ᠲᠦᠪᠯᠡᠷᠡᠭᠰᠡᠨ ᠰᠤᠷᠭᠠᠭᠤᠯᠢ ᠲᠦᠪᠡᠭᠳᠡᠭᠰᠡᠨ ᠮᠤᠩᠭᠤᠯ ᠬᠡᠯᠡ
ᠨᠡᠶᠢᠲᠡᠯᠡᠭᠰᠡᠨ ᠴᠠᠭ᠄
2015/3/31
     ᠬᠤᠳᠠ ᠪᠠᠯᠭᠠᠰᠤᠵᠢᠯᠳᠠ ᠨᠢ ᠤᠳᠤ ᠶᠢᠨ ᠲᠡᠯᠡᠭᠡᠢ ᠳ᠋ᠠᠬᠢᠨ ᠤ ᠶᠡᠭᠡ ᠤᠷᠤᠰᠬᠠᠯ ᠪᠤᠯᠵᠤ ᠪᠠᠶᠢᠨ᠎ᠠ᠃ ᠬᠤᠳᠠ ᠪᠠᠯᠭᠠᠰᠤ ᠨᠢ ᠵᠤᠭᠤᠰ ᠲᠠᠢ ᠯᠡ ᠪᠤᠯ ᠠᠯᠢᠪᠠ ᠪᠦᠬᠦᠨ ᠪᠡᠯᠡᠭᠡᠨ ᠪᠠᠶᠢᠬᠤ᠂ ᠨᠡᠶᠢᠭᠡᠮ ᠤᠨ ᠢᠯᠡᠬᠦᠳᠡᠯ ᠬᠦᠳᠡᠯᠮᠤᠷᠢ ᠬᠦᠴᠤ ᠳᠤ ᠠᠵᠢᠯ ᠤᠯᠭᠤᠬᠤ ᠮᠡᠳᠤ ᠶᠢᠨ ᠤᠯᠠᠨ ᠲᠠᠪᠠᠭᠤᠯᠢᠬ ᠲᠠᠯ᠎ᠠ ᠪᠠᠷ ᠪᠤᠯᠬᠤᠷ ᠬᠦᠮᠤᠰ ᠠᠮᠢᠳᠤᠷᠠᠯ ᠤᠨ ᠲᠠᠩᠰᠤᠭ ᠲᠤ ᠲᠠᠳᠠᠭᠳᠠᠵᠤ᠂ ᠠᠮᠢᠳᠤᠷᠠᠬᠤ ᠵᠠᠮ ᠡᠷᠢᠯᠬᠢᠯᠡᠵᠤ ᠬᠤᠳᠠ ᠪᠠᠷᠠᠳᠠᠬᠤ ᠪᠤᠯᠵᠠᠢ᠃ ᠲᠤᠮᠳᠠᠳᠤ ᠤᠯᠤᠰ ᠨᠢ ᠬᠤᠳᠠ ᠪᠠᠯᠭᠠᠰᠤᠵᠢᠯᠳᠠ ᠶᠢᠨ ᠤᠷᠬᠢᠯ ᠬᠠᠯᠠᠮᠰᠢᠯ ᠳᠤ ᠪᠠᠨ ᠤᠷᠤᠵᠤ᠂ ᠮᠠᠰᠢᠨᠴᠢᠯᠠᠯᠳᠠ ᠶᠠᠭᠠᠬᠢᠵᠤ ᠬᠦᠭᠵᠢᠭᠰᠡᠨ ᠴᠤ ᠬᠦᠳᠡᠭᠡ ᠲᠠᠷᠢᠶ᠎ᠠ ᠲᠠᠷᠢᠵᠤ᠂ ᠮᠠᠯ ᠮᠠᠯᠵᠢᠬᠤ ᠬᠦᠮᠤᠨ ᠲᠤᠳᠠᠭᠳᠠᠬᠤ ᠪᠤᠯᠵᠠᠢ᠃ ᠲᠤᠮᠳᠠᠳᠤ ᠤᠯᠤᠰ ᠪᠤᠯ ᠲᠠᠷᠢᠶᠠᠯᠠᠩ ᠤᠨ ᠶᠡᠭᠡ ᠤᠯᠤᠰ᠂ ᠲᠠᠷᠢᠶᠠᠯᠠᠩ ᠮᠠᠯ ᠠᠵᠤ ᠠᠬᠤᠢ ᠪᠤᠯ ᠬᠠᠮᠤᠭ ᠴᠢᠬᠤᠯᠠ ᠠᠵᠤ ᠦᠢᠯᠡᠰ ᠪᠤᠯᠤᠨ᠎ᠠ᠃ ᠭᠡᠳᠡᠯ᠎ᠠ ᠦᠨᠤ ᠶᠢᠨ ᠵᠠᠯᠠᠭᠤᠴᠤᠤᠨ ᠤᠯᠠᠩᠬᠢ ᠨᠢ ᠲᠠᠷᠢᠶ᠎ᠠ ᠲᠠᠷᠢᠵᠤ᠂ ᠮᠠᠯ ᠮᠠᠯᠵᠢᠬᠤ ᠲᠤᠷ᠎ᠠ ᠦᠭᠡᠢ᠂ ᠬᠦᠳᠡᠭᠡ ᠠᠮᠢᠳᠤᠷᠠᠬᠤ ᠲᠤᠷ᠎ᠠ ᠦᠭᠡᠢ ᠪᠠᠶᠢᠵᠤ᠂ ᠬᠤᠳᠠ ᠳᠤ ᠬᠤᠭᠤᠯᠠᠨ ᠭᠡᠷ ᠲᠤ ᠠᠶᠠᠭ᠎ᠠ ᠤᠬᠢᠶᠠᠵᠤ᠂ ᠬᠦᠯᠤᠰᠤᠨ ᠠᠵᠢᠯᠴᠢᠨ ᠪᠤᠯᠤᠭᠰᠠᠨ ᠴᠤ ᠬᠦᠳᠡᠭᠡ ᠮᠠᠯ ᠢᠶᠠᠨ ᠬᠠᠷᠢᠭᠤᠯᠵᠤ᠂ ᠲᠠᠷᠢᠶ᠎ᠠ ᠪᠠᠨ ᠲᠠᠷᠢᠬᠤ ᠡᠵᠡᠨ ᠬᠦᠮᠤᠨ ᠰᠢᠭ ᠠᠮᠢᠳᠤᠷᠠᠬᠤ ᠲᠤᠷ᠎ᠠ ᠦᠭᠡᠢ᠃ ᠡᠨᠡ ᠨᠢ ᠵᠢᠷᠠ ᠲᠠᠯᠠᠭᠠᠳ ᠤᠨ ᠳᠤ ᠲᠡᠬᠦᠰᠦᠭᠰᠡᠨ ᠤᠶᠤᠳᠠᠳ ᠰᠡᠭᠡᠭᠡᠳᠡᠳ ᠤᠨ ᠨᠤᠳᠤᠭ ᠵᠦᠭ ᠢᠶᠠᠨ ᠲᠡᠮᠡᠤᠯᠡᠬᠦ ᠰᠡᠳᠬᠢᠯᠭᠡ᠂ ᠨᠤᠳᠤᠭ ᠲᠤ ᠪᠠᠨ ᠦᠢᠯᠡᠰ ᠪᠤᠰᠬᠠᠵᠤ᠂ ᠨᠤᠳᠤᠭ ᠤᠰᠤ ᠪᠠᠨ ᠬᠦᠭᠵᠢᠬᠦᠯᠬᠦ ᠵᠤᠷᠢᠬ ᠲᠠᠢ ᠶᠠᠭ ᠡᠰᠡᠷᠬᠦ ᠪᠤᠯᠵᠠᠢ᠃ ᠡᠨᠡ ᠬᠦ ᠪᠠᠶᠢᠳᠠᠯ ᠢ ᠪᠤᠢ ᠪᠤᠯᠭᠠᠭᠰᠠᠨ ᠦᠨᠳᠤᠰᠤᠨ ᠰᠢᠯᠳᠠᠭᠠᠨ  ᠨᠢ ᠰᠤᠷᠭᠠᠭᠤᠯᠢ ᠶᠢ ᠭᠡᠳᠤ ᠲᠦᠪᠯᠡᠷᠡᠬᠦᠯᠵᠤ᠂ ᠰᠤᠷᠭᠠᠨ ᠬᠦᠮᠤᠵᠢᠯ ᠢ ᠬᠦᠳᠡᠯᠮᠤᠷᠢ ᠠᠮᠢᠳᠤᠷᠠᠯ ᠠᠴᠠ ᠰᠠᠯᠭᠠᠭᠰᠠᠨ ᠤ ᠦᠷ᠎ᠠ ᠳ᠋ᠦᠡᠭ ᠮᠦᠨ ᠭᠡᠵᠤ ᠪᠢ ᠦᠵᠡᠨ᠎ᠠ᠃      ᠲᠤᠤᠷ᠎ᠠ ᠪᠢ ᠮᠤᠩᠭᠤᠯ ᠰᠤᠷᠭᠠᠭᠤᠯᠢ ᠶᠢ ᠭᠡᠳᠤ ᠲᠦᠪᠯᠡᠷᠡᠬᠦᠯᠦᠭᠰᠡᠨ ᠠᠴᠠ ᠮᠤᠩᠭᠤᠯ ᠰᠤᠷᠤᠭᠴᠢ᠂ ᠮᠤᠩᠭᠤᠯ ᠬᠡᠯᠡᠨ ᠤ ᠬᠢᠴᠢᠶᠡᠯ ᠳᠤ ᠢᠯᠡᠷᠡᠵᠤ ᠪᠠᠶᠢᠭ᠎ᠠ ᠠᠰᠠᠭᠤᠳᠠᠯ ᠤᠨ ᠲᠤᠬᠠᠢ ᠶᠠᠷᠢᠶ᠎ᠠ᠃      ᠤᠳᠤ ᠮᠤᠩᠭᠤᠯ ᠭᠠᠵᠠᠷ ᠰᠤᠮᠤᠨ ᠳᠤ ᠲᠤᠮᠳᠠᠳᠤ ᠰᠤᠷᠭᠠᠭᠤᠯᠢ ᠦᠭᠡᠢ᠂ ᠭᠠᠴᠠᠭᠠᠨ ᠳᠤ ᠪᠠᠭ᠎ᠠ ᠰᠤᠷᠭᠠᠭᠤᠯᠢ ᠦᠭᠡᠢ ᠪᠤᠯᠵᠠᠢ᠃ ᠡᠨᠡ ᠬᠦ ᠲᠦᠪᠯᠡᠷᠡᠬᠦᠯᠤᠯᠳᠡ ᠨᠢ ᠰᠤᠷᠭᠠᠨ ᠬᠦᠮᠤᠵᠢᠯ ᠤᠨ ᠵᠠᠷᠤᠳᠠᠯ ᠢ ᠠᠷᠪᠢᠯᠠᠵᠤ᠂ ᠰᠤᠷᠭᠠᠨ ᠬᠦᠮᠤᠵᠢᠯ ᠤᠨ ᠦᠨᠳᠤᠰᠤᠨ ᠪᠦᠳᠤᠭᠡᠨ ᠪᠠᠶᠢᠭᠤᠯᠤᠯᠳᠠ ᠶᠢ ᠰᠠᠶᠢᠵᠢᠷᠠᠭᠤᠯᠵᠤ᠂ ᠰᠤᠷᠤᠭᠴᠢᠳ ᠤᠨ ᠰᠤᠷᠤᠯᠴᠠᠬᠤ ᠨᠦᠬᠦᠴᠡᠯ ᠢ ᠰᠠᠶᠢᠵᠢᠷᠠᠭᠤᠯᠤᠭᠰᠠᠨ ᠪᠤᠯᠪᠠᠴᠤ ᠮᠠᠰᠢ ᠤᠯᠠᠨ ᠡᠮᠵᠡᠭ ᠰᠤᠭᠤᠭ ᠢᠶᠠᠨ ᠴᠤ ᠢᠯᠡᠷᠡᠬᠦᠯᠦᠭᠰᠡᠨ ᠪᠠᠶᠢᠨ᠎ᠠ᠃      ᠨᠢᠭᠡ᠂ ᠠᠵᠤ ᠠᠬᠤᠢ ᠶᠢᠨ ᠲᠠᠯ᠎ᠠ ᠪᠠᠷ᠄ ᠪᠠᠭ᠎ᠠ ᠰᠤᠷᠭᠠᠭᠤᠯᠢ ᠶᠢ ᠬᠤᠰᠢᠭᠤᠨ ᠲᠦᠪ ᠲᠤ ᠲᠦᠪᠯᠡᠷᠡᠬᠦᠯᠦᠭᠰᠡᠨ ᠨᠢ ᠮᠤᠩᠭᠤᠯ ᠰᠤᠷᠭᠠᠭᠤᠯᠢ ᠶᠢᠨ ᠤᠢᠢᠷ᠎ᠠ ᠤᠷᠴᠢᠮ ᠢᠶᠠᠷ ᠭᠡᠷ ᠲᠦᠷᠢᠶᠡᠰᠤᠯᠡᠨ ᠰᠠᠭᠤᠵᠤ᠂ ᠬᠡᠤᠬᠡᠳ ᠤᠨ ᠲᠤᠭᠤᠭ᠎ᠠ ᠪᠠᠷᠢᠭᠰᠠᠨ ᠬᠦᠭᠰᠢᠳ ᠨᠠᠰᠤᠳᠠᠳ ᠤᠨ ︽ᠰᠤᠶᠤᠯ ᠤᠨ ᠤᠳᠤᠷᠴᠢᠳ︾ ᠢ ᠪᠤᠢ ᠪᠤᠯᠭᠠᠭᠰᠠᠨ ᠪᠠᠶᠢᠨ᠎ᠠ᠃ ᠬᠤᠳᠠ ᠭᠠᠵᠠᠷ ᠭᠡᠵᠤ ᠬᠦᠳᠡᠯᠪᠡᠯ ᠬᠦᠯᠤᠰᠤ᠂ ᠵᠤᠭᠰᠤᠪᠠᠯ ᠵᠤᠭᠤᠰ᠂ ᠭᠠᠷᠪᠠᠯ ᠭᠠᠷᠤᠵᠠ᠃ ᠨᠡᠩ ᠴᠤ ᠭᠡᠷ ᠤᠨ ᠲᠦᠷᠢᠶᠡᠰᠤᠨ ᠮᠦᠡᠭᠬᠦ ︽ᠶᠠᠭᠤᠮ᠎ᠠ ᠬᠤᠪᠤᠷ ᠲᠤ ᠪᠠᠨ ᠦᠨᠡᠳᠠᠢ︾ ᠶᠢᠨ ᠵᠢᠮ᠎ᠠ ᠪᠠᠷ ᠦᠰᠤᠷᠳᠡᠯ᠎ᠠ ᠦᠰᠦᠭᠰᠡᠨ ᠠᠴᠠ ᠮᠠᠯᠴᠢᠳ ᠤᠨ ᠠᠵᠤ ᠠᠬᠤᠢ ᠶᠢᠨ ᠲᠠᠷᠤᠭᠠᠰᠤ ᠲᠤᠩ ᠬᠦᠨᠳᠤ ᠪᠤᠯᠤᠭᠰᠠᠨ ᠪᠠᠶᠢᠨ᠎ᠠ᠃ ᠬᠦᠳᠡᠭᠡ ᠳᠤ ᠬᠠᠪᠤᠷ ᠤᠨ ᠲᠦᠯ᠂ ᠨᠠᠮᠤᠷ ᠤᠨ ᠬᠠᠳᠤᠯᠠᠩ ᠤᠨ ᠶᠠᠭᠠᠷᠠᠤ ᠴᠠᠭ ᠲᠤ ᠬᠦᠳᠡᠯᠮᠤᠷᠢ ᠬᠦᠴᠤ ᠲᠤᠳᠠᠭᠳᠠᠵᠤ᠂ ᠵᠠᠷᠤᠯᠭ᠎ᠠ ᠲᠠᠬᠢᠨ ᠢᠶᠠᠷ ᠦᠰᠴᠤ᠂ ᠬᠦᠳᠡᠯᠮᠤᠷᠢ ᠬᠦᠴᠤ ᠬᠠᠭᠠᠰ ᠢᠶᠠᠷ ᠪᠠᠭᠤᠷᠠᠭᠰᠠᠨ ᠠᠴᠠ ᠮᠠᠯᠴᠢᠳ ᠤᠨ ᠠᠮᠢᠳᠤᠷᠠᠯ ᠶᠠᠳᠠᠭᠤᠷᠠᠵᠤ ᠪᠠᠶᠢᠨ᠎ᠠ᠃      ᠬᠤᠶᠠᠷ᠂ ᠰᠤᠷᠤᠭᠴᠢ ᠶᠢᠨ ᠰᠤᠷᠤᠯᠭ᠎ᠠ᠂ ᠰᠡᠳᠬᠢᠴᠡ ᠶᠢᠨ ᠲᠠᠯ᠎ᠠ ᠪᠠᠷ᠂ ᠡᠪᠦᠭᠡ ᠡᠮᠡᠭᠡ ᠲᠠᠢ ᠪᠠᠨ ᠭᠠᠳᠠᠨ᠎ᠠ ᠲᠦᠷᠢᠶᠡᠰᠤᠨ ᠭᠡᠷ ᠲᠤ ᠰᠠᠭᠤᠭᠰᠠᠨ ᠤᠯᠠᠩᠬᠢ ᠬᠡᠤᠬᠡᠳ ᠤᠨ ᠶᠡᠷᠤᠩᠭᠡᠢ ᠤᠨᠴᠠᠯᠢᠬ ᠨᠢ ᠡᠷᠭᠡ ᠲᠡᠩᠬᠢ ᠪᠠᠶᠢᠨ᠎ᠠ᠃ ᠡᠶᠢᠮᠤ ᠦᠶ᠎ᠠ ᠠᠯᠤᠰᠯᠠᠭᠰᠠᠨ ᠤᠷᠴᠢᠨ ᠳᠤ ᠦᠰᠦᠭᠰᠡᠨ ᠬᠡᠤᠬᠡᠳ ᠠᠮᠢᠳᠤᠷᠠᠯ ᠤᠨ ᠬᠦᠴᠢᠷ ᠢ ᠮᠡᠳᠡᠬᠦ ᠦᠭᠡᠢ᠂ ᠠᠪᠤ ᠡᠵᠢ ᠠᠴᠠ ᠪᠠᠨ ᠰᠠᠯᠤᠭᠰᠠᠨ ᠤᠴᠢᠷ ᠠᠴᠠ ᠡᠴᠢᠭᠡ ᠡᠭᠡ ᠶᠢᠨ ᠬᠠᠶᠢᠷ᠎ᠠ ᠶᠢ ᠮᠡᠳᠡᠬᠦ ᠦᠭᠡᠢ ᠪᠤᠯᠵᠤ᠂ ᠡᠴᠢᠭᠡ ᠡᠭᠡ  ᠠᠴᠠ ᠪᠠᠨ ᠬᠦᠢᠳᠡᠮᠰᠦᠭ ᠵᠠᠶᠢᠳᠠᠭᠤ ᠪᠤᠯᠳᠠᠭ ᠪᠠᠶᠢᠨ᠎ᠠ᠃ ᠰᠤᠷᠭᠠᠭᠤᠯᠢ ᠳᠤ ᠪᠠᠶᠢᠷᠢᠯᠠᠵᠤ ᠪᠠᠶᠢᠭ᠎ᠠ ᠬᠡᠤᠬᠡᠳ ᠨᠢ ᠲᠡᠭᠡᠷ᠎ᠠ ᠤᠨ ᠤ ᠰᠤᠷᠤᠭᠴᠢ ᠪᠤᠯ ᠵᠦᠭᠡᠷ᠃ ᠨᠢᠭᠡ᠂ ᠬᠤᠶᠠᠷ ᠤᠨ ᠤ ᠪᠠᠯᠴᠢᠷ ᠬᠡᠤᠬᠡᠳ ᠲᠠᠩᠳᠡᠬᠦᠤ ᠡᠷᠳᠡ ᠡᠴᠢᠭᠡ ᠡᠭᠡ ᠶᠢᠨ ᠬᠠᠶᠢᠷ᠎ᠠ ᠬᠠᠯᠠᠮᠵᠢ ᠠᠴᠠ ᠰᠠᠯᠵᠤ ︽ᠬᠠᠯᠠ ᠦᠵᠡᠵᠤ᠂ ᠬᠠᠯᠠᠭᠤᠨ ᠴᠢᠯᠠᠭᠤ ᠲᠤᠯᠢᠶᠠᠵᠤ︾ ᠶᠠᠪᠤᠬᠤ ᠨᠢ ᠬᠡᠤᠬᠡᠳ ᠤᠨ ᠨᠢᠯᠬ᠎ᠠ ᠤᠶᠤᠨ ᠳᠤ ︽ᠪᠢᠴᠢᠭ ᠰᠤᠷᠤᠨ᠎ᠠ ᠭᠡᠳᠡᠭ ᠪᠤᠯ ᠲᠠᠮᠤ︾ ᠭᠡᠰᠡᠨ ᠰᠠᠭᠤᠭᠳᠠᠯ ᠦᠭᠴᠤ᠂ ᠰᠤᠷᠤᠯᠭ᠎ᠠ ᠠᠴᠠ ᠬᠠᠰᠢᠷᠠᠬᠤ ᠰᠡᠳᠬᠢᠬᠦᠢ ᠶᠢ ᠪᠤᠢ ᠪᠤᠯᠭᠠᠵᠠᠢ᠃ ᠪᠠᠭ᠎ᠠ ᠰᠤᠷᠭᠠᠭᠤᠯᠢ ᠶᠢᠨ ᠲᠤᠤᠷ᠎ᠠ ᠤᠨ ᠤ ᠰᠤᠷᠤᠭᠴᠢᠳ ᠲᠤ ᠭᠡᠷ ᠪᠦᠯᠢ ᠶᠢᠨ ᠬᠠᠶᠢᠷ᠎ᠠ ᠬᠠᠯᠠᠮᠵᠢ᠂ ᠰᠤᠷᠭᠠᠨ ᠬᠦᠮᠤᠵᠢᠯ ᠨᠢ ᠰᠤᠷᠭᠠᠭᠤᠯᠢ ᠶᠢᠨ ᠰᠤᠷᠭᠠᠨ ᠬᠦᠮᠤᠵᠢᠯ ᠠᠴᠠ ᠴᠤ ᠨᠡᠩ ᠴᠢᠬᠤᠯᠠ ᠶᠤᠮ᠃ ᠡᠨᠡ ᠴᠠᠭ ᠦᠶ᠎ᠠ ᠳᠤ ᠡᠴᠢᠭᠡ ᠡᠭᠡ ᠠᠴᠠ ᠪᠠᠨ ᠰᠠᠯᠬᠤ ᠨᠢ ᠬᠡᠤᠬᠡᠳ ᠢ ᠡᠴᠢᠭᠡ ᠡᠭᠡ ᠠᠴᠠ ᠪᠠᠨ ᠬᠦᠨᠳᠠᠢ ᠬᠠᠬᠢᠷ ᠪᠤᠯᠭᠠᠳᠠᠭ ᠪᠠᠶᠢᠨ᠎ᠠ᠃      ᠭᠤᠷᠪᠠ᠂ ᠰᠤᠷᠭᠠᠨ ᠬᠦᠮᠤᠵᠢᠯ ᠤᠨ ᠠᠯᠤᠰ ᠭᠡᠳᠤ ᠶᠢᠨ ᠦᠷ᠎ᠠ ᠨᠦᠯᠤᠭᠡᠨ ᠤ ᠲᠠᠯ᠎ᠠ ᠪᠠᠷ᠄ ︽ᠰᠤᠷᠭᠠᠨ ᠬᠦᠮᠤᠵᠢᠯ ᠢ ᠤᠳᠤᠬᠢᠴᠢᠯᠠᠯᠳᠠ ᠳᠤ ᠬᠠᠨᠳᠤᠭᠤᠯᠵᠤ᠂ ᠢᠷᠡᠭᠡᠳᠤᠢ ᠳᠤ ᠬᠠᠨᠳᠤᠭᠤᠯᠵᠤ᠂ ᠲᠡᠯᠡᠭᠡᠢ ᠳᠤ ᠬᠠᠨᠳᠤᠭᠤᠯᠵᠤ᠂ ᠰᠤᠶᠤᠯ ᠲᠢ᠂ ᠮᠤᠷᠠᠯ ᠲᠠᠢ᠂ ᠰᠢᠨ᠎ᠠ ᠦᠶ᠎ᠠ ᠶᠢᠨ ᠬᠦᠳᠡᠯᠮᠤᠷᠢᠴᠢᠨ ᠢ ᠬᠦᠮᠤᠵᠢᠬᠦᠯᠬᠦ ᠭᠡᠷᠡᠭᠳᠠᠢ ︾ ᠭᠡᠵᠤ ᠳ᠋ᠸᠡᠭ ᠰᠢᠶᠤᠤ ᠫᠢᠡᠭ ᠨᠦᠬᠦᠷ ᠲᠤᠳᠤᠷᠬᠠᠢ ᠲᠤᠷᠠᠳᠤᠭᠰᠠᠨ ᠪᠢᠯᠡ᠃ ᠲᠤᠮᠳᠠᠳᠤ ᠤᠯᠤᠰ ᠤᠨ ᠤᠳᠤ ᠦᠶ᠎ᠠ ᠶᠢᠨ ᠲᠦᠪᠯᠡᠷᠡᠬᠦᠯᠦᠭᠰᠡᠨ ᠰᠤᠷᠭᠠᠨ ᠬᠦᠮᠤᠵᠢᠯ ᠨᠢ ᠰᠤᠷᠤᠭᠴᠢᠳ ᠢ ︽ᠪᠢᠴᠢᠭ ᠯᠡ ᠰᠤᠷᠳᠠᠭ︾ ᠭᠡᠳᠤ ᠲᠤᠰᠠᠬᠠᠢᠢᠵᠢᠭᠰᠠᠨ ᠮᠠᠰᠢᠨ ᠰᠢᠬ ᠪᠤᠯᠭᠠᠭᠰᠠᠨ ᠪᠠᠶᠢᠨ᠎ᠠ᠃ ᠰᠤᠷᠤᠭᠴᠢᠳ ᠤᠨ ᠬᠦᠳᠡᠯᠮᠤᠷᠢ ᠠᠴᠠ ᠵᠠᠶᠢᠳᠠᠭᠰᠠᠨ ᠶᠠᠪᠤᠳᠠᠯ ᠨᠢ ᠤᠳᠤᠬᠢ ᠰᠤᠷᠭᠠᠨ ᠬᠦᠮᠤᠵᠢᠯ ᠤᠨ ᠬᠠᠮᠤᠭ ᠶᠡᠭᠡ ᠲᠤᠳᠠᠭᠳᠠᠯ ᠪᠤᠯᠤᠨ᠎ᠠ ᠭᠡᠵᠤ ᠪᠢ ᠦᠵᠡᠨ᠎ᠠ᠃ ᠬᠦᠳᠡᠯᠮᠤᠷᠢᠴᠢᠨ ᠢ ᠬᠦᠮᠤᠵᠢᠬᠦᠯᠬᠦ ᠪᠠᠷ ᠵᠤᠷᠢᠯᠭ᠎ᠠ ᠪᠤᠯᠭᠠᠭᠰᠠᠨ ᠰᠤᠷᠭᠠᠨ ᠬᠦᠮᠤᠵᠢᠯ ᠨᠢ ᠬᠦᠳᠡᠯᠮᠤᠷᠢ ᠠᠴᠠ ᠵᠠᠶᠢᠳᠠᠭᠰᠠᠨ ᠰᠤᠷᠭᠠᠨ ᠬᠦᠮᠤᠵᠢᠯ ᠬᠢᠨ᠎ᠠ ᠭᠡᠳᠡᠭ ᠰᠤᠨᠢᠨ᠃ ᠬᠦᠳᠡᠯᠮᠤᠷᠢ ᠠᠴᠠ ᠵᠠᠶᠢᠳᠠᠭᠰᠠᠨ ᠬᠦᠮᠤᠨ ᠬᠦᠳᠡᠯᠮᠤᠷᠢ  ᠶᠢ ᠬᠠᠶᠢᠷᠠᠯᠠᠵᠤ ᠴᠢᠳᠠᠬᠤ ᠦᠭᠡᠢ᠂ ᠬᠦᠳᠡᠯᠮᠤᠷᠢ ᠶᠢ ᠬᠠᠶᠢᠷᠠᠯᠠᠬᠤ ᠦᠭᠡᠢ ᠬᠦᠮᠤᠨ ᠠᠴᠢ ᠡᠨᠡᠷᠢᠯ ᠢ ᠮᠡᠳᠡᠬᠦ ᠨᠢᠩᠵᠢᠨ ᠰᠡᠳᠬᠢᠯ ᠲᠠᠢ ᠪᠤᠯᠵᠤ ᠴᠢᠳᠠᠬᠤ ᠦᠭᠡᠢ᠃ ᠠᠮᠢᠳᠤᠷᠠᠯ ᠤᠨ ᠬᠠᠮᠤᠭ ᠤᠨ ᠠᠬ ᠤᠨ ᠬᠦᠳᠡᠯᠮᠤᠷᠢ ᠠᠵᠢᠯ ᠢ ᠴᠤ ᠬᠢᠵᠤ ᠴᠢᠳᠠᠬᠤ ᠦᠭᠡᠢ᠂ ᠠᠮᠢᠳᠤᠷᠠᠯ ᠤᠨ ᠭᠡᠷᠡᠭᠴᠡᠭᠡ ᠠᠴᠠ ᠵᠠᠶᠢᠳᠠᠭᠰᠠᠨ ᠤᠨᠤᠯ ᠰᠤᠷᠤᠭᠰᠠᠨ ᠬᠦᠮᠤᠨ ᠨᠡᠶᠢᠭᠡᠮ ᠲᠡᠭᠡᠷ᠎ᠠ ᠵᠤᠬᠢᠴᠠᠵᠤ ᠴᠢᠳᠠᠬᠤ ᠦᠭᠡᠢ᠃ ︽ᠰᠤᠷᠤᠭᠰᠠᠨ ᠮᠡᠳᠡᠯᠭᠡ ᠶᠢ ᠨᠡᠶᠢᠭᠡᠮ ᠲᠡᠭᠡᠷ᠎ᠠ ᠤᠯᠠᠩᠬᠢ ᠶᠢ ᠨᠢ ᠭᠡᠷᠡᠭᠯᠡᠵᠤ ᠲᠡᠶᠢᠯᠬᠦ ᠦᠭᠡᠢ︾ ᠭᠡᠵᠤ ᠶᠡᠭᠡ ᠰᠤᠷᠭᠠᠭᠤᠯᠢ ᠲᠡᠬᠦᠰᠦᠭᠰᠡᠨ ᠤᠶᠤᠳᠠᠳ ᠤᠨ ᠲᠤᠯᠤᠭᠠᠢ ᠰᠡᠭᠰᠤᠷᠳᠡᠭ ᠤᠨ ᠰᠢᠯᠳᠠᠭᠠᠨ ᠨᠢ ᠡᠨᠡ ᠪᠤᠯᠤᠨ᠎ᠠ᠃ ᠤᠳᠤ ᠶᠢᠨ ᠤᠶᠤᠳᠠᠳ ᠬᠦᠳᠡᠭᠡ ᠤᠴᠢᠬᠤ ᠲᠤᠷ᠎ᠠ ᠦᠭᠡᠢ᠂ ᠤᠯᠤᠰ ᠤᠨ ᠠᠯᠪᠠᠳᠠᠨ ᠪᠤᠯᠬᠤ᠂ ᠡᠵᠡᠨᠳᠡᠨ ᠲᠠᠭᠠᠭᠠᠮᠠᠯ ᠰᠠᠭᠤᠬᠤ ᠶᠡᠭᠡ ᠰᠠᠨᠠᠭ᠎ᠠ ᠲᠠᠢ ᠪᠠᠶᠢᠳᠠᠭ ᠨᠢ ᠲᠡᠳᠡᠨ ᠤ ᠪᠤᠷᠤᠭᠤ ᠪᠢᠰᠢ᠂ ᠤᠴᠢᠷ ᠨᠢ ᠦᠴᠢᠨᠡᠨ ᠵᠢᠯ ᠬᠦᠷᠳᠡᠭᠰᠡᠨ ᠰᠤᠷᠭᠠᠨ ᠬᠦᠮᠤᠵᠢᠯ ᠨᠢ ᠲᠡᠳᠡᠨ ᠢ ᠪᠡᠶ᠎ᠠ ᠶᠢᠨ ᠬᠦᠳᠡᠯᠮᠤᠷᠢ ᠶᠢ ᠭᠤᠯᠤᠬᠤ᠂ ᠬᠦᠴᠢᠷ ᠪᠡᠷᠭᠡᠰᠢᠶᠡᠯ ᠢ ᠮᠡᠳᠡᠬᠦ ᠦᠭᠡᠢ ᠪᠤᠯᠭᠠᠵᠤ᠂ ᠶᠡᠭᠡ ᠤᠨᠤᠯ᠂ ᠶᠡᠭᠡ ᠨᠤᠮᠯᠠᠯ ᠨᠢ ᠶᠡᠭᠡ ᠪᠤᠳᠤᠯ ᠲᠠᠢ ᠬᠦᠮᠤᠨ ᠪᠤᠯᠭᠠᠨ ᠬᠦᠮᠤᠵᠢᠬᠦᠯᠵᠠᠢ᠃ ᠬᠤᠳᠠ ᠪᠠᠯᠭᠠᠰᠤᠵᠢᠯᠳᠠ ᠨᠢ ᠰᠤᠷᠤᠭᠴᠢ ᠶᠢ ᠪᠠᠶᠢᠭᠠᠯᠢ ᠠᠴᠠ ᠵᠠᠶᠢᠳᠠᠭᠤᠯᠤᠭᠰᠠᠨ ᠪᠠᠶᠢᠨ᠎ᠠ᠃ ︽ᠡᠭᠡ ᠪᠠᠶᠢᠭᠠᠯᠢ ᠶᠢ ᠬᠠᠮᠠᠭᠠᠯᠠᠶ᠎ᠠ︾ ᠭᠡᠳᠡᠭ ᠶᠤᠰᠤ ᠶᠢ ᠡᠷᠡᠤ ᠠᠮᠠ ᠲᠠᠢ ᠬᠦᠮᠤᠨ ᠪᠤᠯᠭᠠᠨ ᠶᠠᠷᠢᠵᠤ ᠶᠠᠩᠰᠢᠳᠠᠭ᠃ ᠭᠡᠳᠡᠯ᠎ᠠ ᠡᠨᠡ ᠬᠦᠮᠤᠵᠢᠯ ᠢ ᠰᠤᠷᠤᠭᠴᠢᠳ ᠬᠦᠯᠢᠶᠡᠵᠤ ᠠᠪᠤᠨ᠎ᠠ ᠤᠤ ᠨᠤᠮᠯᠠᠯ ᠤᠨ ᠬᠦᠮᠤᠵᠢᠯ ᠰᠤᠷᠤᠭᠴᠢᠳ ᠢ ᠰᠡᠩᠭᠡᠷᠡᠬᠦᠯᠵᠤ ᠲᠡᠶᠢᠯᠬᠦ ᠦᠭᠡᠢ᠃ ᠤᠳᠤ ᠶᠢᠨ ᠬᠡᠤᠬᠡᠳ ᠤᠨ ᠤᠷᠴᠢᠨ ᠲᠤᠭᠤᠷᠢᠨ ᠨᠢ ᠰᠤᠷᠭᠠᠭᠤᠯᠢ᠂ ᠭᠡᠷ ᠤᠨ ᠬᠤᠭᠤᠷᠤᠨᠳᠤ ᠬᠤᠯᠬᠢᠵᠤ᠂ ᠠᠮᠠᠷᠠᠯᠳᠠ ᠳᠤ ᠨᠠᠭᠠᠳᠴᠤ ᠲᠤᠭᠯᠠᠬᠤ ᠨᠢ ᠦᠨᠳᠦᠷ ᠦᠨᠳᠦᠷ ᠠᠰᠠᠷ ᠤᠨ ᠬᠤᠭᠤᠷᠤᠨᠳᠤ ᠦᠯᠡᠳᠡᠭᠰᠡᠨ ᠰᠠᠭᠤᠯᠭᠠᠨ ᠢᠷᠤᠭᠠᠷ ᠰᠢᠬ ᠦᠴᠤᠭᠡᠨ ᠼᠧᠮᠨᠧᠲ ᠤᠨ ᠤᠷᠤᠨ ᠵᠠᠢ ᠳᠤ ᠲᠤᠭᠯᠠᠨ᠎ᠠ᠃ ᠡᠶᠢᠮᠤ ᠤᠷᠴᠢᠨ ᠳᠤ ᠶᠠᠮᠠᠷ ᠦᠨ᠎ᠠ ᠲᠠᠢ ᠲᠤᠭᠯᠠᠭᠠᠮ ᠢᠶᠠᠷ ᠨᠠᠭᠠᠳᠤᠭᠰᠠᠨ ᠴᠤ ᠶᠠᠭᠠᠬᠢᠬᠤ ᠶᠢᠨ ᠠᠷᠭ᠎ᠠ ᠦᠭᠡᠢ ᠲᠤᠤᠷᠬᠠᠨ  ᠢᠶᠠᠨ ᠤᠢᠢᠳᠤᠴᠢᠬᠠᠨ᠎ᠠ᠃ ᠬᠦᠮᠤᠨ ᠪᠤᠯ ᠪᠠᠶᠢᠭᠠᠯᠢ ᠶᠢᠨ ᠲᠦᠷᠤᠳᠡᠰᠤ᠂ ᠪᠢᠳᠡᠨ ᠢ ᠡᠴᠤᠰ ᠤᠨ ᠡᠴᠤᠰ ᠲᠤ ᠪᠠᠨ ᠡᠭᠡ ᠪᠠᠶᠢᠭᠠᠯᠢ ᠮᠢᠨᠢ ᠲᠡᠵᠢᠭᠡᠵᠤ ᠪᠠᠶᠢᠭ᠎ᠠ ᠰᠢᠤ ᠳ᠋ᠠ᠃ ᠪᠠᠶᠢᠭᠠᠯᠢ ᠳᠤ ᠪᠠᠨ ᠵᠤᠬᠢᠴᠠᠭᠰᠠᠨ ᠠᠮᠢᠳᠤᠷᠠᠯ ᠬᠦᠳᠡᠯᠮᠤᠷᠢ  ᠨᠢ ᠬᠦᠮᠤᠨ ᠳᠤ ᠬᠠᠮᠤᠭ ᠶᠡᠭᠡ ᠪᠠᠶᠠᠷ ᠴᠡᠩᠭᠡᠯ ᠢ ᠠᠪᠴᠢᠷᠠᠳᠠᠭ ᠤᠴᠢᠷ ᠲᠠᠢ᠃ ᠭᠡᠳᠡᠯ᠎ᠠ ᠤᠳᠤ ᠰᠤᠷᠭᠠᠭᠤᠯᠢ ᠨᠢ ᠤᠴᠢᠷ ᠭᠠᠷᠴᠤ ᠵᠠᠭᠠᠯᠳᠤᠭᠳᠠᠬᠤ ᠠᠴᠠ ᠠᠶᠤᠬᠤ ᠳᠠᠭᠠᠨ ᠬᠡᠤᠬᠡᠳ ᠢ ᠭᠡᠭᠡᠷ᠎ᠠ ᠬᠦᠳᠡᠭᠡ ᠵᠤᠭᠠᠴᠠᠭᠤᠯᠬᠤ ᠦᠭᠡᠢ᠂ ᠬᠠᠮᠳᠤ ᠶᠢᠨ ᠬᠦᠳᠡᠯᠮᠤᠷᠢ ᠠᠵᠢᠯ ᠳᠤ ᠤᠷᠤᠯᠴᠠᠭᠤᠯᠬᠤ ᠦᠭᠡᠢ ᠪᠤᠯᠵᠠᠢ᠃ ᠤᠳᠤ ᠶᠢᠨ ᠭᠡᠷ ᠤᠨ ᠠᠬᠠᠮᠠᠳ ᠭᠡᠵᠤ ᠰᠤᠷᠭᠠᠭᠤᠯᠢ ᠲᠡᠭᠡᠷ᠎ᠠ ᠬᠡᠤᠬᠡᠳ ᠨᠠᠭᠠᠳᠴᠤ ᠪᠠᠶᠢᠭᠠᠳ ᠭᠠᠷ ᠢᠶᠠᠨ ᠰᠢᠯᠪᠤᠯᠠᠭᠰᠠᠨ ᠴᠤ ᠰᠤᠷᠭᠠᠭᠤᠯᠢ ᠶᠢ ᠡᠷᠢᠵᠤ ᠵᠠᠷᠭᠤᠯᠳᠤᠵᠤ ᠲᠦᠯᠤᠪᠤᠷᠢ ᠠᠪᠤᠨ᠎ᠠ ᠭᠡᠵᠤ ᠠᠭᠰᠤᠮᠨᠠᠬᠤ ᠪᠤᠯᠵᠠᠢ᠃ ᠶᠠᠷᠢᠶᠠᠨ ᠦᠭᠡᠢ ᠬᠠᠤᠯᠢ ᠴᠠᠭᠠᠵᠠ ᠪᠠᠳᠤᠯᠠᠭ᠎ᠠ  ᠪᠠᠨ ᠤᠯᠵᠤ᠂ ᠬᠦᠮᠤᠨ ᠤ ᠡᠷᠭᠡ ᠴᠢᠯᠤᠭᠡ᠂ ᠪᠠᠶᠢᠷᠢ ᠰᠠᠭᠤᠷᠢ ᠦᠨᠳᠦᠷ ᠪᠤᠯᠵᠤ ᠪᠠᠶᠢᠭ᠎ᠠ ᠶᠠᠪᠤᠳᠠᠯ ᠪᠤᠯ ᠰᠠᠶᠢᠨ ᠤᠴᠢᠷ᠂ ᠭᠡᠳᠡᠯ᠎ᠠ ︽ᠬᠠᠯᠳᠠᠵᠤ ᠪᠤᠯᠤᠰᠢ ᠦᠭᠡᠢ ᠬᠠᠷ᠎ᠠ ᠬᠠᠮᠠᠭᠤ︾ ᠪᠤᠯᠵᠤ ᠪᠤᠯᠬᠤ ᠦᠭᠡᠢ᠃ ᠬᠦᠮᠤᠨ᠂ ᠬᠦᠮᠤᠨ ᠰᠢᠭ ᠯᠡ ᠪᠠᠶᠢᠬᠤ ᠳᠤ ᠡᠶ᠎ᠡ ᠵᠤᠬᠢᠴᠠᠯ ᠰᠠᠶ᠋ᠢ ᠪᠠᠶᠠᠯᠠᠯ ᠢᠶᠠᠨ ᠤᠯᠬᠤ ᠶᠤᠰᠤᠳᠠᠢ᠃ ᠡᠬᠦᠨ ᠠᠴᠠ ᠪᠤᠯᠤᠭᠠᠳ ᠲᠠᠮᠢᠷ ᠤᠨ ᠬᠢᠴᠢᠶᠡᠯ ᠤᠷᠤᠬᠤ ᠦᠭᠡᠢ᠃ ᠬᠤᠳᠠ ᠶᠢᠨ ᠬᠡᠤᠬᠡᠳ ᠨᠢ ᠬᠠᠰᠢᠶᠠᠯᠠᠬᠤ ᠪᠠᠶᠢᠭ᠎ᠠ ᠲᠠᠪᠤᠨ ᠬᠤᠰᠢᠭᠤ ᠮᠠᠯ ᠰᠢᠬ ᠬᠦᠭᠡᠷᠤᠬᠦ᠋ᠢᠯᠡᠯᠳᠡᠢ ᠰᠠᠨᠠᠭᠳᠠᠨ᠎ᠠ᠃ ᠡᠶᠢᠮᠤ ᠤᠷᠴᠢᠨ ᠲᠤᠭᠤᠷᠢᠨ ᠳᠤ ᠪᠠᠶᠢᠭ᠎ᠠ ᠬᠡᠤᠬᠡᠳ ᠢ ᠤᠨᠠᠭᠠᠨ ᠪᠠᠶᠢᠭᠠᠯᠢ  ᠪᠠᠨ ᠬᠠᠶᠢᠷᠠᠯᠠ ᠭᠡᠵᠤ ᠤᠷᠠᠶᠢᠯᠠᠵᠤ᠂ ᠮᠤᠩᠭᠤᠯ ᠠᠮᠢᠳᠤᠷᠠᠯ ᠲᠠᠢ ᠵᠤᠬᠢᠶᠠᠯ ᠪᠢᠴᠢ ᠭᠡᠵᠤ ᠱᠠᠭᠠᠷᠳᠠᠬᠤ ᠨᠢ ᠶᠤᠰᠤᠳᠠᠢ ᠮᠡᠳᠡᠬᠦ ᠦᠭᠡᠢ ᠬᠦᠮᠤᠨ ᠡᠷᠢᠶᠡᠨ ᠴᠤᠬᠤᠷ ᠪᠤᠯᠤᠭᠰᠠᠨ ᠭᠡᠷᠡᠭ ᠪᠤᠯᠵᠠᠢ᠃      ᠮᠠᠨ ᠢ ᠪᠠᠭ᠎ᠠ ᠳᠤ ᠭᠡᠷᠡᠭ ᠦᠭᠡᠢ ᠤᠯᠠᠨ ᠬᠢᠴᠢᠶᠡᠯ ᠤᠨ ᠪᠢᠴᠢᠭ ᠭᠡᠵᠤ ᠪᠠᠶᠢᠭ᠎ᠠ ᠦᠭᠡᠢ᠃ ᠬᠡᠯᠡ᠂ ᠲᠤᠭ᠎ᠠ ᠬᠤᠶᠠᠷᠬᠠᠨ ᠬᠢᠴᠢᠶᠡᠯ ᠢ ᠪᠠᠭ᠎ᠠ ᠰᠤᠷᠭᠠᠭᠤᠯᠢ ᠲᠡᠬᠦᠰᠳᠡᠯ᠎ᠠ ᠰᠤᠷᠤᠭᠰᠠᠨ ᠪᠠᠶᠢᠳᠠᠭ᠃ ᠪᠤᠰᠤᠳ ᠤᠯᠠᠩᠬᠢ ᠮᠡᠳᠡᠯᠭᠡ ᠶᠢ ᠦᠷᠯᠤᠭᠡ ᠦᠳᠡᠰᠢ ᠶᠢᠨ ᠴᠢᠯᠤᠭᠡ ᠪᠠᠷ ᠠᠪᠤ ᠡᠵᠢ ᠪᠠᠨ ᠬᠠᠪᠰᠤᠷᠴᠤ ᠠᠵᠢᠯ ᠬᠦᠳᠡᠯᠮᠤᠷᠢ ᠬᠢᠵᠤ᠂ ᠦᠢᠯᠡᠳᠤᠯᠭᠡ ᠳᠤ ᠤᠷᠤᠯᠴᠠᠵᠤ ᠪᠠᠶᠢᠭᠠᠳ ᠰᠤᠷᠤᠯ᠎ᠠ᠃ ᠦᠵᠡᠯ ᠰᠠᠨᠠᠭ᠎ᠠ᠂ ᠶᠤᠰᠤ ᠮᠤᠷᠠᠯ ᠤᠨ ᠬᠢᠴᠢᠶᠡᠯ ᠢ ᠠᠪᠤ ᠡᠵᠢ᠂ ᠠᠶᠢᠯ ᠠᠶᠢᠮᠠᠭ ᠤᠨ ᠠᠬᠠᠰ ᠵᠠᠬᠠᠰ ᠤᠨ ᠰᠤᠷᠭᠠᠯ ᠢ ᠰᠤᠨᠤᠰᠴᠤ ᠰᠤᠷᠤᠯ᠎ᠠ᠃ ᠮᠤᠩᠭᠤᠯ ᠦᠨᠳᠤᠰᠤᠳᠡᠨ ᠤ ᠪᠠᠨ ᠬᠦᠨᠳᠤᠯᠡᠬᠦ ᠮᠡᠨᠳᠤᠯᠡᠬᠦ ᠶᠤᠰᠤ ᠬᠦᠮᠤᠨ ᠪᠤᠯᠬᠤ ᠶᠢᠨ ᠶᠤᠰᠤ ᠵᠠᠩᠰᠢᠯ ᠢ ᠠᠮᠢᠳᠤᠷᠠᠯ ᠤᠨ ᠲᠤᠮᠳᠠ ᠬᠢᠴᠢᠶᠡᠩᠬᠦ᠋ᠢᠯᠡᠨ ᠰᠤᠷᠤᠭᠰᠠᠨ ᠪᠢᠯᠡ᠃ ᠡᠨᠡ ᠨᠢ ᠤᠳᠤ ᠶᠢᠨ ︽ᠰᠤᠷᠤᠭᠴᠢᠳ ᠪᠡᠶᠡᠳᠡᠨ ᠤᠷᠤᠯᠴᠠᠵᠤ ᠰᠤᠷᠤᠯᠴᠠᠬᠤ᠂ ᠰᠤᠷᠤᠯᠭ᠎ᠠ ᠶᠢᠨ ᠡᠵᠡᠨ ᠪᠤᠯᠬᠤ︾ ᠰᠤᠷᠭᠠᠨ ᠬᠦᠮᠤᠵᠢᠯ ᠤᠨ ᠶᠤᠰᠤᠨ ᠳᠤ ᠴᠤ ᠤᠨᠤᠳᠠᠯ᠎ᠠ ᠨᠡᠶᠢᠴᠡᠵᠤ ᠪᠠᠶᠢᠨ᠎ᠠ᠃ ᠢᠡᠭᠬᠢᠵᠤ ᠦᠰᠦᠭᠰᠡᠨ ᠬᠦᠮᠤᠰ ᠤᠨᠠᠭᠠᠨ ᠪᠠᠭ᠎ᠠ ᠨᠠᠰᠤᠨ ᠠᠴᠠ ᠪᠠᠨ ᠠᠵᠢᠯ ᠬᠦᠳᠡᠯᠮᠤᠷᠢ ᠳᠤ ᠲᠠᠪᠳᠠᠭᠳᠠᠵᠤ ᠦᠰᠦᠭᠰᠡᠨ ᠪᠤᠯᠬᠤᠷ ᠬᠦᠳᠡᠯᠮᠤᠷᠢ ᠳᠤ ᠬᠠᠶᠢᠷᠠᠳᠠᠢ᠂ ᠬᠦᠮᠤᠨ ᠠᠷᠠᠳ ᠲᠤ ᠪᠠᠨ ᠬᠠᠶᠢᠷᠠᠳᠠᠢ᠂ ᠨᠤᠳᠤᠭ ᠤᠰᠤᠨ ᠳᠤ ᠪᠠᠨ ᠠᠷᠭ᠎ᠠ ᠦᠭᠡᠢ ᠬᠠᠶᠢᠷᠠᠳᠠᠢ ᠪᠠᠶᠢᠳᠠᠭ᠃ ᠡᠶᠢᠮᠤ ᠯᠡ ᠠᠮᠢᠳᠤᠷᠠᠯ ᠤᠨ ᠤᠷᠴᠢᠨ᠂ ᠬᠦᠮᠤᠨ ᠢ ᠬᠦᠮᠦᠡᠯᠢᠭ᠂ ᠴᠠᠶᠢᠯᠭᠠᠨ ᠪᠤᠯᠪᠠᠰᠤᠨ᠂ ᠨᠢᠩᠵᠢᠨ ᠪᠤᠯᠭᠠᠵᠤ ᠬᠦᠮᠤᠵᠢᠬᠦᠯᠳᠡᠭ ᠪᠠᠶᠢᠨ᠎ᠠ᠃ ᠮᠤᠩᠭᠤᠯ ᠬᠦᠮᠤᠨ ᠤ ᠰᠠᠨᠠᠭ᠎ᠠ ᠰᠠᠶᠢᠨ᠂ ᠬᠦᠳᠡᠭᠡ ᠶᠢᠨ ᠬᠦᠮᠤᠨ ᠤ ᠰᠡᠳᠬᠢᠯ ᠴᠠᠶᠢᠯᠭᠠᠨ ᠠᠰᠪᠤᠷᠢ ᠭᠡᠳᠡᠭ ᠤᠨ ᠦᠨᠳᠤᠰᠤ ᠨᠢ ᠡᠨᠡ ᠪᠢᠯᠡ ᠬᠤᠷᠠᠭ᠎ᠠ ᠲᠤᠭᠤᠯ ᠬᠠᠷᠢᠭᠤᠯᠬᠤ ᠳᠤ ᠪᠠᠨ᠂ ᠦᠷᠯᠤᠭᠡ ᠦᠳᠡᠰᠢ ᠰᠤᠷᠭᠠᠭᠤᠯᠢ ᠵᠦᠭ ᠡᠯᠡᠰᠤ ᠮᠠᠩᠬ᠎ᠠ ᠶᠢ ᠲᠤᠭᠤᠯᠤᠨ ᠵᠠᠮᠨᠠᠬᠤ ᠳᠤ ᠪᠠᠨ᠂ ᠤᠨᠠᠭᠠᠨ ᠪᠠᠭ᠎ᠠ ᠶᠢᠨ ᠨᠠᠶᠢᠵᠠ ᠨᠠᠷ ᠲᠠᠢ ᠪᠠᠨ ᠠᠭᠤᠯᠠ ᠲᠠᠯ᠎ᠠ ᠪᠠᠷ ᠲᠡᠪᠬᠢᠨ ᠲᠤᠭᠯᠠᠬᠤ ᠳᠤ ᠪᠠᠨ ᠪᠡᠶ᠎ᠠ ᠰᠡᠳᠬᠢᠯ ᠢᠶᠠᠨ ᠪᠤᠯᠪᠠᠰᠤᠷᠠᠭᠤᠯᠵᠤ ᠯᠡ ᠪᠠᠶᠢᠵᠠᠢ᠃ ᠴᠡᠪᠡᠷ ᠠᠭᠠᠷ ᠢ ᠠᠮᠢᠰᠬᠤᠵᠤ᠂ ᠴᠤᠯ ᠪᠠᠶᠢᠭᠠᠯᠢᠯᠢᠬ ᠴᠡᠪᠡᠷ ᠢᠳᠡᠭᠡᠨ ᠢᠳᠡᠵᠤ᠂ ᠴᠠᠭ ᠦᠷᠬᠦᠯᠵᠢ ᠬᠦᠳᠡᠯᠮᠤᠷᠢ ᠠᠵᠢᠯ ᠳᠤ ᠲᠠᠪᠳᠠᠭᠳᠠᠵᠤ ᠦᠰᠦᠭᠰᠡᠨ ᠪᠢᠳᠡᠨ ᠤ ᠪᠡᠶ᠎ᠠ ᠬᠠᠳᠠᠨ ᠴᠢᠬᠢᠷᠠᠭ ᠪᠠᠶᠢᠳᠠᠭ᠃ ᠤᠶᠤᠨ ᠤ ᠬᠦᠳᠡᠯᠮᠤᠷᠢ ᠪᠡ ᠪᠡᠶ᠎ᠠ ᠶᠢᠨ ᠬᠦᠳᠡᠯᠮᠤᠷᠢ ᠶᠢ ᠤᠶᠠᠯᠳᠤᠭᠤᠯᠬᠤ ᠨᠢ ᠲᠠᠷᠢᠬᠢ ᠲᠤᠯᠤᠭᠠᠢ ᠠᠮᠠᠷᠠᠬᠤ᠂ ᠪᠡᠶ᠎ᠠ ᠮᠠᠬᠠᠪᠤᠳ ᠴᠢᠬᠢᠷᠠᠭᠵᠢᠬᠤ᠂ ᠤᠷᠮ᠎ᠠ ᠵᠤᠷᠢᠬ ᠢᠶᠠᠨ ᠰᠡᠷᠬᠦᠭᠡᠬᠦ ᠰᠢᠨᠵᠢᠯᠡᠬᠦ ᠤᠬᠠᠭᠠᠨᠴᠢ ᠠᠷᠭ᠎ᠠ ᠪᠠᠷᠢᠯ ᠮᠦᠨ᠃ ᠤᠳᠤ ᠶᠢᠨ ᠬᠡᠤᠬᠡᠳ ᠤᠨ ᠰᠤᠷᠤᠯᠭ᠎ᠠ ᠶᠢᠨ ᠲᠠᠷᠤᠭᠠᠰᠤ ᠬᠦᠨᠳᠤ᠂ ᠲᠠᠮᠢᠷ ᠤᠨ ᠬᠢᠴᠢᠶᠡᠯ ᠢ ᠯᠡ ᠭᠠᠷᠭᠠᠪᠠᠯ ︵ᠡᠨᠡ ᠬᠦ ᠬᠢᠴᠢᠶᠡᠯ ᠢ  ᠨᠢ ᠪᠠᠰᠠ ᠪᠤᠰᠤᠳ ᠬᠢᠴᠢᠶᠡᠯ ᠲᠦᠷᠢᠮᠡᠭᠡᠶᠢᠯᠡᠭᠡᠳ ᠪᠠᠶᠢᠳᠠᠭ︶ ᠬᠦᠳᠡᠯᠭᠡᠭᠡᠨ ᠬᠢᠬᠦ ᠴᠠᠭ ᠲᠠᠩᠴᠤ ᠤᠬᠤᠷ ᠲᠤᠯᠠ ᠲᠠᠷᠭᠤᠨ ᠬᠡᠤᠬᠡᠳ᠂ ᠤᠢᠢᠷ᠎ᠠ ᠬᠠᠷᠠᠭ᠎ᠠ ᠲᠠᠢ ᠬᠡᠤᠬᠡᠳ ᠤᠯᠠᠰᠢᠷᠠᠵᠤ᠂ ᠬᠡᠤᠬᠡᠳ ᠤᠨ ᠪᠡᠶ᠎ᠠ ᠶᠢᠨ ᠲᠠᠮᠢᠷ ᠲᠡᠩᠭᠡᠭᠡ ᠲᠤᠩ ᠮᠠᠭᠤᠳᠠᠭᠰᠠᠨ ᠪᠠᠶᠢᠨ᠎ᠠ᠃ ᠨᠢᠳᠤᠨᠤᠨ ᠪᠢ ᠲᠧᠯᠸᠢᠰ ᠲᠡᠭᠡᠷ᠎ᠠ ᠠᠴᠠ ᠶᠡᠭᠡ ᠰᠤᠷᠭᠠᠭᠤᠯᠢ ᠶᠢᠨ ᠰᠢᠨ᠎ᠠ ᠤᠶᠤᠳᠠᠳ ᠨᠢᠭᠡ ᠯᠡ ᠭᠠᠷᠠᠭ ᠤᠨ ᠴᠡᠷᠢᠭ ᠤᠨ ᠪᠤᠯᠪᠠᠰᠤᠷᠠᠯ ᠢ ᠲᠠᠭᠠᠭᠠᠬᠤ ᠦᠭᠡᠢ ᠮᠠᠨᠠᠷᠠᠵᠤ ᠲᠦᠨᠡᠷᠡᠵᠤ ᠪᠠᠶᠢᠭ᠎ᠠ ᠪᠠᠶᠢᠳᠠᠯ ᠢ ᠦᠵᠡᠵᠤ ᠢᠨᠢᠶᠡᠬᠦ ᠶᠢᠨ ᠴᠤ ᠠᠷᠭ᠎ᠠ ᠦᠭᠡᠢ᠂ ᠠᠭᠤᠷᠯᠠᠬᠤ ᠶᠢᠨ ᠴᠤ ᠠᠷᠭ᠎ᠠ ᠦᠭᠡᠢ ᠪᠤᠯᠵᠤ ᠪᠠᠭᠰᠢ ᠪᠤᠯᠤᠭᠰᠠᠨ ᠳᠤ ᠪᠠᠨ ᠢᠴᠡᠩᠬᠦᠷᠡᠬᠦ‍ ᠰᠢᠭ ᠰᠠᠨᠠᠭᠳᠠᠵᠤ ᠪᠢᠯᠡ᠃      ᠦᠡᠭᠭᠡᠷᠡᠭᠰᠡᠨ ᠳᠤ ᠮᠠᠤ ᠲᠡᠷᠢᠬᠦᠯᠡᠭᠴᠢ ᠶᠢᠨ ︽ᠰᠡᠭᠡᠭᠡᠳᠡᠳ ᠬᠦᠳᠡᠭᠡ ᠪᠠᠭᠤᠬᠤ︾ ᠲᠦᠷᠤ ᠶᠢᠨ ᠪᠤᠳᠤᠯᠭ᠎ᠠ  ᠪᠠᠷ ᠮᠠᠰᠢ ᠤᠯᠠᠨ ᠰᠤᠶᠤᠯ ᠮᠡᠳᠡᠯᠭᠡ ᠲᠠᠢ ᠵᠠᠯᠠᠭᠤᠴᠤᠤᠨ ᠦᠨᠳᠤᠰᠤᠨ ᠱᠠᠳᠤᠨ ᠳᠤ ᠲᠠᠪᠳᠠᠭᠳᠠᠵᠤ᠂ ᠬᠦᠳᠡᠯᠮᠤᠷᠢᠯᠡᠭᠰᠡᠨ ᠪᠢᠯᠡ᠃ ᠦᠪᠤᠷ ᠮᠤᠩᠭᠤᠯ ᠳᠤ ᠪᠠᠭᠤᠭᠰᠠᠨ ᠰᠡᠭᠡᠭᠡᠳᠡᠳ ᠦᠪᠤᠷ ᠮᠤᠩᠭᠤᠯ ᠤᠨ ᠲᠠᠯ᠎ᠠ ᠨᠤᠳᠤᠭ ᠤᠨ ᠬᠦᠴᠢᠷ ᠪᠡᠷᠭᠡᠰᠢᠶᠡᠯ ᠲᠠᠢ ᠤᠷᠴᠢᠨ ᠲᠤᠭᠤᠷᠢᠨ ᠳᠤ ᠮᠠᠯᠴᠢᠳ ᠲᠠᠢ ᠬᠠᠮᠳᠤ ᠬᠦᠳᠡᠯᠮᠤᠷᠢᠯᠡᠵᠤ᠂ ᠮᠡᠳᠡᠯᠭᠡ ᠮᠡᠷᠭᠡᠵᠢᠯ ᠰᠤᠷᠴᠤ ᠪᠡᠶ᠎ᠠ ᠰᠡᠳᠬᠢᠯ ᠢᠶᠠᠨ ᠲᠠᠪᠳᠠᠨ ᠪᠤᠯᠪᠠᠰᠤᠷᠠᠭᠤᠯᠤᠭᠰᠠᠨ ᠲᠡᠳᠤᠢ ᠦᠭᠡᠢ ᠡᠨᠡ ᠨᠤᠳᠤᠭ ᠤᠰᠤ᠂ ᠬᠦᠮᠤᠨ ᠠᠷᠠᠳ ᠲᠠᠢ ᠨᠢ ᠡᠭᠡᠨᠡᠭᠰᠢᠨ ᠲᠠᠰᠤᠯᠴᠠᠵᠤ ᠬᠦᠨ ᠬᠠᠶᠢᠷᠠᠳᠠᠢ ᠪᠤᠯᠵᠤ᠂ ᠬᠤᠳᠠ ᠳᠤ ᠪᠤᠴᠠᠭᠰᠠᠨ ᠴᠤ᠂ ᠦᠳᠡᠯᠵᠤ ᠬᠦᠭᠰᠢᠷᠡᠭᠰᠡᠨ ᠴᠤ ᠬᠤᠶᠠᠳᠤᠭᠠᠷ ᠡᠭᠡ ᠨᠤᠳᠤᠭ ᠢᠶᠠᠨ ᠪᠠᠶᠢᠨ ᠲᠠᠬᠢᠨ ᠡᠷᠬᠢᠵᠤ᠂ ᠰᠡᠳᠬᠢᠯ ᠵᠢᠷᠤᠭᠡ  ᠨᠢ ᠬᠦᠳᠡᠭᠡ ᠲᠠᠯ᠎ᠠ ᠵᠦᠭ ᠲᠡᠮᠡᠤᠯᠡᠵᠤ ᠦᠪᠤᠷ ᠮᠤᠩᠭᠤᠯ ᠤᠨ ᠬᠦᠮᠤᠨ ᠠᠷᠠᠳ᠂ ᠨᠤᠳᠤᠭ ᠤᠰᠤᠨ ᠤ ᠢᠷᠡᠭᠡᠳᠤᠢ  ᠶᠢᠨ ᠲᠦᠯᠤᠭᠡ ᠰᠠᠨᠠᠭᠠᠰᠢᠷᠠᠵᠤ᠂ ᠴᠢᠳᠠᠯ ᠤᠨ ᠢᠶᠠᠨ ᠬᠢᠷᠢ ᠪᠠᠷ ᠲᠠᠮᠵᠢᠵᠤ ᠪᠠᠶᠢᠳᠠᠭ ᠢ ᠲᠧᠯᠸᠢᠰ᠂ ᠷᠠᠳᠢᠤ᠋ ᠠᠴᠠ ᠦᠵᠡᠵᠤ ᠰᠤᠨᠤᠰᠴᠤ᠂ ᠨᠤᠮ ᠰᠡᠳᠬᠦᠯ ᠠᠴᠠ ᠤᠡᠭᠰᠢᠯ᠎ᠠ᠃ ᠡᠨᠡ ᠶᠡᠭᠡ ᠬᠠᠶᠢᠷ᠎ᠠ᠂ ᠡᠨᠡ ᠪᠤᠳᠠᠳᠤ ᠠᠵᠢᠯᠯᠠᠭ᠎ᠠ ᠶᠢᠨ ᠡᠬᠢ ᠤᠨᠳᠤᠷᠤᠯ ᠬᠠᠮᠢᠭ᠎ᠠ᠂ ᠭᠡᠵᠢᠶ᠎ᠠ ᠪᠤᠢ ᠪᠤᠯᠤᠭᠰᠠᠨ ᠪᠤᠢ ᠭᠡᠪᠡᠯ ᠲᠠᠷᠤᠢ ᠵᠠᠯᠠᠭᠤ ᠬᠠᠯᠠᠭᠤᠨ ᠨᠠᠰᠤᠨ ᠳᠤ ᠦᠡᠭᠭᠡᠷᠡᠬᠦᠯᠦᠭᠰᠡᠨ ᠠᠮᠢᠳᠤᠷᠠᠯ ᠦᠢᠯᠡᠳᠤᠯᠭᠡ ᠶᠢᠨ ᠮᠠᠷᠳᠠᠭᠳᠠᠰᠢ ᠦᠭᠡᠢ ᠬᠠᠶᠢᠷ᠎ᠠ ᠶᠢᠨ ᠬᠢᠴᠢᠶᠡᠯ ᠠᠴᠠ ᠢᠷᠡᠭᠰᠡᠨ ᠶᠤᠮ᠃ ᠤᠳᠤ ᠡᠨᠡ ᠬᠦ ᠮᠡᠷᠭᠡᠨ ᠲᠦᠷᠤ ᠶᠢᠨ ᠪᠤᠳᠤᠯᠭ᠎ᠠ ᠶᠠᠭ ᠲᠠᠬᠢᠨ ᠪᠡᠶᠡᠯᠡᠯ ᠢᠶᠠᠨ ᠤᠯᠵᠤ ᠪᠠᠶᠢᠨ᠎ᠠ᠃ ᠤᠯᠤᠰ  ᠠᠴᠠ ᠤᠶᠤᠳᠠᠳ ᠢ ᠶᠠᠳᠠᠭᠤ ᠬᠦᠴᠢᠷᠳᠠᠯᠳᠠᠢ ᠤᠷᠤᠨ᠂ ᠦᠨᠳᠤᠰᠤᠨ ᠱᠠᠳᠤᠨ ᠳᠤ ᠤᠴᠢᠬᠤ ᠶᠢ ᠵᠤᠷᠢᠬᠵᠢᠭᠤᠯᠵᠤ᠂ ᠠᠯᠪᠠᠨ ᠪᠠᠶᠢᠭᠤᠯᠭ᠎ᠠ ᠬᠦᠮᠤᠨ ᠡᠯᠰᠡᠬᠦ ᠳᠤ ᠪᠠᠨ ᠠᠳᠠᠭ ᠲᠤ ᠪᠠᠨ ᠬᠤᠶᠠᠷ ᠵᠢᠯ ᠠᠵᠢᠯᠯᠠᠭᠰᠠᠨ ᠨᠡᠶᠢᠭᠡᠮ ᠤᠨ ᠲᠤᠷᠰᠢᠯᠭ᠎ᠠ ᠲᠠᠢ ᠪᠠᠶᠢᠬᠤ ᠶᠢ ᠱᠠᠭᠠᠷᠳᠠᠬᠤ ᠪᠤᠯᠵᠠᠢ᠃ ᠨᠡᠶᠢᠭᠡᠮ ᠶᠠᠭᠠᠬᠢᠵᠤ ᠬᠦᠭᠵᠢᠭᠰᠡᠨ ᠴᠤ ᠰᠤᠷᠭᠠᠨ ᠬᠦᠮᠤᠵᠢᠯ  ᠨᠢ ᠲᠡᠷᠡ ᠴᠠᠭ ᠦᠶ᠎ᠠ ᠶᠢᠨ ᠭᠡᠷᠡᠭᠴᠡᠭᠡ ᠱᠠᠭᠠᠷᠳᠠᠯᠭ᠎ᠠ ᠳᠤ ᠲᠤᠬᠢᠷᠠᠭᠰᠠᠨ ᠬᠦᠳᠡᠯᠮᠤᠷᠢᠴᠢᠨ ᠢ ᠬᠦᠮᠤᠵᠢᠬᠦᠯᠬᠦ ᠪᠤᠯ ᠵᠤᠷᠢᠯᠭ᠎ᠠ ᠭᠡᠳᠡᠭ ᠢ ᠮᠠᠷᠳᠠᠵᠤ ᠪᠤᠯᠬᠤ ᠦᠭᠡᠢ᠃ ᠢᠷᠡᠭᠡᠳᠤᠢ ᠳᠤ ᠠᠵᠢᠯ ᠤᠨ ᠬᠤᠪᠢᠶᠠᠷᠢᠯᠠᠯ ᠭᠡᠴᠢᠨᠡᠨ ᠨᠠᠷᠢᠨ ᠪᠤᠯᠵᠤ ᠂ ᠮᠠᠰᠢᠨᠴᠢᠯᠠᠯᠳᠠ ᠶᠠᠭᠠᠬᠢᠵᠤ ᠬᠦᠭᠵᠢᠭᠰᠡᠨ ᠴᠤ ᠡᠩ ᠤᠨ ᠬᠦᠳᠡᠯᠮᠤᠷᠢ ᠶᠢᠨ ᠴᠢᠳᠠᠪᠤᠷᠢ ᠶᠢ ᠬᠦᠮᠤᠨ ᠪᠦᠬᠦᠨ ᠪᠦᠷᠢᠯᠳᠤᠬᠦᠯᠬᠦ ᠶᠤᠰᠤᠳᠠᠢ᠃ ᠬᠠᠷᠠᠬᠠᠨ ᠪᠠᠭ᠎ᠠ ᠠᠴᠠ ᠪᠠᠨ ᠮᠠᠯᠵᠢᠯ᠂ ᠲᠠᠷᠢᠶᠠᠯᠠᠩ ᠤᠨ ᠬᠦᠳᠡᠯᠮᠤᠷᠢ ᠳᠤ ᠲᠠᠪᠳᠠᠭᠳᠠᠵᠤ ᠦᠰᠦᠭᠰᠡᠨ ᠬᠡᠤᠬᠡᠳ ᠬᠦᠳᠡᠯᠮᠤᠷᠢ ᠳᠤ ᠬᠠᠶᠢᠷᠠᠳᠠᠢ᠂ ᠬᠦᠮᠤᠨ ᠳᠤ ᠡᠯᠢᠭᠡᠰᠡᠭ᠂ ᠬᠦᠴᠢᠷ ᠢ ᠮᠡᠳᠡᠳᠡᠭ᠂ ᠲᠡᠰᠪᠤᠷᠢᠳᠠᠢ᠂ ᠶᠠᠭᠤᠮᠠᠨ ᠳᠤ ᠲᠦᠢᠳᠠᠢ᠂ ᠠᠮᠢᠳᠤᠷᠠᠯ ᠬᠦᠳᠡᠯᠮᠤᠷᠢ ᠳᠤ ᠠᠰᠢᠭᠳᠠᠢ ᠰᠢᠨ᠎ᠠ ᠶᠢ ᠡᠬᠦᠳᠬᠦ ᠬᠦᠰᠡᠯ ᠲᠠᠢ ᠬᠦᠮᠤᠨ ᠪᠤᠯᠵᠤ ᠬᠦᠮᠤᠵᠢᠨ᠎ᠠ᠃ ᠲᠤᠮᠤ ᠪᠤᠯᠤᠭᠠᠳ ᠶᠡᠭᠡ ᠬᠤᠳᠠ ᠶᠢᠨ ᠭᠠᠵᠠᠷ᠂ ᠦᠨᠳᠦᠷ ᠠᠰᠠᠷ ᠲᠤ ᠰᠠᠭᠤᠵᠤ ᠠᠵᠢᠯᠯᠠᠵᠤ ᠠᠮᠢᠳᠤᠷᠠᠭᠰᠠᠨ ᠴᠤ ᠤᠨᠠᠭᠠᠨ ᠪᠠᠭ᠎ᠠ ᠨᠠᠰᠤᠨ ᠳᠤ ᠪᠠᠨ ᠪᠠᠶᠢᠭᠠᠯᠢ ᠲᠡᠯᠡᠭᠡᠢ ᠳᠤ ᠪᠠᠨ ᠪᠦᠪᠠᠶᠢᠯᠡᠭᠳᠡᠵᠤ ᠦᠰᠦᠭᠰᠡᠨ ᠬᠦᠮᠤᠨ ᠤ ᠰᠠᠨᠠᠭ᠎ᠠ ᠠᠷᠢᠭᠤᠨ᠂ ᠰᠡᠳᠬᠢᠯ ᠪᠠᠶᠠᠨ᠂ ᠬᠠᠶᠢᠷ᠎ᠠ ᠨᠢᠩᠵᠢᠨ᠂ ︽ᠪᠠᠶᠢᠭᠠᠯᠢ ᠡᠵᠢ ᠮᠢᠨᠢ ᠪᠢᠳᠡᠨ ᠢ ᠲᠡᠵᠢᠭᠡᠵᠤ ᠪᠠᠶᠢᠨ᠎ᠠ︾ ᠭᠡᠳᠡᠭ ᠢ ᠵᠢᠷᠤᠭᠡ ᠰᠡᠳᠬᠢᠯ ᠢᠶᠠᠷ ᠮᠡᠳᠡᠷᠡᠵᠤ᠂ ᠪᠠᠶᠢᠭᠠᠯᠢ ᠲᠡᠯᠡᠭᠡᠢ ᠶᠢ ᠬᠠᠶᠢᠷᠠᠯᠠᠬᠤ ᠤᠬᠠᠮᠰᠠᠷ ᠬᠦᠨ ᠪᠠᠶᠢᠳᠠᠭ᠃      ᠲᠦᠷᠪᠡ᠂ ᠮᠤᠩᠭᠤᠯ ᠬᠡᠯᠡ᠂ ᠰᠤᠶᠤᠯ ᠤᠨ ᠠᠰᠠᠭᠤᠳᠠᠯ ᠳᠤ᠄      ︵1︶ ᠰᠤᠷᠭᠠᠨ ᠬᠦᠮᠤᠵᠢᠯ ᠨᠢ ᠠᠮᠢᠳᠤᠷᠠᠯ ᠠᠴᠠ ᠰᠠᠯᠤᠩᠬᠢᠷᠠᠭᠰᠠᠨ ᠠᠴᠠ ᠮᠤᠩᠭᠤᠯ ᠬᠡᠯᠡᠨ ᠤ ᠬᠢᠴᠢᠶᠡᠯ ᠲᠤᠩ ᠬᠦᠴᠢᠷᠳᠠᠯ ᠳᠤ ᠤᠴᠠᠷᠠᠭᠰᠠᠨ ᠪᠠᠶᠢᠨ᠎ᠠ᠃ ᠵᠠᠷᠤᠳ ᠬᠤᠰᠢᠭᠤᠨ ᠤ ᠨᠢᠭᠡᠳᠤᠭᠡᠷ ᠲᠤᠮᠳᠠᠳᠤ ᠰᠤᠷᠭᠠᠭᠤᠯᠢ ᠶᠢᠨ ᠲᠡᠳ᠋ ᠵᠠᠬᠢᠷᠤᠯ᠂ ᠬᠡᠯᠡ ᠪᠢᠴᠢᠭ ᠤᠨ ᠤᠨᠴᠠ ᠲᠡᠰ ᠤᠨ ᠪᠠᠭᠰᠢ ᠪᠦᠭᠡᠳᠡᠮᠦᠷ ᠠᠴᠠ ︽ᠮᠠᠯᠵᠢᠬᠤ ᠲᠠᠷᠢᠶᠠᠯᠠᠬᠤ ᠤᠷᠤᠨ ᠤ ᠦᠢ ᠲᠦᠮᠡᠨ ᠬᠡᠤᠬᠡᠳ ᠪᠠᠭᠠᠴᠤᠤᠨ ᠢ ᠲᠡᠷᠡ ᠪᠡᠶ᠎ᠠ ᠪᠠᠷ ᠢᠶᠠᠨ ᠨᠢᠭᠡ ᠪᠤᠳᠢ ᠵᠢᠭᠠᠬᠤ ᠮᠠᠲ᠋ᠧᠷᠢᠶᠠᠯ ᠪᠤᠯᠬᠤ ᠬᠦᠳᠡᠭᠡ ᠠᠴᠠ ᠨᠢ ᠬᠦᠨᠳᠡᠶᠢᠷᠡᠬᠦᠯᠦᠭᠰᠡᠨ ᠮᠤᠩᠭᠤᠯ ᠢᠵᠠᠭᠤᠷ ᠰᠤᠶᠤᠯ᠂ ᠮᠤᠩᠭᠤᠯ ᠵᠠᠩ ᠦᠢᠯᠡ ᠪᠠᠨ ᠤᠢᠢᠯᠭᠠᠬᠤ ᠤᠤᠭᠠᠯ ᠬᠦᠷᠤᠰᠤ ᠰᠢᠷᠤᠢ ᠶᠢ ᠨᠢ ᠬᠤᠪᠬᠤᠯᠵᠤ ᠪᠠᠶᠢᠨ᠎ᠠ︾ ᠭᠡᠵᠤ ᠶᠠᠷᠢᠭᠰᠠᠨ ᠪᠠᠶᠢᠨ᠎ᠠ᠃ ᠡᠨᠡ ᠦᠨᠡᠭᠡᠷ ᠶᠠᠰᠤᠨ ᠳᠤᠨᠢ ᠤᠷᠤᠳᠠᠯ᠎ᠠ ᠲᠠᠨᠢᠭᠰᠠᠨ ᠦᠭᠡ ᠪᠠᠶᠢᠨ᠎ᠠ᠃ ᠦᠡᠭᠭᠡᠷᠡᠭᠰᠡᠨ ᠳᠤ ᠮᠤᠩᠭᠤᠯ ᠬᠡᠯᠡ ᠰᠤᠷᠬᠤ ᠨᠢ ᠵᠦᠪᠭᠡᠨ ᠦᠰᠦᠭ ᠪᠢᠴᠢᠭ ᠢ ᠰᠤᠷᠬᠤ ᠶᠠᠪᠤᠳᠠᠯ ᠪᠠᠶᠢᠭᠰᠠᠨ ᠪᠤᠯ ᠤᠳᠤ ᠮᠤᠩᠭᠤᠯ ᠬᠡᠯᠡ ᠰᠤᠷᠬᠤ ᠨᠢ ᠬᠡᠯᠡ᠂ ᠰᠤᠶᠤᠯ᠂ ᠦᠰᠦᠭ ᠪᠢᠴᠢᠭ ᠰᠤᠷᠬᠤ ᠭᠤᠷᠮᠤᠰᠤᠨ ᠡᠬᠦᠷᠭᠡ ᠲᠠᠢ ᠪᠤᠯᠤᠭᠰᠠᠨ ᠪᠠᠶᠢᠨ᠎ᠠ᠃ ᠰᠤᠷᠤᠭᠴᠢᠳ ᠤᠨ ᠮᠤᠩᠭᠤᠯ ᠬᠡᠯᠡᠨ ᠤ ᠰᠠᠭᠤᠷᠢ ᠴᠢᠳᠠᠪᠬᠢ ᠤᠯᠠᠮ ᠲᠤᠷᠤᠭᠰᠢᠯᠠᠵᠤ᠂ ᠮᠤᠩᠭᠤᠯ ᠬᠡᠯᠡᠨ ᠤ ᠬᠢᠴᠢᠶᠡᠯ ᠤᠨ ᠴᠠᠭ ᠤᠯᠠᠮ ᠴᠦᠭᠡᠷᠡᠵᠤ ᠪᠠᠶᠢᠭ᠎ᠠ ᠪᠠᠶᠢᠳᠠᠯ ᠳᠤ ᠵᠢᠭᠠᠬᠤ ᠫᠷᠦᠭᠷᠠᠮ ᠤᠨ ᠱᠠᠭᠠᠷᠳᠠᠯᠭ᠎ᠠ ᠳᠤ ᠬᠦᠷᠳᠡᠯ᠎ᠠ ᠵᠢᠭᠠᠨ᠎ᠠ ᠭᠡᠳᠡᠭ ᠦᠨᠡᠭᠡᠷ ᠲᠤᠯᠤᠭᠠᠢ ᠡᠪᠡᠳᠭᠡᠮᠡᠷ ᠠᠰᠠᠭᠤᠳᠠᠯ ᠪᠤᠯᠵᠠᠢ᠃      ︵2︶ ᠦᠨᠳᠤᠰᠤᠳᠡᠨ ᠤ ᠦᠭᠡ ᠬᠡᠯᠡ᠂ ᠰᠤᠶᠤᠯ ᠢᠶᠠᠨ ᠬᠦᠨᠳᠤᠳᠭᠡᠬᠦ ᠲᠠᠨᠢᠯᠳᠠ ᠶᠢᠨ ᠠᠰᠠᠭᠤᠳᠠᠯ ᠤᠷᠤᠰᠢᠵᠤ ᠪᠠᠶᠢᠨ᠎ᠠ᠃ ᠮᠤᠩᠭᠤᠯ ᠦᠭᠡ ᠬᠡᠯᠡ ᠪᠠᠨ ᠬᠦᠨᠳᠤᠳᠭᠡᠬᠦ ᠦᠭᠡᠢ᠂ ᠮᠤᠩᠭᠤᠯ ᠬᠦᠮᠤᠨ ᠪᠤᠯᠤᠭᠰᠠᠨ ᠳᠤ  ᠪᠠᠨ ᠭᠤᠳᠤᠷᠠᠬᠤ ᠦᠵᠡᠯ ᠨᠢᠭᠡ ᠦᠶ᠎ᠠ ᠭᠠᠵᠠᠷ ᠠᠪᠤᠭᠰᠠᠨ᠃ ᠤᠷᠴᠢᠮ ᠤᠨ ᠠᠷᠪᠠᠨ ᠵᠢᠯ ᠠᠴᠠ ᠮᠤᠩᠭᠤᠯᠴᠤᠤᠨ ᠤᠨ ᠦᠪᠡᠷ ᠤᠨ ᠬᠡᠯᠡ ᠰᠤᠶᠤᠯ ᠢᠶᠠᠨ ᠬᠦᠨᠳᠤᠳᠭᠡᠵᠤ ᠬᠠᠶᠢᠷᠠᠯᠠᠵᠤ ᠪᠠᠭ᠋ᠠᠷᠬᠠᠨ ᠰᠤᠷᠴᠤ᠂ ᠦᠨᠳᠤᠰᠤᠳᠡᠨ ᠤ ᠪᠠᠨ ᠬᠦᠭᠵᠢᠯ ᠮᠠᠨᠳᠤᠯ ᠤᠨ ᠲᠦᠯᠤᠭᠡ ᠴᠢᠷᠮᠠᠶᠢᠨ ᠠᠵᠢᠯᠯᠠᠵᠤ ᠰᠤᠷᠤᠯᠴᠠᠬᠤ ᠠᠭᠤᠷ ᠠᠮᠢᠰᠬᠤᠯ ᠪᠠᠳᠠᠷᠠᠵᠤ ᠪᠠᠶᠢᠨ᠎ᠠ᠃ ᠮᠤᠩᠭᠤᠯᠴᠤᠤᠨ ᠬᠡᠤᠬᠡᠳ ᠢᠶᠠᠨ ᠮᠤᠩᠭᠤᠯ ᠰᠤᠷᠭᠠᠭᠤᠯᠢ ᠳᠤ ᠦᠭᠴᠤ᠂ ᠦᠨᠳᠤᠰᠤᠳᠡᠨ ᠤ ᠰᠤᠷᠭᠠᠨ ᠬᠦᠮᠤᠵᠢᠯ ᠤᠨ ᠢᠷᠡᠭᠡᠳᠤᠢ ᠶᠢᠨ ᠲᠠᠷᠳᠠᠩ ᠵᠠᠮ ᠲᠤᠷᠠᠶᠢᠵᠤ ᠪᠠᠶᠢᠨ᠎ᠠ᠃ ᠭᠡᠳᠡᠯ᠎ᠠ ᠪᠤᠳᠠᠳᠠᠢ ᠠᠵᠢᠯᠯᠠᠭ᠎ᠠ ᠲᠡᠭᠡᠷ᠎ᠠ ᠪᠠᠨ ᠰᠤᠷᠭᠠᠭᠤᠯᠢ ᠶᠢᠨ ᠤᠳᠤᠷᠢᠳᠤᠯᠭ᠎ᠠ ᠨᠢ ᠲᠡᠭᠡᠷᠡᠬᠢ ᠶᠢᠨ ᠵᠠᠷᠯᠢᠬ ᠢ ᠦᠬᠦᠮᠡᠯ ᠢᠶᠠᠷ ᠤᠯᠠᠮᠵᠢᠯᠠᠬᠤ᠂ ᠬᠢᠴᠢᠶᠡᠯ ᠤᠨ ᠪᠠᠭᠰᠢ ᠨᠠᠷ ᠨᠢ ᠰᠤᠷᠤᠭᠴᠢ ᠲᠠᠢ ᠡᠳᠦᠷᠵᠢᠨ ᠬᠠᠮᠳᠤ ᠪᠠᠶᠢᠭ᠎ᠠ ᠪᠤᠯᠪᠠᠴᠤ ᠠᠰᠠᠭᠤᠳᠠᠯ ᠢ ᠢᠯᠡᠷᠡᠬᠦᠯᠵᠤ᠂ ᠠᠰᠠᠭᠤᠳᠠᠯ ᠢ ᠰᠢᠢᠳᠪᠤᠷᠢᠯᠡᠬᠦ ᠦᠭᠡᠢ᠂ ᠰᠤᠷᠭᠠᠭᠤᠯᠢ ᠰᠤᠷᠤᠭᠴᠢ ᠠᠩᠬᠢᠳᠠ ᠰᠠᠯᠤᠩᠬᠢᠷᠠᠵᠤ ᠰᠤᠷᠭᠠᠨ ᠬᠦᠮᠤᠵᠢᠯ ᠤᠨ ᠤᠬᠠᠭᠠᠨ ᠤ ᠦᠢᠯᠡᠳᠤᠯᠭᠡ ᠠᠴᠠ ᠤᠨᠤᠯ ᠳᠤ ᠬᠦᠷᠴᠤ᠂ ᠤᠨᠤᠯ ᠢᠶᠠᠷ ᠦᠢᠯᠡᠳᠤᠯᠭᠡ ᠪᠠᠨ ᠵᠢᠯᠤᠭᠤᠳᠬᠤ ᠴᠢᠭᠯᠡᠯ ᠱᠤᠭᠤᠮ ᠲᠠᠢ ᠵᠦᠷᠢᠬᠦ ᠪᠤᠯᠵᠠᠢ᠃ ᠭᠡᠷ ᠤᠨ ᠠᠬᠠᠮᠠᠳ ᠨᠢ ᠴᠤ ᠬᠡᠤᠬᠡᠳ ᠤᠨ ᠢᠶᠠᠨ ᠰᠤᠷᠤᠯᠭ᠎ᠠ ᠶᠢᠨ ᠪᠠᠶᠢᠳᠠᠯ ᠢ ᠠᠩᠬᠠᠷᠴᠤ ᠬᠠᠯᠠᠮᠵᠢᠯᠠᠬᠤ ᠦᠭᠡᠢ᠂ ᠠᠪᠢᠶᠠᠰ ᠪᠢᠯᠢᠭ ᠢ ᠨᠢ ᠵᠦᠪ ᠦᠨᠡᠯᠡᠬᠦ ᠦᠭᠡᠢ᠂ ᠲᠤᠷ᠎ᠠ ᠰᠤᠨᠢᠷᠬᠠᠯ ᠢ ᠨᠢ ᠠᠩᠬᠠᠷᠬᠤ ᠦᠭᠡᠢ᠂ ᠬᠤᠷᠤᠭᠠᠨ ᠤ ᠡᠬᠦᠳᠡ ᠶᠢ ᠨᠡᠭᠡᠭᠡᠬᠦ ᠳᠤ ᠬᠤᠨᠢᠳ ᠨᠢᠭᠡ ᠨᠢ ᠲᠦᠷᠤᠬᠦᠯᠡᠭᠡᠳ ᠭᠠᠷᠪᠠᠯ ᠪᠤᠰᠤᠳ ᠨᠢ ᠨᠢᠳᠤ ᠦᠭᠡᠢ ᠲᠡᠮᠡᠴᠡᠨ ᠲᠠᠭᠠᠬᠤ ᠰᠢᠬ ᠨᠢᠭᠡ ᠨᠢᠭᠡᠨ ᠢᠶᠠᠨ ᠲᠠᠭᠤᠷᠢᠶᠠᠵᠤ᠂ ᠬᠡᠤᠬᠡᠳ ᠤᠨ ᠲᠤᠷᠠᠰᠢᠯ᠂ ᠠᠪᠢᠶᠠᠰ ᠪᠢᠯᠢᠭ ᠢ ᠨᠢ ᠮᠡᠳᠡᠬᠦ ᠦᠭᠡᠢ ᠪᠠᠷ ᠠᠩᠭ᠍ᠯᠢ ᠬᠡᠯᠡ᠂ ᠬᠦᠭᠵᠢᠮ᠂ ᠪᠦᠵᠢᠭ ᠤᠨ ᠠᠩᠬᠢ ᠳᠤ ᠮᠦᠡᠭᠬᠦ ᠪᠠᠨ ᠴᠢᠳᠬᠤᠵᠤ ᠪᠠᠶᠢᠨ᠎ᠠ᠃ ᠮᠤᠩᠭᠤᠯ ᠬᠡᠯᠡ ᠨᠢ ᠭᠡᠴᠢᠨᠡᠨ ᠴᠢᠬᠤᠯᠠ᠂ ᠭᠡᠴᠢᠨᠡᠨ ᠬᠦᠴᠢᠷᠳᠡᠯ ᠳᠤ ᠤᠴᠠᠷᠠᠵᠤ ᠪᠠᠶᠢᠭ᠎ᠠ ᠶᠢ ᠲᠡᠳᠡ ᠰᠡᠷᠡᠵᠤ ᠮᠡᠳᠡᠬᠦ ᠦᠭᠡᠢ ᠲᠠᠶᠢᠪᠤᠡᠭ ᠰᠠᠭᠤᠵᠤ ᠯᠡ ᠪᠠᠶᠢᠨ᠎ᠠ᠃      ᠲᠠᠪᠤ᠂ ᠲᠦᠢᠯᠰᠢᠷᠠᠯ ᠤᠨ ᠠᠰᠠᠭᠤᠳᠠᠯ ᠤᠷᠤᠰᠢᠵᠤ ᠪᠠᠶᠢᠨ᠎ᠠ᠃ ᠰᠤᠷᠭᠠᠨ ᠬᠦᠮᠤᠵᠢᠯ ᠪᠤᠯ ᠨᠢᠭᠡ ᠤᠯᠤᠰ ᠦᠨᠳᠤᠰᠤᠳᠡᠨ ᠤ ᠮᠠᠨᠳᠤᠯ ᠮᠦᠬᠦᠯ ᠲᠠᠢ ᠬᠤᠯᠪᠤᠭᠳᠠᠬᠤ ᠴᠢᠬᠤᠯᠠ ᠠᠰᠠᠭᠤᠳᠠᠯ ᠮᠦᠨ᠃ ᠰᠤᠷᠭᠠᠨ ᠬᠦᠮᠤᠵᠢᠯ ᠤᠨ ᠪᠤᠳᠤᠯᠭ᠎ᠠ ᠳᠤ ᠯᠠᠪᠳᠠᠭᠤᠨ ᠬᠠᠨᠳᠤᠬᠤ ᠭᠡᠷᠡᠭᠳᠠᠢ᠃ ᠭᠡᠳᠡᠯ᠎ᠠ ᠤᠳᠤ ᠰᠤᠷᠭᠠᠨ ᠬᠦᠮᠤᠵᠢᠯ ᠳᠤ᠂ ᠨᠡᠩ ᠴᠤ ᠮᠤᠩᠭᠤᠯᠴᠤᠤᠨ ᠤᠨ ᠰᠤᠷᠭᠠᠭᠤᠯᠢ ᠶᠢᠨ ᠰᠤᠷᠭᠠᠨ ᠬᠦᠮᠤᠵᠢᠯ ᠳᠤ ᠪᠤᠰᠤᠳ ᠢ ᠲᠠᠭᠠᠵᠤ ᠲᠡᠷᠪᠡᠬᠦ ᠭᠡᠳᠦᠷᠡᠮᠡᠭᠡᠢ ᠲᠦᠢᠯᠰᠢᠷᠠᠯ ᠤᠨ ᠠᠰᠠᠭᠤᠳᠠᠯ ᠤᠷᠤᠰᠢᠵᠤ ᠪᠠᠶᠢᠨ᠎ᠠ᠃ ᠠᠮᠢᠳᠠᠨ ᠠᠷᠢᠶᠠᠳᠠᠨ ᠬᠦᠷᠳᠡᠯ᠎ᠠ ᠦᠷ᠎ᠠ ᠵᠤᠯᠵᠠᠭ᠎ᠠ ᠪᠠᠨ ᠰᠤᠷᠭᠠᠨ ᠲᠠᠰᠬᠠᠵᠢᠭᠤᠯᠬᠤ ᠦᠪᠡᠷ ᠤᠨ ᠠᠷᠭ᠎ᠠ ᠪᠠᠷᠢᠯ ᠪᠠᠶᠢᠳᠠᠭ ᠪᠠᠶᠢᠬᠤ ᠳᠤ᠂ ᠭᠡᠴᠢᠨᠡᠨ ᠮᠢᠩᠭᠠᠨ ᠵᠢᠯ ᠤᠨ ᠤᠶᠤᠨ ᠤ ᠬᠤᠷᠠᠮᠳᠤᠯ ᠢᠶᠠᠷ ᠪᠤᠢ ᠪᠤᠯᠤᠭᠰᠠᠨ ᠰᠤᠷᠭᠠᠨ ᠬᠦᠮᠤᠵᠢᠯ ᠢ ᠨᠡᠩ ᠶᠠᠭᠤᠨ ᠦᠬᠦᠯᠡᠬᠦ ᠠᠵᠠᠢ᠃ ᠪᠢᠳᠡ ᠡᠨᠡ ᠬᠦ ᠵᠢᠮ᠎ᠠ ᠶᠤᠰᠤ ᠪᠠᠷ ᠰᠤᠷᠭᠠᠨ ᠬᠦᠮᠤᠵᠢᠯ ᠢᠶᠠᠨ ᠲᠠᠰᠤᠷᠠᠯᠳᠠ ᠦᠭᠡᠢ ᠰᠤᠳᠤᠯᠵᠤ᠂ ᠦᠭᠡᠷᠡᠴᠢᠯᠡᠵᠤ᠂ ᠬᠦᠭᠵᠢᠬᠦᠯᠬᠦ ᠭᠡᠷᠡᠭᠳᠠᠢ᠃ ᠲᠡᠭᠡᠬᠦ ᠳᠡᠭᠡᠨ ᠵᠠᠪᠠᠯ ᠦᠪᠡᠷ ᠤᠨ ᠰᠤᠷᠭᠠᠨ ᠬᠦᠮᠤᠵᠢᠯ ᠢᠶᠠᠨ ᠵᠦᠪ ᠵᠠᠳᠠᠯᠵᠤ᠂ ᠵᠦᠪ ᠰᠢᠢᠳᠪᠤᠷᠢᠯᠡᠵᠤ ᠯᠠᠪᠳᠠᠭᠤᠨ ᠬᠠᠨᠳᠤᠬᠤ ᠭᠡᠷᠡᠭᠳᠠᠢ᠃ ᠭᠡᠳᠡᠯ᠎ᠠ ᠤᠳᠤ ᠵᠢᠭᠠᠬᠤ ᠶᠢ ᠰᠤᠳᠤᠯᠬᠤ ᠭᠠᠵᠠᠷ ᠤᠨ ᠰᠤᠳᠤᠯᠤᠬᠴᠢᠳ ᠪᠤᠶᠤ ᠰᠤᠷᠭᠠᠭᠤᠯᠢ ᠶᠢᠨ ᠵᠠᠬᠢᠷᠤᠯ ᠨᠢ ᠶᠠᠮᠠᠷ ᠨᠢᠭᠡᠨ ᠬᠤᠷᠠᠯ ᠴᠤᠭᠯᠠᠭᠠᠨ ᠳᠤ ᠤᠴᠢᠵᠤ᠂ ᠰᠢᠨ᠎ᠠ ᠪᠠᠷ ᠦᠷᠨᠢᠵᠤ ᠪᠠᠶᠢᠭ᠎ᠠ ᠵᠢᠭᠠᠬᠤ ᠠᠷᠭ᠎ᠠ ᠠᠪᠴᠠᠯ ᠤᠨ ᠲᠤᠬᠠᠢ ᠰᠤᠨᠤᠰᠴᠤ ᠰᠤᠷᠤᠯᠴᠠᠵᠤ ᠢᠷᠡᠮᠡᠭᠴᠡ᠂ ᠲᠤᠰ ᠭᠠᠵᠠᠷ ᠤᠨ ᠢᠶᠠᠨ ᠪᠠᠭᠰᠢ ᠨᠠᠷ ᠢ ᠵᠠᠪᠠᠯ ᠲᠡᠷᠡ ᠬᠦ ᠠᠷᠭ᠎ᠠ ᠪᠠᠷ ᠬᠢᠴᠢᠶᠡᠯᠯᠡᠬᠦᠯᠬᠦ ᠭᠡᠵᠤ ᠠᠯᠪᠠᠳᠠᠨ᠂ ᠤᠷᠤᠯᠳᠤᠭᠠᠨ ᠮᠦᠷᠦ᠋ᠢᠴᠡᠭᠡᠨ ᠳᠤ ᠲᠡᠷᠡ ᠬᠦ ᠠᠷᠭ᠎ᠠ ᠪᠠᠷ ᠬᠢᠴᠢᠶᠡᠯᠯᠡᠭᠰᠡᠳ ᠢ ᠰᠢᠯᠢᠳᠡᠭ ᠲᠤ ᠲᠤᠳᠤᠷᠠᠭᠤᠯᠵᠤ᠂ ᠪᠤᠰᠤᠳ ᠨᠢ ᠰᠢᠭᠰᠢᠭᠳᠡᠳᠡᠭ ᠪᠠᠶᠢᠨ᠎ᠠ᠃ ᠮᠠᠨ ᠤ ᠵᠢᠭᠠᠬᠤ ᠺᠤᠨ᠋ᠰᠫᠧᠺᠲ ᠢ ᠬᠦᠷᠳᠡᠯ᠎ᠠ ᠬᠦᠰᠦᠨᠦᠭᠵᠢᠬᠦᠯᠵᠤ ᠵᠠᠪᠠᠯ ᠡᠨᠡ ᠬᠦ ᠵᠠᠭᠪᠤᠷ ᠢᠶᠠᠷ ᠪᠢᠴᠢᠬᠦᠯᠵᠤ ᠪᠠᠶᠢᠭ᠎ᠠ ᠶᠠᠪᠤᠳᠠᠯ ᠤᠳᠤ ᠴᠤ ᠪᠠᠶᠢᠨ᠎ᠠ᠃ ᠰᠤᠷᠭᠠᠨ ᠬᠦᠮᠤᠵᠢᠯ ᠪᠤᠯ ᠲᠡᠯᠭᠡᠷᠡᠮᠡᠯ ᠬᠤᠪᠴᠠᠰᠤ ᠪᠢᠰᠢ᠂ ᠪᠠᠭᠰᠢ ᠶᠢᠨ ᠬᠦᠳᠡᠯᠮᠤᠷᠢ ᠪᠤᠯ ᠲᠦᠢᠯ ᠤᠨ ᠪᠦᠳᠤᠭᠡᠯᠴᠢ ᠬᠦᠳᠡᠯᠮᠤᠷᠢ ᠮᠦᠨ᠃ ᠶᠠᠮᠠᠷ ᠬᠢᠴᠢᠶᠡᠯ ᠢ ᠶᠠᠭᠠᠬᠢᠵᠤ ᠵᠢᠭᠠᠬᠤ ᠳᠤ ᠶᠠᠮᠠᠷ ᠴᠤ ᠲᠤᠭᠳᠠᠭᠰᠠᠨ ᠭᠡᠪ ᠵᠠᠭᠪᠤᠷ ᠪᠠᠶᠢᠵᠤ ᠪᠤᠯᠬᠤ ᠦᠭᠡᠢ᠃ ᠶᠠᠮᠠᠷ ᠨᠢᠭᠡᠨ ᠭᠡᠪ ᠵᠠᠭᠪᠤᠷ ᠢ ᠪᠠᠭᠰᠢ ᠵᠦᠪᠭᠡᠨ ᠯᠠᠪᠯᠠᠯᠳᠠ ᠪᠤᠯᠭᠠᠵᠤ ᠴᠢᠯᠤᠭᠡᠳᠠᠢ ᠰᠡᠳᠬᠢᠵᠤ᠂ ᠪᠦᠳᠤᠭᠡᠯᠴᠢ ᠪᠠᠷ ᠦᠪᠡᠷ ᠤᠨ ᠵᠢᠭᠠᠬᠤ ᠠᠵᠢᠯ ᠳᠠᠭᠠᠨ ᠭᠡᠷᠡᠭᠯᠡᠵᠤ᠂ ᠵᠢᠭᠠᠬᠤ ᠬᠠᠷᠠᠯᠳᠠ ᠳᠤ ᠪᠠᠨ ᠬᠦᠷᠦᠭᠰᠡᠨ ᠪᠠᠶᠢᠪᠠᠯ ᠪᠤᠯᠴᠢᠬᠠᠨ᠎ᠠ᠃ ᠶᠠᠮᠠᠷ ᠨᠢᠭᠡᠨ ᠵᠢᠭᠠᠬᠤ ᠠᠷᠭ᠎ᠠ ᠳᠤ ︽ᠪᠦᠷᠢᠮᠤᠰᠤᠨ ᠰᠠᠶᠢᠨ ᠂ ᠪᠦᠷᠢᠮᠤᠰᠤᠨ ᠮᠠᠭᠤ︾ ᠭᠡᠵᠤ ᠪᠠᠶᠢᠬᠤ ᠦᠭᠡᠢ ᠡᠷᠭᠡᠪᠰᠢ ᠬᠤᠶᠠᠷᠯᠠᠬᠤ ᠦᠵᠡᠯ ᠢᠶᠠᠷ ᠦᠵᠡᠬᠦ ᠭᠡᠷᠡᠭᠳᠠᠢ᠃ ᠤᠷᠴᠢᠮ ᠲᠧᠯᠸᠢᠰ ᠲᠡᠭᠡᠷ᠎ᠠ ︽ᠮᠤᠩᠭᠤᠯ ᠬᠡᠯᠡᠨ ᠤ ᠬᠢᠴᠢᠶᠡᠯ ᠤᠨ ᠪᠢᠴᠢᠭ ᠤᠨ ᠨᠠᠶᠢᠷᠠᠭᠤᠯᠭ᠎ᠠ ᠳᠤ ᠠᠰᠠᠭᠤᠳᠠᠯ ᠤᠷᠤᠰᠢᠵᠤ ᠪᠠᠶᠢᠨ᠎ᠠ᠃ ᠰᠤᠷᠬᠤ ᠪᠢᠴᠢᠭ ᠢ ᠨᠠᠶᠢᠷᠠᠭᠤᠯᠤᠭᠰᠠᠨ ᠬᠦᠮᠤᠰ ᠲᠤ ᠭᠤᠤᠯ ᠠᠰᠠᠭᠤᠳᠠᠯ ᠤᠷᠤᠰᠢᠵᠤ ᠪᠠᠶᠢᠭ᠎ᠠ ᠤᠴᠢᠷ ᠤᠳᠤ ᠶᠢᠨ ᠮᠤᠩᠭᠤᠯ ᠬᠡᠯᠡᠨ ᠤ ᠰᠤᠷᠭᠠᠨ ᠬᠦᠮᠤᠵᠢᠯ ᠤᠨ ᠶᠠᠰᠤ ᠴᠢᠨᠠᠷ ᠲᠤᠤᠷ᠎ᠠ ᠪᠠᠶᠢᠨ᠎ᠠ︾ ᠭᠡᠵᠤ ᠭᠡᠰᠡᠭ ᠲᠤᠭᠠᠨ ᠤ ᠪᠠᠭᠰᠢ ᠨᠠᠷ ᠶᠠᠷᠢᠭᠰᠠᠨ ᠪᠠᠶᠢᠨ᠎ᠠ᠃ ᠰᠤᠷᠬᠤ ᠪᠢᠴᠢᠭ ᠤᠨ ᠨᠠᠶᠢᠷᠠᠭᠤᠯᠭ᠎ᠠ ᠳᠤ ᠦᠨᠡᠭᠡᠷ ᠠᠰᠠᠭᠤᠳᠠᠯ ᠤᠷᠤᠰᠢᠵᠤ ᠪᠠᠶᠢᠨ᠎ᠠ᠃ ᠭᠡᠳᠡᠯ᠎ᠠ ᠡᠨᠡ ᠪᠤᠯ ᠭᠤᠤᠯ ᠠᠰᠠᠭᠤᠳᠠᠯ ᠪᠢᠰᠢ᠃ ᠰᠤᠷᠭᠠᠨ ᠬᠦᠮᠤᠵᠢᠯ ᠪᠤᠯ ᠲᠠᠪᠬᠤᠷᠭ᠎ᠠ ᠮᠦᠨ᠃ ᠠᠵᠤ ᠠᠬᠤᠢ ᠶᠢᠨ ᠰᠠᠭᠤᠷᠢ ᠨᠢ ᠲᠠᠪᠬᠤᠷᠭ᠎ᠠ ᠶᠢ ᠲᠤᠭᠳᠠᠭᠠᠳᠠᠭ ᠠᠴᠠ ᠤᠳᠤ ᠶᠢᠨ ᠬᠤᠳᠠ ᠪᠠᠯᠭᠠᠰᠤᠵᠢᠯᠳᠠ᠂ ᠰᠤᠷᠭᠠᠭᠤᠯᠢ ᠶᠢ ᠲᠦᠪᠯᠡᠷᠡᠬᠦᠯᠵᠤ᠂ ᠮᠤᠩᠭᠤᠯ ᠠᠮᠢᠳᠤᠷᠠᠯ ᠠᠴᠠ ᠰᠠᠯᠭᠠᠭᠰᠠᠨ ᠶᠠᠪᠤᠳᠠᠯ ᠪᠤᠯ ᠰᠠᠶ᠋ᠢ ᠦᠨᠳᠤᠰᠤᠨ ᠮᠦᠨ ᠴᠢᠨᠠᠷ ᠤᠨ ᠠᠰᠠᠭᠤᠳᠠᠯ ᠮᠦᠨ᠃      ᠲᠡᠭᠡᠷ᠎ᠠ ᠪᠢ ᠤᠳᠤᠬᠠᠨ ᠤ ᠰᠤᠷᠭᠠᠭᠤᠯᠢ ᠶᠢ ᠲᠦᠪᠯᠡᠷᠡᠬᠦᠯᠦᠭᠰᠡᠨ ᠪᠠᠶᠢᠳᠠᠯ ᠲᠤᠤᠷᠠᠬᠢ ᠮᠤᠩᠭᠤᠯ ᠰᠤᠷᠤᠭᠴᠢ᠂ ᠮᠤᠩᠭᠤᠯ ᠬᠡᠯᠡᠨ ᠤ ᠰᠤᠷᠭᠠᠨ ᠬᠦᠮᠤᠵᠢᠯ ᠤᠨ ᠠᠰᠠᠭᠤᠳᠠᠯ ᠤᠨ ᠲᠤᠬᠠᠢ ᠶᠠᠷᠢᠯ᠎ᠠ᠃ ᠲᠡᠭᠡᠪᠡᠯ ᠡᠨᠡ ᠬᠦ ᠠᠰᠠᠭᠤᠳᠠᠯ ᠢ ᠶᠠᠭᠠᠬᠢᠵᠤ ᠰᠢᠢᠳᠪᠤᠷᠢᠯᠡᠪᠡᠯ ᠵᠤᠬᠢᠬᠤ ᠪᠤᠢ ᠬᠤᠳᠠ ᠪᠠᠯᠭᠠᠰᠤᠵᠢᠯᠳᠠ ᠶᠢᠨ ᠡᠷᠢᠨ ᠳᠤ ᠨᠢᠭᠡᠨᠳᠡ ᠰᠤᠷᠭᠠᠭᠤᠯᠢ ᠶᠢ ᠲᠦᠪᠯᠡᠷᠡᠬᠦᠯᠦᠭᠰᠡᠨ ᠪᠠᠶᠢᠳᠠᠯ ᠳᠤ ᠶᠠᠭᠠᠬᠢᠪᠠᠯ ᠵᠤᠬᠢᠬᠤ ᠦᠪᠡᠷ ᠤᠨ ᠦᠵᠡᠯᠳᠡ ᠪᠠᠨ ᠶᠠᠷᠢᠶ᠎ᠠ      1. ᠮᠤᠩᠭᠤᠯ ᠬᠡᠯᠡᠨ ᠤ ᠬᠢᠴᠢᠶᠡᠯ ᠢ ᠲᠦᠢᠯ ᠢᠶᠠᠷ ᠬᠦᠨᠳᠤᠳᠭᠡᠪᠡᠯ ᠵᠤᠬᠢᠨ᠎ᠠ᠃ ᠮᠤᠩᠭᠤᠯ ᠬᠡᠯᠡᠨ ᠤ ᠬᠢᠴᠢᠶᠡᠯ ᠤᠨ ᠴᠠᠭ ᠢ ᠬᠠᠰᠤᠵᠤ ᠪᠤᠯᠬᠤ ᠦᠭᠡᠢ᠃ ᠰᠤᠷᠭᠠᠭᠤᠯᠢ ᠶᠢᠨ ᠬᠦᠷᠢᠶᠡᠨ ᠳᠤ ᠮᠤᠩᠭᠤᠯ ᠢᠶᠠᠷ ᠶᠠᠷᠢᠬᠤ ᠶᠢ ᠱᠠᠭᠠᠷᠳᠠᠬᠤ᠂ ᠡᠷᠳᠡ ᠶᠢᠨ ᠤᠡᠭᠰᠢᠯᠭ᠎ᠠ ᠲᠤᠬᠢᠷᠠᠭᠤᠯᠬᠤ᠂ ᠨᠤᠮ ᠤᠡᠭᠰᠢᠬᠤ ᠠᠵᠢᠯᠯᠠᠭᠠᠨ᠂ ᠰᠢᠯᠦᠭ ᠵᠤᠬᠢᠶᠠᠯ᠂ ᠦᠯᠢᠭᠡᠷ ᠶᠠᠷᠢᠬᠤ ᠤᠷᠤᠯᠳᠤᠭᠠᠨ ᠁ ᠮᠡᠳᠤ ᠶᠢᠨ ᠠᠯᠢ ᠤᠯᠠᠨ ᠪᠦᠳᠤᠮᠵᠢᠳᠠᠢ ᠠᠷᠭ᠎ᠠ ᠶᠢ ᠰᠦᠪᠡᠭᠴᠢᠯᠡᠵᠤ᠂ ᠰᠤᠷᠭᠠᠭᠤᠯᠢ ᠶᠢᠨ ᠪᠠᠶᠢᠳᠠᠯ ᠳᠤ ᠪᠠᠨ ᠲᠤᠬᠢᠷᠠᠭᠤᠯᠤᠨ ᠦᠷᠨᠢᠬᠦᠯᠵᠤ ᠮᠤᠩᠭᠤᠯ ᠬᠡᠯᠡ ᠶᠢ ᠲᠡᠷᠢᠬᠦᠨ ᠪᠠᠶᠢᠷᠢᠨ ᠳᠤ ᠲᠠᠯᠪᠢᠬᠤ ᠭᠡᠷᠡᠭᠳᠠᠢ᠃      2. ᠮᠤᠩᠭᠤᠯ ᠰᠤᠶᠤᠯ ᠢ ᠰᠤᠷᠭᠠᠭᠤᠯᠢ ᠶᠢᠨ ᠬᠦᠷᠢᠶᠡᠨ ᠳᠤ ᠠᠪᠴᠢᠷᠠᠬᠤ ᠭᠡᠷᠡᠭᠳᠠᠢ᠃ ᠬᠡᠯᠡ ᠪᠤᠯ ᠰᠤᠶᠤᠯ ᠤᠨ ᠨᠢᠭᠡ ᠲᠦᠷᠤᠯ ᠵᠠᠨᠠᠷ᠂ ᠬᠡᠯᠡ ᠪᠡ ᠰᠤᠶᠤᠯ ᠨᠢ ᠬᠠᠷᠢᠯᠴᠠᠨ ᠠᠬᠢᠭᠤᠯᠵᠤ᠂ ᠬᠠᠷᠢᠯᠴᠠᠨ ᠨᠦᠯᠤᠭᠡᠯᠡᠨ᠎ᠠ᠃ ᠰᠤᠷᠤᠭᠴᠢᠳ ᠲᠤ ᠮᠤᠩᠭᠤᠯ ᠰᠤᠶᠤᠯ ᠢᠶᠠᠨ ᠤᠯᠠᠮᠵᠢᠯᠠᠶ᠎ᠠ ᠭᠡᠪᠡᠯ᠂ ᠭᠠᠭᠴᠠ ᠬᠦ ᠮᠤᠩᠭᠤᠯ ᠬᠡᠯᠡᠨ ᠤ ᠬᠢᠴᠢᠶᠡᠯ ᠤᠨ ᠪᠢᠴᠢᠭ ᠲᠤ ᠪᠠᠷᠢᠬᠳᠠᠭᠠᠳ ᠪᠤᠯᠬᠤ ᠦᠭᠡᠢ᠃ ᠪᠤᠯᠤᠮᠵᠢ ᠶᠢᠨ ᠨᠦᠬᠦᠴᠡᠯ ᠢ ᠠᠰᠢᠭᠯᠠᠵᠤ᠂ ᠮᠤᠩᠭᠤᠯ ᠰᠤᠶᠤᠯ ᠢ ᠰᠤᠷᠭᠠᠭᠤᠯᠢ ᠶᠢᠨ ᠬᠦᠷᠢᠶᠡᠨ ᠳᠤ ᠤᠷᠤᠯᠠᠭᠤᠯᠬᠤ ᠭᠡᠷᠡᠭᠳᠠᠢ᠃ ᠡᠨᠡ ᠲᠠᠯ᠎ᠠ ᠪᠠᠷ ᠵᠠᠷᠢᠮ ᠭᠠᠵᠠᠷ ᠨᠡᠯᠢᠶᠡᠳ ᠪᠦᠳᠤᠮᠵᠢ  ᠲᠠᠢ ᠤᠷᠤᠯᠳᠤᠯᠭ᠎ᠠ ᠬᠢᠵᠤ ᠪᠠᠶᠢᠭ᠎ᠠ ᠶᠤᠮ᠃ ᠵᠢᠱᠢᠶᠡᠯᠡᠪᠡᠯ᠄ ᠰᠤᠷᠭᠠᠭᠤᠯᠢ ᠶᠢᠨ ᠬᠦᠷᠢᠶᠡᠨ ᠳᠤ ᠮᠤᠩᠭᠤᠯ ᠦᠨᠳᠤᠰᠤᠳᠡᠨ ᠤ ᠭᠡᠷᠡᠭᠰᠡᠯ ᠤᠨ ᠮᠦᠽᠸᠢ ᠪᠠᠶᠢᠭᠤᠯᠵᠤ᠂ ᠰᠤᠷᠤᠭᠴᠢᠳ ᠲᠤ ᠦᠨᠳᠤᠰᠤᠳᠡᠨ ᠤ ᠤᠷᠠᠯᠠᠯ ᠭᠡᠷᠡᠭᠰᠡᠯ ᠢ ᠲᠠᠨᠢᠭᠤᠯᠵᠤ᠂ ᠭᠡᠷᠬᠢᠨ ᠭᠡᠷᠡᠭᠯᠡᠬᠦ ᠶᠢ ᠵᠢᠭᠠᠬᠤ᠂ ᠦᠨᠳᠤᠰᠤᠳᠡᠨ ᠤ ᠭᠠᠷ ᠤᠷᠠᠯᠠᠯ᠂ ᠤᠶᠤᠳᠠᠯ ᠬᠢᠳᠠᠯ ᠤᠨ ᠬᠢᠴᠢᠶᠡᠯ ᠤᠷᠤᠬᠤ᠂ ᠦᠨᠳᠤᠰᠤᠳᠡᠨ ᠤ ᠰᠤᠶᠤᠯ ᠲᠡᠤᠭᠡ ᠶᠢᠨ ᠬᠢᠴᠢᠶᠡᠯ ᠤᠷᠤᠬᠤ᠂ ᠤᠷᠤᠨ ᠨᠤᠳᠤᠭ ᠤᠨ ᠬᠢᠴᠢᠶᠡᠯ ᠤᠨ ᠪᠢᠴᠢᠭ ᠨᠠᠶᠢᠷᠠᠭᠤᠯᠵᠤ ᠵᠢᠭᠠᠬᠤ᠂ ᠱᠠᠭ᠎ᠠ᠂ ᠵᠢᠷᠬᠢᠭᠡ᠂ ᠰᠢᠳᠠᠷ᠎ᠠ ᠁ ᠮᠡᠳᠤ ᠶᠢᠨ ᠲᠤᠭᠯᠠᠭᠠᠮ ᠤᠨ ᠬᠢᠴᠢᠶᠡᠯ᠂ ᠮᠤᠷᠢᠨ ᠬᠤᠭᠤᠷ᠂ ᠤᠷᠳᠤ ᠶᠢᠨ ᠲᠠᠭᠤᠤ ᠵᠡᠷᠭᠡ ᠦᠨᠳᠤᠰᠤᠳᠡᠨ ᠤ ᠬᠦᠭᠵᠢᠮ ᠲᠠᠭᠤᠨ ᠤ ᠬᠢᠴᠢᠶᠡᠯ᠂ ᠮᠤᠩᠭᠤᠯ ᠪᠦᠭᠡ ᠵᠡᠷᠭᠡ ᠦᠨᠳᠤᠰᠤᠳᠡᠨ ᠤ ᠲᠠᠮᠢᠷ ᠤᠨ ᠬᠢᠴᠢᠶᠡᠯ ᠁ ᠮᠡᠳᠤ ᠶᠢᠨ ᠦᠷᠭᠡᠨ ᠠᠭᠤᠯᠭ᠎ᠠ ᠪᠠᠷ ᠦᠨᠳᠤᠰᠤᠳᠡᠨ ᠤ ᠪᠠᠨ ᠰᠤᠶᠤᠯ ᠲᠡᠤᠭᠡ ᠶᠢ ᠰᠤᠷᠤᠭᠴᠢᠳ ᠲᠤ ᠮᠡᠳᠡᠬᠦᠯᠵᠤ᠂ ᠦᠨᠳᠤᠰᠤᠳᠡᠨ ᠤ ᠪᠠᠨ ᠠᠵᠢᠯ ᠬᠦᠳᠡᠯᠮᠤᠷᠢ᠂ ᠤᠷᠠᠯᠢᠬ᠂ ᠲᠠᠮᠢᠷ᠂ ᠨᠠᠭᠠᠳᠤᠮ ᠴᠡᠩᠭᠡᠭᠡᠨ ᠤ ᠰᠤᠶᠤᠯ ᠢ ᠮᠡᠳᠡᠬᠦ᠂ ᠬᠢᠵᠤ ᠤᠷᠤᠯᠳᠤᠬᠤ᠂ ᠤᠷᠤᠯᠴᠠᠵᠤ ᠲᠡᠶᠢᠯᠬᠦ ᠴᠢᠳᠠᠪᠤᠷᠢ ᠲᠠᠢ ᠪᠤᠯᠭᠠᠨ ᠬᠦᠮᠤᠵᠢᠬᠦᠯᠵᠤ ᠪᠠᠶᠢᠨ᠎ᠠ᠃ ᠡᠨᠡ ᠦᠨᠡᠭᠡᠷ ᠪᠠᠶᠠᠷᠯᠠᠭᠤᠰᠢᠳᠠᠢ ᠶᠠᠪᠤᠳᠠᠯ᠃ ᠦᠨᠳᠤᠰᠤᠳᠡᠨ ᠤ ᠪᠠᠨ ᠰᠤᠶᠤᠯ ᠢ ᠰᠠᠶᠢᠨ ᠮᠠᠳᠠᠮᠠᠨᠵᠢᠨ ᠵᠢᠩᠬᠢᠨᠢ ᠮᠤᠩᠭᠤᠯ ᠬᠦᠮᠤᠨ ᠪᠤᠯᠵᠤ ᠬᠦᠮᠤᠵᠢᠵᠤ ᠴᠢᠳᠠᠨ᠎ᠠ      3. ᠲᠠᠨᠢᠯᠳᠠ ᠪᠠᠨ ᠲᠡᠭᠡᠭᠰᠢᠯᠡᠬᠦᠯᠬᠦ ᠭᠡᠷᠡᠭᠳᠠᠢ᠃ ᠦᠨᠳᠤᠰᠤᠳᠡᠨ ᠤ ᠦᠭᠡ ᠬᠡᠯᠡ᠂ ᠦᠰᠦᠭ ᠪᠢᠴᠢᠭ ᠨᠢ ᠦᠨᠳᠤᠰᠤᠳᠡᠨ ᠤ ᠮᠠᠨᠳᠤᠯ ᠮᠦᠬᠦᠯ ᠲᠠᠢ ᠬᠤᠯᠪᠤᠭᠳᠠᠬᠤ ᠠᠰᠠᠭᠤᠳᠠᠯ ᠶᠤᠮ᠃ ᠮᠤᠩᠭᠤᠯ ᠢᠶᠠᠷ ᠰᠤᠷᠬᠤ ᠶᠢᠨ ᠲᠠᠪᠠᠭᠤᠯᠢᠬ ᠴᠢᠬᠤᠯᠠ ᠴᠢᠨᠠᠷ ᠢ ᠰᠤᠷᠤᠭᠴᠢ᠂ ᠭᠡᠷ ᠤᠨ ᠠᠬᠠᠮᠠᠳ ᠲᠤ ᠦᠷᠭᠡᠨ ᠢᠶᠠᠷ ᠤᠬᠠᠭᠤᠯᠬᠤ ᠭᠡᠷᠡᠭᠳᠠᠢ᠃ ᠬᠡᠤᠬᠡᠳ ᠢᠶᠠᠨ ᠮᠤᠩᠭᠤᠯ ᠰᠤᠷᠭᠠᠭᠤᠯᠢ ᠳᠤ ᠰᠠᠭᠤᠯᠭᠠᠭᠰᠠᠨ ᠯᠡ ᠪᠤᠯ ᠮᠤᠩᠭᠤᠯ ᠬᠡᠯᠡ ᠶᠢ ᠤᠷᠤᠢ ᠶᠢᠨ ᠰᠢᠳᠤᠭᠡᠨ ᠪᠤᠯᠭᠠᠬᠤ ᠭᠡᠷᠡᠭᠳᠠᠢ᠃ ᠮᠤᠩᠭᠤᠯ ᠬᠡᠯᠡ ᠨᠢ ᠮᠤᠩᠭᠤᠯ ᠢᠶᠠᠷ ᠰᠤᠷᠴᠤ ᠪᠠᠶᠢᠭ᠎ᠠ ᠬᠡᠤᠬᠡᠳ ᠤᠨ ᠪᠤᠰᠤᠳ ᠬᠢᠴᠢᠶᠡᠯ ᠢ ᠰᠤᠷᠬᠤ ᠪᠠᠭᠠᠵᠢ ᠪᠤᠯᠬᠤᠷ ᠲᠡᠬᠦᠨ ᠤ ᠰᠠᠭᠤᠷᠢ ᠨᠢ ᠪᠤᠰᠤᠳ ᠬᠢᠴᠢᠶᠡᠯ ᠲᠦᠷᠤᠯ ᠢ ᠰᠢᠭᠤᠳ ᠨᠦᠯᠤᠭᠡᠯᠡᠨ᠎ᠠ᠃ ᠠᠯᠳᠠᠨᠴᠢᠯᠠᠭᠤ ᠪᠠᠭᠰᠢ ︽ᠡᠭᠡ ᠬᠡᠯᠡᠨ ᠤ ᠬᠢᠴᠢᠶᠡᠯ ᠬᠦᠮᠤᠵᠢᠯ ᠳᠠᠬᠢ ᠦᠢᠯᠡᠳᠤᠯ ᠢ ᠪᠠᠳᠠᠷᠠᠭᠤᠯᠰᠤᠭᠠᠢ︾ ᠭᠡᠬᠦ ᠵᠤᠬᠢᠶᠠᠯ ᠳᠤ ᠪᠠᠨ ︽ᠮᠠᠨ ᠤ ᠰᠤᠷᠭᠠᠭᠤᠯᠢ ᠶᠢᠨ ᠡᠩ ᠤᠨ ᠪᠠᠶᠢᠭᠠᠯᠢ ᠶᠢᠨ ᠠᠩᠬᠢ ᠪᠡ ᠲᠤᠷᠰᠢᠯᠳᠠ ᠶᠢᠨ ᠪᠠᠶᠢᠭᠠᠯᠢ  ᠶᠢᠨ ᠠᠩᠬᠢ ᠶᠢ ᠲᠤᠰ ᠲᠤᠰ ᠤᠯᠠᠨ ᠤᠳᠠᠭ᠎ᠠ ᠤᠨᠴᠠ ᠰᠢᠯᠢᠳᠡᠭ ᠪᠦᠳᠤᠮᠵᠢ ᠪᠠᠷ ᠲᠡᠬᠦᠰᠦᠭᠰᠡᠨ ᠹᠢᠽᠢᠺ ᠤᠨ ᠤᠨᠴᠠ ᠲᠡᠰ ᠤᠨ ᠵᠠᠯᠠᠭᠤ ᠪᠠᠭᠰᠢ ᠮᠦᠡᠭᠬᠦᠨᠪᠠᠭᠠᠨ᠎ᠠ ᠶᠢᠨ ᠤᠯᠠᠨ ᠠᠴᠠ ᠤᠷᠦ᠋ᠢᠯᠠᠬᠤ ᠪᠢᠯᠢᠭ ᠴᠤᠭᠤᠷᠠᠭᠰᠠᠨ ᠰᠤᠷᠤᠭᠴᠢ ᠶᠢ ᠬᠦᠮᠤᠵᠢᠬᠦᠯᠬᠦ᠂ ᠬᠠᠮᠤᠭ ᠤᠨ ᠢᠳᠡᠭᠡᠯᠳᠠᠢ ᠪᠦᠳᠤᠮᠵᠢᠳᠤ ᠲᠤᠷᠰᠢᠯᠭ᠎ᠠ ᠪᠤᠶᠤ ᠰᠤᠷᠤᠭᠴᠢᠳ ᠢᠶᠠᠨ ᠪᠦᠬᠦᠨ ᠢ ᠨᠢ ᠰᠢᠯᠢᠳᠡᠭ ᠬᠢᠷᠢ ᠪᠦᠳᠤᠮᠵᠢ ᠪᠠᠷ ᠰᠢᠯᠭᠠᠭᠤᠯᠬᠤ ᠤᠨᠴᠠᠭᠠᠢ ᠠᠷᠭ᠎ᠠ ᠭᠡᠪᠡᠯ᠂ ᠰᠤᠷᠤᠭᠴᠢᠳ ᠢᠶᠠᠨ ᠲᠡᠭᠡᠳᠤ ᠨᠢᠭᠡ ᠳᠤ ᠨᠢ ᠲᠤᠰᠴᠤ ᠠᠪᠤᠩᠭᠤᠳᠠ ᠮᠤᠩᠭᠤᠯ ᠬᠡᠯᠡᠨ ᠤ ᠰᠠᠭᠤᠷᠢ ᠮᠡᠳᠡᠯᠭᠡ᠂ ᠦᠨᠳᠤᠰᠤᠨ ᠪᠤᠯᠪᠠᠰᠤᠷᠠᠯ᠂ ᠮᠤᠩᠭᠤᠯ ᠬᠡᠯᠡᠨ ᠤ ᠮᠡᠳᠡᠷᠡᠮᠵᠢ᠂ ᠭᠡᠷᠡᠭᠯᠡᠭᠡᠨ ᠤ ᠴᠢᠳᠠᠪᠤᠷᠢ ᠶᠢ ᠨᠢ ᠬᠢᠴᠢᠶᠡᠯ ᠲᠠᠪᠳᠠᠯᠭ᠎ᠠ᠂ ᠲᠠᠰᠬᠠᠯ ᠲᠠᠭᠠᠭᠠᠯᠭᠠᠪᠤᠷᠢ  ᠶᠢᠨ ᠪᠤᠳᠠᠳᠤ ᠪᠠᠶᠢᠳᠠᠯ ᠠᠴᠠ ᠨᠢ ᠠᠵᠢᠭᠯᠠᠨ ᠰᠢᠨᠵᠢᠵᠤ᠂ ᠰᠤᠷᠭᠠᠭᠤᠯᠢ ᠶᠢᠨ ᠲᠤᠬᠢᠷᠠᠭᠤᠯᠤᠭᠰᠠᠨ ᠬᠢᠴᠢᠶᠡᠯ ᠵᠢᠯᠤᠭᠤᠳᠤᠯᠭ᠎ᠠ ᠠᠴᠠ ᠭᠠᠳᠠᠨ᠎ᠠ ᠭᠠᠷᠠᠭ ᠲᠤ ᠲᠤᠰᠬᠠᠢ ᠨᠢᠭᠡ ᠪᠤᠶᠤ ᠬᠤᠶᠠᠷ ᠴᠠᠭ ᠭᠠᠷᠭᠠᠭᠠᠳ ᠮᠤᠩᠭᠤᠯ ᠬᠡᠯᠡᠨ ᠤ ᠤᠡᠭᠰᠢᠯᠭ᠎ᠠ ᠬᠢᠯᠭᠡᠨ᠎ᠠ᠃ ᠶᠡᠷᠤ ᠶᠢᠨ ᠴᠠᠭ ᠲᠤ ᠡᠯ᠎ᠠ ᠬᠢᠴᠢᠶᠡᠯ ᠲᠦᠷᠤᠯ ᠤᠨ ᠬᠡᠯᠡᠨ ᠤ ᠮᠠᠲ᠋ᠧᠷᠢᠶᠠᠯ ᠢ ᠠᠰᠢᠭᠯᠠᠨ ᠠᠰᠠᠭᠤᠳᠠᠯ ᠢ ᠰᠡᠳᠬᠢᠨ ᠤᠯᠤᠯᠳᠠ ᠪᠠᠨ ᠢᠯᠡᠳᠭᠡᠵᠤ᠂ ᠮᠤᠩᠭᠤᠯ ᠨᠤᠮ ᠤᠡᠭᠰᠢᠭ᠌ᠰᠠᠨ ᠲᠦᠷᠦᠭᠳᠡᠯ ᠢᠶᠠᠨ ᠮᠤᠩᠭᠤᠯ ᠬᠡᠯᠡ ᠪᠠᠷ ᠶᠠᠷᠢᠵᠤ᠂ ᠮᠤᠩᠭᠤᠯ ᠪᠢᠴᠢᠭ ᠢᠶᠠᠷ ᠢᠯᠡᠳᠭᠡᠬᠦ ᠪᠤᠯᠪᠠᠰᠤᠷᠠᠯ ᠬᠢᠯᠭᠡᠨ᠎ᠠ᠃ ᠲᠠᠰᠬᠠᠯ ᠪᠤᠯᠪᠠᠰᠤᠷᠠᠯ ᠤᠨ ᠲᠤᠮᠳᠠ ᠰᠤᠷᠤᠭᠴᠢᠳ ᠡᠭᠡ ᠬᠡᠯᠡᠨ ᠤ ᠪᠠᠨ ᠴᠢᠳᠠᠮᠵᠢ ᠶᠢ ᠬᠦᠡᠭᠭᠡᠪᠴᠢᠯᠡᠨ ᠤᠮᠳᠤᠭᠠᠢᠢᠯᠠᠭᠰᠠᠨ ᠬᠠᠷᠠᠮᠰᠠᠯ ᠭᠤᠳᠤᠮᠰᠢᠬ ᠲᠦᠷᠤᠵᠤ᠂ ᠲᠦᠷᠤᠯᠬᠢ ᠬᠡᠯᠡ ᠪᠠᠨ ᠰᠠᠶᠢᠨ ᠰᠤᠷᠴᠤ᠂ ᠡᠭᠡ ᠬᠡᠯᠡ ᠪᠠᠷ ᠢᠶᠠᠨ ᠴᠡᠪᠡᠷ ᠰᠡᠳᠬᠢᠵᠤ᠂ ᠪᠦᠬᠦ ᠬᠢᠴᠢᠶᠡᠯ ᠲᠦᠷᠤᠯ ᠢᠶᠠᠨ ᠤᠯᠠᠮ ᠬᠦᠨᠵᠡᠭᠡᠢ ᠨᠠᠷᠢᠯᠢᠬ ᠡᠵᠡᠮᠰᠢᠵᠤ᠂ ᠮᠤᠩᠭᠤᠯ ᠬᠡᠯᠡᠨ ᠤ ᠭᠡᠪ ᠪᠤᠯᠪᠠᠰᠤᠷᠠᠯ  ᠢᠶᠠᠨ ᠲᠠᠰᠤᠷᠠᠯ ᠦᠭᠡᠢ ᠲᠡᠭᠡᠭᠰᠢᠯᠡᠬᠦᠯᠬᠦ ᠬᠦᠴᠤᠨ ᠴᠢᠳᠠᠯ ᠤᠷᠬᠢᠯᠤᠨ ᠪᠠᠳᠠᠷᠠᠵᠤ᠂ ᠡᠭᠡ ᠬᠡᠯᠡ ᠪᠠᠨ ᠲᠡᠭᠡᠳᠤᠯᠡᠵᠤ ᠬᠠᠶᠢᠷᠠᠯᠠᠬᠤ ᠰᠡᠳᠬᠢᠭᠳᠡᠯ ᠲᠠᠢ ᠪᠤᠯᠳᠠᠭ ᠪᠠᠶᠢᠨ᠎ᠠ᠃ ᠢᠡᠭᠬᠢᠪᠡᠯ ᠰᠠᠶ᠋ᠢ ᠡᠭᠡ ᠬᠡᠯᠡᠨ ᠤ ᠪᠠᠨ ᠬᠦᠮᠤᠵᠢᠯ ᠢᠶᠠᠷ ᠰᠤᠷᠭᠠᠭᠤᠯᠢ ᠰᠤᠶᠤᠯ ᠤᠨ ᠮᠦᠷ ᠢ ᠬᠦᠭᠡᠭᠡᠭᠰᠡᠨ ᠰᠤᠷᠤᠭᠴᠢᠳ ᠤᠨ ᠲᠦᠷᠤᠯᠬᠢ ᠠᠪᠢᠶᠠᠰ ᠴᠢᠳᠠᠪᠤᠷᠢ ᠨᠢ ᠪᠠᠳᠠᠷᠠᠵᠤ᠂ ᠰᠡᠳᠬᠢᠬᠦᠢ ᠨᠢ ᠲᠡᠯᠡᠭᠳᠡᠭᠡᠳ ᠪᠤᠳᠠᠭᠠᠯᠢ ᠴᠢᠨᠠᠷ ᠤᠨ ᠬᠦᠭᠵᠢᠯᠳᠡ ᠪᠠᠨ ᠡᠯᠬᠦᠵᠤ ᠰᠤᠷᠤᠯᠴᠠᠯᠭ᠎ᠠ ᠶᠢᠨ ᠲᠤᠮᠳᠠᠬᠢ ᠰᠠᠨᠠᠭᠠᠨ ᠠᠴᠠ ᠭᠠᠳᠠᠭᠤᠷ ᠬᠦᠴᠢᠷ ᠪᠡᠷᠭᠡᠰᠢᠶᠡᠯ᠂ ᠶᠠᠷᠰᠢᠬ ᠪᠤᠳᠤᠯᠢᠶᠠᠨ ᠢ ᠰᠠᠨᠠᠭ᠎ᠠ ᠪᠠᠷ ᠢᠶᠠᠨ ᠰᠢᠢᠳᠪᠤᠷᠢᠯᠡᠵᠤ᠂ ᠬᠦᠨ ᠤᠬᠠᠭᠠᠯᠢᠬ ᠵᠦᠢᠯᠡᠰ ᠢ ᠬᠢᠯᠪᠠᠷᠬᠠᠨ ᠤᠢᠢᠯᠠᠭᠠᠨ᠂ ᠬᠦᠨᠳᠤ ᠠᠭᠤᠯᠭ᠎ᠠ ᠶᠢ ᠬᠦᠡᠭᠭᠡᠨ ᠬᠦᠯᠢᠶᠡᠬᠦ ᠶᠡᠷᠤ ᠪᠤᠰᠤ  ᠶᠢᠨ ᠴᠢᠳᠠᠪᠬᠢᠵᠢᠵᠤ ᠢᠷᠡᠳᠡᠭ ᠪᠠᠶᠢᠨ᠎ᠠ︾ ᠭᠡᠵᠤ ᠶᠠᠷᠢᠭᠰᠠᠨ ᠪᠠᠶᠢᠨ᠎ᠠ᠃ ᠡᠨᠡ ᠦᠨᠡᠭᠡᠷ ᠤᠶᠤᠨ ᠤᠬᠠᠭᠠᠨ ᠳᠤ ᠭᠡᠭᠡ ᠲᠤᠰᠬᠠᠭᠰᠠᠨ ᠮᠠᠭᠳᠠᠭᠤᠰᠢᠳᠠᠢ᠂ ᠪᠢᠰᠢᠷᠡᠬᠦᠰᠢᠳᠠᠢ ᠠᠵᠢᠯᠯᠠᠭ᠎ᠠ ᠮᠦᠨ᠃      4. ᠲᠡᠩᠳᠡᠬᠦᠤ ᠡᠷᠳᠡ ᠬᠠᠷᠢ ᠬᠡᠯᠡ ᠰᠤᠷᠬᠤ ᠶᠢ ᠬᠠᠯᠠᠮᠰᠢᠯ ᠪᠤᠯᠭᠠᠨ ᠬᠦᠭᠡᠭᠡᠴᠡᠯᠳᠤᠵᠤ ᠪᠤᠯᠬᠤ ᠦᠭᠡᠢ᠃ ᠤᠳᠤ ᠪᠠᠭ᠎ᠠ ᠰᠤᠷᠭᠠᠭᠤᠯᠢ ᠳᠤ ᠬᠤᠶᠠᠳᠤᠭᠠᠷ ᠤᠨ ᠠᠴᠠ ᠬᠢᠳᠠᠳ ᠬᠡᠯᠡ᠂ ᠭᠤᠷᠪᠠᠳᠤᠭᠠᠷ ᠤᠨ ᠠᠴᠠ ᠠᠩᠭ᠍ᠯᠢ ᠬᠡᠯᠡ ᠵᠢᠭᠠᠵᠤ ᠪᠠᠶᠢᠨ᠎ᠠ᠃ ᠬᠦᠮᠤᠨ ᠤ ᠰᠡᠳᠬᠢᠬᠦᠢ ᠬᠡᠯᠡ ᠪᠠᠷ ᠲᠠᠮᠵᠢᠵᠤ ᠢᠯᠡᠷᠡᠳᠡᠭ᠃ ᠨᠢᠭᠡ ᠵᠦᠢᠯ ᠤᠨ ᠬᠡᠯᠡ ᠳᠤ ᠴᠠᠭᠠᠷᠠᠬᠤ ᠠᠴᠠ ᠡᠮᠤᠨ᠎ᠠ ᠪᠤᠰᠤᠳ ᠬᠡᠯᠡ ᠶᠢ ᠰᠤᠷᠤᠨ᠎ᠠ ᠭᠡᠳᠡᠭ ᠰᠡᠳᠬᠢᠬᠦᠢ ᠶᠢᠨ ᠡᠭᠡᠳᠡᠷᠡᠯ᠂ ᠰᠠᠭᠠᠷᠮᠠᠭᠵᠢᠯ ᠢ ᠡᠬᠦᠰᠭᠡᠨ᠎ᠠ᠃ ᠪᠢᠯᠢᠬᠦᠨ ᠶᠡᠭᠡ ᠨᠤᠮᠴᠢ ᠪ᠊ ᠊ ᠷᠢᠨᠴᠢᠨ ︽ᠡᠬᠢᠯᠡᠭᠡᠳ ᠡᠭᠡ ᠬᠡᠯᠡ ᠪᠠᠨ ᠲᠠᠭᠠᠭᠠᠮᠠᠭᠠᠢ ᠰᠤᠷ᠂ ᠤᠢ ᠤᠷᠤᠬᠤ ᠪᠠᠷ ᠨᠢ ᠤᠷᠤᠰ ᠬᠡᠯᠡ ᠶᠢ ᠲᠠᠷᠠᠭ᠎ᠠ ᠪᠠᠷ ᠨᠢ ᠰᠤᠷ︾ ᠭᠡᠵᠤ ᠬᠡᠯᠡᠭᠰᠡᠨ ᠪᠢᠰᠢᠤ ᠰᠤᠷᠭᠠᠭᠤᠯᠢ ᠠᠴᠠ ᠭᠡᠷ ᠤᠨ ᠠᠬᠠᠮᠠᠳ ᠤᠨ ᠬᠤᠷᠠᠯ ᠰᠤᠷᠤᠯᠴᠠᠯᠭ᠎ᠠ ᠶᠢ ᠴᠢᠩᠭᠠᠳᠬᠠᠵᠤ᠂ ᠰᠤᠷᠬᠤ ᠨᠠᠰᠤᠨ ᠠᠴᠠ ᠡᠮᠤᠨᠡᠬᠢ ᠬᠡᠤᠬᠡᠳ᠂ ᠴᠡᠴᠡᠷᠯᠢᠭ ᠤᠨ ᠬᠡᠤᠬᠡᠳ᠂ ᠲᠤᠤᠷ᠎ᠠ ᠤᠷᠤᠨ ᠤ ᠬᠡᠤᠬᠡᠳ ᠢ ᠮᠤᠩᠭᠤᠯ ᠢᠶᠠᠷ ᠴᠡᠪᠡᠷ ᠶᠠᠷᠢᠬᠤ᠂ ᠭᠡᠷ ᠤᠨ ᠠᠬᠠᠮᠠᠳ ᠢ ᠭᠡᠷ ᠲᠤ ᠪᠠᠨ ᠮᠤᠩᠭᠤᠯ ᠢᠶᠠᠷ ᠶᠠᠷᠢᠵᠤ ᠪᠠᠶᠢᠬᠤ ᠶᠢ ᠱᠠᠭᠠᠷᠳᠠᠬᠤ ᠭᠡᠷᠡᠭᠳᠠᠢ᠃      ᠰᠤᠷᠬᠠᠨ ︽ᠮᠤᠩᠭᠤᠯ ᠬᠡᠯᠡᠨ ᠤ ᠨᠡᠶᠢᠭᠡᠮ ᠤᠨ ᠭᠡᠷᠡᠭᠯᠡᠭᠡ ᠶᠢ ᠠᠬᠢᠭᠤᠯᠬᠤ ᠳᠤ ᠮᠤᠩᠭᠤᠯᠴᠤᠤᠨ ᠦᠪᠡᠰᠤᠪᠡᠨ ᠬᠦᠳᠡᠯᠤᠩᠬᠦᠢ ᠪᠠᠶᠢᠬᠤ ᠭᠡᠷᠡᠭᠳᠠᠢ︾ ᠭᠡᠬᠦ ᠵᠤᠬᠢᠶᠠᠯ ᠳᠤ ᠪᠠᠨ ︽ᠬᠢᠳᠠᠳ ᠬᠡᠯᠡ ᠮᠡᠳᠡᠬᠦ ᠨᠢ ᠨᠡᠶᠢᠭᠡᠮ ᠤᠨ ᠬᠠᠷᠢᠯᠴᠠᠭᠠᠨ ᠤ ᠠᠷᠭ᠎ᠠ ᠵᠠᠮ ᠲᠡᠳᠤᠢ ᠪᠤᠯᠬᠤ ᠠᠴᠠ ᠪᠢᠰᠢ ᠶᠠᠮᠠᠷ ᠨᠢᠭᠡᠨ ᠡᠷᠳᠡᠮ ᠴᠢᠳᠠᠪᠤᠷᠢ ᠭᠡᠵᠤ ᠮᠠᠵᠤᠤᠯᠠᠬᠤ ᠶᠠᠪᠤᠳᠠᠯ ᠭᠡᠳᠦ᠋ᠢᠨᠡᠢ ᠪᠢᠰᠢ ᠪᠤᠯᠤᠭᠰᠠᠨ ᠭᠡᠳᠡᠭ ᠢ ᠪᠢᠳᠡ ᠨᠠᠷ ᠮᠡᠳᠡᠬᠦᠰᠢᠳᠠᠢ ᠁ ᠦᠪᠡᠷ ᠤᠨ ᠦᠭᠡ ᠬᠡᠯᠡ᠂ ᠦᠪ ᠰᠤᠶᠤᠯ ᠢᠶᠠᠨ ᠬᠦᠨᠳᠤᠳᠭᠡᠬᠦ ᠦᠭᠡᠢ ᠨᠢ ᠦᠪᠡᠷ ᠤᠨ ᠦᠨᠳᠤᠰᠤᠳᠡᠨ ᠢᠶᠠᠨ ᠬᠦᠨᠳᠦᠳᠭᠡᠬᠦ ᠦᠭᠡᠢ ᠪᠠᠶᠢᠭ᠎ᠠ  ᠶᠢᠨ ᠰᠢᠭᠤᠳ ᠢᠯᠡᠷᠡᠯ ᠮᠦᠨ᠃ ᠦᠪᠡᠷ ᠤᠨ ᠦᠨᠳᠤᠰᠤᠳᠡᠨ ᠢᠶᠠᠨ ᠬᠦᠨᠳᠤᠳᠭᠡᠬᠦ ᠦᠭᠡᠢ ᠬᠦᠮᠤᠨ ᠦᠪᠡᠷ ᠤᠨ ᠪᠡᠶ᠎ᠠ ᠳᠤ ᠪᠠᠨ ᠢᠳᠡᠭᠡᠯ ᠦᠭᠡᠢ ᠪᠤᠯᠤᠨ᠎ᠠ᠃ ᠦᠪᠡᠷ ᠤᠨ ᠪᠡᠶ᠎ᠠ ᠳᠤ ᠪᠠᠨ ᠢᠳᠡᠭᠡᠯ ᠦᠭᠡᠢ ᠬᠦᠮᠤᠨ ᠦᠷᠤᠭᠡᠯ ᠤᠨ ᠪᠦᠭᠰᠡ ᠶᠢ ᠲᠠᠭᠠᠨ ᠬᠦᠶᠤᠬᠦ ᠵᠠᠶᠠᠭ᠎ᠠ ᠠᠴᠠ ᠮᠤᠯᠳᠤᠷᠴᠤ ᠴᠢᠳᠠᠬᠤ ᠦᠭᠡᠢ︾ ᠭᠡᠵᠡᠢ᠃      5. ᠠᠮᠠᠷᠠᠯᠳᠠ ᠶᠢ ᠵᠦᠪ ᠠᠰᠢᠭᠯᠠᠬᠤ ᠭᠡᠷᠡᠭᠳᠠᠢ᠃ ᠡᠪᠤᠯ ᠤᠨ ᠠᠮᠠᠷᠠᠯᠳᠠ᠂ ᠵᠤᠨ ᠤ ᠠᠮᠠᠷᠠᠯᠳᠠ ᠪᠤᠯ ᠨᠡᠯᠢᠶᠡᠳ ᠤᠷᠳᠤ ᠬᠤᠭᠤᠴᠠᠭ᠎ᠠ ᠪᠦᠭᠡᠳ ᠰᠤᠷᠤᠭᠴᠢᠳ ᠤᠨ ᠪᠦᠷᠢᠨ ᠡᠷᠭᠡᠳᠤ ᠴᠢᠯᠤᠭᠡᠳᠤ ᠤᠷᠤᠨ ᠵᠠᠢ ᠪᠤᠯᠤᠨ᠎ᠠ᠃ ᠰᠤᠷᠤᠭᠴᠢᠳ ᠤᠨ ᠪᠠᠶᠢᠭᠠᠯᠢ ᠲᠠᠢ ᠤᠢᠢᠷᠠᠳᠤᠬᠤ᠂ ᠨᠡᠶᠢᠭᠡᠮ ᠲᠠᠢ ᠤᠢᠢᠷᠠᠳᠤᠬᠤ᠂ ᠠᠵᠤ ᠠᠮᠢᠳᠤᠷᠠᠯ ᠳᠤ ᠤᠷᠤᠯᠴᠠᠵᠤ ᠰᠤᠷᠤᠯᠴᠠᠬᠤ ᠲᠡᠯᠭᠡᠷ ᠬᠢᠴᠢᠶᠡᠯ ᠪᠤᠯᠤᠨ᠎ᠠ᠃ ᠡᠶᠢᠮᠤ ᠠᠴᠠ ᠪᠠᠭᠰᠢ ᠨᠠᠷ ᠠᠮᠠᠷᠠᠯᠳᠠ ᠶᠢᠨ ᠲᠠᠰᠬᠠᠯ ᠤᠨ ᠠᠭᠤᠯᠭ᠎ᠠ ᠶᠢ ᠡᠨᠡ ᠬᠦ ᠵᠤᠷᠢᠯᠭ᠎ᠠ ᠳᠤ ᠬᠠᠨᠳᠤᠭᠤᠯᠤᠨ ᠲᠤᠬᠢᠷᠠᠭᠤᠯᠵᠤ᠂ ᠤᠤᠯ ᠤᠨ ᠵᠢᠭᠠᠭᠰᠠᠨ ᠠᠭᠤᠯᠭ᠎ᠠ ᠪᠠᠨ ᠪᠠᠳᠤᠳᠬᠠᠬᠤ ᠲᠠᠰᠬᠠᠯ ᠢ ᠴᠦᠭᠡᠳᠭᠡᠬᠦ ᠭᠡᠷᠡᠭᠳᠠᠢ᠃ ᠭᠡᠷ ᠤᠨ ᠠᠬᠠᠮᠠᠳ ᠲᠤ ᠠᠮᠠᠷᠠᠯᠳᠠ ᠶᠢᠨ ᠬᠤᠭᠤᠴᠠᠭᠠᠨ ᠤ ᠰᠤᠷᠤᠭᠴᠢ ᠶᠢᠨ ᠠᠮᠢᠳᠤᠷᠠᠯ ᠢ ᠭᠡᠷᠬᠢᠨ ᠲᠤᠬᠢᠷᠠᠭᠤᠯᠬᠤ ᠲᠤᠬᠠᠢ ᠰᠠᠨᠠᠯ ᠵᠦᠪᠯᠡᠯᠭᠡ ᠦᠭᠬᠦᠨ᠎ᠠ᠃ ᠰᠤᠷᠤᠭᠴᠢᠳ ᠵᠤᠷᠢᠯᠭ᠎ᠠ ᠲᠦᠯᠤᠪᠯᠡᠭᠡ ᠲᠠᠢ ᠪᠠᠷ ᠪᠠᠶᠢᠭᠠᠯᠢ ᠶᠢᠨ ᠰᠠᠶᠢᠬᠠᠨ ᠳᠤ ᠲᠤᠭᠤᠷᠢᠨ ᠵᠤᠭᠠᠴᠠᠵᠤ᠂ ᠪᠠᠶᠢᠭᠠᠯᠢ ᠲᠡᠯᠡᠭᠡᠢ ᠶᠢᠨ ᠭᠤᠸ᠎ᠠ ᠰᠠᠶᠢᠬᠠᠨ ᠢ ᠮᠡᠳᠡᠷᠡᠬᠦ᠂ ᠠᠬᠠᠰ ᠵᠠᠬᠠᠰ ᠠᠴᠠ ᠪᠠᠨ ᠮᠤᠩᠭᠤᠯ ᠶᠤᠰᠤ ᠵᠠᠩᠰᠢᠯ ᠢ ᠰᠤᠷᠬᠤ᠂ ᠦᠯᠢᠭᠡᠷ ᠲᠡᠤᠭᠡ ᠠᠰᠠᠭᠤᠨ ᠰᠤᠷᠠᠵᠤ ᠴᠡᠭᠡᠵᠢᠯᠡᠬᠦ᠂ ᠠᠵᠢᠯ ᠬᠦᠳᠡᠯᠮᠤᠷᠢ ᠳᠤ ᠢᠳᠡᠪᠬᠢᠳᠠᠢ ᠤᠷᠤᠯᠴᠠᠵᠤ᠂ ᠪᠡᠶ᠎ᠠ ᠰᠡᠳᠬᠢᠯ ᠢᠶᠠᠨ ᠲᠠᠪᠳᠠᠨ ᠪᠤᠯᠪᠠᠰᠤᠷᠠᠭᠤᠯᠵᠤ᠂ ᠬᠦᠳᠡᠯᠮᠤᠷᠢ ᠶᠢᠨ ᠤᠷ᠎ᠠ ᠲᠠᠮ ᠢ ᠡᠵᠡᠮᠰᠢᠵᠤ᠂ ᠡᠴᠢᠭᠡ ᠡᠭᠡ ᠳᠤ ᠪᠠᠨ ᠠᠴᠢᠯᠠᠯ ᠵᠢᠷᠤᠮ ᠢ ᠬᠦᠢᠴᠡᠳᠭᠡᠪᠡᠯ ᠵᠤᠬᠢᠨ᠎ᠠ᠃      ᠶᠡᠷᠤᠩᠭᠡᠶᠢᠯᠡᠭᠡᠳ ᠬᠡᠯᠡᠪᠡᠯ᠂ ᠰᠤᠷᠭᠠᠭᠤᠯᠢ ᠶᠢ ᠲᠦᠪᠯᠡᠷᠡᠬᠦᠯᠦᠭᠰᠡᠨ ᠨᠢ ᠰᠤᠷᠭᠠᠨ ᠬᠦᠮᠤᠵᠢᠯ ᠳᠤ ᠰᠢᠨ᠎ᠠ ᠤᠷᠴᠢᠨ ᠠᠬᠤᠢ ᠶᠢ ᠠᠪᠴᠢᠷᠠᠵᠤ ᠦᠭᠬᠦᠭᠰᠡᠨ ᠶᠤᠮ᠃ ᠡᠶᠢᠮᠤ ᠠᠴᠠ ᠰᠤᠷᠭᠠᠭᠤᠯᠢ ᠶᠢᠨ ᠤᠳᠤᠷᠢᠳᠤᠯᠭ᠎ᠠ᠂ ᠪᠠᠭᠰᠢ ᠨᠠᠷ ᠡᠨᠡ ᠬᠦ ᠪᠠᠶᠢᠳᠠᠯ ᠢ ᠰᠡᠷᠭᠡᠭ ᠢᠶᠠᠷ ᠲᠠᠨᠢᠵᠤ᠂ ᠰᠢᠨ᠎ᠠ ᠤᠷᠴᠢᠨ ᠳᠤ ᠵᠤᠬᠢᠴᠠᠵᠤ᠂ ᠦᠨᠳᠤᠰᠤᠳᠡᠨ ᠤ ᠰᠤᠶᠤᠯ  ᠢᠶᠠᠨ ᠬᠦᠭᠵᠢᠬᠦᠯᠬᠦ ᠮᠡᠷᠭᠡᠨ ᠪᠤᠳᠤᠯᠭ᠎ᠠ ᠶᠢ ᠰᠦᠪᠡᠭᠴᠢᠯᠡᠪᠡᠯ ᠵᠤᠬᠢᠨ᠎ᠠ᠃ ᠨᠡᠶᠢᠭᠡᠮ ᠤᠨ ᠬᠦᠭᠵᠢᠯ ᠬᠤᠪᠢᠷᠠᠯ ᠪᠤᠯ ᠵᠠᠶᠢᠯᠠᠰᠢ ᠦᠭᠡᠢ ᠶᠤᠮ᠃ ᠨᠠᠮ ᠲᠦᠷᠤ ᠶᠢᠨ ᠬᠠᠶᠢᠷ᠎ᠠ ᠬᠠᠯᠠᠮᠵᠢ ᠶᠢᠨ ᠲᠤᠤᠷ᠎ᠠ᠂ ᠰᠤᠷᠭᠠᠭᠤᠯᠢ᠂ ᠨᠡᠶᠢᠭᠡᠮ᠂ ᠭᠡᠷ ᠤᠨ ᠠᠬᠠᠮᠠᠳ ᠤᠨ ᠭᠤᠷᠮᠤᠰᠤᠨ ᠬᠦᠴᠤ ᠪᠠᠷ ᠬᠠᠷᠠᠯᠳᠠ ᠲᠠᠢ᠂ ᠲᠦᠯᠤᠪᠯᠡᠭᠡ ᠲᠠᠢ᠂ ᠪᠤᠳᠤᠯᠭ᠎ᠠ ᠲᠠᠢ ᠪᠠᠷ ᠨᠡᠶᠢᠭᠡᠮ ᠤᠨ ᠤᠷᠴᠢᠨ᠂ ᠴᠠᠭ ᠦᠶ᠎ᠠ ᠳᠤ ᠤᠷᠭᠠᠨᠢᠭ ᠢᠶᠠᠷ ᠵᠤᠬᠢᠴᠠᠭᠤᠯᠵᠤ ᠴᠢᠷᠮᠠᠶᠢᠨ ᠠᠵᠢᠯᠯᠠᠳᠠᠭ ᠯᠡ ᠶᠤᠮ ᠪᠤᠯ ᠮᠠᠨ ᠤ ᠦᠨᠳᠤᠰᠤᠳᠡᠨ ᠤ ᠰᠤᠷᠭᠠᠨ ᠬᠦᠮᠤᠵᠢᠯ ᠦᠭᠡᠳᠡᠯᠡᠨ ᠲᠡᠭᠵᠢᠷᠡᠬᠦ ᠨᠢ ᠯᠠᠪᠳᠠᠢ ᠶᠤᠮ᠃      ᠬᠠᠶ᠋ᠢᠭ᠄ ᠭᠡᠰᠢᠭᠳᠡᠨ ᠬᠤᠰᠢᠭᠤᠨ ᠤ ᠦᠨᠳᠤᠰᠤᠳᠡᠨ ᠱᠠᠰᠢᠨ ᠰᠤᠷᠳᠠᠬᠤᠨ ᠤ ᠭᠡᠷᠡᠭ ᠡᠷᠬᠢᠯᠡᠬᠦ ᠲᠤᠪᠴᠢᠶ᠎ᠠ
 
ᠢᠷᠡᠯᠲᠡ᠄ ᠬᠡᠰᠢᠭᠳᠡᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号