| | ᠭᠤᠷᠪᠠ᠂ ᠬᠡᠰᠢᠭᠲᠡᠨ ᠨᠤᠲᠤᠭ ᠤᠨ ᠬᠥᠷᠦᠰᠦᠨ ᠳᠤ ᠪᠠᠲᠦ ᠦᠨᠳᠦᠰᠦᠯᠡᠭᠰᠡᠨ | ᠨᠣᠭᠤᠭᠠᠨ ᠨᠠᠷᠠᠰᠦ —— ᠡᠷᠳᠡᠨᠢᠲᠣᠬᠲᠠᠬᠤ | | ᠡᠷᠳᠡᠨᠢᠲᠣᠬᠲᠠᠬᠤ ᠪᠠᠭᠰᠢ ᠪᠣᠯ ᠬᠡᠰᠢᠭᠲᠡᠨ ᠨᠤᠲᠤᠭ ᠤᠨ ᠰᠢᠳᠢᠲᠦ ᠬᠥᠷᠦᠰᠦᠨ ᠳᠤ ᠪᠠᠲᠦ ᠦᠨᠳᠦᠰᠦᠯᠡᠭᠰᠡᠨ | ᠨᠣᠭᠤᠭᠠᠨ ᠨᠠᠷᠠᠰᠦ ᠮᠥᠨ᠃ ᠲᠡᠷᠡᠪᠡᠷ ᠨᠢᠭᠡᠨ ᠨᠠᠰᠤᠨ ᠳᠠᠭᠠᠨ ᠮᠣᠩᠭᠤᠯ ᠬᠡᠯᠡ ᠪᠢᠴᠢᠭ᠂ ᠤᠳᠬ᠎ᠠ ᠵᠣᠬᠢᠶᠠᠯ ᠤᠨ | ᠲᠠᠯ᠎ᠠ ᠪᠠᠷ ᠡᠷᠳᠡᠮ ᠰᠢᠨᠵᠢᠯᠡᠭᠡᠨ ᠤ ᠵᠣᠬᠢᠶᠠᠯ ᠪᠥᠲᠦᠭᠡᠯ ᠲᠤᠭᠤᠷᠪᠢᠵᠦ ᠶᠠᠪᠤᠬᠰᠠᠨ ᠢᠶᠠᠷ ᠪᠠᠷᠠᠬᠤ ᠦᠭᠡᠢ᠂ ᠪᠠᠰᠠ | ᠨᠡᠯᠢᠶᠡᠳ ᠣᠯᠠᠨ ᠰᠢᠯᠦᠭ᠂ ᠵᠣᠬᠢᠶᠠᠯ ᠪᠢᠴᠢᠵᠦ ᠨᠡᠶᠢᠲᠡᠯᠡᠭᠦᠯᠵᠦ ᠪᠠᠶᠢᠵᠠᠢ᠃ ᠲᠡᠳᠡᠭᠡᠷ ᠤᠨ ᠲᠣᠳᠣᠷ᠎ᠠ ︽ | ᠬᠡᠰᠢᠭᠲᠡᠨ ᠤ ᠲᠤᠬᠠᠢ ᠬᠡᠯᠬᠢᠶ᠎ᠡ ᠰᠢᠯᠦᠭ︾᠂ ︽ᠲᠥᠷᠦᠭᠰᠡᠨ ᠨᠤᠲᠤᠭ ᠥᠰᠦᠭᠰᠡᠨ ᠥᠯᠦᠭᠡᠢ︾᠂ ︽ᠪᠠᠶᠠᠯᠢᠭ | ᠰᠠᠶᠢᠬᠠᠨ ᠬᠡᠰᠢᠭᠲᠡᠨ︾᠂ ︽ᠬᠡᠰᠢᠭᠲᠡᠨ ᠤ ᠬᠡᠳᠦᠨ ᠭᠠᠵᠠᠷ ᠤᠨ ᠲᠤᠬᠠᠢ︾ ᠭᠡᠬᠦ ᠮᠡᠲᠦ ᠶᠢᠨ ᠲᠥᠷᠦᠭᠰᠡᠨ ᠨᠤᠲᠤᠭ | ᠬᠡᠰᠢᠭᠲᠡᠨ ᠤ ᠪᠠᠨ ᠲᠤᠬᠠᠢ ᠪᠢᠴᠢᠭᠰᠡᠨ ᠮᠠᠰᠢ ᠭᠦᠨ ᠬᠠᠶᠢᠷ᠎ᠠ ᠰᠡᠳᠭᠢᠯᠭᠡ ᠪᠥᠬᠦᠢ ᠰᠢᠯᠦᠭ᠂ ᠵᠣᠬᠢᠶᠠᠯ ᠤᠳ ᠵᠣᠬᠢᠬᠤ | ᠬᠤᠪᠢ ᠶᠢ ᠡᠵᠡᠯᠡᠵᠦ ᠪᠠᠶᠢᠳᠠᠭ᠃ | ︽ᠲᠥᠷᠦᠭᠰᠡᠨ ᠨᠤᠲᠤᠭ ᠥᠰᠦᠭᠰᠡᠨ ᠥᠯᠦᠭᠡᠢ︾ ᠭᠡᠳᠡᠭ ᠰᠢᠯᠦᠭ ᠲᠡᠭᠡᠨ ︽ᠬᠡᠰᠢᠭᠲᠡᠨ ᠨᠡᠷᠡᠲᠦ | ᠬᠤᠰᠢᠭᠤᠨ ᠳᠠᠬᠢ ᠬᠢᠩᠭᠠᠨ ᠠᠭᠤᠯᠠ ᠶᠢᠨ ᠰᠠᠯᠪᠤᠷᠢ \ ᠬᠤᠩᠭᠤᠨ ᠳᠠᠪᠠᠭᠠᠨ ᠥᠪᠦᠷ ᠤᠨ ᠭᠠᠭ᠋ᠠᠶᠢᠲᠦ ᠭᠡᠳᠡᠭ | ᠭᠠᠵᠠᠷ ᠤᠨ \ ᠬᠤᠣᠰ ᠠᠭᠤᠯᠠ ᠶᠢᠨ ᠬᠠᠪᠴᠢᠯ ᠳᠤ ᠬᠤᠶᠠᠷ ᠭᠤᠣᠯ ᠤᠨ ᠬᠤᠭᠤᠷᠤᠨᠳᠦ \ ᠬᠡᠷᠦᠮᠡᠯ ᠮᠠᠩᠬᠠᠨ ᠤ | ᠡᠩᠭᠡᠷ ᠲᠤ ᠬᠡᠳᠦᠨ ᠡᠷᠤᠬᠡ ᠨᠤᠲᠤᠬᠯᠠᠵᠠᠢ᠃ \ ᠨᠢᠭᠡ ᠥᠷᠦᠭᠡ ᠪᠠᠶᠢᠰᠢᠩ ᠲᠠᠢ ᠨᠢᠭᠡ ᠬᠤᠶᠠᠷ ᠮᠠᠯ ᠲᠠᠢ \ ᠳᠡᠭᠡᠷ᠎ᠡ | ᠪᠠᠨ ᠵᠠᠩᠭᠢ ᠲᠠᠢ ᠳᠡᠷᠭᠡᠳᠡ ᠪᠠᠨ ᠲᠣᠨᠤᠭᠠ ᠲᠠᠢ \ ᠳᠡᠮᠴᠤᠭ ᠲᠠᠶᠢᠵᠢ ᠶᠢᠨ ᠠᠯᠪᠠᠲᠦ ᠲᠡᠪᠡᠳᠡᠵᠦ ᠶᠠᠪᠤᠬᠰᠠᠨ | ᠮᠠᠯᠴᠢᠨ \ ᠲᠥᠮᠡᠨᠰᠠᠩ ᠤᠨ ᠭᠡᠷ ᠲᠤ ᠲᠥᠷᠦᠵᠦ ᠪᠢᠯᠡ ᠪᠢ᠃ \ ᠵᠢᠷᠤᠬᠡ ᠠᠳᠠᠯᠢ ᠠᠭᠤᠯᠠ ᠨᠢ ᠵᠡᠭᠦᠨ ᠰᠤᠭᠤᠨ | ᠳᠠᠭᠠᠨ ᠪᠣᠶᠢᠨᠢᠭ ᠲᠠᠢ \ ᠬᠤᠶᠢᠭᠤᠷ ᠤᠷᠢᠳᠤᠭᠤᠷ ᠢᠶᠠᠨ ᠭᠤᠣᠯ ᠲᠠᠢ ᠬᠤᠰᠤ ᠨᠠᠷᠠᠰᠤᠨ ᠣᠢ ᠲᠠᠢ \ ᠭᠦᠩᠭᠢᠷ | ᠰᠢᠨᠰᠢᠷ ᠤᠨ ᠲᠠᠯ᠎ᠠ ᠲᠠᠢ ᠭᠦᠨ ᠨᠠᠭᠤᠷ ᠭᠡᠳᠡᠭ ᠲᠠᠩᠬᠢᠰ ᠲᠠᠢ \ ᠪᠠᠶᠠᠨᠵᠢᠷᠦᠬᠡ ᠶᠢᠨ ᠣᠪᠤᠭ᠎ᠠ ᠭᠡᠳᠡᠭ ᠨᠢ ᠮᠢᠨᠤ | ᠥᠰᠦᠭᠰᠡᠨ ᠥᠯᠦᠭᠡᠢ︾ ᠭᠡᠵᠦ᠃ ︽ᠪᠠᠶᠠᠨᠵᠢᠷᠦᠬᠡ ᠶᠢᠨ ᠣᠪᠤᠭ᠎ᠠ︾ ᠭᠡᠳᠡᠭ ᠰᠢᠯᠦᠭ ᠲᠡᠭᠡᠨ ︽ᠪᠠᠶᠠᠯᠢᠭ | ᠬᠡᠰᠢᠭᠲᠡᠨ ᠤ ᠥᠷᠦᠴᠡᠨ ᠳᠠᠬᠢ \ ᠪᠠᠷᠠᠭᠤᠨ ᠠᠷᠦ ᠶᠢᠨ ᠲᠠᠯ᠎ᠠ ᠶᠢᠨ ᠲᠦᠷᠦᠭᠦᠨ ᠳᠤ \ ᠰᠦᠷᠯᠢᠭ ᠰᠠᠶᠢᠬᠠᠨ | ᠪᠠᠶᠠᠨᠵᠢᠷᠦᠬᠡ \ ᠰᠦᠯᠳᠡ ᠪᠣᠯᠣᠨ ᠰᠦᠨᠳᠡᠷᠯᠡᠵᠦ ᠪᠠᠶᠢᠳᠠᠭ᠃ \ ᠁ ᠪᠠᠶᠢᠭᠠᠯᠢ ᠶᠢᠨ ᠭᠤᠶᠤ ᠴᠡᠴᠡᠷᠯᠢᠭ \ | ᠪᠠᠶᠠᠨᠵᠢᠷᠦᠬᠡ ᠶᠢᠨ ᠣᠪᠤᠭ᠎ᠠ ᠭᠡᠳᠡᠭ ᠨᠢ \ ᠪᠠᠭ᠎ᠠ ᠶᠢᠨ ᠮᠢᠨᠢ ᠦᠰᠦᠭᠰᠡᠨ ᠥᠯᠦᠭᠡᠢ︾ ᠭᠡᠵᠦ᠂ ᠥᠪᠡᠷ ᠤᠨ | ᠲᠥᠷᠦᠭᠰᠡᠨ ᠨᠤᠲᠤᠭ ᠥᠰᠦᠭᠰᠡᠨ ᠥᠯᠦᠭᠡᠢ ᠪᠠᠨ ᠬᠤᠯᠪᠤᠨ ᠰᠢᠯᠦᠭᠯᠡᠭᠰᠡᠨ ᠪᠠᠶᠢᠨ᠎ᠠ᠃ ᠪᠠᠰᠠ ︽ᠪᠢᠷᠠᠭᠤ ᠬᠤᠲᠠ︾ | ᠭᠡᠳᠡᠭ ᠰᠢᠯᠦᠭ ᠲᠡᠭᠡᠨ ︽ᠡᠮᠤᠨ᠎ᠡ ᠳᠠᠪᠠᠭᠠᠨ ᠤ ᠥᠪᠦᠷ ᠲᠤᠨᠢ \ ᠥᠭᠡᠳᠡᠩ ᠤᠨ ᠠᠶᠢᠯ ᠤᠨ ᠨᠤᠲᠤᠭ ᠲᠠᠢ \ | ᠡᠪᠦᠭᠡᠨ ᠸᠠᠸᠠ ᠶᠢᠨ ᠭᠡᠷ ᠨᠢ \ ᠥᠨᠢᠷ ᠪᠠᠶᠠᠨ ᠡᠷᠦᠬᠡ ᠪᠠᠶᠢᠵᠦ \ ᠡᠭᠦᠨ ᠤ ᠥᠬᠢᠨ ᠴᠢᠮᠡᠭ ᠨᠢ \ ᠡᠷᠳᠡᠨᠢᠲᠣᠬᠲᠠᠬᠤ | ᠮᠢᠨᠦ ᠭᠡᠷᠭᠡᠢ ᠪᠢᠯᠡ︾ ᠭᠡᠵᠦ ᠭᠡᠷᠭᠡᠢ ᠴᠢᠮᠡᠭ ᠤᠨ ᠢᠶᠠᠨ ᠭᠡᠷ ᠨᠤᠲᠤᠭ ᠢ ᠴᠦ ᠬᠤᠯᠪᠤᠨ ᠰᠢᠯᠦᠭᠯᠡᠭᠰᠡᠨ ᠪᠠᠶᠢᠯ᠎ᠠ᠃ | ᠢᠯᠠᠩᠭᠤᠶ᠎ᠠ 1980 ᠣᠨ ᠳᠤ ᠭᠤᠴᠢᠨ ᠨᠠᠢᠮᠠᠨ ᠵᠢᠯ ᠬᠠᠷᠢᠭ᠎ᠠ ᠦᠭᠡᠢ ᠲᠥᠷᠦᠭᠰᠡᠨ ᠨᠤᠲᠤᠭ ᠲᠠᠭᠠᠨ | ᠬᠠᠷᠢᠭᠠᠳ ᠤᠤᠭᠤᠬᠰᠠᠨ ᠤᠰᠤ ᠦᠨᠠᠬᠰᠠᠨ ᠰᠢᠷᠤᠢ ᠳᠡᠭᠡᠷ᠎ᠡ ᠪᠠᠨ ᠰᠡᠳᠭᠢᠯ ᠳᠦᠭᠦᠷᠡᠩ ᠢᠶᠠᠷ ᠨᠡᠯᠢᠶᠡᠳ ᠡᠳᠦᠷ | ᠪᠠᠶᠢᠴᠠᠭᠠᠯᠲᠠ ᠰᠣᠷᠪᠤᠯᠵᠢᠯᠭᠠ ᠬᠢᠭᠰᠡᠨ ᠤ ᠳᠠᠷᠠᠭ᠎ᠠ ︽ᠪᠠᠶᠠᠯᠢᠭ ᠰᠠᠶᠢᠬᠠᠨ ᠬᠡᠰᠢᠭᠲᠡᠨ︾ ᠭᠡᠳᠡᠭ ᠤᠷᠲᠤ ᠵᠣᠬᠢᠶᠠᠯ | ᠪᠢᠴᠢᠵᠦ ᠲᠤᠰ ᠵᠢᠯ ᠤᠨ 12 ᠰᠠᠷ᠎ᠠ ᠶᠢᠨ ︽ᠥᠪᠦᠷ ᠮᠣᠩᠭᠤᠯ ᠤᠨ ᠡᠳᠦᠷ ᠤᠨ ᠰᠣᠨᠢᠨ︾ ᠤ ᠮᠣᠩᠭᠤᠯ ᠬᠡᠪᠯᠡᠯ ᠳᠤ | ᠦᠷᠭᠦᠯᠵᠢᠯᠡᠭᠦᠯᠦᠨ ᠨᠡᠶᠢᠲᠡᠯᠡᠵᠡᠢ᠃ ᠲᠡᠷᠡ ᠵᠣᠬᠢᠶᠠᠯ ᠳᠠᠭᠠᠨ ︽ᠬᠡᠰᠢᠭᠲᠡᠨ ᠤ ᠡᠷᠲᠡᠨ ᠡᠳᠦᠭᠡ︾᠂ ︽ | ᠬᠤᠰᠢᠭᠤᠨ ᠤ ᠲᠥᠪ ᠪᠢᠷᠠᠭᠤ ᠪᠠᠯᠭᠠᠰᠦ︾᠂ ︽ᠬᠡᠰᠢᠭᠲᠡᠨ ᠤ ᠬᠠᠯᠠᠭᠤᠨ ᠷᠠᠰᠢᠶᠠᠨ︾᠂ ︽ᠪᠠᠶᠢᠭᠠᠯᠢ ᠶᠢᠨ | ᠴᠡᠴᠡᠷᠯᠢᠭ ᠪᠠᠶᠠᠨᠵᠢᠷᠦᠬᠡ ᠶᠢᠨ ᠣᠪᠤᠭ᠎ᠠ︾᠂ ︽ᠳᠠᠯᠠᠢ ᠨᠠᠭᠤᠷ︾᠂ ︽ᠳᠠᠷᠬᠠᠨ ᠠᠭᠤᠯᠠ︾᠂ ︽ᠪᠠᠷᠰ | ᠬᠤᠲᠠ ᠶᠢᠨ ᠬᠠᠭᠤᠴᠢᠳ︾ ᠵᠡᠷᠭᠡ ᠰᠡᠳᠦᠪ ᠢᠶᠠᠷ ᠨᠤᠲᠤᠭ ᠤᠰᠤᠨ ᠤ ᠪᠠᠨ ᠲᠡᠤᠬᠡ ᠰᠣᠶᠣᠯ᠂ ᠪᠠᠶᠢᠭᠠᠯᠢ | ᠣᠷᠴᠢᠨ ᠢᠶᠠᠨ ᠪᠢᠴᠢᠭᠰᠡᠨ ᠪᠠᠶᠢᠯ᠎ᠠ᠃ | ︽ᠡᠨᠡ ᠵᠢᠯ ᠤᠨ ᠳᠣᠯᠤᠭᠠᠨ ᠰᠠᠷ᠎ᠠ ᠶᠢᠨ ᠰᠡᠭᠦᠯᠴᠢ ᠪᠠᠷ ᠮᠣᠩᠭᠤᠯ ᠬᠡᠯᠡ ᠪᠢᠴᠢᠭ ᠤᠨ ᠠᠵᠢᠯ ᠢ | ᠪᠠᠶᠢᠴᠠᠭᠠᠬᠤ ᠪᠠᠷ ᠴᠢᠮᠡᠭ᠂ ᠣᠷᠴᠢᠯᠠᠩ ᠪᠢᠳᠡ ᠭᠤᠷᠪᠠᠭᠤᠯᠠ ᠬᠥᠬᠡᠬᠤᠲᠠ ᠠᠴᠠ ᠨᠢᠰᠭᠡᠯ ᠢᠶᠠᠷ ᠰᠢᠯᠢ ᠶᠢᠨ ᠬᠤᠲᠠ | ᠳᠤ ᠬᠦᠷᠴᠦ᠂ ᠲᠡᠨᠳᠡᠴᠡ ᠪᠠᠭ᠎ᠠ ᠮᠠᠰᠢᠨ ᠢᠶᠠᠷ ᠬᠡᠰᠢᠭᠲᠡᠨ ᠢ ᠴᠢᠭᠯᠡᠨ ᠶᠠᠪᠤᠬᠤ ᠳᠠᠭᠠᠨ ᠭᠤᠴᠢᠨ ᠨᠠᠢᠮᠠᠨ ᠵᠢᠯ ᠬᠠᠷᠢᠭ᠎ᠠ | ᠦᠭᠡᠢ ᠲᠥᠷᠦᠭᠰᠡᠨ ᠨᠤᠲᠤᠭ ᠤᠨ ᠢᠶᠠᠨ ᠬᠥᠭᠵᠢᠯ ᠬᠤᠪᠢᠷᠠᠯᠲᠠ ᠶᠢ ᠦᠵᠡᠨ᠎ᠡ ᠳ᠋ᠠ ᠭᠡᠵᠦ ᠲᠣᠲᠣᠷ᠎ᠠ ᠪᠠᠨ ᠪᠠᠶᠠᠷᠯᠠᠵᠦ | ᠪᠠᠶᠢᠲᠠᠯ᠎ᠠ ᠬᠡᠰᠢᠭᠲᠡᠨ ᠤ ᠬᠢᠵᠠᠭᠠᠷ ᠲᠤ ᠬᠦᠷᠦᠯ᠎ᠡ᠃ ︿ᠤᠨᠠᠬᠰᠠᠨ ᠰᠢᠷᠤᠢ ᠠᠯᠲᠠ᠂ ᠤᠤᠭᠤᠬᠰᠠᠨ ᠤᠰᠤ ᠷᠠᠰᠢᠶᠠᠨ﹀ | ᠭᠡᠳᠡᠭᠴᠢᠯᠡᠨ ᠨᠤᠲᠤᠭ ᠤᠨ ᠮᠢᠨᠢ ᠠᠭᠤᠯᠠ ᠤᠰᠤ ᠠᠴᠠ ᠠᠪᠤᠭᠠᠳ ᠤᠴᠠᠷᠠᠬᠰᠠᠨ ᠬᠥᠮᠦᠰ ᠨᠢ ᠬᠦᠷᠲᠡᠯ᠎ᠡ ᠢᠵᠢᠯᠢ | ᠲᠠᠨᠢᠯ ᠰᠢᠭ᠋ ᠰᠠᠨᠠᠬᠳᠠᠵᠦ᠂ ᠵᠠᠮ ᠤᠨ ᠬᠤᠶᠠᠷ ᠬᠠᠵᠠᠭᠤ ᠳᠠᠬᠢ ᠮᠠᠩᠨᠤᠭ ᠰᠢᠭ᠋ ᠨᠣᠭᠤᠭᠠᠨ ᠲᠠᠯ᠎ᠠ ᠶᠢᠨ ᠳᠤᠮᠳᠠ | ᠴᠠᠭᠠᠨ᠂ ᠰᠢᠷ᠎ᠠ᠂ ᠬᠦᠷᠡᠩ᠂ ᠤᠯᠠᠭᠠᠨ ᠥᠩᠭᠡ ᠶᠢᠨ ᠴᠡᠴᠡᠭ ᠠᠯᠠᠬᠰᠢᠨ ᠤᠷᠢᠬᠠᠨ ᠰᠠᠯᠬᠢᠨ ᠳᠤ ᠨᠠᠶᠢᠭᠤᠵᠦ | ᠪᠠᠶᠢᠬᠤ ᠨᠢ ᠶᠠᠭ ᠮᠠᠨ ᠢ ᠳᠠᠯᠠᠯᠤᠨ ᠤᠬᠲᠤᠵᠦ ᠪᠠᠶᠢᠭ᠎ᠠ ᠰᠢᠭ᠋᠃ ᠁ ᠦᠳᠡ ᠶᠢᠨ ᠠᠯᠳᠠ ᠳᠤ ᠬᠠᠷ᠎ᠠ | ᠬᠤᠰᠢᠭᠤ ᠶᠢᠨ ᠡᠩᠭᠡᠷ ᠲᠤ ᠪᠠᠶᠢᠭᠤᠯᠤᠬᠰᠠᠨ ᠳᠠᠯᠠᠢ ᠨᠠᠭᠤᠷ ᠨᠢᠬᠡᠲᠦᠯ ᠤᠨ ᠲᠥᠪ ᠲᠤ ᠬᠦᠷᠴᠦ ᠦᠳᠡᠯᠡᠯᠡ᠃ ᠪᠢ | ᠪᠠᠭ᠎ᠠ ᠳᠠᠭᠠᠨ ᠦᠬᠡᠷ ᠲᠡᠷᠭᠡᠨ ᠳᠤ ᠰᠠᠭᠤᠵᠦ ᠡᠭᠦᠪᠡᠷ ᠶᠠᠪᠤᠵᠦ ᠪᠠᠶᠢᠬᠤ ᠳᠤ ︿ᠲᠡᠮᠡᠭᠡᠨ ᠬᠦᠵᠦᠭᠦᠦ ᠬᠠᠳᠠ﹀ ᠠᠴᠠ | ︿ᠳᠡᠷᠡᠰᠦᠲᠦ ᠪᠣᠯᠤᠩ﹀ ᠬᠦᠷᠲᠡᠯ᠎ᠡ ᠡᠭᠡᠷᠡᠮ᠎ᠡ ᠲᠠᠯ᠎ᠠ ᠪᠠᠶᠢᠬᠰᠠᠨ ᠪᠢᠯᠡ᠃ ᠣᠳᠣ ᠬᠠᠷᠢᠨ ᠁ ᠪᠠᠭ᠎ᠠ ᠪᠠᠯᠭᠠᠰᠦ | ᠪᠣᠯᠣᠨ ᠬᠦᠭᠵᠢᠵᠦ ᠪᠠᠶᠢᠨ᠎ᠠ᠃ ᠠᠳᠡ ᠠᠴᠠ ᠮᠣᠷᠳᠠᠵᠦ ᠦᠵᠦᠭᠦᠷ ᠡᠯᠡᠰᠦ ᠪᠠᠷ ᠳᠠᠭᠠᠷᠢᠨ ᠪᠢᠷᠠᠭᠤ ᠬᠤᠲᠠ ᠤᠷᠤᠭᠤ | ᠳᠠᠪᠬᠢᠭᠤᠯᠤᠯ᠎ᠠ᠃ ᠪᠢ ᠠᠷᠪᠠᠭᠠᠳ ᠨᠠᠰᠤᠲᠠᠢ ᠳᠠᠭᠠᠨ ᠳᠠᠪᠤᠰᠤᠨ ᠠᠶᠠᠨ ᠲᠡᠷᠭᠡ ᠶᠢ ᠳᠠᠭᠠᠵᠦ ᠬᠤᠨᠤᠭᠠᠳ ᠬᠦᠷᠴᠦ | ᠪᠠᠶᠢᠬᠰᠠᠨ ᠭᠠᠵᠠᠷ ᠲᠤ ᠥᠨᠦ ᠴᠠᠭ ᠭᠠᠷᠤᠢ ᠯᠠ ᠶᠠᠪᠤᠭᠠᠳ ᠪᠢᠷᠠᠭᠤ ᠬᠤᠲᠠ ᠳᠤ ᠬᠦᠷᠦᠯ᠎ᠡ᠃︾ ᠪᠠᠶᠠᠨᠵᠢᠷᠦᠬᠡ | ᠣᠪᠤᠭ᠎ᠠ ᠶᠢᠨ ᠲᠤᠬᠠᠢ ᠪᠢᠴᠢᠬᠦ ᠳᠤ ︽ᠪᠠᠶᠠᠨᠵᠢᠷᠦᠬᠡ ᠪᠣᠯ ᠮᠢᠨᠦ ᠥᠰᠦᠭᠰᠡᠨ ᠥᠯᠦᠭᠡᠢ ᠨᠤᠲᠤᠭ ᠶᠤᠮ︾ ᠭᠡᠵᠦ | ᠡᠬᠢᠯᠡᠭᠦᠯᠵᠡᠢ᠃ ᠵᠠᠯᠭᠠᠭᠠᠳ ︽ᠪᠢ ᠪᠠᠭ᠎ᠠ ᠳᠠᠭᠠᠨ ᠡᠨᠡ ᠣᠷᠴᠢᠮ ᠤᠨ ᠥᠨᠳᠦᠷ ᠣᠷᠣᠢ᠂ ᠥᠷᠭᠡᠨ ᠲᠠᠯ᠎ᠠ᠂ | ᠭᠦᠳᠦᠭᠡᠷ ᠮᠠᠩᠬ᠎ᠠ᠂ ᠭᠦᠨ ᠴᠦᠩᠭᠦᠷᠦᠭ᠂ ᠮᠣᠳᠣᠨ ᠰᠥᠭᠡᠭ᠂ ᠮᠣᠬᠤᠷ ᠵᠠᠮ ᠢᠶᠠᠷ ᠪᠠᠷᠤᠭ ᠶᠠᠪᠤᠬᠰᠠᠨ ᠦᠭᠡᠢ | ᠭᠠᠵᠠᠷ ᠦᠭᠡᠢ᠃ ᠠᠳᠡᠬᠢ ᠤᠷᠭᠤᠮᠠᠯ ᠪᠣᠯᠣᠨ ᠠᠷᠢᠶᠠᠲᠠᠨ ᠵᠢᠭᠦᠷᠲᠡᠨ ᠢ ᠪᠥᠷ ᠨᠢᠳᠦᠯᠡᠨ ᠲᠠᠨᠢᠳᠠᠭ ᠪᠠᠶᠢᠯ᠎ᠠ︾ ᠭᠡᠵᠡᠢ | ᠃ ᠳᠠᠷᠬᠠᠨ ᠠᠭᠤᠯᠠ ᠶᠢᠨ ᠲᠤᠬᠠᠢ ᠪᠢᠴᠢᠬᠦ ᠳᠤ ︽ᠪᠢ ᠪᠠᠭ᠎ᠠ ᠳᠠᠭᠠᠨ ᠨᠠᠭᠠᠴᠦ ᠪᠠᠨ ᠦᠵᠡᠬᠦ ᠪᠠᠷ ᠠᠳᠡ ᠢᠷᠡᠭᠡᠳ | ᠳᠠᠷᠬᠠᠨ ᠠᠭᠤᠯᠠ ᠶᠢᠨ ᠪᠠᠶᠢᠭᠠᠯᠢ ᠶᠢᠨ ᠦᠵᠡᠮᠵᠢ ᠶᠢ ᠪᠠᠭ᠋ᠠᠷᠬᠠᠵᠦ ᠲᠣᠭᠤᠷᠢᠵᠦ ᠦᠵᠡᠵᠦ ᠪᠠᠶᠢᠬᠰᠠᠨ᠃ ᠲᠡᠷᠡ ᠦᠶ᠎ᠡ | ᠳᠤ ᠠᠭᠤᠯᠠ ᠶᠢᠨ ᠡᠩᠭᠡᠷ ᠲᠤ ᠲᠣᠯᠢ ᠶᠢᠨ ᠰᠦᠮ᠎ᠡ ᠭᠡᠳᠡᠭ ᠬᠡᠶᠢᠳ ᠪᠠᠶᠢᠵᠦ᠂ ᠯᠠᠮᠠ ᠨᠠᠷ ᠤᠨ ᠬᠤᠷᠠᠯ ᠬᠤᠷᠠᠬᠤ | ᠪᠥᠷᠢᠶ᠎ᠡ ᠪᠢᠰᠬᠢᠭᠦᠷ ᠤᠨ ᠳᠠᠭᠤ ᠯᠠ ᠰᠣᠨᠣᠰᠳᠠᠵᠦ ᠪᠠᠶᠢᠬᠰᠠᠨ ᠪᠣᠯ ᠣᠳᠣ ᠷᠠᠳᠢᠤ᠋ ᠨᠡᠪᠲᠡᠷᠡᠭᠦᠯᠭᠡ ᠶᠢᠨ ᠳᠠᠭᠤ | ᠬᠠᠩᠭᠢᠨᠠᠵᠦ ᠪᠠᠶᠢᠨ᠎ᠠ᠃ ᠲᠡᠷᠡ ᠰᠥᠮ᠎ᠡ ᠣᠳᠣ ᠡᠪᠳᠡᠷᠡᠭᠡᠳ ᠣᠷᠣ ᠦᠭᠡᠢ ᠪᠣᠯᠵᠠᠢ᠃︾ | 1980 ᠣᠨ ᠠᠴᠠ ᠡᠮᠤᠨ᠎ᠡ ᠭᠤᠴᠢᠨ ᠨᠠᠢᠮᠠᠨ ᠵᠢᠯ ᠲᠥᠷᠦᠭᠰᠡᠨ ᠨᠤᠲᠤᠭ ᠲᠠᠭᠠᠨ ᠬᠠᠷᠢᠭ᠎ᠠ ᠦᠭᠡᠢ ᠭᠡᠳᠡᠭ | ᠨᠢ ᠶᠠᠮᠠᠷ ᠤᠬᠠᠬᠳᠠᠬᠤᠨ ᠪᠤᠢ ᠭᠡᠪᠡᠯ᠂ 1942 — 1980 ᠣᠨ ᠪᠣᠯᠲᠠᠯ᠎ᠠ ᠨᠤᠲᠤᠭ ᠲᠠᠭᠠᠨ ᠬᠠᠷᠢᠭ᠎ᠠ ᠦᠭᠡᠢ | ᠪᠠᠶᠢᠯ᠎ᠠ ᠭᠡᠰᠡᠨ ᠦᠭᠡ ᠮᠥᠨ᠃ 1942 ᠣᠨ ᠳᠤ ᠡᠷᠳᠡᠨᠢᠲᠣᠬᠲᠠᠬᠤ ᠪᠠᠭᠰᠢ 26 ᠨᠠᠰᠤᠲᠠᠢ᠃ 1939 ᠣᠨ ᠤ | 12 ᠰᠠᠷ᠎ᠠ ᠳᠤ ᠬᠢᠩᠭᠠᠨ ᠰᠤᠷᠭᠠᠯ ᠤᠨ ᠬᠤᠷᠢᠶᠠᠨ ᠠᠴᠠ ᠲᠡᠭᠦᠰᠦᠭᠰᠡᠨ ᠤ ᠳᠠᠷᠠᠭ᠎ᠠ 1940 — 1944 ᠣᠨ | ᠪᠣᠯᠲᠠᠯ᠎ᠠ ᠵᠤᠤ ᠣᠳᠠ ᠶᠢᠨ ᠴᠢᠭᠤᠯᠭᠠᠨ ᠤ ᠺᠠᠶᠢᠯᠦ ᠶᠢᠨ ᠨᠢᠭᠡᠳᠦᠭᠡᠷ ᠳᠤᠮᠳᠠᠳᠦ ᠰᠤᠷᠭᠠᠭᠤᠯᠢ ᠶᠢᠨ ᠮᠣᠩᠭᠤᠯ ᠬᠡᠯᠡᠨ ᠤ | ᠪᠠᠭᠰᠢ᠂ ︽ᠤᠯᠠᠭᠠᠨ ᠪᠠᠷᠰ︾ ᠰᠡᠳᠭᠦᠯ ᠤᠨ ᠡᠷᠬᠢᠯᠡᠭᠰᠡᠨ ᠨᠠᠶᠢᠷᠠᠭᠤᠯᠤᠬᠴᠢ ᠪᠠᠷ ᠠᠵᠢᠯᠯᠠᠵᠦ ᠪᠠᠶᠢᠬᠰᠠᠨ ᠲᠤᠯᠠᠳᠠ | ᠲᠡᠷᠡ ᠬᠤᠭᠤᠷᠣᠨᠳᠦ ᠨᠤᠲᠤᠭ ᠲᠠᠭᠠᠨ ᠬᠠᠷᠢᠵᠦ ᠪᠠᠶᠢᠬᠰᠠᠨ᠂ ᠲᠠᠭᠦᠨ ᠠᠴᠠ ᠬᠤᠶᠢᠰᠢ ᠳᠠᠬᠢᠨ ᠬᠠᠷᠢᠵᠦ ᠦᠵᠡᠭᠡ | ᠦᠭᠡᠢ ᠠᠬᠰᠠᠨ ᠠᠵᠢ᠃ ᠭᠤᠴᠢᠨ ᠨᠠᠢᠮᠠᠨ ᠵᠢᠯ ᠭᠡᠳᠡᠭ ᠨᠢ ᠨᠢᠭᠡ ᠬᠥᠮᠦᠨ ᠳᠤ ᠠᠪᠴᠦ ᠬᠡᠯᠡᠪᠡᠯ ᠬᠠᠭᠠᠰ ᠨᠠᠰᠦ ᠶᠢ | ᠨᠢ ᠡᠵᠡᠯᠡᠵᠦ ᠪᠠᠶᠢᠭ᠎ᠠ ᠤᠷᠲᠦ ᠬᠤᠭᠤᠴᠠᠭ᠎ᠠ ᠪᠣᠯᠬᠤ ᠪᠥᠭᠡᠳ ᠢᠯᠠᠩᠭᠤᠶ᠎ᠠ ᠲᠡᠷᠡ ᠭᠤᠴᠢᠨ ᠨᠠᠢᠮᠠᠨ ᠵᠢᠯ ᠤᠨ | ᠬᠤᠭᠤᠷᠤᠨᠳᠦ ᠳᠤᠮᠳᠠᠳᠦ ᠤᠯᠤᠰ᠂ ᠥᠪᠦᠷ ᠮᠣᠩᠭᠤᠯ ᠳᠤ ᠴᠠᠭ ᠲᠥᠷᠦ ᠰᠣᠯᠢᠬᠳᠠᠵᠦ ᠴᠠᠬᠯᠠᠰᠢ ᠦᠭᠡᠢ ᠶᠡᠭᠡ | ᠬᠤᠪᠢᠷᠠᠯᠲᠠ ᠭᠠᠷᠤᠬᠰᠠᠨ ᠶᠤᠮ᠃ ᠣᠳᠣ ᠥᠪᠦᠷ ᠮᠣᠩᠭᠤᠯ ᠳᠤ ᠨᠤᠲᠤᠭ ᠠᠴᠠᠭᠠᠨ ᠰᠠᠯᠤᠭᠠᠳ ᠭᠤᠴᠢᠨ ᠨᠠᠢᠮᠠᠨ | ᠵᠢᠯ ᠪᠣᠯᠬᠤ ᠪᠠᠶᠢᠲᠤᠭᠠᠢ᠂ ᠭᠤᠷᠪᠠ ᠳᠣᠯᠤᠭᠠᠬᠠᠨ ᠵᠢᠯ ᠪᠣᠯᠤᠮᠠᠬᠴᠠ ᠨᠤᠲᠤᠭ ᠤᠨ ᠲᠤᠬᠠᠢ ᠠᠯᠢᠪᠠ ᠣᠢ | ᠰᠠᠭᠤᠬᠳᠠᠯ ᠢᠶᠠᠨ ᠪᠥᠷ ᠬᠤᠭ ᠤᠨ ᠣᠪᠤᠭᠠᠨᠠ ᠬᠠᠶᠠᠭᠠᠳ᠂ ᠴᠢᠨᠠᠬᠰᠢᠯᠠᠪᠠᠯ ᠡᠬᠡ ᠬᠡᠯᠡ ᠪᠠᠨ ᠬᠦᠷᠲᠡᠯ᠎ᠡ ᠡᠷᠭᠢᠭᠦᠲᠡᠨ | ︽ᠮᠠᠷᠲᠠᠭᠠᠳ︾ ᠬᠢᠲᠠᠳ ᠢᠶᠠᠷ ᠬᠠᠪᠰᠢᠵᠦ ᠭᠦᠶᠦᠳᠡᠭ ᠪᠣᠯᠤᠬᠰᠠᠨ ᠬᠥᠮᠦᠨ ᠵᠦᠩᠳᠡᠭᠡᠨ ᠬᠠᠷᠠᠬᠳᠠᠵᠦ ᠪᠠᠶᠢᠭ᠎ᠠ | ᠪᠢᠰᠢᠦ᠃ ᠭᠡᠲᠡᠯ᠎ᠡ ᠡᠷᠳᠡᠨᠢᠲᠣᠬᠲᠠᠬᠤ ᠪᠠᠭᠰᠢ ᠳᠤ ᠬᠠᠷᠢᠨ ︽︿ᠤᠨᠠᠬᠰᠠᠨ ᠰᠢᠷᠤᠢ ᠠᠯᠲᠠ᠂ ᠤᠤᠭᠤᠬᠰᠠᠨ ᠤᠰᠤ | ᠷᠠᠰᠢᠶᠠᠨ﹀ ᠭᠡᠳᠡᠭᠴᠢᠯᠡᠨ ᠨᠤᠲᠤᠭ ᠤᠨ ᠮᠢᠨᠢ ᠠᠭᠤᠯᠠ ᠤᠰᠤ ᠠᠴᠠ ᠠᠪᠤᠭᠠᠳ ᠤᠴᠠᠷᠠᠬᠰᠠᠨ ᠬᠥᠮᠦᠰ ᠨᠢ ᠬᠦᠷᠲᠡᠯ᠎ᠡ | ᠢᠵᠢᠯᠢ ᠲᠠᠨᠢᠯ ᠰᠢᠭ᠋ ᠰᠠᠨᠠᠬᠳᠠᠵᠦ︾ ᠠᠭᠤᠯᠠ ᠤᠰᠤ᠂ ᠣᠢ ᠮᠣᠳᠣ᠂ ᠡᠪᠡᠰᠦ ᠤᠷᠭᠤᠮᠠᠯ ᠨᠢᠭᠡᠪᠦᠷᠢ ᠨᠢ ᠪᠠᠭ᠎ᠠ | ᠵᠠᠯᠠᠭᠤ ᠶᠢᠨ ᠦᠶ᠎ᠡ ᠶᠢᠨ ᠪᠥᠬᠦᠶᠢᠯᠡ ᠣᠢ ᠰᠠᠭᠤᠬᠳᠠᠯ ᠢ ᠰᠡᠷᠭᠦᠭᠡᠨ ᠥᠭᠴᠡᠢ᠃ ᠲᠡᠶᠢᠮᠦ ᠴᠦ ᠤᠴᠢᠷ ᠠᠴᠠ | ᠨᠤᠲᠤᠭ ᠤᠨ ᠢᠶᠠᠨ ᠲᠡᠤᠬᠡ᠂ ᠰᠣᠶᠣᠯ᠂ ᠠᠭᠤᠯᠠ ᠤᠰᠤ ᠪᠠᠨ ᠪᠢᠴᠢᠨ ᠵᠢᠷᠤᠬᠯᠠᠬᠤ ᠳᠠᠭᠠᠨ ᠲᠡᠳᠡᠭᠡᠷ ᠵᠢᠷᠤᠬᠯᠠᠯ | ᠲᠣᠭᠠᠴᠢᠯ ᠲᠡᠮᠳᠡᠭᠯᠡᠯ ᠤᠨ ᠳᠤᠮᠳᠠᠭᠤᠷ ᠭᠦᠨ ᠵᠤᠵᠠᠭᠠᠨ ᠪᠠᠭ᠋ᠠᠷᠤᠯ ᠪᠢᠰᠢᠷᠡᠯ᠂ ᠬᠠᠶᠢᠷᠠᠯᠠᠯ ᠬᠥᠨᠳᠦᠳᠭᠡᠯ᠂ | ᠮᠥᠷᠦᠭᠡᠳᠦᠯ ᠳᠤᠷᠠᠳᠬᠠᠯ ᠤᠨ ᠰᠡᠳᠭᠢᠯᠭᠡ ᠪᠠᠨ ᠢᠯᠡᠳᠭᠡᠭᠰᠡᠨ ᠪᠠᠶᠢᠯ᠎ᠠ᠃ ᠡᠨᠡ ᠪᠣᠯ ᠬᠠᠶᠢᠷ᠎ᠠ ᠰᠡᠳᠭᠢᠯᠭᠡ ᠶᠢᠨ | ᠢᠯᠡᠷᠡᠯ ᠮᠥᠨ᠃ | 2000 ᠣᠨ ᠤ 11 ᠰᠠᠷ᠎ᠠ ᠳᠤ ᠪᠢ ᠬᠥᠬᠡᠬᠤᠲᠡ ᠳᠤ ᠠᠵᠢᠯ ᠢᠶᠠᠷ ᠣᠴᠢᠭᠠᠳ ᠡᠷᠳᠡᠨᠢᠲᠣᠬᠲᠠᠬᠤ | ᠪᠠᠭᠰᠢ ᠶᠢᠨ ᠥᠪᠦᠷ ᠮᠣᠩᠭᠤᠯ ᠤᠨ ᠡᠮᠨᠡᠯᠭᠡ ᠶᠢᠨ ᠬᠤᠷᠢᠶᠠᠨ ᠳᠤ ᠰᠠᠭᠤᠵᠦ ᠪᠠᠶᠢᠭ᠎ᠠ ᠪᠣᠲᠠᠲᠠᠢ ᠬᠠᠶ᠋ᠢᠭ ᠢ ᠣᠯᠵᠦ | ᠠᠪᠴᠠᠢ᠃ ᠪᠠᠭᠰᠢ ᠶᠢ ᠡᠮᠨᠡᠯᠭᠡ ᠳᠤ ᠰᠠᠭᠤᠵᠦ ᠪᠠᠶᠢᠨ᠎ᠠ᠂ ᠮᠡᠳᠡᠷᠡᠯ ᠮᠠᠭᠤᠲᠠᠭᠠᠳ ᠬᠥᠮᠦᠨ ᠲᠠᠨᠢᠬᠤ ᠦᠭᠡᠢ ᠪᠣᠯᠵᠠᠢ | ᠭᠡᠵᠦ ᠰᠣᠨᠣᠰᠤᠬᠰᠠᠨ ᠪᠣᠯᠪᠠᠴᠦ ᠴᠣᠬᠤᠮ ᠶᠠᠮᠠᠷ ᠬᠥᠨᠳᠦ ᠬᠡᠮᠵᠢᠶᠡᠨ ᠳᠤ ᠬᠦᠷᠦᠭᠰᠡᠨ ᠭᠡᠳᠡᠭ ᠢ ᠨᠢ ᠮᠡᠳᠡᠭᠡ ᠦᠭᠡᠢ᠃ | ᠲᠡᠭᠡᠭᠡᠳ ᠨᠢᠭᠡᠨ ᠦᠳᠡ ᠶᠢᠨ ᠡᠮᠦᠨ᠎ᠡ ᠥᠪᠦᠷ ᠮᠣᠩᠭᠤᠯ ᠤᠨ ᠡᠮᠨᠡᠯᠭᠡ ᠶᠢᠨ ᠬᠤᠷᠢᠶᠠᠨ ᠤ ᠡᠪᠡᠳᠴᠢᠲᠡᠨ ᠤ | ᠪᠠᠶᠢᠷᠢ ᠶᠢᠨ ᠠᠰᠠᠷ ᠲᠤ ᠡᠷᠢᠭᠡᠳ ᠬᠦᠷᠪᠡ᠃ ᠪᠠᠭᠰᠢ ᠭᠠᠭᠴᠠᠭᠠᠷ ᠨᠢᠭᠡᠨ ᠥᠷᠦᠭᠡᠨ ᠳᠤ ᠰᠠᠭᠤᠳᠠᠭ ᠠᠵᠢ᠂ | ᠤᠯᠠᠭᠠᠨᠴᠠᠪ ᠤᠨ ᠨᠢᠭᠡᠨ ᠬᠢᠲᠠᠳ ᠲᠠᠷᠢᠶᠠᠴᠢᠨ ᠪᠦᠰᠡᠭᠦᠢ ᠶᠢ ᠬᠥᠯᠦᠰᠦᠯᠡᠨ ᠰᠣᠪᠢᠯᠠᠭᠤᠯᠵᠦ ᠪᠠᠶᠢᠪᠠ᠃ ᠪᠢ ᠬᠥᠬᠡ | ᠲᠤᠷᠭᠠᠨ ᠬᠠᠳᠠᠭ ᠪᠠᠷᠢᠭᠠᠳ ︽ᠡ᠊ ᠪᠠᠭᠰᠢ ᠰᠠᠶᠢᠨ ᠪᠠᠶᠢᠨ᠎ᠠ ᠦᠦ︾ ᠭᠡᠵᠦ ᠬᠥᠨᠳᠦᠳᠭᠡᠨ ᠶᠣᠰᠤᠯᠠᠬᠰᠠᠨ ᠳᠤ ᠪᠠᠭᠰᠢ | ᠮᠠᠨᠢ ᠡᠭᠡᠭᠡ ᠡᠷᠡᠭᠦᠯ ᠦᠶ᠎ᠡ ᠲᠠᠢ ᠪᠠᠨ ᠠᠳᠠᠯᠢᠬᠠᠨ ᠬᠠᠳᠠᠭ ᠢ ᠲᠣᠰᠤᠨ ᠠᠪᠤᠭᠠᠳ ᠨᠠᠮᠠᠶᠢᠢ ᠬᠠᠯᠠᠭᠤᠬᠠᠨ ᠴᠢᠷᠠᠢ ᠪᠠᠷ | ᠬᠠᠷᠠᠵᠦ ᠰᠠᠭᠤᠯ᠎ᠠ᠃ ᠭᠡᠪᠡᠴᠦ ᠶᠡᠷᠦ ᠦᠭᠡ ᠳᠤᠭᠠᠷᠤᠬᠰᠠᠨ ᠦᠭᠡᠢ᠃ ᠲᠡᠷᠡ ᠰᠣᠪᠢᠯᠠᠬᠴᠢ ᠲᠠᠷᠢᠶᠠᠴᠢᠨ ᠡᠮᠡᠭᠲᠡᠢ | ᠮᠢᠨᠦ ᠪᠠᠭᠰᠢ ᠳᠤ ᠪᠠᠷᠢᠬᠰᠠᠨ ᠬᠠᠳᠠᠭ ᠢ ᠬᠡᠳᠦ ᠢᠮᠡᠷᠴᠦ ᠦᠵᠡᠭᠡᠳ ᠶᠡᠬᠡᠲᠡ ᠭᠠᠶᠢᠬᠠᠨ ︽ᠡᠨᠡ ᠴᠢᠨᠢ ᠶᠠᠮᠠᠷ | ᠬᠡᠷᠡᠭᠲᠡᠢ ᠶᠠᠭᠤᠮ᠎ᠠ ᠶᠤᠮ ᠪᠤᠢ︖ ᠠᠯᠴᠢᠭᠤᠷ ᠦᠦ︖︾ ᠭᠡᠵᠦ ᠠᠰᠠᠭᠤᠵᠦ ᠪᠠᠶᠢᠪᠠ᠃ ᠬᠤᠶᠠᠷ ᠵᠢᠯ ᠤᠨ ᠡᠮᠤᠨ᠎ᠡ | ᠥᠪᠦᠷ ᠮᠣᠩᠭᠤᠯ ᠤᠨ ᠶᠡᠭᠡ ᠰᠤᠷᠭᠠᠭᠤᠯᠢ ᠶᠢᠨ ᠣᠯᠠᠨ ᠤᠯᠤᠰ ᠤᠨ ᠮᠣᠩᠭᠤᠯ ᠰᠣᠳᠣᠯᠣᠯ ᠤᠨ ᠡᠷᠳᠡᠮ | ᠰᠢᠨᠵᠢᠯᠡᠭᠡᠨ ᠤ ᠶᠡᠭᠡ ᠬᠤᠷᠠᠯ ᠳᠤ ᠣᠷᠣᠯᠴᠠᠬᠰᠠᠨ ᠡᠷᠳᠡᠮᠲᠡᠳ ᠪᠠᠳᠭᠡᠷ ᠵᠤᠤ ᠶᠢ ᠲᠣᠭᠤᠷᠢᠨ ᠦᠵᠡᠵᠦ ᠪᠠᠶᠢᠬᠤ ᠳᠤ | ᠪᠢ ᠡᠷᠳᠡᠨᠢᠲᠣᠬᠲᠠᠬᠤ ᠪᠠᠭᠰᠢ᠂ ᠪᠠᠶᠠᠷ ᠪᠠᠭᠰᠢ᠂ ᠪᠦᠷᠢᠨᠪᠠᠬᠢ ᠪᠠᠭᠰᠢ ᠲᠠᠢ ᠬᠠᠮᠲᠦ ᠨᠢᠭᠡ ᠵᠢᠷᠤᠭ ᠲᠠᠲᠠᠭᠤᠯᠤᠬᠰᠠᠨ | ᠪᠢᠯᠡ᠂ ᠪᠢ ᠲᠡᠷᠡ ᠵᠢᠷᠤᠭ ᠢᠶᠠᠨ ᠭᠠᠷᠭᠠᠨ ᠪᠠᠭᠰᠢ ᠳᠤ ᠥᠭᠪᠡ᠃ ᠰᠣᠪᠢᠯᠠᠬᠴᠢ ᠡᠮᠡᠭᠲᠡᠢ ᠲᠡᠷᠡ ᠵᠢᠷᠤᠭ ᠢ ᠵᠢᠭᠠᠭᠠᠳ | ︽ᠠᠯᠢ ᠨᠢ ᠲᠠ ᠪᠤᠢ︖︾ ᠭᠡᠵᠦ ᠠᠰᠠᠭᠤᠬᠰᠠᠨ ᠳᠤ ᠪᠠᠭᠰᠢ ᠢᠨᠢᠶᠡᠰᠬᠢᠭᠡᠳ ᠥᠪᠡᠷ ᠢ ᠪᠠᠨ ᠵᠢᠭᠠᠵᠦ ᠪᠠᠶᠢᠯ᠎ᠠ᠂ | ᠭᠡᠪᠡᠴᠦ ᠮᠥᠨ ᠦᠭᠡ ᠳᠤᠤᠭᠠᠷᠤᠭ᠎ᠠ ᠦᠭᠡᠢ᠃ ᠵᠠᠯᠭᠠᠭᠠᠳ ᠲᠡᠷᠡ ᠰᠣᠪᠢᠯᠠᠬᠴᠢ ᠡᠮᠡᠭᠲᠡᠢ ᠪᠠᠭᠰᠢ ᠶᠢᠨ ᠡᠪᠡᠳᠴᠢᠨ ᠤ | ᠪᠠᠶᠢᠳᠠᠯ ᠢ ᠪᠠᠭ᠎ᠠ ᠰᠠᠭ᠎ᠠ ᠶᠠᠷᠢᠭᠠᠳ ᠨᠡᠩ ᠣᠯᠠᠨ ᠦᠭᠡ ᠨᠢ ᠥᠪᠡᠷ ᠤᠨ ᠵᠣᠪᠠᠯᠠᠩ ᠢᠶᠠᠨ ᠲᠣᠭᠠᠴᠢᠵᠦ ᠪᠠᠶᠢᠪᠠ᠃ | ᠪᠢ ᠲᠡᠭᠦᠨ ᠤ ᠦᠭᠡ ᠶᠢ ᠰᠣᠨᠣᠰᠬᠤ ᠰᠣᠨᠢᠷᠬᠠᠯ ᠦᠭᠡᠢ᠂ ᠬᠠᠷᠢᠨ ᠪᠠᠭᠰᠢ ᠮᠠᠨᠢ ᠬᠤᠶᠠᠷ ᠦᠭᠡ ᠬᠡᠯᠡᠳᠡᠭ ᠪᠣᠯᠪᠠᠦ | ᠭᠡᠵᠦ ᠴᠢᠷᠠᠢ ᠤᠷᠤᠭᠤ ᠨᠢ ᠤᠳᠠᠲᠠᠯ᠎ᠠ ᠬᠠᠷᠠᠬᠤ ᠳᠤ ᠪᠠᠭᠰᠢ ᠴᠦ ᠬᠠᠯᠠᠭᠤᠮᠰᠤᠭ ᠴᠢᠷᠠᠢ ᠪᠠᠷ ᠨᠠᠮᠠᠶᠢᠢ ᠬᠠᠷᠠᠬᠰᠠᠭᠠᠷ | ᠪᠠᠶᠢᠪᠠ᠂ ᠭᠡᠪᠡᠴᠦ ᠮᠥᠨ ᠯᠠ ᠦᠭᠡ ᠳᠤᠤᠭᠠᠷᠤᠬᠰᠠᠨ ᠦᠭᠡᠢ᠃ ᠪᠠᠭᠰᠢ ᠮᠠᠨᠢ ᠨᠢᠭᠡᠨᠲᠡ ᠦᠭᠡ ᠶᠠᠷᠢᠬᠤ ᠪᠠᠨ | ᠪᠣᠯᠢᠵᠦ ᠳ᠋ᠠ ᠭᠡᠵᠦ ᠪᠣᠳᠣᠬᠤ ᠳᠤ ᠲᠣᠲᠣᠷ ᠶᠡᠬᠡᠲᠡ ᠤᠶᠢᠮᠤᠷᠠᠪᠠ᠃ ᠪᠢ ᠶᠠᠪᠤᠬᠤ ᠪᠠᠷ ᠪᠣᠰᠪᠠ᠃ ᠪᠠᠭᠰᠢ ᠮᠢᠨᠦ | ᠥᠭᠡᠳᠡ ᠬᠠᠷᠠᠬᠰᠠᠭᠠᠷ ᠭᠡᠨᠡᠳᠲᠡ ︽ᠥᠨᠦ ᠪᠠᠶᠠᠨᠵᠢᠷᠦᠬᠡ ᠣᠪᠤᠭᠠᠨ ᠤ ᠬᠠᠷ᠎ᠠ ᠮᠣᠳᠣ ᠪᠠᠰᠠ ᠪᠠᠶᠢᠨ᠎ᠠ ᠦᠦ︖︾ | ᠭᠡᠵᠦ ᠠᠰᠠᠭᠤᠯ᠎ᠠ᠃ ᠪᠢ ᠳᠠᠬᠢᠨ ᠰᠠᠭᠤᠭᠠᠳ ᠪᠠᠶᠠᠨᠵᠢᠷᠦᠬᠡ ᠣᠪᠤᠭᠠᠨ ᠤ ᠬᠠᠷ᠎ᠠ ᠮᠣᠳᠣ ︵ᠦᠨᠡᠨ ᠳᠡᠭᠡᠨ ᠨᠢᠭᠡ | ᠲᠥᠷᠦᠯ ᠤᠨ ᠨᠠᠷᠠᠰᠤᠨ ᠮᠣᠳᠣ᠂ ᠡᠷᠳᠡᠮ ᠰᠢᠨᠵᠢᠯᠡᠭᠡᠨ ᠤ ᠨᠡᠷ᠎ᠡ ᠨᠢ ᠡᠯᠡᠰᠦᠨ ᠭᠠᠴᠤᠷ᠎ᠠ᠂ ᠨᠤᠲᠤᠭ ᠤᠨ ᠬᠥᠮᠦᠰ | ᠬᠠᠷ᠎ᠠ ᠮᠣᠳᠣ ᠭᠡᠳᠡᠭ︶ ᠶᠡᠭᠡ ᠰᠦᠢᠳᠭᠡᠭᠳᠡᠵᠦ ᠪᠠᠶᠢᠭ᠎ᠠ ᠪᠣᠯᠪᠠᠴᠦ ᠪᠠᠰᠠ ᠨᠡᠯᠢᠶᠡᠳ ᠨᠢ ᠦᠯᠡᠳᠡᠭᠰᠡᠭᠡᠷ ᠪᠠᠶᠢᠨ᠎ᠠ | ᠬᠡᠮᠡᠨ ᠶᠡᠭᠡ ᠪᠠᠶᠠᠷᠲᠠᠢ ᠬᠡᠯᠡᠵᠦ ᠥᠭᠭᠦᠯ᠎ᠡ᠃ ᠪᠠᠭᠰᠢ ᠮᠠᠨᠢ ᠮᠠᠰᠢ ᠠᠩᠬᠠᠷᠤᠯᠲᠠᠢ ᠰᠣᠨᠣᠰᠤᠬᠰᠠ ᠪᠣᠯᠪᠠᠴᠦ ᠳᠠᠬᠢᠨ | ᠶᠠᠮᠠᠷ ᠴᠦ ᠦᠭᠡ ᠬᠡᠯᠡᠭᠡ ᠦᠭᠡᠢ᠃ ᠪᠢ ᠬᠥᠨᠳᠦ ᠭᠡᠳᠡᠭ ᠤᠨ ᠰᠡᠳᠭᠢᠯ ᠢᠶᠠᠨ ᠳᠠᠭᠠᠭᠠᠵᠦ ᠶᠠᠳᠠᠬᠰᠠᠭᠠᠷ ᠪᠠᠭᠰᠢ ᠲᠠᠢ | ᠠᠶᠠᠷᠯᠠᠨ ᠰᠠᠯᠤᠭᠠᠳ ᠪᠠᠭᠤᠳᠠᠯ ᠳᠠᠭᠠᠨ ᠶᠠᠪᠤᠵᠦ ᠪᠢᠯᠡ᠃ | ᠪᠠᠭᠰᠢ ᠶᠢᠨ ᠮᠠᠨᠢ ᠮᠡᠳᠡᠷᠡᠯ ᠤᠨ ᠰᠢᠰᠲ᠋ᠧᠮ ᠦᠨᠡᠬᠡᠷ ᠶᠡᠭᠡ ᠮᠠᠭᠤᠲᠠᠬᠰᠠᠨ ᠠᠵᠢ᠃ ᠭᠡᠬᠦ ᠳᠡᠭᠡᠨ ᠰᠡᠳᠭᠢᠯ | ᠬᠥᠳᠡᠯᠦᠭᠦᠰᠢᠲᠡᠢ ᠨᠢ ᠭᠡᠪᠡᠯ᠂ ᠲᠡᠭᠦᠨ ᠤ ᠣᠶᠤᠨ ᠳᠠᠷᠢᠬᠢᠨ ᠠᠴᠠ ᠪᠠᠷᠤᠭ ᠪᠥᠬᠦ ᠣᠢ ᠰᠠᠭᠤᠬᠳᠠᠯ ᠨᠢ ᠠᠷᠢᠯᠤᠨ | ᠣᠳᠤᠬᠰᠠ ᠪᠠᠶᠢᠬᠤ ᠳᠤ ᠥᠰᠦᠭᠰᠡᠨ ᠥᠯᠦᠭᠡᠢ ᠪᠠᠶᠠᠨᠵᠢᠷᠦᠬᠡ ᠣᠪᠤᠭᠠᠨ ᠤ ᠬᠠᠷ᠎ᠠ ᠮᠣᠳᠣ ᠪᠠᠨ ᠮᠦᠨᠬᠦ | ᠴᠡᠭᠡᠵᠢᠯᠡᠭᠰᠡᠭᠡᠷ᠂ ᠮᠥᠨᠬᠦ ᠳᠤᠷᠠᠰᠤᠨ ᠮᠥᠷᠦᠭᠡᠳᠦᠭᠰᠡᠭᠡᠷ ᠪᠠᠶᠢᠳᠠᠭ ᠠᠵᠢ︕ ︽ᠥᠨᠦ ᠪᠠᠶᠠᠨᠵᠢᠷᠦᠬᠡ ᠣᠪᠤᠭᠠᠨ ᠤ | ᠬᠠᠷ᠎ᠠ ᠮᠣᠳᠣ ᠪᠠᠰᠠ ᠪᠠᠶᠢᠨ᠎ᠠ ᠦᠦ︖︾ ᠡᠨᠡ ᠪᠣᠯ ᠪᠠᠭᠰᠢ ᠶᠢᠨ ᠮᠠᠨᠢ ᠨᠠᠳᠠᠳᠦ ᠬᠡᠯᠡᠭᠰᠡᠨ ᠬᠠᠮᠤᠭ ᠰᠡᠭᠦᠯᠴᠢ ᠶᠢᠨ | ᠦᠭᠡ ᠮᠦᠨ᠃ ᠡᠨᠡ ᠪᠣᠯ ᠨᠤᠲᠤᠭ ᠤᠨ ᠬᠠᠶᠢᠷ᠎ᠠ ᠶᠢᠨ ᠬᠦᠴᠦᠨ ᠮᠥᠨ᠃ | ᠬᠡᠳᠦᠬᠡᠨ ᠰᠠᠷ᠎ᠠ ᠥᠩᠭᠡᠷᠡᠭᠡᠳ 2001 ᠣᠨ ᠤ 1 ᠰᠠᠷ᠎ᠠ ᠶᠢᠨ 23 ᠤ ᠡᠳᠦᠷ ᠪᠠᠭᠰᠢ ᠮᠠᠨᠢ ᠬᠥᠮᠦᠨ ᠤ | ᠣᠷᠴᠢᠯᠠᠩ ᠠᠴᠠ ᠠᠶᠠᠷᠯᠠᠨ ᠶᠠᠪᠤᠯ᠎ᠠ᠃ ᠪᠠᠭᠰᠢ ᠮᠠᠨᠢ ᠡᠬᠡ ᠨᠤᠲᠤᠭ ᠲᠠᠭᠠᠨ ᠬᠠᠶᠢᠷᠠᠲᠠᠢ᠂ ᠡᠬᠡ ᠨᠤᠲᠤᠭ ᠤᠨ | ᠮᠣᠩᠭᠤᠯᠴᠤᠳ ᠨᠢ ᠴᠦ ᠡᠨᠡᠬᠦ ᠲᠥᠪ ᠴᠢᠭᠡᠴᠢ ᠠᠷᠤᠤᠬᠠᠨ ᠡᠷᠳᠡᠮᠲᠡᠨ ᠳᠡᠭᠡᠨ ᠬᠠᠶᠢᠷᠠᠲᠠᠢ ᠶᠤᠮ᠃ ᠭᠠᠷ ᠳᠡᠭᠡᠷ᠎ᠡ ᠨᠢ | ᠥᠰᠦᠭᠰᠡᠨ ᠠᠴᠢ ᠬᠥᠪᠡᠭᠦᠨ ᠬᠡᠰᠢᠭ ᠭᠤᠸᠠᠢ ᠠᠴᠢ ᠨᠠᠷ ᠲᠠᠢ ᠪᠠᠨ ᠵᠥᠪᠳᠡᠵᠦ ᠪᠠᠶᠢᠭᠠᠳ ᠴᠢᠨᠳᠠᠷ ᠢ ᠨᠢ | ᠲᠥᠷᠦᠭᠰᠡᠨ ᠨᠤᠲᠤᠭ ᠲᠤᠨᠢ — ᠬᠡᠰᠢᠭᠲᠡᠨ ᠬᠤᠰᠢᠭᠤᠨ ᠤ ᠪᠠᠶᠠᠨᠵᠢᠷᠦᠬᠡ ᠣᠪᠤᠭᠠᠨ ᠤ ᠵᠡᠭᠦᠬᠡᠨ ᠲᠠᠯ᠎ᠠ ᠳᠠᠬᠢ | ᠣᠯᠠᠨ ᠨᠠᠭᠤᠷ ᠤᠨ ᠬᠥᠷᠦᠰᠦᠨ ᠳᠤ ᠣᠷᠤᠰᠢᠭᠤᠯᠵᠠᠢ᠃ ᠨᠤᠲᠤᠭ ᠤᠨ ᠬᠢᠨᠢ ᠲᠥᠷᠦᠯ ᠰᠠᠳᠤᠨ᠂ ᠬᠤᠯᠪᠤᠬᠳᠠᠯ | ᠪᠥᠬᠦᠢ ᠳᠠᠷᠤᠭ᠎ᠠ᠂ ᠺᠠᠳ᠋ᠷ᠂ ᠮᠠᠯᠴᠢᠨ ᠲᠦᠮᠡᠨ ᠠᠷᠢᠭᠤᠨ ᠴᠢᠨᠳᠠᠷ ᠲᠤᠨᠢ ᠬᠥᠨᠳᠦᠳᠭᠡᠯ ᠶᠣᠰᠤᠯᠠᠯ ᠤᠨ ᠰᠡᠳᠭᠢᠯᠭᠡ | ᠪᠠᠨ ᠢᠯᠡᠳᠭᠡᠭᠰᠡᠨ ᠪᠠᠶᠢᠯ᠎ᠠ᠃ ᠲᠡᠭᠦᠪᠡᠷ ᠦᠯᠦ ᠪᠠᠷᠠᠮ᠂ ᠬᠤᠰᠢᠭᠤᠨ ᠤ ᠵᠠᠰᠠᠭ ᠤᠨ ᠣᠷᠳᠣᠨ ᠰᠡᠶᠢᠳᠪᠦᠷᠢ | ᠭᠠᠷᠭᠠᠵᠦ᠂ ᠣᠷᠣᠨ ᠤ ᠦᠨᠳᠦᠰᠦᠲᠡᠨ ᠤ ᠬᠡᠷᠡᠭ ᠡᠷᠬᠢᠯᠡᠬᠦ ᠺᠣᠮᠢᠰ ᠤᠨ ᠵᠥᠪᠰᠢᠶᠡᠷᠡᠯ ᠪᠠ ᠣᠷᠣᠨ ᠤ ᠮᠣᠩᠭᠤᠯ ᠬᠡᠯᠡ | ᠪᠢᠴᠢᠭ ᠤᠨ ᠠᠵᠢᠯ ᠤᠨ ᠭᠠᠵᠠᠷ ᠤᠨ ᠪᠣᠳᠠᠲᠠᠢ ᠳᠡᠮᠵᠢᠯᠭᠡ ᠶᠢ ᠣᠯᠤᠭᠠᠳ᠂ ᠬᠤᠰᠢᠭᠤᠨ ᠤ ᠮᠣᠩᠭᠤᠯ ᠳᠤᠮᠳᠠᠳᠦ | ᠰᠤᠷᠭᠠᠭᠤᠯᠢ ᠶᠢᠨ ᠬᠦᠷᠢᠶᠡᠨ ᠳᠤ ᠡᠷᠳᠡᠨᠢᠲᠣᠬᠲᠠᠬᠤ ᠪᠠᠭᠰᠢ ᠶᠢᠨ ᠬᠦᠷᠡᠯ ᠬᠥᠷᠦᠭ ᠢ ᠪᠤᠰᠬᠠᠬᠤ᠂ ᠡᠷᠳᠡᠨᠢᠲᠣᠬᠲᠠᠬᠤ | ᠪᠠᠭᠰᠢ ᠶᠢᠨ ᠪᠥᠷᠢᠨ ᠵᠣᠬᠢᠶᠠᠯ ᠢ ᠡᠮᠬᠢᠳᠭᠡᠨ ᠬᠡᠪᠯᠡᠭᠦᠯᠵᠦ᠂ ᠡᠷᠳᠡᠨᠢᠲᠣᠬᠲᠠᠬᠤ ᠪᠠᠭᠰᠢ ᠶᠢᠨ ᠲᠤᠬᠠᠢ ᠪᠥᠬᠦ | ᠤᠯᠤᠰ ᠤᠨ ᠡᠷᠳᠡᠮ ᠰᠢᠨᠵᠢᠯᠡᠭᠡᠨ ᠤ ᠰᠣᠳᠣᠯᠣᠨ ᠶᠠᠷᠢᠯᠴᠠᠬᠤ ᠬᠤᠷᠠᠯ ᠬᠤᠷᠠᠯᠳᠤᠭᠤᠯᠬᠤ ᠰᠡᠶᠢᠳᠪᠤᠷᠢ ᠭᠠᠷᠭᠠᠵᠠᠢ᠃ | ᠬᠤᠰᠢᠭᠤᠨ ᠤ ᠠᠷᠠᠳ ᠤᠨ ᠲᠥᠯᠦᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ ᠡᠷᠬᠢᠯᠡᠭᠴᠢ | ᠰᠡᠴᠡᠨᠪᠠᠭᠠᠲᠤᠷ᠂ ᠬᠤᠰᠢᠭᠤᠨ ᠤ ᠨᠠᠮ ᠤᠨ ᠬᠤᠷᠢᠶ᠎ᠠ᠂ ᠵᠠᠰᠠᠭ ᠤᠨ ᠣᠷᠳᠣᠨ ᠤ ᠠᠯᠪᠠᠨ ᠭᠡᠷ ᠤᠨ ᠡᠷᠬᠢᠯᠡᠭᠴᠢ | ᠰᠠᠶᠢᠰᠢᠶᠠᠯᠲᠦ᠂ ᠬᠤᠰᠢᠭᠤᠨ ᠤ ᠦᠨᠳᠦᠰᠦᠲᠡᠨ ᠤ ᠬᠡᠷᠡᠭ ᠡᠷᠬᠢᠯᠡᠬᠦ ᠺᠣᠮᠢᠰ ᠤᠨ ᠡᠷᠬᠢᠯᠡᠭᠴᠢ ᠭᠠᠩᠰᠦ᠋ᠬᠡ᠂ ᠪᠠᠰᠠ | ᠬᠤᠰᠢᠭᠤᠨ ᠤ ᠵᠤᠭᠠᠴᠢᠯ ᠦᠢᠯᠡᠰ ᠤᠨ ᠲᠣᠪᠴᠢᠶᠠᠨ ᠤ ᠵᠠᠯᠠᠭᠤ ᠺᠠᠳ᠋ᠷ ᠡᠷᠳᠡᠮᠲᠦ ᠨᠠᠷ ᠤᠨ ᠬᠠᠯᠠᠭᠤᠨ ᠴᠢᠷᠮᠠᠶᠢᠯᠭ᠎ᠠ | ᠪᠠᠷ ᠡᠨᠡᠬᠦ ᠪᠣᠶᠠᠨᠲᠦ ᠠᠵᠢᠯ ᠣᠬᠤᠷᠬᠠᠨ ᠬᠤᠭᠤᠴᠠᠭᠠᠨ᠎ᠠ ᠠᠮᠵᠢᠯᠲᠠᠲᠠᠢ ᠪᠡᠶᠡᠯᠡᠭᠳᠡᠵᠡᠢ᠃ ᠡᠨᠡ ᠪᠣᠯ ᠡᠷᠳᠡᠨᠢᠲᠣᠬᠲᠠᠬᠤ | ᠪᠠᠭᠰᠢ ᠶᠢᠨ ᠨᠢᠭᠡ ᠨᠠᠰᠤᠨ ᠤ ᠠᠵᠢᠯ ᠠᠮᠢᠳᠤᠷᠠᠯ ᠨᠢ ᠬᠥᠮᠦᠰ ᠤᠨ ᠰᠡᠳᠬᠢᠯ ᠳᠤ ᠭᠦᠨ ᠲᠠᠭᠠᠯᠠᠬᠳᠠᠬᠰᠠᠨ ᠤ | ᠬᠦᠴᠦᠨ ᠮᠦᠨ᠃ | ᠡᠷᠳᠡᠨᠢᠲᠣᠬᠲᠠᠬᠤ ᠪᠠᠭᠰᠢ ᠶᠢᠨ ᠮᠠᠨᠢ ᠭᠡᠭᠡᠨ ᠰᠦᠨᠡᠰᠦ ᠲᠥᠷᠦᠭᠰᠡᠨ ᠨᠤᠲᠤᠭ ᠥᠰᠦᠭᠰᠡᠨ ᠥᠯᠦᠭᠡᠢ — | ᠬᠡᠰᠢᠭᠲᠡᠨ ᠨᠤᠲᠤᠭ ᠤᠨ ᠢᠶᠠᠨ ᠠᠷᠢᠭᠤᠨ ᠬᠥᠷᠦᠰᠦᠨ ᠳᠤ ᠠᠮᠤᠷᠯᠠᠩᠭᠤᠢ ᠨᠣᠶᠢᠷᠰᠤᠬᠤ ᠪᠣᠯᠲᠤᠭᠠᠢ︕ | ᠡᠷᠳᠡᠨᠢᠲᠣᠬᠲᠠᠬᠤ ᠪᠠᠭᠰᠢ ᠶᠢᠨ ᠮᠠᠨᠢ ᠭᠡᠭᠡᠨ ᠳᠦᠷᠢ ᠨᠤᠲᠤᠭ ᠤᠨ ᠮᠣᠩᠭᠤᠯᠴᠤᠳ ᠤᠨ ᠢᠶᠠᠨ ᠰᠡᠳᠭᠢᠯ ᠳᠤ᠂ ᠮᠥᠨ | ᠪᠥᠬᠦᠶᠢᠯᠡ ᠮᠣᠩᠭᠤᠯ ᠲᠤᠭᠤᠷᠭᠠᠲᠠᠨ ᠤ ᠰᠡᠳᠭᠢᠯ ᠳᠤ ᠪᠠᠶᠠᠨᠵᠢᠷᠦᠬᠡ ᠣᠪᠤᠭᠠᠨ ᠤ ᠮᠥᠩᠬᠡ ᠨᠣᠭᠤᠭᠠᠨ ᠨᠠᠷᠠᠰᠦ ᠮᠡᠲᠦ | ᠡᠭᠦᠷᠢᠳᠡ ᠰᠦᠨᠳᠡᠷᠯᠡᠨ ᠣᠷᠤᠰᠢᠬᠤ ᠪᠣᠯᠲᠤᠭᠠᠢ︕ | | | ᠯᠠᠪᠯᠠᠬᠰᠠᠨ ᠪᠢᠴᠢᠭ ᠮᠠᠲ᠋ᠧᠷᠢᠶᠠᠯ᠄ | 额尔敦陶克陶《干部履历表》,中共中央组织部 | 1979年制。 | 曹都著《尹湛纳希故乡访问记》,内蒙古教育出版 | 社1987?年。 | 《蒙古族文学简史》(内部发行),中国科学院内 | 蒙古分院语言文学研究所1960年3月。5+243+1页。 | ︽ᠢᠨᠵᠠᠨᠨᠠᠰᠢ ᠶᠢᠨ ᠳᠤᠷᠠᠰᠬᠠᠯ ᠤᠨ ᠵᠢᠷᠤᠭ 尹湛纳希纪念画册 | YINZANNASHI`S LIFE AND WORK IN PICTUR | ES︾ ,一九八三 呼和浩特。 | 道布《20世纪的中国蒙古语族语言研究》,中国社 | 会科学院学术委员文库《道布文集》,上海辞书出版社 | 2005年版,第320-361页。 | ᠢᠨᠵᠠᠨᠨᠠᠰᠢ ᠶᠢᠨ ︽ᠨᠢᠭᠡᠨ ᠳᠠᠪᠬᠤᠷ ᠠᠰᠠᠷ︾᠂ ︽ᠤᠯᠠᠭᠠᠨ᠎ᠠ ᠤᠬᠢᠯᠠᠬᠤ ᠲᠢᠩᠬᠢᠮ︾᠂ ︽ᠬᠥᠬᠡ | ᠰᠤᠳᠤᠷ︾᠂ ︽ᠤᠯᠠᠭᠠᠨ ᠡᠭᠦᠯᠡᠨ ᠤ ᠨᠢᠯᠪᠤᠰᠦ︾᠂ ︽ᠬᠥᠬᠡ ᠰᠤᠳᠤᠷ ᠤᠨ ᠨᠥᠬᠦᠪᠦᠷᠢ︾ ᠵᠡᠷᠭᠡ ᠨᠣᠮ | ᠵᠣᠬᠢᠶᠠᠯ ᠤᠳ᠃ | ᠡᠷᠳᠡᠨᠢᠲᠣᠬᠲᠠᠬᠤ ᠪᠠᠭᠰᠢ ᠶᠢᠨ ︽ᠢᠨᠵᠠᠨᠨᠠᠰᠢ︾ ︵1958︶᠂ ︽ᠭᠦᠯᠠᠷᠠᠨᠰᠠ᠂ ᠳᠠᠨᠽᠠᠨᠸᠠᠩᠵᠢᠯ᠂ | ᠬᠡᠰᠢᠭᠪᠡᠲᠦ︾ ︵1959︶᠂ ︽ᠣᠷᠴᠢᠨ ᠦᠶ᠎ᠡ ᠶᠢᠨ ᠮᠣᠩᠭᠤᠯ ᠤᠨ ᠠᠯᠳᠠᠷᠲᠦ ᠤᠷᠠᠨ ᠵᠣᠬᠢᠶᠠᠯᠴᠢᠳ︾ ︵ | 1981︶᠂ ︽ᠢᠨᠵᠠᠨᠨᠠᠰᠢ ᠪᠠ ᠲᠡᠭᠦᠨ ᠤ ᠭᠡᠷ ᠤᠨ ᠲᠠᠪᠤᠨ ᠵᠣᠬᠢᠶᠠᠯᠴᠢ︾ ︵1983︶᠂ ︽ᠮᠣᠩᠭᠤᠯ | ᠦᠨᠳᠦᠰᠦᠲᠡᠨ ᠤ ᠰᠤᠷᠭᠠᠨ ᠬᠥᠮᠦᠵᠢᠯ ᠤᠨ ᠪᠢᠴᠢᠭ ᠮᠠᠲ᠋ᠧᠷᠢᠶᠠᠯ ᠤᠨ ᠡᠮᠬᠢᠳᠭᠡᠯ︾ ︵1983︶᠂ ︽ | ᠡᠷᠳᠡᠨᠢᠲᠣᠬᠲᠠᠬᠤ ᠶᠢᠨ ᠵᠣᠬᠢᠶᠠᠯ ᠤᠨ ᠲᠡᠭᠦᠪᠤᠷᠢ︾ ︵1988︶ ᠵᠡᠷᠭᠡ ᠨᠣᠮ ᠵᠣᠬᠢᠶᠠᠯ ᠤᠳ᠃ ︽ᠤᠯᠠᠭᠠᠨ ᠪᠠᠷᠰ | ︾ ᠰᠡᠳᠭᠦᠯ᠂ ︽ᠬᠥᠬᠡ ᠲᠤᠭ︾ ᠰᠡᠳᠭᠦᠯ ᠳᠡᠭᠡᠷ᠎ᠡ ᠨᠡᠶᠢᠲᠡᠯᠡᠭᠦᠯᠦᠭᠰᠡᠨ ᠵᠠᠷᠢᠮ ᠰᠢᠯᠦᠭ ᠵᠠᠬᠢᠶᠠᠯ ᠤᠳ᠃ | ᠪ᠊ · ᠰᠡᠴᠡᠨᠪᠠᠭᠠᠲᠤᠷ ᠡᠮᠬᠢᠳᠭᠡᠨ ᠨᠠᠶᠢᠷᠠᠭᠤᠯᠤᠬᠰᠠᠨ ︽ᠮᠣᠩᠭᠤᠯ ᠬᠡᠯᠡᠨ ᠤ ᠰᠢᠨᠵᠢᠯᠡᠯ ᠤᠨ ᠳᠤᠷᠠᠰᠬᠠᠯ | ᠪᠢᠴᠢᠭ︾ ︵ᠬᠤᠶᠠᠷ︶᠂ ᠥᠪᠦᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ 1986 ᠣᠨ᠃ | 332-454᠃ | ᠡᠷᠳᠡᠮᠲᠦ ︽ᠥᠪᠦᠷ ᠮᠣᠩᠭᠤᠯ ᠤᠨ ᠨᠡᠶᠢᠭᠡᠮ ᠤᠨ ᠰᠢᠨᠵᠢᠯᠡᠬᠦ ᠤᠬᠠᠭᠠᠨ ᠤ ᠠᠺᠠᠳᠧᠮᠢ ᠶᠢᠨ ᠠᠵᠢᠯ ᠤᠨ | ᠠᠮᠠᠷᠠᠯᠲᠠ ᠠᠪᠤᠬᠰᠠᠨ ᠳᠣᠷᠤᠩᠭ᠎ᠠ ᠪᠠᠭᠰᠢ ᠶᠢ ᠰᠣᠷᠪᠣᠯᠵᠢᠯᠠᠬᠰᠠᠨ ᠲᠡᠮᠳᠡᠭᠯᠡᠯ︾᠂ 2009 ᠣᠨ ᠤ | ᠡᠷᠳᠡᠮᠲᠦ ︽ᠥᠪᠦᠷ ᠮᠣᠩᠭᠤᠯ ᠤᠨ ᠶᠡᠭᠡ ᠰᠤᠷᠭᠠᠭᠤᠯᠢ ᠶᠢᠨ ᠠᠵᠢᠯ ᠤᠨ ᠠᠮᠠᠷᠠᠯᠲᠠ ᠪᠠᠨ ᠠᠪᠤᠬᠰᠠᠨ ᠪᠠ᠊ · | ᠭᠡᠷᠡᠯᠲᠦ ᠫᠷᠤᠹᠧᠰᠰᠣᠷ ᠢ ᠰᠣᠷᠪᠣᠯᠵᠢᠯᠠᠬᠰᠠᠨ ᠲᠡᠮᠳᠡᠭᠯᠡᠯ︾᠂ 2009 ᠣᠨ ᠤ 9 ᠰᠠᠷ᠎ᠠ ᠶᠢᠨ 26 ᠤ ᠡᠳᠦᠷ᠃ | ᠡᠷᠳᠡᠮᠲᠦ ︽ᠥᠪᠦᠷ ᠮᠣᠩᠭᠤᠯ ᠤᠨ ᠮᠣᠩᠭᠤᠯ ᠬᠡᠯᠡ ᠪᠢᠴᠢᠭ ᠤᠨ ᠲᠤᠰᠬᠠᠢ ᠮᠡᠷᠭᠡᠵᠢᠯ ᠤᠨ | ᠰᠤᠷᠭᠠᠭᠤᠯᠢ ᠶᠢᠨ ᠠᠵᠢᠯ ᠤᠨ ᠠᠮᠠᠷᠠᠯᠲᠠ ᠪᠠᠨ ᠠᠪᠤᠬᠰᠠᠨ ᠪᠥᠷᠢᠨ ᠪᠠᠭᠰᠢ ᠶᠢ ᠰᠣᠷᠪᠤᠯᠵᠢᠯᠠᠬᠰᠠᠨ ᠲᠡᠮᠳᠡᠭᠯᠡᠯ︾᠂ | 2009 ᠣᠨ ᠤ 9 ᠰᠠᠷ᠎ᠠ ᠶᠢᠨ 26 ᠤ ᠡᠳᠦᠷ᠃ | ᠡᠷᠳᠡᠮᠲᠦ ︽ᠥᠪᠦᠷ ᠮᠣᠩᠭᠤᠯ ᠤᠨ ᠦᠨᠳᠦᠰᠦᠲᠡᠨ ᠤ ᠬᠡᠷᠡᠭ ᠡᠷᠬᠢᠯᠡᠬᠦ ᠺᠣᠮᠢᠰ ᠤᠨ ᠠᠵᠢᠯ ᠤᠨ ᠠᠮᠠᠷᠠᠯᠲᠠ | ᠪᠠᠨ ᠠᠪᠤᠬᠰᠠᠨ ᠡᠦ ᠵᠢᠶᠦ᠋ᠨ ᠹᠧᠩ ᠪᠠᠭᠰᠢ ᠶᠢ ᠰᠣᠷᠪᠣᠯᠵᠢᠯᠠᠬᠰᠠᠨ ᠲᠡᠮᠳᠡᠭᠯᠡᠯ︾᠂ 2009 ᠣᠨ ᠤ 10 | ᠰᠠᠷ᠎ᠠ ᠶᠢᠨ 12 ᠤᠨ ᠡᠳᠦᠷ᠃ | ᠡᠷᠳᠡᠮᠲᠦ ︽ᠥᠪᠦᠷ ᠮᠣᠩᠭᠤᠯ ᠤᠨ ᠰᠤᠷᠭᠠᠨ ᠬᠥᠮᠦᠵᠢᠯ ᠤᠨ ᠬᠡᠪᠯᠡᠯ ᠤᠨ ᠬᠤᠷᠢᠶᠠᠨ ᠤ ᠠᠵᠢᠯ ᠤᠨ | ᠠᠮᠠᠷᠠᠯᠲᠠ ᠪᠠᠨ ᠠᠪᠤᠬᠰᠠᠨ ᠷᠠᠰᠢᠳᠣᠩᠷᠤᠪ ᠪᠠᠭᠰᠢ ᠶᠢ ᠰᠣᠷᠪᠣᠯᠵᠢᠯᠠᠬᠰᠠᠨ ᠲᠡᠮᠳᠡᠭᠯᠡᠯ︾᠂ 2009 ᠣᠨ ᠤ 10 | ᠰᠠᠷ᠎ᠠ ᠶᠢᠨ 11 ᠤ ᠡᠳᠦᠷ᠃ | ᠡᠷᠳᠡᠮᠲᠦ ︽ᠥᠪᠦᠷ ᠮᠣᠩᠭᠤᠯ ᠤᠨ ᠡᠳᠦᠷ ᠤᠨ ᠰᠣᠨᠢᠨ ᠤ ᠬᠤᠷᠢᠶᠠᠨ ᠤ ᠠᠵᠢᠯ ᠤᠨ ᠠᠮᠠᠷᠠᠯᠲᠠ ᠪᠠᠨ | ᠠᠪᠤᠬᠰᠠᠨ ᠳᠤᠭᠠᠷᠰᠦ᠋ᠷᠦᠩ ᠪᠠᠭᠰᠢ ᠶᠢ ᠰᠣᠷᠪᠣᠯᠵᠢᠯᠠᠬᠰᠠᠨ ᠲᠡᠮᠳᠡᠭᠯᠡᠯ︾᠂ 2009 ᠣᠨ ᠤ 10 ᠰᠠᠷ᠎ᠠ ᠶᠢᠨ | 12 ᠤᠨ ᠡᠳᠦᠷ᠃ | | | |