ᠴᠠᠰᠤᠳᠤ ᠶᠢᠨ ᠤᠷᠤᠨ ᠳᠤ ᠠᠯᠳᠠᠷ ᠨᠢ ᠮᠠᠨᠳᠤᠭᠰᠠᠨ ᠰᠠᠮᠪᠤᠤ ᠷᠠᠨᠵᠢᠮᠪᠠ
ᠨᠡᠶᠢᠲᠡᠯᠡᠭᠰᠡᠨ ᠴᠠᠭ᠄
2019/9/6
       ᠬᠡᠰᠢᠭᠳᠡᠨ ᠬᠤᠰᠢᠭᠤᠨ ᠤ ᠵᠡᠭᠦᠨ ᠠᠷᠤ ᠨᠤᠳᠤᠭ ᠤᠨ ᠤᠯᠠᠭᠠᠨ ᠡᠷᠬᠢ ᠭᠡᠳᠡᠭ ᠭᠠᠵᠠᠷ ᠠᠴᠠ ᠨᠡᠩ ᠳᠡᠭᠡᠷ᠎ᠡ ᠦᠶ᠎ᠡ ᠳᠤ ᠠᠯᠳᠠᠷ    ᠮᠢᠨᠳᠠᠭ ᠨᠢ ᠴᠠᠰᠤᠳᠤ ᠶᠢᠨ ᠤᠷᠤᠨ ᠬᠦᠷᠳᠡᠯ᠎ᠡ ᠨᠠᠷᠠᠨ ᠤ ᠭᠡᠷᠡᠯ ᠮᠡᠳᠦ ᠰᠠᠴᠤᠷᠠᠨ ᠭᠡᠷᠡᠯᠳᠦᠭᠰᠡᠨ ᠰᠤᠤᠳᠤ ᠡᠷᠳᠡᠮᠳᠡᠨ ᠴᠤᠯᠭᠤᠷᠠᠨ ᠭᠠᠷᠴᠤ ᠪᠠᠶᠢᠵᠠᠢ᠃ ︽ᠮᠤᠩᠭᠤᠯ ᠬᠡᠯᠡᠨ ᠤ ᠵᠦᠢ︾ ᠬᠡᠳᠡᠭ ᠨᠤᠮ ᠢ ᠨᠠᠶᠢᠷᠠᠭᠤᠯᠤᠨ ᠵᠤᠬᠢᠶᠠᠭᠰᠠᠨ ᠬᠡᠯᠡ ᠪᠢᠴᠢᠭ ᠤᠨ ᠨᠠᠷᠡᠳᠦ ᠡᠷᠳᠡᠮᠳᠠᠨ᠂ ᠮᠡᠷᠭᠡᠳ ᠤᠨ ᠳᠡᠭᠡᠳᠦ ᠡᠷᠳᠡᠮ ᠳᠡᠭᠦᠰ ᠰᠠᠮᠪᠤᠤ ᠷᠠᠨᠵᠢᠮᠪᠠ 1876 ᠤᠨ ᠳᠤ ᠬᠡᠰᠢᠭᠳᠡᠨ ᠬᠤᠰᠢᠭᠤᠨ ᠤ ᠵᠡᠬᠦᠨ ᠠᠷᠤ ᠨᠤᠳᠤᠭ ᠤᠨ ᠤᠯᠠᠭᠠᠨ ᠡᠷᠭᠢ ᠳᠤ ᠮᠡᠨᠳᠦᠯᠡᠵᠦ᠂ 1960 ᠤᠨ ᠤ ᠪᠢᠯᠢᠭ ᠤᠨ ᠤᠯᠠᠷᠢᠯ ᠤᠨ ᠳᠦᠷᠪᠡᠨ ᠰᠠᠷ᠎ᠠ ᠶᠢᠨ ᠳᠦᠷᠪᠡᠨ ᠤ ᠡᠳᠦᠷ ᠬᠦᠮᠪᠤᠨ ᠳᠤ ᠨᠠᠶᠠᠨ ᠵᠢᠷᠭᠤᠭᠠᠨ ᠨᠠᠰᠤᠨ ᠳᠠᠭᠠᠨ ᠳᠠᠭᠠᠯᠠᠯ ᠲᠡᠭᠦᠰᠴᠠᠢ᠃      ᠲᠡᠷᠡ ᠪᠠᠷ ᠮᠤᠩᠭᠤᠯ᠂ ᠳᠦᠪᠡᠳ᠂ ᠰᠠᠨᠰᠺᠷᠢᠲ᠂ ᠬᠢᠳᠡᠳ ᠬᠡᠯᠡ ᠪᠢᠴᠢᠭ ᠲᠤ ᠨᠡᠪᠳᠡᠷᠡᠭᠰᠡᠨ ᠡᠷᠳᠡᠮᠳᠠᠨ ᠪᠦᠬᠡᠳ ᠭᠤᠷᠪᠠᠨ ᠮᠢᠩᠭᠠᠨ ᠬᠤᠸᠠᠷᠠᠭ ᠤᠨ ᠳᠤᠯᠤᠭᠠᠨ ᠡᠳᠦᠷ ᠤᠨ ᠨᠤᠮ ᠬᠠᠶᠠᠯᠴᠠᠭ᠎ᠠ ᠪᠠᠷ ᠪᠠᠳᠤᠯᠠᠭᠳᠠᠵᠤ᠂ ᠬᠦᠨ ᠤᠬᠠᠭᠠᠨ ᠤ ᠫᠡᠷᠦᠹᠧᠰᠰᠤᠷ ᠤᠨ ᠵᠢᠩᠳᠠᠭᠠᠨ ᠳᠤ ᠬᠦᠷᠦᠭᠰᠡᠨ ᠷᠠᠨᠵᠢᠮᠪᠠ ᠶᠢᠨ ᠴᠤᠯᠠ ᠬᠠᠮᠠᠭᠠᠯᠠᠵᠠᠢ᠃ ᠬᠡᠯᠡ ᠪᠢᠴᠢᠭ ᠎ ᠤᠨ ᠤᠷᠴᠢᠭᠤᠯᠭ᠎ᠠ ᠬᠢᠬᠡᠳ ᠤᠷᠠᠨ ᠵᠤᠬᠢᠶᠠᠯ᠂ ᠬᠦᠨ ᠤᠬᠠᠭᠠᠨ ᠵᠡᠷᠭᠡ ᠳᠤ ᠮᠡᠷᠭᠡᠰᠢᠭᠰᠡᠨ ᠡᠷᠳᠡᠮᠳᠠᠨ ᠪᠠᠶᠢᠪᠠ᠃ ︽ᠰᠠᠮᠪᠤᠤ ᠷᠠᠨᠵᠢᠮᠪᠠ᠂ ᠡᠮᠨᠡᠯᠭᠡ ᠶᠢᠨ ᠤᠬᠠᠭᠠᠨ ᠪᠠ ᠵᠢᠷᠤᠬᠠᠢ ᠳᠤ ᠴᠤ ᠮᠡᠷᠭᠡᠰᠢᠭᠰᠡᠨ ᠪᠦᠬᠡᠳ ᠬᠦᠮᠪᠤᠨ ᠳᠤ ᠲᠡᠷᠡ ᠦᠶ᠎ᠡ ᠳᠤ ᠲᠡᠭᠦᠨ ᠢ ᠳᠠᠪᠠᠵᠤ ᠴᠢᠳᠠᠬᠤ ᠬᠦᠮᠦᠨ ᠦᠭᠡᠢ ᠪᠠᠶᠢᠯ᠎ᠠ︾᠃ ᠲᠡᠭᠦᠨ ᠤ ᠨᠤᠮ ᠤᠨ ᠱᠠᠪᠢ ᠨᠠᠷ ᠤᠨ ᠳᠤᠳᠤᠷ᠎ᠠ ᠪᠠᠨᠴᠢᠨᠷᠳᠡᠨᠢ ᠴᠤᠶᠢᠵᠢᠵᠠᠯᠰᠠᠨ᠂ ᠨᠠᠷᠠᠳᠦ ᠳᠦᠪᠡᠳᠴᠢ ᠡᠷᠳᠡᠮᠳᠡᠨ ᠠᠭᠸᠠᠩᠴᠤᠶᠢᠳᠠᠷ᠂ ︽ᠠᠭᠤᠯᠠ ᠶᠢᠨ ᠠᠪᠤ︾ ᠬᠡᠮᠡᠨ ᠠᠷᠠᠳ ᠳᠦᠮᠡᠨ ᠳᠡᠭᠡᠨ ᠪᠢᠰᠢᠷᠡᠨ ᠰᠢᠳᠦᠭᠳᠡᠭᠰᠡᠨ ᠱᠠᠰᠢᠨ ᠤ ᠰᠤᠶᠤᠯ ᠤᠨ ᠵᠢᠳᠭᠦᠯᠳᠠᠨ᠂ ᠠᠨᠠᠭᠠᠬᠤ ᠤᠬᠠᠭᠠᠨ ᠤ ᠡᠷᠳᠡᠮᠳᠠᠨ ᠬᠡᠰᠢᠭᠳᠡᠨ ᠨᠤᠳᠤᠭ ᠲᠠᠢ ᠰᠠᠮᠳᠠᠨᠵᠠᠮᠰᠤ ᠬᠢᠭᠡᠳ ᠤᠯᠠᠭᠠᠨ ᠡᠷᠭᠢ ᠶᠢᠨ ᠤᠤᠭᠠᠯ ᠪᠦᠬᠡᠪᠠᠳᠤ ᠮᠠᠮ᠎ᠠ ᠁ ᠵᠡᠷᠭᠡ ᠬᠦᠮᠦᠰ ᠪᠠᠶᠢᠯ᠎ᠠ ᠭᠡᠳᠡᠭ᠃      ᠰᠠᠮᠪᠤᠤ ᠷᠠᠨᠵᠢᠮᠪᠠ ᠶᠢᠨ ᠨᠤᠮ ᠤᠨ ᠱᠠᠪᠢ ᠶᠢᠨ ᠨᠢᠭᠡ᠂ ᠠᠨᠠᠭᠠᠬᠤ ᠤᠬᠠᠭᠠᠨ ᠤ ᠡᠷᠳᠡᠮᠳᠠᠨ ᠰᠠᠮᠳᠠᠨᠵᠠᠮᠰᠤ — ︽ᠠᠭᠤᠯᠠ ᠶᠢᠨ ᠠᠪᠤ︾ ᠨᠤᠮ ᠡᠷᠳᠡᠮ ᠳᠤ ᠨᠡᠪᠳᠡᠷᠡᠵᠦ᠂ ᠬᠡᠰᠢᠭᠳᠡᠨ ᠳᠡᠭᠡᠨ ᠬᠠᠷᠢᠵᠦ ᠢᠷᠡᠭᠡᠳ ᠪᠠᠶᠠᠨᠴᠠᠭᠠᠨ ᠨᠢᠭᠡᠳᠦᠯ ᠤᠨ ᠠᠯᠳᠠᠨ ᠤᠳᠤ ᠪᠠᠷᠢᠭᠠᠳᠠ ︵ᠦᠨᠦ ᠶᠢᠨ ᠪᠠᠶᠠᠨᠴᠠᠭᠠᠨ ᠰᠤᠮᠤᠨ ᠤ ᠡᠩᠭᠡᠷᠪᠤᠯᠠᠭ ᠭᠠᠴᠠᠭ᠎ᠠ︶᠎ ᠳᠤ ᠰᠠᠭᠤᠵᠤ ᠪᠠᠶᠢᠵᠠᠢ᠃ ᠴᠠᠭ ᠦᠶ᠎ᠡ ᠬᠠᠷᠠᠬᠠᠨ ᠳᠦᠭᠵᠢᠮᠡᠯ ᠪᠠᠶᠢᠭᠰᠠᠨ ᠳᠡᠭᠡᠷ᠎ᠡ ᠵᠠᠭᠤᠨ ᠤ ᠵᠢᠯ ᠤᠳ ᠲᠤ ᠲᠡᠭᠦᠨ ᠢ ᠪᠤᠷᠤᠭᠤᠳᠬᠠᠵᠤ᠂ ᠳᠦᠮᠡᠨ ᠤ ᠳᠤᠰᠠᠳᠠ ᠨᠤᠮ ᠤᠨ ᠶᠤᠰᠤ ᠶᠢ ᠪᠠᠷᠢᠭᠰᠠᠨ ᠦᠭᠯᠢᠭᠡ ᠪᠤᠶᠠᠨ ᠤ ᠵᠠᠮ ᠮᠦᠷ ᠢ ᠨᠢ ᠬᠤᠷᠢᠭᠯᠠᠵᠤ ᠪᠠᠶᠢᠵᠠᠢ᠃ ᠬᠡᠰᠢᠭᠳᠡᠨ ᠬᠤᠰᠢᠭᠤᠨ ᠤ ᠪᠠᠶᠠᠨᠴᠠᠭᠠᠨ ᠠᠷᠠᠳ ᠤᠨ ᠨᠢᠭᠡᠳᠦᠯ ᠤᠨ ᠬᠤᠪᠢᠰᠬᠠᠯ ᠤᠨ ᠵᠦᠪᠯᠡᠯ ᠠᠴᠠ 1978 ᠤᠨ ᠤ 6 ᠰᠠᠷ᠎ᠠ ᠶᠢᠨ 7᠎ ᠳᠤ ︽ᠰᠠᠮᠳᠠᠨ ᠯᠠᠮᠠ ᠶᠢᠨ ᠡᠮ ᠢ ᠬᠤᠷᠢᠶᠠᠭᠰᠠᠨ ᠠᠰᠠᠭᠤᠳᠠᠯ ᠎ ᠤᠨ ᠳᠤᠬᠠᠢ ᠮᠡᠳᠡᠭᠳᠡᠯ︾ ᠭᠡᠬᠦ ᠨᠢᠭᠡᠨ ᠪᠠᠷᠢᠮᠳᠠ ᠬᠠᠭᠤᠴᠢᠨ ᠰᠤᠷᠪᠤᠯᠵᠢ ᠨᠤᠭᠤᠳ ᠤᠨ ᠳᠤᠳᠤᠷ᠎ᠠ ᠠᠴᠠ 2017 ᠤᠨ ᠤ ᠠᠷᠪᠠᠨ ᠨᠢᠭᠡᠨ ᠰᠠᠷ᠎ᠠ ᠳᠤ ᠰᠢᠨ᠎ᠡ ᠪᠠᠷ ᠤᠯᠳᠠᠭᠰᠠᠨ ᠪᠦᠬᠡᠳ ᠲᠡᠷᠡ ᠬᠦ ᠬᠠᠭᠤᠳᠠᠰᠤᠨ ᠳᠤ ᠪᠢᠴᠢᠭᠦ ᠳᠡᠭᠡᠨ ︽ᠠᠯᠳᠠᠨ ᠤᠳᠤ ᠪᠠᠷᠢᠭᠠᠳᠠ ᠶᠢᠨ ᠬᠤᠪᠢᠰᠬᠠᠯ ᠤᠨ ᠵᠦᠪᠯᠡᠯ ᠳᠤ᠄ ᠲᠠᠨ ᠤ ᠪᠠᠷᠢᠭᠠᠳᠠ ᠶᠢᠨ ᠰᠠᠮᠳᠠᠨ ᠯᠠᠮᠠ ᠶᠢᠨ ᠡᠮ ᠢ ᠬᠤᠷᠢᠶᠠᠮᠵᠢᠯᠠᠨ ᠠᠪᠤᠭᠰᠠᠨ ᠠᠰᠠᠭᠤᠳᠠᠯ ᠪᠤᠯ᠂ ᠨᠢᠭᠡ ᠳᠤ ᠵᠦᠪᠰᠢᠶᠡᠷᠡᠯ ᠦᠬᠡᠢ ᠪᠠᠷ ᠡᠮ ᠪᠠᠷᠢᠵᠠᠢ᠃ ᠬᠤᠶᠠᠷ ᠎ ᠲᠤ ᠤᠯᠠᠨ ᠳᠦᠮᠡᠨ ᠲᠠᠢ ᠨᠡᠶᠢᠯᠡᠬᠦ ᠦᠬᠡᠢ ᠠᠭᠯᠠᠭ ᠠᠭᠤᠯᠠᠨ ᠳᠤ ᠰᠠᠭᠤᠵᠤ ᠮᠤᠩᠬᠠᠭ ᠪᠢᠰᠢᠷᠡᠯ ᠤᠨ ᠬᠦᠳᠡᠯᠭᠡᠭᠡᠨ ᠬᠢᠵᠦ ᠪᠠᠰᠠ ᠯᠠᠮᠠ ᠶᠢᠨ ᠬᠤᠪᠴᠠᠰᠤ ᠬᠤᠨᠠᠷ ᠢᠶᠠᠨ ᠬᠦᠷᠳᠡᠯ᠎ᠡ ᠪᠦᠬᠦᠨ ᠢ ᠬᠠᠳᠠᠭᠠᠯᠠᠵᠤ ᠪᠠᠶᠢᠭᠰᠠᠨ ᠪᠤᠳᠠᠳᠤ ᠪᠠᠶᠢᠳᠠᠯ ᠎ ᠢ ᠦᠨᠳᠦᠰᠦᠯᠡᠨ ᠡᠮ ᠢ ᠨᠢ ᠬᠤᠷᠢᠶᠠᠮᠵᠢᠯᠠᠨ ᠠᠪᠴᠤ᠂ ᠡᠮ ᠪᠠᠷᠢᠬᠤ ᠶᠢ ᠨᠢ ᠵᠤᠭᠰᠤᠭᠠᠭᠰᠠᠨ ᠢ ᠤᠨᠴᠤᠭᠤᠶᠢᠯᠠᠨ ᠮᠡᠳᠡᠭᠳᠡᠶ᠎ᠡ︾ ᠬᠡᠰᠡᠨ ᠪᠠᠶᠢᠨ᠎ᠠ᠃ ᠳᠡᠪᠰᠢᠯᠳᠤ ᠶᠢᠨ ᠨᠠᠶᠢᠷᠠᠭᠤᠯᠤᠨ ᠪᠦᠳᠦᠭᠡᠵᠤ 2013 ᠤᠨ ᠳᠤ ᠬᠡᠪᠯᠡᠭᠦᠯᠦᠭᠰᠡᠨ ︽ᠤᠳᠠᠴᠢ ᠡᠮᠴᠢ ᠠᠭᠤᠯᠠ ᠶᠢᠨ ᠮᠠᠮᠠ︾ ᠬᠡᠭᠦ ᠨᠤᠮ ᠳᠤ ᠳᠡᠮᠳᠡᠭᠯᠡᠭᠰᠡᠨ ᠢᠶᠠᠷ ︽ᠠᠭᠤᠯᠠ ᠶᠢᠨ ᠮᠠᠮᠠ ᠪᠢᠯᠢᠭ ᠤᠨ ᠤᠯᠠᠷᠢᠯ ᠤᠨ ᠤᠯᠠᠭᠴᠢᠨ ᠲᠠᠤᠯᠠᠢ ᠵᠢᠯ ᠤᠨ ᠴᠠᠭᠠᠨ ᠰᠠᠷ᠎ᠠ ᠶᠢᠨ ᠠᠷᠪᠠ ᠶᠢᠰᠤᠨ ᠤ ᠡᠳᠦᠷ ᠤᠨ ᠦᠳᠡ ᠶᠢᠨ ᠡᠮᠦᠨᠡᠬᠢ 10 ᠴᠠᠭ 55 ᠮᠢᠨᠦ᠋ᠲ ᠲᠤ ᠨᠠᠰᠤ ᠪᠠᠷᠠᠪᠠ︾ ᠬᠡᠵᠠᠢ᠃        ᠦᠨᠦ ᠶᠢᠨ ᠪᠠᠶᠠᠨᠴᠠᠭᠠᠨ ᠰᠤᠮᠤᠨ ᠤ ᠪᠠᠶᠠᠨ᠋ᠠ᠋ᠭᠤᠯᠠ ᠭᠠᠴᠠᠭᠠᠨ ᠳᠤ ᠰᠠᠭᠤᠭ᠎ᠠ ᠪᠠᠶᠠᠷ ᠨᠠᠰᠤᠳᠠᠨ 2017 ᠤᠨ ᠤ ᠠᠷᠪᠠᠳᠤᠭᠠᠷ ᠰᠠᠷ᠎ᠠ ᠶᠢᠨ 16᠎ ᠳᠤ ᠨᠠᠷᠠᠳᠤ ᠡᠷᠳᠡᠮᠳᠡᠨ ᠰᠠᠮᠪᠤᠤ ᠷᠠᠨᠵᠢᠮᠪᠠ ᠶᠢᠨ ᠳᠡᠯᠳᠡ ᠶᠢ ᠨᠠᠪᠳᠠ ᠳᠤᠯᠢᠳᠠᠳᠠᠭ ᠡᠷᠳᠡᠮ ᠴᠢᠳᠡᠯ ᠤᠨ ᠳᠤᠬᠠᠢ ᠶᠠᠷᠢᠭᠰᠠᠨ ᠨᠢ᠄ ᠳᠡᠭᠡᠷ᠎ᠡ ᠳᠤᠷᠠᠳᠤᠨ ᠪᠤᠢ ᠨᠦᠬᠦᠬᠡ ᠪᠦᠬᠡᠪᠠᠳᠤ ᠮᠠᠮ᠎ᠠ ᠬᠦᠮᠪᠤᠨ ᠠᠴᠠ ᠭᠠᠷᠴᠤ ᠢᠷᠡᠬᠦ ᠦᠶ᠎ᠡ ᠳᠡᠭᠡᠨ ᠰᠠᠮᠪᠤᠤ ᠷᠠᠨᠵᠢᠮᠪᠠ ᠪᠠᠭᠰᠢ ᠳᠠᠭᠠᠨ ︽ᠪᠢ ᠤᠳᠤ ᠨᠤᠳᠤᠭ ᠲᠠᠭᠠᠨ ᠪᠤᠴᠠᠶ᠎ᠠ ᠬᠡᠵᠦ ᠪᠠᠶᠢᠨ᠎ᠠ᠃ ᠪᠢ ᠠᠳᠡ ᠠᠴᠠ ᠵᠢᠭᠠᠬᠠᠨ ᠪᠤᠷᠬᠠᠨ ᠱᠠᠰᠢᠨ ᠤ ᠬᠦᠷᠦᠭ ᠵᠢᠷᠤᠭ ᠠᠪᠠᠴᠢᠵᠤ ᠬᠡᠦᠭᠡᠳ ᠳᠡᠬᠦᠦ ᠨᠠᠷ ᠲᠠᠭᠠᠨ ᠦᠭᠬᠦᠶ᠎ᠡ︾ ᠬᠡᠵᠠᠢ᠃ ᠳᠡᠭᠡᠬᠦ ᠳᠤ ᠰᠠᠮᠪᠤᠤ ᠷᠠᠨᠵᠢᠮᠪᠠ ᠪᠠᠭᠰᠢ ᠨᠢ ︽ᠠᠢ᠂ ᠮᠠᠨ ᠤ ᠳᠡᠨᠳᠡ ᠴᠢᠨᠢ ᠤᠳᠤ ᠪᠤᠷᠬᠠᠨ ᠱᠠᠰᠢᠨ ᠢ ᠴᠢᠨᠢ ᠳᠠᠬᠢᠬᠤ ᠪᠠᠨ ᠪᠠᠶᠢᠴᠢᠬᠠᠭᠰᠠᠨ ᠰᠢᠦ᠂ ᠴᠢ ᠠᠪᠠᠴᠢᠶ᠎ᠠ ᠭᠡᠪᠡᠯ ᠪᠠᠶ᠎ᠠ ᠪᠠᠨ ᠰᠡᠬᠦᠳᠡᠷᠯᠡᠬᠡᠳ ᠠᠷᠪᠢᠬᠠᠨ ᠠᠪᠤᠭᠠᠳ ᠶᠠᠪᠤ᠃ ᠳᠡᠭᠡᠪᠡᠯ ᠲᠠᠨ ᠤ ᠰᠡᠭᠦᠳᠡᠷ ᠢ ᠴᠢᠨᠢ ᠳᠠᠬᠢᠬᠤ ᠮᠠᠭᠠᠳ ᠦᠬᠡᠢ᠃ ᠴᠢ ᠴᠢᠨᠢ ᠤᠳᠤ ᠬᠠᠷᠢᠬᠤ ᠴᠤ ᠬᠠᠷᠢᠵᠦ ᠪᠤᠯᠤᠨ᠎ᠠ ᠡ᠃ ᠬᠠᠷᠢᠭᠠᠳ ᠤᠳᠤ ᠠᠷᠪᠢᠨ ᠴᠤ ᠠᠵᠢᠯ ᠬᠢᠬᠦ ᠶᠤᠮ ᠪᠠᠶᠢᠨ᠎ᠠ ᠳ᠋ᠠ᠃ ᠰᠠᠷ᠎ᠠ ᠳᠤ ᠰᠠᠭᠤᠭᠰᠠᠨ ᠡᠮᠡᠭᠳᠡᠢ ᠶᠢ ᠡᠷᠬᠢᠴᠡᠬᠦᠯᠦᠨ᠎ᠡ᠃ ᠦᠬᠡᠷ ᠲᠡᠷᠬᠡ ᠬᠦᠬᠡᠬᠡᠬᠡᠳ ᠠᠶᠠᠨ ᠬᠢᠨ᠎ᠡ᠃ ᠬᠤᠨᠢ ᠢᠮᠠᠭ᠎ᠠ ᠬᠠᠷᠠᠨ᠎ᠠ︾ ᠬᠡᠵᠦ ᠬᠡᠯᠡᠭᠰᠡᠨ ᠬᠡᠨ᠎ᠡ᠃ ᠳᠡᠭᠡᠬᠦ ᠳᠤ ᠪᠦᠬᠡᠪᠠᠳᠤ ᠮᠠᠮ᠎ᠠ ᠳᠤᠳᠤᠷ᠎ᠠ ᠪᠠᠨ ︽ᠪᠢᠳᠡ ᠵᠠᠯᠠᠭᠤ ᠪᠠᠶᠢᠨ᠎ᠠ᠃ ᠮᠠᠨ ᠤ ᠪᠠᠭᠰᠢ ᠴᠢᠨᠢ ᠤᠳᠤ ᠵᠦᠨᠦᠳᠦᠴᠢᠬᠡᠵᠡᠢ᠃ ᠡᠨᠡ ᠴᠢᠨᠢ ᠤᠳᠤ ᠨᠠᠳᠠ ᠶᠢ ᠬᠠᠷᠢᠩᠭᠤᠳᠠ ᠎ ᠪᠠᠨ ᠡᠬᠡᠨᠡᠷ ᠠᠪᠤᠭᠠᠳ ᠠᠶᠢᠯ ᠪᠤᠯᠤᠨ ᠬᠡᠦᠭᠡᠳ ᠰᠢᠤᠬᠤᠳ ᠲᠠᠢ ᠪᠤᠯᠤᠨ᠎ᠠ ᠭᠡᠵᠦ ᠬᠡᠯᠡᠵᠦ ᠪᠠᠶᠢᠬᠤ ᠶᠤᠮ ᠪᠠᠶᠢᠨ᠎ᠠ︾ ᠬᠡᠵᠦ ᠪᠤᠳᠤᠵᠤ ᠬᠡᠨ᠎ᠡ᠃ ᠮᠠᠨ ᠤ ᠠᠳᠡ ᠪᠠᠨ ᠢᠷᠡᠭᠰᠡᠨ ᠴᠢᠨᠢ ᠬᠤᠯᠠ ᠠᠩᠬᠢ ᠪᠤᠯᠴᠢᠬᠠᠵᠠᠢ ᠬᠡᠨ᠎ᠡ᠃ ᠰᠤᠶᠤᠯ ᠤᠨ ᠬᠤᠪᠢᠰᠬᠠᠯ ᠡᠬᠢᠯᠡᠵᠦ᠂ ᠯᠤᠤ ᠶᠢᠨ ᠬᠤᠸᠠᠷ ᠲᠠᠢ ᠠᠶᠠᠭ᠎ᠠ ᠶᠢ ᠬᠦᠷᠳᠡᠯ᠎ᠡ ᠬᠠᠭᠤᠴᠢᠨ ᠤ ᠶᠠᠭᠤᠮ᠎ᠠ ᠬᠡᠳ ᠬᠠᠭᠠᠯᠵᠦ ᠪᠠᠶᠢᠵᠠᠢ᠃ ᠢᠷᠡᠭᠰᠡᠨ ᠬᠤᠶᠢᠨ᠎ᠠ ᠨᠢ ᠪᠦᠬᠡᠪᠠᠳᠤ ᠮᠠᠮ᠎ᠠ ᠶᠢ ᠦᠬᠡᠳᠡ ᠠᠴᠠ ᠨᠢ ᠲᠡᠮᠡᠴᠡᠭᠡᠳ ᠳᠠᠪᠤᠰᠤᠨ ᠠᠶᠠᠨ ᠳᠤ ᠶᠠᠪᠤᠭᠤᠯᠵᠠᠢ᠃ ᠬᠠᠮ ᠲᠡᠷᠭᠡ ᠪᠠᠷ ᠭᠠᠯᠳᠠᠰᠤᠳᠠᠢ ᠶᠢᠨ ᠷᠠᠰᠢᠶᠠᠨ ᠳᠤ ᠡᠮᠡᠭᠡᠨ ᠬᠦᠮᠦᠨ ᠢ ᠬᠦᠷᠭᠡᠬᠦᠯᠵᠦ ᠬᠡᠨ᠎ᠡ᠃ ᠭᠡᠷ ᠲᠡᠭᠡᠨ ᠬᠠᠷᠢᠭᠠᠳ ᠢᠷᠡᠭᠰᠡᠨ ᠴᠢᠨᠢ ᠳᠡᠬᠦᠦ ᠪᠠᠷᠢ ᠨᠢ ᠬᠡᠤᠬᠡᠳ ᠲᠠᠢ ᠲᠠᠢ ᠪᠤᠯᠤᠭᠠᠳ ᠪᠠᠶᠢᠵᠠᠢ᠃ ᠳᠡᠭᠡᠭᠡᠳ ᠳᠡᠭᠦᠦ ᠪᠠᠷᠢ ᠪᠠᠨ ᠡᠷᠬᠢᠴᠡᠬᠦᠯᠵᠠᠢ᠃ ᠲᠠᠯ᠎ᠠ ᠶᠢᠨ ᠳᠤᠪᠤᠭ ᠤᠨ ᠵᠡᠬᠦᠨ ᠡᠮᠦᠨ᠎ᠡ ᠪᠠᠶᠢᠳᠠᠭ ᠱᠤᠷᠤᠩ ᠤᠨ ᠤᠷᠤᠢ ᠳᠠᠭᠡᠷ᠎ᠡ ᠬᠤᠨᠢ ᠬᠠᠷᠠᠵᠤ ᠰᠠᠭᠤᠵᠤ ᠪᠠᠶᠢᠭᠠᠳ ᠪᠠᠷᠠᠭᠤᠨ ᠡᠮᠤᠨᠠᠰᠢ ᠬᠠᠷᠠᠨ ᠵᠠᠯᠪᠠᠷᠢᠨ ᠮᠦᠷᠬᠦᠵᠦ ︽ᠪᠠᠭᠰᠢ ᠲᠠᠨ ᠤ ᠮᠢᠨᠢ ᠬᠡᠯᠡᠭᠰᠡᠨ ᠠᠴᠠ ᠶᠠᠭ ᠭᠠᠷᠤᠭᠰᠠᠨ ᠦᠬᠡᠢ ᠡ᠃ ᠪᠢ ᠲᠠᠨ ᠢ ᠲᠡᠷᠡ ᠦᠶ᠎ᠡ ᠳᠤ ᠵᠦᠨᠦᠳᠦᠴᠢᠬᠡᠵᠦ ᠬᠡᠵᠦ ᠪᠤᠳᠤᠵᠤ ᠪᠠᠶᠢᠭᠰᠠ ᠡ᠃ ᠡᠶᠢᠮᠦ ᠪᠤᠯᠤᠨ᠎ᠠ ᠬᠡᠳᠡᠭ ᠢ ᠮᠡᠳᠡᠭᠰᠡᠨ ᠦᠬᠡᠢ᠃ ᠮᠢᠨᠤ ᠪᠠᠭᠰᠢ ᠴᠢᠨᠢ ᠠᠮᠢᠳᠤ ᠪᠤᠷᠬᠠᠨ ᠶᠤᠮ ᠪᠠᠶᠢᠨ᠎ᠠ᠃ ᠢᠷᠡᠭᠡᠳᠦᠢ ᠶᠢᠨ ᠶᠠᠪᠤᠳᠠᠯ ᠤᠳ ᠢ ᠪᠦᠷ ᠮᠡᠳᠡᠴᠢᠬᠡᠵᠦ ᠁︾ ᠬᠡᠵᠦ ᠬᠡᠯᠡᠭᠰᠡᠨ ᠬᠡᠨ᠎ᠡ᠃      ᠲᠡᠷᠡ ᠵᠢᠯ ᠪᠠᠶᠠᠷ ᠨᠠᠰᠤᠳᠠᠨ ᠬᠡᠷᠭᠡᠢ ᠬᠡᠷᠡᠯ᠎ᠡ ᠲᠠᠢ ᠪᠠᠨ ᠬᠦᠮᠪᠤᠨ ᠳᠤ ᠬᠦᠷᠦᠭᠰᠡᠨ᠎ᠡ ᠶᠠᠩᠵᠠᠢ ᠭᠡᠭᠡᠨ ︽ᠪᠠᠭᠰᠢ ᠶᠢᠨ ᠮᠢᠨᠢ ᠳᠦᠷᠦᠭᠰᠡᠨ ᠨᠤᠳᠤᠭ ᠠᠴᠠ ᠰᠠᠳᠤᠨ ᠨᠢ ᠢᠷᠡᠯ᠎ᠡ︾ ᠬᠡᠳ ᠶᠡᠭᠡᠳᠡ ᠬᠦᠨᠳᠦᠯᠡᠵᠦ ᠬᠦᠮᠪᠦᠨ ᠢ ᠳᠤᠭᠤᠷᠢᠭᠤᠯᠤᠭᠠᠳ ︽ᠰᠦᠮ᠎ᠡ ᠶᠢᠨ ᠡᠬᠦᠳᠡᠨ ᠳᠡᠭᠡᠷᠡᠬᠢ ᠦᠰᠦᠭ ᠢ ᠮᠢᠨᠤ ᠪᠠᠭᠰᠢ ᠰᠠᠮᠪᠤᠤ ᠷᠠᠨᠵᠢᠮᠪᠠ ᠪᠢᠴᠢᠭᠰᠡᠨ ᠰᠢᠦ᠂ ᠠᠷᠪᠠᠨ ᠭᠡᠭᠡᠨ ᠢ ᠬᠦᠮᠦᠵᠢᠬᠦᠯᠦᠭᠰᠡᠨ ᠬᠦᠮᠦᠨ᠃ ᠵᠠᠩᠴᠢ ᠬᠠᠯᠢᠭᠰᠠᠨ ᠤ ᠬᠢᠨᠢ ᠳᠠᠷᠠᠭ᠎ᠠ ᠳᠤᠯᠤᠭᠠᠨ ᠬᠤᠨᠤᠭ ᠨᠤᠮ ᠬᠤᠷᠠᠭᠰᠠᠨ︾  ᠬᠡᠵᠦ ᠬᠡᠯᠡᠵᠦ ᠦᠭᠴᠠᠢ᠃      ᠪᠠᠶᠠᠷ ᠨᠠᠰᠤᠳᠠᠨ ᠴᠠᠰᠢ ᠨᠢ ᠪᠦᠬᠡᠪᠠᠳᠤ ᠮᠠᠮ᠎ᠠ ᠶᠢᠨ ᠳᠤᠬᠠᠢ ᠬᠠᠭᠤᠴᠢ ᠬᠦᠦᠷᠨᠢᠭᠰᠡᠨ ᠨᠢ ︽ᠳᠠᠯᠠᠭᠠᠳ ᠤᠨ ᠎ ᠤ ᠦᠶ᠎ᠡ ᠳᠤ ᠬᠤᠳᠠ ᠳᠦᠬᠦᠷᠡᠩ ᠨᠤᠬᠠᠢ ᠲᠠᠢ ᠪᠠᠶᠢᠭᠰᠠ ᠦᠶ᠎ᠡ ᠳᠤ ᠤᠳᠤ ᠶᠢᠨ ᠳ᠋ᠠᠴᠢ ᠶᠢᠨ ᠠᠶᠢᠯ ᠤᠳ ᠤᠨ ᠠᠷᠪᠠᠨ ᠭᠡᠳᠦᠨ ᠨᠤᠬᠠᠢ ᠡᠪᠤᠭᠡᠨ ᠮᠠᠮ᠎ᠠ ᠳᠤ ᠳᠠᠯᠪᠢᠭᠠᠳ ᠪᠠᠭᠤᠵᠤ ᠬᠡᠨ᠎ᠡ᠃ ᠳᠡᠭᠡᠬᠦ ᠳᠤ ᠲᠠᠷᠢᠶ᠎ᠠ ᠪᠠᠨ ᠴᠤᠬᠢᠵᠦ ᠪᠠᠶᠢᠭᠰᠠᠨ ᠬᠢᠳᠡᠳ ᠤᠳ< ᠤᠳᠤ ᠴᠤ ᠪᠠᠷᠠᠭᠰᠠᠨ ᠡ᠂ ᠡᠪᠤᠭᠡᠨ ᠴᠤ ᠨᠤᠬᠠᠢ ᠶᠢᠨ ᠢᠳᠡᠰᠢ ᠪᠤᠯᠤᠭᠰᠠᠨ > ᠭᠡᠵᠦ ᠳᠠᠭᠤ ᠠᠯᠳᠠᠨ ᠬᠡᠯᠡᠯᠴᠡᠵᠦ ᠪᠠᠶᠢᠳᠠᠯ᠎ᠠ ᠡᠪᠤᠭᠡᠨ ᠮᠠᠮ᠎ᠠ ᠪᠤᠴᠠᠵᠤ ᠬᠠᠷᠠᠴᠢᠬᠠᠭᠠᠳ < ᠤᠳᠤ ᠴᠤ ᠪᠠᠷᠠᠭᠰᠠᠨ ᠡ᠂ ᠡᠪᠤᠭᠡᠨ ᠴᠤ ᠨᠤᠬᠠᠢ ᠶᠢᠨ ᠢᠳᠡᠰᠢ ᠪᠤᠯᠤᠭᠰᠠᠨ >ᠬᠤᠶᠠᠷ ᠶᠤᠮ ᠤᠤ ᠡᠰᠡᠭᠦᠯ᠎ᠡ ᠨᠢᠬᠡ ᠬᠤᠷᠤᠭᠤ ᠪᠠᠷ ᠢᠶᠠᠨ ᠦᠭᠡᠳᠡ ᠠᠴᠠ ᠨᠢ ᠳᠤᠬᠢᠰ ᠭᠡᠳ ᠠᠪᠤᠭᠰᠠᠨ ᠴᠢᠨᠢ < ᠤᠳᠤ ᠴᠤ ᠪᠠᠷᠠᠭᠰᠠᠨ ᠡ᠂ ᠡᠪᠤᠭᠡᠨ ᠴᠤ ᠨᠤᠬᠠᠢ ᠶᠢᠨ ᠢᠳᠡᠰᠢ ᠪᠤᠯᠤᠭᠰᠠᠨ >ᠨᠤᠬᠠᠶᠢᠳ ᠳᠡᠨᠳᠡ ᠪᠠᠨ ᠵᠦᠬᠡᠷ ᠮᠡᠯᠡᠷᠡᠭᠡᠳ ᠯᠠ ᠬᠤᠴᠤᠷᠴᠤ ᠬᠡᠨ᠎ᠡ᠃ ᠦᠬᠡᠳᠡ ᠦᠬᠡᠳᠡ ᠠᠴᠠ ᠬᠠᠷᠠᠭᠠᠳ < ᠤᠳᠤ ᠴᠤ ᠪᠠᠷᠠᠭᠰᠠᠨ ᠡ᠂ ᠡᠪᠤᠭᠡᠨ ᠴᠤ ᠨᠤᠬᠠᠢ ᠶᠢᠨ ᠢᠳᠡᠰᠢ ᠪᠤᠯᠤᠭᠰᠠᠨ >ᠬᠤᠷᠭᠤᠭᠠᠭᠠᠳ ᠯᠠ ᠪᠠᠶᠢᠵᠦ ᠬᠡᠨ᠎ᠡ᠃ ᠳᠡᠭᠡᠭᠡᠳ ᠯᠠ ᠲᠡᠷᠡ ᠬᠠᠪᠢ ᠶᠢᠨ ᠬᠢᠳᠡᠳ ᠢᠷᠭᠡᠳ ᠶᠡᠭᠡ ᠪᠢᠰᠢᠷᠠᠵᠤ᠂ < ᠤᠳᠤ ᠴᠤ ᠪᠠᠷᠠᠭᠰᠠᠨ ᠡ᠂ ᠡᠪᠤᠭᠡᠨ ᠴᠤ ᠨᠤᠬᠠᠢ ᠶᠢᠨ ᠢᠳᠡᠰᠢ ᠪᠤᠯᠤᠭᠰᠠᠨ >ᠬᠡᠦᠬᠡᠳ ᠰᠢᠤᠬᠠᠳ ᠨᠢ ᠬᠠᠯᠠᠭᠤᠷᠠᠬᠤ ᠶᠤᠮ ᠤᠤ ᠡᠪᠡᠳᠴᠤ ᠵᠤᠪᠠᠪᠠᠯ ᠮᠠᠮ᠎ᠠ ᠶᠢ ᠰᠦᠨᠢ ᠪᠠᠷ ᠵᠠᠯᠠᠵᠤ ᠢᠷᠡᠭᠡᠳ < ᠤᠳᠤ ᠴᠤ ᠪᠠᠷᠠᠭᠰᠠᠨ ᠡ᠂ ᠡᠪᠤᠭᠡᠨ ᠴᠤ ᠨᠤᠬᠠᠢ ᠶᠢᠨ ᠢᠳᠡᠰᠢ ᠪᠤᠯᠤᠭᠰᠠᠨ >ᠦᠵᠡᠬᠦᠯᠳᠡᠭ ᠭᠡᠨ᠎ᠡ᠃ ᠰᠤᠶᠤᠯ ᠤᠨ ᠬᠤᠪᠢᠰᠬᠠᠯ ᠤᠨ ᠦᠶ᠎ᠡ ᠳᠤ ᠱᠠᠰᠢᠨ ᠢ ᠡᠰᠡᠷᠬᠦᠴᠡᠵᠦ ᠪᠠᠶᠢᠭᠰᠠᠨ ᠴᠠᠭ ᠳᠤᠯᠠ < ᠤᠳᠤ ᠴᠤ ᠪᠠᠷᠠᠭᠰᠠᠨ ᠡ᠂ ᠡᠪᠤᠭᠡᠨ ᠴᠤ ᠨᠤᠬᠠᠢ ᠶᠢᠨ ᠢᠳᠡᠰᠢ ᠪᠤᠯᠤᠭᠰᠠᠨ >ᠬᠤᠯᠠᠭᠠᠢ ᠬᠢᠬᠡᠳ ᠴᠢᠮᠡᠭᠡ ᠦᠬᠡᠢ ᠵᠠᠯᠠᠭᠠᠳ ᠠᠪᠠᠴᠢᠳᠠᠭ ᠪᠠᠶᠢᠵᠠᠢ︾ ᠬᠡᠪᠡ᠃ ᠪᠦᠬᠡᠪᠠᠳᠤ ᠮᠠᠮ᠎ᠠ ᠶᠢᠨ ᠨᠤᠮ ᠤᠨ < ᠤᠳᠤ ᠴᠤ ᠪᠠᠷᠠᠭᠰᠠᠨ ᠡ᠂ ᠡᠪᠤᠭᠡᠨ ᠴᠤ ᠨᠤᠬᠠᠢ ᠶᠢᠨ ᠢᠳᠡᠰᠢ ᠪᠤᠯᠤᠭᠰᠠᠨ >ᠨᠠᠷ᠎ᠠ ᠨᠢ ᠯᠤᠪᠰᠠᠩᠰᠤᠩᠷᠡᠢ ᠭᠡᠨ᠎ᠡ᠃1978 ᠤᠨ ᠤ ᠬᠠᠪᠤᠷ ᠦᠨᠦ ᠶᠢᠨ ᠪᠠᠶᠠᠨᠴᠠᠭᠠᠨ ᠰᠤᠮᠤᠨ ᠤ ᠪᠠᠶᠠᠨ᠋ᠠ᠋ᠭᠤᠯᠠ < ᠤᠳᠤ ᠴᠤ ᠪᠠᠷᠠᠭᠰᠠᠨ ᠡ᠂ ᠡᠪᠤᠭᠡᠨ ᠴᠤ ᠨᠤᠬᠠᠢ ᠶᠢᠨ ᠢᠳᠡᠰᠢ ᠪᠤᠯᠤᠭᠰᠠᠨ >ᠭᠠᠴᠠᠭᠠᠨ ᠤ ᠨᠢᠭᠡᠳᠦᠭᠡᠷ ᠳᠤᠭᠤᠶᠢᠯᠠᠩ ᠳᠤ ᠳᠠᠭᠠᠯᠠᠯ ᠪᠤᠯᠵᠠᠢ᠃< ᠤᠳᠤ ᠴᠤ ᠪᠠᠷᠠᠭᠰᠠᠨ ᠡ᠂ ᠡᠪᠤᠭᠡᠨ ᠴᠤ ᠨᠤᠬᠠᠢ ᠶᠢᠨ ᠢᠳᠡᠰᠢ ᠪᠤᠯᠤᠭᠰᠠᠨ >< ᠤᠳᠤ ᠴᠤ ᠪᠠᠷᠠᠭᠰᠠᠨ ᠡ᠂ ᠡᠪᠤᠭᠡᠨ ᠴᠤ ᠨᠤᠬᠠᠢ ᠶᠢᠨ ᠢᠳᠡᠰᠢ ᠪᠤᠯᠤᠭᠰᠠᠨ >< ᠤᠳᠤ ᠴᠤ ᠪᠠᠷᠠᠭᠰᠠᠨ ᠡ᠂ ᠡᠪᠤᠭᠡᠨ ᠴᠤ ᠨᠤᠬᠠᠢ ᠶᠢᠨ ᠢᠳᠡᠰᠢ ᠪᠤᠯᠤᠭᠰᠠᠨ >< ᠤᠳᠤ ᠴᠤ ᠪᠠᠷᠠᠭᠰᠠᠨ ᠡ᠂ ᠡᠪᠤᠭᠡᠨ ᠴᠤ ᠨᠤᠬᠠᠢ ᠶᠢᠨ ᠢᠳᠡᠰᠢ ᠪᠤᠯᠤᠭᠰᠠᠨ >
 
ᠢᠷᠡᠯᠲᠡ᠄ ︽ᠤᠶᠤᠨ ᠢ ᠴᠢᠮᠡᠭᠴᠢ ᠯᠢᠩᠪᠤ ᠶᠢᠨ ᠡᠭᠡᠰᠢᠭ︾ ᠨᠤᠮ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号