᠤ | ᠲᠡᠭᠡᠳᠤ ᠨᠠᠢᠮᠠ ᠶᠢᠨ ᠨᠣᠭᠤᠯᠤᠭ᠎ᠠ ᠳᠤ ᠭᠤᠩᠴᠣᠭᠰᠡᠷᠡᠩ ᠰᠡᠩᠭᠡ ᠠᠪᠣᠷᠭᠤ ᠳᠤ ᠢᠯᠠᠭᠳᠠᠵᠤ ᠵᠢᠷᠭᠤᠳᠣᠭᠠᠷ ᠨᠡᠷ᠎ᠡ | ᠳᠤ ᠣᠷᠣᠵᠠᠢ᠃ | 1964 ᠤᠨ ᠤ ᠥᠵᠥᠮᠥᠴᠢᠨ ᠪᠠᠷᠠᠭᠤᠨ ᠬᠤᠰᠢᠭᠤᠨ ᠤ ᠭᠤᠷᠪᠠᠳᠣᠭᠠᠷ ᠣᠳᠠᠭᠠᠨ ᠤ ᠶᠡᠭᠡ | ᠨᠠᠭᠠᠳᠣᠮ ᠤᠨ ᠶᠡᠭᠡ ᠬᠤᠷᠠᠯ ᠳᠤ ᠵᠡᠭᠦᠨ ᠥᠵᠥᠮᠥᠴᠢᠨ᠂ ᠰᠢᠯᠣᠭᠠᠨ ᠴᠠᠭᠠᠨ᠂ ᠬᠡᠰᠢᠭᠳᠡᠨ᠂ ᠰᠥᠨᠢᠳ᠂ ᠠᠪᠠᠭ᠎ᠠ | ᠵᠡᠷᠭᠡ ᠬᠤᠰᠢᠭᠤᠨ ᠠᠴᠠ ᠨᠡᠶᠢᠳᠡ ᠠᠷᠪᠠᠨ ᠵᠢᠷᠭᠤᠭᠠᠨ ᠨᠡᠷᠡᠰ ᠰᠢᠯᠢᠳᠡᠭ ᠪᠥᠬᠡᠴᠣᠳ ᠬᠥᠷᠬᠦ ᠳᠤ ᠬᠡᠰᠢᠭᠳᠡᠨ ᠠᠴᠠ | ᠭᠤᠩᠴᠣᠭᠰᠡᠷᠡᠩ ᠭᠠᠭᠴᠠᠭᠠᠷ ᠢᠶᠠᠨ ᠬᠥᠷᠴᠠᠢ᠃ ᠨᠠᠶᠢᠳᠡ 512 ᠨᠡᠷᠡᠰ ᠪᠥᠬᠡ ᠪᠠᠷᠢᠯᠳᠣᠵᠤ 32 ᠨᠡᠷᠡᠰ ᠪᠥᠬᠡ | ᠥᠯᠡᠳᠡᠬᠦ ᠥᠶᠡᠰ ᠭᠠᠳᠠᠨ᠎ᠠ ᠬᠤᠰᠢᠭᠤᠨ ᠠᠴᠠ ᠠᠪᠠᠭ᠎ᠠ ᠶᠢᠨ ᠰᠠᠩᠳᠠᠭ᠂ ᠬᠡᠰᠢᠭᠳᠡᠨ ᠤ ᠭᠤᠩᠴᠣᠭᠰᠡᠷᠡᠩ ᠬᠤᠶᠠᠷ | ᠯᠡ ᠥᠯᠡᠳᠡᠵᠡᠢ᠃ ᠭᠤᠩᠴᠣᠭᠰᠡᠷᠡᠩ ᠲᠡᠭᠡᠳᠣ ᠳᠥᠷᠪᠡ ᠶᠢᠨ ᠨᠣᠭᠤᠯᠤᠭ᠎ᠠ ᠳᠤ ᠣᠯᠣᠰ ᠤᠨ ᠠᠪᠣᠷᠭᠤ | ᠰᠣᠳᠨᠠᠮᠸᠠᠩᠴᠤᠭ ᠲᠤ ᠢᠯᠠᠭᠳᠠᠵᠤ ᠭᠤᠷᠪᠠᠳᠣᠭᠠᠷ ᠨᠡᠷ᠎ᠡ ᠳᠤ ᠣᠷᠣᠭᠰᠠᠨ ᠪᠣᠯᠪᠠᠴᠤ ᠥᠵᠥᠮᠥᠴᠢᠨ ᠤ | ᠲᠣᠷᠭᠢᠭᠤᠯᠵᠤ᠂ ᠬᠡᠰᠢᠭᠳᠡᠨ ᠤ ᠭᠤᠩᠴᠣᠭᠰᠡᠷᠡᠩ ᠥᠨᠡᠨᠬᠦ ᠰᠠᠶᠢᠨ ᠪᠥᠬᠡ ᠭᠡᠳᠡᠭ ᠥᠨᠡᠯᠡᠯᠳᠡ ᠶᠢ ᠣᠯᠣᠭᠰᠠᠨ ᠶᠣᠮ᠃ | | ᠭᠤᠩᠴᠣᠭᠰᠡᠷᠡᠩ ᠭᠤᠸᠠᠢ ︽ᠰᠣᠶᠣᠯ ᠤᠨ ᠶᠡᠭᠡ ᠬᠤᠪᠢᠰᠬᠠᠯ︾ ᠤᠨ ᠲᠣᠮᠳᠠ ᠪᠡᠶ᠎ᠡ ᠮᠠᠬᠠᠪᠣᠳ | ᠨᠢ ᠭᠡᠮᠳᠣᠯ ᠳᠤ ᠣᠴᠠᠷᠠᠭᠰᠠᠨ ᠪᠣᠯᠪᠠᠴᠤ ᠠᠮᠢᠳᠣ ᠶᠠᠪᠣᠪᠠᠯ ᠠᠯᠳᠠᠨ ᠠᠶᠠᠭᠠᠨ ᠠᠴᠠ ᠣᠰᠤ ᠣᠣᠭᠤᠨ᠎ᠠ ᠭᠡᠵᠤ ᠠᠬ᠎ᠠ | ᠲᠡᠭᠦᠣ ᠨᠠᠶᠢᠵᠠ ᠨᠠᠷ ᠲᠠᠢ ᠪᠠᠨ ᠠᠮᠢᠳᠣ ᠣᠯᠵᠤ ᠠᠭᠤᠯᠵᠠᠬᠤ ᠲᠠᠪᠢᠯᠠᠩ ᠢᠶᠠᠷ 1973 ᠤᠨ ᠳᠤ ᠥᠵᠥᠮᠥᠴᠢᠨ ᠳᠤ | ᠭᠤᠷᠪᠠᠳᠠᠬᠢ ᠣᠳᠠᠭ᠎ᠠ ᠬᠥᠷᠴᠤ ᠬᠠᠷᠢᠶᠠᠳᠣ ᠰᠣᠮᠣᠨ ᠤ ᠨᠠᠶᠢᠷ ᠲᠤ ᠲᠤᠬᠢᠶᠠᠯᠳᠣᠨ ᠶᠡᠭᠡ ᠬᠤᠷᠠᠯ ᠠᠴᠠ | ᠭᠤᠩᠴᠣᠭᠰᠡᠷᠡᠩ ᠠᠪᠣᠭᠤ ᠶᠢ ᠲᠡᠭᠡᠳᠤ ᠵᠣᠴᠢᠨ ᠢᠶᠠᠷ ᠬᠥᠨᠳᠥᠳᠭᠡᠬᠦ ᠶᠢᠨ ᠲᠠᠭᠠᠣ᠂ ᠨᠠᠶᠢᠷ ᠬᠥᠷ ᠢ ᠬᠥᠭᠵᠢᠭᠦᠯᠬᠦ | ᠶᠢᠨ ᠲᠥᠯᠥᠭᠡ ᠨᠠᠶᠢᠷ ᠤᠨ ᠴᠢᠮᠡᠭ᠂ ᠨᠠᠭᠠᠳᠣᠮ ᠤᠨ ᠮᠥᠷᠥᠶᠢᠴᠡᠭᠡᠨ ᠪᠣᠯᠭᠠᠨ ᠳᠤ ᠪᠠᠷᠢᠯᠳᠣᠭᠤᠯᠣᠭᠰᠠᠨ ᠪᠠᠶᠢᠯ᠎ᠠ᠃ | ᠭᠤᠴᠢᠨ ᠬᠤᠶᠠᠷ ᠤᠨ ᠲᠠᠪᠠᠭᠠᠨ ᠳᠤ ᠵᠠᠯᠠᠭᠤ ᠪᠥᠬᠡ ᠣᠳᠬᠠᠨ ᠳᠤ ᠨᠠᠶᠢᠷ ᠲᠠᠯᠪᠢᠪᠠ᠃ | 1973 ᠤᠨ ᠤ ᠬᠡᠰᠢᠭᠳᠡᠨ ᠤ ᠲᠣᠯᠣᠳᠣᠭᠠᠷ ᠣᠳᠠᠭᠠᠨ ᠤ ᠰᠥᠯᠳᠡ ᠤᠪᠣᠭᠠᠨ ᠲᠠᠬᠢᠯᠭ᠎ᠠ ᠶᠢᠨ | ᠶᠡᠭᠡ ᠨᠠᠶᠢᠷ ᠤᠨ 256 ᠳᠤ ᠥᠵᠥᠭᠦᠷᠯᠡᠵᠤ᠂ 1975.1976 ᠤᠨ ᠳᠤ ᠵᠣᠣ ᠣᠳᠠ ᠠᠶᠢᠮᠠᠭ ᠤᠨ ᠳᠣᠮᠳᠠᠳᠣ | ᠮᠠᠶ᠋ᠢᠭ ᠤᠨ ᠪᠥᠬᠡ ᠶᠢᠨ ᠣᠷᠣᠯᠳᠣᠭᠠᠨ ᠳᠤ ᠬᠤᠶᠠᠷ ᠣᠳᠠᠭ᠎ᠠ ᠲᠡᠷᠢᠭᠦᠯᠡᠪᠡ᠃ 1977 ᠤᠨ ᠤ ᠲᠠᠷᠬᠠᠠᠭᠤᠯᠠ | ᠰᠣᠮᠣᠨ ᠤ 256 ᠳᠤ ᠲᠡᠷᠢᠭᠦᠯᠡᠵᠠᠢ᠃ 1981 ᠤᠨ ᠳᠤ ᠡᠳᠡᠭᠡᠷᠡᠰᠢ ᠥᠭᠡᠢ ᠡᠪᠡᠳᠴᠢᠨ ᠳᠤ ᠨᠡᠷᠪᠡᠭᠳᠡᠭᠰᠡᠨ | ᠪᠠᠶᠢᠳᠠᠯ᠎ᠠ ᠡᠪᠡᠳᠴᠢᠨ ᠢᠶᠠᠨ ᠲᠡᠰᠪᠥᠷᠢᠯᠡᠨ ᠲᠣᠰ ᠰᠣᠮᠣᠨ ᠤ ᠨᠠᠶᠢᠷ ᠲᠠᠭᠠᠨ ᠪᠠᠷᠢᠯᠳᠣᠵᠤ ᠳᠥᠷᠪᠡ ᠳᠤ ᠣᠷᠣᠪᠠ᠃ | ᠥᠵᠥᠮᠥᠴᠢᠨ ᠨᠣᠳᠤᠭ ᠲᠤ ᠬᠡᠰᠢᠭᠳᠡᠨ ᠤ ᠭᠤᠩᠴᠣᠭᠰᠡᠷᠡᠩ ᠤᠨ ᠲᠣᠬᠠᠢ ᠣᠯᠠᠨ ᠵᠣᠭᠠᠭ | ᠪᠣᠯᠤᠨ ᠶᠠᠷᠢᠭᠳᠠᠵᠤ ᠥᠵᠥᠮᠥᠴᠢᠨ ᠪᠥᠬᠡ ᠰᠠᠶᠢᠨ ᠪᠣᠯᠪᠠᠴᠤ ᠬᠡᠰᠢᠭᠳᠡᠨ ᠤ ᠭᠤᠩᠴᠣᠭᠰᠡᠷᠡᠩ ᠢ ᠪᠠᠳᠣᠯᠠᠭ᠎ᠠ ᠲᠠᠢ | ᠠᠮᠠᠯᠠᠵᠣ ᠢᠯᠠᠭᠰᠠᠨ ᠬᠥᠮᠥᠨ ᠭᠠᠷᠣᠭᠠᠳᠣᠢ ᠁᠃ ᠬᠤᠶᠠᠷ ᠤᠳᠠᠭᠠᠨ ᠤ ᠶᠡᠭᠡ ᠨᠠᠶᠢᠷ ᠲᠤ ᠭᠤᠩᠴᠣᠭᠰᠡᠷᠡᠩ | ᠲᠡᠷᠢᠭᠦᠯᠡᠵᠤ ᠴᠢᠳᠠᠭᠰᠠᠨ ᠥᠭᠡᠢ ᠪᠣᠯᠪᠠᠴᠤ ᠣᠯᠠᠨ ᠬᠥᠮᠥᠰ ᠤᠨ ᠬᠠᠶᠢᠷ᠎ᠠ ᠬᠥᠨᠳᠥᠳᠭᠡᠯ ᠢ ᠣᠯᠪᠠ ᠭᠡᠵᠤ | ᠶᠠᠷᠢᠵᠠᠭᠠᠳᠠᠭ᠃ ᠨᠠᠰᠣᠳᠠᠶᠢᠴᠣᠳ ᠭᠤᠩᠴᠣᠭᠰᠡᠷᠡᠩ ᠢ ᠲᠣᠷᠠᠰᠬᠤ ᠪᠥᠷᠢ ᠳᠤ ᠵᠠᠩ ᠣᠪᠣᠷ ᠰᠠᠶᠢᠳᠠᠢ᠂ ᠪᠥᠬᠡ ᠶᠢᠨ | ᠮᠡᠭᠡ ᠭᠥᠢᠴᠡᠳ᠂ ᠤᠨᠠᠭᠠᠷᠢ ᠥᠭᠡᠢ ᠰᠠᠶᠢᠨ ᠪᠥᠬᠡ᠂ ᠬᠥᠨᠳᠡᠯᠡᠨ ᠬᠤᠰᠢᠭᠤᠨ ᠳᠤ ᠭᠠᠭᠴᠠᠭᠠᠷ ᠢᠶᠠᠨ ᠵᠣᠷᠢᠵᠤ | ᠢᠷᠡᠳᠡᠭ ᠵᠣᠷᠢᠭᠲᠠᠢ ᠬᠥᠮᠥᠨ ᠭᠡᠵᠤ ᠮᠠᠭᠳᠠᠳᠠᠭ᠃ | ᠮᠠᠮᠠ ᠵᠠᠩᠭᠢ ᠶᠢᠨ ᠠᠷᠠᠰᠢᠰᠧᠪᠴᠢᠨ ᠤ ᠬᠠᠳᠠᠭᠤ ᠪᠠᠷᠢᠴᠠ᠂ ᠲᠥᠭᠦᠷᠡᠩ ᠮᠡᠭᠡ ᠶᠢᠨ | ᠥᠵᠥᠮᠥᠴᠢᠨ ᠤ ᠨᠢᠭᠡ ᠥᠶ᠎ᠡ ᠶᠢᠨ ᠰᠠᠶᠢᠴᠣᠣᠯ ᠪᠠᠷᠤᠭ ᠮᠤᠯᠳᠣᠷᠤᠭᠰᠠᠨ ᠬᠥᠮᠥᠨ ᠥᠭᠡᠢ ᠭᠡᠳᠡᠭ ᠠᠯᠳᠠᠷᠳᠠᠢ ᠰᠠᠶᠢᠨ | ᠪᠥᠬᠡ ᠶᠣᠮ᠃ ᠭᠡᠪᠡᠴᠤ ᠬᠡᠰᠢᠭᠳᠡᠨ ᠤ ᠭᠤᠩᠴᠣᠭᠰᠡᠷᠡᠩ ᠳᠤ ᠭᠤᠷᠪᠠ ᠣᠳᠠᠭ᠎ᠠ ᠲᠠᠷᠠᠭᠠᠯᠠᠨ ᠢᠯᠠᠭᠳᠠᠭᠠᠳ | ᠭᠤᠩᠴᠣᠭᠰᠡᠷᠡᠩ ᠨᠠᠳᠠ ᠠᠴᠠ ᠬᠤᠪᠢ ᠲᠠᠬᠢᠨ ᠢᠯᠡᠭᠦᠣ ᠪᠥᠬᠡ ᠭᠡᠵᠤ ᠭᠤᠩᠴᠣᠭᠰᠡᠷᠡᠩ ᠢ ᠥᠨᠡᠯᠡᠭᠰᠡᠨ ᠪᠠᠶᠢᠨ᠎ᠠ᠃ | | ᠠᠷᠠᠰᠢᠰᠧᠪᠴᠢᠨ᠄ ︽ᠪᠢ ᠭᠤᠩᠴᠣᠭᠰᠡᠷᠡᠩ ᠢ ᠲᠠᠪᠠᠭ᠋ᠤ ᠪᠥᠬᠡ ᠪᠢᠰᠢ᠂ ᠠᠩᠬ᠎ᠠ ᠣᠳᠠᠭ᠎ᠠ | ᠠᠪᠠᠭ᠎ᠠ ᠶᠢᠨ ᠨᠠᠶᠢᠷ ᠲᠤ ᠲᠡᠷᠢᠭᠦᠯᠡᠬᠦ ᠪᠠᠷ ᠣᠴᠢᠭᠠᠳ ᠲᠡᠭᠦᠨ ᠳᠤ ᠢᠯᠠᠭᠳᠠᠪᠠ᠃ ᠬᠤᠶᠠᠳᠣᠭᠠᠷ ᠣᠳᠠᠭ᠎ᠠ ᠪᠢ | ᠥᠵᠥᠮᠥᠴᠢᠨ ᠤ ᠶᠡᠭᠡ ᠨᠠᠶᠢᠷ ᠲᠡᠭᠡᠷ᠎ᠡ ᠪᠠᠰᠠ ᠢᠯᠠᠭᠳᠠᠪᠠ᠃ ᠤᠳᠣ ᠴᠦ ᠨᠠᠳᠠᠳᠤ ᠠᠷᠭ᠎ᠠ ᠥᠭᠡᠢ᠃ ᠵᠥᠪᠬᠡᠨ ᠪᠢ | ᠲᠡᠭᠦᠨ ᠤ ᠲᠣᠭᠳᠠᠭᠠᠬᠤ ᠠᠷᠭ᠎ᠠ ᠪᠠᠷ ᠬᠥᠴᠥᠨ ᠲᠠᠮᠢᠷ ᠢ ᠨᠢ ᠪᠠᠭ᠎ᠠ ᠰᠠᠭ᠎ᠠ ᠮᠤᠬᠤᠭᠤᠵᠤ ᠲᠠᠷᠠᠭ᠎ᠠ ᠬᠥᠮᠥᠨ ᠳᠡᠭᠡᠨ | ᠥᠭᠬᠦ ᠨᠢᠬᠡ ᠯᠡ ᠠᠷᠭ᠎ᠠ ᠁︾ ᠭᠡᠵᠠᠢ᠃ | ᠨᠠᠶᠢᠷ ᠠᠴᠠ ᠴᠣᠯᠭᠤᠢ ᠰᠢᠷᠢ ᠶᠢᠨ ᠪᠢᠳᠡᠭᠦᠥ ᠵᠣᠳᠤᠭ ᠢ ᠠᠷᠠᠰᠢᠰᠧᠪᠴᠢᠨ ᠳᠤ ᠡᠮᠥᠰᠥᠭᠦᠯᠥᠨ᠂ | ᠪᠠᠷᠢᠴᠢ ᠤᠯᠭᠤᠯᠬᠤ ᠥᠭᠡᠢ ᠲᠥᠯᠥᠭᠡ ᠬᠤᠶᠠᠷ ᠬᠠᠨᠴᠣᠢ ᠳᠤᠨᠢ ᠬᠤᠷᠤᠭᠤ ᠣᠷᠣᠬᠤ ᠵᠠᠢ ᠥᠭᠡᠢ ᠠᠯᠴᠢᠭᠤᠷ | ᠴᠢᠬᠢᠵᠤ ᠡᠩᠭᠡᠷ ᠢ ᠨᠢ ᠰᠣᠷ ᠢᠶᠠᠷ ᠥᠳᠡᠵᠤ ᠵᠠᠢ ᠥᠭᠡᠢ ᠨᠡᠶᠢᠯᠡᠭᠦᠯᠵᠤ ᠠᠷᠠᠰᠢᠰᠧᠪᠴᠢᠨ ᠳᠤ ᠪᠢᠳᠡᠭᠦᠤ ᠵᠣᠳᠤᠭ | ᠡᠮᠥᠰᠭᠦᠯᠵᠡᠢ᠃ ᠵᠣᠳᠤᠭ ᠢ ᠬᠠᠮᠢᠭ᠎ᠠ ᠠᠴᠠ ᠴᠦ ᠯᠠᠪᠳᠠᠭᠤᠨ ᠪᠠᠷᠢᠬᠤ ᠠᠷᠭ᠎ᠠ ᠥᠭᠡᠢ ᠲᠣᠯᠠ ᠭᠤᠩᠴᠣᠭᠰᠡᠷᠡᠩ᠂ | ᠠᠷᠠᠰᠢᠰᠧᠪᠴᠢᠨ ᠤ ᠪᠠᠭᠠᠯᠵᠣᠣᠷ ᠤᠨ ᠭᠡᠰᠡᠭ ᠤᠨ ᠵᠣᠳᠤᠭ ᠤᠨ ᠰᠡᠳᠡᠷᠬᠡᠢ ᠬᠡᠰᠡᠭ ᠠᠴᠠ ᠨᠢ ᠬᠤᠶᠠᠷ ᠬᠤᠷᠣᠭᠤ ᠪᠠᠷ | ᠢᠶᠠᠨ ᠭᠤᠬᠠᠳᠠᠵᠤ ᠲᠤᠭᠳᠠᠭᠠᠨ ᠰᠢᠷᠣᠭᠦᠨ ᠲᠡᠮᠡᠴᠡᠯᠳᠤᠨ ᠬᠤᠷᠣᠭᠤᠨ ᠤ ᠬᠥᠯᠥᠰᠥᠨ ᠳᠤ ᠬᠠᠳᠠᠭᠤ ᠰᠢᠷᠢ ᠨᠢ | ᠲᠡᠪᠲᠡᠵᠤ ᠵᠥᠭᠡᠯᠡᠷᠡᠨ ᠬᠤᠶᠠᠷ ᠬᠤᠷᠣᠭᠤ ᠪᠠᠷ ᠢᠶᠠᠨ ᠬᠠᠳᠬᠤᠵᠤ ᠨᠥᠬᠡᠯᠡᠨ ᠭᠤᠬᠠᠳᠠᠵᠤ ᠭᠡᠨ᠎ᠡ᠃ ᠳᠠᠷᠠᠭ᠎ᠠ ᠡᠳᠤᠷ | ᠨᠢ ᠭᠤᠩᠴᠣᠭᠰᠡᠷᠡᠩ ᠠᠷᠠᠰᠢᠰᠧᠪᠴᠢᠨ ᠢ ᠠᠮᠠᠷᠬᠠᠨ ᠲᠠᠪᠠᠭᠰᠠᠨ ᠳᠤ ᠠᠷᠠᠰᠢᠰᠧᠪᠴᠢᠨ᠄ ︽ᠪᠢ ᠲᠡᠭᠦᠨ ᠢ ᠥᠪᠡᠷ | ᠤᠨ ᠡᠷᠬᠡ ᠥᠭᠡᠢ ᠰᠠᠶᠢᠨ ᠪᠥᠬᠡ ᠶᠢ ᠨᠢ ᠪᠢᠰᠢᠷᠡᠵᠤ ᠬᠠᠶᠢᠷᠠᠯᠠᠳᠠᠭ ᠁︾ ᠭᠡᠵᠤ ᠶᠠᠷᠢᠪᠠ᠃ ᠲᠡᠷᠡ ᠨᠠᠶᠢᠷ ᠲᠤ | ᠭᠤᠩᠴᠣᠭᠰᠡᠷᠡᠩ ᠰᠣᠳᠨᠠᠮᠸᠠᠩᠴᠤᠭ ᠠᠪᠤᠷᠭᠤ ᠳᠤ ᠢᠯᠠᠭᠳᠠᠨ ᠭᠤᠷᠪᠠ ᠳᠤ ᠤᠷᠣᠯᠠ᠃ | ᠭᠤᠩᠴᠣᠭᠰᠡᠷᠡᠩ ᠲᠡᠷᠡ ᠤᠳᠠᠭᠠᠨ ᠤ ᠨᠠᠶᠢᠷ ᠤᠨ ᠲᠣᠬᠠᠢ ᠲᠣᠷᠠᠰᠬᠤ ᠳᠠᠭᠠᠨ ︽ᠪᠢ | ᠭᠤᠤᠯᠳᠠᠭᠤ ᠬᠤᠶᠠᠷ ᠨᠥᠬᠦᠴᠡᠯ ᠠᠴᠠ ᠪᠣᠯᠵᠤ ᠢᠯᠠᠭᠳᠠᠪᠠ᠃ ᠨᠢᠬᠡ ᠳᠤ᠂ ᠠᠷᠠᠰᠢᠰᠧᠪᠴᠢᠨ ᠲᠠᠢ ᠡᠳᠣᠷ ᠢᠯᠡᠭᠦᠥ | ᠵᠣᠭᠰᠣᠭᠠᠳ ᠬᠥᠴᠥ ᠲᠠᠮᠢᠷ ᠰᠣᠯᠠᠷᠠᠭᠰᠠᠨ ᠢᠶᠠᠨ ᠥᠪᠡᠷᠳᠡᠭᠡᠨ ᠮᠡᠳᠡᠭᠰᠡᠨ ᠥᠭᠡᠢ᠃ ᠬᠤᠶᠠᠷ ᠲᠤ᠂ ᠰᠠᠨᠠᠭ᠎ᠠ | ᠲᠠᠶᠢᠪᠣᠰᠢᠷᠠᠨ ᠤᠮᠤᠷᠬᠠᠭᠯᠠᠭᠰᠠᠨ ᠠᠴᠠ ᠪᠣᠯᠪᠠ᠃ ᠤᠴᠢᠷ ᠨᠢ ᠨᠠᠶᠢᠷ ᠤᠨ ᠪᠥᠬᠡ ᠶᠢᠨ ᠲᠡᠭᠡᠳᠤ ᠲᠥᠷᠪᠡ ᠳᠤ ᠪᠢᠳᠡ | ᠲᠥᠷᠪᠡᠭᠦᠯᠬᠡᠨ ᠥᠯᠡᠳᠡᠭᠰᠡᠨ ᠤ ᠲᠤᠳᠣᠷ᠎ᠠ ᠪᠢ ᠠᠯᠢ ᠶᠢ ᠨᠢ ᠴᠦ ᠪᠣᠯᠪᠠᠴᠤ ᠠᠮᠠᠷᠬᠠᠨ ᠠᠪᠬᠤ ᠨᠥᠬᠦᠴᠡᠯ ᠲᠠᠢ᠂ | ᠨᠡᠩ ᠰᠣᠳᠨᠠᠮᠸᠠᠩᠴᠤᠭ ᠠᠪᠣᠷᠭᠤ ᠪᠢᠳᠡ ᠬᠠᠮᠳᠣ ᠪᠣᠯᠪᠠᠰᠣᠷᠠᠯ ᠳᠤ ᠪᠠᠶᠢᠭᠰᠠᠨ᠂ ᠲᠡᠭᠦᠨ ᠤ ᠪᠢ ᠪᠠᠳᠣᠯᠭ᠎ᠠ ᠲᠠᠢ | ᠲᠠᠪᠠᠭ᠋ᠤ ᠤᠮᠣᠷᠬᠠᠭ ᠰᠠᠨᠠᠭ᠎ᠠ ᠳᠥᠭᠦᠷᠡᠩ ᠪᠠᠶᠢᠪᠠ᠃ ᠡᠳᠡᠭᠡᠷ ᠨᠢ ᠪᠥᠷ ᠮᠢᠨᠣ ᠠᠮᠠᠷᠬᠠᠨ ᠢᠯᠠᠭᠳᠠᠬᠤ ᠨᠥᠬᠦᠴᠡᠯ ᠢ | ᠪᠥᠷᠢᠯᠳᠥᠭᠦᠯᠪᠡ︾ ᠭᠡᠵᠤ ᠳ᠋ᠦᠩᠨᠡᠨ ᠶᠠᠷᠢᠪᠠ᠃ | ᠲᠡᠷᠡ ᠪᠣᠯ ᠢᠯᠠᠭᠳᠠᠬᠤ ᠲᠤᠳᠣᠮ ᠥᠪᠡᠷ ᠤᠨ ᠪᠡᠶ᠎ᠡ ᠠᠴᠠ ᠪᠠᠨ ᠵᠥᠷᠢᠶ᠎ᠡ ᠪᠠᠨ ᠡᠷᠢᠳᠡᠭ ᠰᠠᠶᠢᠨ | ᠪᠥᠬᠡ ᠶᠤᠮ᠃ ᠶᠡᠷᠥᠳᠡᠭᠡᠨ ᠣᠮᠣᠷᠬᠠᠭ ᠥᠭᠡ ᠶᠠᠷᠢᠶᠠᠨ ᠥᠭᠡᠢ ᠪᠥᠭᠡᠳ ᠥᠭᠡ ᠲᠠᠭᠤᠨ ᠴᠥᠭᠡᠨ ᠲᠠᠷᠣᠣ ᠬᠥᠮᠥᠨ | ᠪᠠᠶᠢᠪᠠ᠃ ︽ᠭᠤᠩᠴᠣᠭᠰᠡᠷᠡᠩ ᠪᠠᠭᠰᠢ᠂ ᠰᠠᠶᠢᠨ ᠬᠥᠮᠥᠨ ᠰᠠᠶᠢᠨ ᠪᠥᠬᠡ ᠶᠣᠮ᠃ ᠰᠡᠭᠦᠯ ᠳᠤᠨᠢ ᠲᠡᠷᠡ ᠨᠠᠳᠠ ᠲᠠᠢ | ᠠᠭᠤᠯᠵᠠᠭᠠᠳ ᠰᠠᠶᠢᠨ ᠪᠥᠬᠡ ᠪᠣᠯᠣᠶ᠎ᠠ ᠭᠡᠪᠡᠯ ᠵᠥᠪᠬᠡᠨ ᠬᠤᠰᠢᠭᠤ ᠨᠣᠳᠤᠭ ᠲᠠᠭᠠᠨ ᠨᠡᠷ᠎ᠡ ᠭᠠᠷᠣᠭᠠᠳ ᠪᠣᠯᠬᠤ ᠪᠢᠰᠢ | ᠂ ᠪᠥᠬᠡ ᠰᠠᠶᠢᠲᠠᠢ ᠭᠠᠵᠠᠷ ᠲᠤ ᠬᠥᠷᠴᠤ ᠥᠪᠡᠷ ᠤᠨ ᠬᠢᠷᠢ ᠬᠡᠮᠵᠢᠶ᠎ᠡ ᠪᠠᠨ ᠥᠵᠡᠬᠦ ᠬᠡᠷᠡᠭᠲᠠᠢ ᠭᠡᠵᠤ | ᠭᠤᠩᠴᠣᠭᠰᠡᠷᠡᠩ ᠪᠠᠭᠰᠢ ᠶᠢᠨ ᠬᠥᠮᠥᠨ ᠤ ᠰᠣᠨᠢᠷᠬᠠᠬᠤ ᠠᠷᠭ᠎ᠠ ᠮᠠᠶ᠋ᠢᠭ ᠢ ᠪᠢ ᠶᠡᠭᠡ ᠪᠢᠰᠢᠷᠡᠨ᠎ᠡ᠃ ᠲᠡᠷᠡ ᠬᠥᠮᠥᠨ | ᠤ ᠰᠠᠶᠢᠨ ᠪᠠᠷᠢᠭᠤᠯᠬᠤ ᠨᠢ ᠥᠪᠡᠷ ᠢᠶᠠᠨ ᠰᠠᠶᠢᠨ ᠪᠠᠷᠢᠬᠤ ᠶᠢᠨ ᠲᠥᠯᠥᠭᠡ ᠶᠤᠮ ᠭᠡᠵᠤ ᠰᠣᠷᠭᠠᠳᠠᠭ᠃ ᠬᠥᠮᠥᠨ ᠤ | ᠭᠥᠢᠴᠡᠳ ᠰᠠᠶᠢᠨ ᠮᠡᠭᠡ ᠬᠢᠯᠬᠡᠬᠦ ᠨᠢ ᠲᠡᠭᠦᠨ ᠢ ᠣᠯᠠᠮ ᠠᠮᠠᠷᠬᠠᠨ ᠲᠠᠪᠠᠭ᠋ᠤ ᠶᠢᠨ ᠲᠥᠯᠥᠬᠡ ᠶᠣᠮ ᠭᠡᠵᠤ︾ ᠠᠪᠠᠭ᠎ᠠ | ᠶᠢᠨ ᠨᠠᠶᠢᠳᠠᠨ ᠭᠤᠩᠴᠣᠭᠰᠡᠷᠡᠩ ᠤᠨ ᠲᠣᠬᠠᠢ ᠶᠠᠷᠢᠳᠠᠭ᠃ | ᠭᠤᠩᠴᠣᠭᠰᠡᠷᠡᠩ ᠠᠪᠣᠷᠭᠤ ᠶᠢᠨ ᠪᠥᠰᠡᠭᠦᠢ ᠨᠢ ᠮᠠᠵᠢᠭ ᠭᠡᠳᠡᠭ᠃ ᠵᠣᠯᠡᠭᠡᠷᠡᠯ᠂ ᠬᠤᠸᠠᠷ᠎ᠠ ᠬᠡᠬᠦ | ᠬᠤᠶᠠᠷ ᠥᠬᠢᠨ ᠲᠠᠢ᠃ ︽ᠰᠣᠶᠣᠯ ᠤᠨ ᠶᠡᠭᠡ ᠬᠤᠪᠢᠰᠬᠠᠯ︾ ᠳᠤ ᠭᠤᠩᠴᠣᠭᠰᠡᠷᠡᠩ ᠢ ᠥᠪᠥᠷ ᠮᠤᠩᠭᠤᠯ ᠤᠨ | ᠪᠥᠬᠡ ᠶᠢᠨ ᠠᠩᠬᠢ ᠠᠴᠠ ᠨᠢ ᠬᠠᠰᠣᠵᠤ ᠭᠡᠷ ᠲᠤᠨᠢ ᠶᠠᠪᠣᠭᠤᠯᠣᠨ 1978 ᠤᠨ ᠳᠤ ᠲᠠᠬᠢᠵᠤ ᠠᠵᠢᠯ ᠢ ᠨᠢ | ᠰᠡᠷᠭᠦᠭᠡᠪᠡ᠃ 1979.11-1983 ᠬᠥᠷᠳᠡᠯ᠎ᠡ ᠲᠠᠷᠬᠠᠠᠭᠤᠯᠠ ᠰᠣᠮᠥᠨ ᠤ ᠬᠠᠩᠭᠠᠯᠭ᠎ᠠ ᠶᠢᠨ ᠬᠤᠷᠰᠢᠶ᠎ᠠ ᠳᠤ | ᠠᠵᠢᠯᠯᠠᠵᠤ ᠪᠠᠶᠢᠭᠠᠳ ᠬᠤᠳᠣᠭᠤᠳᠣᠨ ᠤ ᠥᠮᠠᠨ ᠡᠪᠡᠳᠴᠢᠨ ᠢᠶᠠᠷ ᠨᠠᠰᠤ ᠪᠠᠷᠠᠭᠰᠠᠨ ᠳᠤ ᠭᠤᠩᠴᠣᠭᠰᠡᠷᠡᠩ | ᠠᠪᠤᠷᠭᠤ ᠶᠢᠨ ᠲᠥᠷᠥᠭᠰᠡᠨ ᠨᠣᠳᠤᠭ ᠨᠠᠷᠠᠳᠣ ᠭᠠᠴᠠᠭ᠎ᠠ ᠲᠡᠭᠦᠨ ᠢ ᠲᠣᠷᠠᠰᠬᠠᠨ ᠰᠣᠪᠣᠷᠭ᠎ᠠ ᠪᠣᠰᠬᠠᠵᠠᠢ᠃ | ︵ᠪᠣᠷᠵᠢᠬᠢᠨ ᠠ᠊᠂ ᡀᠠᠮᠦᠵᠠᠪ ᠤᠨ ︽ᠴᠢᠩᠭᠢᠰ ᠬᠠᠭᠠᠨ ᠤ ᠲᠥᠮᠡᠨ ᠬᠡᠰᠢᠭᠳᠡᠨ ᠤ | ᠬᠤᠶᠢᠴᠢᠰ︾ ᠭᠡᠬᠦ ᠨᠣᠮ ᠠᠴᠠ ᠬᠡᠰᠡᠭᠯᠡᠪᠡ︶ | | |