ᠵᠡᠭᠦᠳᠦᠨ ᠳᠤ ᠵᠢᠩᠭᠢᠨᠡᠭᠰᠡᠨ ᠬᠤᠩᠬᠤᠨ ᠲᠠᠭᠤᠨ ᠵᠢᠷᠦᠬᠡᠨ ᠳᠤ ᠲᠤᠯᠠᠯᠵᠠᠭᠰᠠᠨ ᠲᠤᠯᠭ᠎ᠠ ᠶᠢᠨ ᠭᠠᠯ
ᠨᠡᠶᠢᠲᠡᠯᠡᠭᠰᠡᠨ ᠴᠠᠭ᠄
2019/9/6
                                                                               —— ᠰ᠊᠂ ᠠᠯᠲᠠᠨᠪᠠᠭᠠᠨ᠎ᠠ            ᠪᠠᠶᠠᠨᠴᠠᠭᠠᠨ ᠰᠤᠮᠤᠨ ᠤ ᠪᠠᠶᠠᠩᠭᠤᠤᠯ ᠪᠥᠷᠢᠨ ᠪᠠᠭ᠎ᠠ ᠰᠤᠷᠭᠠᠭᠤᠯᠢ ᠶᠢᠨ ︽ᠤᠶᠤᠨ ᠢ ᠴᠢᠮᠡᠭᠴᠢ ᠯᠢᠩᠪᠦ ᠶᠢᠨ ᠡᠭᠡᠰᠢᠭ — ᠬᠡᠰᠢᠭᠲᠡᠨ᠂ ᠪᠠᠶᠠᠩᠭᠤᠤᠯ ᠰᠤᠷᠭᠠᠭᠤᠯᠢ︾ ᠬᠡᠮᠡᠬᠦ ᠲᠤᠮᠤᠬᠠᠨ ᠤᠶᠢᠯᠠᠯᠭ᠎ᠠ ᠶᠢᠨ ᠨᠤᠮ ᠤᠩᠰᠢᠭᠴᠢ ᠲᠠᠨᠠᠷ ᠤᠨ ᠭᠡᠭᠡᠨ ᠮᠡᠯᠮᠡᠢ ᠳᠤ ᠲᠤᠯᠢᠯᠠᠭᠳᠠᠨ ᠨᠢᠭᠡᠨ ᠢᠷᠠᠭᠤ ᠴᠢᠪᠬᠠᠳᠠᠭᠰᠠᠨ ᠯᠢᠩᠪᠦ ᠶᠢᠨ ᠡᠭᠡᠰᠢᠭ ᠴᠢᠬᠢᠨ ᠰᠤᠨᠤᠷ  ᠲᠤ ᠴᠢᠨᠢ ᠬᠠᠩᠭᠢᠨᠠᠨ ᠦᠯᠡᠳᠡᠬᠦ ᠪᠤᠯᠤᠯ᠎ᠠ᠃      ᠪᠠᠶᠠᠩᠭᠤᠤᠯ ᠪᠥᠷᠢᠨ ᠪᠠᠭ᠎ᠠ ᠰᠤᠷᠭᠠᠭᠤᠯᠢ ᠶᠢᠨ ᠪᠠᠭᠰᠢ᠂ ᠢᠷᠠᠭᠤ ᠨᠠᠶᠢᠷᠠᠭᠴᠢ ᠮᠠᠰᠢᠪᠠᠲᠦ ᠶᠢᠨ ᠰᠡᠴᠡᠨᠪᠠᠭᠠᠲᠤᠷ ᠤᠨ ᠬᠠᠳᠠᠭᠤ ᠵᠤᠷᠢᠭᠯᠠᠵᠦ᠂ ᠬᠠᠯᠠᠰᠢᠷᠠᠯ ᠦᠭᠡᠢ ᠴᠢᠷᠮᠠᠶᠢᠵᠦ᠂ ᠤᠶᠤᠨ ᠲᠠᠮᠢᠷ ᠢᠶᠠᠨ ᠰᠢᠪᠬᠠᠨ ᠪᠠᠶᠢᠵᠦ᠂ ᠰᠤᠷᠭᠠᠭᠤᠯᠢ ᠶᠢᠨ ᠢᠶᠠᠨ ᠲᠠᠯᠠᠨ ᠵᠢᠯ ᠤᠨ ᠤᠢ ᠳᠤ ᠵᠤᠷᠢᠭᠤᠯᠤᠨ ᠪᠢᠴᠢᠭᠰᠡᠨ ᠡᠨᠡᠬᠦ ᠤᠶᠢᠯᠠᠯᠭ᠎ᠠ ᠨᠢ ᠬᠥᠳᠡᠭᠡ ᠨᠤᠲᠤᠭ ᠤᠨ ᠰᠤᠷᠭᠠᠭᠤᠯᠢ ᠶᠢᠨ ᠬᠥᠯ ᠳᠤ ᠤᠷᠤᠭᠰᠠᠨ ᠴᠠᠭ ᠠᠴᠠ ᠬᠥᠯᠦᠭ ᠤᠨ ᠨᠢᠷᠤᠭᠤᠨ ᠳᠤ ᠮᠤᠷᠳᠠᠵᠦ᠂ ᠬᠥᠮᠦᠵᠢᠨ ᠪᠤᠵᠠᠭᠠᠶᠢᠷᠠᠵᠦ ᠲᠠᠪᠬᠢᠭᠰᠠᠨ ᠦᠨᠡᠨ ᠲᠡᠤᠬᠡ ᠶᠢ ᠮᠥᠷᠳᠡᠵᠦ᠂ ᠬᠥᠮᠦᠵᠢᠯ ᠰᠤᠶᠤᠯ ᠤᠨ ᠲᠥᠯᠦᠭᠡ ᠬᠥᠰᠡᠨ ᠵᠢᠳᠭᠦᠭᠰᠡᠨ ᠬᠦᠮᠦᠨ ᠠᠷᠠᠳ ᠤᠨ ᠬᠢᠨᠢ ᠵᠤᠷᠢᠭ ᠰᠠᠨᠠᠭ᠎ᠠ ᠶᠢ ᠪᠢᠴᠢᠭᠯᠡᠵᠦ᠂ ᠬᠤᠭᠤᠰᠤᠨ ᠢ ᠨᠥᠬᠦᠵᠦ᠂ ᠬᠤᠵᠢᠮ ᠳᠤ ᠦᠯᠡᠳᠡᠭᠡᠬᠦ ᠨᠢᠭᠡᠨ ᠰᠠᠶᠢᠨ ᠨᠤᠮ ᠪᠤᠯᠤᠭᠰᠠᠨ ᠢ ᠠᠳᠡ ᠪᠠᠶᠠᠰᠤᠨ ᠲᠡᠮᠳᠡᠭᠯᠡᠬᠦ ᠶᠤᠰᠤᠲᠠᠢ᠃     ᠤᠷᠴᠢᠯᠠᠩ ᠶᠢᠷᠲᠢᠨᠴᠦ ᠤᠷᠤᠰᠢᠨ ᠲᠤᠭᠲᠠᠨᠢᠭᠰᠠᠨ ᠦᠶ᠎ᠡ ᠠᠴᠠ ᠤᠨ ᠵᠢᠯ ᠤᠯᠠᠷᠢᠨ ᠬᠤᠪᠢᠷᠠᠬᠤ ᠶᠢ ᠲᠠᠭᠠᠯᠲᠤᠨ ᠮᠠᠨ ᠤ ᠡᠪᠦᠭᠡ ᠳᠡᠭᠡᠳᠦᠰ ᠴᠦ ᠬᠥᠮᠦᠨ ᠲᠥᠷᠦᠯᠬᠢᠲᠡᠨ ᠤ ᠬᠥᠭᠵᠢᠯᠲᠡ ᠶᠢᠨ ᠵᠢᠮ᠎ᠡ ᠶᠢ ᠲᠠᠭᠠᠵᠦ᠂ ᠥᠪᠡᠷ ᠤᠨ ᠤᠯᠠ ᠮᠥᠷ ᠢᠶᠠᠨ ᠦᠯᠡᠳᠡᠭᠡᠵᠦ᠂ ᠤᠳᠤᠮ ᠤᠭᠰᠠᠭ᠎ᠠ ᠪᠠᠨ ᠵᠠᠯᠭᠠᠵᠦ ᠢᠷᠡᠭᠰᠡᠨ ᠲᠡᠤᠬᠡ ᠲᠠᠢ ᠶᠤᠮ᠃ ︽ᠶᠡᠷᠦ ᠪᠤᠰᠤ ᠶᠢᠨ ᠬᠤᠷᠢᠳᠤᠭᠠᠷ ᠵᠠᠭᠤᠨ ᠤ ᠬᠤᠷᠢ᠂ ᠭᠤᠴᠢᠭᠠᠳ ᠤᠨ ᠤ ᠦᠶ᠎ᠡ ᠪᠠᠷ ᠡᠬᠡ ᠳᠡᠯᠡᠬᠡᠢ ᠶᠢᠨ ᠤᠯᠠᠭᠠᠨ ᠡᠷᠬᠢ ᠬᠡᠮᠡᠬᠦ ᠶᠠᠯᠢᠮ ᠦᠬᠡᠶᠢᠬᠡᠨ ᠵᠢᠭᠠᠬᠠᠨ ᠭᠠᠵᠠᠷ ᠲᠤ ᠡᠪᠦᠭᠡ ᠳᠡᠬᠡᠳᠦᠰ ᠤᠨ ᠢᠶᠠᠨ ᠵᠢᠪᠬᠤᠭ᠎ᠠ ᠰᠦᠷ ᠢ ᠬᠠᠳᠠᠭᠠᠯᠠᠭᠰᠠᠨ ᠮᠤᠩᠭᠤᠯ ᠤᠨ ᠨᠢᠬᠡᠨ ᠠᠶᠢᠮᠠᠭ ᠪᠦᠯᠦᠭ ᠤᠨ ᠬᠦᠮᠦᠰ ᠳᠦᠷᠪᠡᠨ ᠴᠠᠭ ᠤᠨ ᠨᠡᠬᠦᠳᠡᠯ ᠲᠠᠭᠠᠨ ᠠᠭᠤᠯᠠ ᠬᠠᠷᠠᠨ ᠳᠠᠶᠢᠳᠬᠤᠷᠠᠵᠤ᠂ ᠤᠰᠤ ᠰᠢᠷᠳᠡᠨ ᠤᠶᠠᠷᠠᠬᠤ ᠳᠠᠭᠠᠨ ᠰᠤᠶᠤᠯ ᠢᠶᠠᠷ ᠳᠡᠭᠵᠢᠷᠠᠵᠤ᠂ ᠰᠤᠷᠳᠠᠯ ᠢᠶᠠᠷ ᠦᠬᠡᠳᠡᠯᠡᠬᠦ ᠶᠢᠨ ᠮᠦᠨ ᠴᠢᠨᠠᠷ ᠢ ᠨᠢᠬᠡᠨᠳᠡ ᠬᠦᠨ᠎ᠡ ᠮᠡᠳᠡᠬᠡᠳ ᠦᠷ᠎ᠡ ᠬᠡᠦᠬᠡᠳ ᠤᠨ ᠢᠶᠠᠨ ᠪᠢᠯᠢᠬᠦᠨ ᠨᠢᠳᠦ ᠶᠢ ᠬᠤᠯᠠ ᠪᠠᠷᠠᠯᠠᠭᠤᠯᠬᠤ ᠬᠡᠵᠤ ᠲᠡᠷᠡ ᠦᠶ᠎ᠡ ᠳᠡᠭᠡᠨ ᠲᠡᠶᠢᠨᠬᠦ ᠨᠡᠷᠡᠯᠡᠭᠳᠡᠵᠤ ᠠᠭᠰᠠᠨ ᠰᠢᠶᠠᠨᠱᠧᠩ ᠬᠡᠮᠡᠭᠴᠢ ᠬᠡᠬᠡᠨ ᠮᠡᠷᠬᠡᠳ ᠢ ᠬᠡᠷ ᠤᠨ ᠢᠶᠠᠨ ᠬᠤᠶᠢᠮᠤᠷ ᠬᠦᠨᠳᠦᠳᠬᠡᠨ ᠵᠠᠯᠠᠵᠤ᠂ ᠪᠤᠰᠤᠭ᠎ᠠ ᠪᠢᠴᠢᠭ ᠢᠶᠠᠨ ᠵᠢᠭᠠᠯᠭᠠᠵᠤ ᠪᠠᠶᠢᠭᠰᠠᠨ ᠤᠷᠢᠳᠦ ᠶᠢᠨ ᠲᠡᠷᠡ ᠦᠨᠡᠨ ᠤ ᠡᠬᠦᠰᠪᠤᠷᠢ ᠶᠢᠨ ᠰᠢᠵᠢᠷᠬᠡᠨ ᠬᠡᠷᠡᠯ ᠡᠨᠡ ᠨᠤᠳᠤᠭ ᠤᠨ ᠬᠦᠮᠦᠨ ᠪᠦᠬᠦᠨ ᠤ ᠳᠤᠯᠳᠤ ᠵᠢᠷᠦᠬᠡ ᠶᠢ ᠠᠳᠢᠰᠯᠠᠨ ᠬᠡᠶᠢᠬᠦᠯᠦᠭᠰᠡᠬᠡᠷ ᠦᠨᠦ ᠬᠦᠷᠴᠠᠢ᠃  ︵ᠤᠶᠢᠯᠠᠯᠭ᠎ᠠ ᠠᠴᠠ︶︾ ᠬᠡᠰᠢᠭᠳᠡᠨ ᠬᠤᠰᠢᠭᠤᠨ ᠤ ᠤᠤᠯ ᠤᠨ ᠵᠡᠭᠦᠨ ᠠᠷᠦ ᠨᠤᠲᠤᠭ ᠤᠨ ᠤᠯᠠᠭᠠᠨ ᠡᠷᠭᠢ ᠬᠡᠮᠡᠬᠦ ᠭᠠᠵᠠᠷ ᠲᠤ ᠭᠡᠷ ᠤᠨ ᠰᠤᠷᠭᠠᠭᠤᠯᠢ ᠡᠬᠢᠯᠡᠨ ᠪᠤᠢ ᠪᠤᠯᠵᠦ᠂ ᠬᠥᠳᠡᠭᠡ ᠨᠤᠲᠤᠭ ᠲᠤ ᠬᠥᠮᠦᠵᠢᠯ ᠰᠤᠶᠤᠯ ᠤᠨ ᠦᠷ ᠤᠨ ᠭᠡᠭᠡ ᠭᠡᠶᠢᠭᠰᠡᠨ ᠠᠴᠠ ᠡᠬᠢᠯᠡᠨ ᠤᠶᠢᠯᠠᠯᠭ᠎ᠠ  ᠶᠢᠨ ᠬᠠᠭᠤᠳᠠᠰᠦ ᠰᠡᠬᠦᠭᠳᠡᠵᠦ᠂ ᠴᠠᠭ ᠲᠥᠷᠦ ᠶᠢᠨ ᠦᠢᠮᠡᠭᠡᠨ᠂ ᠵᠠᠰᠠᠭ ᠵᠠᠬᠢᠷᠭᠠᠨ ᠤ ᠬᠤᠪᠢᠰᠤᠯᠲᠠ᠂ ᠦᠬᠡᠷᠡᠴᠢᠯᠠᠯᠳᠡ ᠨᠡᠭᠡᠭᠡᠯᠲᠠ ᠶᠢᠨ ᠤᠷᠤᠰᠬᠠᠯ ᠤᠨ ᠲᠤᠮᠲᠠ ᠪᠠᠶᠠᠩᠭᠤᠤᠯ ᠰᠤᠷᠠᠭᠠᠭᠤᠯᠢ ᠶᠢᠨ ᠲᠠᠯᠠᠨ ᠵᠢᠯ ᠤᠨ ᠤᠷᠲᠦ ᠠᠶᠠᠨ ᠬᠥᠭᠡᠭᠡᠵᠦ᠂ ᠲᠠᠪᠠᠭ᠎ᠠ ᠪᠡᠷᠬᠡ ᠶᠢ ᠲᠤᠭᠤᠯᠵᠦ ᠢᠷᠡᠭᠰᠡᠨ ᠵᠠᠮ ᠮᠥᠷ ᠢ ᠤᠶᠢᠯᠠᠯᠭ᠎ᠠ ᠠᠴᠠ ᠪᠢᠲᠡ ᠲᠤᠳᠤᠷᠬᠠᠢ ᠤᠯᠵᠦ ᠬᠠᠷᠠᠬᠤ ᠪᠤᠯᠤᠨ᠎ᠠ᠃       ᠤᠶᠢᠯᠠᠯᠭ᠎ᠠ ᠨᠢ ︽ᠡᠷᠳᠡᠮ ᠤᠨ ᠱᠢᠷᠦ ᠬᠡᠯᠬᠢᠭᠴᠢ ᠡᠷᠲᠡᠨ ᠤ ᠲᠠᠩᠭᠠᠷᠢᠭᠲᠦ ᠤᠯᠠᠮᠵᠢᠯᠠᠯ︾᠂ ︽ᠦᠨᠡᠨ ᠤ ᠴᠠᠳᠢᠭ ᠢ ᠪᠥᠲᠦᠭᠡᠭᠴᠢ ᠦᠢᠯᠡᠰ ᠤᠨ ᠲᠠᠷᠬᠠᠨ ᠬᠤᠰᠢᠭᠤᠴᠢ︾᠂ ︽ᠮᠥᠷ ᠨᠢ ᠲᠤᠷᠠᠶᠢᠵᠦ ᠬᠠᠷᠠᠭᠳᠠᠭᠴᠢ ᠮᠥᠩᠬᠡ ᠭᠠᠯ ᠤᠨ ᠠᠶᠠᠨᠴᠢᠳ︾᠂ ︽ᠵᠢᠷᠦᠬᠡᠨ ᠳᠤ ᠪᠠᠳᠮᠠᠯᠠᠭᠰᠠᠨ ᠴᠠᠭ ᠤᠨ ᠬᠠᠭᠤᠳᠠᠰᠦ ᠵᠢᠷᠦᠮ ᠢᠶᠠᠷ ᠪᠠᠷᠢᠯᠳᠤᠭᠰᠠ ᠦᠭᠦᠯᠡᠭᠴᠢ ᠶᠢᠨ ᠪᠢᠴᠢᠭᠡᠰᠦ︾᠂ ︽ᠨᠠᠷᠠᠨ ᠤ ᠠᠯᠲᠠᠨ ᠰᠠᠴᠤᠷᠠᠭᠲᠦ ᠨᠤᠮ ᠤᠨ ᠬᠠᠨᠢᠲᠠᠳ ᠤᠨ ᠴᠢᠭᠤᠯᠭᠠᠨ︾᠂ ︽ᠡᠭᠦᠷᠢᠳᠡ ᠶᠠᠷᠢᠬᠤ ᠦᠨᠡᠨ ᠤ ᠦᠯᠢᠭᠡᠷ ᠦᠷᠭᠦᠯᠵᠢ ᠲᠤᠷᠠᠰᠬᠤ ᠰᠤᠶᠤᠯ ᠤᠨ ᠥᠷᠦᠭᠡ︾ ᠬᠡᠮᠡᠬᠦ ᠵᠢᠷᠭᠤᠭᠠᠨ ᠶᠡᠭᠡ ᠪᠥᠯᠦᠭ ᠢᠶᠠᠷ ᠪᠥᠲᠦᠵᠦ᠂ ᠭᠡᠷᠡᠯ ᠵᠢᠷᠤᠭ ᠢᠶᠠᠷ ᠪᠠᠭᠤᠯᠭᠠᠭᠰᠠᠨ ᠮᠠᠲ᠋ᠧᠷᠢᠶᠠᠯ᠂ ᠰᠤᠪᠤᠯᠵᠢᠯᠠᠭ᠎ᠠ ᠬᠦᠯᠢᠶᠡᠭᠰᠡᠨ ᠬᠥᠮᠦᠰ  ᠤᠨ ᠨᠠᠷᠠᠰ ᠤᠨ ᠬᠡᠯᠬᠢᠶᠠᠰᠦ᠂ ᠠᠰᠢᠭᠯᠠᠭᠰᠠᠨ ᠨᠤᠮ᠂ ᠪᠢᠴᠢᠭᠴᠢ ᠶᠢᠨ ᠬᠦᠦᠷᠨᠢᠯ ᠵᠡᠷᠭᠡ ᠠᠭᠤᠯᠭ᠎ᠠ ᠶᠢ ᠲᠠᠭᠠᠯᠳᠤᠭᠤᠯᠵᠦ᠂ ᠪᠠᠶᠠᠩᠭᠤᠤᠯ ᠰᠤᠷᠠᠭᠠᠭᠤᠯᠢ ᠶᠢᠨ ᠡᠭᠦᠰᠴᠦ ᠪᠥᠷᠢᠯᠳᠦᠭᠰᠡᠨ᠂ ᠥᠭᠡᠳᠡᠯᠡᠵᠦ ᠬᠥᠭᠵᠢᠭᠰᠡᠨ᠂ ᠬᠤᠪᠢᠷᠠᠵᠦ ᠰᠢᠨᠡᠳᠦᠭᠰᠡᠨ᠂ ᠬᠤᠪᠢᠶᠠᠭᠳᠠᠵᠦ ᠰᠠᠯᠤᠭᠰᠠᠨ ᠪᠥᠬᠦ ᠶᠠᠪᠤᠴᠠ ᠶᠢ ᠲᠡᠮᠳᠡᠭᠯᠡᠵᠦ  ᠂ ᠡᠨᠡᠬᠦ ᠰᠤᠶᠤᠯ ᠤᠨ ᠭᠤᠯᠤᠮᠲᠠ ᠪᠠᠨ ᠪᠠᠳᠠᠷᠠᠭᠠᠬᠤ ᠶᠢᠨ ᠲᠥᠯᠦᠭᠡ ᠴᠥᠬᠦᠷᠡᠰᠢ ᠦᠭᠡᠢ ᠲᠡᠮᠡᠴᠡᠭᠰᠡᠨ ᠦᠶ᠎ᠡ ᠦᠶ᠎ᠡ ᠶᠢᠨ ᠰᠤᠷᠭᠠᠭᠤᠯᠢ  ᠶᠢᠨ ᠬᠠᠷᠢᠭᠤᠴᠠᠯᠭᠠᠲᠠᠨ᠂ ᠪᠠᠭᠰᠢ ᠠᠵᠢᠯᠲᠠᠨ ᠨᠠᠷ ᠤᠨ ᠡᠭᠡᠯ ᠵᠢᠷ ᠤᠨ ᠮᠥᠷᠲᠡᠭᠡᠨ ᠡᠷᠬᠢᠮ ᠲᠡᠭᠡᠲᠦ ᠦᠢᠯᠡ ᠠᠵᠢᠯᠯᠠᠭ᠎ᠠ ᠶᠢ ᠪᠢᠴᠢᠭᠯᠡᠵᠦ᠂ ᠡᠨᠡ ᠨᠤᠲᠤᠭ ᠲᠤ ᠰᠤᠶᠤᠯ ᠰᠤᠷᠠᠭᠠᠨ ᠬᠥᠮᠦᠵᠢᠯ ᠤᠨ ᠠᠩᠬᠠᠨ ᠤ ᠭᠡᠭᠡ ᠶᠢ ᠠᠪᠴᠢᠷᠠᠭᠰᠠᠨ ᠨᠢᠭᠡᠨ ᠪᠦᠯᠥᠭ ᠤᠬᠠᠮᠰᠠᠷ ᠰᠤᠶᠤᠯ ᠲᠠᠢ ᠰᠡᠭᠡᠭᠡᠳᠡᠳ   ᠤᠨ ᠭᠠᠪᠢᠶ᠎ᠠ ᠵᠢᠳᠭᠦᠯ ᠢ ᠲᠤᠷᠠᠰᠤᠨ ᠦᠨᠡᠯᠡᠵᠦ᠂ ᠮᠥᠨ ᠠᠳᠡ ᠠᠴᠠ ᠰᠤᠶᠤᠯ ᠤᠨ ᠮᠥᠷ ᠬᠥᠭᠡᠭᠡᠵᠦ ᠭᠠᠷᠤᠭᠰᠠᠨ ᠡᠷᠲᠡᠮᠲᠡᠨ ᠮᠡᠷᠭᠡᠳ᠂ ᠵᠤᠬᠢᠶᠠᠯᠴᠢ ᠰᠢᠯᠦᠭᠴᠢ᠂ ᠰᠤᠶᠤᠯ ᠤᠷᠠᠯᠢᠭ ᠤᠨ ᠵᠢᠳᠭᠦᠯᠲᠡᠨ᠂ ᠪᠥᠬᠡᠴᠢᠨ ᠰᠢᠲᠠᠷᠠᠴᠢᠨ᠂ ᠨᠡᠷᠡᠲᠦ ᠠᠵᠦ ᠠᠬᠤᠶᠢᠯᠠᠯᠲᠠᠨ᠂ ᠡᠯ᠎ᠡ ᠹᠷᠤᠨᠲ ᠤᠨ ᠬᠤᠰᠢᠭᠤᠴᠢ  ᠵᠢᠱᠢᠶᠡᠴᠢ ᠬᠥᠮᠦᠰ ᠢ ᠤᠮᠤᠭᠰᠢᠨ ᠲᠤᠷᠠᠳᠴᠦ᠂ ᠡᠨᠡ ᠰᠤᠷᠭᠠᠭᠤᠯᠢ ᠶᠢᠨ ᠠᠯᠲᠠᠨ ᠪᠤᠱᠤᠭ᠎ᠠ ᠶᠢ ᠨᠢ ᠠᠯᠬᠤᠵᠦ᠂ ᠠᠷᠢᠭᠤᠨ ᠮᠡᠳᠡᠯᠭᠡ ᠬᠦᠷᠲᠡᠭᠰᠡᠨ ᠰᠤᠷᠤᠯᠭ᠎ᠠ ᠶᠢᠨ ᠬᠠᠨᠢᠲᠠᠳ ᠤᠨ ᠨᠡᠷᠡᠰ ᠢ ᠪᠥᠷᠢᠳᠭᠡᠨ ᠳᠠᠭᠤᠳᠠᠬᠤ ᠶᠢᠨ ᠬᠠᠮᠲᠦ ᠡᠬᠡ ᠰᠤᠷᠭᠠᠭᠤᠯᠢ ᠶᠢᠨ ᠢᠶᠠᠨ ᠲᠤᠬᠠᠢ ᠡᠷᠭᠢᠴᠡᠭᠦᠯᠦᠨ ᠰᠠᠨᠠᠭᠠᠯᠵᠠᠭᠰᠠᠨ ᠤᠯᠠᠨ ᠰᠠᠶᠢᠬᠠᠨ ᠲᠤᠷᠠᠰᠤᠮᠵᠢ ᠵᠤᠬᠢᠶᠠᠯ ᠢ ᠰᠡᠶᠢᠷᠡᠭᠦᠯᠵᠦ ᠤᠷᠤᠭᠤᠯᠤᠭᠰᠠᠨ ᠪᠠᠶᠢᠨ᠎ᠠ᠃      ᠤᠶᠢᠯᠠᠯᠭ᠎ᠠ ᠶᠢᠨ ᠬᠠᠮᠤᠷᠠᠭᠰᠠᠨ ᠠᠭᠤᠯᠭ᠎ᠠ ᠥᠷᠭᠡᠨ᠂ ᠪᠥᠯᠦᠭ ᠬᠡᠰᠡᠭ ᠤᠨ ᠠᠩᠭᠢᠯᠠᠯ ᠲᠤᠲᠦ᠂ ᠵᠤᠬᠢᠶᠠᠮᠵᠢ ᠨᠠᠶᠢᠷᠠᠭᠤᠯᠭ᠎ᠠ ᠨᠢ ᠤᠷᠠᠨ᠂ ᠢᠯᠡᠳᠭᠡᠮᠵᠢ ᠨᠢ ᠲᠦᠭᠦᠮ ᠤᠶᠢᠯᠭᠠᠮᠵᠢᠲᠠᠢ ᠪᠤᠯᠤᠭᠰᠠᠨ ᠪᠥᠭᠡᠳ ᠦᠯᠢᠭᠡᠷ ᠲᠡᠤᠬᠡ ᠬᠦᠦᠷᠨᠢᠵᠦ᠂ ᠦᠵᠡᠵᠦ ᠰᠤᠨᠤᠰᠤᠭᠰᠠᠨ ᠢᠶᠠᠨ ᠬᠠᠭᠤᠴᠢᠯᠠᠵᠦ᠂ ᠦᠨᠡᠨ ᠪᠤᠲᠠᠲᠠᠢ ᠶᠢ ᠶᠠᠷᠢᠵᠦ᠂ ᠦᠵᠡᠯᠲᠡ ᠰᠡᠳᠬᠢᠯᠭᠡ ᠪᠠᠨ ᠭᠦᠢᠴᠢᠳ ᠰᠠᠶᠢᠬᠠᠨ ᠢᠯᠡᠷᠡᠭᠦᠯᠵᠦ ᠴᠢᠳᠠᠭᠰᠠᠨ ᠪᠠᠶᠢᠨ᠎ᠠ᠃          ᠤᠶᠢᠯᠠᠯᠭ᠎ᠠ ᠶᠢ ᠨᠠᠶᠢᠷᠠᠭᠤᠯᠵᠦ ᠪᠢᠴᠢᠭᠰᠡᠨ ᠠᠷᠭ᠎ᠠ ᠬᠡᠯᠪᠡᠷᠢ ᠨᠢ ᠰᠢᠨ᠎ᠡ ᠰᠡᠪᠡᠭᠦᠨ᠂ ᠰᠡᠳᠬᠢᠮᠵᠢ   ᠨᠢ ᠠᠭᠤᠵᠢᠮ ᠴᠢᠯᠦᠭᠡᠲᠠᠢ᠂ ᠤᠯᠠᠮᠵᠢᠯᠠᠯᠲᠦ ᠤᠶᠢᠯᠠᠯᠭ᠎ᠠ ᠪᠢᠴᠢᠳᠡᠭ ᠵᠤᠷᠰᠢᠯ ᠢ ᠲᠡᠪᠴᠢᠵᠦ᠂ ᠬᠡᠯᠡ ᠬᠡᠯᠡᠯᠬᠡ ᠬᠤᠷᠴᠠ ᠢᠳᠡᠯᠢᠭ᠂ ᠤᠶᠠᠩᠭ᠎ᠠ ᠰᠡᠳᠬᠢᠯᠭᠡ ᠪᠢᠯᠬᠠᠮ᠎ᠠ ᠴᠠᠯᠭᠢᠮ᠎ᠠ᠂ ᠤᠷᠠᠨ ᠵᠤᠬᠢᠶᠠᠯ ᠤᠨ ᠥᠨᠦᠷ ᠠᠮᠲᠠ ᠲᠦᠭᠦᠷᠡᠩ᠂ ᠤᠩᠰᠢᠭᠴᠢᠳ ᠤᠨ ᠰᠡᠳᠬᠢᠯ ᠤᠨ ᠬᠥᠪᠴᠢ ᠶᠢ ᠲᠡᠯᠡᠰᠴᠦ᠂ ᠤᠶᠤᠨ ᠤ ᠭᠦᠨ ᠢ ᠬᠥᠨᠳᠡᠵᠦ᠂ ᠤᠷᠮ᠎ᠠ ᠪᠠᠬ᠎ᠠ ᠶᠢ ᠨᠢ ᠲᠠᠲᠠᠵᠦ᠂ ᠲᠠᠭᠠᠰᠢᠶᠠᠯ ᠰᠤᠨᠢᠷᠬᠠᠯ ᠳᠤ ᠨᠢ ᠬᠦᠷᠴᠦ ᠴᠢᠳᠠᠨ᠎ᠠ ᠭᠡᠳᠡᠭ ᠲᠤ ᠡᠷᠡᠭᠡᠯᠵᠡᠬᠦ ᠦᠭᠡᠢ ᠪᠠᠶᠢᠨ᠎ᠠ᠃     ᠲᠠᠯᠠᠨ ᠵᠢᠯ ᠤᠨ ᠵᠠᠮ ᠮᠥᠷ ᠢᠶᠠᠨ ᠡᠷᠭᠢᠨ ᠬᠠᠷᠬᠤᠶ᠎ᠠ ᠡᠴᠢᠭᠡ ᠲᠡᠭᠷᠢ ᠠᠴᠠ ᠰᠤᠶᠤᠷᠬᠠᠭᠰᠠᠨ ᠡᠨᠡ ᠰᠠᠶᠢᠬᠠᠨ ᠨᠤᠲᠤᠭ ᠲᠤ ᠪᠤᠯᠵᠦ ᠥᠩᠭᠡᠷᠡᠭᠰᠡᠨ ᠦᠯᠢᠭᠡᠷ ᠲᠡᠤᠬᠡ᠂ ᠦᠨᠡᠨ ᠤᠴᠢᠷ ᠨᠢᠳᠦᠨ ᠡᠮᠦᠨ᠎ᠡ ᠲᠠᠬᠢᠨᠲᠠ ᠢᠯᠡᠷᠡᠵᠦ᠂ ᠤᠴᠢ ᠶᠢᠨ ᠭᠠᠯ ᠰᠢᠭ᠋ ᠳᠤᠯᠠᠯᠵᠠᠨ ᠰᠠᠴᠤᠷᠠᠭᠰᠠᠨ ᠰᠤᠶᠤᠯ ᠬᠥᠮᠦᠵᠢᠯ ᠤᠨ ᠨᠢᠭᠡᠨ ᠭᠤᠯᠤᠮᠲᠠ — ᠪᠠᠶᠠᠩᠭᠤᠤᠯ ᠰᠤᠷᠭᠠᠭᠤᠯᠢ ᠶᠢᠨ ᠮᠠᠨᠢ ᠠᠮᠢᠳᠤᠷᠠᠨ ᠲᠠᠮᠡᠴᠡᠵᠦ ᠢᠷᠡᠭᠰᠡᠨ ᠤᠨ ᠰᠠᠷ᠎ᠠ ᠡᠷᠬᠡ ᠦᠭᠡᠢ ᠰᠠᠨᠠᠭᠳᠠᠨᠠᠮ᠃ ᠡᠷᠦᠬᠡ ᠪᠠᠨ ᠰᠡᠬᠦᠵᠦ᠂ ᠡᠭᠦᠲᠡ ᠪᠠᠨ ᠨᠡᠭᠡᠭᠡᠭᠰᠡᠨ ᠠᠶᠢᠯ ᠤᠨ ᠰᠤᠷᠠᠭᠠᠭᠤᠯᠢ ᠶᠢᠨ ᠬᠤᠩᠬᠤᠨ ᠲᠠᠭᠤᠨ ᠴᠢᠬᠢᠨ ᠳᠤ ᠬᠠᠩᠭᠢᠨᠠᠵᠦ᠂ ᠤᠷᠤᠭ᠎ᠠ ᠪᠤᠰᠬᠠᠭ᠎ᠠ ᠴᠦᠪ ᠤᠨ ᠴᠠᠭ ᠢ ᠲᠤᠭᠤᠯᠵᠦ᠂ ᠰᠠᠯᠬᠢ ᠪᠤᠷᠤᠭᠠᠨᠲᠦ ᠤᠨ ᠵᠢᠯ ᠢ ᠥᠩᠭᠡᠷᠡᠭᠦᠯᠵᠦ᠂ ᠰᠠᠭᠠᠳ ᠪᠡᠷᠬᠡᠲᠦ ᠠᠶᠠᠨ ᠵᠠᠮ ᠢ ᠰᠢᠪᠲᠤᠯᠠᠵᠦ ᠢᠷᠡᠭᠰᠡᠨ ᠭᠢᠯᠠᠯᠵᠠᠭᠰᠠᠨ ᠲᠤᠤᠯᠢᠰ ᠳᠡᠯᠭᠡᠭᠳᠡᠬᠦ ᠪᠤᠯᠤᠨ᠎ᠠ᠃ ᠮᠥᠨ ᠦᠶ᠎ᠡ ᠦᠶ᠎ᠡ ᠶᠢᠨ ᠰᠡᠭᠡᠭᠡᠷᠡᠭᠰᠡᠨ ᠬᠥᠮᠦᠰ᠂ ᠦᠨᠡᠨ ᠰᠡᠳᠬᠢᠯᠲᠦ ᠪᠠᠭᠰᠢ ᠠᠵᠢᠯᠲᠠᠨ ᠨᠠᠷ ᠤᠨ ᠵᠤᠪᠠᠯ ᠵᠦᠳᠡᠯ᠂ ᠵᠢᠷᠭᠠᠯ ᠪᠠᠶᠠᠰᠤᠯ᠂ ᠭᠤᠨᠢᠭ ᠭᠤᠲᠤᠷᠠᠯ᠂ ᠤᠶᠠᠷᠠᠯ ᠨᠢᠯᠪᠤᠰᠦ  ᠂ ᠤᠬᠠᠭᠠᠷᠠᠯ ᠵᠢᠳᠭᠦᠯ ᠤᠩᠰᠢᠭᠳᠠᠬᠤ ᠪᠤᠯᠤᠨ᠎ᠠ᠃      ᠲᠠᠯᠠᠨ ᠵᠢᠯ ᠤᠨ ᠵᠢᠪᠬᠤᠭᠠᠲᠦ ᠦᠢᠯᠡᠰ ᠠᠴᠠ ᠲᠤᠩᠭᠠᠨ ᠪᠤᠲᠤᠬᠤᠶ᠎ᠠ ᠰᠤᠶᠤᠯ ᠰᠤᠷᠭᠠᠨ ᠬᠥᠮᠦᠵᠢᠯ ᠤᠨ ᠦᠢᠯᠡᠰ ᠪᠤᠯ ᠨᠢᠭᠡ ᠭᠠᠵᠠᠷ ᠤᠷᠤᠨ᠂ ᠨᠢᠭᠡ ᠦᠨᠳᠦᠰᠤᠲᠡᠨ ᠤ ᠭᠥᠭᠵᠢᠯ ᠮᠠᠨᠳᠤᠯ ᠳᠤ ᠵᠢᠷᠦᠬᠡᠨ ᠴᠢᠰᠤᠨ ᠤ ᠦᠢᠯᠡᠳᠦᠯ ᠲᠠᠢ ᠭᠡᠳᠡᠭ ᠢ ᠠᠷᠭ᠎ᠠ ᠦᠭᠡᠢ ᠮᠡᠳᠡᠷᠡᠬᠦ ᠪᠤᠯᠤᠨ᠎ᠠ᠃ ᠨᠢᠭᠡ ᠭᠠᠵᠠᠷ ᠤᠷᠤᠨ᠂ ᠨᠢᠭᠡ ᠦᠨᠳᠤᠰᠤᠲᠡᠨ ᠤ ᠤᠷᠤᠰᠢᠨ ᠲᠤᠭᠲᠠᠨᠢᠬᠤ ᠶᠢᠨ ᠲᠤᠭ ᠲᠡᠮᠳᠡᠭ ᠪᠤᠯᠤᠨ᠎ᠠ ᠭᠡᠳᠡᠭ ᠢ ᠲᠤᠳᠤ ᠤᠶᠢᠯᠭᠠᠬᠤ ᠪᠤᠯᠤᠨ᠎ᠠ᠃ ᠳᠡᠤᠬᠡ ᠪᠠᠨ ᠮᠡᠳᠡᠬᠦ ᠶᠢᠨ ᠵᠤᠷᠢᠯᠭ᠎ᠠ ᠨᠢ ᠲᠡᠮᠡᠦᠯᠵᠦ ᠳᠠᠪᠰᠢᠬᠤ ᠶᠢᠨ ᠲᠥᠯᠦᠭᠡ ᠶᠤᠮ᠃ ᠲᠡᠮᠡᠴᠡᠵᠦ ᠥᠷᠢᠰᠦᠯᠳᠦᠬᠦ ᠶᠢᠨ ᠵᠤᠷᠢᠯᠭ᠎ᠠ ᠨᠢ ᠤᠷᠤᠰᠢᠨ ᠲᠤᠭᠲᠠᠨᠢᠬᠤ ᠶᠢᠨ ᠲᠥᠯᠦᠭᠡ ᠶᠤᠮ᠃  ︽︽ᠬᠦᠨᠳᠦ ᠬᠡᠮᠡᠨ ᠪᠤᠤ ᠠᠶᠤ \ ᠡᠷᠬᠦᠪᠡᠰᠦ ᠳᠠᠭᠠᠭᠠᠶᠤ \ ᠬᠤᠯᠠ ᠬᠡᠮᠡᠨ ᠪᠤᠤ ᠴᠦᠬᠦ \ ᠶᠠᠪᠤᠪᠠᠰᠤ ᠬᠦᠷᠦᠶᠤ︾ ︵ᠴᠢᠩᠭᠢᠰ ᠤᠨ ᠪᠢᠯᠢᠭ ᠰᠤᠷᠭᠠᠯ ᠠᠴᠠ︶︾᠃ ᠡᠪᠦᠭᠡ ᠲᠡᠭᠡᠳᠦᠰ ᠤᠨ ᠢᠶᠠᠨ ᠦᠯᠡᠳᠡᠭᠡᠵᠦ ᠥᠭᠭᠦᠭᠰᠡᠨ ᠥᠪ ᠰᠤᠶᠤᠯ ᠠᠴᠠ ᠰᠢᠮ᠎ᠡ ᠠᠪᠴᠦ᠂ ᠥᠭᠡᠳᠡᠯᠡᠵᠦ ᠲᠡᠮᠡᠴᠡᠭᠰᠡᠨ ᠵᠤᠷᠢᠭ ᠰᠦᠰᠦ ᠠᠴᠠ ᠨᠢ ᠲᠠᠮᠢᠷ ᠠᠪᠴᠦ᠂ ᠦᠨᠳᠤᠰᠤᠲᠡᠨ ᠶᠠᠰᠤᠲᠠᠨ ᠤ ᠪᠠᠨ ᠰᠥᠭ ᠰᠦᠯᠲᠡ ᠠᠴᠠ ᠢᠳᠡᠭᠡᠯ ᠠᠪᠴᠦ᠂ ᠥᠪᠡᠷ ᠪᠡᠶ᠎ᠡ ᠶᠢᠨ ᠢᠶᠠᠨ ᠤᠶᠤᠨ ᠲᠠᠮᠢᠷ ᠢ ᠰᠡᠯᠪᠢᠬᠦ ᠪᠤᠯ ᠤᠶᠢᠯᠠᠯᠭ᠎ᠠ ᠠᠴᠠ ᠮᠠᠨ ᠤ ᠤᠯᠵᠠᠷᠬᠠᠬᠤ ᠶᠠᠭᠤᠮ᠎ᠠ ᠪᠤᠯᠠᠢ᠃ ᠬᠥᠳᠡᠭᠡ ᠨᠤᠲᠤᠭ ᠤᠨ ᠮᠢᠨᠢ ᠬᠥᠷᠦᠰᠦᠨ ᠳᠤ ᠬᠥᠭᠵᠢᠨ ᠲᠤᠯᠠᠯᠵᠠᠭᠰᠠᠨ ᠮᠤᠩᠭᠤᠯ ᠰᠤᠶᠤᠯ ᠤᠨ ᠬᠠᠯᠠᠭᠤᠨ ᠭᠤᠯᠤᠮᠲᠠ ᠤᠨᠲᠠᠷᠠᠰᠢ ᠦᠭᠡᠢ ᠪᠠᠲᠠᠷᠠᠨ ᠲᠦᠷᠡᠯᠵᠢᠬᠦ ᠪᠤᠯᠤᠭᠠᠰᠠᠢ᠂ ᠬᠦᠮᠦᠨ ᠠᠷᠠᠳ ᠤᠨ ᠮᠢᠨᠢ ᠤᠶᠤᠨ ᠰᠠᠨᠠᠭ᠎ᠠ ᠡᠷᠡᠭᠦᠯ ᠰᠠᠷᠠᠭᠤᠯ᠂ ᠠᠵᠦ ᠠᠮᠢᠳᠤᠷᠠᠯ ᠡᠩᠬᠡ ᠠᠮᠤᠭᠤᠯᠠᠩ ᠪᠠᠶᠢᠭᠠᠰᠠᠢ︕      ᠨᠤᠮ ᠤᠨ ᠴᠠᠭᠠᠨ ᠪᠤᠶᠠᠨ ᠦᠨᠢᠲᠡ ᠲᠡᠯᠭᠡᠷᠡᠬᠦ ᠪᠤᠯᠤᠭᠠᠰᠠᠢ︕
 
ᠢᠷᠡᠯᠲᠡ᠄ ︽ᠤᠶᠤᠨ ᠢ ᠴᠢᠮᠡᠭᠴᠢ ᠯᠢᠩᠪᠤ ᠶᠢᠨ ᠡᠭᠡᠰᠢᠭ︾ ᠨᠤᠮ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号