ᠢᠩᠴᠠᠩ ᠤᠨ ᠬᠤᠷᠠᠯᠳᠠᠢ ᠶᠢᠨ ᠲᠤᠰᠬᠠᠢ ᠰᠤᠷᠪᠤᠯᠵᠢᠯᠠᠭ᠎ᠠ ︵ᠭᠤᠷᠪᠠ︶
ᠨᠡᠶᠢᠲᠡᠯᠡᠭᠰᠡᠨ ᠴᠠᠭ᠄
2014/8/20
         ᠴᠡᠪᠡᠷ ᠮᠤᠩᠭᠤᠯ ᠬᠡᠯᠡ ᠲᠠᠢ ᠶᠠᠫᠤᠨ ᠡᠷᠳᠡᠮᠳᠡᠨ              —— ᠶᠠᠫᠤᠨ ᠤ ᠰᠢᠮᠠᠨᠧ ᠶᠡᠭᠡ ᠰᠤᠷᠭᠠᠭᠤᠯᠢ ᠶᠢᠨ ᠵᠡᠬᠦᠨ ᠬᠤᠶᠢᠳᠤ ᠠᠽᠢᠶ᠎ᠠ ᠶᠢᠨ                        ᠤᠷᠤᠨ ᠤ ᠰᠤᠳᠤᠯᠭᠠᠨ ᠤ ᠲᠦᠪ ᠤᠨ ᠡᠷᠬᠢᠯᠡᠭᠴᠢ ᠮᠤᠩᠭᠤᠯ ᠰᠤᠳᠤᠯᠭᠠᠳᠠᠨ                        ᠢᠨᠦ᠋ᠸᠠᠢ ᠤᠰᠠᠮᠦ᠋ ᠶᠢ ᠰᠤᠷᠪᠤᠯᠵᠢᠯᠠᠭᠰᠠᠨ ᠨᠢ                                                        ᠰᠤᠷᠪᠤᠯᠵᠢᠯᠠᠭᠴᠢ ᠰᠢᠵᠢᠷᠴᠡᠴᠡᠭ
    ᠴᠡᠪᠡᠷ ᠲᠡᠭᠰᠢ ᠮᠤᠩᠭᠤᠯ ᠬᠡᠯᠡ ᠪᠠᠷ ᠨᠢ ᠮᠤᠩᠭᠤᠯ ᠬᠦᠮᠦᠨ ᠬᠡᠮᠡᠨ ᠠᠨᠳᠠᠭᠤᠷᠠᠮᠠᠷ ᠨᠢᠬᠡᠨ ᠶᠠᠫᠤᠨ ᠬᠦᠮᠦᠨ ᠢᠩᠴᠠᠩ ᠤᠨ ᠬᠤᠷᠠᠯᠳᠠᠢ ᠳᠤ ᠮᠤᠷᠢᠯᠠᠨ ᠰᠠᠭᠠᠳᠠᠭᠰᠠᠨ ᠢᠶᠠᠷ ᠤᠯᠠᠨ ᠬᠦᠮᠦᠰ ᠭᠠᠶᠢᠬᠠᠰᠢ ᠲᠦᠷᠦᠬᠦ ᠶᠢᠨ ᠵᠡᠷᠬᠡᠪᠡᠷ ᠪᠢᠰᠢᠷᠠᠨ ᠪᠠᠭ᠋ᠠᠳᠤᠨ᠎ᠠ᠃ ᠡᠨᠡ ᠬᠦᠮᠦᠨ ᠪᠤᠯ ᠲᠠᠷᠤᠢ ᠶᠠᠫᠤᠨ ᠤ ᠰᠢᠮᠠᠨᠧ ᠶᠡᠭᠡ ᠰᠤᠷᠭᠠᠭᠤᠯᠢ ᠶᠢᠨ ᠵᠡᠬᠦᠨ ᠬᠤᠶᠢᠳᠤ ᠠᠽᠢᠶ᠎ᠠ ᠶᠢᠨ ᠤᠷᠤᠨ ᠤ ᠰᠤᠳᠤᠯᠭᠠᠨ ᠤ ᠲᠦᠪ ᠤᠨ ᠡᠷᠬᠢᠯᠡᠭᠴᠢ᠂ ᠮᠤᠩᠭᠤᠯ ᠰᠤᠳᠤᠯᠭᠠᠳᠠᠨ ᠢᠨᠦ᠋ᠸᠠᠢ ᠤᠰᠠᠮᠦ᠋ ᠪᠤᠯᠤᠨ᠎ᠠ᠃ ᠢᠨᠦ᠋ᠸᠠᠢ ᠤᠰᠠᠮᠦ᠋ ᠲᠤᠰ ᠤᠳᠠᠭᠠᠨ ᠤ ᠬᠤᠷᠠᠯᠳᠠᠢ ᠳᠤ ︽ᠢᠨᠳᠤᠨᠧᠰᠢᠶ᠎ᠠ ᠶᠢᠨ ᠪᠦᠲ᠋ᠦ᠋ᠨ ᠠᠷᠠᠯ ᠤᠨ ᠡᠮᠡᠭᠳᠠᠢ ᠬᠠᠳᠤᠨ ᠤ ᠭᠠᠷᠤᠯ ᠡᠬᠦᠰᠤᠯ ᠢ ᠮᠤᠩᠭᠤᠯ ᠲᠠᠢ ᠬᠤᠯᠪᠤᠭᠳᠠᠭᠤᠯᠤᠭᠰᠠᠨ ᠲᠡᠤᠬᠡᠨ ᠰᠡᠳᠤᠪᠳᠤ ᠶᠠᠷᠢᠶᠠᠨ ᠤ ᠲᠤᠬᠠᠢ︾ ᠬᠡᠮᠡᠬᠦ ᠢᠯᠡᠳᠬᠡᠯ ᠢᠶᠠᠨ ᠲᠡᠪᠰᠢᠬᠦᠯᠵᠤ᠂ ᠲᠤᠰ ᠢᠯᠡᠳᠬᠡᠯ ᠳᠡᠭᠡᠨ ᠢᠨᠳᠦᠨᠧᠰᠢᠶ᠎ᠠ ᠶᠢᠨ ᠪᠦᠲ᠋ᠦ᠋ᠨ ᠠᠷᠠᠯ ᠎ ᠳᠤ ᠦᠪᠡᠷ ᠤᠨ ᠪᠡᠶ᠎ᠡ ᠪᠠᠨ ᠬᠤᠪᠢᠯᠠᠢ ᠬᠠᠭᠠᠨ ᠤ ᠬᠤᠶᠢᠴᠢᠰ ᠬᠡᠳᠡᠭ ᠨᠢᠬᠡ ᠪᠦᠯᠦᠭ ᠬᠦᠮᠦᠰ ᠪᠠᠶᠢᠵᠤ᠂ ᠲᠡᠳᠡ ᠦᠪᠡᠷ ᠤᠨ ᠭᠠᠷᠤᠯ ᠡᠬᠦᠰᠤᠯ ᠢᠶᠠᠨ ᠶᠠᠭᠠᠬᠢᠵᠤ ᠲᠠᠶᠢᠯᠪᠤᠷᠢᠯᠠᠵᠤ ᠪᠠᠶᠢᠭ᠎ᠠ ᠲᠤᠬᠠᠢ ᠴᠤᠭᠯᠠᠭᠤᠯᠤᠭᠰᠠᠨ ᠬᠠᠭᠤᠴᠢ ᠲᠤᠮᠤᠭ ᠶᠠᠷᠢᠶ᠎ᠠ ᠶᠢ ᠲᠠᠶᠢᠯᠪᠤᠷᠢᠯᠠᠭᠰᠠᠨ ᠪᠠᠶᠢᠨ᠎ᠠ᠃      ᠢᠨᠦ᠋ᠸᠠᠢ ᠤᠰᠠᠮᠦ᠋ ᠲᠤᠮᠳᠠᠳᠤ ᠰᠤᠷᠭᠠᠭᠤᠯᠢ ᠳᠤ ᠪᠠᠶᠢᠬᠤ ᠳᠠᠭᠠᠨ ᠠᠷᠪᠠᠨ ᠭᠤᠷᠪᠠᠳᠤᠭᠠᠷ ᠵᠠᠭᠤᠨ ᠤ ᠦᠶ᠎ᠡ ᠎ ᠳᠤ ᠴᠢᠩᠬᠢᠰ ᠬᠠᠭᠠᠨ ᠭᠠᠷᠴᠤ᠂ ᠲᠡᠯᠡᠬᠡᠢ ᠶᠢᠨ ᠬᠠᠭᠠᠰ ᠢ ᠲᠦᠪᠰᠢᠳᠬᠡᠭᠰᠡᠨ ᠪᠠ ᠰᠡᠬᠦᠯᠡᠷ ᠨᠢ ᠶᠤᠸᠠᠨ ᠤᠯᠤᠰ ᠪᠠᠶᠢᠭᠤᠯᠤᠭᠳᠠᠵᠤ᠂ ᠬᠤᠪᠢᠯᠠᠢ ᠬᠠᠭᠠᠨ ᠶᠠᠫᠤᠨ ᠵᠦᠭ ᠬᠤᠶᠠᠷ ᠤᠳᠠᠭ᠎ᠠ ᠲᠤᠪᠳᠤᠯᠤᠭᠰᠠᠨ ᠲᠤᠬᠠᠢ ᠲᠡᠯᠡᠬᠡᠢ ᠶᠢᠨ ᠲᠡᠤᠬᠡᠨ ᠨᠤᠮ ᠳᠤ ᠰᠤᠷᠴᠤ ᠦᠩᠬᠡᠷᠡᠵᠠᠢ᠃ ᠬᠡᠳᠡᠯ᠎ᠡ ᠬᠤᠪᠢᠯᠠᠢ ᠬᠠᠭᠠᠨ ᠠᠴᠠ ᠰᠡᠬᠦᠯᠡᠷ ᠮᠤᠩᠭᠤᠯ ᠤᠨ ᠲᠡᠤᠬᠡ ᠴᠤᠬᠤᠮ ᠶᠠᠭᠤ ᠪᠤᠯᠤᠭᠰᠠᠨ ᠲᠤᠬᠠᠢ ᠰᠤᠷᠬᠤ ᠪᠢᠴᠢᠭ ᠲᠤ ᠪᠠᠶᠢᠬᠤ ᠦᠭᠡᠢ ᠤᠴᠢᠷ ᠠᠴᠠ ᠢᠨᠦ᠋ᠸᠠᠢ ᠤᠰᠠᠮᠦ᠋ ᠡᠨᠡ ᠲᠤᠬᠠᠢ ᠰᠤᠨᠢᠷᠬᠠᠵᠤ᠂ ᠶᠡᠭᠡ ᠰᠤᠷᠭᠠᠭᠤᠯᠢ ᠳᠤ ᠤᠷᠤᠭᠰᠠᠨ ᠤ ᠲᠠᠷᠠᠭ᠎ᠠ ᠮᠤᠩᠭᠤᠯ ᠤᠨ ᠨᠢᠭᠤᠴᠠ ᠲᠤᠪᠴᠢᠶᠠᠨ ᠲᠤ ᠲᠤᠬᠠᠢ ᠬᠢᠴᠢᠶᠡᠯ ᠰᠤᠨᠤᠰᠴᠤ᠂ ᠮᠤᠩᠭᠤᠯ ᠤᠨ ᠲᠡᠤᠬᠡ ᠶᠢ ᠰᠤᠷᠴᠤ ᠰᠤᠳᠤᠯᠵᠤ ᠶᠠᠪᠤᠭᠰᠠᠨ ᠪᠠᠶᠢᠨ᠎ᠠ᠃ ᠲᠡᠷᠡ ᠶᠡᠭᠡ ᠰᠤᠷᠭᠠᠭᠤᠯᠢ ᠳᠤ ᠪᠠᠶᠢᠬᠤ ᠳᠠᠭᠠᠨ ᠶᠦᠨᠨᠠᠨ᠂ ᠰᠧᠴᠤᠸᠠᠨ᠂ ᠬᠦᠢᠵᠸᠤ ᠶᠢᠨ ᠮᠤᠩᠭᠤᠯᠴᠤᠳ ᠪᠠ ᠢᠨᠳᠦᠨᠧᠰᠢᠶ᠎ᠠ᠂ ᠡᠸᠦ᠋ᠷᠦᠫᠠ ᠳᠤ ᠠᠮᠢᠳᠤᠷᠠᠳᠠᠭ ᠦᠪᠡᠷ ᠤᠨ ᠭᠠᠷᠤᠯ ᠡᠬᠦᠰᠤᠯ ᠢᠶᠠᠨ ᠮᠤᠩᠭᠤᠯ ᠬᠡᠳᠡᠭ ᠨᠢᠬᠡ ᠪᠦᠯᠦᠭ ᠬᠦᠮᠦᠰ ᠲᠠᠢ ᠠᠭᠤᠯᠵᠠᠵᠤ᠂ ᠲᠡᠳᠡᠨᠡᠷ ᠠᠴᠠ ᠦᠪᠡᠷ ᠤᠨ ᠭᠠᠷᠤᠯ ᠡᠬᠦᠰᠤᠯ ᠢᠶᠠᠨ ᠶᠠᠭᠠᠬᠢᠵᠤ ᠲᠠᠶᠢᠯᠪᠤᠷᠢᠯᠠᠵᠤ ᠪᠠᠶᠢᠭ᠎ᠠ ᠲᠤᠬᠠᠢ ᠶᠠᠷᠢᠶ᠎ᠠ ᠰᠤᠨᠤᠰᠴᠤ᠂ ᠡᠨᠡ ᠲᠤᠬᠠᠢ ᠤᠯᠠᠨ ᠮᠠᠲ᠋ᠧᠷᠢᠶᠠᠯ ᠴᠤᠭᠯᠠᠭᠤᠯᠤᠭᠰᠠᠨ ᠪᠠᠶᠢᠨ᠎ᠠ᠃ ᠬᠤᠶᠢᠰᠢᠳᠠ ᠶᠢᠨ ᠰᠤᠳᠤᠯᠭᠠᠨ ᠤ ᠬᠠᠨᠳᠤᠰᠢ ᠶᠢᠨ ᠲᠤᠬᠠᠢ ᠢᠨᠦ᠋ᠸᠠᠢ ᠤᠰᠠᠮᠦ᠋᠄ ︽ᠲᠡᠯᠡᠬᠡᠢ ᠶᠢᠨ ᠡᠯ᠎ᠡ ᠭᠠᠵᠠᠷ ᠤᠨ ᠨᠤᠮ ᠤᠨ ᠰᠠᠩ ᠎ ᠳᠤ ᠬᠠᠳᠠᠭᠠᠯᠠᠭᠳᠠᠵᠤ ᠪᠠᠶᠢᠭ᠎ᠠ ᠬᠤᠪᠤᠷ ᠮᠤᠩᠭᠤᠯ ᠨᠤᠮ ᠢ ᠨᠢᠳᠤ ᠪᠠᠷ ᠢᠶᠠᠨ ᠦᠵᠡᠵᠤ᠂ ᠮᠤᠩᠭᠤᠯ ᠨᠠᠶᠢᠵᠠ ᠨᠠᠷ ᠎ ᠲᠠᠭᠠᠨ ᠲᠠᠨᠢᠯᠴᠠᠭᠤᠯᠪᠠᠯ ᠶᠡᠭᠡ ᠰᠠᠶᠢᠨ ᠬᠡᠵᠤ ᠪᠤᠳᠤᠵᠤ ᠪᠠᠶᠢᠨ᠎ᠠ︾ ᠬᠡᠵᠤ ᠮᠠᠨ ᠳᠤ ᠶᠠᠷᠢᠭᠰᠠᠨ ᠪᠢᠯᠡ᠃      ᠢᠨᠦ᠋ᠸᠠᠢ ᠤᠰᠠᠮᠦ᠋ ᠬᠡᠰᠢᠭᠳᠡᠨ ᠳᠤ ᠪᠤᠯᠤᠭᠰᠠᠨ ᠢᠩᠴᠠᠩ ᠤᠨ ᠬᠤᠷᠠᠯᠳᠠᠢ ᠨᠢ ᠦᠪᠡᠷ ᠤᠨ ᠨᠤᠳᠤᠭ ᠤᠨ ᠰᠤᠶᠤᠯ ᠲᠡᠤᠬᠡ ᠪᠠᠨ ᠮᠠᠰᠢ ᠬᠦᠨᠳᠤᠳᠬᠡᠵᠤ᠂ ᠨᠤᠳᠤᠭ ᠤᠨ ᠢᠶᠠᠨ ᠤᠨᠴᠠᠯᠢᠭ ᠢ ᠢᠯᠡᠬᠦᠦ ᠨᠢᠬᠡ ᠲᠠᠯ᠎ᠠ ᠪᠠᠷ ᠲᠤᠳᠤᠷᠬᠠᠶᠢᠯᠠᠶ᠎ᠠ ᠬᠡᠰᠡᠨ ᠬᠠᠨᠳᠤᠰᠢ ᠪᠠᠷ ᠬᠢᠭᠰᠡᠨ ᠠᠴᠠ ᠮᠠᠰᠢ ᠠᠴᠢ ᠬᠤᠯᠪᠤᠭᠳᠠᠯ ᠲᠠᠢ᠃ ᠮᠦᠨ ᠴᠦ ᠮᠤᠩᠭᠤᠯ ᠰᠤᠳᠤᠯᠭᠠᠨ ᠤ ᠰᠢᠨ᠎ᠡ ᠴᠢᠭᠯᠡᠯ ᠢ ᠬᠠᠷᠠᠭᠤᠯᠵᠤ ᠪᠠᠶᠢᠨ᠎ᠠ ᠬᠡᠵᠤ ᠲᠤᠰ ᠤᠳᠠᠭᠠᠨ ᠤ ᠬᠤᠷᠠᠯᠳᠠᠢ ᠶᠢ ᠦᠨᠡᠯᠡᠭᠰᠡᠨ ᠪᠠᠶᠢᠨ᠎ᠠ᠃
 
ᠢᠷᠡᠯᠲᠡ᠄ ᠤᠯᠠᠭᠠᠨ ᠬᠠᠳᠠ ᠶᠢᠨ ᠡᠳᠤᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号