ᠮᠤᠩᠭᠤᠯ ᠰᠤᠳᠤᠯᠭᠠᠨ ᠤ ᠲᠡᠪᠴᠡᠩ ᠳᠠᠬᠢ ︽ᠠᠯᠳᠠᠨ ᠭᠠᠳᠠᠰᠦ︾ ᠴ᠊ · ᠬᠡᠰᠢᠭᠳᠦᠬᠳᠠᠬᠤ
ᠨᠡᠶᠢᠲᠡᠯᠡᠭᠰᠡᠨ ᠴᠠᠭ᠄
2014/8/7
        ᠤᠳᠠᠭᠠᠨ ᠵᠢᠯ ᠪᠠᠭᠰᠢᠯᠠᠬᠤ ᠶᠢᠨ ᠵᠡᠷᠭᠡ ᠪᠠᠷ ᠰᠣᠳᠣᠯᠭᠠᠨ ᠬᠢᠵᠦ ᠢᠷᠡᠭᠰᠡᠨ ᠴ᠊ · ᠬᠡᠰᠢᠭᠳᠦᠭ᠌ᠳᠠᠬᠤ ᠪᠠᠭᠰᠢ ᠶᠢᠨ ᠮᠣᠩᠭᠤᠯ ᠰᠣᠳᠣᠯᠣᠯ ᠤᠨ ᠳᠠᠷᠬᠠᠨ ᠦᠢᠯᠡᠰ ᠲᠤ ᠮᠣᠬᠤᠰᠢ ᠦᠬᠡᠢ ᠵᠢᠳᠬᠦᠵᠦ ᠢᠷᠡᠭᠰᠡᠨ ᠲᠤᠬᠠᠢ ᠰᠤᠷᠪᠤᠯᠵᠢᠯᠠᠵᠤ ᠶᠠᠷᠢᠯᠴᠠᠬᠰᠠᠨ ᠨᠢ ᠰᠤᠷᠪᠤᠯᠵᠢᠯᠠᠬᠴᠢ ᠪᠣᠯᠣᠭᠰᠠᠨ ᠮᠢᠨᠦ ᠬᠤᠪᠢ ᠳᠤ ᠬᠠᠮᠤᠭ ᠤᠨ ᠶᠡᠭᠡ ᠠᠵᠠ ᠲᠤᠬᠢᠶᠠᠬᠰᠠᠨ ᠶᠠᠪᠤᠳᠠᠯ ᠪᠤᠯᠤᠬᠰᠠᠨ ᠪᠢᠯᠡ᠃ 
 
       ᠲᠡᠷᠡ ᠪᠠᠷ ᠪᠠᠭᠰᠢ ᠠᠳᠠᠯ᠎ᠡ ᠰᠤᠳᠤᠯᠤᠭᠠᠴᠢ ᠬᠦᠮᠦᠨ         ᠲᠥᠪ ᠤᠨ ᠦᠨᠳᠦᠰᠦᠳᠡᠨ ᠤ ᠶᠡᠭᠡ ᠰᠣᠷᠭᠠᠭᠤᠯᠢ ᠶᠢᠨ ᠫᠷᠥᠹᠧᠰᠰᠤᠷ ᠴ᠊ · ᠬᠡᠰᠢᠭᠳᠦᠭ᠌ᠳᠠᠬᠤ ᠪᠠᠭᠰᠢ ᠪᠤᠯ ᠮᠠᠨ ᠤ ᠤᠯᠤᠰ ᠤᠨ ᠮᠣᠩᠭᠤᠯ ᠡᠷᠳᠡᠮ ᠰᠢᠨᠵᠢᠯᠡᠬᠡᠨ ᠤ ᠬᠦᠷᠢᠶᠠᠨ ᠳᠤ ᠣᠷᠦ᠋ᠢᠯᠠᠵᠣ ᠶᠠᠪᠦᠭ᠎ᠠ ᠥᠨᠳᠥᠷ ᠵᠢᠳᠬᠦᠯ ᠦᠯᠡᠮᠵᠢ ᠭᠠᠪᠢᠶ᠎ᠠ ᠲᠠᠢ ᠠᠬᠠᠮᠠᠳ ᠡᠷᠳᠡᠮᠳᠡᠨ ᠶᠣᠮ᠃ ᠳᠠᠯᠠᠨ ᠨᠠᠰᠦ ᠶᠢ ᠳᠠᠪᠠᠭᠰᠠᠨ ᠴᠦ ᠠᠬᠠᠮᠠᠳ ᠪᠠᠭᠰᠢ ᠮᠢᠨᠢ ᠮᠥᠨ ᠯᠡ ᠮᠣᠩᠭᠤᠯ ᠰᠣᠳᠣᠯᠭᠠᠨ ᠤ ᠪᠠᠨ ᠦᠢᠯᠡᠰ ᠲᠤ ᠬᠠᠷᠠᠮ ᠦᠬᠡᠢ ᠵᠢᠳᠬᠦᠨ ᠴᠢᠷᠮᠠᠶᠢᠰᠠᠭᠠᠷ ᠁        ᠬᠡᠰᠢᠭᠳᠦᠭ᠌ᠳᠠᠬᠤ ᠪᠠᠭᠰᠢ 1940 ᠣᠨ ᠤ 12 ᠰᠠᠷ᠎ᠠ ᠳᠤ ᠣᠯᠠᠭᠠᠨᠬᠠᠳᠠ ᠬᠤᠳᠠ ᠶᠢᠨ ᠬᠡᠰᠢᠭᠳᠡᠨ ᠬᠤᠰᠢᠭᠤᠨ ᠤ ᠳᠠᠯᠠᠢ ᠨᠠᠭᠤᠷ ᠰᠤᠮᠤ ᠶᠢᠨ ᠲᠠᠪᠤᠨ ᠬᠤᠸᠠ ᠭᠠᠴᠠᠭᠠᠨ ᠳᠤ ᠲᠥᠷᠥᠵᠡᠢ᠃ ᠲᠡᠷᠡ ᠲᠡᠭᠡᠷ᠎ᠡ ᠵᠠᠭᠤᠨ ᠤ ᠵᠢᠷᠠᠭᠠᠳ ᠣᠨ ᠤ ᠦᠶ᠎ᠡ ᠪᠠᠷ ᠲᠥᠪ ᠤᠨ ᠦᠨᠳᠦᠰᠦᠳᠡᠨ ᠤ ᠲᠡᠭᠡᠲᠦ ᠰᠤᠷᠭᠠᠭᠤᠯᠢ ︵ᠤᠳᠤ ᠶᠢᠨ ᠲᠦᠪ ᠤᠨ ᠦᠨᠳᠦᠰᠦᠳᠡᠨ ᠤ ᠶᠡᠭᠡ ᠰᠤᠷᠭᠠᠭᠤᠯᠢ︶ ᠶᠢᠨ ᠮᠣᠩᠭᠤᠯ ᠬᠡᠯᠡᠨ ᠤ ᠰᠠᠯᠪᠣᠷᠢ ᠶᠢᠨ ᠮᠣᠩᠭᠤᠯ ᠬᠡᠯᠡ ᠣᠳᠬ᠎ᠠ ᠵᠣᠬᠢᠶᠠᠯ ᠤᠨ ᠠᠩᠬᠢ ᠳᠤ ᠡᠯᠰᠡᠭᠳᠡᠨ ᠣᠷᠣᠵᠦ᠂ ᠶᠡᠭᠡ ᠰᠣᠷᠭᠠᠭᠤᠯᠢ ᠪᠠᠨ ᠳᠦᠬᠦᠷᠭᠡᠬᠦ ᠪᠠᠷ ᠮᠥᠨ ᠰᠣᠷᠭᠠᠭᠤᠯᠢ ᠳᠠᠭᠠᠨ ᠥᠯᠠᠳᠡᠵᠦ ᠪᠠᠭᠰᠢᠯᠠᠨ᠂ ᠠᠵᠢᠯ ᠦᠢᠯᠡᠰ ᠤᠨ ᠠᠩᠬᠠᠨ ᠤ ᠭᠠᠷᠤᠭ᠎ᠠ ᠪᠠᠨ ᠠᠳᠠ ᠠᠴᠠ ᠡᠬᠢᠯᠡᠬᠦᠯᠵᠡᠢ᠃ ᠲᠤᠬᠠᠢ ᠶᠢᠨ ᠦᠶ᠎ᠡ ᠳᠤ ᠲᠡᠷᠡ ᠦᠷᠬᠦᠯᠵᠢᠯᠡᠨ ᠠᠰᠫᠢᠷᠠᠨᠲ ᠰᠤᠷᠤᠯᠴᠠᠬᠤ ᠪᠤᠯᠤᠮᠵᠢ ᠪᠠᠶᠢᠨ᠎ᠡ ᠤᠤ ᠦᠬᠡᠢ ᠤᠤ︖ ᠭᠠᠳᠠᠭᠠᠳᠤ ᠳᠤ ᠶᠠᠪᠤᠵᠤ ᠰᠤᠷᠤᠯᠴᠠᠬᠤ ᠲᠤᠬᠢᠶᠠᠯ ᠪᠠᠶᠢᠨ᠎ᠡ ᠤᠤ ᠦᠬᠡᠢ ᠤᠤ︖ ᠬᠡᠵᠤ ᠪᠠᠭᠰᠢ ᠨᠡᠷ ᠢᠶᠠᠨ ᠡᠷᠢᠵᠤ ᠶᠠᠷᠢᠯᠴᠠᠳᠠᠭ ᠪᠠᠶᠢᠬᠰᠠᠨ ᠬᠡᠳᠡᠭ᠃ ︽ᠬᠡᠳᠡᠯ᠎ᠡ ︿ᠰᠠᠶᠢᠨ ᠶᠠᠪᠤᠳᠠᠯ ᠳᠤ ᠰᠠᠭᠠᠷ ᠤᠯᠠᠨ﹀ ᠬᠡᠳᠡᠭ ᠢᠶᠠᠷ ︿ᠰᠤᠶᠤᠯ ᠤᠨ ᠬᠤᠪᠢᠰᠬᠠᠯ﹀ ᠡᠬᠢᠯᠡᠵᠤ᠂ ᠰᠤᠷᠭᠠᠭᠤᠯᠢ ᠬᠢᠴᠢᠶᠡᠯ ᠵᠤᠬᠰᠤᠨ ᠰᠤᠷᠤᠭᠴᠢ ᠡᠯᠰᠡᠬᠦ ᠪᠠᠨ ᠪᠤᠯᠢᠵᠡᠢ᠃ ᠤᠢᠢᠮᠠᠬᠡᠨ ᠲᠡᠪᠵᠢᠶᠡᠨ ᠵᠢᠭᠠᠬᠠᠨ ᠨᠠᠮᠳᠠᠬᠰᠠᠨ 1971 ᠤᠨ ᠳᠤ ᠰᠤᠷᠤᠭᠴᠢ ᠡᠯᠰᠡᠨ ᠬᠢᠴᠢᠶᠡᠯ ᠡᠬᠢᠯᠡᠭᠰᠡᠨ ᠪᠤᠯᠪᠠᠴᠤ ᠬᠢᠴᠢᠶᠡᠯ ᠬᠦᠮᠦᠵᠢᠯ ᠤᠨ ᠠᠵᠢᠯ ᠠᠯᠪᠠ ᠮᠦᠨ ᠴᠤ ᠰᠠᠮᠠᠭᠤᠨ ᠪᠠᠶᠢᠳᠡᠯ ᠲᠤᠤᠷ᠎ᠡ ᠶᠠᠪᠤᠬᠳᠠᠵᠤ ᠪᠠᠶᠢᠬᠰᠠᠨ ᠠᠴᠠ ᠡᠨᠡ ᠮᠦᠷᠦᠬᠡᠳᠤᠯ ᠴᠤ ᠠᠮᠢᠯᠠᠯ ᠢᠶᠠᠨ ᠤᠯᠵᠤ ᠴᠢᠳᠠᠭ᠎ᠠ ᠦᠬᠡᠢ︾ ᠬᠡᠵᠤ ᠲᠡᠷᠡ ᠬᠠᠭᠤᠴᠢᠯᠠᠨ᠎ᠡ᠃ 
       ᠴ᠊ · ᠬᠡᠰᠢᠭᠳᠦᠬᠳᠠᠬᠤ ︵ᠪᠠᠷᠠᠭᠤᠨ ᠠᠴᠠ ᠨᠢᠭᠡᠳᠦᠭᠡᠷ︶ ᠮᠤᠩᠭᠤᠯ ᠤᠯᠤᠰ ᠤᠨ ︽ᠠᠯᠳᠠᠨ ᠭᠠᠳᠠᠰᠦ︾ ᠱᠠᠩᠨᠠᠯ ᠢ ᠬᠦᠷᠳᠡᠭᠰᠡᠨ ᠶᠠᠫᠤᠨ᠂ ᠤᠷᠤᠰ᠂ ᠭᠧᠷᠮᠠᠨ ᠤ ᠡᠷᠳᠡᠮᠳᠡᠳ ᠱ᠊ · ᠪᠢᠷ᠎ᠡ ᠠᠺᠠᠳᠧᠮᠢᠴᠢ ᠲᠠᠢ ᠬᠠᠮᠳᠦ        1977 ᠤᠨ ᠠᠴᠠ ᠶᠡᠭᠡ ᠲᠡᠭᠡᠲᠦ ᠰᠤᠷᠭᠠᠭᠤᠯᠢ ᠳᠤ ᠡᠯᠰᠡᠬᠦ ᠨᠢᠭᠡᠲᠦᠯᠳᠠᠢ ᠰᠢᠯᠭᠠᠯᠳᠡ ᠶᠢᠨ ᠲᠦᠷᠢᠮ ᠰᠡᠷᠬᠦᠵᠤ᠂ 4 ᠵᠢᠯ ᠤᠨ ᠲᠦᠷᠢᠮᠳᠤ ᠵᠢᠩᠬᠢᠨᠢ ᠠᠩᠬᠢ ᠰᠤᠷᠤᠭᠴᠢ ᠡᠯᠰᠡᠵᠤ ᠡᠬᠢᠯᠡᠭᠰᠡᠨ ᠪᠦᠬᠡᠳ ᠡᠷᠳᠡᠨ ᠤ ᠤᠳᠬ᠎ᠠ ᠵᠤᠬᠢᠶᠠᠯ ᠤᠨ ᠬᠢᠴᠢᠶᠡᠯ ᠨᠡᠬᠡᠬᠡᠵᠤ ᠪᠤᠯᠳᠠᠭ ᠪᠠᠶᠢᠵᠠᠢ᠃ ︽ᠤᠳᠤᠬᠢ ᠦᠵᠡᠯ ᠤᠬᠠᠮᠰᠡᠷ ᠤᠨ ᠬᠦᠯᠢᠶᠡᠰᠤᠨ ᠠᠴᠠ ᠮᠤᠯᠳᠤᠷᠠᠵᠤ ᠲᠡᠶᠢᠯᠳᠡᠭ ᠦᠬᠡᠢ ᠤᠳᠬ᠎ᠠ ᠵᠤᠬᠢᠶᠠᠯ ᠤᠨ ᠤᠨᠤᠯ ᠵᠡᠷᠬᠡ ᠬᠢᠴᠢᠶᠡᠯ ᠨᠤᠭᠤᠳ ᠲᠤ ᠲᠤᠷ᠎ᠡ ᠭᠤᠳᠤᠵᠤ ᠪᠠᠶᠢᠬᠰᠠᠨ ᠪᠢ ᠲᠡᠷᠡ ᠲᠤᠤᠷ᠎ᠡ ᠪᠠᠨ ᠡᠷᠳᠡᠨ ᠤ ᠤᠳᠬ᠎ᠠ ᠵᠤᠬᠢᠶᠠᠯ ᠤᠨ ᠬᠢᠴᠢᠶᠡᠯ ᠵᠢᠭᠠᠵᠤ ᠡᠬᠢᠯᠡᠭᠰᠡᠨ ᠳ᠋ᠠ︾ ᠬᠡᠵᠤ ᠬᠡᠰᠢᠭᠳᠦᠬᠳᠠᠬᠤ ᠪᠠᠭᠰᠢ ᠲᠤᠬᠠᠢ ᠶᠢᠨ ᠦᠶ᠎ᠡ ᠪᠠᠨ ᠲᠤᠷᠠᠰᠴᠤ ᠶᠠᠷᠢᠨ᠎ᠡ᠃ ᠲᠡᠬᠦᠨ ᠤ ᠡᠷᠳᠡᠨ ᠤ ᠤᠳᠬ᠎ᠠ ᠵᠤᠬᠢᠶᠠᠯ ᠤᠨ ᠬᠢᠴᠢᠶᠡᠯ ᠨᠢ ᠤᠶᠤᠳᠠᠳ ᠤᠨ ᠠᠩᠬᠠᠷᠤᠯ ᠢ ᠮᠠᠰᠢ ᠶᠡᠭᠡ ᠲᠠᠳᠠᠵᠤ ᠪᠠᠶᠢᠬᠰᠠᠨ ᠪᠠᠶᠢᠯ᠎ᠠ᠃ ᠢᠩᠬᠢᠬᠡᠳ᠂ ᠲᠡᠬᠦᠨ ᠤ ᠡᠷᠳᠡᠮ ᠰᠢᠨᠵᠢᠯᠡᠬᠡᠨ ᠤ ᠠᠵᠢᠯ ᠤᠨ ᠬᠤᠪᠢ ᠪᠠᠷᠢᠯᠳᠤᠯᠭ᠎ᠠ ᠮᠦᠨ ᠡᠬᠦᠨ ᠠᠴᠠ ᠡᠬᠢᠯᠡᠵᠤ᠂ 1980 ᠤᠨ ᠳᠤ ︽ᠨᠢᠭᠡᠳᠷᠡᠵᠤ ᠪᠦᠯᠬᠦᠮᠳᠡᠬᠦ ᠶᠢ ᠤᠷᠢᠶᠠᠯᠠᠬᠰᠠᠨ ᠪᠢᠴᠢᠭ — ︿ᠮᠤᠩᠭᠤᠯ ᠤᠨ ᠨᠢᠭᠤᠴᠡ ᠲᠤᠪᠴᠢᠶᠡᠨ﹀ ᠤ ᠭᠤᠤᠯ ᠦᠵᠡᠯ ᠰᠠᠨᠠᠭ᠎ᠠ︾ ᠬᠡᠮᠡᠬᠦ ᠠᠩᠬᠠᠳᠠᠬᠴᠢ ᠦᠬᠦᠯᠡᠯ ᠢᠶᠠᠨ ᠨᠡᠶᠢᠳᠡᠯᠡᠭᠦᠯᠤᠨ᠂ ᠲᠡᠬᠦᠨ ᠠᠴᠠ ᠡᠬᠢᠯᠡᠨ ᠤᠳᠤ ᠳᠤ ᠬᠦᠷᠳᠡᠯ᠎ᠡ ᠮᠤᠩᠭᠤᠯ ᠤᠨ ᠡᠷᠳᠡᠨ ᠤ ᠤᠳᠬ᠎ᠠ ᠵᠤᠬᠢᠶᠠᠯ᠂ ᠮᠤᠩᠭᠤᠯ ᠰᠤᠷᠪᠤᠯᠵᠢ ᠪᠢᠴᠢᠭ᠂ ᠮᠤᠩᠭᠤᠯ ᠤᠨ ᠲᠡᠤᠬᠡ ᠰᠤᠶᠤᠯ ᠤᠨ ᠵᠠᠷᠢᠮ ᠠᠰᠠᠭᠤᠳᠠᠯ ᠤᠨ ᠲᠠᠯ᠎ᠡ ᠪᠠᠷ ᠤᠯᠤᠰ ᠤᠨ ᠲᠤᠳᠤᠭᠠᠳᠤ ᠭᠠᠳᠠᠭᠠᠳᠤ ᠳᠤ ᠨᠡᠶᠢᠳᠡ 80 ᠭᠠᠷᠤᠢ ᠦᠬᠦᠯᠡᠯ ᠨᠠᠶᠢᠳᠠᠯᠡᠬᠦᠯᠦᠭᠰᠡᠨ ᠲᠡᠳᠤᠢ ᠦᠬᠡᠢ ᠵᠠᠷᠢᠮ ᠨᠢ ᠶᠠᠫᠤᠨ᠂ ᠠᠩᠭ᠍ᠯᠢ᠂ ᠤᠷᠤᠰ ᠬᠡᠯᠡᠨ ᠳᠤ ᠤᠷᠴᠢᠭᠤᠯᠤᠬᠳᠠᠬᠰᠠᠨ ᠪᠤᠶᠤ ᠺᠢᠷᠢᠯ ᠦᠰᠦᠭ ᠢᠶᠠᠷ ᠬᠦᠷᠪᠡᠬᠦᠯᠦᠭᠳᠡᠨ ᠶᠠᠫᠤᠨ᠂ ᠤᠷᠤᠰ᠂ ᠮᠤᠩᠭᠤᠯ ᠵᠡᠷᠬᠡ ᠤᠯᠤᠰ ᠲᠤ ᠨᠡᠶᠢᠳᠡᠯᠡᠭᠳᠡᠪᠡ᠃        ᠴᠢᠩᠭᠢᠰ ᠬᠠᠭᠠᠨ ᠤ ᠤᠡᠭᠭᠤᠨ ᠤ ᠲᠤᠬᠠᠢ ᠪᠢᠴᠢᠭᠰᠡᠨ ︽ᠴᠢᠩᠭᠢᠰ ᠬᠠᠭᠠᠨ ᠤ ᠭᠤᠷᠪᠠᠨ ᠤᠡᠭᠭᠤᠨ︾ ᠭᠡᠭᠦ ᠦᠭᠦᠯᠡᠯ ᠳᠡᠭᠡᠨ ᠲᠡᠷᠡ ᠴᠢᠩᠭᠢᠰ ᠬᠠᠭᠠᠨ ᠤ ᠤᠡᠭᠭᠤᠨ ᠭᠡᠳᠡᠭ ᠤᠢᠢᠯᠠᠭᠠᠯᠳᠠ ᠳᠤ ᠲᠤᠷᠠᠰᠬᠠᠯ ᠤᠨ ᠤᠡᠭᠭᠤᠨ᠂ ᠰᠢᠳᠦᠭᠡᠨ ᠤᠡᠭᠭᠤᠨ᠂ ᠴᠢᠨᠳᠠᠷ ᠤᠨ ᠤᠡᠭᠭᠤᠨ ᠪᠠᠶᠢᠳᠠᠭ ᠭᠡᠵᠦ ᠲᠤᠷᠠᠳᠤᠨ ᠨᠤᠳᠠᠯᠠᠬᠰᠠᠨ ᠪᠦᠭᠡᠳ ᠤᠳᠤᠬᠢ ᠤᠷᠳᠤᠰ ᠲᠠᠬᠢ ᠴᠢᠩᠭᠢᠰ ᠤᠨ ᠤᠡᠭᠭᠤᠨ ᠪᠤᠯ ᠰᠢᠳᠦᠭᠡᠨ ᠤᠡᠭᠭᠤᠨ ᠪᠤᠯᠤᠨ᠎ᠠ ᠭᠡᠳᠡᠭ ᠦᠵᠡᠯᠳᠡ ᠲᠠᠪᠰᠢᠭᠦᠯᠵᠠᠢ᠃ ᠡᠨᠡ ᠦᠭᠦᠯᠡᠯ ᠨᠡᠶᠢᠳᠡᠯᠡᠭᠳᠡᠮᠡᠭᠴᠡ ᠶᠠᠫᠤᠨ ᠤ ᠶᠠᠩ ᠬᠠᠢ ᠶᠢᠩ ᠵᠡᠷᠭᠡ ᠡᠷᠳᠡᠮᠳᠡᠳ ᠲᠤ ᠦᠨᠳᠦᠷ ᠦᠨᠡᠯᠡᠭᠳᠡᠭᠰᠡᠨ ᠪᠠᠶᠢᠨ᠎ᠠ᠃ 
       ᠠᠯᠳᠠᠷᠳᠦ ᠰᠢᠯᠦᠭᠴᠢ ᠰᠢ᠊ · ᠮᠦᠷᠡᠨ ᠲᠠᠢ ᠬᠠᠮᠳᠦ        ᠡᠭᠦᠨᠴᠢᠯᠡᠨ ᠬᠡᠰᠢᠭᠳᠦᠭ᠌ᠳᠠᠬᠤ ᠪᠠᠭᠰᠢ 1966 ᠣᠨ ᠠᠴᠠ 1986 ᠣᠨ ᠬᠦᠷᠲᠡᠯ᠎ᠡ ᠮᠣᠩᠭᠤᠯ ᠬᠡᠯᠡ ᠣᠳᠬ᠎ᠠ ᠵᠣᠬᠢᠶᠠᠯ ᠤᠨ ᠰᠤᠷᠭᠠᠯᠳᠠ ᠶᠢᠨ ᠲᠠᠰᠤᠭ ᠲᠣ ᠮᠣᠩᠭᠤᠯ ᠬᠡᠯᠡ ᠤᠳᠬ᠎ᠠ ᠵᠣᠬᠢᠶᠠᠯ ᠤᠨ ᠰᠤᠷᠭᠠᠯᠳᠠ ᠰᠣᠳᠣᠯᠭᠠᠨ ᠤ ᠠᠵᠢᠯ ᠢ ᠬᠢᠵᠦ ᠶᠠᠪᠦᠵᠠᠢ᠃ 1986 - 2000 ᠣᠨ ᠤ ᠬᠤᠭᠤᠷᠣᠨᠳᠦ ᠲᠡᠷᠡ ᠪᠠᠷ ᠣᠳᠬ᠎ᠠ ᠤᠷᠠᠯᠢᠭ ᠤᠨ ᠰᠣᠳᠣᠯᠭᠠᠨ ᠤ ᠭᠠᠵᠠᠷ ᠮᠣᠩᠭᠤᠯ ᠦᠨᠳᠦᠰᠦᠳᠡᠨ ᠤ ᠤᠷᠠᠯᠢᠭ ᠤᠨ ᠰᠣᠳᠣᠯᠤᠯ ᠪᠣᠯᠣᠨ ᠰᠣᠷᠭᠠᠯᠳᠠ ᠶᠢᠨ ᠠᠵᠢᠯ ᠬᠢᠵᠡᠢ᠃ ᠲᠡᠳ᠋ ᠫᠷᠥᠹᠧᠰᠰᠤᠷ᠂ ᠫᠷᠥᠹᠧᠰᠰᠤᠷ ᠠᠴᠠ ᠪᠠᠨ ᠳ᠋ᠤᠺᠲ᠋ᠣᠷᠡᠨᠲ ᠤᠨ ᠵᠢᠯᠤᠭᠤᠳᠤᠬᠴᠢ ᠪᠠᠭᠰᠢ ᠪᠣᠯᠵᠦ᠂ ᠮᠥᠨ ᠮᠣᠩᠭᠤᠯ ᠦᠨᠳᠦᠰᠦᠳᠡᠨ ᠤ ᠲᠡᠥᠬᠡ ᠣᠳᠬ᠎ᠠ ᠵᠣᠬᠢᠶᠠᠯ ᠤᠨ ᠡᠷᠳᠡᠮᠳᠡᠨ ᠪᠣᠯᠣᠭᠰᠠᠨ ᠶᠤᠮ᠃ ᠬᠡᠰᠢᠭᠳᠦᠭ᠌ᠳᠠᠬᠤ ᠪᠠᠭᠰᠢ 1993 ᠣᠨ ᠠᠴᠠ ᠡᠬᠢᠯᠡᠨ ᠣᠯᠠᠨ ᠤᠳᠠᠭ᠎ᠠ ᠶᠠᠫᠤᠨ ᠤ ᠸᠠᠰᠢᠳᠠ ᠶᠡᠭᠡ ᠰᠤᠷᠭᠠᠭᠤᠯᠢ ᠳᠤ ᠬᠦᠷᠴᠦ ᠡᠷᠳᠡᠮ ᠰᠢᠨᠵᠢᠯᠡᠬᠡᠨ ᠤ ᠠᠶᠢᠯᠴᠢᠯᠠᠯ ᠬᠢᠵᠦ᠂ ᠸᠠᠰᠢᠳᠠ ᠶᠡᠭᠡ ᠰᠣᠷᠭᠠᠭᠤᠯᠢ ᠶᠢᠨ ᠫᠷᠥᠹᠧᠰᠰᠤᠷ ᠲᠠᠢ ᠬᠠᠮᠲᠤ ︽ᠠᠯᠲᠠᠨ ᠬᠠᠭᠠᠨ ᠤ ᠳᠣᠮᠤᠭ︾ ᠭᠡᠬᠦ ᠨᠣᠮ ᠢ ᠬᠡᠪᠯᠡᠬᠦᠯᠦᠭᠰᠡᠨ ᠪᠠᠶᠢᠨ᠎ᠠ᠃ ᠲᠡᠷᠡ ᠪᠠᠰᠠ ᠮᠣᠩᠭᠤᠯ ᠣᠯᠣᠰ ᠤᠨ ᠶᠡᠷᠤᠩᠬᠡᠢ ᠰᠠᠶᠢᠳ ᠤᠨ ᠤᠷᠢᠯᠭ᠎ᠠ ᠪᠠᠷ ᠤᠯᠠᠭᠠᠨᠪᠠᠭᠠᠳᠤᠷ ᠲᠤ ᠪᠣᠯᠣᠭᠰᠠᠨ 8 ᠳ᠋ᠤᠭᠠᠷ ᠬᠤᠭᠤᠴᠠᠭᠠᠨ ᠤ ᠣᠯᠠᠨ ᠣᠯᠣᠰ ᠤᠨ ᠮᠣᠩᠭᠤᠯ ᠡᠷᠳᠡᠮᠳᠡᠳ ᠤᠨ ᠬᠤᠷᠠᠯ ᠳᠤ ᠣᠷᠣᠯᠴᠠᠵᠣ ᠴᠢᠩᠬᠢᠰ ᠬᠠᠭᠠᠨ ᠤ ᠮᠡᠨᠳᠦᠯᠡᠭᠰᠡᠨ 840 ᠵᠢᠯ ᠤᠨ ᠣᠢ ᠳᠤ ᠵᠣᠷᠢᠭᠤᠯᠣᠨ ᠡᠷᠳᠡᠮ ᠰᠢᠨᠵᠢᠯᠡᠬᠡᠨ ᠤ ᠶᠠᠷᠢᠶ᠎ᠡ ᠢᠯᠡᠳᠬᠡᠯ ᠬᠢᠵᠦ᠂ ᠲᠤᠮᠳᠠᠳᠤ ᠮᠣᠩᠭᠤᠯ ᠤᠨ ᠣᠯᠠᠨ ᠡᠷᠳᠡᠮᠳᠡᠨ ᠮᠡᠷᠬᠡᠵᠢᠯᠳᠡᠨ ᠤ ᠬᠦᠨᠳᠦᠳᠬᠡᠯ ᠪᠢᠰᠢᠷᠡᠯ ᠢ ᠬᠦᠷᠳᠡᠵᠦ ᠶᠠᠪᠦᠯ᠎ᠠ᠃        ᠬᠡᠰᠢᠭᠳᠦᠭ᠌ᠳᠠᠬᠤ ᠪᠠᠭᠰᠢ ᠮᠥᠨ ᠣᠯᠠᠨ ᠣᠳᠠᠭ᠎ᠠ ᠣᠷᠢᠯᠭ᠎ᠠ ᠪᠠᠷ ᠠᠮᠧᠷᠢᠺᠠ ᠶᠢᠨ ᠮᠣᠩᠭᠤᠯ ᠰᠣᠶᠣᠯ ᠤᠨ ᠨᠡᠶᠢᠬᠡᠮᠯᠢᠭ᠂ ᠢᠨᠳᠢᠶᠠᠨ᠎ᠠ ᠶᠡᠭᠡ ᠰᠣᠷᠭᠠᠭᠤᠯᠢ ᠶᠢᠨ ᠮᠣᠩᠭᠤᠯ ᠰᠣᠳᠣᠯᠣᠯ ᠤᠨ ᠲᠦᠪ ᠪᠣᠯᠣᠨ ᠰᠣᠯᠣᠩᠭᠤᠰ ᠤᠨ ᠮᠣᠩᠭᠤᠯ ᠰᠣᠳᠣᠯᠣᠯ ᠤᠨ ᠨᠡᠶᠢᠬᠡᠮᠯᠢᠭ ᠵᠡᠷᠬᠡ ᠭᠠᠵᠠᠷ ᠤᠳ ᠢᠶᠠᠷ ᠬᠦᠷᠴᠦ ᠦᠷ᠎ᠡ ᠪᠦᠳᠦᠮᠵᠢ ᠥᠨᠳᠥᠷ ᠡᠷᠳᠡᠮ ᠰᠢᠨᠵᠢᠯᠡᠬᠡᠨ ᠤ ᠠᠶᠢᠯᠴᠢᠯᠠᠯ ᠬᠢᠵᠦ ᠶᠠᠪᠤᠭᠰᠠᠨ ᠬᠢᠯᠠᠯᠵᠡᠬᠰᠠᠨ ᠰᠠᠶᠢᠬᠠᠨ ᠲᠡᠤᠬᠡ ᠲᠠᠢ ᠶᠤᠮ᠃        ᠬᠡᠰᠢᠭᠳᠦᠭ᠌ᠳᠠᠬᠤ ᠫᠷᠤᠹᠧᠰᠰᠤᠷ ᠡᠷᠳᠡᠮ ᠨᠤᠮ ᠤᠨ ᠠᠵᠢᠯ ᠳᠠᠭᠠᠨ ᠢᠮᠠᠬᠳᠠ ᠯᠠᠪᠳᠠᠭᠤᠨ ᠬᠢᠨᠠᠮᠠᠭᠠᠢ᠂ ᠰᠢᠨᠵᠢᠯᠡᠭᠦ ᠤᠬᠠᠭᠠᠨᠴᠢ ᠤᠪᠤᠷ ᠢᠶᠠᠷ ᠵᠢᠳᠭᠦᠵᠦ᠂ ᠬᠡᠯᠡ ᠪᠢᠴᠢᠭ ᠤᠨ ᠤᠬᠠᠭᠠᠨ ᠤ ᠤᠨᠤᠯ ᠠᠷᠭ᠎ᠠ ᠶᠢ ᠬᠡᠷᠡᠭᠯᠡᠨ ᠤᠷᠠᠨ ᠵᠤᠬᠢᠶᠠᠯ᠂ ᠰᠤᠷᠪᠤᠯᠵᠢ ᠪᠢᠴᠢᠭ ᠰᠤᠳᠤᠯᠤᠯ᠂ ᠬᠡᠯᠡ ᠰᠢᠨᠵᠢᠯᠡᠯ᠂ ᠲᠡᠤᠭᠡ᠂ ᠱᠠᠰᠢᠨ ᠰᠤᠷᠳᠠᠬᠤᠨ᠂ ᠵᠠᠩ ᠦᠢᠯᠡ ᠶᠢᠨ ᠤᠯᠠᠨ ᠬᠠᠷᠠᠭᠠᠰᠤ ᠠᠴᠠ ᠶᠡᠷᠦᠩᠭᠡᠶᠢᠯᠡᠨ ᠰᠤᠳᠤᠯᠵᠦ᠂ ᠰᠢᠨ᠎ᠠ ᠦᠵᠡᠯᠳᠡ ᠲᠤᠷᠠᠳᠳᠠᠭ ᠪᠤᠯᠬᠤᠷ 20 ᠳ᠋ᠤᠭᠠᠷ ᠵᠠᠭᠤᠨ ᠤ ᠨᠠᠶᠠᠭᠠᠳ ᠤᠨ ᠠᠴᠠ ᠡᠬᠢᠯᠡᠨ ᠤᠯᠠᠨ ᠤᠯᠤᠰ ᠤᠨ ᠮᠤᠩᠭᠤᠯ ᠰᠤᠳᠤᠯᠤᠬᠴᠢᠳ ᠲᠤ ᠮᠡᠳᠡᠷᠡᠭᠳᠡᠭᠰᠡᠭᠡᠷ ᠦᠨᠡᠯᠡᠭᠳᠡᠭᠰᠡᠭᠡᠷ ᠢᠷᠡᠭᠰᠡᠨ ᠪᠢᠯᠡ᠃        ᠲᠡᠷᠡ ᠪᠠᠷ ︽ᠮᠤᠵᠢᠭᠤᠳᠠ︾ ᠠᠳᠠᠯ᠎ᠡ ᠲᠦᠪ ᠭᠤᠤᠯᠴᠢ ᠶᠢ ᠪᠠᠷᠢᠳᠠᠭ ᠬᠦᠮᠦᠨ         ᠬᠡᠰᠢᠭᠳᠦᠬᠳᠠᠬᠤ ᠪᠤᠯ ᠡᠬᠡᠯ ᠵᠢᠷ ᠤᠨ ᠪᠢᠴᠢᠭ ᠤᠨ ᠬᠦᠮᠦᠨ᠃ ᠮᠤᠩᠭᠤᠯ ᠰᠤᠳᠤᠯᠤᠯ᠂ ᠬᠢᠴᠢᠶᠡᠯ ᠬᠦᠮᠦᠵᠢᠯ ᠤᠨ ᠬᠤᠪᠢ ᠳᠤ ᠬᠡᠵᠢᠶᠡᠳᠡ ᠦᠪᠡᠷ ᠢ ᠪᠠᠨ ᠪᠠᠷᠢᠮᠳᠠᠯᠠᠳᠠᠭ ︽ᠮᠤᠵᠢᠭᠤᠳᠡ︾ ᠬᠦᠮᠦᠨ᠃ ᠬᠡᠳᠡᠯ᠎ᠡ ᠡᠷᠳᠡᠮ ᠰᠢᠨᠵᠢᠯᠡᠬᠡᠨ ᠳᠤ ᠬᠤᠶᠡᠷ ᠦᠬᠡᠢ ᠰᠡᠳᠬᠢᠯ ᠢᠶᠠᠷ ᠬᠠᠨᠳᠤᠵᠤ ᠭᠤᠤᠯᠴᠢ ᠶᠢ ᠪᠠᠷᠢᠳᠠᠬ ᠬᠦᠮᠦᠨ ᠲᠠᠭᠤᠷᠢᠶᠠᠯ ᠪᠤᠯᠵᠤ ᠰᠡᠬᠦ᠋ᠢᠨ᠎ᠡ ᠁        ︽ᠬᠠᠮᠢᠭ᠎ᠠ ᠪᠠᠶᠢᠬᠰᠠᠨ ᠠᠪᠢᠶᠠᠰ ᠪᠢᠯᠢᠭ ᠪᠤᠢ᠂ ᠪᠢ ᠪᠤᠰᠤᠳ ᠤᠨ ᠺᠤᠹᠧ ᠤᠤᠭᠤᠬᠤ ᠴᠠᠭ ᠢ ᠬᠦᠷᠳᠡᠯ᠎ᠡ ᠴᠦᠮ ᠠᠵᠢᠯ ᠳᠠᠭᠠᠨ ᠵᠠᠷᠤᠴᠠᠭᠤᠯᠤᠬᠰᠠᠨ ᠲᠡᠳᠤᠢ ᠯᠡ ᠶᠤᠮ︾ ᠬᠡᠵᠤ ᠯᠦ ᠰᠢᠶᠦ᠋ᠨ ᠠᠪᠤᠭᠠᠢ ᠶᠠᠷᠢᠵᠤ ᠦᠩᠬᠡᠷᠡᠭᠰᠡᠨ ᠶᠤᠮ᠃ ᠡᠨᠡ ᠦᠬᠡ ᠶᠢ ᠬᠡᠰᠢᠭᠳᠦᠬᠳᠠᠬᠤ ᠪᠠᠭᠰᠢ ᠶᠡᠬᠡᠬᠡᠨ ᠬᠦᠯᠢᠶᠡᠨ ᠵᠦᠪᠰᠢᠶᠡᠷᠡᠳᠡᠭ ᠶᠤᠮ᠃ ᠪᠤᠳᠤᠬᠤ ᠳᠤ ᠦᠪᠡᠷ ᠲᠠᠢ ᠨᠢ ᠠᠳᠠᠯᠢᠬᠠᠨ ᠯᠡ ᠰᠠᠨᠠᠬᠳᠠᠬᠰᠠᠨ ᠪᠠᠶᠢᠯᠬᠦᠢ᠃ ︽ᠪᠢ ᠦᠪᠡᠷ ᠢᠶᠠᠨ ᠠᠪᠢᠶᠠᠰ ᠪᠢᠯᠢᠭ ᠲᠠᠢ ᠦᠴᠦᠬᠡᠨ ᠲᠡᠳᠤᠢ ᠴᠤ ᠬᠤᠪᠢ ᠪᠠᠷᠢᠯᠳᠤᠯᠭ᠎ᠠ ᠪᠠᠶᠢᠬᠤ ᠦᠬᠡᠢ᠂ ᠬᠠᠷᠢᠨ ᠠᠷᠳᠠᠭ ᠮᠤᠩᠬᠠᠭ ᠲᠠᠢ ᠠᠬ᠎ᠠ ᠲᠡᠬᠦᠦ ᠶᠢᠨ ᠪᠠᠷᠢᠯᠳᠤᠯᠭ᠎ᠠ ᠲᠠᠢ ᠲᠦᠷᠦᠵᠡᠢ᠂ ᠬᠡᠬᠦ ᠳᠡᠭᠡᠨ ᠪᠢ ᠪᠤᠰᠤᠳ ᠤᠨ ᠠᠷᠢᠬᠢ ᠤᠤᠭᠤᠬᠤ᠂ ᠲᠠᠮᠠᠬᠢ ᠲᠠᠳᠠᠬᠤ ᠂ ᠮᠠᠵᠢᠶᠠᠩ ᠨᠠᠭᠠᠳᠬᠤ᠂ ᠵᠤᠭᠠᠴᠠᠵᠤ ᠰᠡᠯᠡᠬᠦᠴᠡᠬᠦ ᠴᠠᠭ ᠢ ᠴᠦᠮ ᠰᠤᠷᠴᠤ ᠰᠤᠳᠤᠯᠬᠤ ᠳᠠᠭᠠᠨ ᠵᠤᠷᠢᠭᠤᠯᠵᠤ ᠶᠠᠪᠤᠬᠰᠠᠨ ᠶᠤᠮ︾ ᠬᠡᠵᠤ ᠲᠡᠷᠡ ᠦᠪᠡᠷ ᠤᠨ ᠶᠠᠪᠤᠵᠤ ᠢᠷᠡᠭᠰᠡᠨ ᠤᠯᠠ ᠮᠦᠷ ᠢᠶᠠᠨ ᠳ᠋ᠦᠩᠨᠡᠵᠤ ᠶᠠᠷᠢᠨ᠎ᠡ᠃  
       ᠮᠤᠩᠭᠤᠯ ᠤᠯᠤᠰ ᠤᠨ ᠰᠤᠶᠤᠯ ᠤᠷᠠᠯᠢᠭ ᠤᠨ ᠶᠡᠭᠡ ᠰᠤᠷᠭᠠᠭᠤᠯᠢ ᠶᠢᠨ ᠤᠤᠯ ᠤᠨ ᠵᠠᠬᠢᠷᠤᠯ ᠳ᠋᠊ · ᠴᠠᠳᠠᠪ ︵ᠵᠡᠬᠦᠨᠳᠡᠬᠢ︶ ᠲᠠᠢ ᠬᠠᠮᠳᠦ        ᠲᠡᠷᠡ ᠢᠩᠬᠢᠵᠤ ᠴᠤᠴᠡᠯᠳᠡ ᠦᠬᠡᠢ ᠴᠢᠷᠮᠠᠶᠢᠯᠭ᠎ᠠ ᠪᠠᠷ ᠮᠡᠷᠡᠶᠢᠨ ᠠᠵᠢᠯᠯᠠᠬᠰᠠᠨ ᠴᠤ ᠵᠢᠯ ᠳᠤ ᠬᠤᠶᠠᠷ ᠭᠤᠷᠪᠠᠭ᠋ᠠᠨ ᠯᠡ ᠦᠬᠦᠯᠡᠯ ᠪᠢᠴᠢᠳᠡᠭ ᠬᠡᠵᠤ ᠲᠠᠩᠳᠠ ᠪᠡᠶ᠎ᠡ ᠪᠠᠨ ᠵᠢᠮᠠᠯᠠᠵᠤ ᠰᠠᠭᠤᠳᠠᠭ᠃ ︽ᠰᠤᠷᠭᠠᠭᠤᠯᠢ ᠶᠢᠨ ᠲᠤᠭᠳᠠᠭᠠᠯ ᠢᠶᠠᠷ ᠪᠤᠯ 5000 ᠠᠴᠠ ᠲᠡᠬᠡᠭᠰᠢ ᠦᠰᠦᠭ ᠲᠠᠢ ᠵᠤᠬᠢᠶᠠᠯ ᠢ ᠰᠠᠶ᠋ᠢ ᠨᠢᠬᠡ ᠦᠬᠦᠯᠡᠯ ᠢᠶᠠᠷ ᠪᠤᠳᠤᠳᠠᠭ᠂ ᠲᠡᠬᠡᠬᠦ ᠳᠤ ᠪᠢ 2 — 3 ᠲᠦᠮᠡᠨ ᠦᠰᠦᠭ ᠲᠠᠢ ᠵᠠᠷᠢᠮ ᠲᠤᠮᠤ ᠦᠬᠦᠯᠡᠯ ᠢᠶᠠᠨ ᠵᠠᠪᠠᠯ ᠰᠡᠳᠬᠦᠯ ᠤᠨ ᠬᠤᠷᠢᠶᠠᠨ ᠤ ᠨᠠᠶᠢᠷᠠᠭᠤᠯᠤᠬᠴᠢ ᠳᠤ ᠭᠤᠶᠤᠵᠤ ᠪᠠᠶᠢᠭᠠᠳ ᠨᠢᠬᠡ ᠯᠡ ᠦᠬᠦᠯᠡᠯ ᠢᠶᠠᠷ ᠨᠡᠶᠢᠳᠡᠯᠡᠬᠦᠯᠳᠡᠭ ᠪᠠᠶᠢᠬᠰᠠᠨ᠃ ᠴᠤᠬᠤᠮ ᠮᠤᠩᠬᠠᠭ ᠤᠨ ᠲᠦᠢᠯ ᠪᠠᠶᠢᠬᠰᠠᠨ᠂ ᠬᠡᠷᠪᠡ ᠲᠤᠮᠤ ᠦᠬᠦᠯᠡᠯ ᠢᠶᠠᠨ 4 — 5 ᠦᠬᠦᠯᠡᠯ ᠪᠤᠯᠭᠠᠨ ᠬᠤᠪᠢᠶᠠᠭᠠᠳ ᠨᠡᠶᠢᠳᠡᠯᠡᠬᠦᠯᠦᠭᠰᠡᠨ ᠪᠤᠯ ᠰᠤᠷᠭᠠᠭᠤᠯᠢ ᠠᠴᠠ ᠶᠡᠬᠡᠬᠡᠨ ᠬᠡᠮᠵᠢᠶᠡᠨ ᠤ ᠱᠠᠩᠨᠠᠯ ᠤᠨ ᠮᠦᠩᠬᠦ ᠠᠪᠬᠤ ᠦᠬᠡᠢ ᠤᠤ ᠳ᠋ᠠ︾ ᠬᠡᠵᠤ ᠦᠪᠡᠷ ᠢ ᠪᠠᠨ ᠶᠦᠬᠡᠳᠡᠵᠤ ᠶᠠᠷᠢᠬᠤ ᠶᠢᠨ ᠴᠠᠭᠠᠨ᠎ᠠ ᠡᠷᠳᠡᠮ ᠰᠢᠨᠵᠢᠯᠡᠬᠡᠨ ᠤ ᠠᠵᠢᠯ ᠳᠤ ᠬᠢᠨᠠᠮᠠᠭᠠᠢ᠂ ᠬᠠᠷᠢᠭᠤᠴᠠᠯᠭ᠎ᠠ ᠲᠠᠢ ᠬᠠᠨᠳᠤᠳᠠᠭ ᠡᠷᠬᠢᠮ ᠰᠤᠷᠳᠠᠯ ᠨᠢ ᠢᠯᠡᠬᠡᠨ ᠯᠡ ᠬᠠᠷᠠᠭᠳᠠᠨ᠎ᠡ᠃        ᠡᠷᠳᠡᠮ ᠰᠢᠨᠵᠢᠯᠡᠬᠡᠨ ᠤ ᠠᠵᠢᠯ ᠬᠡᠵᠤ ᠬᠠᠳᠠᠭᠤ ᠠᠵᠢᠯ᠃ ᠬᠢᠨᠠᠮᠠᠭᠠᠢ ᠴᠤ ᠠᠵᠢᠯ᠃ ᠬᠠᠷᠢᠭᠤᠴᠠᠯᠭ᠎ᠠ ᠪᠤᠯ ᠲᠠᠷᠬᠠᠨ ᠪᠠᠶᠢᠯ᠎ᠡ ᠯᠡ ᠬᠡᠰᠡᠨ ᠤᠴᠢᠷᠳᠡᠢ᠃ ᠬᠡᠳᠡᠯ᠎ᠡ ᠡᠬᠦᠨ ᠤ ᠲᠤᠮᠳᠠ ᠠᠰᠢᠭ ᠬᠤᠤᠷ ᠤᠨ ᠡᠮᠤᠨ᠎ᠡ ᠠᠴᠠ ᠠᠵᠢᠯᠯᠠᠳᠠᠭ ︽ᠡᠷᠳᠡᠮᠳᠡᠳ︾ ᠮᠤᠩ ᠦᠬᠡᠢ᠃ ᠴ᠊ · ᠬᠡᠰᠢᠭᠳᠦᠬᠳᠠᠬᠤ ᠪᠤᠯ ᠡᠨᠡ ᠪᠦᠬᠦᠨ ᠢ ᠡᠰᠡᠷᠬᠦ ᠲᠤᠯᠵᠤ ᠬᠤᠶᠡᠷ ᠦᠬᠡᠢ ᠰᠡᠳᠬᠢᠯ ᠢᠶᠠᠷ ᠦᠪᠡᠷ ᠤᠨ ᠡᠷᠳᠡᠮ ᠰᠢᠨᠵᠢᠯᠡᠬᠡᠨ ᠤ ᠠᠵᠢᠯ ᠳᠠᠭᠠᠨ ᠬᠠᠨᠳᠤᠵᠤ ᠢᠷᠡᠭᠰᠡᠨ ᠲᠡᠷᠡ ︽ᠪᠢᠴᠢᠭ ᠤᠨ ᠬᠦᠮᠦᠨ︾ ᠤ ᠨᠢᠬᠡᠨ ᠪᠠᠶᠢᠬᠰᠠᠨ ᠰᠠᠨᠵᠡᠢ᠃ ᠲᠡᠷᠡ ᠪᠠᠷ ᠡᠷᠳᠡᠮ ᠰᠢᠨᠵᠢᠯᠡᠬᠡᠨ ᠤ ᠠᠵᠢᠯ ᠢᠶᠠᠨ ᠴᠢᠨᠡᠷᠯᠢᠭ᠋ ᠪᠤᠯᠭᠠᠬᠤ ᠶᠢᠨ ᠲᠦᠯᠦᠬᠡ ᠦᠬᠦᠯᠡᠯ ᠨᠢᠬᠡᠪᠤᠷᠢ ᠶᠢ ᠪᠢᠴᠢᠬᠦ ᠳᠡᠭᠡᠨ ᠤᠳᠠᠭᠠᠨ ᠡᠳᠤᠷ ᠤᠨ ᠴᠠᠭ ᠵᠠᠷᠤᠴᠠᠭᠤᠯᠤᠨ ᠨᠠᠷᠢᠨ ᠬᠢᠨᠠᠮᠠᠭᠠᠢ ᠰᠤᠳᠤᠯᠤᠨ ᠪᠤᠯᠪᠠᠰᠤᠷᠠᠭᠤᠯᠳᠠᠭ ᠪᠦᠬᠡᠳ ᠨᠡᠶᠢᠳᠡᠯᠡᠬᠦᠯᠬᠦ ᠦᠶ᠎ᠡ ᠳᠡᠭᠡᠨ ᠲᠠᠬᠢᠨ ᠲᠠᠪᠳᠠᠨ ᠨᠠᠷᠢᠪᠴᠢᠯᠡᠨ ᠤᠩᠰᠢᠵᠤ ᠵᠠᠰᠠᠳᠠᠭ᠃ ︽ᠵᠠᠷᠢᠮ ᠨᠢᠬᠡ ᠦᠬᠦᠯᠡᠯ ᠢ ᠪᠢᠴᠢᠬᠦ ᠳᠤ ᠬᠠᠭᠠᠰ ᠵᠢᠯ᠂ ᠴᠢᠨᠠᠬᠰᠢᠯᠠᠪᠠᠯ ᠨᠢᠬᠡ ᠵᠢᠯ ᠤᠨ ᠴᠠᠭ ᠴᠢᠳᠠᠯ ᠢᠶᠠᠨ ᠪᠦᠷᠢᠮᠤᠰᠤᠨ ᠵᠠᠷᠤᠴᠠᠭᠤᠯᠵᠤ ᠦᠩᠬᠡᠷᠡᠭᠰᠡᠨ ᠤᠳᠠᠭ᠎ᠠ ᠴᠤ ᠴᠦᠬᠡᠨ ᠪᠢᠰᠢ᠂ ᠮᠢᠨᠤ ᠴᠡᠬᠡᠵᠢᠯᠡᠵᠤ ᠪᠠᠶᠢᠬᠤ ᠪᠠᠷ ︿ᠮᠤᠩᠭᠤᠯ ᠤᠨ ᠡᠷᠳᠡᠨ ᠤ ᠤᠳᠬ᠎ᠠ ᠵᠤᠬᠢᠶᠠᠯ ᠤᠨ ᠰᠢᠨ᠎ᠡ ᠰᠤᠳᠤᠯᠤᠯ﹀ ᠨᠤᠮ ᠤᠨ ᠢᠶᠠᠨ ᠡᠮᠤᠨᠡᠬᠢ ᠦᠬᠡ ᠶᠢ ᠪᠢᠴᠢᠬᠦ ᠪᠠᠷ ᠶᠠᠳᠠᠮᠠᠭ ᠤᠢ ᠵᠦᠳᠡᠮᠡᠭ ᠪᠢᠯᠢᠭ ᠢᠶᠠᠨ ᠮᠤᠬᠤᠳᠠᠯ᠎ᠡ ᠰᠢᠪᠬᠠᠨ ᠨᠤᠴᠤᠯᠳᠤᠬᠰᠠᠨ ᠢᠶᠠᠨ ᠰᠠᠨᠠᠵᠤ ᠪᠠᠶᠢᠨ᠎ᠡ᠂ 2013 ᠤᠨ ᠳᠤ ︿ᠬᠡᠰᠢᠭᠳᠦᠬᠳᠠᠬᠤ ᠶᠢᠨ ᠦᠬᠦᠯᠡᠯ ᠤᠨ ᠰᠤᠩᠭᠤᠳᠠᠭ﹀ ᠨᠤᠮ ᠳᠤ ᠰᠤᠩᠭᠤᠨ ᠠᠪᠤᠬᠰᠠᠨ ᠦᠬᠦᠯᠡᠯ ᠤᠳ ᠢᠶᠠᠨ ᠲᠠᠬᠢᠨ ᠬᠠᠮᠤᠭ ᠰᠡᠬᠦᠯᠴᠢ ᠶᠢᠨ ᠤᠳᠠᠭ᠎ᠠ ᠪᠠᠨ ᠨᠠᠷᠢᠪᠴᠢᠯᠠᠨ ᠤᠩᠰᠢᠵᠤ᠂ ᠰᠢᠨ᠎ᠡ ᠤᠯᠳᠠᠬᠰᠠᠨ ᠪᠠᠷᠢᠮᠳᠡ ᠮᠠᠲ᠋ᠧᠷᠢᠶᠠᠯ ᠤᠳ ᠢ ᠨᠠᠮᠠᠨ ᠪᠠᠶᠠᠯᠢᠬᠵᠢᠭᠤᠯᠵᠤ᠂ ᠡᠬᠡᠬᠡ ᠯᠡ ᠡᠩᠬᠦᠷᠡᠶᠢᠯᠡᠨ ᠦᠰᠬᠡᠭᠰᠡᠨ ᠦᠬᠢᠨ ᠦᠷ᠎ᠡ ᠪᠠᠨ ᠬᠠᠷᠢ ᠳᠤ ᠮᠤᠷᠳᠠᠭᠤᠯᠵᠤ ᠪᠠᠶᠢᠭ᠎ᠠ ᠰᠢᠭ᠋ ᠦᠰᠦ ᠬᠡᠵᠢᠬᠡ ᠡᠮᠤᠰᠬᠡᠯ ᠵᠡᠬᠦᠳᠡᠯ ᠢ ᠨᠢ ᠵᠠᠰᠠᠵᠤ ᠭᠤᠶᠤᠯᠠᠵᠤ᠂ ᠢᠨᠵᠢ ᠮᠠᠯ ᠢ ᠨᠢ ᠡᠯᠪᠡᠭ ᠲᠠᠩᠰᠤᠭ ᠪᠤᠯᠭᠠᠨ ᠮᠤᠷᠳᠠᠭᠤᠯᠤᠬᠰᠠᠨ ᠳ᠋ᠠ︾ ᠬᠡᠵᠤ ᠲᠡᠷᠡ ᠪᠠᠷ ᠶᠠᠷᠢᠨ᠎ᠡ᠃  
       ᠭᠡᠷ ᠪᠦᠯᠢ ᠪᠠᠷ ᠢᠶᠠᠨ        ᠲᠡᠭᠦᠨ ᠤ ᠪᠢᠴᠢᠭᠰᠡᠨ ᠰᠢᠯᠦᠭ ᠤᠨ ᠤᠨᠤᠯ ᠤᠨ ᠲᠤᠬᠠᠢ ᠦᠭᠦᠯᠠᠯ ᠤᠳ ᠲᠤ᠂ ᠮᠤᠩᠭᠤᠯ ᠰᠢᠯᠦᠭ ᠤᠨ ᠬᠤᠯᠪᠤᠯᠳᠠ ᠪᠤᠯᠤᠨ ᠠᠯᠳᠠᠢ ᠢᠵᠠᠭᠤᠷ ᠬᠡᠯᠡᠨ ᠤ ᠦᠨᠳᠦᠰᠦᠳᠡᠨ ᠨᠦᠭᠦᠳ ᠤᠨ ᠰᠢᠯᠦᠭ ᠤᠨ ᠬᠤᠯᠪᠤᠯᠳᠠ ᠶᠢ ᠬᠠᠷᠢᠴᠠᠭᠤᠯᠤᠨ ᠰᠤᠳᠤᠯᠤᠭᠠᠳ᠂ ᠤᠳᠤ ᠦᠶ᠎ᠠ ᠶᠢᠨ ᠠᠯᠳᠠᠢ ᠢᠵᠠᠭᠤᠷ ᠬᠡᠯᠡᠨ ᠤ ᠦᠨᠳᠦᠰᠦᠳᠡᠨ ᠨᠦᠭᠦᠳ ᠤᠨ ᠰᠢᠯᠦᠭ ᠤᠨ ᠬᠤᠯᠪᠤᠯᠳᠠ ᠦᠨᠳᠦᠰᠦᠨ ᠳᠡᠭᠡᠨ ᠭᠤᠷᠪᠠᠨ ᠲᠦᠷᠦᠯ ᠳᠤ ᠬᠤᠪᠢᠶᠠᠬᠳᠠᠨ᠎ᠠ ᠭᠡᠵᠦ ᠵᠢᠭᠠᠨ ᠭᠠᠷᠭᠠᠵᠠᠢ᠃ ᠨᠢᠭᠡ ᠨᠢ᠂ ᠮᠤᠩᠭᠤᠯ᠂ ᠲᠠᠭᠤᠷ ᠵᠡᠷᠭᠡ ᠨᠠᠢᠮᠠ ᠶᠢᠰᠦᠨ ᠬᠡᠯᠡᠨ ᠤ ᠰᠢᠯᠦᠭ ᠤᠨ ᠬᠤᠯᠪᠤᠯᠳᠠ ᠨᠢ ᠮᠤᠩᠭᠤᠯ ᠰᠢᠯᠦᠭ ᠤᠨ ᠬᠤᠯᠪᠤᠯᠳᠠ ᠯᠤᠭ᠎ᠠ ᠡᠭᠡᠭᠡ ᠠᠳᠠᠯᠢ ᠪᠠᠷ ᠲᠤᠯᠤᠭᠠᠢ ᠬᠤᠯᠪᠤᠯᠳᠠ ᠪᠠ ᠰᠡᠭᠦᠯ ᠬᠤᠯᠪᠤᠯᠳᠠ ᠪᠠᠨ ᠬᠠᠳᠠᠭᠠᠯᠠᠬᠰᠠᠭᠠᠷ ᠪᠠᠶᠢᠨ᠎ᠠ᠃ ᠬᠤᠶᠠᠷ ᠨᠢ᠂ ᠮᠠᠨᠵᠦ᠂ ᠬᠠᠰᠠᠭ᠂ ᠴᠠᠭᠠᠨ ᠮᠤᠩᠭᠤᠯ ᠤᠨ ᠰᠢᠯᠦᠭ ᠤᠨ ᠬᠤᠯᠪᠤᠯᠳᠠ ᠨᠢ ᠰᠡᠭᠦᠯ ᠬᠤᠯᠪᠤᠯᠳᠠ ᠭᠤᠤᠯᠯᠠᠭᠠᠳ ᠲᠤᠯᠤᠭᠠᠢ ᠬᠤᠯᠪᠤᠯᠳᠠ ᠲᠡᠳ᠋ᠯᠡᠬᠦ ᠪᠠᠶᠢᠷᠢᠨ ᠳᠤ ᠤᠷᠤᠬᠰᠠᠨ ᠪᠠᠶᠢᠳᠠᠯ ᠲᠠᠢ ᠪᠤᠯᠵᠠᠢ᠃ ᠭᠡᠭᠦ ᠳᠡᠭᠡᠨ ᠡᠷᠳᠡ ᠲᠡᠭᠡᠷ᠎ᠡ ᠦᠶ᠎ᠠ ᠳᠤ ᠪᠤᠯ ᠮᠦᠨ ᠬᠦ ᠲᠤᠯᠤᠭᠠᠢ ᠬᠤᠯᠪᠤᠯᠳᠠ ᠶᠢ ᠢᠳᠡᠪᠭᠢᠳᠠᠢ ᠬᠡᠷᠡᠭᠯᠡᠵᠦ ᠪᠠᠶᠢᠵᠠᠢ᠃ ᠭᠤᠷᠪᠠ ᠨᠢ᠂ ᠤᠢᠢᠭᠤᠷ ᠰᠢᠯᠦᠭ 11 ᠳ᠋ᠤᠭᠡᠷ ᠵᠠᠭᠤᠨ ᠠᠴᠠ ᠡᠮᠦᠨ᠎ᠠ ᠲᠤᠯᠤᠭᠠᠢ ᠬᠤᠯᠪᠤᠬᠤ᠂ ᠰᠡᠭᠦᠯ ᠬᠤᠯᠪᠤᠬᠤ ᠲᠠᠯ᠎ᠠ ᠪᠠᠷ ᠮᠤᠩᠭᠤᠯ ᠰᠢᠯᠦᠭ ᠲᠠᠢ ᠡᠭᠡᠭᠡ ᠠᠳᠠᠯᠢᠬᠠᠨ ᠪᠠᠶᠢᠬᠰᠠᠨ ᠢᠶᠠᠨ 11 ᠳ᠋ᠤᠭᠡᠷ ᠵᠠᠭᠤᠨ ᠠᠴᠠ ᠬᠤᠶᠢᠰᠢ ᠠᠷᠠᠪ᠂ ᠫᠧᠷᠰ ᠤᠨ ᠰᠢᠯᠦᠭ ᠤᠨ ᠨᠦᠯᠦᠭᠡ ᠶᠢ ᠬᠦᠷᠲᠡᠭᠰᠡᠨ ᠢᠶᠠᠷ ᠤᠷᠳᠤ ᠪᠤᠭᠤᠨᠢ ᠦᠶ᠎ᠠ ᠶᠢᠨ ᠨᠡᠶᠢᠯᠡᠯᠳᠡ ᠪᠠ ᠬᠤᠪᠢᠷᠠᠯᠳᠠ ᠪᠠᠷ ᠰᠠᠭᠤᠷᠢ ᠪᠤᠯᠭᠠᠬᠰᠠᠨ ᠰᠢᠯᠦᠭ ᠤᠨ ᠬᠤᠯᠪᠤᠯᠳᠠ ᠲᠠᠢ ᠪᠤᠯᠵᠠᠢ ᠭᠡᠵᠦ ᠦᠵᠡᠵᠠᠢ᠃ ᠡᠨᠡ ᠬᠦ ᠦᠵᠡᠯᠳᠡ ᠨᠢ ᠮᠤᠩᠭᠤᠯ ᠰᠢᠯᠦᠭ ᠤᠨ ᠬᠤᠯᠪᠤᠯᠳᠠ ᠶᠢᠨ ᠰᠤᠳᠤᠯᠤᠯ ᠲᠡᠷᠡᠴᠢᠯᠡᠨ ᠠᠯᠳᠠᠢ ᠰᠤᠳᠤᠯᠤᠯ ᠤᠨ ᠲᠠᠯ᠎ᠠ ᠳᠤ ᠴᠦᠮ ᠴᠢᠬᠤᠯᠠ ᠡᠷᠳᠡᠮ ᠰᠢᠨᠵᠢᠯᠡᠭᠡᠨ ᠤ ᠤᠨᠤᠯ ᠤᠨ ᠠᠴᠢ ᠬᠤᠯᠪᠤᠬᠳᠠᠯ ᠲᠠᠢ ᠶᠤᠮ᠃         ᠲᠡᠷᠡ ᠪᠠᠷ ︽ᠠᠯᠳᠠᠷ ᠮᠠᠨᠳᠤᠬᠰᠠᠨ︾ ᠡᠷᠳᠡᠮᠳᠡᠨ ᠪᠢᠰᠢ ᠴᠤ ᠦᠯᠡᠮᠵᠢ ᠭᠠᠪᠢᠶ᠎ᠡ ᠲᠠᠢ ᠬᠦᠮᠦᠨ         50 ᠭᠠᠷᠣᠢ ᠵᠢᠯ ᠤᠨ ᠳᠤᠷᠰᠢ ᠮᠣᠩᠭᠤᠯ ᠰᠣᠳᠣᠯᠭᠠᠨ ᠤ ᠦᠢᠯᠡᠰ ᠲᠤ ᠤᠬᠠᠭᠠᠨ ᠴᠢᠳᠠᠯ ᠣᠶᠣᠨ ᠲᠠᠮᠢᠷ ᠢᠶᠠᠨ ᠰᠢᠪᠬᠠᠨ ᠵᠢᠳᠭᠦᠨ ᠴᠢᠷᠮᠠᠶᠢᠬᠰᠠᠭᠠᠷ ᠢᠷᠡᠭᠰᠡᠨ ᠲᠡᠬᠦᠨ ᠤ ᠠᠶᠠᠨ ᠤ ᠮᠦᠷ ᠠᠴᠠ ᠨᠢ ᠠᠮᠵᠢᠯᠳᠠ ᠶᠢᠨ ᠴᠡᠴᠡᠭ ᠳᠡᠯᠭᠡᠷᠡᠭᠰᠡᠭᠡᠷ ᠁        ︽ᠬᠡᠰᠢᠭᠳᠦᠬᠳᠠᠬᠤ ᠮᠢᠨᠤ ᠪᠠᠶ᠎ᠡ ᠶᠢᠨ ᠦᠬᠦᠵᠤ ᠲᠦᠷᠦᠬᠦ ᠶᠡᠷᠤ ᠠᠴᠠ ᠪᠠᠨ ᠬᠡᠨ ᠳᠤ ᠴᠤ ᠰᠠᠪᠠᠭ᠎ᠠ ᠦᠬᠡᠢ᠂ ᠬᠠᠷᠢᠨ ᠤᠳᠤᠬᠠᠨ ᠤ ᠮᠤᠩᠭᠤᠯ ᠰᠤᠳᠤᠯᠤᠯ ᠶᠠᠮᠠᠷ ᠪᠤᠯᠵᠤ ᠪᠠᠶᠢᠨ᠎ᠡ ᠬᠡᠳᠡᠭ ᠯᠡ ᠴᠢᠬᠤᠯᠡ᠂ ᠶᠠᠭᠤᠨ ᠢ ᠨᠢ ᠶᠠᠷᠢᠮᠠᠷ ᠪᠠᠶᠢᠨ᠎ᠡ︾ ᠬᠡᠵᠤ ᠲᠡᠬᠦᠨ ᠤ ᠬᠤᠪᠢ ᠪᠡᠶ᠎ᠡ ᠶᠢᠨ ᠲᠤᠬᠠᠢ ᠰᠤᠷᠪᠤᠯᠵᠢᠯᠠᠭ᠎ᠠ ᠠᠪᠬᠤ ᠭᠡᠬᠦ ᠳᠤ ᠰᠤᠷᠪᠤᠯᠵᠢᠯᠠᠬᠴᠢ ᠳᠤ ᠶᠠᠷᠢᠵᠤ ᠪᠠᠶᠢᠬᠰᠠᠨ ᠦᠬᠡ ᠯᠡ ᠨᠠᠳᠠ ᠳᠤ ᠲᠡᠬᠦᠨ ᠤ ᠬᠦᠮᠦᠨ ᠮᠦᠰᠦ ᠶᠢ ᠨᠢ ᠱᠤᠭᠤᠵᠤ ᠰᠦᠨᠳᠡᠷᠯᠡᠵᠤ ᠪᠠᠶᠢᠬᠤ ᠶᠤᠮ ᠰᠢᠬ ᠰᠠᠨᠠᠬᠳᠠᠭᠤᠯᠤᠬᠰᠠᠨ ᠪᠢᠯᠡ᠃ ᠲᠡᠷᠡ ᠡᠶᠢᠮᠤ ᠯᠡ ᠲᠠᠷᠤᠤᠬᠠᠨ ᠬᠦᠮᠦᠨ ᠪᠠᠶᠢᠬᠰᠠᠨ ᠃ ᠦᠪᠡᠷ ᠢ ᠪᠠᠨ ᠤᠬᠠᠭᠤᠯᠵᠤ ᠰᠤᠷᠳᠠᠯᠴᠢᠯᠠᠬᠤ ᠶᠢ ᠮᠡᠳᠡᠬᠦ ᠦᠬᠡᠢ᠂ ᠬᠢᠭᠰᠡᠨ ᠵᠦᠢᠯ ᠳᠡᠭᠡᠨ ᠰᠡᠳᠬᠢᠯ ᠬᠠᠨᠤᠵᠤ ᠮᠠᠬᠳᠠᠵᠤ ᠭᠠᠶᠢᠬᠠᠭᠤᠯᠬᠤ ᠶᠢ ᠮᠡᠳᠡᠬᠦ ᠦᠬᠡᠢ ᠡᠬᠡᠯ ᠶᠡᠷᠤᠮᠳᠡᠭ ᠬᠦᠮᠦᠨ ᠯᠡ ᠪᠠᠶᠢᠪᠡ᠃ ᠬᠡᠳᠡᠯ᠎ᠡ ᠲᠡᠬᠦᠨ ᠤ ᠪᠦᠳᠦᠬᠡᠵᠤ ᠬᠢᠭᠰᠡᠨ ᠵᠦᠢᠯ ᠶᠠᠭᠠᠬᠢᠬᠤ ᠶᠢᠨ ᠠᠷᠭ᠎ᠠ ᠦᠬᠡᠢ ᠠᠯᠳᠠᠷ ᠨᠡᠷ᠎ᠡ ᠶᠢ ᠨᠢ ᠦᠨᠳᠤᠷ ᠠᠴᠠ ᠦᠨᠳᠦᠷ ᠡᠷᠬᠦᠵᠤ ᠂ ᠦᠪᠡᠷ ᠢᠶᠠᠨ ᠦᠪᠡᠷ ᠤᠨ ᠢᠷᠠᠭᠤ ᠠᠯᠳᠠᠷ ᠢᠶᠠᠨ ᠲᠤᠷᠠᠰᠴᠤ ᠶᠠᠷᠢᠬᠤ ᠦᠬᠡᠢ ᠴᠤ ᠬᠡᠰᠡᠨ ᠦᠷᠦᠬᠡᠯ ᠤᠨ ᠠᠮᠠᠨ ᠠᠴᠠ ᠠᠮᠠ ᠲᠠᠮᠵᠢᠨ ᠶᠠᠷᠢᠬᠳᠠᠳᠠᠭ ᠪᠤᠯᠤᠬᠰᠠᠨ ᠨᠢ ᠭᠠᠶᠢᠬᠠᠯᠳᠡᠢ᠃ ᠬᠦᠮᠦᠨ ᠮᠦᠰᠦ ᠬᠡᠵᠤ ᠡᠬᠦᠨ ᠢ ᠯᠡ ᠬᠡᠯᠡᠳᠡᠭ ᠪᠤᠯ ᠤᠤ᠃ ︽ᠬᠦᠮᠦᠨ ᠦᠪᠡᠷ ᠢ ᠪᠠᠨ ᠡᠷᠬᠦᠬᠦ ᠪᠠᠷ ᠬᠦᠵᠦᠬᠦᠦ ᠪᠠᠨ ᠯᠡ ᠡᠷᠬᠦᠨ᠎ᠡ᠂ ᠬᠦᠮᠦᠨ ᠬᠦᠮᠦᠨ ᠢ ᠡᠷᠬᠦᠬᠦ ᠪᠠᠷ ᠬᠦᠯ ᠲᠠᠢ ᠭᠠᠷ ᠲᠠᠢ ᠨᠢ ᠡᠷᠬᠦᠨ᠎ᠡ︾ ᠬᠡᠳᠡᠭ ᠨᠢ ᠡᠨᠡ ᠴᠤ ᠪᠢᠯᠡ ᠤᠤ᠃  
        ᠰᠡᠬᠦᠯ ᠤᠨ ᠵᠢᠯ ᠤᠳ ᠬᠡᠰᠢᠭᠳᠦᠭ᠌ᠳᠠᠬᠤ ᠪᠠᠭᠰᠢ ︽ᠮᠣᠩᠭᠤᠯ ᠤᠨ ᠡᠷᠳᠡᠨ ᠤ ᠣᠳᠬ᠎ᠠ ᠵᠣᠬᠢᠶᠠᠯ ᠤᠨ ᠰᠣᠳᠣᠯᠣᠯ︾᠂ ︽ᠮᠣᠩᠭᠤᠯ ᠤᠨ ᠡᠷᠲᠡᠨ ᠤ ᠣᠳᠬ᠎ᠠ ᠵᠣᠬᠢᠶᠠᠯ ᠤᠨ ᠰᠢᠨ᠎ᠡ ᠰᠣᠳᠣᠯᠣᠯ︾᠂ ︽ᠮᠣᠩᠭᠤᠯ ᠰᠣᠷᠪᠣᠯᠵᠢ ᠪᠢᠴᠢᠭ ᠤᠨ ᠰᠣᠳᠣᠯᠣᠯ︾᠂ ︽ᠮᠣᠩᠭᠤᠯ ᠬᠡᠯᠡᠨ ᠤ ᠰᠢᠯᠦᠭ ᠲᠠᠭᠤᠤ ᠶᠢᠨ ᠵᠡᠬᠦᠯᠲᠡ︾ ᠪᠣᠯᠣᠨ ︽ᠮᠣᠩᠭᠤᠯ ᠰᠣᠳᠣᠯᠣᠯ ᠤᠨ ᠮᠣᠩᠭᠤᠯ ᠬᠢᠲᠠᠳ ᠬᠡᠯᠡ ᠶᠢᠨ ᠵᠣᠬᠢᠶᠠᠯ ᠤᠨ ᠡᠮᠬᠢᠳᠬᠡᠯ︾ ᠵᠡᠷᠭᠡ ᠣᠯᠠᠨ ᠠᠷᠪᠢᠨ ᠨᠣᠮ ᠲᠣᠭᠤᠷᠪᠢᠭᠰᠠᠨ ᠪᠠᠶᠢᠨ᠎ᠠ᠃ ᠡᠬᠦᠨ ᠳᠤ᠄ ︽ᠮᠣᠩᠭᠤᠯ ᠤᠨ ᠡᠷᠳᠡᠨ ᠤ ᠣᠳᠬ᠎ᠠ ᠵᠣᠬᠢᠶᠠᠯ ᠤᠨ ᠰᠣᠳᠣᠯᠣᠯ︾ ᠭᠡᠬᠦ ᠨᠣᠮ ᠨᠢ 1992 ᠣᠨ ᠤ ᠪᠡᠬᠡᠵᠢᠩ ᠬᠤᠳᠠ ᠶᠢᠨ ᠬᠦᠨ ᠤᠬᠠᠭᠠᠨ ᠨᠡᠶᠢᠬᠡᠮ ᠤᠨ ᠰᠢᠨᠵᠢᠯᠡᠬᠦ ᠤᠬᠠᠭᠠᠨ ᠤ ᠰᠢᠯᠢᠳᠡᠭ ᠪᠦᠲᠦᠬᠡᠯ ᠤᠨ ᠬᠤᠶᠠᠳᠤᠭᠠᠷ ᠲᠡᠰ ᠤᠨ ᠲᠣᠮᠦ ᠱᠠᠩᠨᠠᠯ ᠢ ᠭᠠᠷᠳᠠᠭᠰᠠᠨ ᠶᠤᠮ᠃ ᠮᠥᠨ 2008 ᠣᠨ ᠳᠤ ᠮᠣᠩᠭᠤᠯ ᠤᠯᠤᠰ ᠲᠤ ᠺᠢᠷᠢᠯ ᠢᠶᠠᠷ ᠬᠡᠪᠯᠡᠭᠳᠡᠵᠦ᠂ ᠮᠣᠩᠭᠤᠯ ᠣᠯᠣᠰ ᠤᠨ ᠡᠷᠳᠡᠮᠳᠡᠳ ᠤᠨ ᠰᠢᠷᠡᠬᠡᠨ ᠤ ᠨᠣᠮ ᠪᠣᠯᠣᠭᠰᠠᠨ ᠪᠠᠶᠢᠨ᠎ᠠ᠃        ︽ᠶᠤᠸᠠᠨ ᠤᠯᠤᠰ ᠤᠨ ᠴᠦᠢᠵᠢᠡᠤᠳᠰᠠᠷ ᠤᠨ ᠨᠠᠮᠳᠠᠷ ᠲᠡᠤᠬᠡ ᠶᠢᠨ ᠲᠤᠬᠠᠢ ᠲᠠᠬᠢᠨ ᠦᠬᠦᠯᠡᠬᠦ ᠨᠢ︾ ᠬᠡᠬᠦ ᠦᠬᠦᠯᠡᠯ ᠨᠢ 2002 ᠤᠨ ᠳᠤ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ ᠤᠨ ᠨᠡᠶᠢᠬᠡᠮ ᠤᠨ ᠰᠢᠨᠵᠢᠯᠡᠬᠦ ᠤᠬᠠᠭᠠᠨ ᠤ ᠰᠢᠯᠢᠳᠡᠭ ᠪᠦᠳᠦᠬᠡᠯ ᠤᠨ ᠭᠤᠷᠪᠠᠳᠤᠭᠠᠷ ᠲᠡᠰ ᠤᠨ ᠱᠠᠩᠨᠠᠯ ᠬᠦᠷᠳᠡᠵᠡᠢ᠃ ︽ᠮᠣᠩᠭᠤᠯ ᠬᠡᠯᠡᠨ ᠤ ᠰᠢᠯᠦᠭ ᠤᠨ ᠲᠡᠬᠦᠪᠦᠷᠢ︾ ᠭᠡᠬᠦ ᠨᠣᠮ ᠨᠢ ᠮᠤᠩᠭᠤᠯ ᠰᠢᠯᠦᠭ ᠤᠨ ᠠᠩᠬᠠᠨ ᠤ ᠲᠠᠶᠢᠯᠪᠦᠷᠢᠳᠤ ᠲᠡᠬᠦᠪᠦᠷᠢ ᠪᠣᠯᠵᠦ᠂ ᠤᠳᠤ ᠴᠦ ᠭᠡᠰᠡᠨ ᠭᠠᠳᠠᠭᠠᠳᠤ ᠳᠤᠳᠤᠭᠠᠳᠤ ᠶᠢᠨ ᠡᠷᠳᠡᠮᠳᠡᠨ ᠣᠩᠰᠢᠭᠴᠢᠳ ᠲᠤ ᠦᠨᠳᠦᠷ ᠦᠨᠡᠯᠡᠭᠳᠡᠭᠰᠡᠬᠡᠷ ᠢᠷᠡᠵᠡᠢ᠃ ᠬᠡᠰᠢᠭᠳᠦᠭ᠌ᠳᠠᠬᠤ ᠪᠠᠭᠰᠢ ᠶᠢᠨ ᠰᠣᠳᠣᠯᠣᠭᠰᠠᠨ ᠰᠢᠯᠦᠭ ᠲᠠᠭᠤᠤ ᠶᠢᠨ ᠣᠨᠣᠯ ᠤᠨ ᠲᠠᠯ᠎ᠠ ᠶᠢᠨ ᠴᠣᠪᠣᠷᠠᠯ ᠦᠬᠦᠯᠡᠯᠭᠡ ᠨᠢ ᠮᠣᠩᠭᠤᠯ ᠰᠢᠯᠦᠭ ᠳᠠᠭᠤᠣ ᠪᠣᠯᠣᠨ ᠠᠯᠲᠠᠢ ᠢᠵᠠᠭᠤᠷ ᠬᠡᠯᠡᠨ ᠤ ᠣᠯᠠᠨ ᠬᠡᠯᠡᠨ ᠤ ᠰᠢᠯᠦᠭ ᠲᠠᠭᠤᠤ ᠶᠢᠨ ᠠᠩᠬᠢᠯᠠᠯ ᠳᠦᠷᠢᠮ ᠢ ᠭᠤᠷᠪᠠᠨ ᠲᠥᠷᠥᠯ ᠳᠤ ᠬᠤᠪᠢᠶᠠᠭᠰᠠᠨ ᠪᠠᠶᠢᠨ᠎ᠠ᠃ ᠡᠨᠡ ᠨᠢ ᠮᠣᠩᠭᠤᠯ ᠰᠢᠯᠦᠭ ᠲᠠᠭᠤᠤ ᠶᠢᠨ ᠠᠩᠬᠢᠯᠠᠯ ᠳᠦᠷᠢᠮ ᠤᠨ ᠰᠣᠳᠣᠯᠣᠯ ᠪᠣᠯᠣᠨ ᠠᠯᠲᠠᠢ ᠰᠣᠳᠣᠯᠣᠯ ᠳᠤ ᠴᠢᠬᠤᠯᠠ ᠡᠷᠳᠡᠮ ᠰᠢᠨᠵᠢᠯᠡᠬᠡᠨ ᠤ ᠠᠴᠢ ᠬᠤᠯᠪᠣᠭᠳᠠᠯ ᠦᠵᠡᠬᠦᠯᠦᠭᠰᠡᠨ ᠪᠠᠶᠢᠨ᠎ᠠ᠃         2013 ᠣᠨ ᠤ 11 ᠰᠠᠷ᠎ᠠ ᠳᠤ ᠡᠷᠳᠡᠮᠳᠡᠨ ᠪᠠᠭᠰᠢ ᠶᠢᠨ ᠮᠢᠨᠢ ᠦᠬᠦᠯᠡᠯᠬᠡ ᠶᠢᠨ ᠰᠤᠩᠭᠤᠳᠠᠭ ᠲᠡᠭᠦᠪᠦᠷᠢ ᠬᠡᠪᠯᠡᠭᠳᠡᠭᠰᠠᠨ ᠶᠤᠮ᠃ ᠲᠡᠷᠡ ᠲᠤᠮᠳᠠᠳᠤ ᠮᠣᠩᠭᠤᠯ ᠬᠤᠶᠠᠷ ᠣᠯᠣᠰ ᠤᠨ ᠣᠯᠠᠨ ᠨᠡᠷᠡᠳᠦ ᠳ᠋ᠣᠺᠲ᠋ᠣᠷ᠂ ᠫᠷᠤᠹᠧᠰᠰᠤᠷ᠂ ᠮᠣᠩᠭᠤᠯ ᠰᠣᠳᠣᠯᠭᠠᠨ ᠤ ᠡᠷᠳᠡᠮᠳᠡᠨ ᠪᠠᠭᠰᠢ ᠨᠠᠷ ᠤᠨ ᠣᠷᠣᠯᠴᠠᠭᠰᠠᠨ ︽ᠴ᠊ · ᠬᠡᠰᠢᠭᠳᠦᠭ᠌ᠳᠠᠬᠤ ᠶᠢᠨ ᠦᠬᠦᠯᠡᠯᠭᠡ ᠶᠢᠨ ᠰᠣᠩᠭᠤᠳᠠᠭ ᠲᠡᠭᠦᠪᠦᠷᠢ︾ ︵ᠭᠤᠷᠪᠠᠨ ᠪᠤᠳᠢ︶ ᠬᠡᠪᠯᠡᠭᠳᠡᠭᠰᠡᠨ ᠢ ᠲᠡᠮᠳᠡᠭᠯᠡᠬᠦ ᠡᠷᠳᠡᠮ ᠰᠢᠨᠵᠢᠯᠡᠭᠡᠨ ᠤ ᠬᠤᠷᠠᠯ ᠬᠢᠵᠠᠢ᠃ ᠤᠯᠠᠨ ᠡᠷᠳᠡᠮᠳᠡᠳ ᠠᠴᠠ ᠫᠷᠥᠹᠧᠰᠰᠤᠷ ᠪᠠᠭᠰᠢ ᠶᠢᠨ ᠮᠢᠨᠢ ᠰᠣᠷᠪᠣᠯᠵᠢ ᠪᠢᠴᠢᠭ ᠤᠨ ᠰᠣᠳᠣᠯᠭᠠᠨ ᠤ ᠰᠢᠨ᠎ᠡ ᠰᠠᠨᠠᠭ᠎ᠠ᠂ ᠦᠨ᠎ᠡ ᠴᠠᠨ᠎ᠠ ᠶᠢ ᠤᠯᠠᠮ ᠳᠣᠳᠤᠷᠠᠭᠤᠯᠵᠣ ᠥᠭᠭᠦᠭᠰᠡᠨ ᠪᠠ ᠬᠡᠰᠢᠭᠳᠦᠭ᠌ᠳᠠᠬᠤ ᠪᠠᠭᠰᠢ ᠶᠢᠨ ᠰᠣᠶᠣᠯ ᠤᠨ ᠥᠪ ᠲᠤ ᠬᠠᠨᠳᠤᠭᠰᠠᠨ ᠬᠠᠨᠳᠤᠯᠭ᠎ᠠ᠂ ᠮᠣᠩᠭᠤᠯ ᠤᠨ ᠰᠣᠷᠪᠣᠯᠵᠢ ᠪᠢᠴᠢᠭ ᠤᠨ ᠰᠣᠳᠣᠯᠭᠠᠨ ᠳᠤ ᠣᠷᠣᠭᠤᠯᠣᠭᠰᠠᠨ ᠨᠥᠷᠢ ᠶᠡᠭᠡ ᠬᠦᠳᠡᠯᠮᠦᠷᠢ ᠶᠢ ᠪᠦᠷᠢᠨ ᠦᠨᠡᠯᠡᠭᠰᠡᠨ ᠪᠠᠶᠢᠨ᠎ᠠ᠃  
        ᠮᠥᠨ ᠡᠨᠡᠬᠦ ᠡᠷᠳᠡᠮ ᠰᠢᠨᠵᠢᠯᠡᠭᠡᠨ ᠤ ᠬᠤᠷᠠᠯ ᠤᠨ ᠦᠶ᠎ᠡ ᠪᠠᠷ ᠭᠤᠷᠪᠠᠨ ᠵᠢᠯ ᠳᠤ ᠨᠢᠭᠡ ᠤᠳᠠᠭ᠎ᠠ ᠣᠯᠭᠤᠳᠠᠭ ᠴ᠊ · ᠳᠠᠮᠳᠢᠨᠰᠦ᠋ᠷᠦᠩ ᠤᠨ ᠨᠡᠷᠡᠮᠵᠢᠳᠦ ᠱᠠᠩᠨᠠᠯ ᠢ ᠴ᠊ · ᠬᠡᠰᠢᠭᠳᠦᠭ᠌ᠳᠠᠬᠤ ᠫᠷᠥᠹᠧᠰᠰᠤᠷ ᠲᠤ ᠣᠯᠭᠤᠭᠰᠠᠨ ᠢ ᠮᠣᠩᠭᠤᠯ ᠣᠯᠣᠰ ᠤᠨ CGZ ᠳ᠋ᠣᠺᠲ᠋ᠤᠷ᠂ ᠫᠷᠥᠹᠧᠰᠰᠤᠷ ᠳ᠋᠊ · ᠴᠡᠳᠡᠪ ᠣᠯᠠᠨ ᠨᠡᠶᠢᠳᠡ ᠳᠤ ᠳᠤᠭᠤᠯᠭᠠᠵᠦ᠂ 2014 ᠣᠨ ᠤ 1 ᠳ᠋ᠤᠬᠡᠷ ᠰᠠᠷ᠎ᠠ ᠶᠢᠨ 21 ᠤ ᠡᠳᠥᠷ ᠮᠣᠩᠭᠤᠯ ᠣᠯᠣᠰ ᠤᠨ ᠰᠢᠨᠵᠢᠯᠡᠬᠦ ᠤᠬᠠᠭᠠᠨ ᠤ ᠠᠺᠡᠳᠧᠮᠢ ᠶᠢᠨ ᠶᠡᠷᠥᠩᠬᠡᠶᠢᠯᠡᠭᠴᠢ ᠠᠺᠡᠳᠧᠮᠢᠴᠢ ᠪ᠊ · ᠡᠩᠬᠡᠳᠦᠪᠰᠢᠨ ᠠᠴᠠ ᠫᠷᠥᠹᠧᠰᠰᠤᠷ ᠴ᠊ · ᠬᠡᠰᠢᠭᠳᠦᠭ᠌ᠳᠠᠬᠤ ᠳᠤ ᠠᠷᠠᠳ ᠤᠨ ᠤᠷᠠᠨ ᠵᠣᠬᠢᠶᠠᠯᠴᠢ᠂ ᠠᠺᠡᠳᠧᠮᠢᠴᠢ ︽ᠴ᠊ · ᠳᠠᠮᠳᠢᠨᠰᠦ᠋ᠷᠦᠩ︾ ᠨᠡᠷᠡᠮᠵᠢᠳᠦ ᠱᠠᠩᠨᠠᠯ ᠭᠠᠷᠳᠠᠭᠤᠯᠵᠠᠢ᠃ ᠬᠡᠰᠢᠭᠳᠦᠭ᠌ᠳᠠᠬᠤ ᠪᠠᠭᠰᠢ ᠴ᠊ · ᠳᠠᠮᠳᠢᠨᠰᠦ᠋ᠷᠦᠩ ᠤᠨ ᠨᠡᠷᠡᠮᠵᠢᠳᠦ ᠱᠠᠩᠨᠠᠯ ᠠᠪᠬᠤ ᠳᠤᠨᠢ ᠭᠤᠣᠯ ᠪᠣᠯᠣᠭᠰᠠᠨ ᠪᠦᠲᠦᠬᠡᠯ ᠬᠡᠪᠡᠯ 1988 ᠣᠨ ᠳᠤ ᠬᠡᠪᠯᠡᠭᠳᠡᠭᠰᠡᠨ ︽ᠮᠣᠩᠭᠤᠯ ᠤᠨ ᠡᠷᠳᠡᠨ ᠤ ᠣᠳᠬ᠎ᠠ ᠵᠣᠬᠢᠶᠠᠯ ᠤᠨ ᠰᠣᠳᠣᠯᠣᠯ︾᠂ 1999 ᠣᠨ ᠳᠤ ᠬᠡᠪᠯᠡᠭᠳᠡᠭᠰᠡᠨ ︽ᠮᠣᠩᠭᠤᠯ ᠤᠨ ᠡᠷᠳᠡᠨ ᠤ ᠤᠳᠬ᠎ᠠ ᠵᠣᠬᠢᠶᠠᠯ ᠤᠨ ᠰᠢᠨ᠎ᠡ ᠰᠣᠳᠣᠯᠣᠯ︾᠂ 2003 ᠣᠨ ᠳᠤ ᠬᠡᠪᠯᠡᠭᠳᠡᠭᠰᠡᠨ ︽ᠮᠣᠩᠭᠤᠯ ᠤᠨ ᠰᠣᠷᠪᠣᠯᠵᠢ ᠪᠢᠴᠢᠭ ᠤᠨ ᠰᠣᠳᠣᠯᠣᠯ︾ ᠵᠡᠷᠭᠡ ᠴᠣᠭᠴᠠ ᠪᠦᠳᠦᠬᠡᠯ ᠪᠣᠯᠣᠨ 70 ᠭᠠᠷᠤᠢ ᠪᠦᠳᠦᠬᠡᠯ ᠨᠡᠶᠢᠳᠡᠯᠡᠯ ᠪᠠᠭᠳᠠᠵᠦ ᠪᠠᠶᠢᠭ᠎ᠠ ᠠᠵᠢ᠃ ᠡᠷᠳᠡᠮᠳᠡᠨ ᠪᠠᠭᠰᠢ ᠮᠢᠨᠢ ᠵᠦᠪᠬᠡᠨ ᠣᠳᠬ᠎ᠠ ᠵᠣᠬᠢᠶᠠᠯ ᠰᠣᠳᠣᠯᠣᠭᠠᠳ ᠵᠣᠭᠰᠣᠬᠤ ᠦᠬᠡᠢ᠂ ᠮᠦᠨ ᠮᠣᠩᠭᠤᠯ ᠤᠨ ᠲᠡᠤᠬᠡ᠂ ᠰᠣᠶᠣᠯ ᠤᠨ ᠰᠤᠳᠤᠯᠭᠠᠨ ᠳᠤ ᠣᠨᠴᠠᠭᠠᠢ ᠭᠠᠪᠢᠶ᠎ᠠ ᠵᠢᠳᠬᠦᠯ ᠣᠷᠣᠭᠤᠯᠣᠭᠰᠠᠨ ᠬᠦᠮᠦᠨ ᠤ ᠨᠢᠬᠡᠨ ᠪᠢᠯᠡ᠃ ᠡᠨᠡᠬᠦ ᠲᠣᠮᠦ ᠱᠠᠩᠨᠠᠯ ᠨᠢ ᠳᠡᠬᠦᠨ ᠤ ᠬᠦᠳᠡᠯᠮᠦᠷᠢ ᠴᠢᠷᠮᠠᠶᠢᠯᠭ᠎ᠠ ᠶᠢ ᠪᠦᠷᠢᠨ ᠦᠨᠡᠯᠡᠵᠦ ᠪᠠᠶᠢᠭ᠎ᠠ ᠶᠤᠮ᠃        ᠲᠡᠷᠡ ᠪᠠᠷ ᠶᠠᠫᠤᠨ ᠤ ᠸᠠᠰᠢᠳᠡ ᠶᠡᠭᠡ ᠰᠤᠷᠭᠠᠭᠤᠯᠢ ᠳᠤ ᠤᠷᠢᠬᠳᠠᠨ ᠬᠢᠴᠢᠶᠡᠯ ᠬᠦᠮᠦᠵᠢᠯ᠂ ᠡᠷᠳᠡᠮ ᠰᠢᠨᠵᠢᠯᠡᠬᠡᠨ ᠤ ᠠᠵᠢᠯ ᠬᠢᠵᠤ ᠪᠠᠶᠢᠬᠰᠠᠨ ᠲᠡᠳᠤᠢ ᠦᠬᠡᠢ ᠤᠯᠠᠨ ᠤᠯᠤᠰ ᠤᠨ ᠮᠤᠩᠭᠤᠯᠴᠢ ᠡᠷᠳᠡᠮᠳᠡᠳ ᠤᠨ ᠬᠤᠯᠪᠤᠭᠠᠨ ᠤ ᠤᠷᠢᠯᠭ᠎ᠠ ᠪᠠᠷ ᠤᠯᠠᠭᠠᠨᠪᠠᠭᠠᠳᠤᠷ ᠲᠤ ᠪᠤᠯᠤᠬᠰᠠᠨ ᠤᠯᠠᠨ ᠤᠯᠤᠰ ᠤᠨ ᠮᠤᠩᠭᠤᠯᠴᠢ ᠡᠷᠳᠡᠮᠳᠡᠳ ᠤᠨ 7᠂ 8᠂ 9 ᠳ᠋ᠤᠬᠡᠷ ᠶᠡᠭᠡ ᠬᠤᠷᠠᠯ ᠳᠤ ᠤᠷᠤᠯᠴᠠᠵᠦ ᠡᠷᠳᠡᠮ ᠰᠢᠨᠵᠢᠯᠡᠬᠡᠨ ᠤ ᠢᠯᠡᠳᠬᠡᠯ ᠬᠢᠵᠤ᠂ ᠡᠬᠦᠨ ᠳᠤ ᠲᠤᠯᠤᠳᠤᠭᠠᠷ ᠶᠡᠭᠡ ᠬᠤᠷᠠᠯ ᠲᠡᠬᠡᠷ᠎ᠡ ᠤᠯᠠᠨ ᠤᠯᠤᠰ ᠤᠨ ᠮᠤᠩᠭᠤᠯᠴᠢ ᠡᠷᠳᠡᠮᠳᠡᠳ ᠤᠨ ᠬᠤᠯᠪᠤᠭᠠᠨ ᠤ ᠬᠦᠢᠴᠡᠳᠬᠡᠬᠦ ᠲᠤᠪᠴᠢᠶᠠᠨ ᠤ ᠬᠡᠰᠢᠬᠦᠨ ᠢᠶᠠᠷ ᠰᠤᠩᠭᠤᠬᠳᠠᠵᠤ᠂ ᠨᠠᠢᠮᠠᠳᠤᠭᠠᠷ ᠶᠡᠭᠡ ᠬᠤᠷᠠᠯ ᠳᠤ ᠮᠤᠩᠭᠤᠯ ᠤᠯᠤᠰ ᠤᠨ ᠶᠡᠷᠤᠩᠬᠡᠢ ᠰᠠᠶᠢᠳ ᠡᠩᠬᠡᠪᠡᠶᠡᠷ ︵ᠲᠤᠬᠠᠢ ᠶᠢᠨ ᠦᠶ᠎ᠡ ᠶᠢᠨ︶ ᠤᠨ ᠤᠷᠢᠯᠭ᠎ᠠ ᠪᠠᠷ ᠤᠷᠤᠯᠴᠠᠨ ᠴᠢᠩᠬᠢᠰ ᠬᠠᠭᠠᠨ ᠤ ᠮᠡᠨᠳᠦᠯᠡᠭᠰᠡᠨ 840 ᠵᠢᠯ ᠤᠨ ᠤᠢ ᠶᠢ ᠪᠡᠯᠬᠡᠯᠡᠬᠦ ᠲᠤᠰᠬᠠᠢ ᠰᠡᠳᠤᠪ ᠤᠨ ᠶᠡᠭᠡ ᠬᠤᠷᠠᠯ ᠲᠡᠬᠡᠷ᠎ᠡ ᠭᠤᠤᠯ ᠰᠡᠳᠤᠪ ᠤᠨ ᠢᠯᠡᠳᠬᠡᠯ ᠬᠢᠵᠤ᠂ ᠶᠢᠰᠦᠳᠦᠬᠡᠷ ᠶᠡᠭᠡ ᠬᠤᠷᠠᠯ ᠲᠡᠬᠡᠷ᠎ᠡ ᠠᠮᠧᠷᠢᠺᠡ᠂ ᠭᠧᠷᠮᠠᠨ᠂ ᠤᠷᠤᠰ᠂ ᠶᠠᠫᠤᠨ ᠤᠯᠤᠰ ᠤᠨ ᠲᠦᠷᠪᠡᠨ ᠮᠤᠩᠭᠤᠯᠴᠢ ᠡᠷᠳᠡᠮᠳᠡᠨ ᠤᠨ ᠬᠠᠮᠳᠤ ᠶᠡᠷᠤᠩᠬᠡᠶᠢᠯᠡᠭᠴᠢ ᠨ᠊ · ᠡᠩᠬᠡᠪᠡᠶᠡᠷ ︵ᠲᠤᠬᠠᠢ ᠶᠢᠨ ᠦᠶ᠎ᠡ ᠶᠢᠨ︶ ᠤᠨ ︽ᠠᠯᠳᠠᠨ ᠭᠠᠳᠠᠰᠤ︾ ᠭᠠᠪᠢᠶᠠᠨ ᠤ ᠤᠳᠤᠨ ᠢᠶᠠᠷ ᠱᠠᠩᠨᠠᠬᠳᠠᠪᠡ᠃ ︽ᠠᠯᠳᠠᠨ ᠭᠠᠳᠠᠰᠤ︾ ᠭᠠᠪᠢᠶᠠᠨ ᠤ ᠤᠳᠤᠨ ᠪᠤᠯ ᠮᠤᠩᠭᠤᠯ ᠤᠯᠤᠰ ᠤᠨ ᠲᠦᠷᠦ ᠶᠢᠨ ᠡᠷᠳᠡᠮ ᠰᠢᠨᠵᠢᠯᠡᠬᠡᠨ ᠤ ᠬᠠᠮᠤᠭ ᠤᠨ ᠲᠡᠬᠡᠳᠤ ᠱᠠᠩᠨᠠᠯ ᠤᠨ ᠤᠳᠤᠨ ᠪᠤᠯᠬᠤ ᠶᠤᠮ᠃ ᠤᠯᠠᠨ ᠤᠯᠤᠰ ᠤᠨ ᠮᠤᠩᠭᠤᠯ ᠰᠤᠳᠤᠯᠤᠯ ᠤᠨ ᠬᠡᠪᠴᠢᠶᠡᠨ ᠳᠤ᠂ ᠤᠯᠠᠨ ᠤᠯᠤᠰ ᠤᠨ ᠮᠤᠩᠭᠤᠯᠴᠢ ᠡᠷᠳᠡᠮᠳᠡᠳ ᠤᠨ ᠬᠤᠯᠪᠤᠭᠠᠨ ᠤ ᠠᠩᠬᠠᠳᠠᠬᠴᠢ ᠶᠡᠷᠤᠩᠬᠡᠶᠢᠯᠡᠭᠴᠢ᠂ ᠠᠮᠧᠷᠢᠺᠡ ᠶᠢᠨ ᠮᠤᠩᠭᠤᠯᠴᠢ ᠡᠷᠳᠡᠮᠳᠡᠨ ᠯᠠᠳ᠋ᠲ᠋ᠢᠮᠤᠷᠧ᠂ ᠤᠯᠠᠨ ᠤᠯᠤᠰ ᠤᠨ ᠮᠤᠩᠭᠤᠯᠴᠢ ᠡᠷᠳᠡᠮᠳᠡᠳ ᠤᠨ ᠬᠤᠯᠪᠤᠭᠠᠨ ᠤ ᠬᠤᠶᠠᠳᠡᠬᠴᠢ ᠶᠡᠷᠤᠩᠬᠡᠶᠢᠯᠡᠭᠴᠢ᠂ ᠶᠠᠫᠤᠨ ᠤ ᠨᠡᠷᠡᠳᠤ ᠮᠤᠩᠭᠤᠯᠴᠢ ᠡᠷᠳᠡᠮᠳᠡᠨ ᠤᠽᠠᠸᠠ ᠰᠢᠭᠸᠦ‍᠂ ᠭᠧᠷᠮᠠᠨ ᠤ ᠨᠠᠷᠠᠳᠤ ᠮᠤᠩᠭᠤᠯᠴᠢ ᠡᠷᠳᠡᠮᠳᠡᠨ ᠸᠠᠯᠳ᠋ᠾᠧᠷ ᠾᠸᠢᠢᠰᠰᠢᠢᠡ ᠵᠡᠷᠬᠡ ᠴᠦᠬᠡᠨ ᠬᠡᠳᠤᠨ ᠮᠤᠩᠭᠤᠯᠴᠢ ᠡᠷᠳᠡᠮᠳᠡᠨ ᠡᠨᠡᠬᠦ ᠱᠠᠩᠨᠠᠯ ᠢ ᠬᠦᠷᠳᠡᠭᠰᠡᠨ ᠢ ᠰᠠᠨᠠᠬᠤ ᠤᠴᠢᠷᠳᠡᠢ᠃  
        ᠲᠡᠷᠡ ᠪᠠᠰᠠ 1999 ᠤᠨ ᠳᠤ ᠠᠮᠧᠷᠢᠺᠠ ᠶᠢᠨ ᠮᠤᠩᠭᠤᠯᠴᠤᠳ ᠤᠨ ᠰᠤᠶᠤᠯ ᠤᠨ ᠬᠤᠯᠪᠤᠭ᠎ᠠ᠂ ᠢᠨᠳᠢᠶᠠᠨ᠎ᠠ ᠶᠡᠭᠡ ᠰᠤᠷᠭᠠᠭᠤᠯᠢ ᠶᠢᠨ ᠮᠤᠩᠭᠤᠯ ᠰᠤᠳᠤᠯᠤᠯ ᠤᠨ ᠲᠦᠪ ᠤᠨ ᠤᠷᠢᠯᠭ᠎ᠠ ᠪᠠᠷ᠂ 2000 ᠤᠨ ᠳᠤ ᠺᠤᠷᠢᠶᠠ ᠤᠯᠤᠰ ᠤᠨ ᠮᠤᠩᠭᠤᠯ ᠰᠤᠳᠤᠯᠤᠯ ᠤᠨ ᠨᠡᠶᠢᠭᠡᠮᠯᠢᠭ ᠤᠨ ᠤᠷᠢᠯᠭ᠎ᠠ ᠪᠠᠷ ᠠᠮᠧᠷᠢᠺᠠ᠂ ᠺᠤᠷᠢᠶᠠ ᠤᠯᠤᠰ ᠲᠤ ᠤᠴᠢᠵᠦ ᠡᠷᠳᠡᠮ ᠰᠢᠨᠵᠢᠯᠡᠭᠡᠨ ᠤ ᠰᠤᠷᠪᠤᠯᠵᠢᠯᠠᠭ᠎ᠠ ᠬᠢᠵᠠᠢ᠃        ᠴ᠊ · ᠬᠡᠰᠢᠭᠳᠦᠭ᠌ᠳᠠᠬᠤ ᠪᠠᠭᠰᠢ ᠪᠣᠯ ᠮᠠᠨ ᠤ ᠤᠯᠤᠰ ᠤᠨ ᠮᠣᠩᠭᠤᠯ ᠤᠨ ᠡᠷᠳᠡᠨ ᠤ ᠣᠳᠬ᠎ᠠ ᠵᠣᠬᠢᠶᠠᠯ ᠤᠨ ᠰᠣᠳᠣᠯᠭᠠᠨ ᠤ ᠬᠦᠷᠢᠶᠠᠨ ᠳᠤ ᠣᠷᠦ᠋ᠢᠯᠠᠵᠦ ᠶᠠᠪᠦᠭ᠎ᠠ ᠡᠷᠳᠡᠮᠳᠡᠳ ᠤᠨ ᠨᠢᠬᠡ ᠪᠦᠬᠡᠳ ᠡᠨᠡᠬᠦ ᠰᠣᠳᠣᠯᠭᠠᠨ ᠤ ᠴᠢᠭᠯᠡᠯ ᠢᠶᠠᠷ ᠦᠯᠡᠮᠵᠢᠬᠡᠨ ᠠᠵᠢᠯ ᠬᠢᠵᠦ᠂ ᠣᠯᠠᠨ ᠦᠬᠦᠯᠡᠯ ᠵᠣᠬᠢᠶᠠᠯ ᠨᠡᠶᠢᠳᠡᠯᠡᠭᠰᠡᠨ ᠶᠤᠮ᠃ ᠬᠡᠰᠢᠭᠳᠦᠭ᠌ᠳᠠᠬᠤ ᠪᠠᠭᠰᠢ ᠶᠢᠨ ᠬᠡᠪᠯᠡᠬᠦᠯᠦᠭᠰᠡᠨ ᠥᠬᠦᠯᠡᠯ ᠤᠨ ᠰᠣᠩᠭᠤᠳᠠᠭ ᠲᠡᠭᠦᠪᠦᠷᠢ ᠳᠤ ᠮᠣᠩᠭᠤᠯ ᠦᠨᠳᠦᠰᠦᠳᠡᠨ ᠤ ᠣᠷᠴᠢᠨ ᠦᠶ᠎ᠡ ᠶᠢᠨ ᠤᠷᠠᠨ ᠵᠣᠬᠢᠶᠠᠯ ᠤᠨ ᠲᠡᠤᠬᠡ᠂ ᠮᠣᠩᠭᠤᠯ ᠤᠨ ᠰᠣᠷᠪᠣᠯᠵᠢ ᠪᠢᠴᠢᠭ ᠤᠨ ᠰᠣᠳᠣᠯᠭᠠᠨ ᠳᠤ ᠨᠡᠶᠢᠳᠡ 79 ᠦᠬᠦᠯᠡᠯ ᠣᠷᠣᠭᠰᠠᠨ ᠪᠦᠬᠡᠳ ᠡᠨᠡ ᠨᠢ ᠳᠡᠬᠦᠨ ᠤ 50 ᠭᠠᠷᠤᠢ ᠵᠢᠯ ᠤᠨ ᠰᠣᠳᠣᠯᠭᠠᠨ ᠤ ᠦᠷ᠎ᠡ ᠳ᠋ᠦᠩ ᠭᠡᠵᠦ ᠬᠡᠯᠡᠵᠦ ᠪᠣᠯᠣᠨ᠎ᠠ᠃         ᠮᠣᠩᠭᠤᠯ ᠰᠣᠳᠣᠯᠭᠠᠨ ᠤ ᠳᠠᠪᠴᠡᠩ ᠳᠤ ᠠᠯᠳᠠᠨ ᠭᠠᠳᠠᠰᠦ ᠰᠢᠭ᠋ ᠭᠡᠷᠡᠯᠳᠤᠵᠦ ᠲᠤᠮᠳᠠᠳᠤ ᠤᠯᠤᠰ ᠴᠢᠨᠠᠭᠰᠢᠯᠠᠭᠠᠳ ᠳᠡᠯᠡᠬᠡᠢ ᠶᠢᠨ ᠮᠣᠩᠭᠤᠯ ᠰᠣᠳᠣᠯᠭᠠᠨ ᠤ ᠬᠢ ᠶᠢ ᠳᠣᠷᠬᠢᠭᠤᠯᠵᠦ ᠶᠠᠪᠣᠭᠰᠠᠨ ᠬᠡᠰᠢᠭᠳᠦᠬᠳᠠᠬᠤ ᠪᠠᠭᠰᠢ ᠣᠯᠠᠨ ᠰᠢᠯᠢᠳᠡᠭ ᠪᠦᠳᠦᠬᠡᠯ ᠲᠠᠢ ᠳᠠᠭᠠᠨ ᠣᠮᠣᠭᠰᠢᠨ᠎ᠠ᠃ ᠡᠶᠢᠮᠦ ᠰᠢᠯᠢᠳᠡᠭ ᠡᠷᠳᠡᠮᠳᠡᠨ ᠢᠶᠠᠷ ᠢᠶᠠᠨ ᠠᠷᠠᠳ ᠲᠦᠮᠡᠨ ᠨᠢ ᠴᠤ ᠪᠠᠭ᠋ᠠᠷᠬᠠᠨ᠎ᠠ᠃ ( ᠭᠡᠷᠡᠯ ᠵᠢᠷᠤᠭ ᠤᠳ ᠢ ᠴ᠊ · ᠬᠡᠰᠢᠭᠳᠦᠬᠳᠠᠬᠤ ᠬᠠᠨᠭ᠍ᠭᠠᠪᠠ ) 
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号