ᠡᠷᠢᠯ ᠢ ᠰᠤᠷᠠᠭ ᠢᠶᠠᠷ
ᠨᠡᠶᠢᠲᠡᠯᠡᠭᠰᠡᠨ ᠴᠠᠭ᠄
2019/9/9
            1936 ᠤᠨ ᠳᠤ ᠬᠡᠰᠢᠭᠳᠡᠨ ᠬᠤᠰᠢᠭᠤᠨ ᠤ ᠵᠡᠬᠦᠨ ᠠᠷᠤ ᠨᠤᠳᠤᠭ ᠤᠨ ᠤᠯᠠᠭᠠᠨ ᠡᠷᠬᠢ ᠶᠢᠨ ᠢᠷᠭᠠᠶᠢᠳᠤ  ᠳᠤ ᠵᠠᠮᠪᠠᠴᠢᠮᠪᠤ᠂  ᠳ᠋ᠧᠪᠤᠴᠢᠮᠪᠤ᠂ ᠪᠠᠶᠠᠨᠵᠢᠷᠭᠠᠯ᠂ ᠰᠤᠤᠰᠠᠷ᠂ ᠴᠢᠮᠡᠳᠵᠠᠪ᠂ ᠡᠵᠡᠯᠡᠭᠴᠢ ᠁ ᠨᠠᠷ ᠰᠤᠶᠤᠯ ᠤᠨ ᠭᠡᠭᠡ ᠲᠠᠢ ᠵᠤᠯᠭᠠᠬᠤ ᠠᠩᠬᠠᠨ ᠤ ᠭᠠᠷᠤᠭ᠎ᠠ ᠪᠠᠨ ᠠᠪᠴᠤ᠂ ᠭᠡᠷ ᠤᠨ ᠰᠤᠷᠭᠠᠭᠤᠯᠢ ᠳᠤ ᠰᠤᠷᠴᠤ ᠪᠠᠶᠢᠵᠠᠢ᠃ ᠡᠨᠡ ᠰᠤᠷᠭᠠᠭᠤᠯᠢ ᠶᠢ ᠵᠢᠪᠬᠤᠯᠠᠩ ᠬᠡᠰᠡᠨ ᠬᠦᠮᠦᠨ ᠭᠡᠷ ᠤᠨ ᠪᠠᠭᠰᠢ ᠵᠠᠯᠠᠨ ᠬᠤᠪᠢ ᠶᠢᠨ ᠬᠦᠷᠦᠩᠭᠡ ᠪᠠᠷ ᠢᠶᠠᠨ ᠳᠡᠳᠭᠦᠨ ᠡᠷᠬᠢᠯᠡᠵᠤ᠂ ᠠᠶᠢᠯ ᠬᠤᠳᠠᠨ ᠤ ᠪᠠᠨ ᠬᠡᠦᠭᠡᠳ ᠤᠳ ᠲᠤ ᠡᠷᠳᠡᠮ ᠤᠨ ᠪᠤᠶᠠᠨ ᠢ ᠳᠦᠭᠡᠭᠡᠨ ᠦᠰᠦᠭ ᠨᠢᠳᠦᠯᠡᠬᠦᠯᠵᠤ ᠪᠠᠶᠢᠵᠠᠢ᠃ ︽ᠴᠤᠬᠤᠮ ᠶᠠᠮᠠᠷ ᠬᠦᠮᠦᠨ ᠪᠢᠴᠢᠭ ᠵᠢᠭᠠᠵᠤ ᠪᠠᠶᠢᠭᠰᠠᠨ ᠢ ᠨᠢ ᠳᠤᠳᠤᠷᠬᠠᠢ ᠬᠡᠯᠡᠵᠤ ᠭᠠᠷᠭᠠᠵᠤ ᠳᠡᠶᠢᠯᠬᠦ ᠦᠬᠡᠢ ᠪᠠᠶᠢᠨ᠎ᠠ︾ ᠬᠡᠵᠦ 2013 ᠤᠨ ᠤ 5 ᠰᠠᠷ᠎ᠠ ᠶᠢᠨ10 ᠳᠤ ᠦᠨᠦ ᠶᠢᠨ ᠪᠠᠶ᠋ᠨᠨᠴᠠᠭᠠᠨ ᠰᠤᠮᠤᠨ ᠤ ᠪᠠᠶᠠᠩᠭᠤᠤᠯ ᠭᠠᠴᠠᠭᠠᠨ ᠳᠤ ᠰᠠᠭᠤᠭ᠎ᠠ ᠦᠷᠯᠦᠭ ᠤᠪᠤᠭᠳᠤ ᠸᠠᠩᠴᠢᠨᠰᠡᠷᠡᠩ ᠤᠨ ᠳᠤᠷᠵᠢᠵᠠᠪ ᠨᠠᠰᠤᠳᠠᠨ ᠶᠠᠷᠢᠭᠰᠠᠨ ᠪᠦᠬᠡᠳ ᠵᠤᠭᠤᠭ ᠤᠨ ᠴᠢᠭᠯᠡᠯ ᠦᠬᠡᠷ᠎ᠡ ᠨᠢᠬᠡᠨ ᠦᠵᠡᠭᠳᠡᠯ ᠤᠨ ᠳᠤᠷᠭᠠᠨ ᠬᠦᠰᠢᠬᠡ ᠶᠢ ᠠᠯᠠᠭᠤᠷᠬᠠᠨ ᠳᠠᠳᠠᠬᠤ ᠨᠢ ᠪᠠᠭ᠋ᠠᠷᠬᠠᠯ ᠳᠦᠷᠦᠬᠦᠯᠦᠨ ᠳᠤᠷ᠎ᠠ ᠶᠢ ᠪᠤᠯᠢᠶᠠᠵᠤ᠂ ᠰᠡᠳᠬᠢᠯ ᠢ  ᠰᠤᠷᠢᠨᠵᠢᠳᠠᠬᠤ ᠨᠢ ᠢᠳᠡ ᠲᠠᠢ᠃      ᠶᠠᠫᠤᠨᠴᠤᠳ ᠤᠨ ᠳᠠᠮᠵᠢᠯᠬᠡ ᠪᠠᠷ ᠪᠤᠰᠤᠭᠰᠠᠨ ᠮᠠᠨᠵᠤ ᠬᠦᠷᠦᠨ ᠤ ᠦᠶ᠎ᠡ ᠳᠤ ᠤᠯᠠᠭᠠᠨ ᠡᠷᠬᠢ ᠳᠤ ᠨᠤᠳᠤᠭᠯᠠᠵᠤ ᠪᠠᠶᠢᠭᠰᠠᠨ ᠳᠤᠷᠵᠢᠵᠠᠪ ᠤᠨ ᠡᠴᠢᠬᠡ ᠸᠠᠩᠴᠢᠨᠰᠡᠷᠡᠩ ᠲᠠᠢ ᠢᠷᠭᠠᠶᠢᠳᠤ ᠶᠢᠨ ᠵᠢᠨᠳᠡᠢ ᠬᠡᠮᠡᠭᠴᠢ ᠪᠠᠶᠠᠨ ᠬᠦᠮᠦᠨ ᠵᠠᠷᠭᠤ ᠬᠢᠭᠰᠡᠨ ᠦᠯᠢᠬᠡᠷ ᠲᠠᠢ ᠬᠡᠨ᠎ᠡ᠃ ︽ᠲᠡᠷᠡ ᠵᠠᠷᠭᠤ ᠶᠢᠨ ᠪᠢᠴᠢᠭ ᠢ ᠵᠢᠨᠳᠡᠢ ᠪᠠᠶᠠᠨ ᠤᠯᠠᠭᠠᠨ ᠡᠷᠬᠢ  ᠶᠢᠨ ᠭᠡᠷ ᠤᠨ ᠰᠤᠷᠭᠠᠭᠤᠯᠢ ᠶᠢᠨ ᠪᠠᠭᠰᠢ ᠪᠠᠷ ᠪᠢᠴᠢᠬᠦᠯᠦᠭᠰᠡᠨ ᠬᠡᠨ᠎ᠡ᠃ ᠰᠦᠷ ᠲᠠᠢ ᠬᠡᠴᠡᠬᠦᠦ ᠪᠢᠴᠢᠵᠤ ᠬᠡᠨ᠎ᠡ ᠰᠢᠦ ᠃ ᠴᠤᠬᠤᠮ ᠬᠡᠨ ᠨᠢ ᠪᠢᠴᠢᠭᠰᠡᠨ ᠶᠤᠮ ᠪᠤᠯ ᠪᠤᠤ ᠮᠠᠳᠠ ᠁︾  ᠬᠡᠳ ᠳᠤᠷᠵᠢᠵᠠᠪ ᠨᠠᠰᠤᠳᠠᠨ ᠴᠢᠨᠠᠭᠰᠢ ᠶᠠᠷᠢᠭᠰᠠᠨ ᠨᠢ ︽ᠳᠦᠴᠢᠬᠡᠳ ᠤᠨ ᠤ ᠦᠶ᠎ᠡ ᠳᠤ ᠤᠪᠤᠭᠠᠨ ᠳᠠᠬᠢᠯᠭ᠎ᠠ ᠶᠢᠨ ᠤᠴᠢᠷ ᠢᠶᠠᠷ ᠪᠡᠯᠡ ᠬᠦᠷᠦᠩᠬᠡ ᠲᠠᠢ ᠠᠶᠢᠯ ᠠᠴᠠ ᠭᠡᠷ ᠲᠡᠷᠬᠡ ᠵᠢᠬᠡᠯᠡᠬᠦ ᠶᠠᠪᠤᠳᠠᠯ ᠭᠠᠷᠴᠠᠢ᠃ ᠤᠪᠤᠭᠠᠨ ᠳᠠᠬᠢᠯᠭ᠎ᠠ ᠶᠢ ᠨᠢ ᠮᠢᠨᠤ ᠠᠪᠤ ᠸᠠᠩᠴᠢᠨᠰᠡᠷᠡᠩ ᠬᠠᠷᠢᠭᠤᠴᠠᠵᠤ ᠪᠠᠶᠢᠵᠠᠢ᠃ ᠶᠠᠫᠤᠨ ᠨᠤᠶᠠᠨ ᠢᠷᠡᠵᠤ ᠤᠷᠤᠯᠴᠠᠨ᠎ᠠ ᠬᠡᠰᠡᠨ ᠬᠡᠨ᠎ᠡ᠃ ᠲᠡᠬᠡᠬᠡᠳ ᠵᠢᠨᠳᠡᠢ ᠪᠠᠶᠠᠨ‌ᠡᠴᠠ ᠭᠡᠷ ᠵᠢᠬᠡᠯᠡᠬᠦ ᠬᠡᠬᠦ ᠳᠤ ᠨᠢ ᠦᠭᠬᠦ ᠦᠬᠡᠢ  ᠰᠦᠷᠦᠬᠡᠳ ᠪᠠᠶᠢᠵᠠᠢ᠃ ᠬᠦᠴᠦ ᠪᠠᠷ ᠳᠠᠷᠤᠵᠤ ᠠᠪᠤᠭᠠᠳ ᠪᠤᠷᠬᠠᠨ ᠳᠠᠬᠢᠵᠤ ᠪᠠᠶᠢᠭᠰᠠᠨ ᠭᠡᠷ ᠢ ᠨᠢ ᠪᠠᠭᠤᠯᠭᠠᠭᠠᠳ ᠲᠡᠬᠡᠬᠡᠴᠢᠬᠡᠵᠠᠢ᠃ ᠵᠢᠨᠳᠡᠢ ᠪᠠᠶᠠᠨ ᠤ ᠠᠭᠤᠷ ᠨᠢ ᠬᠦᠳᠡᠯᠵᠤ ᠠᠪᠤ  ᠲᠠᠢ ᠮᠢᠨᠢ ᠵᠠᠷᠭᠤ ᠬᠦᠬᠡᠬᠡᠵᠠᠢ᠃ ᠵᠠᠷᠭᠤ ᠶᠢᠨ ᠪᠢᠴᠢᠭ ᠨᠢ ᠶᠠᠫᠤᠨ ᠬᠦᠮᠦᠨ ᠤ ᠳᠡᠨᠳᠡ ᠬᠦᠷᠴᠤ᠂ ᠠᠪᠤ ᠳᠤ ᠮᠢᠨᠢ ᠬᠦᠨᠳᠦ ᠶᠠᠯ᠎ᠠ ᠳᠤᠯᠭᠠᠵᠤ ᠬᠡᠨ᠎ᠡ᠃ ᠬᠡᠰᠢᠭᠳᠡᠨ ᠵᠠᠰᠠᠭ ᠨᠤᠶᠠᠨ ᠡᠨᠡ ᠬᠡᠷᠡᠭ ᠢ ᠮᠡᠳᠡᠬᠡᠳ ᠶᠠᠫᠤᠨ ᠬᠦᠮᠦᠨ ᠲᠠᠢ ᠬᠡᠯᠡᠯᠴᠡᠬᠡᠷ ᠬᠢᠵᠤ ᠶᠠᠯ᠎ᠠ ᠠᠴᠠ ᠨᠢ ᠬᠡᠯᠳᠦᠷᠢᠬᠦᠯᠵᠦ ᠠᠪᠴᠠᠢ ᠁︾ ᠬᠡᠯ᠎ᠡ᠃ ᠦᠢᠮᠡᠬᠡᠨ ᠳᠡᠪᠵᠢᠶᠠᠨᠳᠤ ᠴᠠᠭ ᠳᠦᠷᠦ ᠶᠢᠨ ᠬᠡᠷᠦᠬᠡᠰᠦᠨ ᠳᠡᠬᠡᠷ᠎ᠡ ᠠᠷᠴᠢᠭᠳᠠᠰᠢ ᠦᠬᠡᠢ ᠳᠤᠳᠤ ᠰᠡᠶᠢᠯᠦᠭᠳᠡᠭᠰᠡᠨ ᠡᠶᠢᠮᠦ ᠦᠯᠢᠬᠡᠷ ᠢ ᠰᠤᠨᠤᠰᠪᠠ᠃ ᠤᠯᠠᠭᠠᠨ ᠡᠷᠬᠢ ᠶᠢᠨ ᠭᠡᠷ ᠤᠨ ᠰᠤᠷᠭᠠᠭᠤᠯᠢ ᠶᠢᠨ ᠳᠤᠬᠠᠢ ᠦᠬᠡᠷ᠎ᠡ ᠰᠦᠪᠡᠭᠴᠢ ᠰᠢᠨ᠎ᠡ ᠪᠠᠷ ᠠᠬᠢᠭᠠᠳ ᠤᠯᠳᠠᠳᠠᠭ ᠪᠤᠯ ᠤᠤ︖
 
ᠢᠷᠡᠯᠲᠡ᠄ ︽ᠤᠶᠤᠨ ᠢ ᠴᠢᠮᠡᠭᠴᠢ ᠯᠢᠩᠪᠤ ᠶᠢᠨ ᠡᠭᠡᠰᠢᠭ︾ ᠨᠤᠮ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号