ᠬᠤᠨᠢᠨ ᠮᠢᠬᠠᠨ ᠤ ᠬᠤᠷᠢᠨ ᠨᠢᠭᠡᠨ ᠣᠪ
ᠨᠡᠶᠢᠲᠡᠯᠡᠭᠰᠡᠨ ᠴᠠᠭ᠄
2023/3/22
     ᠲᠦᠭᠰᠢᠭᠦᠷᠢ ᠢᠳᠡᠵᠦ ᠪᠤᠯᠬᠤ ᠦᠭᠡᠢ ᠮᠣᠷᠢ ᠲᠦᠭᠰᠢᠨ᠎ᠡ︔ ᠪᠥᠲᠥᠷᠬᠡᠢ ᠢᠳᠡᠵᠦ ᠪᠣᠯᠬᠤ ᠦᠭᠡᠢ᠂ ᠮᠣᠷᠢ ᠪᠥᠲᠥᠷᠢᠨ᠎ᠡ︔ ᠭᠡᠳᠡᠰᠦᠨ ᠵᠠᠩᠭᠢᠯᠠᠭ᠎ᠠ ᠢᠳᠡᠵᠦ ᠪᠤᠯᠬᠤ ᠦᠭᠡᠢ᠂ ᠮᠣᠷᠢ ᠵᠠᠩᠭᠢᠷᠠᠨ᠎ᠠ︔ ᠰᠠᠮᠠᠯᠳᠠᠭ ᠢᠳᠡᠵᠦ ᠪᠤᠯᠬᠤ ᠦᠭᠡᠢ᠂ ᠮᠣᠷᠢ ᠳᠣᠷᠬᠢᠨ᠎ᠠ︔ ᠭᠤᠳᠣᠩ ᠢᠳᠡᠵᠦ ᠪᠤᠯᠬᠤ ᠦᠭᠡᠢ᠂ ᠮᠣᠷᠢ ᠰᠢᠷᠪᠠᠭ᠎ᠠ ᠪᠣᠯᠣᠨ᠎ᠠ︔ ᠰᠠᠷᠬᠢᠨᠠᠭ ᠢᠳᠡᠵᠦ ᠪᠤᠯᠬᠤ ᠦᠭᠡᠢ᠂ ᠰᠠᠭᠠᠳᠠᠭ ᠢᠶᠠᠨ ᠭᠡᠭᠡᠨ᠎ᠡ︔ ᠣᠯᠣᠭᠠᠢ ᠢᠳᠡᠵᠦ ᠪᠤᠯᠬᠤ ᠦᠭᠡᠢ᠂ ᠣᠯᠳᠣᠢ ᠪᠣᠯᠣᠨ᠎ᠠ︔ ᠰᠢᠯᠢ ᠢᠳᠡᠵᠦ ᠪᠤᠯᠬᠤ ᠦᠭᠡᠢ᠂ ᠬᠤᠯᠠᠭᠠᠶᠢᠴᠢ ᠪᠣᠯᠣᠨ᠎ᠠ︔ ᠨᠣᠭᠤᠰᠤ ᠢᠳᠡᠵᠦ ᠪᠤᠯᠬᠤ ᠦᠭᠡᠢ᠂ ᠵᠣᠷᠢᠭ ᠦᠭᠡᠢ ᠪᠣᠯᠣᠨ᠎ᠠ︔ ᠲᠡᠨᠡᠭ ᠲᠦᠷᠦᠭᠦᠦ ᠢᠳᠡᠵᠦ ᠪᠤᠯᠬᠤ ᠦᠭᠡᠢ᠂ ᠡᠷᠭᠢᠭᠦᠦ ᠲᠡᠨᠡᠭ ᠪᠣᠯᠣᠨ᠎ᠠ︔ ᠲᠠᠷᠢᠬᠢ ᠢᠳᠡᠵᠦ ᠪᠤᠯᠬᠤ ᠦᠭᠡᠢ᠂ ᠨᠢᠰᠣᠬᠠᠢ ᠪᠣᠯᠣᠨ᠎ᠠ︔ ᠳᠡᠯᠢᠭᠦᠦ ᠢᠳᠡᠵᠦ ᠪᠤᠯᠬᠤ ᠦᠭᠡᠢ᠂ ᠬᠥᠬᠡ ᠴᠢᠷᠠᠢ ᠲᠠᠢ ᠪᠣᠯᠣᠨ᠎ᠠ︔ ᠪᠣᠯᠴᠢᠷᠬᠠᠢ ᠢᠳᠡᠵᠦ ᠪᠣᠯᠬᠤ ᠦᠭᠡᠢ᠂ ᠪᠤᠵᠠᠷ ᠪᠣᠯᠣᠨ᠎ᠠ︔ ᠥᠨᠥᠴᠢᠨ ᠡᠯᠢᠭᠡ ᠢᠳᠡᠵᠦ ᠪᠣᠯᠬᠤ ᠦᠭᠡᠢ᠂ ᠥᠨᠥᠴᠢᠨ ᠥᠷᠥᠭᠡᠰᠦᠨ ᠢ ᠳᠣᠷᠣᠮᠵᠢᠯᠠᠭᠰᠠᠨ ᠬᠡᠷᠡᠭ ᠪᠣᠯᠣᠨ᠎ᠠ᠂ ᠥᠨᠥᠴᠢᠨ ᠬᠥᠮᠥᠨ ᠢᠳᠡᠪᠡᠯ ᠥᠪᠡᠷ ᠢ ᠪᠠᠨ ᠬᠥᠨᠥᠭᠡᠭᠰᠡᠨ ᠤᠴᠢᠷ ᠪᠣᠯᠣᠨ᠎ᠠ︔ ᠪᠣᠭᠤᠨᠢ ᠬᠠᠪᠢᠷᠭ᠎ᠠ ᠢᠲᠡᠵᠦ ᠪᠤᠯᠬᠤ ᠦᠭᠡᠢ᠂ ᠬᠥᠮᠥᠨ ᠤ ᠭᠠᠭᠴᠠ ᠬᠦᠦ ᠶᠢ ᠬᠥᠨᠥᠭᠡᠭᠰᠡᠨ  ᠳᠤ ᠣᠷᠣᠨ᠎ᠠ᠂ ᠬᠥᠮᠥᠨ ᠤ ᠭᠠᠭᠴᠠ ᠬᠦᠦ ᠢᠳᠡᠪᠡᠯ ᠭᠠᠢ ᠭᠠᠮᠰᠢᠭ ᠲᠤ ᠲᠣᠬᠢᠶᠠᠯᠳᠤᠨ᠎ᠠ︔ ᠬᠠᠷᠢᠳᠤ ᠴᠢᠮᠦᠭᠡ ᠶᠢ ᠵᠣᠴᠢᠨ ᠳᠤ ᠥᠭᠴᠦ ᠪᠤᠯᠬᠤ ᠦᠭᠡᠢ᠂ ᠬᠠᠷᠢᠶᠠᠭᠰᠠᠨ ᠲᠠᠢ ᠠᠳᠠᠯᠢ ᠪᠣᠯᠣᠨ᠎ᠠ᠂ ᠬᠠᠷᠢᠭᠤ ᠮᠡᠳᠡᠬᠦ ᠦᠭᠡᠢ ᠬᠥᠮᠥᠨ ᠳᠤ ᠰᠠᠶ᠋ᠢ ᠬᠠᠷᠢᠳᠤ ᠴᠢᠮᠦᠭᠡ ᠥᠭᠳᠡᠭ︔ ᠬᠠ ᠶᠢᠨ ᠬᠤᠶᠠᠩ ᠢᠳᠡᠵᠦ ᠪᠤᠯᠬᠤ ᠦᠭᠡᠢ᠂ ᠬᠠᠷᠢᠲᠠᠨ ᠳᠠᠶᠢᠰᠤᠨ ᠳᠤ ᠬᠤᠣᠷᠯᠠᠭᠳᠠᠨ᠎ᠠ︔ ᠪᠣᠭᠳᠣᠰ ᠴᠢᠮᠦᠭᠡ ᠶᠢ ᠵᠣᠴᠢᠨ ᠳᠤ ᠥᠭᠴᠦ ᠪᠤᠯᠬᠤ ᠦᠭᠡᠢ᠂ ᠲᠣᠷᠣᠮᠵᠢᠯᠠᠭᠰᠠᠨ ᠲᠠᠢ ᠠᠳᠠᠯᠢ ᠪᠣᠯᠣᠨ᠎ᠠ᠂ ᠪᠣᠯᠭᠤᠮᠵᠢ ᠦᠭᠡᠢ ᠬᠥᠮᠥᠨ ᠳᠤ ᠰᠠᠶ᠋ᠢ ᠪᠣᠭᠳᠣᠰ ᠴᠢᠮᠥᠭᠡ ᠥᠭᠳᠡᠭ᠂ ᠬᠥᠮᠥᠨ ᠤ ᠭᠠᠭᠴᠠ ᠬᠦᠦ ᠪᠣᠭᠳᠣᠰ ᠴᠢᠮᠦᠭᠡ ᠢᠳᠡᠵᠦ ᠪᠤᠯᠬᠤ ᠦᠭᠡᠢ᠂ ᠬᠠᠨᠢ ᠦᠭᠡᠢ ᠪᠤᠶᠤ ᠬᠠᠨᠢ ᠪᠠᠨ ᠬᠤᠣᠷᠯᠠᠭᠰᠠᠨ ᠠᠳᠠᠯᠢ ᠪᠣᠯᠣᠨ᠎ᠠ︔ ᠲᠠᠯᠦ ᠶᠢ ᠭᠠᠭᠴᠠᠭᠠᠷ ᠢᠳᠡᠵᠦ ᠪᠤᠯᠬᠤ ᠦᠭᠡᠢ᠂ ᠳᠠᠶᠢᠰᠤᠨ ᠳᠤ ᠳᠠᠷᠤᠭᠳᠠᠨ᠎ᠠ︔ ᠵᠢᠬᠡ ᠨᠢ ᠨᠠᠭᠠᠴᠤ ᠶᠢᠨ ᠡᠮᠦᠨ᠎ᠡ ᠳᠡᠯᠦ ᠪᠠᠷᠢᠵᠤ ᠪᠤᠯᠬᠤ ᠦᠭᠡᠢ᠂ ᠶᠣᠰᠣ ᠠᠯᠳᠠᠨ᠎ᠠ︔ ᠳᠠᠯᠤ ᠬᠡᠮᠡᠯᠢᠵᠦ ᠪᠤᠯᠬᠤ ᠦᠭᠡᠢ᠂ ᠨᠠᠭᠠᠴᠤ ᠨᠢ ᠶᠠᠳᠠᠭᠤᠷᠠᠨ᠎ᠠ︔ ᠱᠠᠭ᠎ᠠ ᠶᠢᠨ ᠮᠢᠬ᠎ᠠ ᠶᠢ ᠢᠳᠡᠵᠦ ᠪᠣᠯᠬᠤ ᠦᠭᠡᠢ᠂ ᠱᠠᠯᠳᠠᠩ ᠭᠤᠶᠢᠷᠠᠭᠴᠢ ᠪᠣᠯᠣᠨ᠎ᠠ︔ ᠱᠠᠭ᠎ᠠ ᠶᠢ ᠭᠡᠭᠡᠵᠦ ᠪᠤᠯᠬᠤ ᠦᠭᠡᠢ᠂ ᠭᠦᠷᠦᠩᠬᠡ ᠪᠠᠨ ᠪᠠᠷᠠᠨ᠎ᠠ︔ ᠱᠠᠭ᠎ᠠ ᠶᠢ ᠰᠠᠶᠢᠬᠠᠨ ᠵᠠᠰᠠᠪᠠᠯ ᠮᠣᠷᠢ ᠰᠠᠶᠢᠬᠠᠨ ᠤᠨᠤᠨ᠎ᠠ ᠭᠡᠳᠡᠭ᠃ ᠡᠳᠡᠭᠡᠷ ᠬᠤᠷᠢᠨ ᠨᠢᠭᠡ ᠶᠢ ᠡᠩᠬᠦᠷᠡᠢ ᠬᠡᠦᠬᠡᠳ ᠲᠤ ᠢᠳᠡᠭᠦᠯᠳᠡᠭ ᠦᠭᠡᠢ ᠪᠥᠭᠡᠳ ᠲᠠᠪᠠᠭ ᠳᠡᠪᠰᠢᠨ ᠳᠤ ᠣᠷᠣᠭᠤᠯᠳᠠᠭ ᠦᠭᠡᠢ᠂ ᠭᠤᠣᠯᠳᠠᠭᠤ ᠨᠠᠰᠤᠲᠠᠶᠢᠴᠤᠳ ᠢᠳᠡᠳᠡᠭ᠃
 
ᠢᠷᠡᠯᠲᠡ᠄ ᠬᠡᠰᠢᠭᠳᠡᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号