ᠭᠤᠩᠴᠣᠭᠰᠡᠷᠡᠩ ᠠᠪᠣᠷᠭᠤ
ᠨᠡᠶᠢᠲᠡᠯᠡᠭᠰᠡᠨ ᠴᠠᠭ᠄
2014/9/18
       ᠬᠡᠰᠢᠭᠲᠡᠨ ᠤ ᠬᠤᠰᠢᠭᠤ ᠨᠣᠳᠤᠭ ᠠᠴᠠ ᠡᠷᠳᠡᠮᠳᠡᠨ ᠪᠣᠯᠣᠨ ᠰᠠᠶᠢᠨ ᠪᠥᠬᠡ ᠲᠠᠰᠣᠷᠠᠳᠠᠭ ᠥᠭᠡᠢ ᠭᠡᠵᠥ ᠤᠯᠠᠮᠵᠢᠯᠠᠨ ᠶᠠᠷᠢᠭᠳᠠᠳᠠᠭ᠃       ᠬᠡᠰᠢᠭᠳᠡᠨ ᠤ ᠳᠡᠭᠡᠷ᠎ᠡ ᠥᠶ᠎ᠡ ᠶᠢᠨ ᠰᠠᠶᠢᠨ ᠪᠥᠬᠡᠴᠥᠥᠯ ᠳᠤ ᠪᠠᠶᠠᠨᠴᠠᠭᠠᠨ᠂ ᠭᠠᠷᠤᠳᠢ᠂ ᠠᠯᠲᠠᠨᠸᠠᠴᠢᠷ᠂ ᠳᠡᠯᠬᠡᠶᠢᠬᠤᠩᠭᠤᠷ᠂ ᠳᠠᠯᠠᠶᠢᠪᠣᠯᠠᠭ᠂ ᠰᠧᠮᠧ᠂ ᠰᠣᠳᠮᠠᠸᠠᠩᠴᠤᠭ᠂ ᠸᠠᠩᠴᠤᠭ᠂ ᠰᠢᠷᠠᠯᠠᠢ᠂ ᠡᠨᠡᠪᠢᠰᠢ ᠂ ᠠᠨᠤ ᠁ ᠭᠡᠬᠦ ᠣᠯᠠᠨ ᠰᠠᠶᠢᠨ ᠪᠥᠬᠡᠴᠥᠥᠯ ᠪᠠᠶᠢᠪᠠ᠃ ᠤᠷᠴᠢᠮ ᠥᠶ᠎ᠡ ᠠᠴᠠ ᠰᠠᠶᠢᠨ ᠪᠥᠬᠡᠴᠥᠥᠯ ᠤᠨ ᠳᠣᠳᠣᠷ᠎ᠠ ᠠᠴᠠ ᠭᠤᠩᠴᠣᠭᠰᠡᠷᠡᠩ ᠴᠣᠯᠭᠤᠷᠠᠨ ᠭᠠᠷᠴᠠᠢ᠃       ᠭᠤᠩᠴᠣᠭᠰᠡᠷᠡᠩ ᠪᠣᠯ ᠰᠢᠨ᠎ᠡ ᠳᠣᠮᠳᠠᠳᠤ ᠣᠯᠣᠰ ᠤᠨ ᠪᠡᠶ᠎ᠡ ᠲᠠᠮᠢᠷ ᠤᠨ ᠪᠥᠬᠡ ᠶᠢᠨ ᠲᠠᠪᠴᠩ ᠳᠡᠭᠡᠷ᠎ᠡ ᠢᠯᠡᠷᠡᠨ ᠭᠠᠷᠣᠭᠰᠠᠨ ᠥᠪᠣᠷ ᠮᠤᠩᠭᠤᠯ ᠤᠷᠣᠨ ᠤ ᠠᠷᠪᠠᠨ ᠳᠣᠯᠳᠭᠠᠨ ᠨᠡᠷᠡᠰ ᠤᠳᠭᠠᠨ ᠠᠪᠣᠷᠭᠤ ᠪᠥᠬᠡ  ᠶᠢᠨ ᠨᠢᠭᠡ᠂ ᠵᠣᠤ ᠣᠳᠠ ᠠᠶᠢᠮᠠᠭ ᠤᠨ ᠴᠤᠷ ᠤᠨ ᠭᠠᠭᠴᠠ ᠠᠩᠬᠠᠨ ᠤ ᠠᠪᠤᠷᠭᠤ ᠶᠤᠮ᠃       ᠲᠡᠷᠡ ᠬᠥᠬᠡ ᠨᠣᠬᠠᠢ ᠵᠢᠯ (1934.9) ᠳᠤ ᠬᠡᠰᠢᠭᠳᠡᠨ ᠪᠠᠷᠠᠭᠤᠨ ᠠᠷᠤ ᠶᠢᠨ ᠭᠤᠷᠪᠠᠨ ᠬᠥᠷᠢᠶ᠎ᠡ ᠶᠢᠨ ᠨᠣᠳᠤᠭ ᠲᠠᠢ ᠵᠢᠷ ᠤᠨ ᠮᠠᠯᠴᠢᠨ ᠢᠳᠡᠷᠵᠠᠨ᠎ᠠ᠂ ᠯᠢᠩᠬᠤᠸ᠎ᠠ ᠶᠢᠨ ᠬᠥᠪᠡᠭᠦᠨ ᠪᠣᠯᠣᠨ ᠵᠠᠶᠠᠭᠠᠵᠤ᠂ ᠡᠥ ᠰᠠᠨ ᠭᠥᠢ ᠣᠪᠣᠭ ᠤᠨ ᠵᠢᠭᠮᠡᠳ ᠳ᠋ᠠ ᠳᠤ ᠥᠷᠡᠴᠢᠯᠡᠭᠳᠡᠵᠠᠢ᠃ ᠬᠠᠷᠠᠬᠠᠨ ᠪᠠᠭ᠎ᠠ ᠠᠴᠠ ᠪᠥᠬᠡ ᠶᠢᠨ ᠠᠪᠢᠶᠠᠰ ᠪᠢᠯᠢᠭ  ᠲᠠᠢ ᠲᠣᠯᠠ ᠥᠶ᠎ᠡ ᠬᠤᠷᠠᠭ ᠤᠨ ᠨᠠᠶᠢᠵᠢ ᠨᠥᠬᠦᠳ ᠲᠠᠢ ᠪᠠᠨ ᠥᠷᠭᠦᠯᠵᠢ ᠪᠠᠷᠢᠯᠳᠣᠵᠤ ᠨᠣᠴᠤᠯᠳᠣᠬᠤ ᠳᠣᠷ᠎ᠠ ᠪᠠᠭ᠋ᠠᠲᠠᠢ ᠬᠡᠵᠢᠶᠡᠳᠠ ᠣᠯᠠ ᠨᠢ ᠰᠠᠯᠣᠩᠬᠢ ᠭᠤᠳᠣᠯ᠂ ᠮᠥᠷᠥ ᠨᠢ ᠣᠷᠠᠩᠬᠠᠢ ᠬᠤᠪᠴᠠᠰᠤ ᠲᠠᠢ ᠶᠠᠪᠣᠳᠠᠭ᠃ ᠨᠠᠭᠠᠳᠴᠤ ᠪᠠᠷᠢᠯᠳᠣᠬᠤ ᠬᠥᠮᠥᠨ ᠳᠣᠬᠢᠶᠠᠯᠳᠣᠪᠠᠯ ᠨᠠᠷᠠ ᠰᠢᠩᠭᠡᠵᠤ᠂ ᠰᠠᠷᠠ ᠵᠢᠷᠭᠠᠳᠠᠯ᠎ᠠ ᠪᠠᠷᠢᠯᠳᠤᠭᠰᠠᠨ ᠴᠦ ᠰᠠᠨᠠᠭ᠎ᠠ ᠬᠠᠨᠳᠠᠭ ᠥᠭᠡᠢ᠃ ᠠᠷᠪᠠᠨ ᠨᠠᠢᠮᠠᠲᠠᠢ ᠠᠩᠬ᠎ᠠ ᠬᠡᠰᠢᠭᠳᠡᠨ ᠰᠥᠯᠳᠡ ᠣᠪᠣᠭᠠᠨ ᠤ ᠲᠠᠬᠢᠯᠭ᠎ᠠ ᠶᠢᠨ ᠶᠡᠭᠡ ᠨᠠᠶᠢᠷ ᠲᠤ ᠪᠠᠷᠢᠯᠳᠣᠭᠰᠠᠨ ᠠᠴᠠ ᠡᠬᠢᠯᠡᠨ (1950᠂1953᠂1956᠂1961 ᠣᠨ ) ᠬᠤᠰᠢᠭᠤ ᠰᠥᠯᠳᠡ ᠤᠪᠤᠭ᠎ᠠ ᠲᠠᠬᠢᠯᠭ᠎ᠠ ᠶᠢᠨ ᠶᠡᠭᠡ ᠨᠠᠶᠢᠷ ᠲᠤ ᠳᠥᠷᠪᠡ ᠤᠳᠠᠭ᠎ᠠ ᠪᠠᠷᠢᠯᠳᠣᠵᠤ ᠨᠢᠭᠡ ᠤᠳᠠᠭ᠎ᠠ ᠲᠡᠳ᠋ᠯᠡᠵᠤ᠂ ᠬᠤᠶᠠᠷ ᠤᠳᠠᠭ᠎ᠠ ᠲᠡᠷᠢᠭᠦᠯᠡᠪᠡ᠃       ᠭᠤᠩᠴᠣᠭᠰᠡᠷᠡᠩ ᠬᠤᠷᠢ ᠬᠥᠷᠬᠦ ᠶᠢᠨ ᠥᠶ᠎ᠡ ᠳᠤ 1.70 ᠮᠧᠲᠷ᠂ ᠪᠡᠶ᠎ᠡ ᠶᠢᠨ ᠬᠥᠨᠳᠥ 60kg ᠳᠤ ᠬᠥᠷᠴᠠᠢ᠃ ᠴᠡᠭᠡᠵᠢ ᠠᠭᠤᠳᠠᠮ᠂ ᠮᠥᠷᠥ ᠲᠡᠭᠰᠢ᠂ ᠰᠢᠯᠢ ᠰᠠᠶᠢᠲᠠᠢ ᠪᠥᠬᠡ ᠬᠥᠮᠥᠨ ᠤ ᠪᠠᠶᠢᠳᠠᠯ ᠢᠯᠡᠷᠡᠨ ᠬᠡᠳᠣᠢ ᠲᠡᠩᠴᠡᠰᠢ ᠥᠭᠡᠢ ᠬᠥᠮᠥᠨ ᠲᠠᠢ ᠪᠠᠨ ᠲᠡᠳᠣᠢ ᠮᠥᠷᠥᠶᠢᠴᠡᠬᠦ ᠪᠠᠭ᠋ᠠᠳᠠᠢ᠂ ᠬᠡᠳᠣᠢ ᠣᠨᠠᠵᠤ ᠬᠠᠶᠠᠭᠳᠠᠭᠰᠠᠨ ᠴᠦ ᠬᠠᠯᠠᠰᠢᠷᠠᠵᠣ ᠮᠣᠬᠤᠳᠠᠭ ᠥᠭᠡᠢ ᠤᠨᠴᠠᠯᠢᠭ ᠲᠠᠢ᠂ ᠬᠡᠵᠢᠶ᠎ᠡ ᠲᠡᠶᠢᠯᠪᠡᠯ ᠰᠠᠶ᠋ᠢ ᠰᠠᠨᠠᠭ᠎ᠠ ᠰᠡᠳᠭᠢᠯ ᠠᠮᠠᠷᠠᠳᠠᠭ ᠪᠢᠯᠡ᠃       1953 ᠤᠨ ᠤ ᠰᠢᠯᠢ ᠶᠢᠨ ᠭᠤᠣᠯ ᠠᠶᠢᠮᠠᠭ ᠤᠨ ᠶᠬᠡ ᠨᠠᠶᠢᠷ ᠲᠤ ᠲᠡᠷᠠ ᠥᠪᠥᠷ ᠮᠣᠩᠭᠤᠯ ᠣᠷᠣᠨ ᠤ ᠶᠢᠰᠤᠨ ᠠᠶᠢᠮᠠᠭ ᠤᠨ ᠠᠩᠬᠠᠳᠠᠭᠴᠢ ᠤᠳᠠᠭᠠᠨ ᠤ ᠳᠣᠮᠳᠠᠳᠤ ᠮᠠᠶ᠋ᠢᠭ ᠤᠨ 68kg ᠤᠨ ᠵᠠᠯᠠᠭᠤᠴᠣᠳ  ᠤᠨ ᠪᠥᠬᠡ ᠶᠢᠨ ᠲᠡᠳ᠋ ᠬᠥᠩᠭᠡᠨ ᠲᠡᠰ ᠤᠨ ᠣᠷᠣᠯᠳᠣᠭᠠᠨ ᠳᠤ ᠨᠡᠷ᠎ᠡ ᠮᠡᠳᠡᠭᠦᠯᠵᠥ᠂ ᠵᠡᠭᠦᠨ ᠥᠵᠥᠮᠥᠴᠢᠨ ᠤ ᠠᠯᠳᠠᠷᠳᠤ ᠪᠥᠬᠡ ᠨᠤᠷᠳᠤᠨ ᠤ ᠰᠢᠷᠤᠪ ( ᠭᠤᠸᠠ ᠰᠢᠷᠣᠪ ) ᠲᠠᠢ ᠮᠥᠷᠥᠶᠢᠴᠡᠨ ᠬᠥᠨᠳᠤ ᠰᠢᠷᠬᠠᠳᠤᠵᠤ ᠤᠷᠤᠯᠳᠤᠭᠠᠨ ᠠᠴᠠ ᠬᠠᠰᠤᠭᠳᠠᠨ ᠳᠥᠷᠪᠡᠳᠤᠭᠡᠷ ᠨᠡᠷ᠎ᠡ ᠳᠤ ᠣᠷᠤᠪᠠ᠃ ᠲᠡᠷᠡ ᠤᠳᠠᠭᠠᠨ ᠤ ᠣᠷᠣᠨ ᠤ ᠬᠡᠪᠴᠢᠶᠡᠨ  ᠤ ᠵᠠᠯᠠᠭᠤ ᠪᠥᠬᠡᠴᠣᠳ ᠰᠣᠩᠭᠤᠬᠤ ᠬᠠᠷᠠᠭ᠎ᠠ ᠳᠤ ᠣᠨᠣᠭᠳᠠᠵᠤ ᠰᠣᠷᠢᠶ᠎ᠠ ᠶᠢᠨ ᠪᠥᠬᠡ ᠪᠠᠷ ᠥᠯᠡᠳᠡᠭᠰᠡᠨ ᠪᠠᠶᠢᠨ᠎ᠠ᠃       ᠰᠤᠷᠢᠶ᠎ᠠ ᠶᠢᠨ ᠵᠠᠯᠠᠭᠤᠴᠣᠳ ᠲᠤ ᠥᠵᠥᠮᠥᠴᠢᠨ ᠤ ᠰᠡᠩᠭᠡ᠂ ᠠᠪᠠᠭ᠎ᠠ ᠶᠢᠨ ᠯᠥᠨᠳᠥᠪ᠂ ᠰᠥᠨᠢᠳ ᠤᠨ ᠲᠥᠳᠥᠪ᠂ ᠬᠡᠰᠢᠭᠲᠡᠨ ᠤ ᠭᠤᠩᠴᠣᠭᠰᠡᠷᠡᠩ ᠵᠡᠷᠭᠡ ᠵᠢᠷᠠᠭᠠᠳ ᠨᠡᠷᠡᠰ ᠢ ᠰᠣᠩᠭᠤᠵᠤ ᠪᠠᠷᠠᠭᠤᠨ ᠥᠵᠥᠮᠥᠴᠢᠨ ᠤ ᠤᠯᠠᠭᠠᠨᠬᠠᠭᠠᠯᠭ᠎ᠠ ᠳᠤ ᠠᠪᠠᠴᠢᠵᠤ ᠥᠵᠥᠮᠥᠴᠢᠨ ᠤ ᠠᠯᠳᠠᠷᠳᠣ ᠪᠥᠬᠡᠴᠣᠳ᠂ ᠪᠠᠭᠠᠳᠣᠷᠠᠠᠷᠰᠯᠡᠨ ᠤ ᠲᠤᠩᠷᠣᠪᠰᠡᠷᠡᠩ᠂ ᠢᠮᠠᠭᠠᠳᠣ ᠶᠢᠨ ᠪᠠᠳᠤᠸ᠋ᠴᠢᠷ ᠤᠨ ᠰᠧᠳᠡᠩ᠂ ᠮᠠᠮᠠ ᠵᠠᠩᠭᠢ ᠶᠢᠨ ᠠᠷᠠᠰᠢᠰᠧᠪᠴᠢᠨ ( ᠰᠧᠪᠴᠡᠩᠭᠡ )᠂ ᠷᠠᠰᠢᠲᠣᠩᠷᠣᠪ᠂ ᠬᠥᠷᠢᠶ᠎ᠡ ᠪᠣᠶᠠᠨᠴᠣᠭᠳᠣ᠂ ᠬᠥᠷᠢᠶ᠎ᠡ ᠲᠡᠮᠡᠴᠣᠢ᠂ ᠢᠨᠵᠠᠭ᠎ᠠ ᠶᠣᠨᠳᠣᠨ᠂ ᠬᠡᠣᠬᠡᠨ ᠤ ᠡᠷᠬᠢᠮᠪᠠᠳᠣ᠂ ᠠᠷᠰᠯᠠᠨ ᠤ ᠭᠠᠷᠣᠳᠢ᠂ ᠪᠥᠳᠥᠭᠦᠨ ᠵᠢᠷᠭᠠᠯ᠂ ᠰᠢᠨ᠎ᠡ ᠰᠥᠮ᠎ᠡ ᠶᠢᠨ ᠯᠠᠮ᠎ᠠ᠂ ᠣᠨᠠᠭ᠎ᠠ ᠶᠢᠨ ᠸᠠᠩᠴᠤᠭ᠂ ᠡᠰᠡᠷᠡᠭ ᠨᠠᠷ ᠢ ᠵᠠᠯᠠᠵᠤ ᠣᠷᠣᠯᠴᠠᠭᠤᠯᠣᠭᠰᠠᠨ ᠪᠠᠶᠢᠨ᠎ᠠ᠃ ᠰᠤᠷᠢᠶ᠎ᠠ ᠶᠢᠨ ᠬᠤᠭᠤᠴᠠᠭ᠎ᠠ ᠨᠢ ᠪᠠᠷᠤᠭ ᠬᠤᠶᠠᠷ ᠰᠠᠷ᠎ᠠ ᠰᠢᠬᠠᠮ ᠶᠠᠪᠣᠭᠳᠠᠬᠤ ᠳᠤ ᠨᠠᠰᠤ ᠪᠠᠭ᠎ᠠ ᠭᠤᠩᠴᠣᠭᠰᠡᠷᠡᠩ ᠳᠤ ᠬᠡᠯᠡᠪᠡᠯ ᠰᠣᠷᠢᠶ᠎ᠠ ᠶᠢᠨ ᠠᠩᠬᠠᠨ ᠤ ᠬᠤᠭᠤᠴᠠᠭᠠᠨ ᠳᠤ ᠠᠯᠳᠠᠷᠳᠣ ᠪᠥᠬᠡᠴᠣᠳ ᠢ ᠲᠠᠪᠠᠭ᠋ᠤ ᠶᠢ ᠪᠢᠳᠡᠭᠡᠢ ᠬᠡᠯᠡ᠂ ᠲᠠᠯ᠎ᠠ ᠮᠥᠴᠢᠨ ᠤ ᠲᠤᠷᠪᠢ ᠬᠥᠴᠤᠨ ᠨᠢ ᠲᠡᠩᠴᠡᠰᠢ ᠥᠭᠡᠢ ᠢᠯᠠᠭᠳᠠᠵᠣ ᠪᠠᠶᠢᠪᠠ᠃ ᠰᠣᠷᠢᠶ᠎ᠠ ᠶᠢᠨ ᠳᠣᠮᠳᠠ ᠬᠤᠭᠤᠴᠠᠭ᠎ᠠ ᠪᠣᠯᠬᠤ ᠳᠤ ᠠᠷᠠᠢ ᠭᠡᠵᠤ ᠠᠮᠢ ᠪᠠᠨ ᠬᠤᠷᠢᠭᠯᠠᠬᠤ ᠬᠡᠮᠵᠢᠶ᠎ᠡ ᠳᠤ ᠬᠥᠷᠴᠤ ᠰᠣᠷᠢᠶ᠎ᠠ ᠶᠢᠨ ᠰᠡᠭᠦᠯᠴᠢ ᠪᠣᠯᠬᠤ ᠳᠤ ᠠᠪᠣᠨ ᠲᠠᠯᠪᠢᠨ ᠣᠨᠠᠬᠤ ᠥᠭᠡᠢ ᠮᠥᠷᠳᠡᠭᠡᠨ ᠠᠯᠠᠭ ᠡᠭᠡᠯᠵᠢ ᠬᠠᠷᠢᠭᠤ ᠲᠠᠢ ᠪᠣᠯᠵᠣ ᠲᠡᠭᠡᠭᠰᠢᠯᠡᠭᠰᠡᠨ ᠭᠡᠨ᠎ᠡ᠃ ᠰᠣᠷᠢᠶ᠎ᠠ ᠶᠢᠨ ᠪᠠᠭᠰᠢ ᠨᠠᠷ ᠠᠴᠠ ᠬᠡᠰᠢᠭᠲᠡᠨ ᠤ ᠭᠤᠩᠴᠣᠭᠰᠡᠷᠡᠩ ᠢ ᠣᠨᠠᠭᠠᠳ ᠮᠣᠬᠤᠳᠠᠭ ᠥᠭᠡᠢ᠂ ᠤᠶᠠᠭᠠᠳ ᠰᠤᠯᠠᠷᠠᠳᠠᠭ ᠦᠭᠡᠢ ᠪᠦᠬᠡ ᠪᠤᠯᠬᠤ ᠵᠤᠷᠢᠭ ᠰᠥᠰᠦ ᠲᠠᠢ ᠬᠦᠮᠥᠨ ᠭᠡᠵᠦ ᠦᠨᠡᠯᠡᠵᠦ ᠭᠡᠯ᠎ᠡ᠃ ᠰᠤᠷᠢᠶ᠎ᠠ ᠶᠢᠨ ᠪᠥᠬᠡᠴᠦᠦᠯ ᠤᠨ ᠲᠤᠲᠤᠷ᠎ᠠ ᠠᠴᠠ ᠦᠪᠦᠷ ᠮᠤᠩᠭᠤᠯ ᠤᠷᠤᠨ ᠤ ᠠᠩᠬᠠᠳᠤᠭᠠᠷ ᠤᠳᠠᠭᠠᠨ ᠤ ᠪᠦᠬᠡ ᠶᠢᠨ ᠪᠤᠯᠪᠠᠰᠤᠷᠠᠯ ᠤᠨ ᠠᠩᠬᠢ ᠶᠢᠨ ᠲᠠᠮᠢᠷᠴᠢᠨ ᠢᠶᠠᠷ ᠰᠢᠯᠢᠭᠳᠡᠨ ᠬᠦᠬᠡᠬᠤᠲᠠ ᠳᠤ ᠬᠦᠷᠴᠠᠢ᠃       1958 ᠤᠨ ᠳᠤ ᠭᠤᠩᠴᠣᠭᠰᠡᠷᠡᠩ᠂ ᠦᠪᠦᠷ ᠮᠤᠩᠭᠤᠯ ᠤᠨ ᠪᠦᠬᠡ ᠶᠢᠨ ᠠᠩᠬᠢ ᠶᠢᠨ ᠲᠦᠯᠦᠭᠡᠯᠡᠭᠴᠢ ᠪᠠᠷ ᠬᠠᠮᠤᠭ ᠠᠩᠬ᠎ᠠ ᠤᠳᠠᠭ᠎ᠠ᠂ ᠮᠤᠩᠭᠤᠯ ᠤᠯᠤᠰ ᠤᠨ ᠵᠠᠮ ᠤᠨ ᠡᠭᠦᠳᠡᠨ ᠳᠤ ᠬᠦᠷᠴᠦ᠂ ᠨᠦᠬᠦᠷᠰᠡᠭ ᠤᠷᠤᠯᠳᠤᠭᠠᠨ ᠳᠤ ᠤᠷᠤᠯᠴᠠᠭᠰᠠᠨ ᠪᠠᠶᠢᠨ᠎ᠠ᠃ 1958 ᠤᠨ ᠤ 7 ᠰᠠᠷ᠎ᠠ ᠶᠢᠨ 15 ᠳᠤ ᠰᠢᠯᠢᠨᠬᠤᠳᠠ ᠳᠤ ᠪᠤᠯᠤᠠᠭᠰᠠᠨ ᠪᠦᠬᠡ ᠤᠷᠤᠨ ᠤ ᠳᠤᠮᠳᠠᠳᠤ ᠮᠠᠶ᠋ᠢᠭ ᠤᠨ ᠪᠦᠬᠡ ᠶᠢᠨ ᠤᠷᠤᠯᠳᠠᠭᠠᠨ ᠳᠤ ᠤᠨᠴᠠ ᠰᠠᠶᠢᠨ ᠬᠢᠷᠢ ᠪᠦᠳᠦᠮᠵᠢ ᠤᠯᠪᠠ᠃ ᠲᠡᠷᠡ ᠥᠪᠦᠷ ᠮᠤᠩᠭᠤᠯ ᠢ ᠲᠦᠯᠦᠭᠡᠯᠡᠵᠦ᠂ ᠤᠯᠤᠰ ᠤᠨ ᠲᠤᠲᠤᠭᠠᠳᠤ ᠳᠠᠬᠢ ᠡᠯ᠎ᠡ ᠮᠤᠵᠢ᠂ ᠤᠷᠤᠨ᠂ ᠬᠤᠳᠠ ᠶᠢᠨ ᠨᠥᠬᠦᠷᠰᠡᠭ ᠤᠷᠤᠯᠳᠤᠭᠠᠨ ᠳᠤ ᠤᠯᠠᠨ ᠤᠳᠠᠭ᠎ᠠ ᠤᠷᠤᠯᠴᠠᠵᠤ᠂ ᠪᠦᠬᠦ ᠤᠯᠤᠰ ᠤᠨ ᠨᠢᠭᠡᠳᠦᠭᠡᠷ ᠤᠳᠠᠭ᠎ᠠ᠂ ᠬᠤᠶᠠᠳᠦᠭᠠᠷ ᠤᠳᠠᠭ᠎ᠠ᠂ ᠭᠤᠷᠪᠠᠳᠦᠭᠠᠷ ᠤᠳᠠᠭᠠᠨ ᠤ ᠪᠡᠶ᠎ᠡ ᠶᠢᠨ ᠲᠠᠮᠢᠷ ᠤᠨ ᠴᠤᠠᠭᠯᠠᠭᠠᠨ ᠳᠤ ᠤᠷᠤᠯᠴᠠᠵᠦ ᠤᠳᠠᠭ᠎ᠠ ᠪᠦᠷᠢ ᠶᠢᠨ ᠮᠥᠷᠦᠶᠢᠴᠡᠭᠡᠨ ᠳᠤ ᠰᠢᠯᠢᠳᠡᠭ ᠠᠮᠵᠢᠯᠳᠠ ᠤᠯᠵᠤ ᠥᠪᠥᠷ ᠮᠤᠩᠭᠤᠯ ᠤᠷᠤᠨ ᠤ ᠲᠠᠮᠢᠷ ᠤᠨ ᠦᠢᠯᠡᠰ ᠲᠤ ᠭᠠᠪᠢᠶ᠎ᠠ ᠵᠢᠳᠬᠦᠯ ᠨᠡᠮᠡᠷᠢᠯᠡᠵᠦ ᠰᠢᠯᠢᠳᠡᠭ ᠲᠠᠮᠢᠷᠢᠴᠢᠨ ᠢᠶᠠᠷ ᠦᠨᠡᠯᠡᠭᠳᠡᠭᠰᠡᠨ ᠢᠶᠠᠷ ᠪᠠᠷᠠᠬᠤ ᠦᠭᠡᠢ ᠪᠦᠬᠡ ᠶᠢᠨ ᠰᠤᠷᠭᠠᠭᠴᠢ ᠪᠠᠷ ᠠᠵᠢᠯᠯᠠᠵᠦ ᠤᠯᠠᠨ ᠰᠢᠯᠢᠳᠡᠭ ᠲᠠᠮᠢᠷᠴᠢᠳ ᠬᠦᠮᠥᠵᠢᠭᠦᠯᠪᠡ᠃       ᠭᠤᠩᠴᠣᠭᠰᠡᠷᠡᠩ ᠭᠤᠸᠠᠢ ᠪᠡᠭᠡᠵᠢᠩ ᠳᠤ ᠪᠣᠯᠣᠭᠰᠠᠨ ᠠᠩᠬᠠᠳᠣᠭᠠᠷ ᠤᠳᠠᠭᠠᠨ ᠤ ᠪᠥᠬᠦ ᠣᠯᠤᠰ  ᠤᠨ ᠪᠡᠶ᠎ᠡ ᠲᠠᠮᠢᠷ ᠤᠨ ᠴᠤᠭᠯᠠᠭᠠᠨ (1959.9.13 — 20) ᠤ ᠠᠪᠣᠷᠭᠤ ᠰᠢᠯᠭᠠᠷᠠᠭᠤᠯᠬᠤ ᠣᠷᠣᠯᠳᠣᠭᠠᠨ ᠳᠤ ᠳᠣᠮᠳᠠᠳᠣ ᠮᠠᠶ᠋ᠢᠭ ᠤᠨ ᠪᠥᠬᠡ ᠶᠢᠨ 78kg ᠤᠨ ᠲᠡᠰ ᠲᠤ ᠠᠩᠬ᠎ᠠ ᠤᠳᠠᠭ᠎ᠠ ᠠᠪᠤᠷᠭᠤ ᠴᠣᠯᠠ ᠬᠠᠮᠠᠭᠠᠯᠠᠨ᠂ ᠥᠪᠥᠷ ᠮᠣᠩᠭᠤᠯ ᠤᠷᠣᠨ ᠤ ᠤᠣᠭᠠᠨ ᠠᠪᠣᠷᠭᠤ ᠶᠢᠨ ᠡᠩᠨᠡᠭᠡᠨ ᠳᠤ ᠨᠡᠷ᠎ᠡ ᠲᠡᠮᠳᠡᠭᠯᠡᠭᠳᠡᠪᠡ᠃       1960 ᠤᠨ ᠳᠤ ᠴᠠᠬᠠᠷ ᠤᠨ ᠬᠠᠩᠬᠠᠯ ᠤᠨ ᠨᠠᠶᠢᠷ ᠲᠤ ᠬᠥᠷᠴᠤ 128 ᠪᠥᠬᠡ ᠳᠤ ᠨᠠᠶᠢᠷ ᠲᠠᠯᠪᠢᠨ ᠲᠡᠳ᠋ᠯᠡᠵᠤ ᠠᠪᠠᠭ᠎ᠠ ᠬᠤᠰᠢᠭᠤᠨ ᠤ ᠶᠠᠩᠳᠣ ᠳᠠᠬᠢ ᠨᠠᠶᠢᠷ ᠲᠤ ᠠᠪᠠᠭ᠎ᠠ ᠶᠢᠨ ᠯᠥᠨᠳᠥᠪ᠂ ᠥᠵᠥᠮᠥᠴᠢᠨ ᠤ ᠮᠠᠮᠠ ᠵᠠᠩᠭᠢ ᠶᠢᠨ ᠠᠷᠠᠰᠢᠰᠧᠪᠴᠢᠨ ᠨᠠᠷ ᠢ ᠲᠠᠪᠠᠵᠤ ᠨᠠᠶᠢᠷ ᠤᠨ ᠲᠡᠷᠢᠭᠦᠨ ᠱᠠᠩ ᠬᠠᠯᠠᠭᠤᠨ ᠬᠤᠰᠢᠭᠤᠳᠣ ᠮᠤᠷᠢ ᠶᠢ ᠬᠥᠳᠥᠯᠥᠭᠰᠡᠨ ᠤᠳᠠᠭ᠎ᠠ ᠪᠣᠢ᠃ ᠲᠡᠷᠡ ᠣᠯᠠᠨ ᠨᠠᠶᠢᠷ ᠲᠤ ᠪᠠᠷᠢᠯᠳᠣᠬᠤ ᠪᠠᠳᠣᠯᠭ᠎ᠠ ᠲᠠᠢ ᠪᠠᠶᠢᠭᠰᠠᠨ ᠪᠣᠯᠪᠠᠴᠤ ᠥᠪᠥᠷ ᠮᠣᠩᠭᠤᠯ ᠳᠤ ᠪᠥᠬᠡ ᠶᠢᠨ ᠰᠣᠷᠭᠠᠭᠴᠢ ᠪᠠᠷ ᠠᠵᠢᠯᠯᠠᠵᠣ ᠪᠠᠶᠢᠭᠰᠠᠨ ᠣᠴᠢᠷ ᠠᠴᠠ ᠵᠠᠪ ᠴᠢᠯᠥᠭᠡ ᠲᠣᠩ ᠬᠤᠪᠣᠷ ᠰᠢᠯᠳᠠᠭᠠᠨ ᠠᠴᠠ ᠣᠯᠠᠨ ᠠᠷᠪᠢᠨ ᠠᠷᠠᠳ ᠤᠨ ᠶᠡᠭᠡ ᠨᠠᠶᠢᠷ ᠲᠤ ᠪᠠᠷᠢᠯᠳᠤᠵᠤ ᠴᠢᠳᠠᠭᠰᠠᠨ ᠥᠭᠡᠢ ᠨᠢ ᠬᠠᠷᠠᠮᠰᠠᠯᠳᠠᠢ᠃       1962 ᠤᠨ ᠳᠤ ᠥᠪᠥᠷ ᠮᠣᠩᠭᠤᠯ ᠤᠨ ᠪᠥᠬᠡ ᠶᠢᠨ ᠠᠩᠬᠢ ᠶᠢᠨ ᠲᠣᠮᠢᠯᠠᠯᠳᠠ ᠪᠠᠷ ᠰᠢᠯᠢ  ᠶᠢᠨ ᠭᠤᠣᠯ ᠠᠶᠢᠮᠠᠭ ᠤᠨ ᠵᠡᠭᠦᠨ ᠥᠵᠥᠮᠥᠴᠢᠨ ᠬᠤᠰᠢᠭᠤᠨ ᠳᠤ ᠬᠥᠷᠴᠤ ᠲᠥᠷ ᠴᠠᠭ ᠤᠨ ᠪᠥᠬᠡ ᠶᠢᠨ ᠪᠣᠯᠪᠠᠰᠥᠷᠠᠯ ᠤᠨ ᠠᠩᠬᠢ ᠡᠷᠬᠢᠯᠡᠵᠤ ᠰᠢᠨ᠎ᠡ ᠲᠠᠮᠢᠷᠴᠢᠨ ᠰᠤᠩᠭᠤᠨ ᠠᠪᠬᠤ ᠳᠤ ᠭᠤᠣᠯᠯᠠᠨ ᠤᠷᠣᠯᠴᠠᠨ᠂ ᠪᠥᠬᠡ ᠶᠢᠨ ᠥᠯᠥᠬᠡᠢ ᠥᠵᠥᠮᠥᠴᠢᠨ ᠨᠣᠳᠤᠭ ᠲᠤ ᠬᠡᠰᠢᠭᠳᠡᠨ ᠤ ᠰᠠᠶᠢᠨ ᠪᠥᠬᠡ ᠭᠤᠩᠴᠣᠭᠰᠡᠷᠡᠩ᠂ ᠣᠯᠣᠰ ᠤᠨ ᠠᠪᠣᠷᠭᠤ ᠴᠣᠯᠠ ᠬᠠᠮᠠᠭᠠᠯᠠᠵᠣ᠂ ᠪᠥᠬᠡ ᠶᠢᠨ ᠪᠠᠭᠰᠢ ᠪᠠᠷ ᠥᠵᠥᠮᠥᠴᠢᠨ ᠠᠴᠠ ᠰᠢᠨ᠎ᠡ ᠪᠥᠬᠡᠴᠣᠣᠯ ᠰᠣᠩᠭᠤᠬᠤ ᠪᠠᠷ ᠢᠷᠡᠵᠠᠢ ᠁ ᠭᠡᠵᠤ ᠥᠵᠥᠮᠥᠴᠢᠨ ᠤ ᠠᠯᠳᠠᠷᠳᠤ ᠪᠥᠬᠡᠴᠣᠳ᠂ ᠭᠠᠬᠢᠯ ᠤᠨ ᠯᠠᠮ᠎ᠠ ᠨᠠᠷ ᠲᠠᠷᠠᠭ᠎ᠠ ᠲᠠᠷᠠᠭ᠎ᠠ ᠪᠠᠷ ᠢᠶᠠᠨ ᠬᠥᠷᠣᠯᠴᠡᠨ ᠢᠷᠡᠵᠤ᠂ ᠠᠪᠣᠷᠭᠤ ᠭᠤᠩᠴᠣᠭᠰᠡᠷᠡᠩ ᠲᠠᠢ ᠪᠠᠷᠢᠯᠳᠣᠭᠠᠳ ᠥᠨᠡᠨᠬᠦ ᠠᠪᠣᠷᠭᠤ ᠶᠢᠨ ᠬᠢᠷᠢ ᠳᠤ ᠬᠥᠷᠥᠭᠰᠡᠨ ᠰᠠᠶᠢᠨ ᠪᠥᠬᠡ ᠪᠣᠯᠵᠠᠢ ᠭᠡᠵᠤ ᠲᠠᠭᠤ ᠨᠢᠭᠡᠲᠠᠢ ᠪᠢᠰᠢᠷᠡᠨ ᠥᠨᠡᠯᠡᠵᠤ ᠪᠠᠶᠢᠪᠠ᠃       ᠭᠤᠩᠴᠣᠭᠰᠡᠷᠡᠩ ᠵᠠᠮ ᠨᠡᠪᠳᠡᠷᠯᠡᠭᠡ ᠳᠥᠭᠦᠮ ᠥᠭᠡᠢ ᠪᠠᠶᠢᠳᠠᠯ ᠲᠣᠣᠷ᠎ᠠ ᠴᠠᠭ ᠢᠶᠠᠨ ᠠᠰᠢᠭᠯᠠᠨ ᠬᠡᠴᠢᠨᠡᠨ ᠡᠳᠣᠷ ᠬᠤᠨᠤᠭ ᠵᠠᠮᠨᠠᠨ ᠪᠥᠬᠡ ᠶᠢᠨ ᠥᠯᠥᠭᠡᠢ ᠥᠵᠥᠮᠥᠴᠢᠨ ᠳᠤ ᠭᠤᠷᠪᠠᠨ ᠣᠳᠠᠭᠠᠨ ᠤ ᠶᠡᠭᠡ ᠨᠠᠶᠢᠷ ᠲᠤ ᠪᠠᠷᠢᠯᠳᠣᠭᠰᠠᠨ ᠲᠡᠣᠬᠡ ᠲᠠᠢ᠃ ᠬᠤᠶᠠᠷ ᠣᠳᠠᠭ᠎ᠠ ᠨᠢ ᠲᠣᠰᠬᠠᠢ ᠪᠠᠷᠢᠯᠳᠣᠬᠤ ᠲᠠᠰᠬᠠᠯ ᠲᠠᠢ ᠬᠥᠷᠥᠭᠰᠡᠨ ᠶᠤᠮ᠃ ᠬᠠᠮᠤᠭ ᠰᠡᠭᠦᠯᠴᠢ ᠶᠢᠨ ᠣᠳᠠᠭ᠎ᠠ ᠨᠢ ᠵᠢᠷᠭᠤᠭ᠎ᠠ ᠳᠤ ᠤᠷᠣᠵᠤ᠂ ᠭᠤᠷᠪᠠᠳᠠᠬᠢ ᠤᠳᠠᠭ᠎ᠠ ᠨᠢ ︽ᠰᠤᠶᠣᠯ ᠤᠨ ᠶᠡᠭᠡ ᠬᠤᠪᠢᠰᠬᠠᠯ︾ ᠤᠨ ᠨᠥᠯᠥᠬᠡ ᠪᠠᠷ ᠪᠡᠶ᠎ᠡ ᠡᠮᠵᠡᠭ ᠲᠠᠢ ᠪᠠᠶᠢᠭᠰᠠᠨ ᠰᠢᠯᠳᠠᠭᠠᠨ ᠠᠴᠠ ᠪᠣᠯᠵᠤ ᠨᠠᠶᠢᠷ ᠲᠠᠯᠪᠢᠨ ᠭᠤᠴᠢᠨ ᠬᠤᠶᠠᠷ ᠲᠤ ᠣᠷᠣᠪᠠ᠃       1962 ᠤᠨ ᠤ 7 ᠳ᠋ᠣᠠᠭᠠᠷ ᠰᠠᠷ᠎ᠠ ᠳᠤ ᠥᠵᠥᠮᠥᠴᠢᠨ ᠪᠠᠷᠠᠭᠤᠨ ᠬᠤᠰᠢᠭᠤᠨ ᠤ ᠬᠤᠶᠠᠳᠣᠭᠠᠷ ᠣᠳᠠᠭᠠᠨ ᠤ ᠶᠡᠭᠡ ᠨᠠᠭᠠᠳᠣᠮ ᠤᠨ ᠬᠤᠷᠠᠯ ᠪᠣᠯᠵᠤ᠂ 512 ᠨᠡᠷᠡᠰ ᠰᠢᠯᠢᠳᠡᠭ ᠪᠥᠬᠡ ᠶᠢᠨ ᠮᠥᠷᠥᠶᠢᠴᠡᠭᠡᠨ ᠳᠤ ᠤᠯᠣᠰ ᠤᠨ ᠠᠪᠤᠡᠭᠤ ᠪᠥᠬᠡᠴᠣᠳ ᠥᠵᠥᠮᠥᠴᠢᠨ ᠤ ᠰᠡᠩᠭᠡ᠂ ᠮᠥᠩᠬᠡ᠂ ᠬᠤᠶᠠᠷ ᠴᠢᠮᠡᠳ᠂ ᠰᠣᠳᠨᠠᠮᠸᠠᠩᠴᠤᠭ᠂ ᠰᠣᠳᠨᠠᠮ᠂ ᠯᠣᠣᠷᠠᠢ ᠠᠴᠠ ᠭᠠᠳᠠᠨ᠎ᠠ ᠬᠡᠰᠢᠭᠳᠡᠨ ᠤ ᠭᠤᠩᠴᠣᠭᠰᠡᠷᠡᠩ ᠣᠷᠣᠯᠴᠠᠪᠠ᠃       ᠭᠤᠩᠴᠣᠭᠰᠡᠷᠡᠩ ᠨᠠᠶᠢᠷ ᠤᠨ ᠬᠤᠶᠠᠳᠤᠭᠠᠷ ᠲᠠᠭᠤᠨ ᠳᠤ ᠥᠵᠥᠮᠥᠴᠢᠨ ᠤ ᠰᠢᠯᠢᠳᠡᠭ ᠵᠠᠯᠠᠭᠤ ᠪᠥᠬᠡ ᠰᠠᠶᠢᠪᠠᠶᠠᠷ ᠢ ᠲᠠᠪᠠᠨ ᠭᠤᠷᠪᠠᠳᠣᠭᠠᠷ ᠲᠠᠭᠤᠨ ᠳᠤ ᠥᠵᠥᠮᠥᠴᠢᠨ ᠤ ᠠᠯᠳᠠᠷᠳᠤ ᠪᠥᠬᠡ ᠬᠠᠭᠠᠯᠭ᠎ᠠ ᠶᠢᠨ ᠭᠠᠷᠤᠳᠢ ᠶᠢ ᠲᠠᠪᠠᠵᠤ ᠳᠥᠷᠪᠡᠳᠥᠭᠡᠷ ᠲᠠᠭᠤᠨ ᠳᠤ ᠥᠵᠥᠮᠥᠴᠢᠨ ᠤ ᠯᠣᠣᠷᠠᠢ ᠠᠪᠣᠷᠭᠤ ᠶᠢ ᠲᠠᠪᠠᠪᠠ᠃ ᠲᠠᠪᠣᠳᠣᠭᠠᠷ ᠲᠠᠭᠤᠨ ᠳᠤ ᠥᠵᠥᠮᠥᠴᠢᠨ ᠤ ᠠᠯᠳᠠᠷᠳᠤ ᠴᠣᠣᠳᠣ ᠪᠥᠬᠡ ᠮᠠᠮᠠ ᠵᠠᠩᠭᠢ ᠶᠢᠨ ᠠᠷᠠᠰᠢᠰᠧᠪᠴᠢᠨ ᠢ ᠲᠠᠪᠠᠵᠤ ᠵᠢᠷᠭᠤᠳᠣᠭᠠᠷ ᠲᠠᠭᠤᠨ ᠳᠤ ᠥᠵᠥᠮᠥᠴᠢᠨ ᠤ ᠠᠯᠳᠠᠷᠳᠤ ᠴᠣᠣᠳᠣ ᠪᠥᠬᠡ ᠠᠵᠠᠢ ᠶᠢᠨ ᠪᠠᠳᠠᠷᠠᠭᠴᠢ ᠶᠢ ᠲᠠᠪᠠᠵᠤ ᠲᠡᠭᠡᠳᠤ ᠨᠠᠢᠮᠠ ᠶᠢᠨ ᠨᠣᠭᠤᠯᠤᠭ᠎ᠠ ᠳᠤ ᠭᠤᠩᠴᠣᠭᠰᠡᠷᠡᠩ ᠰᠡᠩᠭᠡ ᠠᠪᠣᠷᠭᠤ ᠳᠤ ᠢᠯᠠᠭᠳᠠᠵᠤ ᠵᠢᠷᠭᠤᠳᠣᠭᠠᠷ ᠨᠡᠷ᠎ᠡ  ᠳᠤ ᠣᠷᠣᠵᠠᠢ᠃       1964 ᠤᠨ ᠤ ᠥᠵᠥᠮᠥᠴᠢᠨ ᠪᠠᠷᠠᠭᠤᠨ ᠬᠤᠰᠢᠭᠤᠨ ᠤ ᠭᠤᠷᠪᠠᠳᠣᠭᠠᠷ ᠣᠳᠠᠭᠠᠨ ᠤ ᠶᠡᠭᠡ ᠨᠠᠭᠠᠳᠣᠮ ᠤᠨ ᠶᠡᠭᠡ ᠬᠤᠷᠠᠯ ᠳᠤ ᠵᠡᠭᠦᠨ ᠥᠵᠥᠮᠥᠴᠢᠨ᠂ ᠰᠢᠯᠣᠭᠠᠨ ᠴᠠᠭᠠᠨ᠂ ᠬᠡᠰᠢᠭᠳᠡᠨ᠂ ᠰᠥᠨᠢᠳ᠂ ᠠᠪᠠᠭ᠎ᠠ ᠵᠡᠷᠭᠡ ᠬᠤᠰᠢᠭᠤᠨ ᠠᠴᠠ ᠨᠡᠶᠢᠳᠡ ᠠᠷᠪᠠᠨ ᠵᠢᠷᠭᠤᠭᠠᠨ ᠨᠡᠷᠡᠰ ᠰᠢᠯᠢᠳᠡᠭ ᠪᠥᠬᠡᠴᠣᠳ ᠬᠥᠷᠬᠦ ᠳᠤ ᠬᠡᠰᠢᠭᠳᠡᠨ ᠠᠴᠠ ᠭᠤᠩᠴᠣᠭᠰᠡᠷᠡᠩ ᠭᠠᠭᠴᠠᠭᠠᠷ ᠢᠶᠠᠨ ᠬᠥᠷᠴᠠᠢ᠃ ᠨᠠᠶᠢᠳᠡ 512 ᠨᠡᠷᠡᠰ ᠪᠥᠬᠡ ᠪᠠᠷᠢᠯᠳᠣᠵᠤ 32 ᠨᠡᠷᠡᠰ ᠪᠥᠬᠡ ᠥᠯᠡᠳᠡᠬᠦ ᠥᠶᠡᠰ ᠭᠠᠳᠠᠨ᠎ᠠ ᠬᠤᠰᠢᠭᠤᠨ ᠠᠴᠠ ᠠᠪᠠᠭ᠎ᠠ ᠶᠢᠨ ᠰᠠᠩᠳᠠᠭ᠂ ᠬᠡᠰᠢᠭᠳᠡᠨ ᠤ ᠭᠤᠩᠴᠣᠭᠰᠡᠷᠡᠩ ᠬᠤᠶᠠᠷ ᠯᠡ ᠥᠯᠡᠳᠡᠵᠡᠢ᠃ ᠭᠤᠩᠴᠣᠭᠰᠡᠷᠡᠩ ᠲᠡᠭᠡᠳᠣ ᠳᠥᠷᠪᠡ ᠶᠢᠨ ᠨᠣᠭᠤᠯᠤᠭ᠎ᠠ ᠳᠤ ᠣᠯᠣᠰ ᠤᠨ ᠠᠪᠣᠷᠭᠤ ᠰᠣᠳᠨᠠᠮᠸᠠᠩᠴᠤᠭ ᠲᠤ ᠢᠯᠠᠭᠳᠠᠵᠤ ᠭᠤᠷᠪᠠᠳᠣᠭᠠᠷ ᠨᠡᠷ᠎ᠡ ᠳᠤ ᠣᠷᠣᠭᠰᠠᠨ ᠪᠣᠯᠪᠠᠴᠤ ᠥᠵᠥᠮᠥᠴᠢᠨ ᠤ ᠲᠣᠷᠭᠢᠭᠤᠯᠵᠤ᠂ ᠬᠡᠰᠢᠭᠳᠡᠨ ᠤ ᠭᠤᠩᠴᠣᠭᠰᠡᠷᠡᠩ ᠥᠨᠡᠨᠬᠦ ᠰᠠᠶᠢᠨ ᠪᠥᠬᠡ ᠭᠡᠳᠡᠭ ᠥᠨᠡᠯᠡᠯᠳᠡ ᠶᠢ ᠣᠯᠣᠭᠰᠠᠨ ᠶᠣᠮ᠃       ᠭᠤᠩᠴᠣᠭᠰᠡᠷᠡᠩ ᠭᠤᠸᠠᠢ ︽ᠰᠣᠶᠣᠯ ᠤᠨ ᠶᠡᠭᠡ ᠬᠤᠪᠢᠰᠬᠠᠯ︾ ᠤᠨ ᠲᠣᠮᠳᠠ ᠪᠡᠶ᠎ᠡ ᠮᠠᠬᠠᠪᠣᠳ  ᠨᠢ ᠭᠡᠮᠳᠣᠯ ᠳᠤ ᠣᠴᠠᠷᠠᠭᠰᠠᠨ ᠪᠣᠯᠪᠠᠴᠤ ᠠᠮᠢᠳᠣ ᠶᠠᠪᠣᠪᠠᠯ ᠠᠯᠳᠠᠨ ᠠᠶᠠᠭᠠᠨ ᠠᠴᠠ ᠣᠰᠤ ᠣᠣᠭᠤᠨ᠎ᠠ ᠭᠡᠵᠤ ᠠᠬ᠎ᠠ ᠲᠡᠭᠦᠣ ᠨᠠᠶᠢᠵᠠ ᠨᠠᠷ ᠲᠠᠢ ᠪᠠᠨ ᠠᠮᠢᠳᠣ ᠣᠯᠵᠤ ᠠᠭᠤᠯᠵᠠᠬᠤ ᠲᠠᠪᠢᠯᠠᠩ ᠢᠶᠠᠷ 1973 ᠤᠨ ᠳᠤ ᠥᠵᠥᠮᠥᠴᠢᠨ ᠳᠤ ᠭᠤᠷᠪᠠᠳᠠᠬᠢ ᠣᠳᠠᠭ᠎ᠠ ᠬᠥᠷᠴᠤ ᠬᠠᠷᠢᠶᠠᠳᠣ ᠰᠣᠮᠣᠨ ᠤ ᠨᠠᠶᠢᠷ ᠲᠤ ᠲᠤᠬᠢᠶᠠᠯᠳᠣᠨ ᠶᠡᠭᠡ ᠬᠤᠷᠠᠯ ᠠᠴᠠ ᠭᠤᠩᠴᠣᠭᠰᠡᠷᠡᠩ ᠠᠪᠣᠭᠤ ᠶᠢ ᠲᠡᠭᠡᠳᠤ ᠵᠣᠴᠢᠨ ᠢᠶᠠᠷ ᠬᠥᠨᠳᠥᠳᠭᠡᠬᠦ ᠶᠢᠨ ᠲᠠᠭᠠᠣ᠂ ᠨᠠᠶᠢᠷ ᠬᠥᠷ ᠢ ᠬᠥᠭᠵᠢᠭᠦᠯᠬᠦ  ᠶᠢᠨ ᠲᠥᠯᠥᠭᠡ ᠨᠠᠶᠢᠷ ᠤᠨ ᠴᠢᠮᠡᠭ᠂ ᠨᠠᠭᠠᠳᠣᠮ ᠤᠨ ᠮᠥᠷᠥᠶᠢᠴᠡᠭᠡᠨ ᠪᠣᠯᠭᠠᠨ ᠳᠤ ᠪᠠᠷᠢᠯᠳᠣᠭᠤᠯᠣᠭᠰᠠᠨ ᠪᠠᠶᠢᠯ᠎ᠠ᠃ ᠭᠤᠴᠢᠨ ᠬᠤᠶᠠᠷ ᠤᠨ ᠲᠠᠪᠠᠭᠠᠨ ᠳᠤ ᠵᠠᠯᠠᠭᠤ ᠪᠥᠬᠡ ᠣᠳᠬᠠᠨ ᠳᠤ ᠨᠠᠶᠢᠷ ᠲᠠᠯᠪᠢᠪᠠ᠃       1973 ᠤᠨ ᠤ ᠬᠡᠰᠢᠭᠳᠡᠨ ᠤ ᠲᠣᠯᠣᠳᠣᠭᠠᠷ ᠣᠳᠠᠭᠠᠨ ᠤ ᠰᠥᠯᠳᠡ ᠤᠪᠣᠭᠠᠨ ᠲᠠᠬᠢᠯᠭ᠎ᠠ ᠶᠢᠨ ᠶᠡᠭᠡ ᠨᠠᠶᠢᠷ ᠤᠨ 256 ᠳᠤ ᠥᠵᠥᠭᠦᠷᠯᠡᠵᠤ᠂ 1975.1976 ᠤᠨ ᠳᠤ ᠵᠣᠣ ᠣᠳᠠ ᠠᠶᠢᠮᠠᠭ ᠤᠨ ᠳᠣᠮᠳᠠᠳᠣ ᠮᠠᠶ᠋ᠢᠭ ᠤᠨ ᠪᠥᠬᠡ ᠶᠢᠨ ᠣᠷᠣᠯᠳᠣᠭᠠᠨ ᠳᠤ ᠬᠤᠶᠠᠷ ᠣᠳᠠᠭ᠎ᠠ ᠲᠡᠷᠢᠭᠦᠯᠡᠪᠡ᠃ 1977 ᠤᠨ ᠤ ᠲᠠᠷᠬᠠᠠᠭᠤᠯᠠ ᠰᠣᠮᠣᠨ ᠤ 256 ᠳᠤ ᠲᠡᠷᠢᠭᠦᠯᠡᠵᠠᠢ᠃ 1981 ᠤᠨ ᠳᠤ ᠡᠳᠡᠭᠡᠷᠡᠰᠢ ᠥᠭᠡᠢ ᠡᠪᠡᠳᠴᠢᠨ ᠳᠤ ᠨᠡᠷᠪᠡᠭᠳᠡᠭᠰᠡᠨ ᠪᠠᠶᠢᠳᠠᠯ᠎ᠠ ᠡᠪᠡᠳᠴᠢᠨ ᠢᠶᠠᠨ ᠲᠡᠰᠪᠥᠷᠢᠯᠡᠨ ᠲᠣᠰ ᠰᠣᠮᠣᠨ ᠤ ᠨᠠᠶᠢᠷ ᠲᠠᠭᠠᠨ ᠪᠠᠷᠢᠯᠳᠣᠵᠤ ᠳᠥᠷᠪᠡ ᠳᠤ ᠣᠷᠣᠪᠠ᠃       ᠥᠵᠥᠮᠥᠴᠢᠨ ᠨᠣᠳᠤᠭ ᠲᠤ ᠬᠡᠰᠢᠭᠳᠡᠨ ᠤ ᠭᠤᠩᠴᠣᠭᠰᠡᠷᠡᠩ ᠤᠨ ᠲᠣᠬᠠᠢ ᠣᠯᠠᠨ ᠵᠣᠭᠠᠭ ᠪᠣᠯᠤᠨ ᠶᠠᠷᠢᠭᠳᠠᠵᠤ ᠥᠵᠥᠮᠥᠴᠢᠨ ᠪᠥᠬᠡ ᠰᠠᠶᠢᠨ ᠪᠣᠯᠪᠠᠴᠤ ᠬᠡᠰᠢᠭᠳᠡᠨ ᠤ ᠭᠤᠩᠴᠣᠭᠰᠡᠷᠡᠩ ᠢ ᠪᠠᠳᠣᠯᠠᠭ᠎ᠠ ᠲᠠᠢ ᠠᠮᠠᠯᠠᠵᠣ ᠢᠯᠠᠭᠰᠠᠨ ᠬᠥᠮᠥᠨ ᠭᠠᠷᠣᠭᠠᠳᠣᠢ ᠁᠃ ᠬᠤᠶᠠᠷ ᠤᠳᠠᠭᠠᠨ ᠤ ᠶᠡᠭᠡ ᠨᠠᠶᠢᠷ ᠲᠤ ᠭᠤᠩᠴᠣᠭᠰᠡᠷᠡᠩ ᠲᠡᠷᠢᠭᠦᠯᠡᠵᠤ ᠴᠢᠳᠠᠭᠰᠠᠨ ᠥᠭᠡᠢ ᠪᠣᠯᠪᠠᠴᠤ ᠣᠯᠠᠨ ᠬᠥᠮᠥᠰ ᠤᠨ ᠬᠠᠶᠢᠷ᠎ᠠ ᠬᠥᠨᠳᠥᠳᠭᠡᠯ ᠢ ᠣᠯᠪᠠ ᠭᠡᠵᠤ ᠶᠠᠷᠢᠵᠠᠭᠠᠳᠠᠭ᠃ ᠨᠠᠰᠣᠳᠠᠶᠢᠴᠣᠳ ᠭᠤᠩᠴᠣᠭᠰᠡᠷᠡᠩ ᠢ ᠲᠣᠷᠠᠰᠬᠤ ᠪᠥᠷᠢ ᠳᠤ ᠵᠠᠩ ᠣᠪᠣᠷ ᠰᠠᠶᠢᠳᠠᠢ᠂ ᠪᠥᠬᠡ ᠶᠢᠨ ᠮᠡᠭᠡ ᠭᠥᠢᠴᠡᠳ᠂ ᠤᠨᠠᠭᠠᠷᠢ ᠥᠭᠡᠢ ᠰᠠᠶᠢᠨ ᠪᠥᠬᠡ᠂ ᠬᠥᠨᠳᠡᠯᠡᠨ ᠬᠤᠰᠢᠭᠤᠨ ᠳᠤ ᠭᠠᠭᠴᠠᠭᠠᠷ ᠢᠶᠠᠨ ᠵᠣᠷᠢᠵᠤ ᠢᠷᠡᠳᠡᠭ ᠵᠣᠷᠢᠭᠲᠠᠢ ᠬᠥᠮᠥᠨ ᠭᠡᠵᠤ ᠮᠠᠭᠳᠠᠳᠠᠭ᠃       ᠮᠠᠮᠠ ᠵᠠᠩᠭᠢ ᠶᠢᠨ ᠠᠷᠠᠰᠢᠰᠧᠪᠴᠢᠨ ᠤ ᠬᠠᠳᠠᠭᠤ ᠪᠠᠷᠢᠴᠠ᠂ ᠲᠥᠭᠦᠷᠡᠩ ᠮᠡᠭᠡ ᠶᠢᠨ ᠥᠵᠥᠮᠥᠴᠢᠨ ᠤ ᠨᠢᠭᠡ ᠥᠶ᠎ᠡ ᠶᠢᠨ ᠰᠠᠶᠢᠴᠣᠣᠯ ᠪᠠᠷᠤᠭ ᠮᠤᠯᠳᠣᠷᠤᠭᠰᠠᠨ ᠬᠥᠮᠥᠨ ᠥᠭᠡᠢ ᠭᠡᠳᠡᠭ ᠠᠯᠳᠠᠷᠳᠠᠢ ᠰᠠᠶᠢᠨ ᠪᠥᠬᠡ ᠶᠣᠮ᠃ ᠭᠡᠪᠡᠴᠤ ᠬᠡᠰᠢᠭᠳᠡᠨ ᠤ ᠭᠤᠩᠴᠣᠭᠰᠡᠷᠡᠩ ᠳᠤ ᠭᠤᠷᠪᠠ ᠣᠳᠠᠭ᠎ᠠ ᠲᠠᠷᠠᠭᠠᠯᠠᠨ ᠢᠯᠠᠭᠳᠠᠭᠠᠳ ᠭᠤᠩᠴᠣᠭᠰᠡᠷᠡᠩ ᠨᠠᠳᠠ ᠠᠴᠠ ᠬᠤᠪᠢ ᠲᠠᠬᠢᠨ ᠢᠯᠡᠭᠦᠣ ᠪᠥᠬᠡ ᠭᠡᠵᠤ ᠭᠤᠩᠴᠣᠭᠰᠡᠷᠡᠩ ᠢ ᠥᠨᠡᠯᠡᠭᠰᠡᠨ ᠪᠠᠶᠢᠨ᠎ᠠ᠃       ᠠᠷᠠᠰᠢᠰᠧᠪᠴᠢᠨ᠄ ︽ᠪᠢ ᠭᠤᠩᠴᠣᠭᠰᠡᠷᠡᠩ ᠢ ᠲᠠᠪᠠᠭ᠋ᠤ ᠪᠥᠬᠡ ᠪᠢᠰᠢ᠂ ᠠᠩᠬ᠎ᠠ ᠣᠳᠠᠭ᠎ᠠ ᠠᠪᠠᠭ᠎ᠠ ᠶᠢᠨ ᠨᠠᠶᠢᠷ ᠲᠤ ᠲᠡᠷᠢᠭᠦᠯᠡᠬᠦ ᠪᠠᠷ ᠣᠴᠢᠭᠠᠳ ᠲᠡᠭᠦᠨ ᠳᠤ ᠢᠯᠠᠭᠳᠠᠪᠠ᠃ ᠬᠤᠶᠠᠳᠣᠭᠠᠷ ᠣᠳᠠᠭ᠎ᠠ ᠪᠢ ᠥᠵᠥᠮᠥᠴᠢᠨ ᠤ ᠶᠡᠭᠡ ᠨᠠᠶᠢᠷ ᠲᠡᠭᠡᠷ᠎ᠡ ᠪᠠᠰᠠ ᠢᠯᠠᠭᠳᠠᠪᠠ᠃ ᠤᠳᠣ ᠴᠦ ᠨᠠᠳᠠᠳᠤ ᠠᠷᠭ᠎ᠠ ᠥᠭᠡᠢ᠃ ᠵᠥᠪᠬᠡᠨ ᠪᠢ ᠲᠡᠭᠦᠨ ᠤ ᠲᠣᠭᠳᠠᠭᠠᠬᠤ ᠠᠷᠭ᠎ᠠ ᠪᠠᠷ ᠬᠥᠴᠥᠨ ᠲᠠᠮᠢᠷ ᠢ ᠨᠢ ᠪᠠᠭ᠎ᠠ ᠰᠠᠭ᠎ᠠ ᠮᠤᠬᠤᠭᠤᠵᠤ ᠲᠠᠷᠠᠭ᠎ᠠ ᠬᠥᠮᠥᠨ ᠳᠡᠭᠡᠨ ᠥᠭᠬᠦ‍ ᠨᠢᠬᠡ ᠯᠡ ᠠᠷᠭ᠎ᠠ ᠁︾ ᠭᠡᠵᠠᠢ᠃       ᠨᠠᠶᠢᠷ ᠠᠴᠠ ᠴᠣᠯᠭᠤᠢ ᠰᠢᠷᠢ ᠶᠢᠨ ᠪᠢᠳᠡᠭᠦᠥ ᠵᠣᠳᠤᠭ ᠢ ᠠᠷᠠᠰᠢᠰᠧᠪᠴᠢᠨ ᠳᠤ ᠡᠮᠥᠰᠥᠭᠦᠯᠥᠨ᠂ ᠪᠠᠷᠢᠴᠢ ᠤᠯᠭᠤᠯᠬᠤ ᠥᠭᠡᠢ ᠲᠥᠯᠥᠭᠡ ᠬᠤᠶᠠᠷ ᠬᠠᠨᠴᠣᠢ ᠳᠤᠨᠢ ᠬᠤᠷᠤᠭᠤ ᠣᠷᠣᠬᠤ ᠵᠠᠢ ᠥᠭᠡᠢ ᠠᠯᠴᠢᠭᠤᠷ ᠴᠢᠬᠢᠵᠤ ᠡᠩᠭᠡᠷ ᠢ ᠨᠢ ᠰᠣᠷ ᠢᠶᠠᠷ ᠥᠳᠡᠵᠤ ᠵᠠᠢ ᠥᠭᠡᠢ ᠨᠡᠶᠢᠯᠡᠭᠦᠯᠵᠤ ᠠᠷᠠᠰᠢᠰᠧᠪᠴᠢᠨ ᠳᠤ ᠪᠢᠳᠡᠭᠦᠤ ᠵᠣᠳᠤᠭ ᠡᠮᠥᠰᠭᠦᠯᠵᠡᠢ᠃ ᠵᠣᠳᠤᠭ ᠢ ᠬᠠᠮᠢᠭ᠎ᠠ ᠠᠴᠠ ᠴᠦ ᠯᠠᠪᠳᠠᠭᠤᠨ ᠪᠠᠷᠢᠬᠤ ᠠᠷᠭ᠎ᠠ ᠥᠭᠡᠢ ᠲᠣᠯᠠ ᠭᠤᠩᠴᠣᠭᠰᠡᠷᠡᠩ᠂ ᠠᠷᠠᠰᠢᠰᠧᠪᠴᠢᠨ ᠤ ᠪᠠᠭᠠᠯᠵᠣᠣᠷ ᠤᠨ ᠭᠡᠰᠡᠭ ᠤᠨ ᠵᠣᠳᠤᠭ ᠤᠨ ᠰᠡᠳᠡᠷᠬᠡᠢ ᠬᠡᠰᠡᠭ ᠠᠴᠠ ᠨᠢ ᠬᠤᠶᠠᠷ ᠬᠤᠷᠣᠭᠤ ᠪᠠᠷ  ᠢᠶᠠᠨ ᠭᠤᠬᠠᠳᠠᠵᠤ ᠲᠤᠭᠳᠠᠭᠠᠨ ᠰᠢᠷᠣᠭᠦᠨ ᠲᠡᠮᠡᠴᠡᠯᠳᠤᠨ ᠬᠤᠷᠣᠭᠤᠨ ᠤ ᠬᠥᠯᠥᠰᠥᠨ ᠳᠤ ᠬᠠᠳᠠᠭᠤ ᠰᠢᠷᠢ ᠨᠢ ᠲᠡᠪᠲᠡᠵᠤ ᠵᠥᠭᠡᠯᠡᠷᠡᠨ ᠬᠤᠶᠠᠷ ᠬᠤᠷᠣᠭᠤ ᠪᠠᠷ ᠢᠶᠠᠨ ᠬᠠᠳᠬᠤᠵᠤ ᠨᠥᠬᠡᠯᠡᠨ ᠭᠤᠬᠠᠳᠠᠵᠤ ᠭᠡᠨ᠎ᠡ᠃ ᠳᠠᠷᠠᠭ᠎ᠠ ᠡᠳᠤᠷ  ᠨᠢ ᠭᠤᠩᠴᠣᠭᠰᠡᠷᠡᠩ ᠠᠷᠠᠰᠢᠰᠧᠪᠴᠢᠨ ᠢ ᠠᠮᠠᠷᠬᠠᠨ ᠲᠠᠪᠠᠭᠰᠠᠨ ᠳᠤ ᠠᠷᠠᠰᠢᠰᠧᠪᠴᠢᠨ᠄ ︽ᠪᠢ ᠲᠡᠭᠦᠨ ᠢ ᠥᠪᠡᠷ  ᠤᠨ ᠡᠷᠬᠡ ᠥᠭᠡᠢ ᠰᠠᠶᠢᠨ ᠪᠥᠬᠡ ᠶᠢ ᠨᠢ ᠪᠢᠰᠢᠷᠡᠵᠤ ᠬᠠᠶᠢᠷᠠᠯᠠᠳᠠᠭ ᠁︾ ᠭᠡᠵᠤ ᠶᠠᠷᠢᠪᠠ᠃ ᠲᠡᠷᠡ ᠨᠠᠶᠢᠷ ᠲᠤ ᠭᠤᠩᠴᠣᠭᠰᠡᠷᠡᠩ ᠰᠣᠳᠨᠠᠮᠸᠠᠩᠴᠤᠭ ᠠᠪᠤᠷᠭᠤ ᠳᠤ ᠢᠯᠠᠭᠳᠠᠨ ᠭᠤᠷᠪᠠ ᠳᠤ ᠤᠷᠣᠯ᠎ᠠ᠃       ᠭᠤᠩᠴᠣᠭᠰᠡᠷᠡᠩ ᠲᠡᠷᠡ ᠤᠳᠠᠭᠠᠨ ᠤ ᠨᠠᠶᠢᠷ ᠤᠨ ᠲᠣᠬᠠᠢ ᠲᠣᠷᠠᠰᠬᠤ ᠳᠠᠭᠠᠨ ︽ᠪᠢ ᠭᠤᠤᠯᠳᠠᠭᠤ ᠬᠤᠶᠠᠷ ᠨᠥᠬᠦᠴᠡᠯ ᠠᠴᠠ ᠪᠣᠯᠵᠤ ᠢᠯᠠᠭᠳᠠᠪᠠ᠃ ᠨᠢᠬᠡ ᠳᠤ᠂ ᠠᠷᠠᠰᠢᠰᠧᠪᠴᠢᠨ ᠲᠠᠢ ᠡᠳᠣᠷ ᠢᠯᠡᠭᠦᠥ ᠵᠣᠭᠰᠣᠭᠠᠳ ᠬᠥᠴᠥ ᠲᠠᠮᠢᠷ ᠰᠣᠯᠠᠷᠠᠭᠰᠠᠨ ᠢᠶᠠᠨ ᠥᠪᠡᠷᠳᠡᠭᠡᠨ ᠮᠡᠳᠡᠭᠰᠡᠨ ᠥᠭᠡᠢ᠃ ᠬᠤᠶᠠᠷ ᠲᠤ᠂ ᠰᠠᠨᠠᠭ᠎ᠠ ᠲᠠᠶᠢᠪᠣᠰᠢᠷᠠᠨ ᠤᠮᠤᠷᠬᠠᠭᠯᠠᠭᠰᠠᠨ ᠠᠴᠠ ᠪᠣᠯᠪᠠ᠃ ᠤᠴᠢᠷ ᠨᠢ ᠨᠠᠶᠢᠷ ᠤᠨ ᠪᠥᠬᠡ ᠶᠢᠨ ᠲᠡᠭᠡᠳᠤ ᠲᠥᠷᠪᠡ ᠳᠤ ᠪᠢᠳᠡ ᠲᠥᠷᠪᠡᠭᠦᠯᠬᠡᠨ ᠥᠯᠡᠳᠡᠭᠰᠡᠨ ᠤ ᠲᠤᠳᠣᠷ᠎ᠠ ᠪᠢ ᠠᠯᠢ ᠶᠢ ᠨᠢ ᠴᠦ ᠪᠣᠯᠪᠠᠴᠤ ᠠᠮᠠᠷᠬᠠᠨ ᠠᠪᠬᠤ ᠨᠥᠬᠦᠴᠡᠯ ᠲᠠᠢ᠂ ᠨᠡᠩ ᠰᠣᠳᠨᠠᠮᠸᠠᠩᠴᠤᠭ ᠠᠪᠣᠷᠭᠤ ᠪᠢᠳᠡ ᠬᠠᠮᠳᠣ ᠪᠣᠯᠪᠠᠰᠣᠷᠠᠯ ᠳᠤ ᠪᠠᠶᠢᠭᠰᠠᠨ᠂ ᠲᠡᠭᠦᠨ ᠤ ᠪᠢ ᠪᠠᠳᠣᠯᠭ᠎ᠠ ᠲᠠᠢ ᠲᠠᠪᠠᠭ᠋ᠤ ᠤᠮᠣᠷᠬᠠᠭ ᠰᠠᠨᠠᠭ᠎ᠠ ᠳᠥᠭᠦᠷᠡᠩ ᠪᠠᠶᠢᠪᠠ᠃ ᠡᠳᠡᠭᠡᠷ ᠨᠢ ᠪᠥᠷ ᠮᠢᠨᠣ ᠠᠮᠠᠷᠬᠠᠨ ᠢᠯᠠᠭᠳᠠᠬᠤ ᠨᠥᠬᠦᠴᠡᠯ ᠢ ᠪᠥᠷᠢᠯᠳᠥᠭᠦᠯᠪᠡ︾ ᠭᠡᠵᠤ ᠳ᠋ᠦᠩᠨᠡᠨ ᠶᠠᠷᠢᠪᠠ᠃       ᠲᠡᠷᠡ ᠪᠣᠯ ᠢᠯᠠᠭᠳᠠᠬᠤ ᠲᠤᠳᠣᠮ ᠥᠪᠡᠷ ᠤᠨ ᠪᠡᠶ᠎ᠡ ᠠᠴᠠ ᠪᠠᠨ ᠵᠥᠷᠢᠶ᠎ᠡ ᠪᠠᠨ ᠡᠷᠢᠳᠡᠭ ᠰᠠᠶᠢᠨ ᠪᠥᠬᠡ ᠶᠤᠮ᠃ ᠶᠡᠷᠥᠳᠡᠭᠡᠨ ᠣᠮᠣᠷᠬᠠᠭ ᠥᠭᠡ ᠶᠠᠷᠢᠶᠠᠨ ᠥᠭᠡᠢ ᠪᠥᠭᠡᠳ ᠥᠭᠡ ᠲᠠᠭᠤᠨ ᠴᠥᠭᠡᠨ ᠲᠠᠷᠣᠣ ᠬᠥᠮᠥᠨ ᠪᠠᠶᠢᠪᠠ᠃ ︽ᠭᠤᠩᠴᠣᠭᠰᠡᠷᠡᠩ ᠪᠠᠭᠰᠢ᠂ ᠰᠠᠶᠢᠨ ᠬᠥᠮᠥᠨ ᠰᠠᠶᠢᠨ ᠪᠥᠬᠡ ᠶᠣᠮ᠃ ᠰᠡᠭᠦᠯ ᠳᠤᠨᠢ ᠲᠡᠷᠡ ᠨᠠᠳᠠ ᠲᠠᠢ ᠠᠭᠤᠯᠵᠠᠭᠠᠳ ᠰᠠᠶᠢᠨ ᠪᠥᠬᠡ ᠪᠣᠯᠣᠶ᠎ᠠ ᠭᠡᠪᠡᠯ ᠵᠥᠪᠬᠡᠨ ᠬᠤᠰᠢᠭᠤ ᠨᠣᠳᠤᠭ ᠲᠠᠭᠠᠨ ᠨᠡᠷ᠎ᠡ ᠭᠠᠷᠣᠭᠠᠳ ᠪᠣᠯᠬᠤ ᠪᠢᠰᠢ ᠂ ᠪᠥᠬᠡ ᠰᠠᠶᠢᠲᠠᠢ ᠭᠠᠵᠠᠷ ᠲᠤ ᠬᠥᠷᠴᠤ ᠥᠪᠡᠷ ᠤᠨ ᠬᠢᠷᠢ ᠬᠡᠮᠵᠢᠶ᠎ᠡ ᠪᠠᠨ ᠥᠵᠡᠬᠦ ᠬᠡᠷᠡᠭᠲᠠᠢ ᠭᠡᠵᠤ ᠭᠤᠩᠴᠣᠭᠰᠡᠷᠡᠩ ᠪᠠᠭᠰᠢ ᠶᠢᠨ ᠬᠥᠮᠥᠨ ᠤ ᠰᠣᠨᠢᠷᠬᠠᠬᠤ ᠠᠷᠭ᠎ᠠ ᠮᠠᠶ᠋ᠢᠭ ᠢ ᠪᠢ ᠶᠡᠭᠡ ᠪᠢᠰᠢᠷᠡᠨ᠎ᠡ᠃ ᠲᠡᠷᠡ ᠬᠥᠮᠥᠨ  ᠤ ᠰᠠᠶᠢᠨ ᠪᠠᠷᠢᠭᠤᠯᠬᠤ ᠨᠢ ᠥᠪᠡᠷ ᠢᠶᠠᠨ ᠰᠠᠶᠢᠨ ᠪᠠᠷᠢᠬᠤ ᠶᠢᠨ ᠲᠥᠯᠥᠭᠡ ᠶᠤᠮ ᠭᠡᠵᠤ ᠰᠣᠷᠭᠠᠳᠠᠭ᠃ ᠬᠥᠮᠥᠨ ᠤ ᠭᠥᠢᠴᠡᠳ ᠰᠠᠶᠢᠨ ᠮᠡᠭᠡ ᠬᠢᠯᠬᠡᠬᠦ ᠨᠢ ᠲᠡᠭᠦᠨ ᠢ ᠣᠯᠠᠮ ᠠᠮᠠᠷᠬᠠᠨ ᠲᠠᠪᠠᠭ᠋ᠤ ᠶᠢᠨ ᠲᠥᠯᠥᠬᠡ ᠶᠣᠮ ᠭᠡᠵᠤ︾ ᠠᠪᠠᠭ᠎ᠠ  ᠶᠢᠨ ᠨᠠᠶᠢᠳᠠᠨ ᠭᠤᠩᠴᠣᠭᠰᠡᠷᠡᠩ ᠤᠨ ᠲᠣᠬᠠᠢ ᠶᠠᠷᠢᠳᠠᠭ᠃       ᠭᠤᠩᠴᠣᠭᠰᠡᠷᠡᠩ ᠠᠪᠣᠷᠭᠤ ᠶᠢᠨ ᠪᠥᠰᠡᠭᠦᠢ ᠨᠢ ᠮᠠᠵᠢᠭ ᠭᠡᠳᠡᠭ᠃ ᠵᠣᠯᠡᠭᠡᠷᠡᠯ᠂ ᠬᠤᠸᠠᠷ᠎ᠠ ᠬᠡᠬᠦ ᠬᠤᠶᠠᠷ ᠥᠬᠢᠨ ᠲᠠᠢ᠃ ︽ᠰᠣᠶᠣᠯ ᠤᠨ ᠶᠡᠭᠡ ᠬᠤᠪᠢᠰᠬᠠᠯ︾ ᠳᠤ ᠭᠤᠩᠴᠣᠭᠰᠡᠷᠡᠩ ᠢ ᠥᠪᠥᠷ ᠮᠤᠩᠭᠤᠯ ᠤᠨ ᠪᠥᠬᠡ ᠶᠢᠨ ᠠᠩᠬᠢ ᠠᠴᠠ ᠨᠢ ᠬᠠᠰᠣᠵᠤ ᠭᠡᠷ ᠲᠤᠨᠢ ᠶᠠᠪᠣᠭᠤᠯᠣᠨ 1978 ᠤᠨ ᠳᠤ ᠲᠠᠬᠢᠵᠤ ᠠᠵᠢᠯ ᠢ ᠨᠢ ᠰᠡᠷᠭᠦᠭᠡᠪᠡ᠃ 1979.11-1983 ᠬᠥᠷᠳᠡᠯ᠎ᠡ ᠲᠠᠷᠬᠠᠠᠭᠤᠯᠠ ᠰᠣᠮᠥᠨ ᠤ ᠬᠠᠩᠭᠠᠯᠭ᠎ᠠ ᠶᠢᠨ ᠬᠤᠷᠰᠢᠶ᠎ᠠ ᠳᠤ ᠠᠵᠢᠯᠯᠠᠵᠤ ᠪᠠᠶᠢᠭᠠᠳ ᠬᠤᠳᠣᠭᠤᠳᠣᠨ ᠤ ᠥᠮᠠᠨ ᠡᠪᠡᠳᠴᠢᠨ ᠢᠶᠠᠷ ᠨᠠᠰᠤ ᠪᠠᠷᠠᠭᠰᠠᠨ ᠳᠤ ᠭᠤᠩᠴᠣᠭᠰᠡᠷᠡᠩ ᠠᠪᠤᠷᠭᠤ ᠶᠢᠨ ᠲᠥᠷᠥᠭᠰᠡᠨ ᠨᠣᠳᠤᠭ ᠨᠠᠷᠠᠳᠣ ᠭᠠᠴᠠᠭ᠎ᠠ ᠲᠡᠭᠦᠨ ᠢ ᠲᠣᠷᠠᠰᠬᠠᠨ ᠰᠣᠪᠣᠷᠭ᠎ᠠ ᠪᠣᠰᠬᠠᠵᠠᠢ᠃        ︵ᠪᠣᠷᠵᠢᠬᠢᠨ ᠠ᠊᠂ ᡀᠠᠮᠦᠵᠠᠪ ᠤᠨ ︽ᠴᠢᠩᠭᠢᠰ ᠬᠠᠭᠠᠨ ᠤ ᠲᠥᠮᠡᠨ ᠬᠡᠰᠢᠭᠳᠡᠨ ᠤ ᠬᠤᠶᠢᠴᠢᠰ︾ ᠭᠡᠬᠦ ᠨᠣᠮ ᠠᠴᠠ ᠬᠡᠰᠡᠭᠯᠡᠪᠡ︶ 
 
ᠢᠷᠡᠯᠲᠡ᠄ ᠬᠡᠰᠢᠭᠳᠡᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号