| | ᠮᠤᠩᠭᠤᠯ ᠤᠨ ᠲᠡᠤᠬᠡᠨ ᠳᠠᠬᠢ ᠭᠠᠪᠢᠶᠠᠳᠤ ᠭᠤᠷᠪᠠᠨ ᠬᠦᠩᠵᠤ | | | | —— ᠲᠦᠪ ᠤᠨ ᠦᠨᠳᠤᠰᠤᠳᠠᠨ ᠤ ᠶᠡᠭᠡ ᠰᠤᠷᠭᠠᠭᠤᠯᠢ ᠶᠢᠨ ᠫᠷᠤᠹᠧᠰᠰᠤᠷ | ᠴ᠊ · ᠬᠡᠰᠢᠭᠳᠦᠭ᠌ᠳᠠᠬᠤ ᠶᠢ ᠰᠤᠷᠪᠤᠯᠵᠢᠯᠠᠭᠰᠠᠨ ᠨᠢ | | | | ᠰᠤᠷᠪᠤᠯᠵᠢᠯᠠᠭᠴᠢ ᠰᠢᠵᠢᠷᠴᠡᠴᠡᠭ | | | | | ︽ᠬᠤᠩᠬᠢᠷᠠᠳ ᠲᠤ ᠦᠬᠢᠨ ᠲᠦᠷᠦᠪᠡᠰᠤ ᠦᠶ᠎ᠡ ᠤᠯᠠᠷᠢᠨ ᠬᠠᠳᠤᠨ ᠪᠤᠯᠭᠠᠵᠤ᠂ ᠬᠦᠪᠡᠬᠦᠨ ᠲᠦᠷᠦᠪᠡᠰᠤ | ᠦᠶ᠎ᠡ ᠤᠯᠠᠷᠢᠨ ᠬᠦᠩᠵᠤ ᠳᠤ ᠬᠤᠯᠪᠤᠵᠤ᠂ ᠵᠢᠯ ᠪᠦᠷᠢ ᠶᠢᠨ ᠲᠦᠷᠪᠡᠨ ᠴᠠᠭ ᠤᠨ ᠲᠡᠷᠢᠬᠦᠨ ᠰᠠᠷ᠎ᠠ ᠳᠤ | ᠬᠦᠷᠳᠡᠬᠡᠭᠰᠡᠨ ᠵᠠᠷᠯᠢᠭ ᠪᠢᠴᠢᠭ ᠢ ᠰᠤᠨᠤᠰᠬᠠᠨ ᠤᠩᠰᠢᠵᠤ ᠦᠶ᠎ᠡ ᠦᠶ᠎ᠡ ᠳᠤ ᠲᠠᠰᠤᠷᠠᠬᠤ ᠦᠭᠡᠢ ᠪᠤᠯᠭ᠎ᠠ︾ ᠬᠡᠵᠤ | ᠦᠬᠡᠳᠠᠢ ᠬᠠᠭᠠᠨ ᠲᠦᠪ ᠶᠤᠰᠤ ᠪᠠᠷ ᠵᠠᠷᠯᠢᠭ ᠪᠠᠭᠤᠯᠭᠠᠭᠰᠠᠨ ᠢᠶᠠᠷ ᠬᠤᠩᠬᠢᠷᠠᠳ ᠤᠨ ᠸᠠᠩ ᠨᠤᠶᠠᠳ ᠤᠨ ᠤᠯᠠᠨ | ᠦᠬᠢᠳ ᠬᠠᠭᠠᠨ ᠤ ᠬᠠᠳᠤᠨ ᠢᠶᠠᠷ ᠡᠷᠬᠦᠮᠵᠢᠯᠡᠭᠳᠠᠨ ᠬᠤᠩᠬᠢᠷᠠᠳ ᠤᠨ ᠨᠤᠳᠤᠭ ᠠᠴᠠ ᠲᠠᠶᠢᠳᠤ ᠱᠠᠩᠳᠤ ᠳᠤ | ᠲᠡᠪᠰᠢᠨ ᠠᠮᠢᠳᠤᠷᠠᠵᠤ ᠪᠠᠶᠢᠭᠰᠠᠨ ᠪᠠ ᠮᠤᠩᠭᠤᠯ ᠬᠠᠭᠠᠳ ᠤᠨ ᠤᠯᠠᠨ ᠬᠦᠩᠵᠤ ᠨᠠᠷ ᠬᠤᠩᠬᠢᠷᠠᠳ ᠤᠨ ᠸᠠᠩ | ᠨᠤᠶᠠᠳ ᠲᠤ ᠬᠠᠳᠤᠨ ᠪᠤᠯᠵᠤ ᠲᠠᠶᠢᠳᠤ ᠱᠠᠩᠳᠤ ᠠᠴᠠ ᠬᠤᠩᠬᠢᠷᠠᠳ ᠤᠨ ᠨᠤᠳᠤᠭ ᠲᠤ ᠮᠤᠷᠳᠠᠨ ᠤᠴᠢᠳᠠᠭ ᠪᠠᠶᠢᠵᠠᠢ | ᠃ ᠡᠳᠡᠬᠡᠷ ᠤᠯᠠᠨ ᠬᠦᠩᠵᠤ ᠨᠠᠷ ᠤᠨ ᠲᠤᠳᠤᠷ᠎ᠠ ᠠᠴᠠ ᠭᠤᠷᠪᠠᠨ ᠬᠦᠩᠵᠤ ᠶᠢᠨ ᠭᠠᠪᠢᠶ᠎ᠠ ᠵᠢᠳᠬᠦᠯ ᠨᠢ | ᠲᠤᠷᠠᠳᠤᠭᠤᠰᠢᠳᠠᠢ ᠬᠡᠳᠡᠭ ᠢ ᠲᠤᠰ ᠤᠳᠠᠭᠠᠨ ᠤ ᠢᠩᠴᠠᠩ ᠤᠨ ᠬᠤᠷᠠᠯᠳᠤᠭᠠᠨ ᠳᠤ ᠤᠷᠤᠯᠴᠠᠭᠰᠠᠨ ᠲᠦᠪ ᠤᠨ | ᠦᠨᠳᠤᠰᠤᠳᠠᠨ ᠤ ᠶᠡᠭᠡ ᠰᠤᠷᠭᠠᠭᠤᠯᠢ ᠶᠢᠨ ᠫᠷᠤᠹᠧᠰᠰᠤᠷ ᠴ᠊ · ᠬᠡᠰᠢᠭᠳᠦᠭ᠌ᠳᠠᠬᠤ ᠠᠴᠠ ᠰᠤᠷᠪᠤᠯᠵᠢᠯᠠᠭ᠎ᠠ ᠠᠪᠬᠤ | ᠳᠠᠭᠠᠨ ᠤᠯᠵᠠᠷᠬᠠᠭᠰᠠᠨ ᠶᠤᠮ ᠡ᠃ | ᠲᠦᠪ ᠤᠨ ᠦᠨᠳᠤᠰᠤᠳᠠᠨ ᠤ ᠶᠡᠭᠡ ᠰᠤᠷᠭᠠᠭᠤᠯᠢ ᠶᠢᠨ ᠫᠷᠤᠹᠧᠰᠰᠤᠷ᠂ ᠳ᠋ᠤᠺᠲ᠋ᠤᠷᠠᠨᠲ ᠤᠨ ᠵᠢᠯᠤᠭᠤᠳᠤᠭᠴᠢ | ᠪᠠᠭᠰᠢ ᠪᠤᠯᠬᠤ ᠴ᠊ · ᠬᠡᠰᠢᠭᠳᠦᠭ᠌ᠳᠠᠬᠤ ᠪᠤᠯ ᠲᠤᠮᠳᠠᠳᠤ ᠤᠯᠤᠰ ᠴᠢᠨᠠᠭᠰᠢᠯᠠᠪᠠᠯ᠂ ᠲᠡᠯᠡᠬᠡᠢ ᠶᠢᠨ ᠮᠤᠩᠭᠤᠯ | ᠰᠤᠳᠤᠯᠤᠯ ᠤᠨ ᠲᠠᠪᠴᠠᠩ ᠳᠤ ᠤᠷᠤᠢ ᠶᠢᠨ ᠴᠢᠮᠡᠭ ᠨᠢ ᠪᠤᠯᠵᠤ ᠶᠠᠪᠤᠭ᠎ᠠ ᠰᠤᠤᠳᠤ ᠡᠷᠳᠡᠮᠳᠠᠨ ᠤ ᠨᠢᠬᠡ ᠪᠤᠯᠬᠤ ᠶᠤᠮ | ᠃ 2006 ᠤᠨ ᠳᠤ ᠴ᠊ · ᠬᠡᠰᠢᠭᠳᠦᠭ᠌ᠳᠠᠬᠤ ᠫᠷᠤᠹᠧᠰᠰᠤᠷ ᠤᠯᠠᠨ ᠤᠯᠤᠰ ᠤᠨ ᠮᠤᠩᠭᠤᠯ ᠰᠤᠳᠤᠯᠤᠯ ᠤᠨ | ᠬᠠᠮᠤᠭ ᠤᠨ ᠦᠨᠳᠤᠷ ᠢᠷᠡᠭᠤ ᠠᠯᠳᠠᠷ — ᠮᠤᠩᠭᠤᠯ ᠤᠯᠤᠰ ᠤᠨ ᠶᠡᠷᠦᠩᠬᠡᠶᠢᠯᠡᠭᠴᠢ ᠶᠢᠨ ᠭᠠᠷᠳᠠᠭᠤᠯᠤᠭᠰᠠᠨ ︽ | ᠠᠯᠳᠠᠨ ᠭᠠᠳᠠᠰᠤ︾ ᠤᠳᠤᠨ ᠤ ᠱᠠᠩᠨᠠᠯ ᠢ ᠬᠦᠷᠳᠡᠵᠤ᠂ 2013 ᠤᠨ ᠳᠤ ᠮᠤᠩᠭᠤᠯ ᠤᠯᠤᠰ ᠤᠨ ᠵᠠᠰᠠᠭ ᠤᠨ | ᠭᠠᠵᠠᠷ ᠤᠨ ︽ᠴ᠊ · ᠲᠠᠮᠳᠢᠨᠰᠦᠷᠦ᠋ᠩ︾ ᠱᠠᠩᠨᠠᠯ ᠢ ᠬᠦᠷᠳᠡᠭᠰᠡᠨ ᠶᠤᠮ᠃ ᠬᠡᠰᠢᠭᠳᠡᠨ ᠴᠡᠷᠢᠭ᠂ ᠴᠢᠩᠬᠢᠰ ᠤᠨ | ᠬᠠᠳᠠᠮ ᠬᠤᠩᠬᠢᠷᠠᠳ ᠠᠶᠢᠮᠠᠭ ᠤᠨ ᠬᠤᠶᠢᠴᠢᠰ ᠤᠨ ᠨᠤᠳᠤᠭ ᠪᠤᠯᠬᠤ ᠬᠡᠰᠢᠭᠳᠡᠨ ᠨᠤᠳᠤᠭ ᠲᠤ ᠲᠦᠷᠦᠵᠤ | ᠦᠰᠦᠭᠰᠡᠨ ᠬᠡᠰᠢᠭᠳᠦᠭ᠌ᠳᠠᠬᠤ ᠭᠤᠸᠠᠢ ᠴᠢᠩᠭᠢᠰ ᠤᠨ ᠠᠯᠳᠠᠨ ᠤᠷᠤᠭᠳᠠᠨ ᠤ ᠲᠡᠤᠬᠡ ᠲᠠᠢ ᠨᠢᠭᠳᠠ ᠬᠤᠯᠪᠤᠭ᠎ᠠ ᠲᠠᠢ | ᠬᠡᠰᠢᠭᠳᠡᠨ ᠤ ᠲᠡᠤᠬᠡ ᠰᠤᠶᠤᠯ ᠳᠤ ᠬᠦᠨᠵᠬᠡᠢ ᠰᠤᠳᠤᠯᠤᠯᠳᠠ ᠬᠢᠵᠤ᠂ ᠬᠡᠰᠢᠭᠳᠡᠨ ᠤ ᠲᠡᠤᠬᠡ ᠰᠤᠶᠤᠯ ᠢᠶᠠᠨ | ᠬᠠᠮᠠᠭᠠᠯᠠᠵᠤ᠂ ᠬᠡᠰᠢᠭᠳᠡᠨ ᠤ ᠲᠡᠤᠬᠡ ᠰᠤᠶᠤᠯ ᠢᠶᠠᠨ ᠡᠷᠬᠦᠨ ᠲᠡᠭᠡᠳᠦᠯᠡᠵᠤ ᠶᠠᠪᠤᠭ᠎ᠠ ᠨᠢᠬᠡᠳᠤᠬᠡᠷ ᠬᠦᠮᠦᠨ ᠪᠤᠯᠬᠤ ᠶᠢᠨ | ᠬᠤᠪᠢ ᠪᠠᠷ ᠬᠡᠰᠢᠭᠳᠡᠨ ᠤ ᠬᠦᠮᠦᠨ ᠠᠷᠠᠳ ᠤᠨ ᠰᠡᠳᠬᠢᠯ ᠳᠤ ᠬᠦᠨᠳᠤᠳᠬᠡᠯ ᠲᠠᠢ ᠮᠦᠷᠳᠡᠬᠡᠨ ᠪᠢᠰᠢᠷᠡᠯᠳᠠᠢ᠃ | ᠬᠡᠰᠢᠭᠳᠦᠭ᠌ᠳᠠᠬᠤ ᠫᠷᠤᠹᠧᠰᠰᠤᠷ ᠲᠤᠰ ᠤᠳᠠᠭᠠᠨ ᠤ ᠬᠤᠷᠠᠯᠳᠠᠢ ᠳᠤ ︽ᠰᠡᠩᠬᠡᠷᠡᠰᠢ ᠬᠦᠩᠵᠤ︾ ᠶᠢᠨ ᠲᠤᠬᠠᠢ | ᠦᠬᠦᠯᠡᠯ ᠢᠶᠠᠨ ᠲᠡᠪᠰᠢᠬᠦᠯᠵᠤ᠂ ᠬᠤᠩᠬᠢᠷᠠᠳ ᠤᠨ ᠸᠠᠩ ᠳᠤ ᠮᠤᠷᠳᠠᠭᠰᠠᠨ ᠬᠠᠭᠠᠨ ᠤ ᠤᠳᠤᠮ ᠤᠨ ᠨᠡᠯᠢᠶᠡᠳ | ᠤᠯᠠᠨ ᠬᠦᠩᠵᠤ ᠨᠠᠷ ᠤᠨ ᠲᠤᠳᠤᠷ᠎ᠠ ᠠᠴᠠ ᠭᠤᠷᠪᠠᠨ ᠬᠦᠩᠵᠤ ᠲᠡᠤᠬᠡᠨ ᠲᠡᠭᠡᠷ᠎ᠡ ᠶᠡᠭᠡ ᠭᠠᠪᠢᠶ᠎ᠠ ᠵᠢᠳᠬᠦᠯ ᠲᠠᠢ᠂ | ᠲᠤᠰ ᠭᠤᠷᠪᠠᠨ ᠬᠦᠩᠵᠤ ᠶᠢᠨ ᠬᠦᠷᠦᠭ ᠲᠦᠷᠢ ᠶᠢ ᠱᠤᠭᠤᠵᠤ ᠪᠦᠳᠦᠬᠡᠬᠦ ᠴᠢᠬᠤᠯᠠᠳᠠᠢ ᠬᠡᠵᠤ ᠰᠤᠷᠪᠤᠯᠵᠢᠯᠠᠭ᠎ᠠ | ᠬᠦᠯᠢᠶᠡᠬᠦ ᠳᠡᠭᠡᠨ ᠶᠠᠷᠢᠭᠰᠠᠨ ᠪᠠᠶᠢᠨ᠎ᠠ᠃ | ᠬᠡᠰᠢᠭᠳᠦᠭ᠌ᠳᠠᠬᠤ ᠫᠷᠤᠹᠧᠰᠰᠤᠷ ᠤᠨ ᠦᠬᠦᠯᠡᠯ ᠳᠤ ᠰᠡᠩᠬᠡᠷᠡᠰᠢ ᠬᠦᠩᠵᠤ ᠶᠢᠨ ᠨᠡᠷ᠎ᠡ᠂ ᠪᠡᠶ᠎ᠡ ᠭᠠᠷᠤᠯ᠂ ᠨᠢᠬᠡ | ᠨᠠᠰᠤᠨ ᠦᠢᠯᠡ ᠠᠵᠢᠯᠯᠠᠭ᠎ᠠ ᠶᠢᠨ ᠲᠤᠬᠠᠢ ᠨᠠᠷᠢᠯᠢᠭ ᠬᠦᠨᠵᠡᠬᠡᠢ ᠰᠤᠳᠤᠯᠤᠨ ᠦᠬᠦᠯᠡᠭᠰᠡᠨ ᠪᠠᠶᠢᠨ᠎ᠠ᠃ ᠠᠳᠡ | ᠮᠦᠴᠢᠳ ᠲᠤᠷᠠᠳᠪᠠᠯ᠄ ᠰᠡᠩᠬᠡᠷᠡᠰᠢ ᠬᠦᠩᠵᠤ ᠪᠤᠯ ᠬᠤᠪᠢᠯᠠᠢ ᠬᠠᠭᠠᠨ ᠤ ᠵᠢᠴᠢ ᠦᠬᠢᠨ᠃ 1307 ᠤᠨ ᠳᠤ | ᠲᠦᠮᠡᠳᠤ ᠶᠢᠨ ᠨᠤᠶᠠᠨ ᠳ᠋ᠢᠶᠠᠪᠠᠯᠠ ᠳᠤ ᠮᠤᠷᠳᠠᠨ ᠤᠴᠢᠵᠤ᠂ ᠭᠤᠷᠪᠠᠨ ᠵᠢᠯ ᠤᠨ ᠲᠠᠷᠠᠭ᠎ᠠ ᠳ᠋ᠢᠶᠠᠪᠠᠯᠠ ᠨᠠᠰᠤ | ᠪᠠᠷᠠᠭᠰᠠᠨ ᠢᠶᠠᠷ ᠰᠡᠩᠬᠡᠷᠠᠰᠢ 28 ᠨᠠᠰᠤᠳᠠᠢ ᠪᠡᠯᠪᠡᠰᠤᠨ ᠦᠯᠡᠳᠡᠵᠤ᠂ ᠲᠠᠬᠢᠵᠤ ᠪᠤᠰᠤᠳ ᠬᠦᠮᠦᠨ ᠳᠤ ᠮᠤᠷᠳᠠᠭᠰᠠᠨ | ᠦᠭᠡᠢ᠃ ᠰᠡᠩᠬᠡᠷᠡᠰᠢ ᠶᠢ ᠬᠢᠳᠠᠳ ᠲᠡᠤᠬᠡᠨ ᠰᠤᠷᠪᠤᠯᠵᠢ ᠪᠢᠴᠢᠭ ᠤᠳ ᠲᠤ ᠤᠯᠠᠨ ᠶᠠᠩᠵᠤ ᠪᠠᠷ ᠪᠢᠴᠢᠵᠤ ᠪᠠᠶᠢᠳᠠᠭ᠃ | ᠡᠳᠡᠬᠡᠷ ᠪᠢᠴᠢᠯᠬᠡ ᠨᠦᠭᠦᠳ ᠠᠴᠠ ᠰᠡᠩᠬᠡᠷᠡᠰᠢ ᠬᠡᠵᠤ ᠪᠢᠴᠢᠬᠦ ᠨᠢ ᠵᠦᠪ ᠪᠤᠯᠬᠤ ᠶᠢ ᠬᠡᠰᠢᠭᠳᠦᠭ᠌ᠳᠠᠬᠤ ᠫᠷᠤᠹᠧᠰᠰᠤᠷ | ᠲᠤᠰ ᠦᠬᠦᠯᠡᠯ ᠳᠡᠭᠡᠨ ᠨᠤᠳᠠᠯᠠᠵᠠᠢ᠃ ᠰᠡᠩᠬᠡᠷᠡᠰᠢ ᠲᠦᠷᠪᠡ ᠲᠠᠪᠤᠨ ᠪᠤᠷᠬᠠᠨ ᠤ ᠰᠦᠮ᠎ᠡ ᠬᠡᠶᠢᠳ ᠢ ᠪᠠᠶᠢᠭᠤᠯᠵᠤ᠂ | ᠪᠤᠷᠬᠠᠨ ᠱᠠᠰᠢᠨ ᠤ ᠮᠤᠩᠭᠤᠯ ᠨᠤᠳᠤᠭ ᠲᠤ ᠲᠡᠯᠬᠡᠷᠡᠬᠦ ᠳᠤ ᠴᠢᠬᠤᠯᠠ ᠭᠠᠪᠢᠶ᠎ᠠ ᠵᠢᠳᠬᠦᠯ ᠦᠵᠡᠬᠦᠯᠦᠭᠰᠡᠨ ᠢᠶᠠᠷ | ᠪᠠᠷᠠᠬᠤ ᠦᠭᠡᠢ ᠪᠠᠰᠠ ᠶᠡᠭᠡ ᠬᠡᠮᠵᠢᠶᠡᠨ ᠤ ᠤᠷᠠᠨ ᠪᠢᠴᠢᠯᠬᠡ᠂ ᠵᠢᠷᠤᠭ᠂ ᠨᠤᠮ ᠴᠤᠭᠯᠠᠭᠤᠯᠵᠤ᠂ ᠡᠬᠦᠨ ᠤ ᠲᠤᠳᠤᠷ᠎ᠠ | ᠲᠠᠩ ᠰᠦᠩ ᠤᠯᠤᠰ ᠤᠨ ᠨᠡᠷᠡᠳᠠᠢ ᠪᠢᠴᠢᠭ ᠤᠨ ᠬᠦᠮᠦᠰ ᠤᠨ ᠪᠢᠴᠢᠮᠡᠯ ᠤᠳ ᠪᠠᠶᠢᠵᠤ᠂ ᠲᠡᠭᠡᠷ᠎ᠡ ᠨᠢ ᠬᠠᠭᠠᠨ ᠤ | ᠡᠬᠡᠴᠢ ᠶᠢᠨ ᠨᠤᠮ᠂ ᠬᠠᠭᠠᠨ ᠤ ᠡᠬᠡᠴᠢ ᠶᠢᠨ ᠬᠤᠪᠤᠷ ᠡᠳ᠋ ᠬᠡᠮᠡᠬᠦ ᠬᠤᠶᠠᠷ ᠵᠦᠢᠯ ᠤᠨ ᠬᠢᠳᠠᠳ ᠲᠠᠮᠠᠭ᠎ᠠ ᠲᠠᠷᠤᠳᠠᠭ᠃ | ᠲᠤᠰ ᠲᠠᠮᠠᠭ᠎ᠠ ᠶᠢ ᠲᠠᠷᠤᠭᠰᠠᠨ ᠨᠤᠮ ᠤᠳ ᠤᠳᠤ ᠬᠦᠷᠳᠡᠯ᠎ᠡ ᠤᠯᠠᠮᠵᠢᠯᠠᠵᠤ ᠢᠷᠡᠵᠠᠢ᠃ ᠰᠡᠩᠬᠡᠷᠠᠰᠢ 14 ᠨᠡᠷᠡᠳᠠᠢ | ᠪᠢᠴᠢᠭ ᠤᠨ ᠬᠦᠮᠦᠰ ᠢ ᠤᠷᠳᠤᠨ ᠳᠠᠭᠠᠨ ᠴᠤᠭᠯᠠᠭᠤᠯᠵᠤ᠂ ᠴᠤᠭᠯᠠᠭᠤᠯᠤᠭᠰᠠᠨ ᠠᠯᠢ ᠨᠢᠬᠡ ᠨᠤᠮ ᠤᠨ ᠢᠶᠠᠨ ᠲᠤᠬᠠᠢ | ᠵᠤᠬᠢᠶᠠᠯ ᠪᠢᠴᠢᠬᠦᠯᠳᠡᠭ ᠪᠠᠶᠢᠵᠠᠢ᠃ ᠱᠠᠨᠳᠦ᠋ᠩ ᠤᠨ ᠺᠦᠩᠽᠢ ᠶᠢᠨ ᠰᠦᠮ᠎ᠡ ︵ᠤᠳᠤ ᠶᠢᠨ ᠴᠢᠤᠢ ᠹᠦ᠋ ᠳᠤ ᠪᠤᠢ︶ | ᠶᠢᠨ ᠪᠠᠶᠢᠬᠤ ᠭᠠᠵᠠᠷ ᠨᠢ ᠡᠷᠳᠡᠨ ᠤ ᠯᠤ᠋ ᠤᠯᠤᠰ ᠤᠨ ᠭᠠᠵᠠᠷ ᠪᠠᠶᠢᠵᠤ᠂ ᠡᠨᠡ ᠭᠠᠵᠠᠷ ᠢ ᠬᠠᠭᠠᠨ ᠰᠡᠩᠬᠡᠷᠠᠰᠢ ᠳᠤ | ᠰᠤᠶᠤᠷᠬᠠᠯ ᠤᠨ ᠤᠷᠤᠨ ᠪᠤᠯᠭᠠᠨ ᠦᠭᠬᠦᠭᠰᠡᠨ ᠠᠴᠠ ᠰᠡᠩᠬᠡᠷᠡᠰᠢ ᠬᠤᠶᠠᠷ ᠤᠳᠠᠭ᠎ᠠ ᠡᠯᠴᠢ ᠲᠤᠮᠢᠯᠠᠨ ᠺᠦᠩᠽᠢ ᠶᠢᠨ | ᠲᠠᠬᠢᠯᠭ᠎ᠠ ᠳᠤ ᠤᠷᠤᠯᠴᠠᠭᠤᠯᠤᠨ ᠬᠦᠰᠢᠶᠡᠨ ᠤ ᠪᠢᠴᠢᠭ ᠪᠢᠴᠢᠵᠤ ᠦᠭᠴᠠᠢ᠃ ᠺᠦᠩᠽᠢ ᠶᠢᠨ ᠰᠦᠮ᠎ᠡ ᠶᠢᠨ ᠳ᠋ᠠ | ᠴᠢᠩ ᠳ᠋ᠢᠶᠠᠨ ᠤ ᠡᠮᠤᠨᠡᠬᠢ ᠠᠷᠪᠠᠨ ᠭᠤᠷᠪᠠᠨ ᠬᠦᠰᠢᠶᠡᠨ ᠤ ᠲᠢᠩᠬᠢᠮ ᠤᠨ ᠲᠤᠳᠤᠷᠠᠬᠢ ᠬᠤᠶᠠᠷ ᠢ ᠨᠢ ᠰᠡᠩᠬᠡᠷᠠᠰᠢ | ᠮᠦᠷᠬᠦᠯ ᠬᠢᠬᠦ ᠳᠡᠭᠡᠨ ᠪᠤᠰᠬᠠᠵᠠᠢ᠃ ᠬᠠᠨ ᠤᠯᠤᠰ ᠤᠨ ᠯᠢᠤ ᠪᠸᠢ ᠶᠢᠨ ᠦᠶ᠎ᠡ ᠠᠴᠠ ᠡᠬᠢᠯᠡᠨ ᠺᠦᠩᠽᠢ ᠶᠢᠨ | ᠰᠦᠮ᠎ᠡ ᠶᠢᠨ ᠲᠠᠬᠢᠯᠭ᠎ᠠ ᠳᠤ ᠡᠮᠡᠭᠳᠡᠢ ᠬᠦᠮᠦᠨ ᠤᠴᠢᠵᠤ ᠪᠤᠯᠬᠤ ᠦᠭᠡᠢ ᠮᠦᠷᠳᠡᠬᠡᠨ ᠵᠦᠪᠬᠡᠨ ᠦᠨᠳᠤᠷ ᠲᠡᠰ ᠤᠨ | ᠡᠷᠡᠭᠳᠠᠢ ᠨᠤᠶᠠᠳ ᠰᠠᠶ᠋ᠢ ᠤᠴᠢᠵᠤ ᠪᠤᠯᠤᠨ᠎ᠠ ᠬᠡᠰᠡᠨ ᠲᠤᠭᠳᠠᠭᠠᠯ ᠲᠠᠢ᠃ ᠡᠨᠡ ᠲᠤᠭᠳᠠᠭᠠᠯ ᠨᠢ ᠢᠷᠬᠡᠨ ᠤᠯᠤᠰ | ᠬᠦᠷᠳᠡᠯ᠎ᠡ ᠦᠷᠬᠦᠯᠵᠢᠯᠡᠭᠰᠠᠨ ᠪᠠᠶᠢᠨ᠎ᠠ᠃ ᠬᠡᠪᠡᠴᠤ ᠡᠨᠡ ᠲᠤᠮᠳᠠ ᠭᠠᠭᠴᠠᠬᠠᠨ ᠡᠮᠡᠭᠳᠠᠢ ᠬᠤᠶᠠᠷ ᠤᠳᠠᠭᠠᠨ ᠤ | ᠲᠠᠬᠢᠯᠭ᠎ᠠ ᠳᠤ ᠤᠷᠤᠯᠴᠠᠭᠰᠠᠨ ᠨᠢ ᠰᠡᠩᠬᠡᠷᠠᠰᠢ ᠪᠤᠯᠤᠨ᠎ᠠ᠃ ᠲᠠᠶᠢᠮᠤ ᠠᠴᠠ ᠰᠡᠩᠬᠡᠷᠠᠰᠢ ᠺᠦᠩᠽᠢ ᠶᠢᠨ ᠰᠤᠷᠭᠠᠯ ᠤᠨ | ᠰᠤᠳᠤᠯᠭᠠᠨ ᠤ ᠪᠦᠳᠦᠬᠡᠯ᠂ ᠲᠤᠮᠳᠠᠳᠤ ᠤᠯᠤᠰ ᠤᠨ ᠨᠤᠮ ᠤᠨ ᠬᠠᠳᠠᠭᠠᠯᠠᠮᠵᠢ ᠶᠢᠨ ᠲᠡᠤᠬᠡ᠂ ᠤᠷᠠᠨ ᠪᠢᠴᠢᠯᠬᠡ ᠶᠢᠨ | ᠲᠡᠤᠬᠡ ᠶᠢ ᠰᠤᠳᠤᠯᠬᠤ ᠳᠤ ᠲᠠᠩᠳᠠ ᠪᠠᠨ ᠲᠤᠷᠠᠳᠤᠭᠳᠠᠳᠠᠭ ᠮᠦᠷᠳᠡᠬᠡᠨ ᠮᠤᠩᠭᠤᠯ ᠰᠤᠶᠤᠯ ᠤᠨ ᠲᠡᠤᠬᠡ ᠪᠠᠨ ᠬᠡᠰᠡᠨ | ᠦᠭᠡᠢ ᠲᠤᠮᠳᠠᠳᠤ ᠤᠯᠤᠰ ᠤᠨ ᠰᠤᠶᠤᠯ ᠤᠨ ᠲᠡᠤᠬᠡᠨ ᠳᠤ ᠨᠦᠯᠦᠬᠡ ᠲᠠᠢ ᠬᠦᠮᠦᠨ ᠪᠤᠯᠬᠤ ᠶᠤᠮ᠃ | ᠫᠦᠨᠡ ᠬᠦᠩᠵᠤ ᠪᠤᠯ ᠲᠡᠮᠤᠷ ᠬᠠᠭᠠᠨ ᠤ ᠦᠬᠢᠨ᠂ ᠰᠡᠩᠬᠡᠪᠠᠯᠠ ᠳᠤ ᠮᠤᠷᠳᠠᠵᠤ᠂ ᠬᠠᠭᠠᠨ ᠠᠴᠠ ᠰᠡᠩᠬᠡᠪᠡᠯᠠ | ᠶᠢ ᠯᠤ᠋ ᠸᠠᠩ ᠡᠷᠬᠦᠮᠵᠢᠯᠡᠵᠤ᠂ ᠫᠦᠨᠡ ᠶᠢ ᠶᠦᠨ ᠠᠨ ᠳ᠋ᠠᠨ ᠴᠠᠩ ᠬᠦᠩᠵᠤ ᠡᠷᠬᠦᠮᠵᠢᠯᠡᠭᠰᠡᠨ ᠪᠠᠶᠢᠨ᠎ᠠ᠃ ᠫᠦᠨᠡ | ᠬᠦᠩᠵᠤ ᠯᠤ᠋ ᠸᠠᠩ ᠰᠡᠩᠬᠡᠪᠡᠯᠠ ᠲᠠᠢ ᠬᠤᠶᠠᠭᠤᠯᠠ ᠯᠦᠩ ᠰᠢᠩ ᠰᠧ ᠰᠦᠮ᠎ᠡ ᠶᠢ ᠪᠠᠶᠢᠭᠤᠯᠵᠤ᠂ ︽应昌路 | 曼陀山新建龙兴寺︾ ᠬᠡᠰᠡᠨ ᠬᠦᠰᠢᠶ᠎ᠡ ᠶᠢᠨ ᠰᠦᠮ᠎ᠡ ᠶᠢᠨ ᠪᠢᠴᠢᠭ ᠢ ᠪᠢᠴᠢᠬᠦᠯᠵᠠᠢ᠃ | ᠡᠬᠦᠨ ᠤ ᠤᠴᠢᠷ ᠰᠢᠯᠳᠠᠭᠠᠨ ᠤ ᠲᠤᠬᠠᠢ ᠬᠡᠰᠢᠭᠳᠦᠭ᠌ᠳᠠᠬᠤ ᠫᠷᠤᠹᠧᠰᠰᠤᠷ ᠨᠠᠷᠢᠯᠢᠭ ᠲᠠᠶᠢᠯᠪᠤᠷᠢᠯᠠᠭᠰᠠᠨ ᠪᠠᠶᠢᠨ᠎ᠠ᠄ | ᠬᠤᠪᠢᠯᠠᠢ ᠬᠠᠭᠠᠨ ᠨᠠᠶᠠ ᠶᠢᠨ ᠤᠷᠪᠠᠯᠭᠠᠨ ᠢ ᠲᠠᠷᠤᠬᠤ ᠪᠠᠷ ᠵᠠᠭᠠᠨ ᠤᠨᠤᠵᠤ ᠱᠠᠩᠳᠤ ᠠᠴᠠ ᠭᠠᠷᠴᠤ ᠬᠦᠯᠦᠨ ᠪᠦᠢᠷ | ᠲᠡᠰᠢ ᠶᠠᠪᠤᠬᠤ ᠵᠠᠮ ᠳᠠᠭᠠᠨ ᠮᠠᠨᠳᠠᠷᠠᠸ᠎ᠠ ᠠᠭᠤᠯᠠᠨ ᠳᠤ ᠢᠷᠡᠵᠤ ᠬᠤᠨᠤᠵᠠᠢ᠃ ᠬᠤᠨᠤᠭᠰᠠᠨ ᠲᠡᠷᠡ ᠰᠦᠨᠢ ᠨᠢ | ᠠᠯᠳᠠᠨ ᠪᠤᠷᠬᠠᠨ ᠠᠭᠠᠷ ᠲᠤᠮᠳᠠ ᠬᠦᠪᠴᠤ ᠪᠠᠶᠢᠬᠤ ᠬᠠᠷᠠᠭᠳᠠᠵᠤ ᠬᠡᠨ᠎ᠡ᠃ ᠲᠡᠷᠠᠭ᠎ᠠ ᠦᠷᠯᠦᠬᠡ ᠨᠢ ᠬᠤᠪᠢᠯᠠᠢ | ᠬᠠᠭᠠᠨ ᠲᠤᠰ ᠨᠤᠳᠤᠭ ᠤᠨ ᠨᠠᠰᠤᠳᠠᠢ ᠬᠦᠮᠦᠨ ᠠᠴᠠ ᠠᠰᠠᠭᠤᠭᠰᠠᠨ ᠳᠤ ᠠᠭᠤᠯᠠ ᠶᠢᠨ ᠬᠠᠵᠠᠭᠤ ᠳᠤ ᠨᠢᠬᠡᠨ | ᠠᠭᠤᠢ ᠶᠢᠨ ᠰᠦᠮ᠎ᠡ ᠪᠠᠶᠢᠵᠤ᠂ ᠲᠤᠳᠤᠷ᠎ᠠ ᠨᠢ ᠵᠦᠢᠯ ᠵᠦᠢᠯ ᠤᠨ ᠪᠤᠷᠬᠠᠨ ᠤ ᠬᠦᠷᠦᠭ ᠤᠳ ᠪᠠᠶᠢᠳᠠᠭ ᠢ | ᠰᠤᠨᠤᠰᠤᠭᠠᠳ ᠡᠬᠦᠨ ᠤ ᠤᠴᠢᠷ ᠪᠤᠯᠪᠠᠤ ᠬᠡᠮᠡᠨ ᠤᠴᠢᠵᠤ ᠦᠵᠡᠭᠰᠡᠨ ᠳᠤ ᠦᠨᠡᠬᠡᠷ ᠨᠢᠬᠡᠨ ᠠᠭᠤᠢ ᠪᠠᠶᠢᠭᠰᠠᠨ ᠳᠤ | ᠬᠤᠪᠢᠯᠠᠢ ᠬᠠᠭᠠᠨ ᠵᠠᠷᠯᠢᠭ ᠪᠠᠭᠤᠯᠭᠠᠵᠤ ᠬᠠᠭᠠᠨ ᠤ ᠪᠠᠭᠰᠢ ᠪᠠᠷ ᠲᠤᠯᠤᠭᠠᠨ ᠡᠳᠤᠷ ᠲᠤᠯᠤᠭᠠᠨ ᠰᠦᠨᠢ ᠨᠤᠮ ᠬᠦᠷᠢᠮ | ᠦᠢᠯᠡᠳᠦᠬᠦᠯᠵᠤ ᠬᠡᠨ᠎ᠡ᠃ ᠲᠡᠷᠡ ᠠᠭᠤᠢ ᠨᠢ ᠤᠳᠤ ᠪᠤᠯᠳᠠᠯ᠎ᠠ ᠪᠠᠶᠢᠨ᠎ᠠ᠃ ᠲᠡᠭᠡᠭᠡᠳ ᠤᠴᠢᠷ ᠢ ᠲᠤᠷᠠᠰᠬᠠᠬᠤ ᠶᠢᠨ | ᠲᠦᠯᠦᠬᠡ ᠫᠦᠨᠡ ᠬᠦᠩᠵᠤ ᠰᠡᠩᠬᠡᠪᠡᠯᠡ ᠲᠠᠢ ᠬᠤᠶᠠᠭᠤᠯᠠ ᠯᠦᠩ ᠰᠢᠩ ᠰᠧ ᠰᠦᠮ᠎ᠡ ᠶᠢ ᠪᠠᠶᠢᠭᠤᠯᠤᠭᠰᠠᠨ ᠪᠠᠶᠢᠨ᠎ᠠ | ᠃ | ᠨᠠᠩᠬᠢᠶᠠᠵᠢᠨ ᠬᠦᠩᠵᠤ ᠪᠤᠯ ᠬᠤᠪᠢᠯᠠᠢ ᠶᠢᠨ ᠦᠬᠢᠨ᠂ ᠯᠤ᠋ ᠸᠠᠩ ᠮᠠᠨᠽᠠᠳᠠᠢ ᠳᠤ ᠮᠤᠷᠳᠠᠵᠠᠢ᠃ ᠨᠠᠩᠬᠢᠶᠠᠵᠢᠨ | ᠬᠦᠩᠵᠤ ᠪᠤᠯ ᠬᠠᠭᠠᠨ ᠳᠤ ᠠᠶᠢᠯᠠᠳᠬᠠᠯ ᠤᠨ ᠪᠢᠴᠢᠭ ᠲᠡᠪᠰᠢᠬᠦᠯᠵᠤ᠂ ᠤᠳᠤ ᠶᠢᠨ ᠪᠠᠷᠰ ᠬᠤᠳᠠ ᠶᠢ | ᠪᠠᠶᠢᠭᠤᠯᠤᠭᠰᠠᠨ ᠮᠦᠷᠳᠡᠬᠡᠨ ᠤᠩᠨᠢᠭᠤᠳ ᠤᠨ ᠴᠢᠤᠸᠠᠨ ᠨᠢᠩ ᠯᠤ᠋ ᠶᠢ ᠡᠬᠦᠰᠬᠡᠵᠤ ᠪᠠᠶᠢᠭᠤᠯᠤᠭᠰᠠᠨ ᠬᠦᠮᠦᠨ ᠪᠤᠯᠬᠤ | ᠶᠢᠨ ᠲᠤᠯᠠᠳᠠ ᠡᠨᠡ ᠬᠦᠮᠦᠨ ᠤ ᠭᠠᠪᠢᠶ᠎ᠠ ᠵᠢᠳᠬᠦᠯ ᠴᠦ ᠲᠤᠷᠠᠳᠤᠭᠤᠰᠢᠳᠠᠢ ᠬᠡᠵᠤ ᠬᠡᠰᠢᠭᠳᠦᠭ᠌ᠳᠠᠬᠤ ᠭᠤᠸᠠᠢ ᠶᠠᠷᠢᠵᠤ | ᠪᠠᠶᠢᠯ᠎ᠠ᠃ | | | |