ᠤᠤᠭᠠᠯ ᠨᠤᠲᠤᠭ ᠤᠨ ᠢᠶᠠᠨ ᠤᠬᠠᠭᠠᠨᠲᠤ ᠠᠷᠠᠳ ᠤᠨ ᠪᠦᠲᠦᠭᠡᠭᠰᠡᠨ ᠥᠪ ᠰᠣᠶᠣᠯ ᠢ ᠤᠳᠤᠮ ᠤᠨ | ᠬᠤᠶᠢᠴᠢ ᠦᠷ᠎ᠡ ᠬᠡᠦᠬᠡᠳ ᠲᠡᠭᠡᠨ ᠦᠶ᠎ᠡ ᠵᠠᠯᠭᠠᠭᠤᠯᠤᠨ ᠥᠪᠯᠡᠭᠦᠯᠬᠦ ᠶᠢᠨ ᠲᠥᠯᠥᠭᠡ᠂ ᠬᠤᠷᠢᠲᠠᠢ ᠠᠴᠠ ᠪᠠᠨ | ᠲᠠᠪᠢᠲᠠᠢ ᠪᠤᠯᠲᠠᠯ᠎ᠠ ᠭᠤᠴᠢᠨ ᠵᠢᠯ ᠭᠤᠲᠤᠷᠠᠵᠤ ᠴᠥᠬᠦᠷᠡᠰᠢ ᠦᠭᠡᠢ ᠵᠢᠳᠬᠦᠨ᠂ ᠠᠮᠠᠨ ᠤᠯᠠᠮᠵᠢᠯᠠᠯ ᠤᠨ ᠠᠷᠭ᠎ᠠ ᠪᠠᠷ | ᠠᠷᠠᠳ ᠤᠨ ᠢᠶᠠᠨ ᠲᠣᠲᠣᠷ᠎ᠠ ᠠᠴᠠ ᠠᠯᠳᠠ ᠠᠯᠮᠠᠰ ᠠᠴᠠ ᠦᠨᠡᠲᠡᠢ ᠵᠦᠢᠯ ᠢ ᠣᠯᠠᠨ ᠬᠤᠷᠢᠶᠠᠭᠰᠠᠨ ᠬᠠᠳᠠᠭᠠᠯᠠᠭᠰᠠᠨ | ᠤ ᠪᠠᠨ ᠵᠡᠷᠭᠡ ᠡᠨᠡ ᠪᠦᠭᠦᠨ ᠢᠶᠠᠨ ᠬᠡᠦᠬᠡᠳ ᠳᠡᠭᠦᠦ ᠨᠠᠷ ᠲᠠᠭᠠᠨ ᠬᠡᠯᠡᠨ ᠮᠡᠳᠡᠭᠦᠯᠵᠦ ᠥᠪᠯᠡᠨ ᠤᠯᠠᠮᠵᠢᠯᠠᠭᠤᠯᠬᠤ ᠪᠠᠷ | ᠵᠢᠳᠬᠦᠵᠦ ᠪᠠᠶᠢᠭ᠎ᠠ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠤᠯᠠᠭᠠᠨᠬᠠᠳᠠ ᠬᠤᠲᠠ ᠶᠢᠨ ᠭᠡᠰᠢᠭᠳᠡᠨ | ᠬᠤᠰᠢᠭᠤᠨ ᠤ ᠵᠣᠬᠢᠶᠠᠨ ᠪᠠᠶᠢᠭᠤᠯᠬᠤ ᠬᠡᠯᠳᠡᠰ ᠲᠤ ᠠᠵᠢᠯ ᠲᠠᠢ ᠡᠷᠳᠡᠮᠲᠦ ᠶᠢ ᠥᠨᠥ ᠴᠠᠭ ᠤᠨ ᠡᠷᠳᠡᠮ ᠲᠠᠢ ᠡᠷᠬᠢᠮ | ᠬᠥᠮᠥᠨ ᠬᠡᠮᠡᠨ ᠪᠢᠳᠡ ᠮᠡᠳᠡᠭᠡᠯᠡᠵᠦ ᠪᠠᠶᠢᠭᠰᠠᠨ ᠪᠢᠯᠡ᠃ ᠪᠢᠳᠡ ᠨᠡᠶᠢᠲᠡ ᠮᠣᠩᠭᠤᠯ ᠤᠨ ᠥᠪ ᠰᠣᠶᠣᠯ ᠢ ᠮᠣᠩᠭᠤᠯ | ᠭᠡᠷ ᠢᠶᠠᠷ ᠢᠶᠠᠨ ᠲᠥᠰᠥᠭᠡᠯᠡᠨ ᠪᠣᠳᠣᠪᠠᠯ ᠭᠠᠵᠠᠷ ᠭᠠᠵᠠᠷ ᠨᠤᠲᠤᠭ ᠨᠤᠲᠤᠭ ᠤᠨ ᠥᠪ ᠰᠣᠶᠣᠯ ᠨᠢ ᠡᠨᠡ ᠰᠣᠶᠣᠯ ᠤᠨ | ︽ᠭᠡᠷ︾ ᠤᠨ ᠤᠨᠢ ᠬᠠᠨ᠎ᠠ᠂ ᠡᠭᠦᠳᠡ ᠬᠠᠭᠠᠯᠭ᠎ᠠ᠂ ᠲᠣᠭᠤᠨᠣ ᠲᠤᠯᠭᠠᠭᠤᠷᠢ ᠨᠢ ᠪᠣᠯᠵᠤ ᠪᠠᠶᠢᠳᠠᠭ ᠤᠴᠢᠷᠲᠠᠢ | ᠪᠥᠭᠡᠳ ᠤᠴᠢᠷ ᠢ ᠣᠶᠢᠯᠭᠠᠭᠰᠠᠨ ᠡᠷᠳᠡᠮᠲᠦ ᠬᠥᠮᠥᠰ ᠭᠡᠷ ᠲᠡᠭᠡᠨ ᠪᠠᠶᠢᠭ᠎ᠠ ᠰᠢᠭ᠋ ᠢᠶᠠᠷ ᠥᠪᠡᠷ ᠤᠨ ᠥᠪ | ᠰᠣᠶᠣᠯ ᠢᠶᠠᠨ ︽ᠮᠡᠳᠡᠳᠡᠭ ᠭᠡᠵᠦ ᠪᠤᠳᠣᠳᠠᠭ ᠠᠲᠠᠯ᠎ᠠ ᠮᠡᠲᠡᠵᠦ ᠴᠢᠳᠠᠭ᠎ᠠ ᠦᠭᠡᠢ︾ ᠠᠮᠠᠷᠬᠠᠨ ᠵᠦᠢᠯ ᠤᠳ ᠠᠴᠠ | ᠡᠬᠢᠯᠡᠨ ᠬᠠᠮᠤᠭ ᠤᠨ ᠣᠶᠢᠷ᠎ᠠ ᠵᠠᠢ ᠠᠴᠠ ᠨᠢ ᠰᠤᠷᠴᠤ ᠮᠡᠳᠡᠳᠡᠭ ᠪᠠᠶᠢᠵᠠᠢ᠃ ᠭᠡᠰᠢᠭᠳᠡᠨ ᠨᠤᠲᠤᠭ ᠤᠨ ᠢᠶᠠᠨ ᠥᠪ | ᠰᠤᠶᠣᠯ ᠢ ᠡᠷᠳᠡᠮᠲᠦ ᠢᠩᠭᠢᠵᠦ ᠮᠡᠳᠡᠭᠰᠡᠨ ᠢᠶᠠᠷ ᠢᠶᠠᠨ ᠡᠷᠳᠡᠮ ᠲᠠᠢ ᠳᠤ ᠣᠷᠣᠨ᠎ᠠ᠃ | ᠡᠷᠳᠡᠮᠲᠦ 30 ᠵᠢᠯ ᠳᠤ ︽ᠭᠡᠰᠢᠭᠳᠡᠨ ᠤ ᠠᠶᠠᠯᠠᠯ ᠵᠢᠭᠤᠯᠴᠢᠯᠠᠯ ᠤᠨ ᠰᠤᠶᠤᠯ︾᠂ ︽ᠭᠡᠰᠢᠭᠳᠡᠨ ᠤ | ᠵᠠᠮᠪᠠᠯᠵᠠᠪ ᠲᠤᠰᠠᠯᠠᠭᠴᠢ ᠶᠢᠨ ᠭᠡᠷ ᠤᠨ ᠲᠡᠦᠬᠡ︾᠂ ︽ᠭᠡᠰᠢᠭᠳᠡᠨ ᠭᠠᠵᠠᠷ ᠵᠦᠢ︾᠂ ︽ᠭᠡᠰᠢᠭᠳᠡᠨ ᠨᠤᠲᠤᠭ ᠤᠨ | ᠲᠤᠬᠠᠢ ᠲᠡᠮᠳᠡᠭᠯᠡᠯ︾᠂ ︽ᠬᠤᠩᠭᠢᠷᠠᠳ ᠭᠡᠰᠢᠭᠳᠡᠨ︾ ᠵᠡᠷᠭᠡ 23 ᠨᠣᠮ ᠪᠣᠯᠣᠨ ᠭᠡᠪᠯᠡᠯ ᠳᠤ ᠥᠭᠭᠦᠭᠡᠳ ᠪᠠᠶᠢᠭᠠᠳ | ︽ᠭᠡᠰᠢᠭᠳᠡᠨ ᠳᠤ ᠳᠡᠯᠭᠡᠷᠡᠭᠰᠡᠨ ᠮᠣᠩᠭᠤᠯ ᠠᠷᠠᠳ ᠤᠨ ᠳᠠᠭᠤᠤ︾ ᠵᠡᠷᠭᠡ 14 ᠨᠣᠮ ᠢ ᠵᠣᠬᠢᠶᠠᠨ ᠪᠦᠲᠦᠭᠡᠵᠦ᠂ | ᠭᠡᠰᠢᠭᠳᠡᠨ ᠤ ᠥᠪ ᠰᠣᠶᠣᠯ ᠤᠨ ᠲᠤᠬᠠᠢ 1990 ᠣᠨ ᠠᠴᠠ ᠣᠳᠣ ᠪᠤᠯᠲᠠᠯ᠎ᠠ 2880 ᠬᠥᠮᠥᠨ ᠲᠠᠢ ᠬᠢᠭᠰᠡᠨ | ᠭᠡᠰᠢᠭᠳᠡᠨ ᠠᠮᠠᠨ ᠤᠯᠠᠮᠵᠢᠯᠠᠯ ᠤᠨ ᠰᠣᠶᠣᠯ ᠤᠨ ᠰᠤᠷᠪᠤᠯᠵᠢᠯᠠᠭ᠎ᠠ ᠶᠢᠨ 8640 ᠬᠤᠪᠢ ᠦᠰᠦᠭ ᠪᠢᠴᠢᠭ ᠤᠨ | ᠠᠩᠬᠠᠨ ᠤ ᠭᠠᠷ ᠠᠪᠤᠯᠭ᠎ᠠ᠂ 3166 ᠬᠤᠪᠢ ᠵᠢᠷᠤᠭ ᠰᠡᠭᠦᠳᠡᠷ᠂ 1728 ᠬᠤᠪᠢ ᠪᠢᠴᠢᠯᠭᠡ ᠰᠢᠩᠭᠡᠭᠡᠯᠲᠡ | ᠴᠤᠭᠯᠠᠭᠤᠯᠵᠠᠢ᠃ ᠣᠳᠣ ᠪᠢᠳᠡ ᠲᠡᠭᠦᠨ ᠤ ᠶᠠᠷᠢᠬᠤ ᠶᠢ ᠰᠣᠨᠣᠰᠬᠤ ᠶᠢᠨ ᠳᠠᠭᠠᠤ ᠳᠤ ᠲᠡᠭᠦᠨ ᠤ ᠪᠢᠴᠢᠭᠰᠡᠨ ᠠᠯᠳᠠᠨ | ᠣᠷᠣᠭᠲᠠᠨ ᠤ ᠨᠠᠭᠠᠴᠤ ᠶᠢᠨ ᠨᠤᠲᠤᠭ ᠤᠨ ᠥᠷᠥᠭᠡ ᠲᠡᠦᠬᠡ ᠲᠠᠢ ᠲᠠᠨᠢᠯᠴᠠᠶ᠎ᠠ᠃ | | ᠨᠢᠭᠡ᠂ ᠦᠦᠭᠡ ᠲᠡᠦᠬᠡ ᠶᠢᠨ ᠭᠡᠰᠢᠭᠳᠡᠨ | | ᠴᠢᠩᠭᠢᠰ ᠬᠠᠭᠠᠨ ᠤ ᠦᠶ᠎ᠡ ᠳᠤ ᠬᠡᠰᠢᠭ ᠭᠡᠳᠡᠭ ᠦᠭᠡ ᠨᠢ ᠲᠡᠰ ᠳᠠᠷᠠᠭ᠎ᠠ᠂ ᠡᠭᠡᠯᠴᠢ ᠭᠡᠷᠡᠭᠡ ᠭᠡᠬᠦ ᠤᠳᠬ᠎ᠠ | ᠲᠠᠢ᠂ ᠲᠡᠭᠡᠭᠡᠳ ᠣᠷᠳᠣᠨ ᠳᠤ ᠡᠭᠡᠯᠵᠢᠯᠡᠨ ᠣᠷᠣᠵᠤ ᠬᠠᠮᠠᠭᠠᠯᠠᠬᠤ ᠡᠭᠦᠷᠭᠡ ᠭᠦᠢᠴᠡᠳᠬᠡᠳᠡᠭ ᠴᠡᠷᠢᠭ ᠤᠨ | ᠪᠦᠷᠢᠯᠳᠦᠭᠦᠨ ᠢ ᠬᠡᠰᠢᠭᠲᠡᠢ ᠭᠡᠳ᠂ ᠣᠯᠠᠨ ᠲᠤᠭ᠎ᠠ ᠶᠢ ᠨᠢ ᠭᠡᠰᠢᠭᠳᠡᠨ ᠭᠡᠪᠡ᠃ 1189 ᠣᠨ ᠳᠤ ᠴᠢᠩᠭᠢᠰ | ᠬᠠᠭᠠᠨ ᠥᠪᠡᠷ ᠤᠨ ᠢᠶᠠᠨ ᠬᠠᠮᠠᠭᠠᠯᠠᠭᠴᠢ ᠭᠡᠰᠢᠭᠳᠡᠨ ᠴᠡᠷᠢᠭ ᠢ ᠪᠠᠶᠢᠭᠤᠯᠪᠠ᠃ ᠭᠡᠰᠢᠭᠳᠡᠨ ᠴᠡᠷᠢᠭ ᠢ ᠶᠡᠬᠡᠰ ᠨᠣᠶᠠᠳ | ᠤᠨ ᠬᠡᠦᠬᠡᠳ ᠪᠠ ᠡᠭᠡᠯ ᠠᠷᠠᠳ ᠤᠨ ᠬᠠᠮᠤᠭ ᠤᠨ ᠰᠡᠴᠡᠨ ᠰᠡᠷᠭᠦᠯᠡᠩ ᠬᠡᠦᠬᠡᠳ ᠢ ᠰᠣᠩᠭᠤᠵᠤ ᠪᠠᠶᠢᠭᠤᠯᠳᠠᠭ᠃ | ᠠᠩᠬᠠᠨ ᠳᠠᠭᠠᠨ 70 ᠳᠤᠷᠬᠠᠭ᠂ 80 ᠭᠡᠪᠲᠡᠭᠦᠯ ᠪᠠᠶᠢᠭᠰᠠᠨ ᠢᠶᠠᠨ 1206 ᠣᠨ ᠳᠤ ᠶᠡᠭᠡ ᠮᠣᠩᠭᠤᠯ ᠤᠯᠤᠰ | ᠪᠠᠶᠢᠭᠤᠯᠬᠤ ᠳᠤ ᠥᠷᠭᠡᠳᠬᠡᠨ 8000 ᠲᠤᠷᠬᠠᠭ᠂ 1000 ᠭᠡᠪᠲᠡᠭᠦᠯ᠂ 1000 ᠬᠤᠷᠴᠢᠨ ᠪᠣᠯᠭᠠᠨ ᠪᠠᠶᠢᠭᠤᠯᠪᠠ | ᠃ ᠡᠭᠦᠨ ᠳᠤ ᠳᠤᠷᠬᠠᠭ ᠨᠢ ᠡᠳᠦᠷ ᠤᠨ ᠬᠠᠷᠠᠭᠤᠯ᠂ ᠭᠡᠪᠲᠡᠭᠦᠯ ᠨᠢ ᠰᠥᠨᠢ ᠶᠢᠨ ᠮᠠᠨᠠᠭ᠎ᠠ᠂ ᠬᠤᠷᠴᠢᠨ ᠨᠢ ᠳᠠᠶᠢᠨ | ᠪᠠᠶᠢᠯᠳᠤᠭᠠᠨ ᠳᠤ ᠬᠠᠭᠠᠨ ᠢ ᠬᠠᠮᠠᠭᠠᠯᠠᠵᠤ ᠶᠠᠪᠤᠬᠤ ᠰᠢᠲᠡᠷ ᠴᠡᠷᠢᠭ ᠢ ᠬᠡᠯᠡᠨ᠎ᠡ᠃ | 1368 ᠣᠨ ᠳᠤ ᠲᠣᠭᠤᠨᠳᠠᠮᠤᠷ ᠬᠠᠭᠠᠨ ᠭᠡᠰᠢᠭᠳᠡᠨ ᠴᠡᠷᠢᠭ ᠢᠶᠠᠷ ᠬᠠᠮᠠᠭᠠᠯᠠᠭᠤᠯᠤᠨ ᠳ᠋ᠠᠶᠢᠲᠤ ︵ᠪᠡᠭᠡᠵᠢᠩ︶ | ᠠᠴᠠ ᠳᠡᠭᠡᠳᠦ ᠨᠡᠶᠢᠰᠯᠡᠯ ᠢ ᠳᠠᠮᠵᠢᠨ 1369 ᠣᠨ ᠤ 6 ᠰᠠᠷ᠎ᠠ ᠶᠢᠨ 13 ᠤ ᠡᠳᠦᠷ ᠭᠡᠰᠢᠭᠲᠡᠨ ᠤ ᠶᠢᠩ ᠴᠠᠩ ᠯᠦ | ︵ᠪᠠᠷᠰ ᠬᠤᠲᠠ︶ ᠬᠤᠲᠠᠨ ᠳᠤ ᠬᠦᠷᠴᠦ 1370 ᠣᠨ ᠤ 4 ᠰᠠᠷ᠎ᠠ ᠳᠤ ᠶᠣᠯᠬᠤᠳᠠᠰᠤ ᠡᠪᠡᠳᠴᠢᠨ ᠢᠶᠠᠷ ᠶᠢᠩ | ᠴᠠᠩ ᠯᠦ ᠬᠤᠲᠠ ᠳᠤ ᠲᠠᠭᠠᠯᠠᠯ ᠲᠡᠭᠦᠰᠪᠡ᠃ 5 ᠰᠠᠷ᠎ᠠ ᠳᠤ ᠮᠢᠩ ᠤᠯᠤᠰ ᠤᠨ ᠴᠡᠷᠢᠭ ᠶᠢᠩ ᠴᠠᠩ ᠯᠦ ᠬᠤᠲᠠ | ᠳᠤ ᠪᠠᠶᠢᠯᠳᠤᠨ ᠣᠷᠣᠭᠰᠠᠨ ᠳᠤ ᠬᠠᠭᠠᠨ ᠢ ᠬᠠᠮᠠᠭᠠᠯᠠᠭᠰᠠᠨ ᠭᠡᠰᠢᠭᠳᠡᠨ ᠴᠡᠷᠢᠭ ᠨᠢ ᠦᠷᠡᠭᠳᠡᠬᠦ ᠨᠢ ᠦᠷᠡᠭᠳᠡᠨ᠂ | ᠦᠯᠡᠳᠡᠭᠰᠡᠨ ᠨᠢ ᠪᠤᠴᠠᠨ ᠳᠤᠲᠠᠭᠠᠵᠤ ᠭᠡᠰᠢᠭᠳᠡᠨ ᠤ ᠡᠮᠦᠨ᠎ᠡ ᠵᠠᠬ᠎ᠠ ᠶᠢᠨ ᠪᠠᠶᠢᠴᠠ ᠶᠢᠨ ᠬᠥᠨᠳᠡᠢ ᠵᠡᠷᠭᠡ ᠭᠠᠵᠠᠷ ᠤᠨ | ᠥᠨᠳᠥᠷ ᠠᠭᠤᠯᠠ ᠣᠢ ᠮᠣᠳᠣᠳ ᠢᠶᠠᠷ ᠠᠮᠢ ᠬᠤᠷᠭᠤᠳᠠᠵᠠᠢ᠃ ᠰᠡᠭᠦᠯᠡᠷ ᠨᠢ ᠪᠡᠲᠤᠮᠥ᠋ᠩᠬᠡ ᠲᠠᠶᠠᠨ ᠬᠠᠭᠠᠨ ᠤ ᠬᠦᠦ | ᠸᠴᠢᠷᠪᠣᠯᠣᠳ ᠤᠨ ᠬᠠᠷᠢᠶᠠᠨ ᠤ ᠪᠠᠶᠢᠭᠰᠠᠨ ᠢᠶᠠᠨ ᠴᠠᠬᠠᠷ ᠤᠨ ᠯᠢᠭᠳᠡᠨ ᠬᠠᠭᠠᠨ ᠢ ᠳᠠᠭᠠᠵᠤ ᠪᠠᠶᠢᠯᠳᠤᠨ ᠲᠡᠶᠢᠲᠤᠵᠤ | ᠶᠠᠪᠤᠵᠠᠢ᠃ | 1560 ᠣᠨ ᠤ ᠪᠠᠷᠤᠭ ᠢᠶᠠᠷ ᠱᠠᠷᠯᠠᠲᠠᠢ ᠮᠡᠷᠭᠡᠨ ᠨᠣᠶᠠᠨ ᠥᠪᠡᠷ ᠤᠨ ᠠᠶᠢᠮᠠᠭ ᠢᠶᠠᠨ ᠭᠡᠰᠢᠭᠳᠡᠨ ᠭᠡᠮᠡᠨ | ᠨᠡᠷᠡᠯᠡᠵᠦ᠂ ᠴᠠᠬᠠᠷ ᠲᠦᠮᠡᠨ ᠤ 8 ᠤᠲᠤᠭ ᠤᠨ ᠨᠢᠭᠡ ᠪᠠᠶᠢᠭᠰᠠᠨ ᠢᠶᠠᠨ 1634 ᠣᠨ ᠳᠤ ᠭᠡᠰᠢᠭᠳᠡᠨ ᠤᠳᠤᠭ ᠤᠨ | ᠰᠣᠨᠣᠮ ᠳᠠᠶᠢᠵᠢ ᠠᠷᠭ᠎ᠠ ᠪᠤᠰᠤ ᠮᠠᠨᠵᠤ ᠳᠤ ᠲᠠᠭᠠᠪᠠ᠃ 1652 ᠣᠨ ᠳᠤ ᠴᠢᠩ ᠤᠯᠤᠰ ᠨᠢ ᠭᠡᠰᠢᠭᠳᠡᠨ ᠢ ᠸᠠᠩ | ᠨᠣᠶᠠᠨ ᠡᠷᠭᠦᠮᠵᠢᠯᠡᠬᠦ ᠦᠭᠡᠢ ᠨᠢᠭᠡᠳᠦᠭᠡᠷ ᠵᠡᠷᠭᠡ ᠶᠢᠨ ᠳᠠᠶᠢᠵᠢ ᠶᠢᠨ ᠵᠡᠷᠭᠡ ᠲᠠᠢ ᠵᠠᠰᠠᠭ ᠨᠣᠶᠠᠨ ᠲᠠᠢ ᠬᠤᠰᠢᠭᠤ | ᠪᠣᠯᠭᠠᠪᠠ᠃ | | ᠬᠤᠶᠠᠷ᠂ ᠭᠠᠵᠠᠷ ᠵᠦᠢ ᠶᠢᠨ ᠭᠡᠰᠢᠭᠳᠡᠨ | | ᠭᠡᠰᠢᠭᠳᠡᠨ ᠬᠤᠰᠢᠭᠤ ᠶᠢᠨ ᠭᠠᠵᠠᠷ ᠤᠨ ᠵᠢᠷᠤᠭ ᠨᠢ ᠬᠤᠶᠠᠷ ᠭᠠᠷ ᠢᠶᠠᠷ ᠢᠶᠠᠨ ᠨᠠᠮᠠᠨᠴᠢᠯᠠᠨ ᠵᠠᠯᠪᠠᠷᠢᠭᠰᠠᠨ | ᠶᠠᠩᠵᠤ ᠲᠠᠢ᠂ 20672 ᠬᠠᠪᠲᠠᠭᠠᠢ ᠳᠥᠷᠪᠡᠯᠵᠢᠨ ᠺᠢᠯᠣᠮᠧᠲᠷ ᠨᠤᠲᠤᠭ ᠲᠠᠢ᠂ 25 ᠲᠦᠮᠡᠨ ᠬᠥᠮᠥᠨ ᠠᠷᠠᠳ | ᠲᠠᠢ᠂ ᠡᠭᠦᠨ ᠳᠤ 1.7 ᠲᠦᠮᠡ ᠰᠢᠬᠠᠮ ᠮᠣᠩᠭᠤᠯ ᠪᠤᠢ᠂ ᠳᠤᠮᠳᠠ ᠰᠡᠷᠢᠭᠦᠨ ᠪᠥᠰᠡ ᠶᠢᠨ ᠠᠭᠤᠷ ᠠᠮᠢᠰᠬᠤᠯ ᠲᠠᠢ᠂ | ᠳᠠᠯᠠᠢ ᠶᠢᠨ ᠲᠦᠪᠰᠢᠨ ᠠᠴᠠ ᠳᠤᠮᠳᠠᠴᠢ ᠪᠠᠷ 1100 ᠮᠧᠲᠷ ᠡᠷᠭᠦᠭᠳᠡᠭᠰᠡᠨ᠂ ᠭᠠᠵᠠᠯ ᠠᠭᠤᠯᠠ᠂ ᠶᠡᠭᠡ ᠬᠢᠩᠭᠠᠨ | ᠨᠢᠷᠤᠭᠤ᠂ ᠮᠣᠩᠭᠤᠯ ᠤᠨ ᠥᠨᠳᠦᠷᠯᠢᠭ ᠤᠨ ᠠᠯᠲᠠᠨ ᠭᠤᠷᠪᠠᠯᠵᠢᠨ ᠬᠤᠶᠢᠭ ᠤᠨ ᠣᠷᠣᠨ ᠳᠤ ᠣᠷᠣᠰᠢᠭᠰᠠᠨ | ᠭᠡᠰᠢᠭᠳᠡᠨ ᠭᠡᠳᠡᠭ ᠨᠡᠷ᠎ᠡ ᠪᠠᠷ ᠨᠡᠷᠡᠶᠢᠲᠦᠭᠳᠡᠭᠰᠡᠨ ᠳᠡᠯᠡᠬᠡᠢ ᠶᠢᠨ ᠭᠠᠵᠠᠷ ᠰᠢᠨᠵᠢᠯᠡᠭᠡᠨ ᠤ ᠴᠡᠴᠡᠷᠯᠢᠭ ᠮᠥᠨ᠃ | ᠳᠡᠯᠡᠬᠡᠢ ᠶᠢᠨ ᠭᠠᠵᠠᠷ ᠰᠢᠨᠵᠢᠯᠡᠭᠡᠨ ᠤ ᠴᠡᠴᠡᠷᠯᠢᠭ ᠨᠢ 9 ᠶᠡᠭᠡ ᠲᠣᠭᠤᠷᠢᠭ ᠢ ᠪᠠᠭᠲᠠᠭᠠᠨ᠎ᠠ᠂ ᠡᠭᠦᠨ ᠳᠤ | ᠠᠰᠠᠭᠲᠤ ᠶᠢᠨ ᠪᠣᠷᠵᠢᠨ ᠴᠢᠯᠠᠭᠤᠨ ᠰᠢᠭᠤᠢ᠂ ᠳ᠋ᠠᠯ ᠨᠠᠭᠤᠷ ᠤᠨ ᠭᠠᠯᠲᠤ ᠠᠭᠤᠯᠠ ᠶᠢᠨ ᠦᠯᠡᠳᠡᠭᠳᠡᠯ ᠤᠨ ᠰᠦᠷᠦᠭ᠂ | ᠬᠤᠩᠭᠤ ᠶᠢᠨ ᠳᠠᠪᠠᠭᠠᠨ ᠤ ᠳᠥᠷᠪᠡᠳᠡᠬᠢ ᠭᠠᠯᠪᠠ ᠶᠢᠨ ᠮᠥᠰᠥᠳᠥᠯᠭᠡ ᠶᠢᠨ ᠦᠯᠡᠳᠡᠭᠳᠡᠯ ᠤᠨ ᠳᠦᠷᠰᠦ᠂ | ᠭᠠᠯᠳᠠᠰᠤᠲᠠᠢ ᠷᠠᠰᠢᠶᠠᠨ᠂ ᠲᠣᠭᠤᠭ᠎ᠠ ᠠᠭᠤᠯᠠ ᠶᠢᠨ ᠮᠥᠰᠥᠨ ᠬᠤᠩᠬᠤᠷ ᠤᠨ ᠰᠦᠷᠦᠭ᠂ ᠰᠢᠷᠡᠮᠦ᠋ᠷᠡᠨ ᠤ ᠶᠡᠭᠡ | ᠬᠠᠪᠴᠢᠯ᠂ ᠬᠤᠯᠠᠨ ᠰᠢᠷᠭ᠎ᠠ ᠳᠠᠭ᠎ᠠ ᠶᠢᠨ ᠡᠯᠡᠰᠤ᠂ ᠤᠯᠠᠭᠠᠪᠤᠳᠤᠩ ᠤᠨ ᠨᠤᠭᠤ ᠭᠠᠵᠠᠷ ᠵᠡᠷᠭᠡ ᠪᠠᠶᠢᠨ᠎ᠠ᠃ | | ᠭᠡᠰᠢᠭᠲᠡᠨ ᠤ ᠳᠡᠯᠡᠬᠡᠢ ᠶᠢᠨ ᠬᠠᠮᠤᠭ ᠤᠳ | | ◇ᠳᠡᠯᠡᠬᠡᠢ ᠶᠢᠨ ᠬᠠᠮᠤᠭ ᠤᠨ ᠨᠠᠷᠢᠬᠠᠨ ᠭᠤᠣᠯ ᠤᠨ ᠨᠢᠭᠡ᠄ ᠬᠤᠭᠤᠯᠠᠢ ᠶᠢᠨ ᠭᠤᠣᠯ | ◇ᠳᠡᠯᠡᠬᠡᠢ ᠳᠤ ᠭᠠᠭᠴᠠᠬᠠᠨ ᠦᠯᠡᠳᠡᠭᠳᠡᠵᠦ ᠪᠠᠶᠢᠭ᠎ᠠ ᠨᠠᠷᠡᠰᠦᠨ ᠮᠣᠳᠣᠨ ᠤ ᠲᠥᠷᠥᠯ᠄ ᠪᠠᠶᠠᠨᠵᠢᠷᠦᠭᠡ ᠶᠢᠨ | ᠡᠯᠡᠰᠦᠨ ᠭᠠᠴᠣᠷ᠎ᠠ | ◇ᠳᠡᠯᠡᠬᠡᠢ ᠳᠤ ᠭᠠᠭᠴᠠᠬᠠᠨ ᠪᠣᠷᠵᠢᠨ ᠴᠢᠯᠠᠭᠤᠨ ᠰᠢᠭᠤᠢ᠄ ᠠᠰᠠᠭᠲᠤ ᠶᠢᠨ ᠴᠢᠯᠠᠭᠤᠨ ᠰᠢᠭᠤᠢ | ◇ᠳᠡᠯᠡᠬᠡᠢ ᠶᠢᠨ ᠬᠠᠮᠤᠭ ᠠᠩᠬᠠᠨ ᠤ ᠵᠠᠰᠠᠭ ᠵᠠᠬᠢᠷᠭᠠᠨ ᠤ ᠬᠤᠪᠢᠷᠢᠶᠠᠯᠠᠯ ᠨᠡᠷ᠎ᠡ ᠪᠠᠷ ᠨᠡᠷᠡᠶᠢᠲᠦᠭᠳᠡᠭᠰᠡᠨ | ᠭᠠᠵᠠᠷ ᠰᠢᠨᠵᠢᠯᠡᠭᠡᠨ ᠤ ᠴᠡᠴᠡᠷᠯᠢᠭ᠄ ᠭᠡᠰᠢᠭᠲᠡᠨ ᠤ ᠳᠡᠯᠡᠬᠡᠢ ᠶᠢᠨ ᠭᠠᠵᠠᠷ ᠰᠢᠨᠵᠢᠯᠡᠭᠡᠨ ᠤ ᠴᠡᠴᠡᠷᠯᠢᠭ — ᠭᠡᠰᠢᠭᠳᠡᠨ | ◇ᠳᠡᠯᠡᠬᠡᠢ ᠶᠢᠨ ᠠᠩ ᠤᠨ ᠲᠠᠯᠠᠪᠠᠢ᠄ ᠬᠤᠩᠭᠤ ᠠᠭᠤᠯᠠ ᠶᠢᠨ ᠠᠩ ᠤᠨ ᠲᠠᠯᠠᠪᠠᠢ | | ᠭᠤᠷᠪᠠ᠂ ᠰᠣᠶᠤᠯ ᠢᠷᠭᠡᠨᠰᠢᠯ ᠤᠨ ᠭᠡᠰᠢᠭᠳᠡᠨ | | 1. ᠭᠡᠰᠢᠭᠳᠡᠨ ᠨᠤᠲᠤᠭ ᠨᠢ ᠶᠡᠭᠡ ᠡᠷᠲᠡᠨ ᠳᠡᠭᠡᠨ ᠤᠮᠠᠷᠠᠲᠤ ᠶᠢᠨ ᠨᠡᠭᠦᠳᠡᠯᠴᠢᠳ ᠤᠨ ᠨᠤᠲᠤᠭ ᠪᠠᠶᠢᠪᠠ᠃ | ᠡᠭᠦᠨ ᠳᠤ ᠾᠦᠩᠨᠦ ᠨᠡᠭᠦᠳᠡᠯᠴᠢᠳ ᠠᠳᠡ ᠨᠡᠭᠦᠳᠡᠯ ᠤᠨ ᠮᠠᠯ ᠠᠵᠤ ᠠᠬᠤᠢ ᠡᠵᠡᠩᠨᠡᠨ ᠠᠩ ᠭᠦᠷᠥᠭᠡ ᠬᠢᠵᠦ | ᠠᠮᠢᠳᠤᠷᠠᠨ ᠲᠣᠭᠲᠠᠨᠢᠭᠰᠠᠭᠠᠷ ᠢᠷᠡᠪᠡ᠃ 330 ᠭᠠᠵᠠᠷ ᠤᠨ ᠪᠠᠶᠢᠴᠠ ᠶᠢᠨ ᠬᠥᠨᠳᠡᠢ ᠪᠣᠯ ᠳᠡᠭᠡᠳᠦᠰ ᠤᠨ ᠨᠤᠲᠤᠭ᠂ | ᠠᠳᠡ ᠦᠯᠡᠳᠡᠭᠰᠡᠨ ᠬᠠᠳᠠᠨ ᠵᠢᠷᠤᠭ᠂ ᠬᠠᠳᠠᠨ ᠠᠭᠤᠢ ᠪᠠ ᠲᠦᠰᠢ᠂ ᠲᠠᠪᠤᠨ ᠬᠤᠷᠤᠭᠤ ᠶᠢᠨ ᠬᠠᠳᠠᠨ ᠵᠢᠷᠤᠭ ᠵᠡᠷᠭᠡ | ᠨᠢ ᠠᠮᠢᠳᠤ ᠬᠡᠷᠡᠴᠢ ᠶᠤᠮ᠃ | 2. ᠴᠢᠩᠭᠢᠰ ᠬᠠᠭᠠᠨ ᠤ ᠡᠷᠭᠦᠮᠵᠢᠯᠡᠨ ᠰᠣᠶᠤᠷᠬᠠᠭᠰᠠᠨ ᠬᠤᠩᠭᠢᠷᠠᠳ ᠤᠨ ᠨᠤᠲᠤᠭ | 1214 ᠣᠨ ᠪᠠ 1216 ᠣᠨ ᠳᠤ ᠴᠢᠩᠭᠢᠰ ᠬᠠᠭᠠᠨ 2 ᠤᠳᠠᠭ᠎ᠠ ᠠᠯᠲᠠᠨ ᠤᠯᠤᠰ ᠢ ᠪᠠᠶᠢᠯᠳᠤᠨ | ᠲᠠᠶᠢᠯᠠᠬᠤ ᠳᠤ ᠪᠠᠨ ᠵᠤᠨ ᠤ ᠬᠠᠯᠠᠭᠤᠨ ᠳᠤ ᠳ᠋ᠠᠯ ᠨᠠᠭᠤᠷ ᠤᠨ ᠬᠥᠪᠡᠭᠡᠨ ᠳᠤ ᠵᠣᠰᠠᠯᠠᠩ ᠳᠤ ᠭᠠᠷᠬᠤ ᠳᠠᠭᠠᠨ ᠡᠨᠡ | ᠨᠤᠲᠤᠭ ᠢ ᠪᠠᠭ᠋ᠠᠷᠬᠠᠨ ᠲᠤᠭᠤᠵᠤ᠂ ᠤᠣᠯ ᠳᠠᠭᠠᠨ ᠡᠷᠭᠦᠨ᠎ᠡ ᠭᠤᠣᠯ᠂ ᠳ᠋ᠠᠯᠪᠠᠷ ᠤᠨ ᠭᠤᠣᠯ ᠤᠨ ᠬᠠᠪᠢ ᠪᠠᠷ | ᠨᠤᠲᠤᠭᠯᠠᠵᠤ ᠪᠠᠶᠢᠭᠰᠠᠨ ᠥᠪᠡᠷ ᠤᠨ ᠬᠠᠳᠠᠮ ᠬᠤᠩᠭᠢᠷᠠᠳ ᠠᠶᠢᠮᠠᠭ ᠤᠨ ᠬᠢᠨ ᠳᠤ ᠡᠨᠡ ᠨᠤᠲᠤᠭ ᠢ ᠡᠷᠭᠦᠮᠵᠢᠯᠡᠨ | ᠰᠤᠶᠤᠷᠬᠠᠪᠠ᠃ ᠬᠤᠩᠭᠢᠷᠠᠳ ᠠᠶᠢᠮᠠᠭ ᠪᠣᠯ ᠯᠢᠶᠣᠤ ᠤᠯᠤᠰ᠂ ᠠᠯᠲᠠᠨ ᠤᠯᠤᠰ ᠲᠠᠢ ᠬᠥᠷᠰᠢᠯᠡᠭᠰᠡᠨ ᠡᠷᠲᠡᠨ ᠤ | ᠰᠣᠶᠣᠯᠵᠢᠭᠰᠠᠨ ᠠᠶᠢᠮᠠᠭ ᠶᠤᠮ᠃ ᠬᠤᠩᠭᠢᠷᠠᠳ ᠠᠶᠢᠮᠠᠭ ᠲᠤ ᠢᠬᠢᠷᠡᠰ᠂ ᠣᠯᠬᠤᠨᠤᠳ᠂ ᠬᠠᠷᠠᠨᠤᠳ᠂ ᠭᠤᠷᠯᠣᠰ᠂ | ᠡᠯᠵᠢᠭᠡᠨ᠂ ᠬᠤᠩᠯᠢᠭᠤᠤᠳ᠂ ᠬᠤᠩᠭᠢᠷᠠᠳ ᠵᠡᠷᠭᠡ 7 ᠰᠠᠯᠪᠤᠷᠢ ᠲᠠᠢ᠃ ᠣᠳᠣ ᠭᠡᠰᠢᠭᠲᠡᠨ ᠳᠤ ᠬᠠᠷᠠᠨᠤᠳ ᠠᠶᠢᠮᠠᠭ | ᠨᠢ ᠪᠤᠢ᠃ ᠡᠳᠡᠨᠡᠷ ᠭᠡᠰᠢᠭᠲᠡᠨ ᠤ ᠳᠠᠷᠬᠠᠨ᠋ᠠ᠋ᠭᠤᠯᠠ᠂ ᠲᠠᠯᠠᠶᠢᠨᠠᠭᠤᠷ᠂ ᠪᠠᠶᠠᠨᠴᠠᠭᠠᠨ ᠢᠶᠠᠷ ᠲᠠᠷᠬᠠᠵᠤ ᠪᠤᠢ᠃ | ᠬᠤᠩᠭᠢᠷᠠᠳ ᠠᠶᠢᠮᠠᠭ ᠪᠣᠯ ᠬᠠᠭᠠᠨ ᠤ ᠠᠯᠲᠠᠨ ᠣᠷᠤᠭ ᠲᠠᠢ ᠰᠤᠯᠢᠶ᠎ᠠ ᠣᠷᠤᠭ ᠬᠢᠳᠡᠭ ᠣᠨᠴᠠ ᠡᠷᠬᠢᠮ | ᠪᠠᠶᠢᠷᠢ ᠰᠠᠭᠤᠷᠢ ᠲᠠᠢ᠃ 1237 ᠣᠨ ᠳᠤ ᠥᠭᠡᠲᠡᠢ ᠬᠠᠭᠠᠨ ︽ᠬᠤᠩᠭᠢᠷᠠᠳ ᠤᠨ ᠬᠢᠨ ᠥᠬᠢᠨ ᠲᠦᠷᠦᠬᠦᠯ᠎ᠡ | ᠦᠶ᠎ᠡ ᠶᠢᠨ ᠦᠶ᠎ᠡ ᠳᠤ ᠬᠠᠳᠤᠨ ᠲᠠᠲᠠᠵᠤ᠂ ᠭᠦᠪᠡᠭᠦᠨ ᠲᠦᠷᠦᠬᠦᠯ᠎ᠡ ᠦᠶ᠎ᠡ ᠶᠢᠨ ᠦᠶ᠎ᠡ ᠳᠤ ᠬᠥᠩᠵᠦ ᠥᠭᠭᠦᠮᠥᠢ᠃ | ᠵᠢᠯ ᠪᠦᠷᠢ ᠶᠢᠨ ᠲᠥᠷᠪᠡᠨ ᠤᠯᠠᠷᠢᠯ ᠤᠨ ᠲᠡᠷᠢᠭᠦᠨ ᠰᠠᠷ᠎ᠠ ᠳᠤ ᠡᠨᠡᠬᠦ ᠰᠣᠶᠤᠷᠬᠠᠯ ᠵᠠᠷᠯᠢᠭ ᠢ ᠲᠠᠭᠤᠳᠠᠨ ᠰᠣᠨᠣᠰᠬᠠᠨᠠᠮ | ᠂ ᠦᠶ᠎ᠡ ᠶᠢᠨ ᠦᠶ᠎ᠡ ᠳᠤ ᠲᠠᠰᠤᠯᠵᠤ ᠦᠯᠦ ᠪᠣᠯᠣᠮᠣᠢ︾ ᠭᠡᠵᠦ ᠵᠠᠷᠯᠢᠭ ᠪᠣᠯᠵᠠᠢ᠃ ᠬᠤᠩᠭᠢᠷᠠᠳ ᠠᠴᠠ 19 | ᠬᠠᠭᠠᠨ ᠤ ᠬᠠᠳᠤᠨ᠂ 18 ᠬᠠᠭᠠᠨ ᠤ ᠬᠦᠷᠭᠡᠨ ᠮᠡᠨᠳᠦᠯᠡᠵᠡᠢ᠃ 20 ᠬᠠᠭᠠᠨ ᠤ ᠬᠥᠩᠵᠦ ᠬᠤᠩᠭᠢᠷᠠᠳ ᠤᠨ | ᠠᠭᠯᠠᠭᠴᠢ ᠶᠢᠨ ᠬᠠᠳᠤᠨ ᠪᠣᠯᠪᠠ᠃ ᠮᠣᠩᠭᠤᠯ ᠤᠨ ᠡᠯ᠎ᠡ ᠠᠶᠢᠮᠠᠭ ᠤᠨ ᠳᠣᠲᠣᠷ᠎ᠠ ᠵᠥᠪᠬᠡᠨ ᠬᠤᠩᠭᠢᠷᠠᠳ ᠠᠶᠢᠮᠠᠭ | ᠯᠠ ᠡᠶᠢᠮᠦ ᠡᠷᠬᠢᠮ ᠪᠠᠶᠢᠷᠢ ᠰᠠᠭᠤᠷᠢ ᠲᠠᠢ᠃ | ᠬᠤᠩᠭᠢᠷᠠᠳ ᠠᠶᠢᠮᠠᠭ ᠨᠢ ᠭᠡᠰᠢᠭᠳᠡᠨ ᠢ ᠪᠠᠭᠲᠠᠭᠠᠭᠰᠠᠨ ᠨᠤᠲᠤᠭ ᠲᠤ ᠢᠷᠡᠭᠡᠳ ᠬᠠᠮᠤᠭ ᠠᠩᠬᠠᠨ ᠤ ᠦᠶ᠎ᠡ | ᠳᠤ ᠳ᠋ᠠᠯ ᠨᠠᠭᠤᠷ ᠤᠨ ᠵᠡᠭᠦᠨ ᠭᠦᠪᠡᠭᠡ ᠪᠠᠷ ᠬᠥᠩᠵᠦ ᠶᠢᠨ ᠣᠷᠳᠣᠨ ᠪᠠᠶᠢᠭᠤᠯᠵᠤ ᠰᠠᠭᠤᠵᠤ ᠪᠠᠶᠢᠭᠰᠠᠨ ᠢᠶᠠᠨ | 1270 ᠣᠨ ᠳᠤ ᠬᠤᠪᠢᠯᠠᠢ ᠬᠠᠭᠠᠨ ᠤ ᠥᠬᠢᠨ ᠨᠠᠩᠭᠢᠶᠡᠵᠢᠨ ᠬᠥᠩᠵᠦ ᠪᠠᠷᠰ ᠬᠤᠲᠠ ᠶᠢ ᠪᠠᠶᠢᠭᠤᠯᠵᠤ ᠰᠡᠭᠦᠯᠡᠷ | ᠨᠢ ᠪᠠᠷᠰ ᠬᠤᠲᠠ ᠪᠠᠷ ᠵᠣᠰᠠᠯᠠᠩ ᠤᠨ ᠬᠤᠲᠠ᠂ ᠤᠩᠨᠢᠭᠤᠳ ᠤᠨ ᠪᠤᠷᠤᠬᠤᠳᠠ ᠪᠠᠷ ᠡᠪᠦᠯᠵᠢᠶ᠎ᠡ ᠶᠢᠨ ᠬᠤᠲᠠ | ᠪᠣᠯᠭᠠᠨ ᠰᠠᠭᠤᠪᠠ᠃ 1287 ᠣᠨ ᠳᠤ ᠬᠤᠪᠢᠯᠠᠢ ᠬᠠᠭᠠᠨ ᠨᠠᠶᠠᠨ ᠤ ᠤᠷᠪᠠᠯᠭᠠᠨ ᠢ ᠲᠥᠪᠰᠢᠳᠬᠡᠭᠰᠡᠨ ᠶᠠᠪᠤᠳᠠᠯ ᠢ | ᠳᠤᠷᠠᠰᠬᠠᠵᠤ 1325 ᠣᠨ ᠳᠤ ︽ᠯᠤᠤ ᠮᠠᠨᠳᠤᠭᠰᠠᠨ ᠰᠦᠮ᠎ᠡ︾ ᠶᠢ ᠪᠠᠶᠢᠭᠤᠯᠤᠨ ︽ᠶᠢᠩ ᠴᠠᠩ ᠯᠦ ᠶᠢᠨ ᠮᠠᠨ | ᠳᠦᠸᠧ ᠱᠠᠨ ᠠᠭᠤᠯᠠ ᠶᠢᠨ ᠰᠢᠨ᠎ᠡ ᠪᠠᠶᠢᠭᠤᠯᠤᠭᠰᠠᠨ ᠯᠦᠩ ᠰᠢᠩ ᠰᠧ ᠰᠥᠮ᠎ᠠ ᠶᠢᠨ ᠲᠡᠮᠳᠡᠭᠯᠡᠯ︾ ᠭᠡᠮᠡᠬᠦ | ᠴᠢᠯᠠᠭᠤᠨ ᠬᠥᠰᠢᠶ᠎ᠡ ᠪᠣᠰᠬᠠᠪᠠ᠃ ᠡᠨᠡ ᠴᠢᠯᠠᠭᠤᠨ ᠬᠥᠰᠢᠶ᠎ᠡ ᠨᠢ ᠣᠳᠣ ᠪᠠᠷᠰ ᠬᠤᠲᠠ ᠶᠢᠨ ᠮᠦᠽᠧᠢ ᠳᠤ | ᠬᠤᠩᠭᠢᠷᠠᠳ ᠰᠣᠶᠣᠯ ᠤᠨ ᠭᠡᠷᠡᠴᠢ ᠪᠣᠯᠵᠤ ᠬᠠᠳᠠᠭᠠᠯᠠᠭᠳᠠᠭᠰᠠᠭᠠᠷ ᠪᠠᠶᠢᠨ᠎ᠠ᠃ ᠲᠡᠷᠡ ᠦᠶ᠎ᠡ ᠶᠢᠨ ᠬᠥᠮᠥᠰ ᠤᠨ | ᠦᠷ᠎ᠡ ᠬᠤᠶᠢᠴᠢ ᠨᠢ ᠵᠡᠭᠦᠨ ᠠᠷᠤ ᠶᠢᠨ ᠮᠣᠩᠭᠤᠯᠴᠤᠳ ᠲᠠᠷᠤᠢ ᠣᠳᠣ ᠶᠢᠨ ᠪᠠᠶᠠᠨᠴᠠᠭᠠᠨ᠂ ᠪᠠᠶᠠᠩᠭᠤᠣᠯ ᠤᠨ | ᠮᠣᠩᠭᠤᠯᠴᠤᠳ ᠶᠤᠮ᠃ | 1690 ᠣᠨ ᠳᠤ ᠭᠠᠯᠲᠠᠨ ᠪᠣᠱᠣᠭᠲᠤ ᠨᠢ ᠭᠡᠰᠢᠭᠳᠡᠨ ᠤ ᠤᠯᠠᠭᠠᠨᠪᠤᠲᠤᠩ ᠳᠤ ᠮᠠᠨᠵᠤ ᠶᠢᠨ ᠡᠩᠬᠡ | ᠠᠮᠤᠭᠤᠯᠠᠩ ᠬᠠᠭᠠᠨ ᠲᠠᠢ ᠪᠠᠶᠢᠯᠳᠤᠬᠤ ᠳᠤ ᠴᠡᠷᠢᠭ ᠲᠤᠨᠢ ᠠᠶᠤᠮᠰᠢᠭᠲᠤ ᠬᠢᠵᠢᠭ ᠡᠪᠡᠳᠴᠢᠨ ᠬᠠᠯᠠᠭᠤᠨ ᠲᠣᠮᠣᠭᠤ | ᠳᠡᠯᠭᠡᠷᠡᠵᠦ᠂ ᠰᠢᠷ᠎ᠠ ᠮᠥᠷᠡᠨ ᠤ ᠭᠦᠪᠡᠭᠡ ᠠᠴᠠ ᠭᠠᠩᠭᠠᠨ ᠨᠠᠭᠤᠷ ᠤᠨ ᠭᠦᠪᠡᠭᠡ ᠣᠷᠴᠢᠮ ᠢᠶᠠᠷ ᠤᠬᠤᠷᠢᠨ ᠳᠦᠷ | ᠠᠮᠤᠰᠬᠢᠵᠦ᠂ ᠬᠢᠵᠢᠭ ᠲᠤ ᠨᠡᠷᠪᠡᠭᠳᠡᠭᠰᠡᠨ ᠴᠡᠷᠢᠭ ᠢᠶᠠᠨ ᠦᠯᠡᠳᠡᠭᠡᠵᠦ ᠬᠠᠯᠬ᠎ᠠ ᠮᠣᠩᠭᠤᠯ ᠲᠠᠶᠢᠰᠢ ᠤᠬᠤᠷᠢᠪᠠ᠃ | ᠬᠢᠵᠢᠭ ᠡᠪᠡᠳᠴᠢᠨ ᠲᠠᠢ ᠴᠡᠷᠢᠭ ᠨᠢ ᠨᠥᠭᠴᠢᠭᠰᠡᠳ ᠵᠶ᠋ᠡᠡᠨ ᠲᠠᠯᠠᠶᠢᠨᠠᠭᠤᠷ ᠪᠠᠯᠭᠠᠰᠤ ᠶᠢᠨ ᠣᠩᠭᠤᠨ ᠬᠥᠨᠳᠡᠢ ᠳᠤ | ᠪᠤᠯᠠᠰᠢᠯᠠᠵᠤ᠂ ᠬᠠᠯᠬ᠎ᠠ ᠣᠪᠣᠭ᠎ᠠ ᠶᠢ ᠪᠤᠰᠬᠠᠨ ᠳᠠᠭᠢᠵᠤ ᠭᠡᠰᠢᠭᠳᠡᠨ ᠤ ᠳ᠋ᠡᠯ ᠨᠠᠭᠤᠷ᠂ ᠭᠠᠩᠭᠠᠨ ᠨᠠᠭᠤᠷ ᠬᠠᠪᠢ ᠶᠢᠨ | ᠮᠠᠩᠬᠠᠨ ᠳᠤ ᠨᠤᠲᠤᠭᠰᠢᠪᠠ᠃ ᠭᠠᠯᠳᠠᠨ ᠪᠣᠯᠣᠭᠲᠤ ᠶᠢᠨ ᠴᠡᠷᠢᠭ ᠲᠤ ᠥᠭᠡᠯᠡᠳ᠂ ᠬᠠᠯᠬ᠎ᠠ ᠶᠠᠰᠤᠲᠠᠨ ᠪᠠᠭᠲᠠᠯᠴᠠᠨ | ᠶᠠᠪᠤᠭᠰᠠᠨ ᠢᠶᠠᠷ ᠣᠳᠣ ᠭᠡᠰᠢᠭᠲᠡᠨ ᠤ ᠬᠠᠯᠬ᠎ᠠ᠂ ᠥᠭᠡᠯᠡᠳ ᠶᠠᠰᠤᠲᠠᠨ ᠨᠢ ᠣᠳᠣ ᠶᠢᠨ ᠳᠠᠷᠬᠠᠨ᠋ᠠ᠋ᠭᠤᠯᠠ ᠶᠢᠨ | ᠬᠥᠭᠦᠷᠭᠡ᠂ ᠨᠠᠷᠠᠰᠤ᠂ ᠪᠠᠶᠠᠨ᠋ᠠ᠋ᠭᠤᠯᠠ ᠬᠠᠪᠢ ᠪᠠᠷ ᠨᠤᠲᠤᠭᠰᠢᠵᠤ ᠪᠠᠶᠢᠨ᠎ᠠ᠃ | 1732 ᠣᠨ ᠤ ᠪᠠᠷᠤᠭ ᠢᠶᠠᠷ ᠴᠢᠩ ᠤᠯᠤᠰ ᠤᠨ ᠵᠠᠰᠠᠭ ᠤᠨ ᠭᠠᠵᠠᠷ ᠨᠢ ᠪᠤᠭᠤᠮᠳᠠ ᠭᠠᠷᠬᠤ ᠲᠡᠨᠦᠭᠦᠯ | ᠠᠷᠠᠳ ᠢ ᠲᠠᠯᠪᠢᠨ ᠭᠠᠷᠭᠠᠵᠤ ᠮᠣᠩᠭᠤᠯ ᠨᠤᠲᠤᠭ ᠢᠶᠠᠷ ᠠᠳᠠᠷ ᠬᠠᠭᠠᠯᠪᠤᠷᠢᠯᠠᠬᠤ ᠶᠢ ᠵᠥᠪᠰᠢᠶᠡᠷᠡᠭᠰᠡᠨ ᠠᠴᠠ | ᠱᠠᠨᠳᠦ᠋ᠩ ᠣᠷᠴᠢᠮ ᠤᠨ ᠳᠡᠨᠦᠭᠦᠯ ᠢᠷᠭᠡᠳ ᠴᠥᠮᠥᠷᠡᠨ ᠣᠷᠣᠵᠤ᠂ ᠮᠣᠩᠭᠤᠯᠴᠤᠳ ᠠᠷᠭ᠎ᠠ ᠪᠤᠰᠤ ᠰᠢᠷ᠎ᠠ ᠮᠥᠷᠡᠨ ᠢ | ᠭᠠᠲᠤᠯᠵᠤ ᠬᠤᠶᠢᠰᠢ ᠪᠠᠨ ᠨᠡᠭᠦᠪᠡ᠃ ᠭᠡᠰᠢᠭᠳᠡᠨ ᠵᠠᠰᠠᠭ ᠰᠡᠭᠦᠯᠡᠷ ᠨᠢ ᠶᠡᠭᠡ ᠬᠢᠩᠭᠠᠨ ᠳᠠᠪᠠᠭ᠎ᠠ ᠪᠠᠷ ᠵᠠᠭᠠᠭᠯᠠᠵᠤ᠂ | ᠡᠮᠦᠨ᠎ᠡ ᠬᠡᠰᠡᠭ ᠤᠨ ᠬᠢᠳᠡᠳ ᠲᠠᠷᠢᠶᠠᠴᠢᠳ ᠢᠶᠠᠨ ᠵᠢᠩᠫᠧᠡᠭ ᠰᠢᠶᠠᠨ ᠬᠠᠮᠢᠶᠠᠷᠴᠤ ᠠᠷᠤ ᠶᠢᠨ ᠮᠣᠩᠭᠤᠯᠴᠤᠳ ᠢᠶᠠᠨ | ᠭᠡᠰᠢᠭᠳᠡᠨ ᠬᠤᠰᠢᠭᠤ ᠬᠠᠮᠢᠶᠠᠷᠴᠤ ᠬᠤᠰᠢᠭᠤ ᠰᠢᠶᠠᠨ ᠵᠡᠷᠭᠡᠴᠡᠨ ᠣᠷᠣᠰᠢᠭᠰᠠᠨ ᠪᠠᠶᠢᠳᠠᠯ ᠲᠠᠢ ᠪᠣᠯᠪᠠ᠃ ᠵᠢᠩᠫᠧᠩ | ᠰᠢᠶᠠᠨ ᠪᠠ ᠪᠢᠷᠠᠭᠤ ᠭᠡᠳᠡᠭ ᠪᠣᠯ ᠶᠠᠭ ᠡᠨᠡ ᠦᠶ᠎ᠡ ᠶᠢᠨ ᠨᠡᠷ᠎ᠡ ᠶᠤᠮ᠃ 1907 ᠣᠨ ᠳᠤ ᠯᠢᠨᠰᠢ ᠰᠢᠶᠠᠨ | ᠪᠠᠶᠢᠭᠤᠯᠤᠭᠳᠠᠵᠤ ᠭᠡᠰᠢᠭᠲᠡᠨ ᠤ ᠵᠡᠭᠦᠨ 6 ᠰᠤᠮᠤ ᠶᠢᠨ ᠮᠣᠩᠭᠤᠯᠴᠤᠳ ᠨᠢ ᠪᠠᠶᠠᠨᠴᠠᠭᠠᠨ ᠬᠥᠨᠳᠡᠢ᠂ ᠱᠧᠭᠡᠷᠲᠦ᠂ | ᠣᠩᠭᠤᠴᠠ᠂ ᠬᠠᠷ᠎ᠠ ᠤᠰᠤ᠂ ᠢᠨᠲ᠋ᠦ ᠶᠢᠨ ᠬᠠᠷ᠎ᠠ ᠬᠤᠰᠢᠭᠤ ᠵᠡᠷᠭᠡ ᠠᠴᠠ ᠠᠷᠭ᠎ᠠ ᠪᠤᠰᠤ ᠨᠡᠭᠦᠵᠦ᠂ 1913 ᠣᠨ | ᠤ ︽ᠦᠬᠡᠷ ᠵᠢᠯ ᠤᠨ ᠥᠢᠮᠡᠭᠡᠨ︾ ᠳᠤ ᠭᠡᠰᠢᠭᠳᠡᠨ ᠤ ᠪᠠᠷᠠᠭᠤᠨ 6 ᠰᠤᠮᠤ ᠶᠢᠨ ᠮᠣᠩᠭᠤᠯᠴᠤᠳ ᠨᠢ ᠪᠠᠶᠢᠴᠠ᠂ | ᠦᠶᠡᠷ᠂ ᠵᠤᠤᠬ᠎ᠠ ᠶᠢᠨ ᠭᠤᠣᠯ᠂ ᠭᠤᠷᠪᠠᠨ ᠬᠥᠨᠳᠡᠢ᠂ ᠭᠤᠷᠪᠠᠨ ᠬᠦᠷᠢᠶ᠎ᠡ ᠶᠢᠨ ᠬᠠᠷ᠎ᠠ ᠴᠡᠷᠢᠭ ᠤᠨ ᠰᠢᠬᠠᠮᠳᠠᠭᠤᠯᠤᠯ | ᠢᠶᠠᠷ ᠠᠷᠭ᠎ᠠ ᠦᠭᠡᠢ ᠨᠡᠭᠦᠭᠰᠡᠨ᠂ ᠢᠩᠭᠢᠭᠡᠳ ᠭᠡᠰᠢᠭᠳᠡᠨ ᠤ ᠮᠣᠩᠭᠤᠯᠴᠤᠳ ᠤᠨ ᠲᠡᠦᠬᠡ ᠶᠢ ᠭᠤᠯᠲᠤ ᠠᠴᠠ ᠨᠢ | ᠠᠵᠢᠪᠠᠯ ᠮᠣᠩᠭᠤᠯᠴᠤᠳ ᠲᠠᠢ ᠪᠠᠨ ᠠᠳᠠᠯᠢᠬᠠᠨ ᠤᠬᠤᠷᠢᠵᠤ ᠵᠠᠶᠢᠯᠠᠭᠰᠠᠨ ᠲᠡᠦᠬᠡ ᠶᠤᠮ᠃ | ᠳ᠋ᠦᠩᠨᠡᠪᠡᠯ ᠣᠳᠣ ᠶᠢᠨ ᠭᠡᠰᠢᠭᠳᠡᠨ ᠮᠣᠩᠭᠤᠯᠴᠤᠳ ᠤᠨ ᠳᠡᠭᠡᠳᠦᠰ ᠤᠨ ᠬᠦᠦᠴᠦᠦᠯ ᠨᠢ ᠮᠣᠩᠭᠤᠯ ᠤᠨ ᠶᠡᠭᠡ | ᠬᠠᠭᠠᠨ ᠢᠶᠠᠨ ᠬᠠᠮᠠᠭᠠᠯᠠᠬᠤ ᠦᠨᠡᠨᠴᠢ ᠰᠢᠳᠤᠷᠭᠤ ᠴᠡᠷᠢᠭ ᠪᠣᠯᠣᠨ᠎ᠠ᠂ ᠬᠡᠦᠬᠡᠨᠴᠦᠳ ᠨᠢ ᠮᠣᠩᠭᠤᠯ ᠤᠨ ᠶᠡᠭᠡ ᠬᠠᠭᠠᠨ | ᠤ ᠬᠠᠳᠤᠨ ᠪᠣᠯᠣᠨ᠎ᠠ᠃ |