| | ᠳ᠋ᠦᠨᠬᠤᠸᠠᠩ ᠠᠴᠠ ᠰᠢᠨ᠎ᠡ ᠪᠠᠷ ᠤᠯᠳᠠᠭᠰᠠᠨ | ︽ᠵᠢᠷᠦᠬᠡᠨ ᠤ ᠰᠤᠳᠤᠷ︾ ᠤᠨ ᠨᠢᠬᠡ ᠬᠡᠰᠡᠭ | | | —— ᠬᠠᠩᠭᠠᠷᠢ ᠤᠯᠤᠰ ᠤᠨ ᠮᠤᠩᠭᠤᠯ ᠰᠤᠳᠤᠯᠭᠠᠳᠠᠨ | ᠺᠠᠫᠦᠯᠠᠰ · ᠤᠯᠢᠸᠧᠷ ᠢ ᠰᠤᠷᠪᠤᠯᠵᠢᠯᠠᠭᠰᠠᠨ ᠨᠢ | | | | ᠰᠤᠷᠪᠤᠯᠵᠢᠯᠠᠭᠴᠢ ᠰᠢᠵᠢᠷᠴᠡᠴᠡᠭ | | | | | | ᠢᠩᠴᠠᠩ ᠤᠨ ᠬᠤᠷᠠᠯᠳᠠᠢ ᠶᠢᠨ ᠬᠤᠭᠤᠴᠠᠭᠠᠨ ᠳᠤ᠂ ᠤᠯᠠᠨ ᠡᠷᠳᠡᠮᠳᠡᠳ ᠢ ᠲᠠᠭᠠᠨ ᠪᠠᠷᠰ ᠬᠤᠳᠠ ᠶᠢᠨ | ᠪᠠᠭᠤᠷᠢ ᠶᠢ ᠲᠤᠭᠤᠷᠢᠨ ᠦᠵᠡᠬᠦ ᠲᠠᠰᠢᠷᠠᠮ ᠳᠤ ᠤᠷᠤᠰᠤᠮ᠎ᠠ ᠰᠠᠶᠢᠬᠠᠨ ᠮᠤᠩᠭᠤᠯ ᠬᠡᠯᠡ ᠲᠠᠢ ᠬᠠᠷᠢ ᠤᠯᠤᠰ ᠤᠨ | ᠨᠢᠬᠡᠨ ᠵᠠᠯᠠᠭᠤ ᠮᠢᠨᠤ ᠠᠩᠬᠠᠷᠤᠯ ᠢ ᠶᠡᠬᠡᠳᠠ ᠲᠠᠳᠠᠭᠰᠠᠨ ᠢᠶᠠᠷ ᠡᠨᠡ ᠵᠠᠯᠠᠭᠤ ᠲᠠᠢ ᠲᠠᠨᠢᠯᠴᠠᠵᠤ᠂ ᠵᠠᠮ ᠵᠠᠭᠤᠷ᠎ᠠ | ᠶᠠᠷᠢᠯᠴᠠᠬᠤ ᠶᠢᠨ ᠲᠠᠭᠠᠤ ᠲᠡᠬᠦᠨ ᠠᠴᠠ ᠲᠦᠬᠦᠮ ᠰᠤᠷᠪᠤᠯᠵᠢᠯᠠᠭ᠎ᠠ ᠠᠪᠤᠭᠰᠠᠨ ᠶᠤᠮ᠃ | ᠡᠨᠡ ᠬᠦᠮᠦᠨ ᠢ ᠺᠠᠫᠦᠯᠠᠰ · ᠤᠯᠢᠸᠧᠷ ᠬᠡᠳᠡᠭ᠃ ᠬᠠᠩᠭᠠᠷᠢ ᠤᠯᠤᠰ ᠤᠨ ᠬᠦᠮᠦᠨ᠃ ᠤᠳᠤᠬᠠᠨ ᠳᠤ | ᠬᠠᠩᠭᠠᠷᠢ ᠶᠡᠭᠡ ᠰᠤᠷᠭᠠᠭᠤᠯᠢ ᠳᠤ ᠮᠤᠩᠭᠤᠯ ᠲᠡᠤᠬᠡ ᠰᠤᠶᠤᠯ ᠤᠨ ᠰᠤᠳᠤᠯᠭᠠᠨ ᠬᠢᠵᠤ ᠪᠤᠢ᠃ ᠤᠯᠢᠸᠧᠷ ᠲᠤᠰ | ᠤᠳᠠᠭᠠᠨ ᠤ ᠬᠤᠷᠠᠯᠳᠠᠢ ᠳᠤ ᠤᠷᠤᠯᠴᠠᠭᠰᠠᠨ ᠳᠠᠭᠠᠨ ᠮᠠᠰᠢ ᠪᠠᠶᠠᠷᠳᠠᠢ ᠪᠠᠶᠢᠵᠤ᠂ ᠳ᠋ᠦᠨᠬᠤᠸᠠᠩ ᠠᠴᠠ ᠰᠢᠨ᠎ᠡ ᠪᠠᠷ | ᠤᠯᠳᠠᠭᠰᠠᠨ ︽ᠵᠢᠷᠦᠬᠡᠨ ᠤ ᠰᠤᠳᠤᠷ︾ ᠤᠨ ᠨᠢᠬᠡ ᠬᠡᠰᠡᠭ ᠤᠨ ᠲᠤᠬᠠᠢ ᠦᠬᠦᠯᠡᠯ ᠢᠶᠠᠨ ᠲᠡᠪᠰᠢᠬᠦᠯᠦᠭᠰᠡᠨ ᠪᠠᠶᠢᠨ᠎ᠠ᠃ | | 1908 ᠤᠨ ᠳᠤ ᠫᠤᠯ · ᠫᠢᠯᠦᠲ ᠬᠡᠮᠡᠬᠦ ᠬᠦᠮᠦᠨ ᠳ᠋ᠦᠨᠬᠤᠸᠠᠩ ᠠᠴᠠ ᠤᠯᠠᠨ ᠭᠠᠷ ᠪᠢᠴᠢᠮᠡᠯ ᠪᠠ | ᠮᠤᠳᠤᠨ ᠲᠡᠭᠡᠷ᠎ᠡ ᠰᠡᠶᠢᠯᠦᠭᠰᠡᠨ ᠪᠢᠴᠢᠭ ᠢ ᠴᠤᠭᠯᠠᠭᠤᠯᠵᠤ᠂ ᠲᠡᠳᠡᠬᠡᠷ ᠤᠨ ᠲᠤᠳᠤᠷᠠᠬᠢ ᠨᠢᠬᠡ ᠬᠠᠭᠤᠳᠠᠰᠤ ᠲᠠᠩᠭᠤᠳ | ᠪᠢᠴᠢᠭ ᠤᠨ ᠠᠷᠤ ᠲᠠᠯ᠎ᠠ ᠳᠤ ᠮᠤᠩᠭᠤᠯ ᠭᠠᠷ ᠪᠢᠴᠢᠮᠡᠯ ᠪᠠᠶᠢᠵᠤ᠂ ᠡᠨᠡ ᠨᠢ ᠪᠤᠷᠬᠠᠨ ᠤ ᠰᠤᠳᠤᠷ ᠪᠢᠴᠢᠭ ︽ | ᠵᠢᠷᠦᠬᠡᠨ ᠤ ᠰᠤᠳᠤᠷ︾ ᠤᠨ ᠨᠢᠬᠡ ᠬᠡᠰᠡᠭ ᠪᠤᠯᠬᠤ ᠶᠢ ᠢᠯᠡᠷᠡᠬᠦᠯᠵᠠᠢ᠃ 1988~1995 ᠤᠨ ᠤ ᠬᠤᠭᠤᠷᠤᠨᠳᠤ | ᠂ ᠬᠢᠳᠠᠳ ᠤᠨ ᠬᠠᠭᠤᠴᠢ ᠰᠤᠳᠤᠯᠤᠯ ᠤᠨ ᠡᠷᠳᠡᠮᠳᠡᠳ ᠳ᠋ᠦᠨᠬᠤᠸᠠᠩ ᠳᠤ ᠮᠠᠯᠳᠠᠯᠭ᠎ᠠ ᠬᠢᠬᠦ ᠳᠡᠭᠡᠨ ᠪᠠᠰᠠ ᠨᠢᠬᠡᠨ | ᠲᠠᠩᠭᠤᠳ ᠭᠠᠷ ᠪᠢᠴᠢᠮᠡᠯ ᠨᠢ ᠫᠢᠯᠦᠲ ᠤᠨ ᠢᠯᠡᠷᠡᠬᠦᠯᠦᠭᠰᠡᠨ ᠭᠠᠷ ᠪᠢᠴᠢᠮᠡᠯ ︽ᠵᠢᠷᠦᠬᠡᠨ ᠤ ᠰᠤᠳᠤᠷ︾ ᠤᠨ | ᠵᠠᠯᠭᠠᠮᠵᠢ ᠪᠤᠯᠬᠤ ᠶᠢ ᠤᠯᠢᠸᠧᠷ ᠢᠯᠡᠷᠡᠬᠦᠯᠦᠭᠰᠡᠨ ᠪᠠᠶᠢᠨ᠎ᠠ᠃ ᠤᠯᠢᠸᠧᠷ ᠪᠤᠯ ᠡᠨᠡ ᠬᠤᠶᠠᠷ ᠬᠠᠭᠤᠳᠠᠰᠤ ᠶᠢ ᠤᠯᠵᠤ | ᠦᠵᠡᠭᠰᠡᠨ ᠴᠦᠬᠡᠨ ᠬᠡᠳᠤᠨ ᠬᠦᠮᠦᠨ ᠤ ᠲᠤᠳᠤᠷᠠᠬᠢ ᠨᠢᠬᠡ ᠨᠢ ᠪᠤᠯᠤᠨ᠎ᠡ᠃ ᠨᠡᠶᠢᠳᠠ 5 ᠬᠠᠭᠤᠳᠠᠰᠤ ᠲᠠᠢ ︽ | ᠵᠢᠷᠦᠬᠡᠨ ᠤ ᠰᠤᠳᠤᠷ︾ ᠤᠨ ᠬᠤᠶᠠᠷ ᠭᠤᠷᠪᠠᠳᠤᠭᠠᠷ ᠨᠢᠭᠤᠷ ᠠᠴᠠ ᠪᠤᠰᠤᠳ ᠨᠢᠭᠤᠷ ᠨᠢ ᠬᠠᠷᠠᠬᠠᠨ ᠤᠯᠳᠠᠭ᠎ᠠ | ᠦᠭᠡᠢ ᠪᠠᠶᠢᠭᠰᠠᠭᠠᠷ᠃ ᠬᠡᠳᠦᠶᠢᠪᠡᠷ ᠵᠦᠪᠬᠡᠨ ᠬᠤᠶᠠᠷᠬᠠᠨ ᠬᠠᠭᠤᠳᠠᠰᠤ ᠤᠯᠳᠠᠭᠰᠠᠨ ᠪᠤᠯᠪᠠᠴᠤ ᠲᠡᠷᠡ ᠨᠢ ︽ | ᠵᠢᠷᠦᠬᠡᠨ ᠤ ᠰᠤᠳᠤᠷ︾ ᠤᠨ ᠬᠠᠮᠤᠭ ᠡᠷᠳᠡᠨ ᠤ ᠮᠤᠩᠭᠤᠯ ᠭᠠᠷ ᠪᠢᠴᠢᠮᠡᠯ ᠪᠠᠶᠢᠵᠤ᠂ ᠲᠡᠬᠦᠨ ᠤ ᠬᠡᠯᠡ ᠬᠡᠯᠡᠯᠬᠡ ᠨᠢ | ᠪᠤᠷᠬᠠᠨ ᠱᠠᠰᠢᠨ ᠤ ᠲᠡᠤᠬᠡ ᠶᠢᠨ ᠨᠤᠮ ᠤᠨ ᠤᠷᠴᠢᠭᠤᠯᠭ᠎ᠠ ᠳᠤ ᠴᠢᠬᠤᠯᠠ ᠮᠡᠳᠡᠭᠡ ᠵᠠᠩᠬᠢ ᠬᠠᠩᠭᠠᠭᠰᠠᠨ ᠢᠶᠠᠷ ᠮᠠᠰᠢ | ᠶᠡᠭᠡ ᠡᠷᠳᠡᠮ ᠰᠢᠨᠵᠢᠯᠡᠬᠡᠨ ᠤ ᠦᠨ᠎ᠡ ᠴᠡᠨ᠎ᠡ ᠲᠠᠢ᠃ ᠡᠶᠢᠮᠤ ᠠᠴᠠ ᠲᠤᠰ ᠤᠳᠠᠭᠠᠨ ᠤ ᠤᠯᠠᠨ ᠤᠯᠤᠰ ᠤᠨ | ᠡᠷᠳᠡᠮᠳᠡᠳ ᠴᠤᠭᠯᠠᠷᠠᠭᠰᠠᠨ ᠬᠤᠷᠠᠯᠳᠠᠢ ᠳᠤ ︽ᠵᠢᠷᠦᠬᠡᠨ ᠤ ᠰᠤᠳᠤᠷ︾ ᠤᠨ ᠲᠤᠬᠠᠢ ᠦᠬᠦᠯᠡᠯ ᠢᠶᠠᠨ | ᠲᠡᠪᠰᠢᠬᠦᠯᠦᠭᠰᠡᠨ ᠨᠢ ᠮᠠᠰᠢ ᠶᠡᠭᠡ ᠲᠡᠤᠬᠡᠨ ᠠᠴᠢ ᠬᠤᠯᠪᠤᠭᠳᠠᠯ ᠲᠠᠢ ᠬᠡᠵᠤ ᠤᠯᠢᠸᠧᠷ ᠦᠵᠡᠵᠤ ᠪᠠᠶᠢᠯ᠎ᠠ᠃ | |