| | ᠴᠠᠰᠤ | | — ᠮ᠊᠂ ᠰᠡᠴᠡᠨᠪᠠᠭᠠᠳᠤᠷ | | ᠰᠢᠭᠤᠢ ᠳᠤᠨᠤᠷᠠᠵᠤ ᠤᠳᠤᠳ ᠨᠠᠮᠢᠷᠠᠭᠰᠠᠨ ᠰᠠᠷᠠᠨ ᠤ ᠴᠠᠰᠤᠨ ᠳᠤ ᠠᠯᠬᠤᠶ᠎ᠠ | ᠰᠢᠪᠠᠭᠤᠳ ᠵᠡᠭᠦᠷᠮᠡᠭᠯᠡᠭᠰᠡᠨ ᠠᠭᠤᠯᠠᠰ ᠤᠨ ᠢᠶᠠᠨ ᠳᠡᠷᠭᠡᠳᠡ ᠴᠢᠮᠡᠭᠡ ᠦᠬᠡᠶᠢᠭᠡᠨ ᠵᠤᠭᠰᠤᠶᠠ | ᠬᠡᠯᠡ ᠠᠮᠠ ᠶᠢᠨ ᠱᠤᠤᠬᠢᠶ᠎ᠠ ᠦᠬᠡᠢ ᠡᠨᠡ ᠯᠡ ᠤᠷᠴᠢᠨ ᠳᠤ ᠮᠦᠷᠬᠦᠶᠡ | ᠬᠡᠨ ᠴᠤ ᠦᠢᠮᠡᠬᠦᠯᠬᠦ ᠦᠬᠡᠢ ᠨᠠᠮ ᠵᠢᠮ ᠳᠤ ᠲᠦᠷ ᠴᠤ ᠬᠡᠰᠡᠨ ᠠᠭᠤᠵᠢᠷᠠᠶᠠ | | ᠭᠤᠸ᠎ᠠ ᠰᠠᠶᠢᠬᠠᠨ ᠴᠡᠴᠡᠷᠯᠢᠭ ᠲᠡᠭᠡᠨ ᠲᠠ ᠪᠦᠬᠦᠨ ᠢ ᠤᠷᠢᠶ᠎ᠠ | ᠭᠤᠨᠳᠠᠭᠰᠠᠨ ᠵᠢᠬᠦᠷ ᠢ ᠴᠢᠨᠢ ᠲᠡᠩᠭᠡᠷᠡᠭᠦᠯᠬᠦ ᠰᠡᠳᠬᠢᠯ ᠤᠨ ᠬᠦᠷᠦᠩᠭᠡᠳᠡᠨ ᠰᠠᠭᠤᠶ᠎ᠠ | ᠭᠤᠳᠤᠷᠠᠬᠤ ᠴᠤ ᠦᠬᠡᠢ᠂ ᠴᠦᠬᠦᠷᠡᠬᠦ ᠴᠤ ᠦᠬᠡᠢ ᠡᠷ᠎ᠡ ᠰᠢᠭ ᠶᠠᠪᠤᠶ᠎ᠠ | ᠭᠤᠷᠪᠠ ᠶᠢᠰᠤ ᠶᠢᠨ ᠬᠦᠢᠳᠡᠨ ᠳᠤ ᠲᠡᠩᠬᠢᠨᠠᠳᠠᠭ ᠴᠢᠯᠠᠭᠤ ᠪᠤᠯᠵᠤ ᠠᠮᠢᠳᠤᠷᠠᠶ᠎ᠠ᠃ |