ᠳᠦᠬᠡᠮᠡᠯ ᠠᠮᠤᠭᠤᠯᠠᠩᠳᠤ ᠰᠦᠮ᠎ᠡ
ᠨᠡᠶᠢᠲᠡᠯᠡᠭᠰᠡᠨ ᠴᠠᠭ᠄
2018/11/30
      ᠳᠦᠬᠡᠮᠡᠯ ᠠᠮᠤᠭᠤᠯᠠᠩᠳᠤ ᠰᠦᠮ᠎ᠡ(普安寺)᠎ ᠶᠢ ᠪᠠᠰᠠ  ︽ᠳᠤᠯᠢ ᠶᠢᠨ ᠰᠦᠮ᠎ᠡ︾  ᠬᠡᠳᠡᠭ᠃ ᠤᠯᠠᠭᠠᠨᠬᠠᠳᠠ ᠬᠤᠳᠠ ᠶᠢᠨ ᠬᠡᠰᠢᠭᠳᠡᠨ ᠬᠤᠰᠢᠭᠤᠨ ᠤ ᠬᠤᠶᠠᠳᠤᠭᠠᠷ ᠰᠦᠮ᠎ᠡ ᠪᠤᠯᠤᠨ᠎ᠠ᠃ ᠬᠡᠰᠢᠭᠳᠡᠨ ᠬᠤᠰᠢᠭᠤᠨ ᠤ ᠳᠠᠯᠠᠶᠢᠨᠠᠭᠤᠷ ᠰᠤᠮᠤᠨ ᠤ ᠳᠤᠯᠢ ᠭᠠᠴᠠᠭᠠᠨ ᠳᠤ ᠠᠩᠬ᠎ᠠ ᠪᠠᠶᠢᠭᠤᠯᠵᠠᠢ᠃ ᠴᠢᠩ ᠤᠯᠤᠰ ᠤᠨ ᠳᠡᠭᠷᠢ ᠳᠡᠳᠬᠦᠭᠴᠢ ᠬᠠᠭᠠᠨ ᠤ ᠤᠨ ᠨᠤᠭᠤᠳ ᠲᠤ ᠬᠡᠰᠢᠭᠳᠡᠨ ᠬᠤᠰᠢᠭᠤᠨ ᠤ ᠳᠦᠷᠪᠡᠳᠦᠬᠡᠷ ᠦᠶ᠎ᠡ ᠶᠢᠨ ᠵᠠᠰᠠᠭ ᠨᠤᠶᠠᠨ ᠰᠧᠪᠡᠭᠵᠡᠪ ︵1695 — 1771︶ ᠭᠠᠷᠳᠠᠨ ᠪᠠᠶᠢᠭᠤᠯᠵᠠᠢ᠃ ᠰᠦᠮ᠎ᠡ ᠶᠢ ᠡᠬᠢᠯᠡᠨ ᠪᠠᠶᠢᠭᠤᠯᠤᠭᠰᠠᠨ ᠳᠤᠬᠠᠢ ᠨᠢᠬᠡᠨ ᠳᠤᠮᠤᠭ ᠪᠠᠶᠢᠳᠠᠭ᠃ ᠵᠠᠰᠠᠭ ᠨᠤᠶᠠᠨ ᠰᠧᠪᠡᠭᠵᠠᠪ ᠬᠤᠰᠢᠭᠤᠨ ᠤ ᠪᠠᠨ ᠬᠤᠶᠠᠳᠤᠭᠠᠷ ᠰᠦᠮ᠎ᠡ ᠪᠤᠯᠤᠭᠰᠠᠨ ᠳᠤᠯᠢ ᠶᠢᠨ ᠰᠦᠮ᠎ᠡ ᠎ ᠶᠢ ᠪᠠᠶᠢᠭᠤᠯᠬᠤ ᠳᠠᠭᠠᠨ ᠨᠢᠬᠡᠨ ᠯᠠᠮᠠ ᠠᠴᠠ ︿︿ᠶᠠᠮᠠᠷ ᠭᠠᠵᠠᠷ ᠪᠠᠶᠢᠭᠤᠯᠬᠤ ᠪᠤᠢ︖﹀﹀ ᠬᠡᠵᠤ ᠠᠪᠤᠷᠠᠯ ᠭᠤᠶᠤᠭᠰᠠᠨ ᠬᠡᠨ᠎ᠡ᠃ ᠳᠡᠬᠡᠬᠦ ᠳᠤ ᠳᠡᠷᠡ ᠯᠠᠮᠠ ᠠᠴᠠ᠄ ︿︿ᠬᠦᠮᠦᠨ ᠳᠤ ᠳᠤᠯᠢ ᠡᠪᠦᠷᠯᠡᠬᠦᠯᠵᠤ ᠳᠤᠭᠤᠷᠢᠨ ᠦᠵᠡᠵᠤ ᠶᠠᠪᠤᠭᠳᠤᠨ︕ ᠠᠯᠢ ᠭᠠᠵᠠᠷ ᠳᠤᠯᠢ ᠪᠠᠨ ᠬᠡᠬᠡᠭᠰᠡᠨ ᠪᠠᠶᠢᠪᠠᠯ ᠳᠡᠷᠡ ᠭᠠᠵᠠᠷ ᠲᠤ ᠰᠦᠮ᠎ᠡ ᠪᠠᠨ ᠪᠠᠶᠢᠭᠤᠯ﹀﹀ ᠬᠡᠵᠤ ᠬᠡᠨ᠎ᠡ᠃ ᠦᠨᠡᠬᠡᠷ ᠨᠢᠬᠡᠨ ᠬᠦᠮᠦᠨ ᠳᠤ ᠳᠤᠯᠢ ᠡᠪᠦᠷᠳᠦᠯᠡᠬᠦᠯᠵᠤ ᠳᠤᠭᠤᠷᠢᠭᠤᠯᠤᠭᠰᠠᠨ ᠳᠤ᠂ ᠳᠡᠷᠡ ᠬᠦᠮᠦᠨ ᠭᠤᠤᠯ ᠭᠠᠳᠤᠯᠬᠤ ᠳᠠᠭᠠᠨ ᠳᠤᠯᠢ ᠪᠠᠨ ᠭᠤᠤᠯ ᠳᠤᠳᠤᠷ᠎ᠠ ᠬᠡᠬᠡᠴᠢᠬᠡᠭᠰᠡᠨ ᠪᠠᠶᠢᠵᠠᠢ᠃ ᠳᠡᠬᠡᠬᠡᠳ ᠳᠤᠰ ᠭᠤᠤᠯ ᠤᠨ ᠡᠮᠦᠨ᠎ᠡ ᠳᠡᠨᠵᠢᠨ ᠳᠡᠬᠡᠷ᠎ᠡ ᠰᠦᠮ᠎ᠡ ᠪᠠᠨ ᠪᠠᠶᠢᠭᠤᠯᠵᠤ ᠨᠤᠳᠤᠭ ᠤᠨ ᠬᠢᠨᠢ ᠬᠦᠮᠦᠰ ᠳᠤᠯᠢ ᠶᠢᠨ ᠰᠦᠮ᠎ᠡ ᠬᠡᠵᠤ ᠨᠡᠷᠡᠶᠢᠳᠦᠭᠰᠡᠨ ᠪᠦᠬᠡᠳ ᠳᠤᠰ ᠭᠤᠤᠯ ᠢ ᠴᠤ ᠳᠤᠯᠢ ᠶᠢᠨ ᠭᠤᠤᠯ ᠬᠡᠵᠤ ᠳᠠᠭᠤᠳᠠᠬᠤ ᠪᠤᠯᠵᠤ ᠬᠡᠨ᠎ᠡ᠃ ᠬᠤᠵᠢᠮ ᠨᠢ ᠡᠵᠡᠨ ᠵᠤᠷᠭᠠᠨ ᠠᠴᠠ ︿︿ᠳᠦᠬᠡᠮᠡᠯ ᠠᠮᠤᠭᠤᠯᠠᠩᠳᠤ ᠰᠦᠮ᠎ᠡ﹀﹀ ᠬᠡᠰᠡᠨ ᠢᠯᠡᠷᠬᠡᠶᠢᠯᠡᠯ ᠤᠯᠭᠤᠵᠠᠢ᠃               ᠳᠤᠰ ᠰᠦᠮ᠎ᠡ ᠶᠢᠨ ᠭᠤᠤᠯ ᠰᠢᠳᠦᠬᠡᠨ ᠪᠤᠯ ᠬᠤᠩᠭᠤᠷ ᠰᠠᠬᠢᠭᠤᠯᠰᠤᠨ — ᠴᠠᠭᠠᠨ ᠮᠠᠾᠺᠡᠯᠡ ︵ᠬᠡᠤᠬᠡᠳ ᠤᠨ ᠬᠤᠸᠠᠷ ᠳᠠᠷᠢᠬᠤ︶ ᠪᠤᠯᠤᠨ᠎ᠠ᠃ ᠬᠤᠩᠭᠤᠷ ᠰᠠᠬᠢᠭᠤᠯᠰᠤᠨ ᠢᠶᠠᠷ ᠭᠤᠤᠯ ᠰᠢᠳᠦᠬᠡᠨ ᠢᠶᠠᠨ ᠪᠤᠯᠭᠠᠭᠰᠠᠨ ᠳᠤᠯᠢ ᠶᠢᠨ ᠰᠦᠮ᠎ᠡ ᠶᠢᠨ ᠱᠠᠰᠢᠨ ᠤ ᠦᠢᠯᠡ ᠶᠢᠨ ᠭᠤᠤᠯ ᠤᠨᠴᠠᠯᠢᠭ ᠨᠢ᠂ ᠯᠠᠮᠠ ᠬᠤᠸᠠᠷᠠᠭ ᠪᠤᠯᠭᠠᠨ ᠬᠡᠤᠬᠡᠳ ᠲᠤ ᠠᠳᠢᠰ ᠳᠠᠳᠠᠬᠤ ︵ᠬᠤᠸᠠᠷ ᠳᠠᠷᠢᠬᠤ︶ ᠳᠤᠰᠬᠠᠢ ᠮᠡᠷᠬᠡᠵᠢᠯ ᠳᠡᠭᠡᠨ ᠰᠢᠯᠭᠠᠷᠠᠭᠰᠠᠨ ᠪᠠᠶᠢᠳᠠᠭ᠃ ᠢᠯᠠᠩᠭᠤᠶ᠎ᠠ ᠨᠠᠢᠮᠠᠳᠤᠭᠠᠷ ᠳᠦᠷᠦᠯ ᠤᠨ ᠳ᠋ᠠ ᠯᠠᠮᠠ ᠪᠤᠯ ᠱᠠᠪᠷᠤᠩ ᠳᠡᠬᠡᠷ᠎ᠡ ᠪᠠᠨ ᠬᠠᠮᠪᠤ ᠵᠡᠷᠬᠡ ᠪᠦᠬᠦᠢ ᠰᠢᠯᠭᠠᠷᠠᠭᠰᠠᠨ ᠡᠮᠴᠢ ᠶᠤᠮ ᠃ ᠳᠡᠷᠡ 8 — 25 ᠨᠠᠰᠤ ᠬᠦᠷᠳᠡᠯ᠎ᠡ ᠪᠡᠳᠬᠡᠷ ᠵᠤᠤ ᠳᠤ ᠰᠠᠭᠤᠵᠤ ᠵᠢᠷᠤᠬᠠᠢ ᠶᠢᠨ ᠤᠬᠠᠭᠠᠨ ᠡᠮ ᠡᠮᠨᠡᠯᠬᠡ ᠶᠢᠨ ᠤᠬᠠᠭᠠᠨ ᠳᠤ ᠨᠡᠪᠳᠡᠷᠡᠭᠰᠡᠨ ᠰᠠᠶᠢᠨ ᠡᠮᠴᠢ ᠪᠤᠯᠵᠠᠢ᠃               1870 ᠤᠨ ᠤ ᠦᠶᠡᠰ ᠢᠶᠠᠷ᠂ ᠳᠡᠷᠡ ᠬᠠᠯᠬ᠎ᠠ ᠮᠤᠩᠭᠤᠯ ᠳᠤ ᠵᠠᠯᠠᠭᠳᠠᠨ ᠤᠴᠢᠭᠠᠳ ᠵᠢᠪᠽᠤᠨᠳᠠᠮᠪᠠ ᠬᠤᠳᠤᠭᠳᠤ ᠳᠤ ᠬᠤᠸᠠᠷ ᠳᠠᠷᠢᠭᠠᠳ ᠬᠠᠮᠪᠤ ᠵᠡᠷᠬᠡ ᠬᠦᠷᠳᠡᠵᠡᠢ᠃ ᠶᠢᠰᠦᠳᠦᠬᠡᠷ ᠳᠦᠷᠦᠯ ᠤᠨ ᠬᠤᠪᠢᠯᠭᠠᠨ ᠨᠢ ᠦᠷᠡᠵᠠᠶᠢᠬᠠᠷ᠎ᠠ ᠬᠡᠳᠡᠭ᠃ 1894 ᠤᠨ ᠳᠤ ᠳᠦᠷᠢ ᠢᠯᠡᠷᠡᠵᠤ᠂ 1942  ᠤᠨ ᠳᠤ ᠳᠦᠷᠢ ᠬᠠᠯᠠᠭᠳᠠᠵᠠᠢ᠃ ᠠᠷᠪᠠᠳᠤᠭᠠᠷ ᠳᠦᠷᠢ ᠶᠢᠨ ᠬᠤᠪᠢᠯᠭᠠᠨ ᠨᠢ ᠷᠠᠯᠠᠶᠢᠵᠠᠪ ᠬᠡᠳᠡᠭ᠃ ᠬᠤᠪᠢᠰᠬᠠᠯ ᠪᠤᠯᠤᠭᠰᠠᠨ ᠠᠴᠠ ᠰᠦᠮ᠎ᠡ ᠳᠡᠭᠡᠨ ᠵᠠᠯᠠᠭᠰᠠᠨ ᠦᠬᠡᠢ᠃ ᠳᠤᠰ ᠰᠦᠮ᠎ᠡ ᠨᠢ ᠬᠦᠭᠵᠢᠨ ᠮᠠᠨᠳᠤᠵᠤ ᠪᠠᠶᠢᠭᠰᠠᠨ ᠦᠶ᠎ᠡ ᠳᠡᠭᠡᠨ ᠬᠤᠶᠠᠷ ᠵᠠᠭᠤᠨ ᠯᠠᠮᠠ ᠬᠤᠸᠠᠷᠠᠭ ᠲᠠᠢ ᠪᠠᠶᠢᠵᠠᠢ᠃               1913 ᠤᠨ ᠳᠤ ᠳᠤᠰ ᠰᠦᠮ᠎ᠡ ᠨᠢ ᠮᠢ ᠵᠧᠨ ᠪᠢᠶᠤᠤ ᠶᠢᠨ ᠬᠠᠷ᠎ᠠ ᠴᠡᠷᠢᠭ ᠲᠤ ᠰᠢᠳᠠᠭᠠᠭᠳᠠᠵᠠᠢ᠃                 1918 ᠤᠨ ᠳᠤ ᠠᠷᠪᠠᠨ ᠨᠢᠬᠡᠳᠦᠬᠡᠷ ᠦᠶ᠎ᠡ ᠶᠢᠨ ᠵᠠᠰᠠᠭ ᠨᠤᠶᠠᠨ ᠪᠠᠬᠢᠵᠠᠶᠠᠭ᠎ᠠ ᠠᠴᠠ ᠳᠤᠯᠢ ᠶᠢᠨ ᠰᠦᠮ᠎ᠡ ᠶᠢ ᠳᠠᠷᠬᠠᠠᠠᠭᠤᠯᠠ ᠶᠢᠨ ᠡᠩᠬᠡᠷ ᠲᠤ ᠨᠡᠬᠦᠯᠬᠡᠨ ᠪᠠᠶᠢᠭᠤᠯᠵᠠᠢ᠃ ᠮᠠᠬᠠᠷᠠᠨᠵᠠ ᠶᠢᠨ ᠳᠤᠭᠠᠩ ᠨᠢ ᠰᠦᠮ᠎ᠡ ᠶᠢᠨ ᠎ ᠢᠶᠠᠨ ᠭᠤᠤᠯ ᠡᠬᠦᠳᠡ ᠪᠤᠯᠵᠤ ᠬᠤᠶᠠᠷ ᠬᠠᠪᠢᠷᠭ᠎ᠠ ᠳᠤᠨᠢ ᠪᠠᠰᠠ ᠬᠠᠵᠠᠭᠤ ᠶᠢᠨ ᠬᠤᠶᠠᠷ ᠡᠬᠦᠳᠡ ᠲᠠᠢ᠃ ᠳᠤᠳᠤᠭᠰᠢ ᠤᠷᠤᠪᠠᠯ ᠬᠤᠷᠢᠨ ᠳᠠᠪᠤᠨ ᠳᠠᠰᠤᠯᠭ᠎ᠠ ᠭᠤᠤᠯ ᠳᠤᠭᠠᠩ ᠪᠤᠯᠤᠨ᠎ᠠ᠃ ᠷᠦᠮᠴᠠᠳ ︵ᠶᠠᠮᠤᠷᠠᠨ︶ ᠸᠠᠩ ᠤᠨ ᠷᠠᠰᠠᠩ᠂ ᠶᠠᠮᠠᠨᠳᠠᠭ᠎ᠠ ᠸᠠᠩ ᠤᠨ ᠷᠠᠰᠠᠩ᠂ ᠳᠡᠮᠴᠡᠭ ᠸᠠᠩ ᠤᠨ ᠷᠠᠰᠠᠩ᠂ ᠬᠦᠩᠬᠡᠷᠡᠢ ᠶᠢᠨ ᠸᠠᠩ ᠤᠨ ᠷᠠᠰᠠᠩ ᠬᠡᠮᠡᠬᠦ ᠳᠦᠷᠪᠡᠨ ᠷᠠᠰᠠᠩ ᠲᠠᠢ ᠪᠠᠶᠢᠵᠤ᠂ ᠯᠠᠮᠠ ᠨᠠᠷ ᠨᠢ ᠪᠤᠷᠬᠠᠨ ᠤ ᠨᠤᠮ ᠰᠤᠷᠬᠤ ᠠᠴᠠ ᠭᠠᠳᠠᠨ᠎ᠠ ᠬᠡᠤᠬᠡᠳ ᠤᠨ ᠬᠤᠸᠠᠷ ᠳᠠᠷᠢᠬᠤ ᠵᠡᠷᠬᠡ ᠡᠮᠨᠡᠯᠬᠡ ᠶᠢᠨ ᠮᠡᠷᠬᠡᠵᠢᠯ ᠢ ᠰᠤᠷᠳᠠᠭ᠃ ᠡᠶᠢᠮᠤ ᠠᠴᠠ ᠰᠡᠬᠦᠯᠴᠢ ᠦᠶ᠎ᠡ ᠳᠤ ᠭᠧᠯᠢᠭ᠂ ᠯᠤᠪᠰᠠᠩ᠂ ᠮᠢᠵᠢᠭᠰᠠᠷᠡᠩ᠂ ᠴᠦᠯᠳᠤᠮ ᠮᠡᠳᠤ ᠤᠯᠠᠨ ᠰᠠᠶᠢᠨ ᠡᠮᠴᠢ ᠭᠠᠷᠴᠠᠢ᠃           ᠰᠦᠮ᠎ᠡ ᠶᠢᠨ ᠰᠠᠩ ᠳᠤ ᠳ᠋ᠠ ᠯᠠᠮᠠ ᠶᠢᠨ ᠵᠢᠰᠠ ︵ᠳᠤᠳᠤᠭᠠᠳᠤ ᠰᠠᠩ︶᠂ ᠰᠦᠮ᠎ᠡ ᠶᠢᠨ ᠶᠡᠭᠡ ᠵᠢᠰᠡ ︵ᠭᠠᠳᠠᠭᠠᠳᠤ ᠰᠠᠩ︶ ᠶᠠᠷᠨᠠᠢ ᠶᠢᠨ ᠰᠠᠩ᠂ ᠮᠦᠩᠬᠡ ᠮᠠᠨᠢ ᠶᠢᠨ ᠵᠢᠰᠠ ᠬᠡᠵᠤ ᠳᠦᠷᠪᠡᠨ ᠵᠢᠰᠡ ᠲᠠᠢ ᠪᠠᠶᠢᠪᠠ᠃ ᠳᠤᠰ ᠰᠦᠮ᠎ᠡ ᠳᠤ ᠪᠠᠰᠠ ᠪᠠᠷᠠᠭᠤᠨ ᠬᠦᠮᠪᠦᠨ ᠠᠴᠠ ᠵᠠᠯᠠᠵᠤ ᠠᠪᠴᠢᠷᠠᠭᠰᠠᠨ 108 ᠪᠤᠳᠢ ᠭᠠᠨᠵᠤᠤᠷ᠂ 21 ᠪᠤᠳᠢ ᠮᠤᠩᠭᠤᠯ ︽ᠶᠦᠮ  ︾ ᠭᠡᠳᠡᠭ ᠦᠨ᠎ᠡ ᠴᠠᠨ᠎ᠠ ᠲᠠᠢ ᠰᠤᠳᠤᠷ ᠪᠢᠴᠢᠭ ᠤᠳ ᠢ ᠬᠠᠳᠠᠭᠠᠯᠠᠵᠤ ᠪᠠᠶᠢᠵᠠᠢ᠃                 1937 ᠤᠨ ᠪᠤᠯᠬᠤ ᠳᠤ ᠮᠦᠨ ᠬᠦ ᠵᠠᠭᠤ ᠪᠦᠬᠡᠳ ᠵᠢᠷᠭᠤᠭᠠᠨ ᠯᠠᠮᠠ ᠪᠠᠶᠢᠵᠠᠢ᠃                ᠲᠤᠰ ᠰᠦᠮ᠎ᠡ 1959 ᠤᠨ ᠳᠤ ᠨᠤᠷᠭᠠᠭᠳᠠᠵᠠᠢ᠃
 
ᠢᠷᠡᠯᠲᠡ᠄ ᠬᠡᠰᠢᠭᠳᠡᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号