ᠢᠷᠬᠡᠨ ᠤ ᠴᠢᠭᠯᠡᠯ ᠤᠨ ᠰᠤᠶᠤᠯ ᠪᠤᠯᠪᠠᠰᠤᠷᠠᠯ ᠳᠠᠰᠢ
ᠨᠡᠶᠢᠲᠡᠯᠡᠭᠰᠡᠨ ᠴᠠᠭ᠄
2019/9/9
              1932 ᠤᠨ ᠤ ᠭᠤᠷᠪᠠᠳᠤᠭᠠᠷ ᠰᠠᠷ᠎ᠠ ᠶᠢᠨ ᠨᠢᠬᠡᠨ ᠳᠤ ᠬᠠᠭᠤᠷᠮᠠᠭ ᠮᠠᠨᠵᠤ ᠤᠯᠤᠰ ᠪᠠᠶᠢᠭᠤᠯᠤᠭᠳᠠᠨ ᠦᠪᠦᠷ ᠮᠤᠩᠭᠤᠯ ᠤᠨ ᠵᠡᠬᠦᠨ ᠬᠡᠰᠡᠭ ᠮᠠᠨᠵᠤ ᠤᠯᠤᠰ ᠤᠨ ᠪᠦᠷᠢᠯᠳᠦᠬᠦᠨ ᠳᠤ ᠤᠷᠤᠭᠠᠳ ᠵᠡᠬᠦᠨ ᠮᠤᠩᠭᠤᠯ ᠬᠡᠭᠳᠡᠬᠦ ᠪᠤᠯᠤᠭᠰᠠᠨ ᠪᠠ ᠲᠡᠷᠡ ᠦᠶ᠎ᠡ ᠳᠤ ᠵᠤᠤ ᠤᠳᠠ ᠴᠢᠭᠤᠯᠭᠠᠨ ᠤ ᠬᠡᠰᠢᠭᠳᠡᠨ ᠬᠤᠰᠢᠭᠤ ᠨᠢ ᠴᠤ ᠡᠨᠡ ᠬᠦᠷᠢᠶᠡᠨ ᠳᠤ ᠵᠢᠷᠤᠭᠳᠠᠭᠠᠳ 1933 ᠤᠨ ᠤ 5 ᠰᠠᠷ᠎ᠠ ᠶᠢᠨ10 ᠤ ᠡᠳᠦᠷ ︽ᠮᠠᠨᠵᠤ ᠤᠯᠤᠰ ᠤᠨ ᠵᠠᠰᠠᠭ ᠤᠨ ᠭᠠᠵᠠᠷ ᠵᠤᠤ ᠤᠳᠠ ᠴᠢᠭᠤᠯᠭᠠᠨ ᠤ ᠵᠠᠷᠤᠳ ᠵᠡᠬᠦᠨ ᠬᠤᠰᠢᠭᠤ᠂ ᠵᠠᠷᠤᠳ ᠪᠠᠷᠠᠭᠤᠨ ᠬᠤᠰᠢᠭᠤ᠂ ᠠᠷᠤ ᠬᠤᠷᠴᠢᠨ ᠬᠤᠰᠢᠭᠤ᠂ ᠪᠠᠭᠠᠷᠢᠨ ᠵᠡᠭᠦᠨ ᠬᠤᠰᠢᠭᠤ᠂ ᠪᠠᠭᠠᠷᠢᠨ ᠪᠠᠷᠠᠭᠤᠨ ᠬᠤᠰᠢᠭᠤ᠂ ᠬᠡᠰᠢᠭᠳᠡᠨ ᠬᠤᠰᠢᠭᠤ ᠬᠢᠬᠡᠳ ᠺᠠᠶᠢᠯᠤ ᠰᠢᠶᠠᠨ᠂ ᠯᠢᠨᠰᠢ ᠰᠢᠶᠠᠨ ᠢ ᠬᠢᠩᠭᠠᠨ ᠪᠠᠷᠠᠭᠤᠨ ᠬᠤᠪᠢᠶᠠᠷᠢ ᠮᠤᠵᠢ ᠶᠢᠨ ᠬᠠᠷᠢᠶ᠎ᠠ ᠪᠤᠯᠭᠠᠵᠠᠢ᠃︾       1934 ᠤᠨ ᠳᠤ ᠷᠤᠯᠭᠠᠷᠵᠠᠪ ᠬᠦᠩ ᠮᠠᠨᠵᠤ ᠤᠯᠤᠰ ᠤᠨ ᠵᠠᠰᠠᠭ ᠤᠨ ᠵᠢᠭᠠᠪᠤᠷᠢ ᠪᠠᠷ ᠢᠷᠭᠡᠨ ᠤᠯᠤᠰ  ᠤᠨ ᠭᠤᠷᠪᠠᠳᠤᠭᠠᠷ ᠤᠨ ᠳᠤ ︵1914︶ ᠪᠠᠶᠢᠭᠤᠯᠤᠭᠰᠠᠨ ᠬᠠᠯᠠᠭᠤᠨ ᠭᠤᠤᠯ ︵ᠿᠧ ᠾᠧ︶ ᠤᠨᠴᠠᠭᠠᠢ ᠤᠷᠤᠨ  ᠤ ᠵᠢᠩᠫᠸᠡᠩ ᠰᠢᠶᠠᠨ ᠢ ᠳᠠᠳᠠᠨ ᠪᠠᠭᠤᠯᠭᠠᠵᠤ᠂ ᠡᠷᠭᠡ ᠶᠢ ᠭᠠᠷ ᠲᠠᠭᠠᠨ ᠠᠪᠴᠤ᠂ ᠬᠡᠰᠢᠭᠳᠡᠨ ᠬᠤᠰᠢᠭᠤᠨ ᠤ ᠵᠠᠰᠠᠭ ᠵᠠᠬᠢᠷᠭ᠎ᠠ ᠶᠢ ᠰᠢᠨ᠎ᠡ ᠪᠠᠷ ᠴᠡᠭᠴᠡᠯᠡᠭᠡᠳ ᠠᠩᠬᠠᠳᠠᠭᠴᠢ ᠬᠤᠰᠢᠭᠤ ᠳᠠᠷᠤᠭ᠎ᠠ ᠪᠤᠯᠵᠤ᠂ ᠮᠠᠯᠵᠢᠬᠤ ᠤᠷᠤᠨ ᠢ ᠵᠡᠬᠦᠨ ᠠᠷᠤ᠂ ᠪᠠᠷᠠᠭᠤᠨ ᠠᠷᠤ ᠬᠡᠵᠦ ᠬᠤᠶᠠᠷ ᠨᠤᠳᠤᠭ ᠬᠤᠪᠢᠶᠠᠪᠠ᠃ ᠲᠡᠷᠡ ᠦᠶ᠎ᠡ ᠳᠤ ᠬᠡᠰᠢᠭᠳᠡᠨ ᠬᠤᠰᠢᠭᠤᠨ ᠤ ᠵᠡᠬᠦᠨ ᠠᠷᠤ ᠨᠤᠳᠤᠭ ᠲᠤ ᠤᠯᠠᠭᠠᠨ ᠡᠷᠬᠢ ᠼᠦᠨ ᠬᠡᠮᠡᠬᠦ ᠤᠳᠤ ᠶᠢᠨ ᠰᠤᠮᠤᠨ ᠤ ᠪᠠᠶᠢᠭᠤᠯᠤᠮᠵᠢ ᠲᠠᠢ ᠲᠡᠩᠴᠡᠬᠦ ᠵᠠᠰᠠᠭ  ᠤᠨ ᠨᠢᠬᠡ ᠬᠤᠪᠢᠶᠠᠷᠢ ᠤᠷᠤᠰᠢᠵᠤ ᠪᠠᠶᠢᠭᠰᠠᠨ ᠪᠦᠬᠡᠳ ᠳᠠᠷᠤᠭ᠎ᠠ ᠪᠠᠷ ᠨᠢ ᠦᠯᠵᠡᠶᠢᠪᠠᠶᠠᠷ ᠬᠡᠰᠡᠨ ᠬᠦᠮᠦᠨ ᠳᠤᠮᠢᠯᠠᠭᠳᠠᠵᠤ ᠪᠠᠶᠢᠵᠠᠢ᠃       ᠷᠤᠯᠭᠠᠷᠵᠠᠪ ᠬᠦᠩ 1934 ᠤᠨ ᠳᠤ ᠬᠡᠰᠢᠭᠳᠡᠨ ᠨᠤᠳᠤᠭ ᠠᠴᠠ ᠪᠠᠨ ᠬᠢᠩᠭᠠᠨ ᠪᠠᠷᠠᠭᠤᠨ ᠮᠤᠵᠢ ᠶᠢᠨ ᠠᠷᠠᠳ ᠤᠨ ᠶᠠᠪᠤᠳᠠᠯ ᠤᠨ ᠲᠢᠩᠬᠢᠮ ᠤᠨ ᠳᠠᠷᠤᠭ᠎ᠠ᠂ 1937 ᠤᠨ ᠳᠤ ᠳᠡᠪᠰᠢᠭᠡᠳ ᠬᠢᠩᠭᠠᠨ ᠪᠠᠷᠠᠭᠤᠨ ᠮᠤᠵᠢ  ᠶᠢᠨ ᠳᠠᠷᠤᠭ᠎ᠠ ᠪᠠᠷ ᠳᠤᠮᠢᠯᠠᠭᠳᠠᠵᠤ᠂ ᠬᠠᠯᠢᠭᠤᠳᠤ ︵ᠦᠨᠦ ᠶᠢᠨ ᠳᠦᠩᠯᠢᠶᠠᠥ ᠬᠤᠳᠠ ᠶᠢᠨ ᠺᠠᠶᠢᠯᠦ ᠰᠢᠶᠠᠨ︶ ᠳᠤ ᠰᠠᠭᠤᠵᠤ ᠪᠠᠶᠢᠪᠠ᠃ ᠲᠡᠷᠡ ᠪᠠᠷ ᠳᠦᠷᠦᠭᠰᠡᠨ ᠨᠤᠳᠤᠭ ᠲᠠᠭᠠᠨ ᠵᠠᠰᠠᠭ ᠤᠨ ᠡᠷᠭᠡ ᠠᠳᠬᠤᠭᠰᠠᠨ ᠳᠠᠪᠤᠨ ᠵᠢᠯ ᠤᠨ ᠬᠤᠭᠤᠴᠠᠭᠠᠨ ᠳᠤ ᠰᠤᠶᠤᠯ ᠢᠶᠠᠷ ᠳᠡᠭᠵᠢᠷᠡᠬᠦ ᠶᠢᠨ ᠤᠴᠢᠷ ᠤᠳᠬ᠎ᠠ ᠶᠢ ᠤᠯᠠᠨ᠎ᠠ ᠳᠤᠤᠱᠳᠠᠢ ᠤᠬᠠᠭᠤᠯᠵᠤ᠂ ᠪᠠᠶᠠᠨ ᠶᠠᠳᠠᠭᠤ ᠬᠡᠵᠦ ᠤᠭᠳᠤ ᠢᠯᠭᠠᠯ ᠦᠬᠡᠢ ᠲᠡᠭᠰᠢᠳᠡ ᠨᠢ ᠡᠨᠡᠷᠢᠵᠦ᠂ ᠦᠨᠳᠦᠰᠦᠳᠡᠨ ᠤ ᠪᠠᠨ ᠰᠤᠷᠭᠠᠨ ᠬᠦᠮᠦᠵᠢᠯ ᠤᠨ ᠪᠢᠯᠢᠭ ᠰᠢᠮ᠎ᠡ ᠪᠠᠷ ᠬᠡᠦᠬᠡᠳ ᠤᠳ ᠢ ᠪᠢᠴᠢᠭ ᠦᠵᠡᠬᠦᠯᠵᠦ᠂ ᠢᠷᠬᠡᠨ ᠤ ᠴᠢᠭᠯᠡᠯ ᠤᠨ ᠰᠤᠶᠤᠯ ᠪᠤᠯᠪᠠᠰᠤᠷᠠᠯ ᠢ ᠳᠡᠬᠡᠭᠰᠢᠯᠡᠬᠦᠯᠬᠦ ᠬᠡᠮᠡᠨ ᠯᠤᠳᠤ ᠶᠡᠭᠡ ᠴᠢᠷᠮᠠᠶᠢᠯᠭ᠎ᠠ ᠭᠠᠷᠭᠠᠨ ᠭᠡᠷ ᠤᠨ ᠰᠤᠷᠭᠠᠭᠤᠯᠢ ᠪᠠ ᠪᠠᠨᠳᠢ ᠶᠢᠨ ᠠᠩᠬᠢ ᠡᠷᠬᠢᠯᠡᠬᠦ  ᠶᠢ ᠳᠤᠷᠪᠢᠳᠠᠢ ᠤᠷᠢᠶᠠᠯᠠᠭᠰᠠᠨ ᠠᠴᠠ ᠬᠡᠰᠢᠭᠳᠡᠨ ᠨᠤᠳᠤᠭ ᠲᠤ ᠡᠷᠳᠡᠮ ᠰᠤᠶᠤᠯ ᠬᠦᠭᠵᠢᠯᠳᠡ ᠪᠠᠨ ᠤᠯᠤᠨ ᠳᠦᠬᠡᠮᠡᠯᠵᠢᠵᠦ᠂ ᠦᠷᠭᠡᠨ ᠳᠦᠮᠡᠨ ᠤ ᠦᠷ᠎ᠡ ᠠᠴᠢᠨᠠᠷ  ᠰᠢᠨ᠎ᠡ ᠶᠢᠷᠳᠢᠨᠴᠤ ᠲᠠᠢ ᠲᠠᠨᠢᠯᠴᠠᠬᠤ ᠡᠭᠦᠳᠡ ᠨᠡᠭᠡᠭᠡᠭᠳᠡᠵᠦ᠂ ︽ᠭᠠᠷ ᠢ ᠨᠢ ᠭᠠᠨᠵᠤᠭᠠᠨ ᠳᠤ᠂ ᠬᠦᠯ ᠢ ᠨᠢ ᠳᠦᠷᠦᠭᠡᠨ ᠳᠤ︾ ᠬᠦᠷᠭᠡᠭᠰᠡᠨ ᠲᠡᠦᠬᠡ ᠲᠠᠢ᠃ ᠠᠳᠡ ᠠᠴᠠ ᠡᠬᠢ ᠠᠪᠤᠭᠰᠠᠨ ᠢᠷᠡᠬᠡᠳᠦᠢ ᠶᠢᠨ ᠰᠢᠨ᠎ᠡ ᠡᠳᠦᠷ ᠤᠳ ᠲᠠᠰᠪᠤᠷᠢ ᠰᠠᠶᠢᠳᠠᠢ ᠳᠦᠯᠵᠢᠨ ᠬᠠᠪᠤᠷ ᠤᠨ ᠨᠤᠭᠤᠭ᠎ᠠ ᠰᠢᠭ᠋ ᠤᠷᠭᠤᠭᠰᠠᠭᠠᠷ ᠪᠠᠶᠢᠯ᠎ᠠ᠃
 
ᠢᠷᠡᠯᠲᠡ᠄ ︽ᠤᠶᠤᠨ ᠢ ᠴᠢᠮᠡᠭᠴᠢ ᠯᠢᠩᠪᠤ ᠶᠢᠨ ᠡᠭᠡᠰᠢᠭ︾ ᠨᠤᠮ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号