ᠲᠠᠪᠤᠨ ᠬᠤᠰᠢᠭᠤ ᠮᠠᠯ ᠤᠨ ᠲᠠᠯᠠᠯᠭ᠎ᠠ
ᠨᠡᠶᠢᠲᠡᠯᠡᠭᠰᠡᠨ ᠴᠠᠭ᠄
2019/12/31
       ᠮᠤᠩᠭᠤᠯ ᠤᠨ ᠦᠨᠳᠦᠷᠯᠢᠭ ᠪᠤᠯ ᠪᠠᠯᠠᠷ ᠡᠷᠳᠡᠨ ᠤ ᠦᠶ᠎ᠡ ᠠᠴᠠ ᠪᠠᠨ ᠡᠬᠢᠯᠡᠭᠡᠳ ᠲᠠᠪᠤᠨ ᠬᠤᠰᠢᠭᠤ ᠮᠠᠯ  ᠤᠨ ᠠᠷᠠᠴᠢᠯᠠᠭ᠎ᠠ ᠠᠶᠠᠪᠠᠷ ᠢᠶᠠᠨ ᠡᠭᠦᠰᠦᠨ ᠪᠦᠷᠢᠨᠰᠢᠭᠰᠡᠨ ᠰᠤᠷᠪᠤᠯᠵᠢᠯᠭ᠎ᠠ ᠲᠠᠢ ᠰᠤᠶᠤᠯ ᠤᠨ ᠤᠷᠤᠨ ᠪᠤᠯᠤᠨ᠎ᠠ᠃ ᠲᠠᠪᠤᠨ ᠬᠤᠰᠢᠭᠤ ᠮᠠᠯ ᠤᠨ ᠲᠠᠯᠠᠯᠭ᠎ᠠ ᠪᠤᠯ ᠬᠦᠩᠨᠦ ᠶᠢᠨ ᠦᠶ᠎ᠡ ᠶᠢ ᠲᠠᠮᠵᠢᠨ ᠤᠯᠠᠮᠵᠢᠯᠠᠭᠰᠠᠭᠠᠷ ᠢᠷᠡᠭᠰᠡᠨ᠂ ᠮᠠᠯ ᠠᠬᠤᠢ ᠶᠢᠨ ᠬᠡᠰᠢᠭ ᠰᠢᠮ᠎ᠡ ᠶᠢᠨ ᠲᠡᠭᠡᠳᠦᠯᠡᠯ ᠬᠢᠭᠡᠳ ᠮᠠᠯ ᠠᠬᠤᠢ ᠪᠤᠯᠤᠨ ᠪᠠᠶᠢᠭᠠᠯᠢ ᠶᠢᠷᠳᠢᠨᠴᠦ ᠶᠢᠨ ᠬᠤᠭᠤᠷᠤᠨᠳᠤᠬᠢ ᠤᠶᠠᠯᠳᠤᠯ ᠵᠤᠬᠢᠴᠡᠯ ᠳᠤ ᠬᠠᠨᠳᠤᠭᠰᠠᠨ ᠡᠷᠡᠭᠦᠯ ᠪᠦᠳᠦᠨ ᠰᠡᠳᠬᠢᠯ ᠤᠨ ᠲᠡᠭᠡᠳᠦᠯᠡᠯᠭᠡ ᠶᠢᠨ ᠶᠤᠰᠤᠨ ᠪᠤᠯᠬᠤ ᠶᠤᠮ᠃ ᠬᠦᠮᠦᠨ ᠪᠠᠶᠢᠭᠠᠯᠢ᠂ ᠬᠦᠮᠦᠨ ᠠᠮᠢᠳᠠᠨ ᠤ ᠬᠤᠭᠤᠷᠤᠨᠳᠤᠬᠢ ᠬᠦᠮᠦᠡᠯᠢᠭ ᠶᠤᠰᠤᠨ ᠤ ᠠᠷᠢᠭᠤᠨ ᠤᠬᠠᠮᠰᠠᠷ ᠢ ᠬᠠᠷᠠᠭᠤᠯᠤᠭᠰᠠᠨ ᠡᠨᠡᠬᠦ ᠬᠦᠨ ᠨᠠᠷᠢᠨ ᠤᠶᠠᠯᠳᠤᠯ ᠲᠠᠢ ᠤᠯᠠᠮᠵᠢᠯᠠᠯᠳᠤ ᠰᠤᠶᠤᠯ ᠤᠨ ᠢᠶᠠᠨ ᠲᠤᠭᠳᠠᠯᠴᠠᠭ᠎ᠠ ᠶᠢ ᠵᠦᠢ ᠶᠤᠰᠤ ᠪᠠᠷ ᠨᠢ ᠬᠦᠯᠢᠶᠡᠨ ᠠᠪᠴᠦ ᠲᠤᠯᠢᠭᠤᠯᠤᠨ᠂ ᠨᠡᠶᠢᠳᠡ ᠮᠤᠩᠭᠤᠯ ᠤᠨ ᠢᠶᠠᠨ ᠲᠤᠮᠳᠠ ᠰᠡᠷᠭᠦᠭᠡᠨ ᠠᠮᠢᠯᠠᠭᠤᠯᠵᠦ ᠦᠵᠡᠭᠦᠯᠦᠭᠰᠡᠨ ᠨᠢ ︽ᠪᠤᠷᠤ ᠦᠨᠳᠦᠷ ᠤᠨ ᠮᠤᠩᠭᠤᠯ ᠰᠤᠶᠤᠯ ᠤᠨ ᠬᠦᠷᠢᠶᠡᠯᠡᠩ︾ ᠪᠤᠯᠤᠨ᠎ᠠ᠃ ︽ᠪᠤᠷᠤ ᠦᠨᠳᠦᠷ ᠤᠨ ᠮᠤᠩᠭᠤᠯ ᠰᠤᠶᠤᠯ ᠤᠨ ᠬᠦᠷᠢᠶᠡᠯᠡᠩ︾ ᠪᠤᠯ ᠰᠢᠯᠢ ᠶᠢᠨ ᠭᠤᠤᠯ ᠠᠶᠢᠮᠠᠭ ᠤᠨ ᠰᠢᠯᠤᠭᠤᠨ ᠬᠦᠪᠡᠭᠡᠳᠦ ᠰᠢᠷ᠎ᠡ ᠬᠤᠰᠢᠭᠤᠨ ᠤ ᠪᠤᠯᠳᠤ ᠭᠠᠴᠠᠭᠠᠨ ᠤ ᠪᠤᠷᠤ ᠦᠨᠳᠦᠷ ᠬᠡᠮᠡᠬᠦ ᠤᠷᠤᠢ ᠳᠤ ᠪᠡᠶᠢᠷᠢᠯᠡᠵᠦ ᠪᠠᠶᠢᠭ᠎ᠠ ᠮᠤᠩᠭᠤᠯ ᠬᠡᠯᠡᠨ ᠤ ᠦᠰᠦᠭ ᠵᠦᠢ ᠶᠢᠨ ᠶᠤᠰᠤ ᠪᠠᠷ ᠰᠤᠪᠤᠷᠭᠠᠯᠠᠨ ᠪᠤᠰᠬᠠᠭᠰᠠᠨ ᠦᠪᠡᠷᠮᠢᠴᠠ ᠲᠤᠰᠠᠭᠠᠷ ᠤᠨᠴᠠᠯᠢᠭ ᠴᠢᠨᠠᠷ ᠲᠠᠢ ᠨᠤᠮ ᠰᠤᠶᠤᠯ ᠤᠨ ᠰᠠᠭᠤᠷᠢᠨ ᠪᠤᠯᠤᠨ᠎ᠠ᠃ ᠪᠤᠳᠠᠳᠤ ᠵᠡᠩ ᠦᠢᠯᠡ ᠶᠢ ᠨᠢ ︽ᠲᠤᠮᠳᠠᠳᠤ ᠤᠯᠤᠰ ᠤᠨ ᠮᠤᠩᠭᠤᠯ ᠰᠤᠶᠤᠯ ᠤᠯᠠᠮᠵᠢᠯᠠᠵᠦ ᠰᠤᠳᠤᠯᠬᠤ ᠰᠠᠭᠤᠷᠢᠨ︾ ᠠᠴᠠ ᠰᠢᠭᠤᠳ ᠭᠠᠷᠳᠠᠨ ᠬᠦᠢᠴᠡᠭᠡᠵᠦ ᠵᠢᠯ ᠪᠤᠯᠭᠠᠨ ᠲᠤᠭᠳᠠᠮᠠᠯ ᠬᠤᠭᠤᠴᠠᠭ᠎ᠠ ᠲᠠᠢ ᠪᠠᠷ ᠰᠤᠶᠤᠯ᠂ ᠰᠤᠷᠭᠠᠨ ᠬᠦᠮᠦᠵᠢᠯ ᠤᠨ ᠪᠤᠳᠠᠳᠤ ᠠᠵᠢᠯᠯᠠᠭ᠎ᠠ ᠶᠠᠪᠤᠭᠳᠠᠭᠤᠯᠬᠤ ᠪᠠᠷ ᠲᠠᠮᠵᠢᠭᠤᠯᠤᠨ᠂ ᠮᠤᠩᠭᠤᠯ ᠰᠤᠶᠤᠯ ᠢᠶᠠᠨ ᠰᠡᠷᠭᠦᠭᠡᠨ ᠤᠯᠠᠮᠵᠢᠯᠠᠬᠤ᠂ ᠰᠤᠶᠤᠯ ᠰᠤᠷᠭᠠᠨ ᠬᠦᠮᠦᠵᠢᠯ ᠤᠨ ᠬᠦᠮᠦᠷᠭᠡ ᠳᠤ ᠪᠤᠳᠠᠳᠤ ᠠᠭᠤᠯᠭ᠎ᠠ ᠨᠡᠮᠡᠷᠢᠯᠡᠬᠦ ᠬᠢᠭᠡᠳ ᠤᠯᠤᠰ ᠤᠨ ᠲᠤᠳᠤᠭᠠᠳᠤ ᠭᠠᠳᠠᠭᠠᠳᠤ ᠡᠯ᠎ᠡ ᠡᠳᠡᠭᠡᠳ ᠤᠨ ᠰᠤᠶᠤᠯ ᠤᠨ ᠰᠤᠳᠤᠯᠭᠠᠨ ᠳᠤ ᠲᠦᠬᠦᠮ ᠲᠦᠳᠡ ᠦᠵᠡᠬᠦᠯᠬᠦ ᠵᠡᠷᠭᠡ ᠨᠦᠬᠦᠴᠡᠯ ᠪᠤᠯᠤᠮᠵᠢ ᠶᠢ ᠪᠦᠷᠢᠨᠰᠢᠬᠦᠯᠵᠦ ᠶᠠᠪᠤᠭ᠎ᠠ᠃ ᠠᠭᠠᠷ ᠠᠮᠢᠰᠬᠤᠯ᠂ ᠢᠯᠴᠢ ᠭᠡᠷᠡᠯ᠂ ᠤᠰᠤ᠂ ᠬᠦᠷᠦᠰᠦ ᠪᠤᠯᠤᠨ ᠤᠷᠤᠨ ᠵᠠᠢ ᠪᠤᠯ ᠪᠦᠬᠦᠶᠢᠯᠡ ᠠᠮᠢ ᠨᠠᠰᠤᠨ ᠤ ᠤᠷᠤᠰᠢᠨ ᠲᠤᠭᠳᠠᠨᠢᠯ ᠤᠨ ᠢᠵᠠᠭᠤᠷ ᠲᠠᠪᠤᠨ ᠰᠠᠭᠤᠷᠢ ᠨᠦᠬᠦᠴᠡᠯ ᠪᠤᠯᠬᠤ ᠶᠤᠮ᠃ ᠮᠤᠩᠭᠤᠯᠴᠤᠳ ᠪᠤᠯ ᠠᠭᠠᠷ ᠠᠮᠢᠰᠬᠤᠯ ᠤᠨ ᠲᠡᠭᠡᠳᠦᠯᠡᠯᠭᠡ ᠠᠴᠠ ᠬᠡᠶᠢᠮᠤᠷᠢ ᠶᠢᠨ ᠰᠤᠶᠤᠯ ᠲᠠᠢ᠂ ᠢᠯᠴᠢ ᠭᠡᠷᠡᠯ ‍ᠤᠨ‌‍ᠲ᠋ᠡᠭᠡᠳᠦᠯᠡᠯᠭᠡ ᠠᠴᠠ ᠭᠠᠯ ᠤᠨ ᠰᠤᠶᠤᠯ ᠲᠠᠢ᠂ ᠤᠰᠤ ᠲᠡᠭᠡᠳᠦᠯᠡᠯᠭᠡ ᠠᠴᠠ ᠰᠠᠴᠤᠯᠢ ᠶᠢᠨ ᠰᠤᠶᠤᠯ ᠲᠠᠢ᠂ ᠭᠠᠵᠠᠷ ᠲᠡᠭᠡᠳᠦᠯᠡᠯᠭᠡ ᠠᠴᠠ ᠤᠪᠤᠭᠠᠨ ᠰᠤᠶᠤᠯ ᠲᠠᠢ ᠪᠦᠬᠡᠳ ᠪᠠᠰᠠ ᠤᠷᠤᠨ ᠵᠠᠢ ᠶᠢᠨ ᠲᠡᠭᠡᠳᠦᠯᠡᠯ ᠠᠴᠠ ᠮᠦᠩᠭᠡ ᠲᠡᠭᠷᠢ ᠶᠢᠨ ᠰᠤᠶᠤᠯ ᠲᠠᠢ ᠤᠭᠰᠠᠭ᠎ᠠ ᠪᠤᠯᠤᠨ᠎ᠠ᠃ ᠮᠤᠩᠭᠤᠯᠴᠤᠳ ᠤᠨ ᠠᠵᠦ ᠠᠮᠢᠳᠤᠷᠠᠯ ᠤᠨ ᠭᠤᠤᠯ ᠲᠦᠰᠢᠯᠴᠡᠭᠡ ᠪᠤᠯᠤᠭᠴᠢ ᠲᠠᠪᠤᠨ ᠬᠤᠰᠢᠭᠤ ᠮᠠᠯ ᠤᠨ ᠬᠢᠨᠢ ᠢᠮᠠᠭ᠎ᠠ ᠨᠢ ᠪᠠᠰᠠ ᠰᠠᠯᠬᠢᠨ ᠤ ᠤᠨᠴᠠᠯᠢᠭ ᠴᠢᠨᠠᠷ ᠲᠠᠢ ᠤᠶᠠᠯᠳᠤᠨ᠂ ᠮᠤᠷᠢ ᠨᠢ ᠭᠠᠯ ᠤᠨ ᠤᠨᠴᠠᠯᠢᠭ ᠴᠢᠨᠠᠷ ᠲᠠᠢ ᠤᠶᠠᠯᠳᠤᠨ᠂ ᠬᠤᠨᠢ ᠨᠢ ᠤᠰᠤᠨ ᠤ ᠤᠨᠴᠠᠯᠢᠭ ᠴᠢᠨᠠᠷ ᠲᠠᠢ ᠤᠶᠠᠯᠳᠤᠨ ᠂ ᠦᠭᠡᠷ ᠨᠢ ᠭᠠᠵᠠᠷ ᠤᠨ ᠤᠨᠴᠠᠯᠢᠭ ᠴᠢᠨᠠᠷ ᠲᠠᠢ ᠤᠶᠠᠯᠳᠤᠨ᠂ ᠲᠡᠮᠡᠭᠡ ᠨᠢ ᠪᠦᠬᠦᠳᠡ ᠨᠦᠬᠦᠴᠡᠯ ᠢ ᠠᠬᠤᠭᠤᠯᠤᠭᠰᠠᠨ ᠢᠶᠠᠷ ᠢᠶᠠᠨ ᠤᠭᠳᠠᠷᠭᠤᠢ ᠶᠢᠨ ᠴᠢᠨᠠᠷ ᠲᠠᠢ ᠤᠶᠠᠯᠳᠤᠵᠦ ᠪᠠᠶᠢᠳᠠᠭ ᠤᠨᠴᠠᠯᠢᠭ ᠲᠠᠢ᠃ ᠲᠠᠯᠠᠯᠭ᠎ᠠ  ᠶᠢᠨ ᠰᠤᠶᠤᠯ ᠪᠤᠯ ᠮᠦᠨᠴᠦ ᠰᠡᠳᠬᠢᠯ ᠮᠡᠳᠡᠷᠡᠮᠵᠢ ᠪᠤᠯᠤᠨ ᠪᠤᠳᠠᠳᠤ ᠠᠬᠤᠢ ᠬᠤᠶᠠᠷ ᠤᠨ ᠤᠶᠠᠯᠳᠤᠯ ᠤᠨ ᠤᠬᠠᠭᠠᠨ ᠪᠤᠯᠬᠤ ᠲᠤᠯᠠ ᠢᠮᠠᠭᠠᠨ ᠲᠠᠯᠠᠯᠭ᠎ᠠ ᠠᠴᠠ ᠠᠵᠠ ᠬᠡᠶᠢᠮᠤᠷᠢ ᠲᠡᠭᠵᠢᠨ ᠪᠠᠳᠠᠷᠠᠬᠤ᠂ ᠠᠳᠤᠭᠤᠨ ᠲᠠᠯᠠᠯᠭ᠎ᠠ ᠠᠴᠠ ᠰᠦᠭ ᠰᠦᠯᠳᠡ ᠦᠭᠡᠳᠠ ᠪᠤᠰᠤᠭ᠎ᠠ ᠪᠤᠯᠬᠤ᠂ ᠬᠤᠨᠢᠨ ᠲᠠᠯᠠᠯᠭ᠎ᠠ ᠠᠴᠠ ᠦᠨᠢᠷ ᠦᠰᠭᠦᠯᠡᠩ ᠠᠮᠢᠵᠢᠷᠠᠯ ᠤᠨ ᠰᠢᠮ᠎ᠡ ᠶᠢ ᠤᠯᠬᠤ᠂ ᠦᠭᠡᠷ ᠤᠨ ᠲᠠᠯᠠᠯᠭ᠎ᠠ ᠠᠴᠠ ᠠᠵᠦ ᠠᠮᠢᠳᠤᠷᠠᠯ ᠪᠠᠳᠤᠵᠢᠨ ᠰᠠᠭᠤᠷᠢᠰᠢᠬᠤ ᠵᠢᠴᠢ ᠲᠡᠮᠡᠭᠡᠨ ᠲᠠᠯᠠᠯᠭ᠎ᠠ ᠠᠴᠠ ᠤᠷᠤᠨ ᠵᠠᠢ ᠴᠢᠯᠦᠭᠡᠵᠢᠨ ᠲᠦᠭᠡᠨ ᠲᠡᠯᠭᠡᠷᠡᠬᠦ ᠮᠡᠳᠦ ᠶᠢᠨ ᠠᠴᠢ ᠦᠢᠯᠡᠳᠦᠯ ᠨᠦᠭᠦᠳ ᠲᠤ ᠨᠦᠬᠦᠴᠡᠵᠦ ᠪᠤᠯᠳᠠᠭ᠃
 
ᠢᠷᠡᠯᠲᠡ᠄ ᠬᠡᠰᠢᠭᠳᠡᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号