ᠮᠠᠯ ᠤᠨ ᠨᠠᠷ᠎ᠠ ᠳᠠᠭᠤᠳᠠᠯᠭ᠎ᠠ ᠶᠢ ᠵᠦᠪ ᠬᠡᠷᠡᠭᠯᠡᠶ᠎ᠠ
ᠨᠡᠶᠢᠲᠡᠯᠡᠭᠰᠡᠨ ᠴᠠᠭ᠄
2018/11/27
      ᠮᠤᠩᠭᠤᠯᠴᠤᠳ᠂ ᠨᠡᠩ ᠤᠨᠴᠠᠭᠠᠢᠢᠯᠡᠨ ᠮᠠᠯᠴᠢᠨ ᠬᠦᠮᠦᠨ ᠤ ᠪᠤᠶᠠᠨᠳᠦ ᠰᠦᠷᠦᠭ — ᠠᠳᠤᠭᠤ᠂ ᠦᠬᠡᠷ᠂ ᠳᠡᠮᠡᠭᠡ᠂ ᠬᠤᠨᠢ ᠢᠮᠠᠭ᠎ᠠ ᠵᠡᠷᠬᠡ ᠳᠠᠪᠤᠨ ᠬᠤᠰᠢᠭᠤ ᠮᠠᠯ ᠨᠢ ᠪᠦᠷ ᠳᠤᠰ ᠳᠤᠰ ᠤᠨ ᠬᠢᠨᠢ ᠨᠡᠷᠡᠶᠢᠳᠤᠯ ᠲᠠᠢ ᠪᠦᠬᠡᠳ ᠳᠦᠷᠦᠯ ᠪᠦᠷᠢ ᠶᠢᠨ ᠮᠠᠯ ᠨᠢ ᠪᠠᠰᠠ ᠳᠤᠳᠤᠷ᠎ᠡ ᠪᠠᠨ ᠨᠠᠷᠢᠨ ᠳᠤᠳᠤᠷᠬᠠᠢ ᠨᠠᠷ᠎ᠠ ᠳᠠᠭᠤᠳᠠᠯᠭ᠎ᠠ ᠲᠠᠢ ᠪᠠᠶᠢᠳᠠᠭ ᠢ ᠮᠠᠯᠴᠢᠨ ᠬᠦᠮᠦᠨ ᠪᠤᠶᠤ ᠮᠠᠯᠵᠢᠬᠤ ᠠᠮᠢᠳᠤᠷᠡᠯ ᠠᠴᠠ ᠬᠤᠯᠠᠳᠤᠭ᠎ᠠ ᠦᠭᠡᠢ ᠬᠦᠮᠦᠨ ᠪᠦᠬᠦᠨ ᠪᠠᠷᠤᠭ ᠪᠦᠷ ᠮᠡᠳᠡᠳᠡᠭ ᠨᠡᠷᠡᠯᠡᠳᠡᠭ ᠪᠠᠶᠢᠵᠦ᠂ ᠦᠨᠢ ᠡᠷᠳᠡᠨ ᠠᠴᠠ ᠦᠶ᠎ᠡ ᠳᠠᠮᠵᠢᠨ ᠤᠯᠠᠮᠵᠢᠯᠠᠭᠰᠠᠭᠠᠷ ᠢᠷᠡᠭᠰᠡᠨ ᠪᠢᠯᠡ᠃       ᠬᠡᠪᠡᠴᠦ ᠪᠢ ᠠᠳᠡ ᠳᠠᠪᠤᠨ ᠬᠤᠰᠢᠭᠤ ᠮᠠᠯ ᠤᠨ ᠨᠠᠷ᠎ᠠ ᠳᠠᠭᠤᠳᠠᠯᠭ᠎ᠠ ᠶᠢ ᠳᠠᠷᠡ ᠪᠦᠬᠦᠨ ᠢᠶᠠᠷ ᠨᠢ ᠨᠠᠷᠢᠪᠴᠢᠯᠡᠨ ᠳᠤᠭᠠᠴᠢᠬᠤ ᠬᠡᠰᠡᠨ ᠪᠢᠰᠢ᠂ ᠡᠨᠡ ᠨᠢ ᠮᠢᠨᠦ ᠬᠡᠯᠡᠬᠦ ᠬᠡᠰᠡᠨ ᠭᠤᠤᠯ ᠰᠠᠨᠠᠭ᠎ᠠ ᠪᠢᠰᠢ᠂ ᠬᠠᠷᠢᠨ ᠦᠬᠡᠷ᠎ᠡ ᠨᠢᠬᠡ ᠵᠦᠢᠯ ᠢ ᠳᠤᠷᠠᠳᠬᠤ ᠬᠡᠰᠡᠨ ᠶᠤᠮ᠃ ᠳᠤᠬᠠᠢᠢᠯᠠᠪᠡᠯ ᠮᠠᠯ ᠰᠦᠷᠦᠭ ᠤᠨ ᠵᠠᠷᠢᠮ ᠨᠠᠷ᠎ᠠ ᠳᠠᠭᠤᠳᠠᠯᠭ᠎ᠠ ᠶᠢ ᠭᠠᠵᠢᠭᠤᠳᠠᠭᠤᠯᠵᠦ ᠬᠠᠯᠠᠭᠤᠤ ᠪᠤᠷᠤᠭᠤ ᠬᠡᠷᠡᠭᠯᠡᠨ᠂ ᠤᠢᠢᠯᠠᠭᠠᠮᠵᠢ ᠮᠠᠭᠤᠳᠡᠢ ᠪᠤᠯᠭᠠᠭᠰᠠᠨ ᠳᠤᠬᠠᠢ ᠦᠬᠦᠯᠡᠬᠦ ᠬᠡᠰᠡᠨ ᠶᠤᠮ᠃       ᠳᠠᠪᠤᠨ ᠬᠤᠰᠢᠭᠤ ᠮᠠᠯ ᠳᠤ ᠠᠳᠤᠭᠤ᠂ ᠳᠡᠮᠡᠭᠡ᠂ ᠦᠬᠡᠷ ᠢ ᠪᠤᠳᠠ ᠮᠠᠯ ᠬᠡᠵᠦ᠂ ᠬᠤᠨᠢ ᠢᠮᠠᠭ᠎ᠠ ᠶᠢ ᠪᠤᠯ ᠪᠤᠭ ᠮᠠᠯ ᠬᠡᠳᠡᠭ ᠢ ᠮᠠᠯᠵᠢᠬᠤ ᠠᠮᠢᠳᠤᠷᠡᠯ ᠮᠡᠳᠡᠳᠡᠭ ᠬᠦᠮᠦᠨ ᠪᠦᠬᠦᠨ ᠰᠠᠶᠢᠨ ᠮᠡᠳᠡᠨ᠎ᠡ᠃ ᠬᠠᠷᠢᠨ ︽ᠪᠠᠭ᠎ᠠ ᠮᠠᠯ ᠶᠡᠭᠡ ᠮᠠᠯ︾ ᠪᠤᠶᠤ ︽ᠪᠦᠳᠦᠬᠦᠨ ᠮᠠᠯ ᠵᠢᠵᠢᠭ ᠮᠠᠯ︾ ᠬᠡᠵᠦ ᠬᠡᠯᠡᠳᠡᠭ ᠬᠦᠮᠦᠰ ᠪᠤᠯ ᠮᠠᠯᠵᠢᠬᠤ ᠠᠮᠢᠳᠤᠷᠡᠯ᠂ ᠮᠠᠯ ᠰᠦᠷᠦᠭ ᠤᠨ ᠳᠠᠯ᠎ᠠ ᠪᠠᠷ ᠳᠡᠮᠡᠢ ᠤᠢᠢᠯᠠᠭᠠᠬᠤ ᠦᠭᠡᠢ ᠪᠤᠯᠬᠤᠷ ᠮᠠᠯ ᠠᠵᠦ ᠠᠬᠤᠢ᠂ ᠮᠠᠯ ᠰᠦᠷᠦᠭ ᠤᠨ ᠳᠤᠬᠠᠢ ᠬᠢᠳᠡᠳ ᠬᠡᠯᠡᠯᠬᠡ ᠠᠴᠠ ᠨᠢ ︽ᠤᠷᠴᠢᠭᠤᠯᠤᠭᠰᠠᠨ︾ ᠪᠤᠶᠤ ᠡᠰᠡᠬᠦᠯ᠎ᠡ ᠦᠪᠡᠷᠰᠡᠳ ᠢᠶᠠᠨ ᠳᠤᠷ᠎ᠡ ᠪᠠᠷ ᠢᠶᠠᠨ ᠳᠠᠭᠠᠷᠠᠭᠤᠯᠵᠦ ᠵᠤᠬᠢᠶᠡᠮᠡᠯ ᠨᠡᠷᠡᠶᠢᠳᠤᠯ ᠪᠤᠯᠭᠠᠭᠰᠠᠨ ᠠᠴᠠ ᠭᠠᠷᠬᠤ ᠦᠭᠡᠢ᠃ ᠪᠠᠰᠠ ᠨᠢᠭᠡ ᠵᠢᠱᠢᠶ᠎ᠠ ᠨᠢ ︽ᠠᠳᠤᠭᠤ︾  ᠶᠢ ︽ᠮᠤᠷᠢ︾ ᠭᠡᠵᠤ ᠪᠤᠷᠤᠭᠤ ᠲᠠᠭᠤᠳᠠᠬᠤ ᠦᠵᠡᠭᠳᠡᠯ ᠬᠠᠶᠠ ᠦᠭᠡᠢ ᠰᠤᠨᠤᠰᠳᠠᠵᠤ ᠪᠠᠶᠢᠨ᠎ᠠ᠃ ᠮᠤᠷᠢ ᠪᠤᠯ ᠲᠠᠪᠤᠨ ᠬᠤᠰᠢᠭᠤ ᠮᠠᠯ ᠤᠨ ᠨᠢᠭᠡ ᠪᠤᠯᠬᠤ ︽ᠠᠳᠤᠭᠤ︾ ᠶᠢᠨ ᠨᠢᠭᠡ ᠲᠥᠷᠤᠯ ᠲᠠᠳᠤᠢ᠃ ᠲᠠᠷᠤᠢ ᠠᠭᠳᠠᠯᠠᠭᠰᠠᠨ ᠡᠷ᠎ᠠ ᠠᠳᠤᠭᠤ ᠲᠠᠳᠤᠢ ᠠᠴᠠ ᠪᠢᠰᠢ ᠠᠵᠢᠷᠭ᠎ᠠ᠂ ᠭᠡᠬᠦᠤ᠂ ᠤᠨᠠᠭ᠎ᠠ ᠲᠠᠭ᠎ᠠ ᠦᠷᠢᠶ᠎ᠠ ᠪᠠᠶᠢᠳᠠᠰᠤ ᠭᠡᠳ ᠪᠥᠬᠦᠢ ᠠᠳᠤᠭᠤᠨ ᠤ ᠶᠠᠷᠥᠩᠭᠡᠢ ᠲᠠᠭᠤᠳᠠᠯᠭ᠎ᠠ ᠪᠢᠰᠢ ᠶᠤᠮ᠃ ᠮᠠᠯᠵᠢᠬᠤ ᠠᠮᠢᠳᠤᠷᠡᠯ᠂ ᠮᠠᠯ ᠰᠦᠷᠦᠭ ᠤᠨ ᠳᠤᠬᠠᠢ ︽ᠪᠤᠳᠠ ᠪᠤᠭ ᠮᠠᠯ︾ ᠬᠡᠬᠦ ᠮᠡᠳᠦ ᠶᠢᠨ ᠪᠠᠶᠠᠨ ᠰᠠᠶᠢᠬᠠᠨ ᠬᠡᠯᠡᠯᠬᠡ ᠨᠡᠷᠡᠶᠢᠳᠤᠯ ᠮᠠᠨᠢ ᠪᠠᠶᠢᠭᠰᠠᠭᠠᠷ ᠪᠠᠶᠢᠳᠠᠯ᠎ᠡ ᠪᠤᠶᠠᠨᠳᠦ ᠰᠦᠷᠦᠭ ᠤᠨ ᠡᠵᠡᠨ ᠨᠢ ᠪᠤᠯᠤᠭᠰᠠᠨ ᠮᠠᠯᠴᠢᠳ ᠠᠴᠠ ᠦᠬᠡᠷ᠎ᠡ ᠬᠡᠯᠡᠵᠦ ᠬᠡᠷᠡᠭᠯᠡᠬᠦ ᠨᠢ ᠴᠦᠬᠡᠨ᠃ ᠮᠤᠩᠭᠤᠯ ᠦᠬᠡ ᠬᠡᠯᠡᠨ ᠤ ᠶᠠᠳᠠᠭᠤᠷᠡᠯ ᠢᠪᠴᠤᠤᠷᠡᠯ ᠢ ᠳᠠᠭᠠᠯᠳᠤᠨ ︽ᠪᠤᠳᠠ ᠪᠤᠭ ᠮᠠᠯ︾ ᠮᠠᠨᠢ ᠴᠦ ᠠᠭᠠᠵᠢᠮ ᠢᠶᠠᠷ ᠮᠠᠷᠳᠠᠭᠳᠠᠵᠦ᠂ ᠬᠠᠷᠢᠨ ᠤᠷᠤᠨ ᠳᠤᠨᠢ ︽ᠪᠠᠭ᠎ᠠ ᠮᠠᠯ ᠶᠡᠭᠡ ᠮᠠᠯ︾ ᠪᠤᠶᠤ ︽ᠪᠦᠳᠦᠬᠦᠨ ᠮᠠᠯ ᠵᠢᠵᠢᠭ ᠮᠠᠯ︾ ᠬᠡᠬᠦ ᠮᠡᠳᠦ ᠶᠢᠨ ᠦᠭᠡᠬᠦ ᠴᠦ ᠪᠢᠰᠢ ᠪᠤᠯᠴᠢᠷᠬᠠᠢ ᠴᠦ ᠪᠢᠰᠢ ᠰᠤᠨᠢᠨ ᠬᠠᠴᠢᠨ ᠬᠡᠯᠡᠯᠬᠡ ᠨᠢ ᠶᠠᠪᠤᠬᠤ ᠳᠤᠳᠤᠮ ᠭᠠᠵᠡᠷ ᠠᠪᠴᠦ ᠨᠢᠬᠡ ᠮᠡᠳᠡᠬᠦ ᠳᠤ ᠬᠡᠤᠬᠡᠳ ᠤᠨ ᠰᠤᠷᠬᠤ ᠪᠢᠴᠢᠭ ᠲᠤ ᠴᠦ ᠤᠷᠤᠵᠦ ᠮᠡᠳᠡᠬᠦ ᠪᠠᠶᠢᠬ᠎ᠠ ᠬᠡᠵᠦ ᠰᠡᠳᠬᠢᠯ ᠡᠮᠵᠡᠭᠯᠡᠮᠡᠷ ᠪᠠᠶᠢᠨ᠎ᠠ᠃
 
ᠢᠷᠡᠯᠲᠡ᠄ ᠬᠦᠯᠤᠨ ᠪᠤᠶᠢᠷ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号