| | ᠠᠭᠤᠯᠭ᠎ᠠ ᠶᠢᠨ ᠲᠤᠪᠴᠢ᠄ ᠲᠤᠰ ᠦᠭᠦᠯᠡᠯ ᠳᠤ ᠭᠤᠤᠯᠳᠠᠭᠤ ᠮᠤᠩᠭᠤᠯᠴᠤᠳ ᠤᠨ ᠤᠵᠤᠭᠤᠷ ᠰᠡᠳᠬᠢᠬᠦᠢ ᠳᠠᠬᠢ | ᠲᠡᠭᠷᠢ ᠶᠢᠨ ᠰᠢᠳᠤᠯᠭᠡ ᠶᠢᠨ ᠰᠤᠳᠤᠯᠭᠠᠨ ᠤ ᠪᠠᠶᠢᠳᠠᠯ ᠵᠢᠴᠢ ᠲᠡᠭᠦᠨ ᠤ ᠡᠭᠦᠰᠤᠯ ᠬᠤᠪᠢᠰᠤᠯ ᠤᠨ ᠶᠠᠪᠤᠴᠠ ᠠᠴᠠ | ᠰᠢᠨᠵᠢᠯᠡᠵᠤ᠂ ᠮᠤᠩᠭᠤᠯᠴᠤᠳ ᠤᠨ ᠲᠡᠭᠷᠢ ᠶᠢᠨ ᠰᠢᠲᠦᠯᠭᠡ ᠪᠤᠯ ᠨᠡᠶᠢᠭᠡᠮ ᠤᠨ ᠬᠦᠭᠵᠢᠯ᠂ ᠬᠦᠮᠦᠨ ᠤ ᠤᠶᠤᠨ | ᠰᠡᠳᠬᠢᠬᠦᠢ ᠶᠢᠨ ᠬᠦᠭᠵᠢᠯ ᠢ ᠲᠠᠭᠠᠯᠳᠤᠨ᠂ ᠪᠠᠶᠢᠭᠠᠯᠢ ᠶᠢᠨ ᠰᠢᠲᠦᠯᠭᠡ ᠪᠠ ᠲᠡᠭᠡᠳᠦᠰ ᠤᠨ ᠰᠢᠲᠦᠯᠭᠡ ᠶᠢᠨ ᠰᠠᠭᠤᠷᠢᠨ | ᠳᠤ ᠪᠤᠢ ᠪᠤᠯᠵᠤ᠂ ᠠᠷᠠᠳ ᠤᠨ ᠰᠦᠰᠦᠭ ᠪᠢᠰᠢᠷᠡᠯ ᠠᠴᠠ ᠬᠦᠭᠵᠢᠨ ᠤᠯᠠᠷᠢᠭᠠᠳ᠂ ᠡᠴᠦᠰ ᠲᠤ ᠪᠦᠭᠡ | ᠮᠦᠷᠭᠦᠯ ᠤᠨ ᠲᠡᠭᠡᠳᠤ ᠰᠢᠲᠦᠭᠡᠨ ᠤ ᠪᠠᠶᠢᠷᠢᠨ ᠳᠤ ᠭᠦᠷᠦᠭᠰᠡᠨ ᠢ ᠪᠢᠴᠢᠵᠡᠢ᠃ | ᠲᠦᠯᠬᠢᠭᠦᠷ ᠦᠭᠡ᠄ ᠲᠡᠭᠷᠢ ᠶᠢᠨ ᠰᠢᠲᠦᠯᠭᠡ ᠮᠤᠩᠭᠤᠯᠴᠤᠳ ᠤᠨ ᠰᠡᠳᠬᠢᠬᠦᠢ ᠬᠦᠭᠵᠢᠯ ᠬᠤᠪᠢᠰᠦᠯ | | ᠲᠡᠭᠷᠢ ᠶᠢᠨ ᠰᠢᠲᠦᠯᠭᠡ ᠭᠡᠭᠦ ᠲᠠᠢ ᠵᠡᠷᠭᠡ ᠬᠦᠮᠤᠰ ᠪᠦᠭᠡ ᠮᠦᠷᠭᠦᠯ ᠤᠨ ᠱᠠᠰᠢᠨ ᠳᠤ ᠬᠤᠯᠪᠤᠬᠳᠠᠭᠤᠯᠤᠨ᠂ | ᠱᠠᠰᠢᠨ ᠤ ᠤᠬᠠᠮᠰᠠᠷ ᠢᠶᠠᠷ ᠲᠠᠶᠢᠯᠪᠤᠷᠢᠯᠠᠬᠤ ᠨᠢ ᠤᠯᠠᠨ᠃ ᠭᠡᠪᠡᠴᠤ ᠬᠦᠮᠦᠨ ᠲᠦᠷᠤᠯᠬᠢᠲᠡᠨ ᠤ ᠡᠭᠦᠰᠦᠯ | ᠬᠦᠭᠵᠢᠯ ᠤᠨ ᠶᠠᠪᠤᠴᠠ ᠳᠤ ᠰᠢᠳᠤᠯᠭᠡ ᠪᠢᠰᠢᠷᠡᠯ ᠨᠢ ᠱᠠᠰᠢᠨ ᠤ ᠤᠬᠮᠰᠠᠷ ᠠᠴᠠ ᠨᠡᠩ ᠡᠮᠤᠨ᠎ᠡ ᠪᠤᠢ ᠪᠤᠯᠤᠭᠰᠠᠨ ᠨᠢ | ᠯᠠᠪᠲᠠᠢ᠃ ᠡᠩ ᠤᠨ ᠪᠠᠶᠢᠳᠠᠯ ᠳᠤ᠂ ᠬᠦᠮᠤᠨ ᠤ ᠰᠤᠶᠤᠯ ᠤᠨ ᠲᠡᠤᠬᠡᠨ ᠤ ᠡᠬᠢ ᠰᠤᠷᠪᠤᠯᠵᠢ ᠨᠢ ᠳᠤᠮᠤᠭ ᠪᠠᠶᠢᠵᠤ᠂ | ᠦᠵᠡᠯ ᠰᠠᠨᠠᠭᠠᠨ ᠤ ᠲᠡᠤᠬᠡ ᠨᠢ ᠰᠢᠭᠤᠳ ᠪᠠᠯᠠᠷᠯᠢᠭ ᠰᠢᠳᠤᠯᠭᠡ ᠪᠢᠰᠢᠷᠡᠯ ᠠᠴᠠ ᠢᠷᠡᠯᠳᠡ ᠲᠠᠢ》① ᠭᠡᠳᠡᠭᠴᠢᠯᠡᠨ | ᠰᠢᠳᠤᠯᠭᠡ ᠪᠢᠰᠢᠷᠡᠯ ᠤᠨ ᠤᠬᠠᠮᠰᠠᠷ ᠪᠠ ᠲᠤᠮᠤᠭ ᠵᠦᠢ ᠶᠢᠨ ᠰᠡᠳᠬᠢᠯᠭᠡᠨ ᠨᠢ ᠬᠠᠷᠢᠯᠴᠠᠨ ᠨᠦᠬᠦᠴᠡᠯᠳᠡᠵᠤ᠂ | ᠬᠠᠷᠢᠯᠴᠠᠨ ᠨᠦᠬᠦᠪᠦᠷᠢᠯᠡᠨ ᠠᠭᠤᠰᠤᠯᠴᠠᠭᠠᠳ᠂ ᠬᠦᠮᠦᠨ ᠲᠦᠷᠦᠯᠬᠢᠲᠡᠨ ᠤ ᠨᠢᠯᠬᠠᠰᠠᠭ ᠦᠶ᠎ᠡ ᠶᠢᠨ ᠲᠠᠨᠢᠯᠲᠠ ᠶᠢᠨ | ᠢᠯᠡᠷᠡᠭᠦᠯᠤᠯ ᠪᠤᠯᠤᠭᠰᠠᠨ ᠶᠤᠮ᠃ ᠶᠠᠷᠢᠶᠠᠨ ᠦᠭᠡᠢ ᠰᠢᠳᠤᠯᠭᠡ ᠪᠢᠰᠢᠷᠡᠯ ᠨᠢ ᠠᠷᠠᠳ ᠤᠨ ᠵᠠᠩ ᠦᠢᠯᠡ ᠶᠢᠨ | ᠬᠦᠷᠢᠶᠡᠨ ᠳᠤ ᠪᠠᠭᠳᠠᠵᠤ᠂ ᠲᠤᠮᠤᠭ ᠨᠢ ᠠᠮᠠᠨ ᠵᠤᠬᠢᠶᠠᠯ ᠤᠨ ᠬᠦᠷᠢᠶᠡᠨ ᠳᠤ ᠰᠤᠳᠤᠯᠤᠭᠳᠠᠨᠠ᠃ ᠭᠡᠪᠡᠴᠤ ︽ᠶᠠᠮᠠᠷ | ᠨᠢᠭᠡᠨ ᠵᠠᠩ ᠦᠢᠯᠡ ᠶᠢᠨ ᠡᠬᠦᠰᠴᠤ ᠲᠦᠷᠦᠬᠦ ᠶᠢ ᠲᠠᠭᠠᠯᠳᠤᠨ᠂ ᠲᠤᠬᠠᠢ ᠶᠢᠨ ᠵᠠᠩ ᠦᠢᠯᠡ ᠳᠤ ᠵᠤᠬᠢᠴᠠᠭᠰᠠᠨ ᠪᠤᠶᠤ | ᠲᠡᠬᠦᠨ ᠢ ᠬᠠᠷᠠᠭᠤᠯᠤᠭᠰᠠᠨ ᠠᠮᠨᠨ ᠵᠤᠬᠢᠶᠠᠯ ᠪᠤᠢ ᠪᠤᠯᠳᠠᠭ︾② ᠪᠤᠯᠬᠤᠷ ᠪᠢᠳᠡᠨ ᠳᠤ ᠠᠮᠠᠨ ᠵᠤᠬᠢᠶᠠᠯ ᠠᠴᠠ | ᠰᠢᠳᠦᠯᠭᠡ ᠪᠢᠰᠢᠷᠡᠯ ᠤᠨ ᠡᠬᠦᠰᠦᠯ ᠬᠦᠭᠵᠢᠯ᠂ ᠤᠯᠠᠷᠢᠯ ᠬᠤᠪᠢᠷᠠᠯ ᠢ ᠰᠢᠨᠵᠢᠨ ᠤᠶᠢᠯᠠᠭᠠᠬᠤ ᠪᠤᠯᠤᠮᠵᠢ ᠤᠯᠭᠤᠵᠠᠢ᠃ | ᠮᠤᠩᠭᠤᠯᠴᠤᠳ ᠤᠨ ᠤᠶᠤᠨ ᠰᠡᠳᠬᠢᠬᠦᠢ ᠳᠠᠬᠢ ᠲᠡᠭᠷᠢ ᠪᠤᠯ ᠮᠦᠨ ᠴᠤ ᠲᠡᠯᠡᠭᠡᠢ ᠶᠢᠨ ᠤᠯᠠᠨ | ᠦᠨᠳᠦᠰᠦᠲᠡᠨ ᠤ ᠰᠢᠲᠦᠨ ᠪᠢᠰᠢᠷᠡᠵᠤ᠂ ᠰᠦᠭᠦᠷᠡᠨ ᠮᠦᠷᠭᠦᠲᠡᠭ ᠰᠢᠲᠦᠭᠡᠨ ᠪᠤᠯᠤᠨ᠎ᠠ᠃ ᠮᠤᠩᠭᠤᠯ ᠤᠨ ︽ᠮᠦᠩᠭᠡ | ᠲᠡᠭᠷᠢ︾᠂ ᠢᠷᠠᠨ ᠤ ︽ᠠᠬᠤᠷᠮᠠᠰᠲᠠ︾᠂ ᠡᠨᠡᠳᠭᠡᠭ ᠤᠨ ︽ᠡᠰᠡᠷᠦᠨ ᠲᠡᠭᠷᠢ︾ ᠵᠢᠴᠢ ᠬᠢᠲᠠᠳ ᠤᠨ ︽ | ᠬᠤᠷᠮᠤᠰᠲᠠ ᠲᠡᠭᠷᠢ︾ ᠁ ᠵᠡᠷᠭᠡ ᠨᠢ ᠴᠤ ᠤᠵᠤᠭᠤᠷ ᠢᠷᠭᠡᠳ ᠤᠨ ᠰᠡᠳᠬᠢᠬᠦᠢ ᠶᠢ ᠬᠦᠨ ᠨᠦᠯᠦᠭᠡᠯᠡᠵᠣ᠂ | ᠲᠡᠳᠡᠨᠤᠰ ᠤᠨ ᠰᠢᠲᠦᠯᠭᠡ ᠪᠢᠰᠢᠷᠡᠯ ᠤᠨ ᠬᠢᠨᠢ ᠭᠤᠤᠯ ᠴᠤᠭᠴᠠ ᠪᠤᠯᠤᠭᠰᠠᠭᠠᠷ ᠢᠷᠡᠭᠰᠡᠨ ᠶᠤᠮ᠃ ᠮᠤᠩᠭᠤᠯᠴᠤᠳ | ᠲᠤ ᠠᠪᠴᠤ ᠬᠡᠯᠡᠪᠡᠯ᠂ ᠲᠡᠭᠷᠢ ᠨᠢ ᠨᠢᠭᠡ ᠦᠶ᠎ᠡ ︽ᠭᠠᠭᠴᠠᠭᠠᠷ ᠨᠤᠶᠠᠷᠬᠠᠬᠤ︾ ᠪᠠᠶᠢᠷᠢ ᠳᠤ ᠪᠠᠶᠢᠵᠤ᠂ ︽ᠮᠦᠩᠭᠡ | ᠲᠡᠭᠷᠢ︾ ᠳᠤ ᠠᠯᠢᠪᠠ ᠪᠠᠨ ᠲᠠᠭᠠᠳᠬᠠᠵᠤ᠂ ᠴᠢᠨᠠᠭᠰᠢᠯᠠᠨ ᠦᠪᠡᠷ ᠢ ᠪᠠᠨ ᠮᠦᠩᠭᠡ ᠲᠡᠭᠷᠢ ᠶᠢᠨ ᠦᠷ᠎ᠡ ᠬᠤᠶᠢᠴᠢᠰ | ᠪᠤᠯᠬᠤ ᠶᠢ ᠭᠡᠷᠡᠴᠢᠯᠡᠬᠦ ᠪᠠᠷ ᠴᠢᠷᠮᠠᠶᠢᠭᠰᠠᠭᠠᠷ ᠢᠷᠡᠭᠰᠡᠨ ᠲᠡᠦᠭᠡ ᠲᠠᠢ᠃ ᠵᠢᠱᠢᠶᠡᠯᠡᠪᠡᠯ᠄ ︽ᠴᠢᠩᠭᠢᠰ ᠬᠠᠭᠠᠨ ᠤ | ᠢᠵᠠᠭᠤᠷ ᠠᠨᠤ ᠲᠡᠭᠡᠳᠤ ᠲᠡᠭᠷᠢ ᠠᠴᠠ ᠵᠠᠶᠠᠭᠠᠳᠤ ᠲᠦᠷᠦᠭᠰᠡᠨ ᠪᠦᠷᠲᠡ ᠴᠢᠨ᠋ᠸ᠎ᠠ᠂ ᠬᠤᠸᠠ ᠮᠠᠷᠠᠯ ᠠᠵᠤᠭᠤ︾③᠂ | ︽᠁ ᠮᠠᠭᠠᠳ ᠲᠡᠮᠳᠡᠭᠲᠡᠶ᠎ᠡ ᠲᠡᠭᠷᠢ ᠶᠢᠨ ᠬᠦᠪᠡᠭᠦᠨ ᠮᠦᠨ︾④ ᠁ ᠭᠡᠬᠦ ᠮᠡᠲᠤ ᠲᠡᠮᠲᠡᠭᠯᠡᠯ | ᠮᠤᠩᠭᠤᠯᠴᠤᠳ ᠤᠨ ᠲᠡᠭᠷᠢ ᠳᠤ ᠬᠠᠨᠳᠤᠭᠰᠠᠨ ᠢᠲᠡᠭᠡᠯ ᠪᠢᠰᠢᠷᠡᠯ ᠢ ᠬᠠᠷᠠᠭᠤᠯᠵᠠᠢ᠃ ᠲᠡᠭᠷᠢ ᠨᠢ ︽ᠲᠡᠭᠷᠢ ᠠᠪᠤ︾᠂ | ︽ᠲᠡᠭᠷᠢ ᠪᠤᠷᠬᠠᠨ ᠮᠡᠳᠡᠭ︾᠂ ︽ ᠪᠤᠷᠬᠠᠨ ᠲᠡᠭᠷᠢ ᠶᠢᠨ ᠠᠪᠤᠷᠠᠯ ᠡ︾ ᠁ ᠭᠡᠬᠦ ᠮᠡᠲᠤ ᠪᠠᠷ ᠠᠷᠠᠳ ᠤᠨ | ᠲᠤᠮᠳᠠ᠂ ᠡᠳᠦᠷ ᠲᠤᠳᠤᠮ ᠤᠨ ᠠᠮᠢᠳᠤᠷᠠᠯ ᠳᠤᠨᠢ ᠬᠦᠰᠡᠯ ᠮᠦᠷᠦᠭᠡᠳᠦᠯ᠂ ᠬᠤᠪᠢ ᠲᠠᠪᠢᠯᠠᠩ ᠢᠶᠠᠨ ᠲᠠᠭᠠᠳᠬᠠᠬᠤ | ᠰᠢᠳᠦᠭᠡᠨ ᠪᠤᠯᠤᠭᠰᠠᠨ ᠢᠶᠠᠷ ᠪᠠᠷᠠᠬᠤ ᠦᠭᠡᠢ ᠨᠡᠩ ᠢᠯᠡᠬᠦᠤ ᠮᠤᠩᠭᠤᠯᠴᠤᠳ ᠤᠨ ᠤᠤᠭᠠᠯ ᠱᠠᠰᠢᠨ — ᠪᠦᠭᠡ | ᠮᠦᠷᠬᠦᠯ ᠤᠨ ᠬᠠᠮᠤᠭ ᠲᠡᠭᠡᠳᠤ ᠰᠢᠲᠦᠭᠡᠨ ᠪᠤᠯᠤᠭᠰᠠᠨ ᠶᠤᠮ᠃ ᠶᠠᠭᠤ ᠨᠢᠭᠡᠨ ᠤ ᠲᠤᠬᠠᠢ ᠰᠢᠲᠦᠨ ᠪᠢᠰᠢᠷᠡᠬᠦ᠂ | ᠰᠦᠰᠦᠭᠯᠡᠨ ᠲᠠᠬᠢᠬᠤ ᠨᠢ ᠤᠵᠤᠭᠤᠷ ᠢᠷᠭᠡᠳ ᠤᠨ ᠰᠡᠳᠬᠢᠬᠦᠢ ᠶᠢᠨ ᠤᠨᠴᠠᠯᠢᠭ ᠠᠴᠠ ᠰᠢᠯᠳᠠᠭᠠᠯᠠᠭᠳᠠᠨ᠎ᠠ᠃ ᠲᠠᠷᠤᠢ | ᠠᠯᠢᠪᠠ ᠰᠢᠲᠦᠯᠭᠡ ᠪᠢᠰᠢᠷᠡᠯ ᠪᠠ ︽ᠱᠠᠰᠢᠨ ᠪᠤᠯ ᠪᠦᠷ ᠨᠢᠭᠡ ᠵᠦᠢᠯ ᠤᠨ ᠰᠡᠳᠬᠢᠯᠭᠡᠨ ᠤ ᠦᠵᠡᠭᠳᠡᠯ ᠲᠤᠯᠠ | ᠪᠤᠳᠤᠯ ᠰᠡᠳᠭᠢᠯᠭᠡ ᠠᠴᠠ ᠰᠠᠯᠵᠤ ᠴᠢᠳᠠᠬᠤ ᠦᠭᠡᠢ︾⑤ ᠶᠢᠨ ᠤᠴᠢᠷ ᠪᠤᠯᠠᠢ᠃ ︽ᠡᠷᠲᠡᠨ ᠤ ᠦᠶ᠎ᠡ ᠳᠤ | ᠴᠢᠬᠤᠯᠠ ᠬᠡᠷᠡᠭᠴᠡᠭᠡᠨ ᠠᠴᠠ ᠰᠢᠲᠦᠯᠭᠡ ᠡᠬᠦᠰᠳᠡᠭ ᠪᠠᠶᠢᠭᠰᠠᠨ ᠶᠤᠮ︾⑥ ︽ᠡᠷᠲᠡᠨ ᠤ ᠬᠦᠮᠦᠰ ᠤᠨ ᠲᠤᠮᠳᠠ᠂ | ᠲᠡᠲᠡᠨ ᠤ ᠰᠢᠲᠦᠯᠭᠡ ᠪᠢᠰᠢᠷᠡᠯ ᠨᠢ ᠲᠤᠩ ᠶᠡᠭᠡ ᠰᠠᠨᠠᠭ᠎ᠠ ᠲᠤᠷ᠎ᠠ ᠶᠢᠨ ᠴᠢᠨᠠᠷ ᠲᠠᠢ ᠪᠠᠶᠢᠳᠠᠭ᠃ ᠶᠠᠮᠠᠷ ᠨᠢᠭᠡᠨ | ᠶᠠᠭᠤᠮ᠎ᠠ ᠭᠡᠨᠡᠳᠲᠡ ᠶᠢᠨ ᠲᠤᠬᠢᠶᠠᠯᠳᠤᠯ ᠠᠴᠠ ᠪᠤᠯᠵᠤ᠂ ᠲᠡᠳᠡᠡ ᠤ ᠪᠢᠰᠢᠷᠡᠯ ᠬᠦᠨᠳᠦᠳᠭᠡᠯ ᠢ ᠤᠯᠵᠤ᠂ ᠰᠢᠲᠦᠭᠡᠨ | ᠨᠢ ᠪᠤᠯᠳᠠᠭ︾⑦ ᠭᠡᠳᠡᠭᠴᠢᠯᠡᠨ ᠤᠵᠤᠭᠤᠷ ᠰᠢᠲᠦᠯᠭᠡ ᠪᠢᠰᠢᠷᠡᠯ ᠤᠨ ᠮᠦᠨ ᠴᠢᠨᠠᠷ ᠠᠴᠠ ᠨᠢ ᠦᠵᠡᠪᠡᠯ᠂ ᠲᠡᠷᠡ | ᠨᠢ ᠬᠦᠮᠦᠰ ᠤᠨ ᠠᠮᠢᠳᠤᠷᠠᠯ᠂ ᠠᠮᠢ ᠨᠠᠰᠤ ᠲᠠᠢ ᠰᠢᠭᠤᠳ ᠬᠠᠷᠢᠴᠠᠭ᠎ᠠ ᠬᠤᠯᠪᠤᠭ᠎ᠠ ᠪᠦᠭᠦᠢ ᠵᠦᠢᠯ ᠪᠠᠶᠢᠵᠤ᠂ | ᠬᠦᠮᠦᠰ ᠲᠤ ᠠᠶᠤᠯ ᠡᠮᠢᠶᠡᠯ ᠪᠤᠶᠤ ᠠᠵᠠ ᠵᠠᠪᠰᠢᠶᠠᠨ ᠤᠯᠭᠤᠳᠠᠭ ᠠᠴᠠ ᠰᠢᠲᠦᠭᠳᠡᠨ ᠪᠢᠰᠢᠷᠡᠭᠳᠡᠳᠡᠭ᠃ ᠡᠶᠢᠮᠦ | ᠠᠴᠠ ᠡᠷᠲᠡᠨ ᠤ ᠬᠦᠮᠦᠰ ᠨᠢ ᠠᠮᠢᠳᠦᠷᠠᠯ ᠤᠨ ᠨᠦᠬᠦᠴᠡᠯ ᠪᠤᠯᠤᠮᠵᠢ ᠠᠴᠠ ᠪᠤᠯᠵᠤ᠂ ᠠᠯᠢ ᠤᠯᠠᠨ ᠪᠠᠶᠢᠭᠠᠯᠢ ᠶᠢᠨ | ᠰᠢᠲᠦᠯᠭᠡ ᠡᠰᠡᠬᠦᠯ᠎ᠡ ᠲᠤᠲ᠋ᠧᠮ ᠰᠢᠲᠦᠯᠭᠡ ᠲᠢᠠ ᠪᠤᠯᠤᠭᠰᠠᠨ ᠪᠠᠶᠢᠨ᠎ᠠ ᠂ ᠡᠬᠦᠨ ᠲᠠᠢ ᠡᠰᠡᠷᠬᠦ ᠪᠠᠷ ᠬᠡᠢ ᠬᠤᠭᠤᠰᠤᠨ | ᠶᠡᠷᠦᠩᠭᠡᠶᠢᠯᠡᠭᠰᠡᠨ ᠴᠢᠨᠠᠷ ᠪᠦᠬᠦᠢ ︽ᠲᠡᠭᠷᠢ︾ ᠶᠢᠨ ᠲᠤᠬᠠᠢ ᠤᠶᠢᠯᠠᠭᠠᠭᠳᠠᠬᠤᠨ ᠨᠢ ᠨᠡᠯᠢᠶᠡᠳ ᠬᠤᠵᠢᠭᠤ ᠦᠶ᠎ᠡ ᠳᠤ | ᠪᠤᠢ ᠪᠤᠯᠵᠤ ᠪᠦᠷᠢᠯᠳᠦᠭᠰᠡᠨ ᠶᠤᠮ᠃ | ᠬᠦᠮᠦᠨ ᠲᠦᠷᠦᠯᠬᠢᠲᠡᠨ ᠤ ᠦᠢᠯᠡᠳᠪᠦᠷᠢᠯᠡᠯ ᠠᠮᠢᠳᠤᠷᠠᠯ ᠤᠨ ᠲᠤᠷᠰᠢᠯᠭ᠎ᠠ ᠪᠠᠶᠠᠯᠢᠭᠵᠢᠵᠤ᠂ ᠪᠠᠶᠢᠭᠠᠯᠢ ᠶᠢ | ᠡᠷᠬᠡᠰᠢᠶᠡᠬᠦ ᠴᠢᠳᠠᠪᠤᠷᠢ ᠳᠡᠭᠡᠭᠰᠢᠯᠡᠬᠦ ᠲᠤᠲᠤᠮ ᠤᠤᠯ ᠤᠨ ᠢᠲᠡᠭᠡᠨ ᠰᠢᠲᠤᠵᠤ ᠪᠠᠶᠢᠭᠰᠠᠨ ᠨᠢᠭᠤᠴᠠᠯᠢᠭ ᠵᠤᠶᠢᠯᠠᠰ ᠨᠢ | ᠲᠡᠷᠡᠬᠦ ᠪᠦᠲᠡᠬᠢ ᠪᠠᠯᠠᠷᠬᠠᠢ ᠪᠤᠶᠤ ᠨᠢᠭᠤᠴᠠ ᠲᠠᠯᠲᠠ ᠶᠢᠨ ᠦᠩᠭᠡ ᠪᠤᠳᠤᠭ ᠢᠶᠠᠨ ᠠᠯᠳᠠᠵᠤ ᠢᠷᠡᠵᠡᠢ᠃ ᠡᠬᠦᠨ ᠤ | ᠲᠠᠭᠠᠤ ᠨᠡᠩ ᠬᠤᠯᠠ᠂ ᠨᠡᠩ ᠭᠦᠨ ᠢ ᠰᠡᠳᠬᠢᠨ ᠰᠢᠨᠵᠢᠬᠦ ᠤᠬᠠᠮᠰᠠᠷ ᠪᠤᠢ ᠪᠤᠯᠤᠭᠰᠠᠨ ᠠᠴᠠ ᠬᠦᠮᠦᠰ ᠪᠤᠳᠠᠲᠠᠢ | ᠵᠦᠢᠯ ᠢ ᠰᠢᠲᠦᠵᠤ ᠪᠠᠶᠢᠭᠰᠠᠨ ᠠᠴᠠ ᠪᠠᠨ ᠡᠨᠡᠬᠦ ᠪᠤᠳᠠᠳᠠᠢ ᠵᠦᠢᠯ ᠢ ᠡᠵᠡᠮᠳᠡᠨ ᠵᠠᠬᠢᠷᠬᠤ᠂ ᠪᠦᠷᠢᠨ ᠡᠷᠭᠡᠲᠤ | ᠰᠢᠲᠦᠭᠡᠨ ᠰᠠᠬᠢᠭᠤᠯᠰᠤᠨ ᠢ ︽ᠪᠤᠢ ᠪᠤᠯᠭᠠᠬᠤ︾ ᠭᠡᠷᠭᠲᠡᠢ ᠪᠤᠯᠵᠠᠢ᠃ ᠲᠠᠷᠤᠢ ᠲᠠᠶᠢᠯᠪᠤᠷᠢᠯᠠᠵᠤ ᠲᠡᠶᠢᠯᠬᠦ ᠦᠭᠡᠢ | ᠪᠤᠶᠤ ᠤᠶᠢᠯᠠᠭᠠᠭᠳᠠᠰᠢ ᠦᠭᠡᠢ ᠦᠵᠡᠭᠳᠡᠯ ᠳᠤ ︽ᠡᠵᠡᠨ︾ ᠤᠯᠭᠤᠬᠤ ᠰᠡᠳᠬᠢᠬᠦᠢ ᠠᠴᠠ ᠪᠤᠯᠵᠤ᠂ ᠲᠡᠭᠷᠢ ᠶᠢᠨ | ᠲᠤᠬᠠᠢ ᠤᠶᠢᠯᠠᠭᠠᠯᠲᠠ ᠪᠤᠢ ᠪᠤᠯᠤᠭᠰᠠᠨ ᠮᠦᠷᠲᠡᠭᠡᠨ ᠲᠡᠷᠡ ᠨᠢ ᠤᠳᠤ ᠶᠢᠨ ︽ ᠲᠡᠰ ᠠᠴᠠ ᠲᠠᠪᠠᠭᠰᠠᠨ ᠰᠢᠨᠵᠢᠯᠡᠬᠦ | ᠤᠬᠠᠭᠠᠨ︾ ᠤ ᠡᠭᠦᠷᠭᠡ᠂ ᠠᠴᠢ ᠦᠢᠯᠡᠳᠦᠯ ᠢ ᠬᠦᠢᠴᠡᠳᠭᠡᠵᠤ ᠡᠬᠢᠯᠡᠭᠰᠡᠨ ᠶᠤᠮ᠃ ᠦᠭᠡᠷ᠎ᠡ ᠪᠠᠷ ᠭᠡᠯᠡᠪᠡᠯ | ᠪᠠᠶᠢᠭᠠᠯᠢ ᠶᠢᠨ ᠰᠢᠲᠦᠯᠭᠡ ᠶᠢᠨ ᠨᠢᠭᠤᠴᠠ ᠵᠠᠳᠠᠷᠠᠵᠤ᠂ ᠬᠦᠮᠦᠰ ᠲᠡᠬᠦᠨ ᠤ ᠵᠢᠮ᠎ᠡ ᠶᠤᠰᠤ ᠶᠢ ᠡᠵᠡᠮᠳᠡᠨ ᠡᠬᠢᠯᠡᠬᠦ ᠪᠠᠷ | ᠲᠡᠭᠷᠢ ᠶᠢᠨ ᠰᠢᠲᠦᠯᠭᠡ ᠡᠬᠦᠰᠦᠨ ᠪᠦᠷᠢᠯᠳᠤᠵᠤ᠂ ᠦᠨᠢ ᠮᠦᠩᠭᠡ ᠶᠢᠨ ᠤᠷᠤᠰᠢᠯ᠂ ᠡᠭᠡᠨᠡᠭᠲᠡ ᠪᠤᠳᠠᠳᠠᠶᠢᠵᠢᠭᠤᠯᠵᠤ | ᠡᠰᠡ ᠲᠡᠶᠢᠯᠬᠦ ᠬᠡᠶᠢᠰᠪᠦᠷᠢ ᠴᠤᠭᠴᠠ ᠪᠠᠷ ᠢᠶᠠᠨ ᠬᠦᠮᠦᠰ ᠤᠨ ᠰᠡᠳᠬᠢᠯ ᠢ ᠡᠵᠡᠯᠡᠨ᠂ ᠲᠡᠭᠷᠢ ᠶᠢᠨ ᠤᠷᠲᠤ | ᠬᠤᠭᠤᠴᠠᠭᠠᠨ ᠤ ᠬᠤᠪᠢᠰᠦᠯᠲᠠ ᠪᠠᠷ ᠲᠠᠮᠵᠢᠨ ᠨᠤᠶᠠᠷᠬᠠᠬᠤ ᠪᠠᠶᠢᠷᠢᠨ ᠳᠤ ᠭᠠᠷᠴᠠᠢ ᠃ | ︽ᠲᠡᠭᠷᠢ︾ ᠪᠤᠯ ᠤᠵᠤᠭᠤᠷ ᠬᠦᠮᠦᠰ ᠤᠨ ᠢᠲᠡᠭᠡᠯ ᠪᠢᠰᠢᠷᠡᠯ ᠠᠴᠠ ᠲᠦᠷᠦᠭᠳᠡᠭᠰᠡᠨ ︽ᠲᠡᠬᠦᠰ | ᠴᠢᠳᠠᠪᠤᠷᠢᠲᠤ︾ ᠲᠠᠯᠳᠠ ᠶᠢᠨ ᠬᠦᠴᠦᠨ᠂ ︽ᠪᠦᠬᠦᠨ ᠢ ᠴᠢᠳᠠᠭᠴᠢ︾ ᠨᠢᠭᠤᠴᠠ ᠬᠦᠴᠦᠨ᠃ ᠶᠡᠷᠦᠩᠭᠡᠢ ᠳᠤᠨᠢ | ᠠᠪᠴᠤ ᠦᠵᠡᠪᠡᠯ᠂ ᠮᠤᠩᠭᠤᠯᠴᠤᠳ ᠤᠨ ᠤᠶᠤᠨ ᠰᠡᠳᠬᠢᠬᠦᠢ ᠳᠠᠬᠢ ᠲᠡᠭᠷᠢ ᠪᠤᠯ᠄ | ᠨᠢᠭᠡ᠂ ᠠᠯᠢᠪᠡ ᠰᠠᠶᠢᠨ ᠰᠠᠶᠢᠬᠠᠨ ᠪᠦᠬᠦᠨ ᠢ ᠪᠦᠲᠦᠭᠡᠭᠴᠢ᠂ ᠡᠷᠭᠡᠭᠰᠢᠶᠡᠭᠴᠢ᠃ ᠡᠬᠦᠨ ᠢ ᠪᠢᠲᠡ ︽ᠸᠧᠢ | ᠤᠯᠤᠰ ᠤᠨ ᠲᠡᠮᠳᠡᠭᠯᠡᠯ᠃ ᠭᠤᠤ ᠴᠧ ᠤᠯᠤᠰ︾ ᠤᠨ ᠲᠡᠮᠳᠡᠭᠯᠡᠯ ᠳᠠᠬᠢ ᠲᠤᠮᠤᠭ ᠠᠴᠠ ᠮᠡᠳᠡᠵᠤ ᠪᠤᠯᠤᠨ᠎ᠠ᠂ ᠲᠤᠰ | ᠲᠤᠮᠤᠭ ᠲᠤ᠄ ︽ᠾᠦᠩᠨᠤ ᠶᠢᠨ ᠴᠠᠨ ᠢᠦᠢ ᠬᠤᠶᠠᠷ ᠦᠬᠢᠨ ᠲᠠᠢ᠂ ᠦᠩᠭᠡ ᠵᠢᠰᠤ ᠲᠦᠢᠯ ᠤᠨ ᠭᠤᠸ᠎ᠠ᠂ | ᠬᠦᠮᠦᠰ ᠪᠦᠷ ᠰᠠᠬᠢᠭᠤᠯᠰᠤᠨ ᠭᠡᠮᠡᠳᠡᠭ᠃ ᠴᠠᠨ ᠢᠦᠢ᠄ ︿ᠦᠬᠢᠨ ᠢᠶᠠᠨ ᠬᠡᠨ ᠳᠤᠷ ᠬᠤᠯᠪᠤᠮᠤᠢ︖ ᠲᠡᠭᠷᠢ ᠳᠤᠷ | ᠬᠤᠯᠪᠤᠰᠤᠭᠠᠢ﹀ ᠭᠡᠮᠡᠨ ᠤᠯᠤᠰ ᠤᠨ ᠬᠤᠶᠢᠲᠤ ᠵᠠᠬ᠎ᠠ ᠬᠦᠮᠦᠨ ᠦᠭᠡᠢ ᠭᠠᠵᠠᠷ ᠲᠤᠷ ᠦᠨᠳᠤᠷ ᠲᠠᠭᠳᠤ ᠴᠤᠭᠴᠠᠯᠠᠵᠤ | ᠂ ᠬᠤᠶᠠᠷ ᠦᠬᠢᠨ ᠢᠶᠠᠨ ᠲᠡᠬᠦᠨ ᠳᠤᠷ ᠰᠠᠭᠤᠯᠭᠠᠵᠤ᠄ ︿ᠲᠡᠭᠷᠢ ᠦᠪᠡᠷᠲᠡᠭᠡᠨ ᠤᠭᠳᠤᠨ ᠠᠪᠳᠤᠭᠠᠢ﹀ ᠭᠡᠮᠡᠪᠡᠢ︾⑧ | ᠭᠡᠳᠡᠭ᠃ ᠡᠬᠦᠨ ᠳᠤ ᠭᠤᠸ᠎ᠠ ᠦᠵᠡᠰᠭᠦᠯᠡᠩ ᠬᠤᠶᠠᠷ ᠬᠡᠦᠭᠡᠨ ᠨᠢ ᠵᠦᠪᠬᠡᠨ ᠲᠡᠭᠷᠢ ᠳᠤ ᠯᠡ ᠡᠷᠭᠡᠰᠢᠶᠡᠭᠳᠡᠬᠦ | ᠶᠤᠰᠤᠲᠠᠢ ᠭᠡᠵᠤ ᠦᠵᠡᠭᠰᠡᠨ ᠤᠬᠠᠮᠰᠠᠷ ᠲᠤᠳᠤᠷᠬᠠᠢ᠃ ᠪᠠᠰᠠ ᠮᠤᠩᠭᠤᠯᠴᠤᠳ ᠤᠨ ᠲᠤᠮᠳᠠ ᠭᠤᠸ᠎ᠠ ᠰᠠᠶᠢᠬᠠᠨ | ᠪᠦᠰᠡᠬᠦᠶᠢᠴᠦᠤᠯ ᠢ ︽ᠲᠡᠭᠷᠢ ᠶᠢᠨ ᠲᠠᠬᠢᠨᠢ︾ ᠰᠢᠭ᠋ ᠬᠡᠬᠦ᠂ ᠢᠯᠭᠤᠮ ᠤᠷᠤᠭᠰᠢᠲᠠᠢ ᠠᠮᠵᠢᠯᠲᠠ ᠪᠦᠲᠦᠭᠡᠯ ᠢ ︽ | ᠲᠡᠭᠷᠢ ᠲᠤᠰᠠᠯᠠᠯ᠎ᠠ︾ ᠭᠡᠬᠦ ᠁ ᠠᠯᠢᠪᠠ ᠰᠠᠶᠢᠨ ᠰᠠᠶᠢᠬᠠᠨ ᠪᠦᠬᠦᠨ ᠢ ᠲᠡᠭᠷᠢ ᠲᠠᠢ ᠬᠤᠯᠪᠤᠨ ᠶᠠᠷᠢᠬᠤ ᠨᠢ | ᠦᠯᠡᠮᠵᠢ᠃ | ᠬᠤᠶᠠᠷ᠂ ᠬᠦᠮᠦᠨ ᠤ ᠬᠤᠪᠢ ᠵᠠᠶᠠᠭ᠎ᠠ ᠶᠢ ᠡᠵᠡᠮᠳᠡᠭᠴᠢ᠂ ᠲᠤᠬᠢᠷᠠᠭᠤᠯᠤᠭᠴᠢ᠃ ᠮᠤᠩᠭᠤᠯᠴᠤᠳ ᠤᠨ | ᠲᠤᠮᠳᠠ ︽ᠬᠦᠮᠦᠨ ᠤ ᠵᠠᠶᠠᠭ᠎ᠠ ᠲᠡᠭᠷᠢ ᠶᠢᠨ ᠭᠠᠷ ᠲᠤ︾᠂ ︽ᠲᠡᠭᠷᠢ ᠪᠤᠷᠬᠠᠨ ᠤ ᠠᠪᠤᠷᠠᠯ ᠦᠷᠦᠰᠢᠶᠡᠯ︾᠂ ︽ | ᠲᠡᠭᠷᠢ ᠮᠠᠭᠤ ᠦᠵᠡᠬᠦ︾᠂ ︽ᠲᠤᠭᠠᠯᠠᠵᠤ ᠲᠠᠯᠪᠢᠭᠰᠠᠨ ᠨᠠᠰᠤ᠂ ᠲᠦᠭᠡᠯᠡᠵᠤ ᠲᠠᠯᠪᠢᠭᠰᠠᠨ ᠪᠡᠶ᠎ᠡ︾᠂ ︽ | ᠲᠡᠭᠷᠢ ᠶᠢᠨ ᠵᠠᠶᠠᠭ᠎ᠠ ᠪᠠᠷ︾ ᠁ ᠭᠡᠬᠦ ᠮᠡᠲᠤ ᠶᠢᠨ ᠬᠤᠪᠢ ᠵᠠᠶᠠᠭᠠᠨ ᠤ ᠤᠨᠤᠯ ᠪᠠᠶᠢᠵᠤ᠂ ᠬᠦᠮᠦᠨ ᠤ ᠬᠤᠪᠢ | ᠵᠠᠶᠠᠭ᠎ᠠ᠂ ᠠᠮᠢᠳᠤᠷᠠᠯ ᠤᠴᠠᠷᠠᠯ ᠨᠢ ᠪᠦᠷ ᠲᠡᠭᠷᠢ ᠶᠢᠨ ᠲᠤᠬᠢᠷᠠᠭᠤᠯᠤᠯᠲᠠ ᠶᠢ ᠬᠦᠯᠢᠶᠡᠵᠤ ᠪᠤᠢ ᠭᠡᠵᠤ ᠦᠵᠡᠳᠡᠭ᠂ | ᠡᠨᠡ ᠪᠤᠯ ᠬᠤᠵᠢᠭᠤ ᠦᠶ᠎ᠡ ᠳᠤ ᠪᠤᠢ ᠪᠤᠯᠤᠭᠰᠠᠨ ᠤᠬᠠᠮᠰᠠᠷ ᠤᠶᠢᠯᠠᠭᠠᠯᠲᠠ ᠪᠤᠯᠠᠢ᠃ | ᠲᠡᠭᠷᠢ ᠶᠢᠨ ᠰᠢᠲᠦᠯᠭᠡ ᠪᠠ ᠲᠤᠮᠤᠭ ᠤᠨ ᠰᠤᠳᠤᠯᠭᠠᠨ ᠤ ᠲᠠᠯ᠎ᠠ ᠪᠠᠷ ᠤᠯᠠᠩᠭᠢ ᠡᠷᠳᠡᠮᠳᠡᠳ ᠵᠠᠩ ᠵᠠᠩᠰᠢᠯ | ᠪᠤᠶᠤ ᠠᠮᠠᠨ ᠵᠤᠬᠢᠶᠠᠯ ᠬᠡᠬᠦ ᠲᠤᠰ ᠲᠤᠰ ᠤᠨ ᠬᠦᠷᠢᠶᠡᠨ ᠳᠤ ᠲᠤᠰᠬᠠᠢ ᠰᠤᠳᠤᠯᠤᠯ ᠢ ᠭᠤᠤᠯᠯᠠᠨ ᠬᠢᠭᠰᠡᠭᠡᠷ | ᠢᠷᠡᠵᠡᠢ᠃ ᠡᠬᠦᠨ ᠳᠤ ᠲᠡᠭᠷᠢ ᠶᠢᠨ ᠰᠢᠲᠦᠯᠭᠡ᠂ ᠲᠡᠭᠷᠢ ᠶᠢᠨ ᠲᠠᠬᠢᠯᠭ᠎ᠠ ᠶᠢᠨ ᠲᠤᠬᠠᠢ ᠯ᠊᠂ ᠬᠤᠷᠴᠠᠪᠠᠭᠠᠳᠤᠷ ᠤᠨ ︽ | ᠮᠤᠩᠭᠤᠯᠴᠤᠳ ᠤᠨ ᠲᠡᠭᠷᠢ ᠶᠢᠨ ᠲᠠᠬᠢᠯᠭ᠎ᠠ ᠶᠢ ᠲᠤᠶᠢᠮᠤᠴᠢᠯᠠᠨ ᠦᠭᠦᠯᠡᠬᠦ ᠨᠢ︾ ᠪᠤᠯᠤᠨ ︽ᠬᠠᠳᠠᠬᠢᠨ ᠠᠷᠪᠠᠨ | ᠭᠤᠷᠪᠠᠨ ᠠᠲᠠᠭᠠᠲᠤ ᠲᠡᠭᠷᠢ ᠶᠢᠨ ᠲᠦᠷᠪᠡᠨ ᠴᠠᠭ ᠤᠨ ᠲᠠᠬᠢᠯᠭ᠎ᠠ︾᠂ ᠭᠠ᠊᠂ ᠨᠠᠮᠵᠢᠯ᠂ ᠨᠠᠰᠤᠨᠪᠠᠳᠤ ᠶᠢᠨ ︽ | ᠬᠠᠳ ᠤᠨ ᠭᠡᠷ ᠤᠨ ᠠᠷᠪᠠᠨ ᠭᠤᠷᠪᠠᠨ ᠠᠳᠠᠭ᠎ᠠ ᠲᠡᠭᠷᠢ ᠶᠢᠨ ᠰᠠᠩ ᠤᠨ ᠲᠤᠬᠠᠢ︾᠂ ᠯᠢᠦ ᠶᠢᠨ ᠰᠦᠸᠧ ᠶᠢᠨ ︽ | ᠡᠷᠲᠡᠨ ᠤ ᠮᠤᠩᠭᠤᠯᠴᠤᠳ ᠤᠨ ᠤᠩᠭᠤᠳ᠂ ᠢᠳᠤᠭᠠᠨ᠂ ᠮᠦᠩᠭᠡ ᠲᠡᠭᠷᠢ ᠶᠢ ᠰᠢᠲᠦᠬᠦ ᠲᠤᠬᠠᠢ︾᠂ ᠡᠷᠳᠡᠮᠲᠤ ᠶᠢᠨ | ︽ᠮᠤᠩᠭᠤᠯ ᠦᠨᠳᠦᠰᠦᠲᠡᠨ ᠤ ᠲᠡᠭᠷᠢ ᠶᠢ ᠰᠢᠲᠦᠬᠦ ᠰᠢᠲᠦᠯᠭᠡᠨ ᠤ ᠲᠤᠬᠠᠢ ᠦᠭᠦᠯᠡᠬᠦ ᠨᠢ︾ ᠵᠡᠷᠭᠡ ᠲᠡᠭᠷᠢ ᠶᠢᠨ | ᠰᠢᠲᠦᠯᠭᠡ ᠶᠢᠨ ᠲᠤᠬᠠᠢ ᠦᠭᠦᠯᠡᠯ ᠤᠳ᠂ ᠯ᠊᠂ ᠰᠤᠶᠤᠯᠲᠤ ᠶᠢᠨ ︽ᠠᠯᠠᠭ ᠰᠦᠯᠲᠡ ᠶᠢᠨ ᠲᠤᠬᠠᠢ ᠤᠶᠢᠯᠠᠭᠠᠯᠲᠠ︾ | ᠂ ᠢᠭᠢᠷᠢᠰ ᠬᠤᠤᠰᠪᠠᠶᠠᠷ ᠤᠨ ︽ᠮᠤᠩᠭᠤᠯᠴᠤᠳ ᠤᠨ ᠡᠷᠲᠡᠨ ᠤ ᠰᠦᠯᠲᠡ ᠲᠠᠬᠢᠯᠭ᠎ᠠ ᠶᠢᠨ ᠲᠤᠬᠠᠢ ᠲᠤᠷᠰᠢᠨ | ᠦᠭᠦᠯᠡᠬᠦ ᠨᠢ︾ ᠰᠠᠶᠢᠨᠵᠢᠷᠭᠠᠯ ᠤᠨ ︽ᠠᠯᠠᠭ ᠰᠦᠯᠲᠡ︾ ᠪᠠ ︽ᠬᠠᠷ᠎ᠠ ᠰᠦᠯᠲᠡ︾᠂ ᠴ᠊᠂ ᠬᠠᠰᠪᠢᠯᠢᠭ᠍ᠲᠦ ᠶᠢᠨ ︽ | ᠮᠤᠩᠭᠤᠯ ᠤᠨ ᠡᠷᠲᠡᠨ ᠤ ᠭᠬᠢᠷᠢ ᠲᠤᠭ ᠰᠦᠯᠲᠡ ᠬᠡᠢ ᠮᠤᠷᠢ ᠶᠢᠨ ᠲᠤᠬᠠᠢ︾ ᠵᠡᠷᠭᠡ ᠳᠤ ᠪᠦᠷ ᠮᠤᠩᠭᠤᠯᠴᠤᠳ ᠲᠤ | ᠲᠡᠭᠷᠢ ᠶᠢᠨ ᠲᠠᠬᠢᠯᠭ᠎ᠠ ᠲᠠᠢ ᠪᠠᠶᠢᠭᠰᠠᠨ ᠭᠡᠳᠡᠭ ᠢ ᠲᠤᠳᠤᠯᠠᠵᠤ᠂ ᠰᠦᠯᠲᠡ ᠲᠠᠬᠢᠯᠭ᠎ᠠ᠂ ᠬᠡᠶᠢᠮᠦᠷᠢ ᠲᠠᠬᠢᠯᠭ᠎ᠠ ᠪᠤᠯ | ᠲᠡᠬᠦᠨ ᠤ ᠤᠨᠳᠤᠤᠰᠢᠯ ᠮᠦᠨ ᠭᠡᠳᠡᠭ ᠢ ᠵᠦᠪᠰᠢᠶᠡᠷᠡᠭᠰᠡᠨ ᠪᠠᠶᠢᠨ᠎ᠠ᠃ ᠡᠬᠦᠨ ᠠᠴᠠ ᠭᠠᠳᠠᠨ᠎ᠠ ᠲᠡᠭᠷᠢ ᠶᠢᠨ | ᠲᠠᠬᠢᠯᠭ᠎ᠠ ᠶᠢᠨ ᠤᠨᠳᠤᠤᠰᠢᠯ ᠬᠤᠪᠢᠰᠤᠯ ᠢ ᠵᠦᠪᠰᠢᠶᠡᠷᠡᠨ᠂ ᠲᠡᠬᠦᠨ ᠲᠠᠢ ᠬᠤᠯᠪᠤᠭ᠎ᠠ ᠪᠦᠬᠦᠢ ᠰᠢᠲᠦᠯᠭᠡ ᠪᠢᠰᠢᠷᠡᠯ | ᠳᠠᠬᠢ ᠲᠡᠭᠡᠳᠦᠰ ᠤᠨ ᠲᠠᠬᠢᠯᠭ᠎ᠠ᠂ ᠤᠪᠤᠭᠠᠨ ᠳᠠᠬᠢᠯᠭ᠎ᠠ᠂ ᠭᠠᠯ ᠤᠨ ᠲᠠᠬᠢᠯᠭ᠎ᠠ ᠶᠢᠨ ᠲᠤᠬᠠᠢ ᠦᠬᠦᠯᠡᠯ ᠵᠤᠬᠢᠶᠠᠯ ᠴᠤ | ᠮᠦᠨ ᠨᠡᠯᠢᠶᠡᠳ ᠪᠤᠢ᠃ | ᠪᠦᠬᠦᠶᠢᠯᠡ ᠰᠢᠲᠦᠯᠭᠡ ᠪᠢᠰᠢᠷᠡᠯ ᠤᠨ ᠵᠠᠩ ᠦᠢᠯᠡ ᠶᠢ ᠯ᠊᠂ ᠬᠤᠷᠴᠠᠪᠠᠭᠠᠳᠤᠷ᠂ ᠦᠵᠦᠮ᠎ᠡ ᠨᠠᠷ ᠤᠨ | ᠨᠠᠶᠢᠷᠠᠭᠤᠯᠤᠭᠰᠠᠨ ︽ᠮᠤᠩᠭᠤᠯ ᠪᠦᠭᠡ ᠮᠦᠷᠬᠦᠯ ᠤᠨ ᠲᠠᠶᠢᠯᠭ᠎ᠠ ᠲᠠᠬᠢᠯᠭ᠎ᠠ ᠶᠢᠨ ᠰᠤᠶᠤᠯ︾ ᠭᠡᠬᠦ ᠨᠤᠮ ᠳᠤ | ᠨᠡᠯᠢᠶᠡᠳ ᠪᠦᠷᠢᠨ ᠬᠦᠢᠴᠡᠳ ᠬᠠᠮᠤᠷᠤᠨ ᠲᠠᠨᠢᠯᠴᠠᠭᠤᠯᠤᠭᠰᠠᠨ ᠠᠴᠠ ᠭᠠᠳᠠᠨ᠎ᠠ᠂ ᠴᠧᠩ ᠬᠤᠸᠠ ᠶᠢᠨ ︽ᠮᠤᠩᠭᠤᠯ | ᠦᠨᠳᠦᠰᠦᠲᠡᠨ ᠤ ᠲᠠᠬᠢᠯᠭ᠎ᠠ ᠶᠢᠨ ᠵᠠᠩ ᠦᠢᠯᠡ ᠬᠢᠭᠡᠳ ᠲᠡᠬᠦᠨ ᠤ ᠤᠯᠠᠷᠢᠯ ᠬᠤᠪᠢᠷᠠᠯᠲᠠ︾ ᠬᠡᠬᠦ ᠡᠷᠲᠡᠮ | ᠰᠢᠨᠵᠢᠯᠡᠭᠡᠨ ᠤ ᠦᠬᠦᠯᠡᠯ ᠳᠤ ᠲᠡᠭᠷᠢ ᠶᠢᠨ ᠲᠠᠬᠢᠯᠭ᠎ᠠ ᠂ᠲᠡᠭᠡᠳᠦᠰ ᠤᠨ ᠲᠠᠬᠢᠯᠭ᠎ᠠ᠂ ᠤᠪᠤᠭᠠᠨ ᠳᠠᠬᠢᠯᠭ᠎ᠠ᠂ ᠭᠠᠯ ᠤᠨ | ᠲᠠᠬᠢᠯᠭ᠎ᠠ ᠲᠡᠷᠢᠬᠦᠲᠡᠨ ᠢ ᠪᠦᠭᠡ ᠮᠦᠷᠬᠦᠯ ᠤᠨ ᠤᠨ ᠦᠶ᠎ᠡ ᠶᠢᠨ᠂ ᠪᠤᠷᠬᠠᠨ ᠤ ᠱᠠᠰᠢᠨ ᠤ ᠦᠶ᠎ᠡ ᠶᠢᠨ ᠪᠠ ᠤᠳᠤ | ᠦᠶ᠎ᠡ ᠶᠢᠨ ᠭᠡᠵᠤ ᠢᠯᠭᠠᠨ ᠰᠠᠯᠭᠠᠵᠤ ᠦᠬᠦᠯᠡᠭᠰᠡᠨ ᠪᠠᠶᠢᠨ᠎ᠠ᠃ | ᠡᠷᠲᠡ ᠪᠠᠯᠠᠷ ᠤᠨ ᠦᠶ᠎ᠡ ᠳᠤ᠂ ᠬᠦᠪᠡᠭᠡ ᠬᠢᠵᠠᠭᠠᠷ ᠦᠭᠡᠢ ᠨᠡᠯᠦᠶᠢᠭᠰᠡᠨ ᠬᠦᠭᠡ ᠲᠡᠭᠷᠢ ᠨᠢ ᠬᠦᠮᠦᠰ ᠤᠨ | ᠠᠬᠤᠢ ᠠᠮᠢᠳᠦᠷᠠᠯ ᠲᠠᠢ ᠰᠢᠭᠤᠳ ᠬᠠᠷᠢᠴᠠᠭ᠎ᠠ ᠦᠭᠡᠢ᠂ ᠬᠠᠷᠢᠨ ᠠᠯᠤᠰ ᠵᠠᠶᠢᠳᠠᠭᠤ᠂ ᠬᠡᠶᠢᠰᠪᠦᠷᠢ ᠴᠤᠭᠴᠠᠰ ᠢᠶᠠᠷ | ᠰᠠᠨᠠᠭᠳᠠᠵᠤ ᠪᠠᠶᠢᠭᠰᠠᠨ ᠪᠤᠯᠬᠤᠷ ᠤᠵᠤᠭᠤᠷ ᠬᠦᠮᠦᠰ ᠤᠨ ᠤᠤᠭᠠᠯᠢ ᠰᠢᠲᠦᠭᠡᠨ ᠪᠤᠯᠬᠤ ᠦᠭᠡᠢ ᠨᠢ ᠯᠠᠪᠲᠠᠢ᠃ | ᠲᠡᠭᠷᠢ ᠶᠢᠨ ᠰᠢᠲᠦᠯᠭᠡ ᠨᠢ ᠪᠦᠭᠡ ᠮᠦᠷᠬᠦᠯ ᠤᠨ ᠭᠤᠤᠯ ᠰᠢᠲᠦᠯᠭᠡ ᠪᠤᠯᠵᠤ᠂ ᠪᠦᠬᠦ ᠮᠤᠩᠭᠤᠯᠴᠤᠳ ᠤᠨ ᠲᠡᠦᠭᠡᠨ | ᠳᠤ ᠬᠦᠨ ᠨᠦᠯᠦᠭᠡ ᠦᠵᠡᠬᠦᠯᠦᠭᠰᠡᠨ ᠶᠤᠮ᠃ ᠦᠭᠡᠷ᠎ᠡ ᠪᠠᠷ ᠭᠡᠯᠡᠪᠡᠯ ᠪᠦᠭᠡ ᠮᠦᠷᠭᠦᠯ ᠤᠨ ᠦᠶ᠎ᠡ ᠳᠤ ᠰᠠᠶ᠋ᠢ | ᠲᠡᠭᠷᠢ ᠶᠢᠨ ᠰᠢᠲᠦᠯᠭᠡ ᠨᠢ ᠬᠦᠭᠵᠢᠯᠲᠡ ᠪᠠᠨ ᠤᠯᠵᠤ᠂ ᠬᠦᠮᠦᠰ ᠤᠨ ᠤᠶᠢᠯᠠᠭᠠᠭᠳᠠᠬᠤᠨ ᠤ ᠶᠢᠷᠲᠢᠨᠴᠤ ᠶᠢ | ᠨᠤᠶᠠᠷᠬᠠᠬᠤ ᠪᠤᠯᠤᠭᠰᠠᠨ ᠶᠤᠮ᠃ ᠲᠡᠷᠡ ᠨᠢ ᠭᠤᠤᠯᠳᠠᠭᠤ ᠤᠵᠤᠭᠤᠷ ᠬᠦᠮᠤᠰ ᠤᠨ ᠪᠠᠶᠢᠭᠠᠯᠢ ᠶᠢᠨ ᠰᠢᠲᠦᠯᠭᠡ ᠪᠠ | ᠲᠡᠭᠡᠳᠦᠰ ᠤᠨ ᠰᠢᠲᠦᠯᠭᠡ ᠠᠴᠠ ᠲᠦᠷᠦᠭᠲᠡᠨ ᠡᠬᠦᠰᠦᠨ ᠬᠦᠭᠵᠢᠭᠰᠡᠨ ᠪᠠᠶᠢᠨ᠎ᠠ᠃ | ︽ᠪᠠᠶᠢᠭᠠᠯᠢ ᠶᠢᠨ ᠰᠢᠲᠦᠯᠭᠡ ᠪᠤᠯ ᠬᠠᠮᠤᠭ ᠤᠨ ᠪᠠᠯᠠᠷᠯᠢᠭ ᠰᠢᠲᠦᠯᠭᠡ ᠶᠢᠨ ᠬᠡᠯᠪᠡᠷᠢ ᠪᠤᠯᠤᠨ᠎ᠠ ᠃ | ᠪᠠᠶᠢᠭᠠᠯᠢ ᠶᠢᠨ ᠪᠤᠳᠠᠰ ᠬᠢᠭᠡᠳ ᠪᠠᠶᠢᠭᠠᠯᠢ ᠶᠢᠨ ᠬᠦᠴᠦᠨ ᠢ ᠠᠮᠢ ᠰᠦᠨᠡᠰᠦ ᠲᠠᠢ᠂ ᠵᠤᠷᠢᠭ ᠰᠠᠨᠠᠭ᠎ᠠ ᠲᠠᠢ᠂ ᠠᠤᠭ᠎ᠠ | ᠶᠡᠭᠡ ᠬᠦᠴᠦᠨ ᠲᠠᠢ ᠭᠡᠮᠡᠨ ᠪᠠᠶᠢᠭᠠᠯᠢ ᠠᠴᠠ ᠲᠠᠪᠠᠭᠰᠠᠨ ᠰᠢᠲᠦᠭᠲᠡᠬᠦᠨ ᠪᠤᠯᠭᠠᠨ ᠰᠢᠲᠦᠨ᠎ᠡ᠃ ᠬᠡᠬᠦ ᠳᠡᠭᠡᠨ ᠬᠦᠮᠦᠰ | ᠲᠤ ᠬᠠᠮᠤᠭ ᠠᠴᠠ ᠰᠦᠷ ᠬᠦᠴᠦᠨ ᠲᠠᠢ᠂ ᠬᠦᠮᠦᠨ ᠲᠦᠷᠦᠯᠬᠢᠲᠡᠨ ᠳᠤ ᠬᠠᠮᠤᠭ ᠠᠴᠠ ᠢᠪᠡᠭᠡᠯ ᠲᠠᠢ ᠭᠡᠭᠳᠡᠳᠡᠭ | ᠪᠠᠶᠢᠭᠠᠯᠢ ᠶᠢᠨ ᠪᠤᠳᠠᠳᠤ ᠬᠦᠴᠦᠨ ᠬᠢᠭᠡᠳ ᠪᠤᠳᠠᠰ ᠢ ᠰᠢᠲᠦᠳᠡᠭ︾⑨᠃ ᠪᠠᠯᠠᠷᠯᠢᠭ ᠦᠶ᠎ᠡ ᠶᠢᠨ ᠬᠦᠮᠦᠰ | ᠦᠢᠯᠡᠳᠪᠦᠷᠢᠯᠡᠯ ᠤᠨ ᠬᠦᠴᠦᠨ ᠲᠤᠷᠤᠢ ᠪᠠᠭᠤᠷᠠᠢ ᠨᠦᠬᠦᠴᠡᠯ ᠲᠤᠤᠷ᠎ᠠ ᠤᠷᠤᠰᠢᠨ ᠠᠮᠢᠳᠤᠷᠠᠬᠤ ᠭᠡᠭᠴᠢ ᠲᠦᠢᠯ ᠤᠨ | ᠪᠡᠷᠭᠡ ᠲᠠᠢ᠂ ᠡᠶᠢᠮᠦᠷᠬᠦᠦ ᠪᠠᠶᠢᠳᠠᠯ ᠳᠤ ᠲᠡᠳᠡᠨᠤᠰ ᠦᠪᠡᠷ ᠲᠤᠨᠢ ᠬᠠᠮᠤᠭ ᠤᠨ ᠠᠴᠢ ᠨᠦᠯᠦᠭᠡ ᠲᠠᠢ ᠵᠦᠢᠯ ᠢ | ᠤᠷᠢᠳᠠᠪᠠᠷ ᠰᠢᠲᠦᠨ ᠪᠢᠰᠢᠷᠡᠬᠦ ᠨᠢ ᠵᠠᠶᠢᠯᠠᠰᠢ ᠦᠭᠡᠢ ᠶᠤᠮ᠃ ︽ᠡᠷᠲᠡᠨ ᠤ ᠬᠦᠮᠦᠰ ᠡᠪᠤᠯ ᠵᠤᠨ ᠨᠠᠮᠤᠷ ᠤᠨ | ᠬᠤᠪᠢᠷᠠᠯᠲᠠ᠂ ᠲᠡᠬᠦᠨᠴᠢᠯᠡᠨ ᠪᠠᠶᠢᠭᠠᠯᠢ ᠶᠢᠨ ᠤᠷᠪᠠᠭ᠎ᠠ ᠬᠦᠷᠪᠡᠭᠡ ᠶᠢ ᠪᠦᠷ ᠨᠠᠷᠠᠨ ᠠᠴᠠ ᠪᠤᠯᠪᠠ ᠭᠡᠵᠤ ᠦᠪᠡᠷ ᠤᠨ | ᠲᠦᠷᠦᠯᠭᠢ ᠰᠡᠷᠡᠯ ᠠᠴᠠ ᠪᠠᠨ ᠰᠡᠷᠡᠵᠤ ᠮᠡᠳᠡᠷᠡᠭᠰᠡᠨ ᠪᠤᠯᠬᠤᠷ ᠨᠠᠷᠠ ᠨᠢ ᠡᠷᠲᠡᠨ ᠤ ᠬᠦᠮᠦᠰ ᠤᠨ ᠬᠡᠢ ᠪᠤᠳᠤᠯ ᠤᠨ | ᠬᠢᠨᠢ ᠡᠭᠢ ᠰᠤᠷᠪᠤᠯᠵᠢ ᠪᠤᠯᠵᠤ ᠪᠠᠶᠢᠭᠰᠠᠨ ᠲᠡᠲᠤᠢ ᠦᠭᠡᠢ᠂ ᠬᠠᠮᠤᠭ ᠤᠨ ᠠᠩᠬᠠᠨ ᠤ ᠰᠦᠰᠦᠭ ᠪᠢᠰᠢᠷᠡᠯ ᠢ ᠨᠢ | ᠲᠦᠷᠦᠭᠳᠡᠬᠦᠯᠦᠭᠰᠡᠨ ᠶᠤᠮ︾⑩ ᠡᠷᠲᠡᠨ ᠤ ᠬᠦᠮᠦᠰ ᠤᠨ ︽ᠨᠠᠷᠠ ᠭᠠᠷᠬᠤ ᠪᠠᠷ ᠬᠦᠳᠡᠯᠮᠦᠷᠢᠯᠡᠵᠤ᠂ ᠨᠠᠷᠠ ᠵᠢᠷᠭᠠᠬᠤ | ᠪᠠᠷ ᠠᠮᠠᠷᠠᠬᠤ︾᠂ ︽ᠬᠠᠪᠤᠷ ᠲᠠᠷᠢᠵᠤ ᠨᠠᠮᠤᠷ ᠬᠤᠷᠢᠶᠠᠬᠤ︾ ᠵᠢᠮ᠎ᠡ ᠶᠤᠰᠤ ᠶᠢ ᠡᠵᠡᠮᠰᠢᠭᠰᠡᠨ ᠨᠢ ᠴᠤ ᠨᠠᠷᠠ ᠲᠠᠢ | ᠰᠠᠯᠤᠰᠢ ᠦᠭᠡᠢ ᠬᠠᠷᠢᠴᠠᠭ᠎ᠠ ᠲᠠᠢ ᠪᠢᠯᠡ᠃ ᠡᠶᠢᠨ ᠬᠦ ᠪᠠᠶᠢᠭᠠᠯᠢ ᠶᠢᠨ ᠰᠢᠲᠦᠯᠭᠡ ᠳᠤ ᠲᠦᠮᠡᠨ ᠪᠤᠳᠠᠰ ᠢ | ᠲᠦᠯᠵᠢᠬᠦᠯᠦᠭᠰᠡᠨ ᠨᠠᠷᠠᠨ ᠤ ᠰᠢᠲᠦᠯᠭᠡ ᠪᠠ ᠬᠦᠮᠦᠨ ᠠᠮᠢᠲᠠᠨ ᠢ ᠲᠤᠯᠠᠭᠠᠯᠠᠭᠰᠠᠨ ᠭᠠᠯ ᠤᠨ ᠰᠢᠲᠦᠯᠭᠡ᠂ ᠦᠭᠡᠷ᠎ᠡ | ᠪᠠᠷ ᠬᠡᠯᠡᠪᠡᠯ ᠬᠡᠷᠡᠯ ᠤᠨ ᠰᠢᠲᠦᠯᠭᠡ ᠭᠤᠤᠯ ᠪᠤᠯᠵᠤ ᠪᠠᠶᠢᠵᠠᠢ᠃ | ︽ᠬᠦᠮᠦᠨ ᠲᠦᠷᠦᠯᠬᠢᠲᠡᠨ ᠤ ᠪᠠᠯᠠᠷ ᠡᠷᠲᠡᠨ ᠤ ᠡᠷᠡᠨ ᠤ ᠪᠦᠯᠦᠭᠯᠡᠯ ᠤᠨ ᠦᠶ᠎ᠡ ᠳᠤ ᠱᠠᠰᠢᠨ ᠰᠤᠷᠲᠠᠬᠤᠨ | ᠦᠭᠡᠢ᠂ ᠪᠦᠭᠡ ᠮᠦᠷᠬᠦᠯ ᠴᠤ ᠪᠠᠶᠢᠬᠤ ᠦᠭᠡᠢ ᠪᠠᠶᠢᠪᠠ᠃ ᠲᠡᠲᠡ ᠪᠠᠶᠢᠭᠠᠯᠢ ᠶᠢᠷᠲᠢᠨᠴᠤ ᠶᠢᠨ ᠠᠯᠢᠪᠡ ᠦᠵᠡᠭᠲᠡᠯ ᠢ | ᠲᠠᠨᠢᠵᠤ ᠴᠢᠳᠠᠬᠤ ᠦᠭᠡᠢ᠂ ᠲᠠᠶᠢᠯᠪᠤᠷᠢᠯᠠᠵᠤ ᠴᠢᠳᠠᠬᠤ ᠦᠭᠡᠢ᠂ ᠰᠡᠷᠡᠯᠲᠡ ᠦᠭᠡᠢ ᠪᠠᠶᠢᠵᠠᠢ᠃ ᠬᠤᠵᠢᠮ ᠨᠢ ᠲᠡᠲᠡ | ᠪᠠᠶᠢᠭᠠᠯᠢᠯ ᠶᠢᠷᠲᠢᠨᠴᠤ ᠶᠢᠨ ᠤᠷᠴᠢᠨ ᠲᠤᠭᠤᠷᠢᠨ ᠤ ᠲᠤᠮᠳᠠ ᠰᠦᠨᠡᠰᠦᠨ ᠤ ᠲᠤᠬᠠᠢ ᠤᠬᠠᠭᠳᠠᠬᠤᠨ᠂ ᠤᠩᠭᠤᠨ | ᠰᠠᠬᠢᠭᠤᠯᠰᠤᠨ ᠤ ᠤᠶᠢᠯᠠᠭᠠᠯᠲᠠ ᠡᠬᠦᠰᠴᠤ᠂ ᠰᠦᠰᠦᠭ ᠪᠢᠰᠢᠷᠡᠯ ᠭᠠᠷᠤᠭᠰᠠᠨ ᠪᠠᠶᠢᠨ᠎ᠠ᠃︾⑾ ᠮᠤᠩᠭᠤᠯᠴᠤᠳ | ᠠᠯᠢ ᠡᠷᠲᠡ ᠠᠴᠠ ︽ᠪᠤᠳᠠ ᠪᠤᠯᠭᠠᠨ ᠳᠤ ᠪᠤᠷᠬᠠᠨ ᠲᠠᠢ᠂ ᠬᠠᠳᠠ ᠪᠤᠯᠭᠠᠨ ᠳᠤ ᠬᠠᠨ ᠲᠠᠢ︾ ᠬᠡᠬᠦ | ᠤᠶᠢᠯᠠᠠᠭᠠᠭᠳᠠᠬᠤᠨ ᠲᠠᠢ ᠪᠠᠶᠢᠵᠤ᠂ ᠶᠢᠷᠲᠢᠨᠴᠤ ᠶᠢᠨ ᠲᠦᠮᠡᠨ ᠪᠤᠳᠠᠰ ᠴᠦᠮ ᠠᠮᠢ ᠨᠠᠰᠤ ᠲᠠᠢ ᠰᠦᠨᠡᠰᠦ ᠰᠦᠯᠲᠡ | ᠲᠠᠢ ᠭᠡᠵᠤ ᠢᠲᠡᠭᠡᠳᠡᠭ᠃ ᠡᠶᠢᠨ ᠬᠦ ᠲᠡᠲᠡᠨ ᠤ ᠰᠢᠳᠦᠯᠭᠡ ᠶᠢᠨ ᠤᠬᠠᠮᠰᠠᠷ ᠲᠤ ᠪᠠᠶᠢᠭᠠᠯᠢ ᠶᠢ ᠰᠢᠳᠢᠴᠢᠯᠡᠬᠦ᠂ | ᠲᠡᠭᠡᠳᠦᠰ ᠢᠶᠠᠨ ᠲᠠᠬᠢᠨ ᠪᠠᠶᠠᠰᠬᠠᠬᠤ ᠵᠠᠩ ᠦᠢᠯᠡ ᠪᠦᠷᠢᠯᠲᠦᠭᠰᠡᠨ ᠪᠠᠶᠢᠨ᠎ᠠ᠃ ᠲᠡᠭᠡᠲᠤᠰ ᠤᠨ ᠰᠢᠲᠦᠯᠭᠡ ᠨᠢ | ᠬᠦᠮᠦᠰ ᠤᠨ ᠰᠦᠨᠡᠰᠦᠨ ᠤ ᠲᠤᠬᠠᠢ ᠲᠠᠨᠢᠯᠲᠠ ᠤᠶᠢᠯᠠᠭᠠᠯᠲᠠ ᠪᠠ ᠲᠤᠲ᠋ᠧᠮ ᠰᠢᠲᠦᠯᠭᠡ ᠠᠴᠠ ᠤᠯᠠᠷᠢᠨ ᠬᠦᠭᠵᠢᠵᠤ᠂ | ᠤᠯᠠᠨ ᠭᠡᠯᠪᠡᠷᠢ ᠳᠤ ᠬᠤᠪᠢᠷᠠᠭᠰᠠᠨ ᠪᠠᠶᠢᠨ᠎ᠠ᠃ | ᠡᠶᠢᠮᠤ ᠠᠴᠠ ᠠᠩᠬᠠᠨ ᠤ ᠨᠠᠷᠠᠨ ᠤ ᠰᠢᠲᠦᠯᠭᠡ ᠪᠠ ᠲᠡᠭᠡᠳᠦᠰ ᠤᠨ ᠰᠢᠲᠦᠯᠭᠡ ᠶᠢᠨ ᠰᠠᠭᠤᠷᠢᠨ ᠳᠤ | ᠲᠡᠭᠷᠢ ᠶᠢᠨ ᠰᠢᠲᠦᠯᠭᠡ ᠪᠤᠢ ᠪᠤᠯᠵᠤ ᠡᠭᠦᠰᠦᠨ ᠪᠦᠷᠢᠯᠳᠦᠭᠰᠡᠨ ᠪᠠᠶᠢᠨ᠎ᠠ᠃ ︽ᠡᠩ ᠤᠨ ᠪᠠᠶᠢᠳᠠᠯ ᠳᠤ᠂ ᠬᠦᠮᠦᠨ | ᠲᠦᠷᠦᠯᠭᠢᠲᠡᠨ ᠤ ᠰᠤᠶᠤᠯ ᠤᠨ ᠲᠡᠦᠭᠡ ᠶᠢᠨ ᠡᠬᠢ ᠰᠤᠷᠪᠤᠯᠵᠢ ᠨᠢ ᠲᠤᠮᠤᠭ ᠪᠠᠶᠢᠵᠤ᠂ ᠦᠵᠡᠯ ᠰᠠᠨᠠᠭᠠᠨ ᠤ ᠲᠡᠦᠭᠡ | ᠨᠢ ᠰᠢᠭᠤᠳ ᠪᠠᠯᠠᠷᠯᠢᠭ ᠰᠢᠲᠦᠯᠭᠡ ᠪᠢᠰᠢᠷᠡᠯ ᠠᠴᠠ ᠢᠷᠡᠯᠲᠡ ᠲᠠᠢ᠃ ᠶᠠᠷᠢᠶᠠᠨ ᠦᠭᠡᠢ᠂ ᠰᠢᠲᠢᠲᠤ ᠦᠯᠢᠭᠡᠷ ᠪᠠ | ᠰᠢᠲᠦᠯᠭᠡ ᠪᠢᠰᠢᠷᠡᠯ ᠨᠢ ᠦᠷᠬᠦᠯᠵᠢ ᠰᠤᠯᠢᠪᠴᠠᠨ ᠠᠭᠤᠰᠤᠯᠴᠠᠵᠤ᠂ ᠪᠠᠶᠢᠭᠠᠯᠢ ᠶᠢᠨ ᠰᠢᠲᠦᠯᠭᠡ᠂ ᠲᠦᠮᠡᠨ ᠪᠤᠳᠠᠰ | ᠰᠦᠨᠡᠰᠤ ᠲᠠᠢ ᠬᠡᠬᠦ ᠦᠵᠡᠯᠲᠡ ᠨᠢ ᠲᠠᠷᠤᠢ ᠬᠦᠮᠦᠨ ᠲᠦᠷᠦᠯᠬᠢᠲᠡᠨ ᠤ ᠬᠠᠮᠤᠭ ᠠᠩᠬᠠᠨ ᠤ ᠰᠡᠳᠬᠢᠬᠦᠢ ᠪᠠ | ᠲᠠᠨᠢᠯᠲᠠ ᠶᠢᠨ ᠪᠡᠶᠡᠯᠡᠯ ᠪᠤᠯᠵᠠᠢ᠃︾ ﹇12﹈ ᠲᠡᠭᠷᠢ ᠶᠢᠨ ᠰᠢᠲᠦᠯᠭᠡ ᠨᠢ ᠨᠡᠶᠢᠭᠡᠮ ᠤᠨ ᠬᠦᠭᠵᠢᠯ᠂ ᠬᠦᠮᠦᠨ ᠤ | ᠤᠶᠤᠨ ᠰᠡᠳᠬᠢᠭᠦᠢ ᠶᠢᠨ ᠬᠦᠭᠵᠢᠯ ᠢ ᠲᠠᠭᠠᠯᠳᠤᠨ᠂ ᠪᠠᠶᠢᠭᠠᠯᠢ ᠶᠢᠨ ᠰᠢᠲᠦᠯᠭᠡ ᠪᠠ ᠲᠡᠭᠡᠳᠦᠰ ᠤᠨ ᠰᠢᠲᠦᠯᠭᠡ ᠶᠢᠨ | ᠰᠠᠭᠤᠷᠢᠨ ᠳᠤ ᠪᠤᠢ ᠪᠤᠯᠵᠤ᠂ ᠠᠷᠠᠳ ᠤᠨ ᠰᠦᠰᠦᠭ ᠪᠢᠰᠢᠷᠡᠯ ᠠᠴᠠ ᠬᠦᠭᠵᠢᠨ ᠤᠯᠠᠷᠢᠭᠠᠳ᠂ ᠪᠦᠭᠡ ᠮᠦᠷᠬᠦᠯ | ᠤᠨ ᠤᠷᠤᠢ ᠶᠢᠨ ᠰᠢᠲᠦᠭᠡᠨ ᠤ ᠪᠠᠶᠢᠷᠢᠨ ᠳᠤ ᠤᠷᠤᠭᠰᠠᠨ ᠶᠤᠮ᠃ | | ᠵᠡᠬᠦᠯᠲᠡ᠄ | ①⑿高福进᠄《太阳崇拜与太阳神话》上海人民出版社 | 2002年 30页 | ②⑤ ᠮᠠᠨᠳᠤᠬᠤ᠄ ︽ᠠᠷᠠᠳ ᠤᠨ ᠠᠮᠠᠨ ᠵᠤᠬᠢᠶᠠᠯ ᠤᠨ ᠤᠨᠤᠯ︾ ᠯᠢᠶᠤᠤᠨᠢᠩ ᠤᠨ ᠦᠨᠳᠦᠰᠦᠲᠡᠨ ᠤ ᠭᠡᠪᠯᠡᠯ ᠤᠨ | ᠬᠤᠷᠢᠶ᠎ᠠ 2003 ᠤᠨ 215 ᠂ 216 ᠨᠢᠭᠤᠷ | ③④ ᠬᠤᠸᠠᠰᠠᠢ ᠲᠤᠭᠠᠷᠵᠠᠪ᠄ ︽ᠮᠤᠩᠭᠤᠯ ᠤᠨ ᠨᠢᠭᠤᠴᠠ ᠲᠤᠪᠴᠢᠶᠠᠨ︾ ᠬᠠᠷᠭᠤᠭᠤᠯᠤᠨ ᠬᠢᠨᠠᠭᠰᠠᠨ ᠲᠡᠪᠲᠡᠷ᠂ | ᠦᠪᠦᠷ ᠮᠤᠩᠭᠤᠯ ᠤᠨ ᠰᠤᠶᠤᠯ ᠤᠨ ᠭᠡᠪᠯᠡᠯ ᠤᠨ ᠬᠤᠷᠢᠶ᠎ᠠ1984 ᠤᠨ1᠂6 ᠳ᠋ᠤᠭᠠᠷ ᠨᠢᠭᠤᠷ | ⑥ ᠭᠡ᠊᠂ ᠨᠠᠮᠵᠢᠯ᠄ ︽ᠮᠤᠩᠭᠤᠯ ᠲᠤᠮᠤᠭ ᠤᠨ ᠬᠠᠷᠢᠴᠠᠭᠤᠯᠤᠭᠰᠠᠨ ᠰᠤᠳᠤᠯᠤᠯ︾ ᠦᠨᠳᠦᠰᠦᠲᠡᠨ ᠤ ᠭᠡᠪᠯᠡᠯ ᠤᠨ | ᠬᠤᠷᠢᠶ᠎ᠠ 2001 ᠤᠨ 89 ᠨᠢᠭᠤᠷ | ⑦王德保 :《神话的意蕴》中国人民出版社 2002年 | 164页 | ⑧ ᠬᠦᠷᠡᠯᠱᠠ᠄ ︽ᠮᠤᠩᠭᠤᠯ ᠲᠤᠮᠤᠭ ᠤᠨ ᠰᠤᠶᠤᠯ ᠰᠤᠳᠤᠯᠤᠯ ︾ ᠦᠨᠳᠦᠰᠦᠲᠡᠨ ᠤ ᠭᠡᠪᠯᠡᠯ ᠤᠨ ᠬᠤᠷᠢᠶ᠎ᠠ | 2004 ᠤᠨ 170 ᠨᠢᠭᠤᠷ | ⑨ ᠬᠦᠷᠡᠯᠱᠠ᠄ ︽ᠵᠠᠩ ᠦᠢᠯᠡ︾ ᠦᠪᠦᠷ ᠮᠤᠩᠭᠤᠯ ᠤᠨ ᠰᠤᠷᠭᠠᠨ ᠬᠦᠮᠦᠵᠢᠯ ᠤᠨ ᠭᠡᠪᠯᠡᠯ ᠤᠨ ᠬᠤᠷᠢᠶ᠎ᠠ | 2003 ᠤᠨ 221 ᠨᠢᠭᠤᠷ | ⑩ ᠪᠤᠯᠠᠭ᠄ ︽ᠱᠠᠰᠢᠨ ᠰᠤᠷᠲᠠᠬᠤᠨ︾ ᠦᠪᠦᠷ ᠮᠤᠩᠭᠤᠯ ᠤᠨ ᠰᠤᠷᠭᠠᠨ ᠬᠦᠮᠦᠵᠢᠯ ᠤᠨ ᠭᠡᠪᠯᠡᠯ ᠤᠨ ᠬᠤᠷᠢᠶ᠎ᠠ | 2003 ᠤᠨ 266 ᠨᠢᠭᠤᠷ | ⑾ ᠲᠠᠶᠢᠴᠢᠭᠤᠲᠠᠢ ᠮᠠᠨᠰᠠᠩ᠄ ︽ᠮᠤᠩᠭᠤᠯ ᠤᠨ ᠱᠠᠰᠢᠨ ᠤ ᠤᠷᠠᠨ ᠵᠤᠬᠢᠶᠠᠯ ᠤᠨ ᠲᠤᠬᠠᠢ ᠦᠬᠦᠯᠡᠬᠦ ᠨᠢ︾ ︽ | ᠦᠪᠦᠷ ᠮᠤᠩᠭᠤᠯ ᠤᠨ ᠨᠡᠶᠢᠭᠡᠮ ᠤᠨ ᠰᠢᠨᠵᠢᠯᠡᠬᠦ ᠤᠬᠠᠭᠠᠨ︾ ᠰᠡᠳᠬᠦᠯ 1991 ᠤᠨ ᠤ ᠨᠢᠭᠡᠳᠦᠭᠡᠷ | ᠬᠤᠭᠤᠴᠠᠭ᠎ᠠ 68 ᠨᠢᠭᠤᠷ | | ᠵᠣᠬᠢᠶᠠᠭᠴᠢ ᠶᠢᠨ ᠬᠠᠶ᠋ᠢᠭ᠄ ᠬᠡᠰᠢᠭᠳᠡᠨ ᠬᠤᠰᠢᠭᠤᠨ ᠤ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ | | | |