ᠳ᠋ᠠᠢ ᠰᠡᠴᠡᠨ ᠤ ᠭᠡᠷ ᠤᠨ ᠦᠶ᠎ᠡ ᠵᠠᠯᠭᠠᠮᠵᠢ
ᠨᠡᠶᠢᠲᠡᠯᠡᠭᠰᠡᠨ ᠴᠠᠭ᠄
2018/12/28
       ᠬᠤᠩᠭᠢᠷᠠᠳ ᠠᠶᠢᠮᠠᠭ ᠪᠤᠯᠤᠨ ᠶᠤᠸᠠᠨ ᠤᠯᠤᠰ ᠤᠨ ᠬᠠᠭᠠᠨ ᠤ ᠤᠭᠰᠠᠭ᠎ᠠ ᠶᠢᠨ   ᠤᠷᠤᠭ ᠤᠨ ᠬᠠᠷᠢᠴᠠᠭ᠎ᠠ ᠪᠤᠯᠤᠨ ᠳ᠋ᠠᠢ ᠰᠡᠴᠡᠨ ᠤ ᠭᠡᠷ ᠤᠨ ᠦᠶ᠎ᠡ ᠵᠠᠯᠭᠠᠮᠵᠢ  ᠬᠤᠩᠭᠢᠷᠠᠳ ᠠᠶᠢᠮᠠᠭ ᠤᠨ ᠪᠤᠰᠬᠤᠷ ᠤᠪᠤᠭ ᠤᠨ ᠳ᠋ᠠᠢ ᠰᠡᠴᠡᠨ ︵特薛禅︶ ᠠᠴᠠ ᠲᠦᠷᠪᠡᠨ  ᠭᠡᠤᠭᠡᠳ ᠲᠠᠢ᠃ ᠬᠠᠳᠤᠨ ᠨᠢ ᠴᠤᠳᠠᠨ ᠭᠡᠰᠡᠨ ᠨᠡᠷ᠎ᠡ ᠲᠠᠢ᠃ ᠳᠡᠭᠦᠨ ᠤ ᠭᠡᠤᠭᠡᠨ ᠪᠦᠷᠳᠡ ᠨᠢ ᠪᠤᠯ ᠴᠢᠩᠭᠢᠰ  ᠬᠠᠭᠠᠨ ᠤ ᠡᠰᠢ ᠬᠠᠳᠤᠨ ᠬᠤᠸᠠᠩᠭᠡᠤ ᠪᠤᠯᠤᠨ᠎ᠠ᠃ ᠳ᠋ᠠᠢ ᠭᠡᠳᠡᠭ ᠨᠢ ᠨᠡᠷ᠎ᠡ ᠨᠢ᠂ ᠰᠡᠴᠡᠨ ᠭᠡᠳᠡᠭ ᠨᠢ ᠴᠤᠯᠠ ᠨᠢ  ᠮᠥᠨ᠃ ᠳ᠋ᠠᠢ ᠰᠡᠴᠡᠨ ᠤ ᠶᠡᠭᠡ ᠭᠦᠪᠡᠭᠦᠨ ᠤ ᠨᠡᠷ᠎ᠡ ᠨᠢ ᠠᠯᠴᠢᠨ ︵按陈︶ ᠭᠡᠳᠡᠭ᠃ ᠠᠯᠴᠢᠨ ᠤ ᠬᠠᠳᠤᠨ   ᠨᠢ ᠬᠠᠵᠢᠨ ︵合真︶ ᠭᠡᠰᠡᠨ ᠨᠡᠷ᠎ᠡ ᠲᠠᠢ᠃ ᠳ᠋ᠠᠢ ᠰᠡᠴᠡᠨ ᠤ ᠬᠤᠶᠠᠳᠤᠭᠠᠷ ᠭᠦᠪᠡᠭᠦᠨ ᠨᠢ ᠠᠬᠤᠲᠠᠢ ︵阿 忽台︶ ᠭᠡᠭᠦ ᠨᠡᠷ᠎ᠡ ᠲᠠᠢ᠃ ᠭᠤᠳᠠᠭᠠᠷ ᠭᠦᠪᠡᠭᠦᠨ ᠨᠢ ᠴᠧ ︵册︶ ᠭᠡᠰᠡᠨ ᠨᠡᠷ᠎ᠡ ᠲᠠᠢ᠃ ᠴᠧ ᠶᠢᠨ ᠬᠠᠳᠤᠨ   ᠨᠢ ᠴᠢᠩᠭᠢᠰ ᠬᠠᠭᠠᠨ ᠤ ᠤᠮᠪᠤᠯᠤ ᠦᠭᠢᠨ ᠰᠡᠴᠢᠭᠡᠨ ︵薛只干︶ ᠪᠤᠯᠤᠨ᠎ᠠ᠃ ᠯᠤ᠋ ᠸᠠᠩ ᠤᠨ ᠳᠡᠭᠡᠳᠤᠰ ᠪᠤᠯᠪᠠᠰᠤ ᠪᠤᠭᠳᠠ ᠴᠢᠩᠭᠢᠰ ᠤᠨ ᠬᠠᠳᠤᠨ ᠪᠦᠷᠳᠡ ᠶᠢᠨ ᠲᠦᠷᠭᠦᠮ ᠬᠤᠩᠭᠢᠷᠠᠳ  ᠠᠶᠢᠮᠠᠭ ᠪᠤᠯᠬᠤ ᠤᠴᠢᠷ ᠠᠴᠠ ᠦᠭᠡᠲᠠᠢ ᠬᠠᠭᠠᠨ ᠵᠠᠷᠯᠢᠭ ᠪᠠᠭᠤᠯᠭᠠᠵᠤ ︿︿ᠬᠤᠩᠭᠢᠷᠠᠳ ᠠᠶᠢᠮᠠᠭ  ᠠᠴᠠ ᠭᠡᠤᠭᠡᠨ  ᠲᠦᠷᠦᠪᠡᠯ ᠬᠠᠳᠤᠨ ᠪᠤᠯᠭᠠᠵᠤ᠂ ᠭᠦᠦ ᠲᠦᠷᠦᠪᠡᠯ ᠭᠦᠩᠵᠤ ᠪᠠᠨ ᠦᠭᠴᠦ ᠦᠶ᠎ᠡ ᠶᠢᠨ ᠦᠶ᠎ᠡ ᠳᠤ ᠤᠷᠤᠭ  ᠳᠠᠰᠤᠯᠳᠠᠭᠤᠯᠬᠤ ᠦᠭᠡᠢ﹀﹀ ᠭᠡᠰᠡᠨ ᠶᠤᠮ᠃ ᠡᠭᠦᠨ ᠠᠴᠠ ᠠᠪᠤᠭᠠᠳ ᠪᠦᠷᠵᠢᠭᠢᠨ ᠤᠪᠤᠭᠳᠠᠨ ᠪᠤᠯᠤᠨ ᠬᠤᠩᠭᠢᠷᠠᠳ  ᠠᠶᠢᠮᠠᠭ ᠤᠨ ᠬᠤᠭᠤᠷᠤᠨᠳᠤ ᠳᠠᠰᠤᠷᠠᠰᠢ ᠦᠭᠡᠢ ᠪᠠᠳᠤ ᠪᠠᠭᠢ ᠠᠯᠳᠠᠨ ᠤᠷᠤᠭ ᠤᠨ ᠬᠠᠷᠢᠴᠠᠭ᠎ᠠ ᠪᠤᠢ ᠪᠤᠯᠤᠭᠰᠠᠨ ᠶᠤᠮ᠃ ᠠᠯᠴᠢᠨ ᠤ ᠶᠡᠭᠡ ᠭᠦᠪᠡᠭᠦᠨ ᠨᠢ ᠴᠢᠭᠦ ︵慎古,赤古︶ ᠭᠡᠭᠦ ᠨᠡᠷ᠎ᠡ ᠲᠠᠢ᠂ ᠬᠠᠳᠤᠨ   ᠨᠢ ᠴᠢᠩᠭᠢᠰ ᠬᠠᠭᠠᠨ ᠤ ᠲᠦᠷᠪᠡᠳᠦᠭᠡᠷ ᠦᠭᠢᠨ ᠲᠡᠮᠦᠯᠦᠨ ︵特莫伦,秃满伦︶ ᠮᠥᠨ᠃ ᠴᠢᠭᠦ   ᠠᠴᠠ ᠭᠡᠤᠭᠡᠳ ᠦᠭᠡᠢ᠃ ᠠᠯᠴᠢᠨ ᠤ ᠬᠤᠶᠠᠳᠤᠭᠠᠷ ᠭᠦᠪᠡᠭᠦᠨ ᠨᠢ ᠦᠴᠢᠨ ︵斡陈︶ ᠭᠡᠭᠦ ᠨᠡᠷ᠎ᠡ  ᠲᠠᠢ᠂ ᠬᠠᠳᠤᠨ   ᠨᠢ ᠵᠠᠭᠢᠷᠤᠭᠴᠢ ᠲᠤᠯᠤᠢ ᠶᠢᠨ ᠦᠭᠢᠨ ᠶᠢᠰᠦᠪᠤᠬ᠎ᠠ ᠪᠤᠯᠤᠨ᠎ᠠ᠃ ᠠᠯᠴᠢᠨ ᠤ ᠭᠤᠳᠠᠭᠠᠷ ᠭᠦᠪᠡᠭᠦᠨ  ᠨᠢ ᠨᠠᠴᠢᠨ ︵纳陈︶  ᠭᠡᠭᠦ ᠨᠡᠷ᠎ᠡ ᠲᠠᠢ᠂ ᠬᠠᠳᠤᠨ ᠨᠢ ᠲᠠᠶᠢᠽᠦ᠋ᠩ ᠤᠨ ᠦᠭᠢᠨ ᠰᠤᠷᠬᠠᠬᠠᠨ ︵唆儿哈罕︶ ᠪᠤᠯᠤᠨ᠎ᠠ᠃ ᠠᠯᠴᠢᠨ  ᠨᠤᠶᠠᠨ ᠠᠴᠠ ᠴᠢᠮᠪᠠᠢ ᠭᠡᠭᠦ‍ ᠨᠢᠭᠡ ᠦᠭᠢᠨ ᠲᠠᠢ᠃ ᠴᠢᠮᠪᠠᠢ ︵察必︶ ᠪᠤᠯ ᠬᠤᠪᠢᠯᠠᠢ ᠰᠡᠴᠡᠨ ᠬᠠᠭᠠᠨ ᠤ ᠡᠰᠢ ᠬᠠᠳᠤᠨ  ᠬᠤᠸᠠᠩᠭᠡᠤ ᠮᠥᠨ᠃ ᠨᠠᠩᠵᠢᠶᠠᠵᠧᠨ ︵囊加真︶ ᠭᠦᠩᠵᠤ ᠪᠤᠯ ᠴᠢᠮᠪᠠᠢ ᠶᠢᠨ ᠬᠤᠶᠠᠳᠤᠭᠠᠷ ᠦᠭᠢᠨ ᠮᠥᠨ᠃ ᠦᠴᠢᠨ ᠨᠤᠶᠠᠨ ᠠᠴᠠ ᠲᠦᠸᠧᠯᠢᠶᠠᠨ᠂ ᠭᠦᠨᠳᠦᠳᠡᠮᠦᠷ ᠭᠡᠭᠦ ᠬᠤᠶᠠᠷ ᠭᠦᠪᠡᠭᠦᠨ ᠲᠠᠢ᠃ ᠲᠦᠸᠧᠯᠢᠶᠠᠨ ︵脱怜︶ ᠤ ᠭᠦᠪᠡᠭᠦᠨ ᠪᠦᠮᠪᠠᠯ ︵迸不剌︶ ᠶᠢᠨ ᠶᠡᠭᠡ ᠭᠦᠦ ᠶᠢᠨ ᠨᠡᠷ᠎ᠡ ᠨᠢ ᠲᠤᠳᠤ ᠦᠭᠡᠢ᠃  ᠡᠨᠡ ᠭᠦᠦ ᠠᠴᠠ ᠨᠢ ᠪᠤᠷᠤᠳᠡᠮᠦᠷ ︵孛儿帖木儿︶ ᠭᠡᠭᠦ ᠨᠢᠭᠡ ᠭᠦᠦ ᠲᠠᠢ᠃ ᠪᠤᠷᠤᠳᠡᠮᠦᠷ ᠤᠨ ᠦᠭᠢᠨ ᠪᠤᠶᠠᠨᠬᠤᠳᠤᠭ ︵伯彦忽都︶ ᠪᠤᠯ ᠤᠬᠠᠭᠠᠨᠳᠤ ᠲᠤᠭᠤᠨᠳᠡᠮᠦᠷ ᠬᠠᠭᠠᠨ ᠤ ᠬᠠᠳᠤᠨ ᠮᠥᠨ᠃ ᠲᠦᠸᠧᠯᠢᠶᠠᠨ   ᠤ ᠦᠭᠢᠨ ᠲᠡᠭᠦᠯᠦᠨ ︵贴古伦︶ ᠪᠤᠯ ᠬᠤᠪᠢᠯᠠᠢ ᠰᠡᠴᠡᠨ ᠬᠠᠭᠠᠨ ᠤ ᠰᠤᠯᠠ ᠬᠠᠳᠤᠨ ᠮᠥᠨ᠃ ᠪᠦᠮᠪᠠᠯ ᠤᠨ  ᠦᠭᠢᠨ ᠵᠸᠡᠭᠡ ︵真哥︶ ᠪᠤᠯ ᠦᠽᠦ᠋ᠩ ᠬᠠᠭᠠᠨ ᠬᠠᠶᠢᠰᠠᠩ ᠤᠨ ᠬᠠᠳᠤᠨ ᠮᠥᠨ᠃ ᠪᠦᠮᠪᠠᠯ ᠤᠨ ᠬᠤᠶᠠᠳᠤᠭᠠᠷ  ᠭᠦᠪᠡᠭᠦᠨ ᠮᠠᠶᠢᠵᠠᠬᠠᠨ ︵买住罕︶ ᠳᠤ ᠦᠽᠦ᠋ᠩ ᠬᠠᠭᠠᠨ ᠤ ᠦᠭᠢᠨ ᠪᠠᠶᠢᠳᠠᠱᠠ ︵拜塔沙︶ ᠶᠢ ᠪᠤᠭᠳᠤᠯᠠᠵᠤ ᠦᠭᠴᠠᠢ᠃ ᠮᠠᠶᠢᠵᠠᠬᠠᠨ ᠤ ᠭᠦᠪᠡᠭᠦᠨ ᠤ ᠨᠡᠷ᠎ᠡ ᠳᠤᠳᠤ ᠦᠭᠡᠢ᠃ ᠮᠠᠶᠢᠵᠠᠬᠠᠨ ᠤ ᠤᠮᠪᠤᠯᠤ ᠭᠦᠦ ᠴᠤᠤᠬᠠᠨ ︵丑汉,阿什︶ ᠳᠤ ᠲᠠᠶᠢᠬᠤᠫᠦ᠋ᠳᠦ ︵台忽普都︶ ᠭᠦᠩᠵᠤ ᠶᠢ ᠪᠤᠭᠳᠤᠯᠠᠵᠤ ᠦᠭᠴᠠᠢ᠃  ᠮᠠᠶᠢᠵᠠᠬᠠᠨ ᠤ ᠶᠡᠭᠡ ᠦᠭᠢᠨ ᠪᠠᠶᠢᠬᠠᠨ ︵必罕︶ ᠪᠤᠯ ᠲᠠᠢ ᠳ᠋ᠢᠩ ᠬᠠᠭᠠᠨ ᠶᠢᠰᠦᠨᠳᠡᠮᠦᠷ ︵ᠡᠰᠡᠨ ᠲᠡᠮᠦᠷ︶ ᠤᠨ  ᠰᠤᠯᠠ ᠬᠠᠳᠤᠨ ᠮᠥᠨ᠃ ᠮᠠᠶᠢᠵᠠᠬᠠᠨ ‍ᠤ‌ᠬᠤᠶᠠᠳᠤᠭᠠᠷ ᠦᠭᠢᠨ ᠰᠦᠭᠡᠳᠠᠷᠢ ︵速哥答里︶ ᠪᠤᠯ ᠪᠠᠰᠠ   ᠲᠠᠢ ᠳ᠋ᠢᠩ ᠬᠠᠭᠠᠨ ᠶᠢᠰᠦᠨᠳᠡᠮᠦᠷ ᠤᠨ ᠰᠤᠯᠠ ᠬᠠᠳᠤᠨ ᠶᠤᠮ᠃  ᠭᠦᠨᠳᠦᠳᠡᠮᠦᠷ ︵浑都铁木儿︶ ᠤᠨ ᠦᠭᠢᠨ ᠳ᠋ᠠᠵᠢ ︵答吉︶ ᠪᠤᠯ ᠱᠦᠨᠽᠦ᠋ᠩ ᠤᠨ  ᠬᠠᠳᠤᠨ ᠶᠤᠮ᠃ ᠱᠦᠨᠽᠦ᠋ᠩ ᠬᠠᠯᠢᠭᠰᠠᠨ ᠤ ᠳᠠᠷᠠᠭ᠎ᠠ ᠦᠽᠦ᠋ᠩ  ᠲᠠᠢ ᠵᠠᠯᠭᠠᠵᠤ ᠰᠠᠭᠤᠭᠠᠳ ᠲᠠᠶᠢᠭᠡᠤ  ᠡᠷᠭᠦᠮᠵᠢᠯᠡᠭᠳᠡᠵᠠᠢ᠃ ᠳ᠋ᠠ ᠵᠠᠩ ᠭᠦᠩᠵᠤ ᠱᠠᠩᠭᠡᠯᠵᠢ ᠪᠤᠯ ᠳ᠋ᠠᠵᠢ ᠶᠢᠨ ᠭᠡᠤᠭᠡᠨ ᠶᠤᠮ᠃ ᠨᠠᠴᠢᠨ ︵纳陈︶ ᠨᠤᠶᠠᠨ ᠠᠴᠠ ᠦᠯᠦᠴᠢᠨ ︵斡罗陈︶᠂ ᠳᠡᠮᠦᠷ ︵帖木儿︶᠂  ᠵᠢᠷᠸᠠᠲᠠᠢ ︵ᠵᠢᠷᠸᠠ 只儿瓦台︶᠂ ᠮᠠᠨᠽᠡᠲᠠᠢ ︵蛮子台︶ ᠭᠡᠰᠡᠨ ᠲᠦᠷᠪᠡᠨ ᠭᠦᠪᠡᠭᠦᠨ ᠲᠠᠢ᠃  ᠦᠯᠦᠴᠢᠨ ᠳᠤ ᠴᠢᠩᠭᠢᠰ ᠬᠠᠭᠠᠨ ᠤ ᠤᠮᠪᠤᠯᠤ ᠦᠭᠢᠨ ᠸᠠᠨᠰᠧ ︵完泽︶ ᠭᠦᠩᠵᠤ ᠶᠢ ᠪᠤᠭᠳᠤᠯᠠᠵᠤ ᠦᠭᠴᠠᠢ ᠃ ᠸᠠᠨᠰᠧ ᠬᠠᠯᠢᠭᠰᠠᠨ ᠳᠤ ᠬᠤᠪᠢᠯᠠᠢ ᠰᠡᠴᠡᠨ ᠬᠠᠭᠠᠨ ᠤ ᠬᠤᠶᠠᠳᠤᠭᠠᠷ ᠦᠭᠢᠨ ᠨᠠᠩᠵᠢᠶᠠᠵᠧᠨ ︵囊加真︶  ᠢ ᠪᠤᠭᠳᠤᠯᠠᠵᠤ ᠦᠭᠴᠠᠢ᠃ ᠦᠯᠦᠴᠢᠨ ᠠᠴᠠ ᠰᠢᠶᠠᠨᠲ᠋ᠦᠩ ︵仙童︶ ᠭᠡᠭᠦ‍ ᠨᠢᠭᠡ ᠭᠦᠪᠡᠭᠦᠨ ᠪᠠ ᠰᠢᠯᠢᠡᠳᠠᠷᠢ  ︵失怜答里︶᠂ ᠪᠠᠪᠤᠬᠠᠨ ︵八布罕︶ ᠭᠡᠭᠦ ᠬᠤᠶᠠᠷ ᠭᠡᠤᠭᠡᠨ ᠲᠠᠢ᠃ ᠰᠢᠯᠢᠡᠳᠠᠷᠢ ᠪᠤᠯ ᠴᠧᠩᠽᠦ᠋ᠩ  ᠳᠡᠮᠦᠷ ᠤᠨ ᠬᠠᠳᠤᠨ ᠮᠥᠨ᠃ ᠪᠠᠪᠤᠬᠠᠨ ᠪᠤᠯ ᠲᠠᠢ ᠳ᠋ᠢᠩ ᠶᠢᠰᠦᠡᠳᠡᠮᠦᠷ ᠤᠨ ᠬᠠᠳᠤᠨ ᠮᠥᠨ᠃ ᠰᠢᠶᠠᠡᠲ᠋ᠦᠩ ᠤᠨ  ᠦᠭᠢᠨ ᠨᠠᠮᠪᠢ ︵喃必︶ ᠪᠤᠯ ᠬᠤᠪᠢᠯᠠᠢ ᠰᠡᠴᠡᠨ ᠬᠠᠭᠠᠨ ᠤ ᠲᠠᠶᠢᠭᠡᠤ ᠮᠥᠨ᠃ ᠨᠠᠴᠢᠨ ᠨᠤᠶᠠᠨ ᠤ ᠬᠤᠶᠠᠳᠤᠭᠠᠷ ᠭᠦᠪᠡᠭᠦᠨ ᠲᠡᠮᠦᠷ ᠲᠠᠢ ᠦᠯᠦᠴᠢᠨ ᠢ ᠬᠠᠯᠢᠭᠰᠠᠨ ᠤ ᠳᠠᠷᠠᠭ᠎ᠠ ᠨᠠᠩᠵᠢᠶᠠᠵᠧᠨ ᠭᠦᠩᠵᠤ ᠶᠢ ᠵᠠᠯᠭᠠᠵᠤ ᠰᠠᠭᠤᠯᠭᠠᠵᠠᠢ᠃ ᠲᠡᠮᠦᠷ ᠠᠴᠠ ᠳ᠋ᠢᠶᠤᠤᠪᠤᠯᠠ ︵雕阿不剌︶᠂ ᠰᠠᠩᠪᠤᠯᠠ ︵桑哥不剌︶ ᠭᠡᠭᠦ ᠬᠤᠶᠠᠷ ᠭᠦᠪᠡᠭᠦᠨ ᠲᠠᠢ᠃ ᠳ᠋ᠢᠶᠤᠤᠪᠤᠯᠠ ᠳᠤ ᠱᠦᠨᠽᠦ᠋ᠩ ᠤᠨ ᠳ᠋ᠠᠵᠢ ᠠᠴᠠ ᠲᠦᠷᠦᠭᠰᠡᠨ ᠦᠭᠢᠨ ᠱᠠᠩᠭᠡᠯᠵᠢ ︵祥哥剌吉︶ ᠶᠢ ᠪᠤᠭᠳᠤᠯᠠᠵᠤ ᠦᠭᠴᠠᠢ᠃ ᠰᠠᠩᠪᠤᠯᠠ ᠳᠤ ᠵᠢᠶᠦ᠋ᠨ ᠠᠨ ᠸᠠᠩ ︵郡安王︶ ᠤᠨ ᠦᠭᠢᠨ ᠫᠦᠨᠠ ︵普纳︶ ᠭᠦᠩᠵᠤ ᠶᠢ ᠪᠤᠭᠳᠤᠯᠠᠵᠤ ᠦᠭᠴᠠᠢ᠃ ᠳ᠋ᠢᠶᠤᠤᠪᠤᠯᠠ ᠶᠢᠨ ᠭᠦᠪᠡᠭᠦᠨ ᠠᠯᠢᠵᠢᠶᠠᠰᠢᠯᠢ ︵ᠠᠯᠢᠵᠢᠶᠠᠰᠢᠷᠢ 阿里嘉室利︶ ᠳᠤ ᠭᠢᠴᠢᠶᠡᠩᠭᠦᠢ ᠨᠠᠶᠢᠷᠠᠮᠳᠠᠭᠤ ᠮᠡᠷᠭᠡᠨ ᠲᠤᠭᠳᠠᠭᠤᠨ ᠭᠦᠩᠵᠤ ᠲᠤᠷᠵᠢᠪᠠᠨ ︵朵儿只班︶ ᠢ ᠪᠤᠭᠳᠤᠯᠠᠵᠤ ᠦᠭᠴᠠᠢ᠃ ᠳ᠋ᠢᠤᠤᠪᠤᠯᠠ ᠶᠢᠨ ᠦᠭᠢᠨ ᠪᠤᠳᠠᠰᠢᠷᠢ ︵卜答失里︶ ᠪᠤᠯ ᠸᠧᠨᠽᠦ᠋ᠩ ᠬᠠᠭᠠᠨ ᠤ ᠬᠠᠳᠤᠨ ᠮᠥᠨ᠃ ᠠᠯᠢᠵᠢᠶᠠᠰᠢᠯᠢ ᠶᠢᠨ ᠶᠡᠭᠡ ᠭᠦᠪᠡᠭᠦᠨ ᠬᠤᠸᠠᠶᠢᠳᠦ᠋ ︵怀都︶ ᠳᠤ ᠸᠧᠩᠵᠢᠯᠠᠭᠡᠤ ︵瓮吉拉忽︶ ᠭᠦᠩᠵᠤ ᠶᠢ ᠪᠤᠭᠳᠤᠯᠠᠵᠤ ᠦᠭᠴᠠᠢ᠃ ᠠᠯᠢᠵᠢᠶᠠᠰᠢᠯᠢ ᠶᠢᠨ ᠬᠤᠶᠠᠳᠤᠭᠠᠷ ᠭᠦᠪᠡᠭᠦᠨ ᠠᠶᠢᠪᠤᠭ ᠳᠤ ᠰᠠᠶᠢᠵᠧᠨ ︵采真︶ ᠭᠦᠩᠵᠤ ᠶᠢ ᠪᠤᠭᠳᠤᠯᠠᠵᠤ ᠦᠭᠴᠠᠢ᠃ ᠠᠶᠢᠪᠤᠭ ᠤᠨ ᠶᠡᠭᠡ ᠭᠦᠦ ᠴᠠᠩ ᠵᠢᠢ ︵昌吉︶ ᠳᠤ ᠮᠡᠩᠭᠡᠳᠦ ︵忙哥台︶ ᠭᠦᠩᠵᠤ ᠶᠢ ᠪᠤᠭᠳᠤᠯᠠᠵᠤ ᠦᠭᠴᠠᠢ᠃ ᠠᠶᠢᠪᠤᠭ ᠤᠨ ᠬᠤᠶᠠᠳᠤᠭᠠᠷ ᠭᠦᠪᠡᠭᠦᠨ ᠲᠤᠭᠳᠡᠮᠦᠷ ︵脱脱木儿︶ ᠲᠤ ᠠᠶᠢᠭᠡᠪᠤᠯᠠ ︵爱哥不剌︶ ᠭᠦᠩᠵᠤ ᠶᠢ ᠪᠤᠭᠳᠤᠯᠠᠵᠤ ᠦᠭᠴᠠᠢ᠃  ᠵᠢᠷᠸᠠᠲᠠᠢ ᠠᠴᠠ ᠭᠡᠤᠭᠡᠳ ᠦᠭᠡᠢ᠃ ᠮᠠᠨᠽᠠᠲᠠᠢ ᠲᠠᠢ ᠠᠯᠳᠠᠷᠳᠤ ᠲᠦᠮᠠᠳᠤ ᠶᠢᠨ ᠨᠤᠶᠠᠨ ᠲᠤᠷᠵᠢ ᠶᠢ ᠬᠠᠯᠢᠭᠰᠠᠨ ᠤ ᠳᠠᠷᠠᠭ᠎ᠠ ᠨᠠᠩᠵᠢᠶᠠᠵᠧᠨ ᠭᠦᠩᠵᠤ ᠶᠢ ᠵᠠᠯᠭᠠᠵᠤ ᠰᠠᠭᠤᠯᠭᠠᠵᠠᠢ᠃ ᠮᠠᠨᠽᠠᠲᠠᠢ ᠳᠤ ᠪᠠᠰᠠ ᠢᠦᠶᠢᠽᠦ᠋ᠩ ᠤᠨ ᠭᠡᠤᠭᠡᠨ ᠨᠠᠨᠪᠤᠯᠠ ︵喃阿不剌︶ ᠶᠢ ᠪᠤᠭᠳᠤᠯᠠᠵᠤ ᠦᠭᠴᠠᠢ᠃ ᠴᠧ ᠶᠢᠨ ᠶᠡᠭᠡ ᠭᠦᠪᠡᠭᠦᠨ ᠨᠢ ᠲᠦᠯᠦᠭᠡ ︵脱罗禾︶ ᠭᠡᠳᠡᠭ᠃ ᠬᠠᠳᠤᠨ ᠨᠢ ᠪᠤᠷᠤᠬᠠᠨ ︵不鲁罕︶ ᠭᠡᠭᠦ ᠨᠡᠷ᠎ᠡ ᠲᠠᠢ᠃ ᠪᠤᠷᠤᠬᠠᠨ ᠨᠠᠰᠤ ᠪᠠᠷᠠᠭᠰᠠᠨ ᠳᠤ ᠷᠧᠨᠽᠦ᠋ᠩ ᠤᠨ ᠦᠭᠢᠨ ᠦᠭᠡᠯᠦᠨ ︵阔阔伦︶ ᠢ ᠪᠤᠭᠳᠤᠯᠠᠵᠤ ᠦᠭᠴᠠᠢ᠃ ᠴᠧ ᠶᠢᠨ ᠬᠤᠶᠠᠳᠤᠭᠠᠷ ᠭᠦᠪᠡᠭᠦᠨ ᠨᠢ ᠮᠠᠩᠭᠡᠴᠢᠨ ︵忙哥陈︶ ᠭᠡᠭᠦ ᠨᠡᠷ᠎ᠡ ᠲᠠᠢ᠃ ᠲᠡᠭᠦᠨ ᠠᠴᠠ ᠬᠠᠷᠵᠢ ︵哈儿只︶ ᠭᠡᠭᠦ ᠭᠦᠦ ᠲᠠᠢ᠃ ᠬᠠᠷᠵᠢ ᠠᠴᠠ ᠪᠤᠯᠠᠨᠱᠢ ︵孛兰系︶ ᠭᠡᠭᠦ‍ ᠨᠢᠭᠡ ᠭᠦᠦ ᠲᠠᠢ᠃ ᠮᠠᠩᠭᠡᠴᠢᠨ ᠤ ᠶᠡᠭᠡ ᠦᠭᠢᠨ ᠭᠦᠦᠳᠡᠭᠦᠳᠦ ︵忽都台︶ ᠪᠤᠯ ᠰᠢᠶᠠᠨᠽᠦ᠋ᠩ ᠮᠦᠩᠭᠡ ᠬᠠᠭᠠᠨ ᠤ ᠬᠠᠳᠤᠨ ᠮᠥᠨ᠃ ᠬᠤᠶᠠᠳᠤᠭᠠᠷ ᠦᠭᠢᠨ ᠶᠧᠰᠦᠷ ︵也速儿︶ ᠪᠤᠯ ᠰᠢᠶᠠᠨᠽᠦ᠋ᠩ ᠮᠦᠩᠭᠡ ᠶᠢᠨ ᠰᠤᠯᠠ ᠬᠠᠳᠤᠨ ᠮᠥᠨ᠃ ᠬᠠᠷᠵᠢ ᠶᠢᠨ ᠦᠭᠢᠨ ᠰᠦᠭᠡᠰᠢᠷᠢ ︵速哥失里︶ ᠪᠤᠯ ᠦᠽᠦ᠋ᠩ ᠬᠠᠭᠠᠨ ᠬᠠᠶᠢᠰᠠᠩ ᠤᠨ ᠰᠤᠯᠠ ᠬᠠᠳᠤᠨ ᠮᠥᠨ᠃ ᠴᠧ ᠶᠢᠨ ᠭᠤᠷᠪᠠᠳᠤᠭᠠᠷ ᠭᠦᠪᠡᠭᠦᠨ ᠭᠦᠭᠡ ︵火忽︶ ᠠᠴᠠ ᠨᠢᠭᠡ ᠭᠦᠦ ᠲᠠᠢ᠂ ᠨᠡᠷ᠎ᠡ ᠨᠢ  ᠳᠤᠳᠤ ᠦᠭᠡᠢ᠃ ᠭᠦᠭᠡ ᠶᠢᠨ ᠤᠮᠪᠤᠯᠤ ᠭᠦᠦ ᠨᠢ ᠪᠦᠵᠦᠷ ︵不只儿︶ ᠳᠤ ᠦᠭᠡᠵᠢᠨ ︵斡可真︶  ᠭᠦᠩᠵᠤ ᠶᠢ ᠪᠤᠭᠳᠤᠯᠠᠵᠤ ᠦᠭᠴᠠᠢ᠃ ᠲᠤᠭᠳᠤ ︵托克托︶  ᠶᠢᠨ ᠦᠶ᠎ᠡ ᠵᠠᠯᠭᠠᠮᠵᠢ ᠳᠤᠳᠤ ᠦᠭᠡᠢ᠃ ᠳᠤᠳᠤ ᠶᠢᠨ ᠭᠡᠤᠭᠡᠨ  ᠭᠡᠷᠡᠯ᠎ᠡ ︵格鲁勒︶ ᠪᠤᠯ ᠤᠬᠠᠭᠠᠨᠳᠤ ᠬᠠᠭᠠᠨ ᠲᠤᠭᠤᠨᠳᠡᠮᠦᠷ ᠤᠨ ᠰᠤᠯᠠ ᠬᠠᠳᠤᠨ ᠪᠠᠶᠢᠭᠰᠠᠨ  ᠶᠤᠮ᠃ ᠲᠤᠭᠤᠨᠳᠡᠮᠦᠷ ᠬᠠᠭᠠᠨ ᠪᠡᠭᠡᠵᠢᠩ ᠠᠴᠠ ᠳᠤᠳᠠᠭᠠᠵᠤ ᠭᠠᠷᠴᠤ ᠢᠷᠡᠭᠦ ᠦᠶ᠎ᠡ ᠳᠤ ᠭᠡᠷᠡᠯ᠎ᠡ ᠪᠡᠶ᠎ᠡ  ᠭᠦᠨᠳᠦ ᠪᠠᠶᠢᠭᠰᠠᠨ ᠠᠴᠠ ᠲᠠᠶᠢᠳᠦ ᠳᠤ ᠦᠯᠡᠳᠡᠵᠤ ᠮᠢᠩ ᠤᠯᠤᠰ ᠤᠨ ᠴᠡᠷᠢᠭ ᠲᠤ ᠤᠯᠠᠵᠢᠯᠠᠭᠳᠠᠨ ᠵᠤ᠋  ᠶᠤᠸᠠᠨ ᠵᠠᠩ ᠤᠨ ᠵᠡᠭᠦᠨ ᠬᠠᠳᠤᠨ ᠪᠤᠯᠵᠠᠢ᠃ ※ ᠲᠤᠳᠤᠷᠬᠠᠶᠢᠯᠠᠯ᠄ ᠡᠷᠳᠡᠨ ᠤ ᠮᠤᠩᠭᠤᠯᠴᠤᠳ ᠯᠠᠮᠠ ᠭᠦᠮᠦᠨ ᠪᠤᠯᠤᠨ ᠭᠡᠤᠭᠡᠨ ᠭᠦᠮᠦᠨ ᠳᠤ  ᠦᠶ᠎ᠡ ᠦᠭᠡᠢ ᠭᠡᠵᠤ ᠦᠵᠡᠳᠡᠭ᠃ ᠡᠶᠢᠮᠦ ᠪᠤᠯᠬᠤᠷ ᠳᠤᠰ ᠵᠤᠭᠢᠶᠠᠯ ᠳᠤᠳᠤᠷ᠎ᠠ ᠭᠦᠮᠦᠰ ᠤᠨ ᠦᠶ᠎ᠡ ᠵᠦᠷᠢᠭᠦ  ᠦᠵᠡᠭᠳᠡᠯ ᠤᠯᠠᠨ ᠪᠠᠶᠢᠳᠠᠭ᠃  ︵ᠨᠠᠮᠲᠠᠶᠢᠰᠦ᠋ᠷᠥᠩ ᠡᠮᠭᠢᠳᠭᠡᠨ ᠨᠠᠶᠢᠷᠠᠭᠤᠯᠪᠠ︶      
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号