ᠠᠪᠤ ᠡᠵᠢ ᠶᠢᠨ ᠦᠭᠡ ᠶᠠᠷᠢᠶ᠎ᠠ ᠦᠢᠯᠡ ᠠᠵᠢᠯᠯᠠᠭ᠎ᠠ ᠬᠡᠤᠭᠡᠳ ᠤᠨ ᠵᠠᠩ ᠠᠭᠠᠰᠢ ᠶᠢ ᠨᠦᠯᠦᠭᠡᠯᠡᠨ᠎ᠠ
ᠨᠡᠶᠢᠲᠡᠯᠡᠭᠰᠡᠨ ᠴᠠᠭ᠄
2015/5/28
     ᠭᠡᠤᠭᠡᠳ ᠤᠨ ᠦᠰᠦᠨ ᠪᠤᠶᠢᠵᠢᠬᠤ ᠶᠠᠪᠤᠴᠠ ᠳᠠᠭᠠᠨ ᠦᠷᠬᠦᠯᠵᠢ ᠠᠪᠤ ᠡᠵᠢ ᠪᠠᠨ ᠬᠠᠮᠤᠬ ᠰᠢᠭᠤᠳ ᠭᠡᠪ ᠲᠠᠭᠤᠷᠢᠶᠠᠯ ᠪᠤᠯᠭᠠᠵᠤ᠂ ᠦᠪᠡᠷ ᠤᠨ ᠰᠡᠳᠬᠢᠬᠦ ᠭᠡᠯᠪᠡᠷᠢ ᠪᠠ ᠵᠠᠩ ᠠᠭᠠᠰᠢ ᠪᠠᠨ ᠪᠦᠷᠢᠯᠳᠦᠬᠦᠯᠳᠡᠭ᠃ ᠨᠢᠯᠬ᠎ᠠ ᠭᠡᠤᠭᠡᠳ ᠠᠪᠤ ᠡᠵᠢ ᠢᠶᠠᠨ ᠤᠪᠤᠷ ᠲᠤ ᠤᠨᠴᠠᠭᠠᠢ ᠰᠡᠷᠭᠡᠭ ᠪᠠᠶᠢᠳᠠᠬ᠂ ᠠᠪᠤ ᠡᠵᠢ ᠶᠢᠨ ᠬᠢᠨᠢ ᠦᠭᠡ ᠶᠠᠷᠢᠶ᠎ᠠ ᠦᠢᠯᠡ ᠬᠦᠳᠡᠯᠦᠯ ᠨᠢ ᠭᠡᠤᠭᠡᠳ ᠤᠨ ᠤᠷᠮ᠎ᠠ ᠵᠤᠷᠢᠬ ᠪᠠ ᠠᠵᠢᠯᠯᠠᠭ᠎ᠠ ᠶᠢ ᠰᠢᠭᠤᠳ ᠨᠦᠯᠦᠭᠡᠯᠡᠳᠡᠭ᠃ ᠲᠡᠭᠡᠬᠦ ᠪᠠᠷ ᠠᠪᠤ ᠡᠵᠢ ᠶᠢᠨ ᠭᠡᠤᠭᠡᠳ ᠢᠶᠠᠨ ᠬᠠᠶᠢᠷᠠᠯᠠᠬᠤ ᠭᠡᠯᠪᠡᠷᠢ ᠴᠤ ᠭᠡᠤᠭᠡᠳ ᠤᠨ ᠵᠠᠩ ᠠᠪᠤᠷᠢ ᠶᠢ ᠨᠦᠯᠦᠭᠡᠯᠡᠨ᠎ᠠ᠃ ᠠᠪᠤ ᠡᠵᠢ ᠨᠢ ᠲᠡᠬᠦᠨ ᠢ ᠬᠠᠶᠢᠷᠠᠯᠠᠵᠤ ᠪᠠᠶᠢᠬᠤ ᠪᠠ ᠬᠠᠮᠠᠭᠠᠯᠠᠵᠤ ᠪᠠᠶᠢᠬᠤ ᠶᠢ ᠭᠡᠤᠭᠡᠳ ᠠᠮᠠᠷᠬᠠᠨ ᠰᠡᠷᠡᠵᠤ ᠮᠡᠳᠡᠨ᠎ᠠ᠃ ᠭᠡᠬᠦ ᠳᠤ᠂ ᠬᠤᠶᠠᠷ ᠠᠴᠠ ᠭᠤᠷᠪᠠᠨ ᠨᠠᠰᠤᠨ ᠤ ᠭᠡᠤᠭᠡᠳ ᠢ ᠬᠠᠶᠢᠷᠯᠠᠵᠤ ᠪᠠᠶᠢᠬᠤ ᠪᠠᠨ ᠭᠡᠳᠦ ᠢᠯᠡ ᠪᠠᠶᠢᠯᠭᠠᠵᠤ ᠪᠤᠯᠬᠤ ᠦᠭᠡᠢ᠂ ᠡᠷᠭᠡ ᠲᠡᠭᠰᠢ ᠲᠦᠪ ᠴᠢᠩᠭ᠎ᠠ ᠮᠦᠷᠳᠡᠭᠡᠨ ᠦᠷᠦᠰᠢᠶᠡᠬᠦ ᠤᠪᠤᠷ ᠢᠶᠠᠷ ᠬᠠᠨᠳᠤᠬᠤ ᠭᠡᠷᠡᠭᠳᠡᠢ᠂ ᠲᠡᠭᠡᠪᠡᠯ ᠭᠡᠤᠭᠡᠳ ᠰᠠᠶ᠋ᠢ ᠪᠠᠶᠠᠷ ᠪᠠᠶᠠᠰᠬᠤᠯᠠᠩ ᠲᠠᠢ ᠪᠦᠭᠡᠳ ᠦᠪᠡᠷ ᠢ ᠪᠠᠨ ᠢᠳᠡᠭᠡᠵᠤ᠂ ᠲᠡᠭᠵᠢᠨ ᠴᠤᠪᠤᠭ᠎ᠠ ᠪᠦᠭᠡᠳ ᠪᠡᠶ ᠎ᠡ ᠪᠠᠨ ᠲᠠᠭᠠᠭᠠᠬᠤ ᠴᠢᠨᠠᠷ ᠴᠢᠩᠭ᠎ᠠ ᠪᠤᠯᠳᠠᠬ᠃ ᠡᠶ᠎ᠡ ᠨᠠᠶᠢᠷᠳᠠᠢ ᠭᠡᠷ ᠪᠦᠯᠢ ᠭᠡᠤᠭᠡᠳ ᠤᠨ ᠲᠡᠭᠵᠢᠨ ᠴᠤᠪᠤᠭ᠎ᠠ ᠵᠠᠩ ᠪᠦᠷᠢᠯᠳᠦᠬᠦ ᠳᠤ ᠲᠤᠰᠠᠳᠠᠢ᠃      ᠰᠤᠳᠤᠯᠭᠠᠨ ᠳᠤ ᠢᠯᠡᠷᠡᠭᠦᠯᠦᠭᠰᠡᠨ ᠢᠶᠠᠷ᠂ ᠠᠷᠠᠳᠴᠢᠯᠠᠯ ᠲᠠᠢ᠂ ᠡᠪ ᠨᠠᠶᠢᠷᠳᠠᠢ᠂ ᠪᠤᠯᠪᠠᠰᠤᠨ ᠭᠡᠷ ᠪᠦᠯᠢ ᠶᠢᠨ ᠤᠷᠴᠢᠨ ᠳᠤ ᠦᠰᠬᠦ ᠭᠡᠤᠭᠡᠳ ᠤᠨ ᠰᠠᠨᠠᠭ᠎ᠠ ᠰᠡᠳᠬᠢᠯ ᠲᠤᠬᠳᠠᠭᠤᠨ᠂ ᠵᠠᠩ ᠠᠪᠤᠷᠢ ᠨᠢ ᠲᠡᠭᠵᠢᠨ᠂ ᠬᠠᠶᠢᠷ᠎ᠠ ᠰᠡᠳᠬᠢᠯᠭᠡ ᠨᠢ ᠡᠯᠪᠡᠭ᠂ ᠦᠪᠡᠷ ᠢ ᠪᠠᠨ ᠢᠳᠡᠭᠡᠬᠦ ᠰᠡᠳᠬᠢᠯᠭᠡ ᠪᠠᠷ ᠴᠢᠩᠭ᠎ᠠ ᠪᠠᠶᠢᠳᠠᠬ᠃ ᠲᠡᠭᠡᠬᠦ ᠪᠠᠷ᠂ ᠠᠪᠤ ᠡᠵᠢ ᠪᠤᠯᠤᠬᠰᠠᠳ ᠶᠠᠭᠤᠨ ᠤ ᠤᠷᠢᠳ ᠭᠡᠤᠭᠡᠳ ᠲᠡᠭᠡᠨ ᠬᠠᠯᠠᠭᠤᠨ ᠲᠤᠯᠠᠭᠠᠨ᠂ ᠠᠮᠤᠷ ᠲᠦᠪᠰᠢᠨ ᠭᠡᠷ ᠪᠦᠯᠢ ᠶᠢ ᠪᠤᠢ ᠪᠤᠯᠭᠠᠨ ᠦᠭᠬᠦ ᠭᠡᠷᠡᠭᠳᠡᠢ᠃ ᠲᠠᠷᠠᠭ᠎ᠠ ᠳᠤᠨᠢ᠂ ᠭᠡᠤᠭᠡᠳ ᠤᠨ ᠬᠠᠮᠢᠶᠠᠷᠤᠬᠳᠠᠬᠤ ᠰᠡᠳᠬᠢᠯ ᠶᠢ ᠬᠠᠨᠭ᠍ᠭᠠᠪᠠᠯ ᠭᠡᠤᠭᠡᠳ ᠬᠠᠶᠢᠷᠠᠯᠠᠬᠳᠠᠵᠤ ᠪᠠᠶᠢᠬᠤ᠂ ᠬᠦᠨᠳᠦᠳᠭᠡᠭᠳᠡᠵᠤ ᠪᠠᠶᠢᠬᠤ ᠰᠡᠳᠬᠢᠯᠭᠡ ᠲᠦᠷᠦᠭᠳᠡᠨ᠎ᠠ᠃ ᠶᠠᠭᠠᠬᠢᠬᠰᠠᠨ ᠴᠤ ᠰᠤᠬᠤᠷ ᠪᠠᠯᠠᠢ ᠪᠠᠷ ᠦᠪᠡᠷ ᠤᠨ ᠵᠤᠷᠢᠬ ᠢᠶᠠᠷ ᠢᠶᠠᠨ ᠭᠡᠤᠭᠡᠳ ᠤᠨ ᠠᠵᠢᠯᠯᠠᠭ᠎ᠠ ᠶᠢ ᠲᠤᠬᠢᠷᠠᠭᠤᠯᠵᠤ ᠪᠤᠯᠬᠤ ᠦᠭᠡᠢ᠂ ᠭᠡᠤᠭᠡᠳ ᠢ ᠵᠦᠢ ᠵᠤᠬᠢᠰᠳᠠᠢ ᠰᠤᠩᠭᠤᠬᠤ ᠡᠷᠭᠡ ᠲᠠᠢ ᠪᠠᠶᠢᠯᠭᠠᠬᠤ ᠭᠡᠷᠡᠭᠳᠡᠢ᠃      ᠦᠶ᠎ᠠ ᠵᠡᠷᠭᠡ ᠶᠢᠨ ᠭᠡᠤᠭᠡᠳ ᠲᠠᠢ ᠢᠯᠡᠬᠦᠭᠡᠨ ᠬᠠᠷᠢᠴᠠᠭᠤᠯᠬᠤ ᠭᠡᠷᠡᠭᠳᠡᠢ᠂ ᠠᠪᠤ ᠡᠵᠢ ᠪᠤᠯᠤᠬᠰᠠᠳ ᠭᠡᠤᠭᠡᠳ ᠤᠨ ᠵᠠᠩ ᠠᠪᠤᠷᠢ ᠶᠢ ᠨᠦᠯᠦᠭᠡᠯᠡᠬᠦ ᠠᠩᠬᠠᠳᠠᠬᠴᠢ ᠬᠦᠮᠦᠨ ᠪᠤᠯ ᠦᠶ᠎ᠠ ᠵᠡᠷᠭᠡ ᠶᠢᠨ ᠬᠠᠨᠢᠳᠠᠨ ᠨᠢ ᠭᠡᠤᠭᠡᠳ ᠤᠨ ᠰᠠᠶᠢᠨ ᠰᠠᠶᠢᠬᠠᠨ ᠵᠠᠩ ᠠᠪᠤᠷᠢ ᠪᠦᠷᠢᠯᠳᠦᠵᠤ᠂ ᠬᠦᠮᠦᠨ ᠲᠠᠢ ᠬᠠᠷᠢᠯᠴᠠᠬᠤ ᠤᠬᠠᠭᠠᠨ ᠰᠤᠷᠬᠤ ᠬᠠᠮᠤᠬ ᠰᠠᠶᠢᠨ ᠪᠠᠭᠰᠢ ᠨᠢ ᠪᠤᠯᠬᠤ ᠪᠤᠯᠤᠨ᠎ᠠ᠃ ᠭᠡᠤᠭᠡᠳ ᠨᠢ ᠤᠯᠠᠨ ᠭᠡᠤᠭᠡᠳ ᠢ ᠪᠤᠯ ᠭᠡᠷ ᠤᠨ ᠠᠬᠠᠮᠠᠳ ᠨᠢ ᠵᠤᠷᠢᠬᠵᠢᠭᠤᠯᠤᠨ ᠪᠠᠶᠢᠵᠤ ︽ᠭᠠᠷᠴᠤ ᠶᠠᠪᠤᠭᠤᠯᠵᠤ︾᠂ ᠦᠶ᠎ᠡ ᠵᠡᠷᠭᠡ ᠶᠢᠨ ᠭᠡᠤᠭᠡᠳ ᠤᠨ ᠭᠡᠷ ᠲᠡᠭᠡᠨ ᠤᠷᠢᠵᠤ ᠨᠠᠭᠠᠳᠤᠭᠤᠯᠬᠤ ᠭᠡᠷᠡᠭᠳᠡᠢ᠃ ᠲᠡᠭᠡᠪᠡᠯ ᠭᠡᠤᠭᠡᠳ ᠲᠤ ᠭᠡᠷ ᠤᠨ ᠡᠵᠡᠨ ᠤ ᠲᠦᠷᠦᠭᠳᠡᠯ ᠲᠠᠢ ᠪᠤᠯᠭᠠᠵᠤ ᠤᠷᠮ᠎ᠠ ᠨᠢ ᠬᠦᠭᠵᠢᠨ᠂ ᠪᠠᠶᠠᠷᠯᠠᠨ ᠬᠦᠭᠰᠡᠵᠤ᠂ ᠪᠢᠴᠢᠬᠠᠨ ᠨᠠᠶᠢᠵᠠ ᠲᠠᠢ ᠪᠠᠨ ᠠᠮᠠᠷᠬᠠᠨ ᠰᠠᠶᠢᠬᠠᠨ ᠵᠤᠭᠤᠬᠳᠠᠵᠤ ᠨᠠᠭᠠᠳᠤᠨ᠎ᠠ᠂ ᠲᠡᠭᠡᠭᠡᠳ ᠦᠪᠡᠷ ᠢ ᠪᠠᠨ ᠢᠳᠡᠭᠡᠬᠦ ᠢᠳᠡᠭᠡᠯ ᠲᠠᠢ ᠪᠤᠯᠵᠤ᠂ ᠲᠡᠭᠵᠢᠨ ᠴᠤᠪᠤᠭᠤᠯᠢᠬ ᠵᠠᠩ ᠠᠪᠤᠷᠢ ᠲᠠᠢ ᠪᠤᠯᠵᠤ ᠪᠤᠯᠤᠨ᠎ᠠ᠃
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号