| | ᠬᠠᠯᠬ᠎ᠠ ᠶᠢᠨ ᠤᠶᠢᠰᠤᠨ ᠪᠢᠴᠢᠭ ᠲᠠᠬᠢ ᠴᠢᠩᠬᠢᠰ ᠤᠨ ᠶᠢᠰᠦᠨ ᠦᠷᠯᠦᠭ ᠤᠨ ᠮᠠᠭᠳᠠᠭᠠᠯ | | | | —— ᠮᠤᠩᠭᠤᠯ ᠤᠯᠤᠰ ᠤᠨ ᠰᠢᠨᠵᠢᠯᠡᠬᠦ ᠤᠬᠠᠭᠠᠨ ᠤ ᠠᠺᠠᠳᠧᠮᠢ ᠶᠢᠨ ᠲᠠᠤᠬᠡ ᠶᠢᠨ | ᠬᠦᠷᠢᠶᠡᠯᠡᠩ ᠤᠨ ᠮᠠᠨᠵᠤ ᠶᠢᠨ ᠦᠶ᠎ᠡ ᠶᠢᠨ ᠮᠤᠩᠭᠤᠯ ᠤᠨ ᠲᠡᠤᠬᠡ ᠶᠢᠨ | ᠰᠠᠯᠪᠤᠷᠢ ᠶᠢᠨ ᠡᠷᠬᠢᠯᠡᠭᠴᠢ ᠵᠢᠭ᠍ᠮᠢᠳᠳᠤᠷᠵᠢ ᠶᠢ ᠰᠤᠷᠪᠤᠯᠵᠢᠯᠠᠭᠰᠠᠨ ᠨᠢ | | | | ᠰᠤᠷᠪᠤᠯᠵᠢᠯᠠᠭᠴᠢ ᠰᠢᠵᠢᠷᠴᠡᠴᠡᠭ | | | ᠢᠩᠴᠠᠩ ᠤᠨ ᠬᠤᠷᠠᠯᠳᠠᠢ ᠳᠤ᠂ ᠮᠤᠩᠭᠤᠯ ᠤᠯᠤᠰ ᠠᠴᠠ ᠬᠦᠷᠦᠯᠴᠡᠨ ᠢᠷᠡᠭᠰᠡᠨ ᠮᠤᠩᠭᠤᠯ ᠤᠯᠤᠰ ᠤᠨ | ᠰᠢᠨᠵᠢᠯᠡᠬᠦ ᠤᠬᠠᠭᠠᠨ ᠤ ᠠᠺᠠᠳᠧᠮᠢ ᠶᠢᠨ ᠲᠠᠤᠬᠡ ᠶᠢᠨ ᠬᠦᠷᠢᠶᠡᠯᠡᠩ ᠤᠨ ᠮᠠᠨᠵᠤ ᠶᠢᠨ ᠦᠶ᠎ᠡ ᠶᠢᠨ ᠮᠤᠩᠭᠤᠯ ᠤᠨ | ᠲᠡᠤᠬᠡ ᠶᠢᠨ ᠰᠠᠯᠪᠤᠷᠢ ᠶᠢᠨ ᠡᠷᠬᠢᠯᠡᠭᠴᠢ ᠵᠢᠭ᠍ᠮᠢᠳᠳᠤᠷᠵᠢ ᠬᠠᠯᠬ᠎ᠠ ᠶᠢᠨ ᠤᠶᠢᠰᠤᠨ ᠴᠠᠭᠠᠵᠠ ᠳᠤ ᠪᠠᠶᠢᠭ᠎ᠠ ᠴᠢᠩᠭᠢᠰ | ᠤᠨ ᠶᠢᠰᠦᠨ ᠦᠷᠯᠦᠭ ᠤᠨ ᠮᠠᠭᠳᠠᠭᠠᠯ ᠤᠨ ᠲᠤᠬᠠᠢ ᠢᠯᠡᠳᠬᠡᠯ ᠢᠶᠠᠨ ᠲᠡᠪᠰᠢᠬᠦᠯᠦᠭᠰᠡᠨ ᠪᠠᠶᠢᠨ᠎ᠠ᠃ ᠤᠶᠢᠭᠤᠷᠵᠢᠨ | ᠮᠤᠩᠭᠤᠯ᠂ ᠲᠦᠪᠡᠳ ᠬᠡᠯᠡ ᠪᠠᠷ ᠤᠯᠳᠠᠭᠰᠠᠨ ᠬᠠᠯᠬ᠎ᠠ ᠶᠢᠨ ᠠᠷᠪᠠᠨ ᠨᠠᠢᠮᠠᠨ ᠴᠠᠭᠠᠵᠠ ᠪᠤᠯ 1596 ᠤᠨ ᠠᠴᠠ | 1639 ᠤᠨ ᠳᠤ ᠬᠤᠯᠪᠤᠭᠳᠠᠬᠤ ᠤᠶᠢᠰᠤᠨ ᠴᠠᠭᠠᠵᠠ ᠪᠠᠶᠢᠵᠤ᠂ ᠡᠬᠦᠨ ᠳᠤ ᠵᠦᠪᠬᠡᠨ ᠴᠠᠭᠠᠵᠠ ᠪᠠᠶᠢᠬᠤ ᠶᠤᠰᠤᠳᠠᠢ | ᠪᠠᠶᠢᠳᠠᠯ᠎ᠠ ᠪᠠᠨ ᠴᠢᠩᠬᠢᠰ ᠤᠨ ᠶᠢᠰᠦᠨ ᠦᠷᠯᠦᠭ ᠤᠨ ᠮᠠᠭᠳᠠᠭᠠᠯ ᠢ ᠤᠷᠤᠭᠤᠯᠤᠭᠰᠠᠨ ᠨᠢ ᠮᠠᠰᠢ ᠰᠤᠨᠢᠷᠬᠠᠯᠳᠠᠢ᠃ | ᠵᠢᠭ᠍ᠮᠢᠳᠳᠤᠷᠵᠢ᠄ ︽ᠮᠤᠩᠭᠤᠯ ᠤᠯᠤᠰ ᠠᠴᠠ ᠤᠯᠳᠠᠭᠰᠠᠨ ᠬᠠᠯᠬ᠎ᠠ ᠶᠢᠨ ᠤᠶᠢᠰᠤᠨ ᠪᠢᠴᠢᠭ ᠨᠢ ᠮᠤᠩᠭᠤᠯ | ᠤᠨ ᠲᠡᠤᠬᠡ᠂ ᠬᠡᠯᠡ᠂ ᠬᠠᠤᠯᠢ ᠴᠠᠭᠠᠵᠠ ᠪᠤᠯᠤᠨ ᠤᠷᠠᠨ ᠵᠤᠬᠢᠶᠠᠯ ᠤᠨ ᠴᠢᠬᠤᠯᠠ ᠲᠤᠷᠠᠰᠬᠠᠯ ᠮᠦᠨ᠃ ᠴᠢᠩᠬᠢᠰ | ᠤᠨ ᠶᠢᠰᠦᠨ ᠦᠷᠯᠦᠭ ᠤᠨ ᠮᠠᠭᠳᠠᠭᠠᠯ ᠢ ᠴᠠᠭᠠᠵᠠ ᠶᠢᠨ ᠪᠢᠴᠢᠭ ᠲᠤ ᠤᠷᠤᠭᠤᠯᠤᠭᠰᠠᠨ ᠨᠢ ᠴᠢᠩᠬᠢᠰ ᠤᠨ ᠶᠢᠰᠦᠨ | ᠦᠷᠯᠦᠭ ᠤᠨ ᠠᠯᠳᠠᠷ ᠭᠠᠪᠢᠶ᠎ᠠ ᠶᠢ ᠬᠤᠶᠢᠴᠢ ᠶᠢᠨ ᠬᠦᠮᠦᠰ ᠲᠤ ᠦᠯᠡᠳᠡᠬᠡᠵᠤ ᠪᠠᠭ᠋ᠠᠷᠤᠯ ᠢ ᠲᠦᠷᠦᠬᠦᠯᠬᠦ ᠬᠡᠰᠡᠨ | ᠵᠤᠷᠢᠯᠭ᠎ᠠ ᠲᠠᠢ ᠬᠡᠵᠤ ᠪᠢ ᠪᠤᠳᠤᠵᠤ ᠪᠠᠶᠢᠨ᠎ᠠ᠃ 1973 ᠤᠨ ᠳᠤ ᠬᠠᠯᠬ᠎ᠠ ᠶᠢᠨ ᠤᠶᠢᠰᠤᠨ ᠴᠠᠭᠠᠵᠠ ᠶᠢ | ᠬᠠᠭᠤᠯᠵᠤ ᠬᠡᠪᠯᠡᠭᠰᠡᠨ ᠳᠤ ᠴᠢᠩᠬᠢᠰ ᠤᠨ ᠶᠢᠰᠦᠨ ᠦᠷᠯᠦᠭ ᠤᠨ ᠮᠠᠭᠳᠠᠭᠠᠯ ᠢ ᠤᠷᠬᠢᠵᠠᠢ᠃ ᠦᠬᠡᠷ᠎ᠡ ᠪᠠᠷ ᠬᠡᠯᠡᠪᠡᠯ | ᠡᠨᠡ ᠲᠤᠬᠠᠢ ᠲᠡᠮᠡᠢ ᠰᠤᠳᠤᠯᠤᠭᠰᠠᠨ ᠦᠭᠡᠢ᠃ ᠲᠡᠭᠡᠬᠦ ᠳᠡᠭᠡᠨ ᠡᠨᠡ ᠲᠤᠬᠠᠢ ᠪᠢ ᠲᠨ ᠨᠠᠷ ᠲᠤ ᠲᠠᠨᠢᠯᠴᠠᠭᠤᠯᠬᠤ ᠶᠢ | ᠵᠤᠷᠢᠪᠠ︾ ᠬᠡᠵᠤ ᠶᠠᠷᠢᠭᠰᠠᠨ᠃ | | |