| | | | 1929 ᠤᠨ ᠳᠤ ᠪᠢᠴᠢᠭ ᠤᠨ ᠶᠡᠭᠡ ᠬᠦᠮᠦᠨ ᠷᠤᠯᠭᠠᠷᠵᠠᠪ ᠠᠪᠤᠭᠠᠢ ᠵᠠᠩ ᠰᠢᠦᠸᠠᠢ ᠯᠢᠶᠠᠩ ᠪᠠ | ᠶᠢᠰᠦᠳᠦᠭᠡᠷ ᠳᠦᠷᠢ ᠶᠢᠨ ᠪᠠᠨᠴᠢᠨ᠋ᠡᠷᠳᠡᠨᠢ — ᠭᠡᠯᠢᠭᠨᠡᠮᠵᠢᠯ ᠨᠠᠷ ᠤᠨ ᠳᠡᠮᠵᠢᠯᠭᠡ ᠪᠠᠷ ᠮᠦᠭᠳᠡᠨ ᠬᠤᠳᠠ ᠠᠴᠠ | ᠬᠡᠰᠢᠭᠳᠡᠨ ᠬᠤᠰᠢᠭᠤᠨ ᠳᠠᠭᠠᠨ ᠢᠷᠡᠵᠤ᠂ ᠪᠠᠬᠢᠶᠠᠵᠠᠭᠠ ᠶᠢ ᠵᠠᠰᠠᠭ ᠰᠠᠭᠤᠷᠢᠨ ᠠᠴᠠ ᠨᠢ ᠪᠠᠭᠤᠯᠭᠠᠵᠤ᠂ | ᠵᠢᠷᠭᠤᠳᠤᠭᠠᠷ ᠰᠠᠷ᠎ᠠ ᠳᠤ ᠨᠢ ᠳᠤᠰᠠᠯᠠᠭᠴᠢ ᠬᠦᠩ ᠤᠨ ᠵᠡᠷᠭᠡ ᠲᠠᠢ ᠵᠠᠰᠠᠭ ᠪᠤᠯᠤᠭᠠᠳ ︽ᠮᠤᠩᠭᠤᠯ ᠬᠦᠮᠦᠨ ᠬᠦᠦ | ᠪᠠᠨ ᠯᠠᠮᠠ ᠪᠤᠯᠭᠠᠵᠤ ᠪᠤᠯᠬᠤ ᠦᠬᠡᠢ᠂ ᠬᠡᠦᠭᠡᠳ ᠪᠠᠭᠠᠴᠤᠳ ᠢ ᠡᠷᠡᠭᠳᠡᠢ ᠡᠮᠡᠭᠳᠡᠢ ᠬᠡᠮᠡᠨ ᠡᠰᠡ ᠢᠯᠭᠠᠨ ᠰᠤᠷᠭᠠᠭᠤᠯᠢ | ᠳᠤ ᠤᠷᠤᠭᠤᠯᠵᠤ᠂ ᠪᠢᠴᠢᠭ ᠨᠤᠮ ᠰᠤᠷᠭᠠᠬᠤ ᠬᠡᠷᠡᠭᠳᠡᠢ᠂ ᠬᠡᠨ ᠬᠡᠷᠪᠡ ᠬᠡᠦᠭᠡᠳ ᠢᠶᠠᠨ ᠰᠤᠷᠭᠠᠭᠤᠯᠢ ᠳᠤ ᠡᠰᠡ | ᠰᠠᠭᠤᠯᠭᠠᠵᠤ ᠪᠢᠴᠢᠭ ᠨᠤᠮ ᠢ ᠰᠤᠷᠭᠠᠬᠤ ᠦᠬᠡᠢ ᠪᠤᠯ ᠲᠡᠬᠦᠨ ᠤ ᠮᠠᠯ ᠤᠨᠤᠭ᠎ᠠ ᠶᠢ ᠬᠤᠰᠢᠭᠤ ᠵᠠᠰᠠᠭ ᠠᠴᠠ | ᠬᠤᠷᠢᠶᠠᠨ ᠠᠪᠤᠨ᠎ᠠ︾ ᠬᠡᠵᠤ ᠰᠢᠭᠤᠳ ᠳᠤᠩᠬᠠᠯᠠᠨ ᠵᠠᠷᠯᠠᠵᠤ᠂ ᠳᠠᠪᠰᠢᠯᠳᠤ ᠬᠦᠮᠦᠵᠢᠯ ᠤᠨ ᠦᠢᠯᠡᠰ ᠢ ᠨᠤᠳᠤᠭ | ᠲᠠᠶᠠᠭᠠᠷ ᠡᠷᠬᠢᠯᠡᠨ ᠴᠤᠭᠴᠠᠯᠠᠵᠤ ᠡᠬᠢᠯᠡᠵᠠᠢ᠃ ᠲᠡᠷᠡ ᠪᠤᠯᠪᠠᠯ ᠤᠭᠰᠠᠭ᠎ᠠ ᠦᠨᠳᠦᠰᠦᠳᠡᠨ ᠢᠶᠠᠨ ᠰᠤᠶᠤᠯ ᠰᠤᠷᠭᠠᠨ | ᠬᠦᠮᠦᠵᠢᠯ ᠢᠶᠠᠷ ᠬᠦᠴᠦᠷᠭᠡᠭᠵᠢᠬᠦᠯᠬᠦ ᠠᠤᠭ᠎ᠠ ᠮᠦᠷᠦᠭᠡᠳᠦᠯ ᠤᠨ ᠬᠤᠰᠢᠭᠤᠴᠢ ᠪᠠᠶᠢᠭᠰᠠᠨ ᠪᠦᠬᠡᠳ ︽ᠠᠩᠬᠠᠨ | ᠰᠤᠷᠭᠠᠬᠤ ᠤᠯᠤᠰ ᠤᠨ ᠤᠳᠬ᠎ᠠ︾ ᠬᠡᠮᠡᠬᠦ ᠨᠠᠢᠮᠠᠨ ᠳᠡᠪᠳᠡᠷ ᠰᠤᠷᠬᠤ ᠪᠢᠴᠢᠭ ᠢ ᠨᠠᠶᠢᠷᠠᠭᠤᠯᠤᠨ ᠵᠤᠬᠢᠶᠠᠭᠠᠳ | 1926 ᠤᠨ ᠳᠤ ᠬᠤᠷᠴᠢᠨ ᠤ ᠬᠡᠰᠢᠩᠭᠡ᠂ ᠷᠠᠰᠢᠰᠡᠩᠭᠡ ᠨᠡᠷ ᠲᠠᠢ ᠬᠠᠮᠳᠤᠷᠠᠨ᠂ ᠪᠠᠳᠢᠷ ᠪᠠᠷᠢᠵᠤ ᠪᠠᠯᠡ ᠮᠦᠩᠬᠦ | ᠴᠤᠭᠯᠠᠭᠤᠯᠤᠨ ᠪᠠᠶᠢᠭᠤᠯᠤᠭᠰᠠᠨ ᠵᠡᠬᠦᠨ ᠮᠤᠩᠭᠤᠯ ᠤᠨ ᠪᠢᠴᠢᠭ ᠤᠨ ᠬᠤᠷᠢᠶ᠎ᠡ ᠠᠴᠠ ᠪᠠᠨ ᠳᠠᠷᠤᠮᠠᠯᠯᠠᠨ ᠳᠠᠷᠬᠠᠭᠠᠵᠤ᠂ | ᠪᠠᠭᠠᠴᠤᠳ ᠬᠡᠦᠭᠡᠳ ᠲᠤ ᠡᠷᠳᠡᠮ ᠤᠨ ᠰᠢᠳᠢ ᠤᠯᠭᠤᠬᠤ ᠪᠠᠷ ᠰᠢᠨᠳᠠᠷᠠᠰᠢ ᠦᠬᠡᠢ ᠬᠦᠴᠦᠯᠡᠨ ᠳᠡᠮᠡᠴᠡᠵᠤ ᠪᠠᠶᠢᠭᠰᠠᠨ | ᠴᠢᠩ ᠵᠢᠳᠭᠦᠯᠳᠤ ᠭᠠᠪᠢᠶᠠᠳᠠᠨ᠂ ᠦᠪᠦᠷ ᠮᠤᠩᠭᠤᠯ ᠤᠨ ᠠᠯᠳᠠᠷᠳᠤ ᠪᠢᠴᠢᠭ ᠤᠨ ᠬᠦᠮᠦᠨ ᠤ ᠨᠢᠭᠡ ᠪᠢᠯᠡ᠃ | ᠰᠤᠳᠤᠯᠤᠭᠴᠢ ᠪᠠᠢ ᠬᠤᠷᠴᠠ ᠪᠠᠷ ︽ᠷᠤᠯᠭᠠᠷᠵᠠᠪ ᠤᠨ ᠠᠮᠢᠳᠤᠷᠠᠯ ᠦᠢᠯᠡ ᠪᠠ ᠵᠤᠬᠢᠶᠠᠯ ᠪᠦᠳᠦᠬᠡᠯ ᠤᠨ | ᠰᠤᠳᠤᠯᠤᠯ︾ ᠬᠡᠮᠡᠬᠦ ᠡᠷᠳᠡᠮ ᠰᠢᠨᠵᠢᠯᠡᠬᠡᠨ ᠤ ᠦᠬᠦᠯᠡᠯ ᠳᠡᠭᠡᠨ ᠲᠡᠬᠦᠨ ᠢ ︽ᠮᠤᠩᠭᠤᠯ ᠦᠨᠳᠦᠰᠦᠳᠡᠨ ᠤ ᠰᠤᠶᠤᠯ | ᠤᠨ ᠵᠢᠳᠬᠦᠯᠳᠠᠨ᠂ ᠰᠤᠷᠭᠠᠨ ᠬᠦᠮᠦᠵᠢᠯᠳᠠᠨ᠂ ᠵᠤᠬᠢᠶᠠᠯᠴᠢ᠂ ᠤᠷᠴᠢᠭᠤᠯᠤᠭᠴᠢ ᠪᠤᠯᠤᠭᠰᠠᠨ ᠤ ᠬᠤᠪᠢ ᠳᠤ | ᠮᠤᠩᠭᠤᠯ ᠦᠨᠳᠦᠰᠦᠳᠡᠨ ᠤ ᠤᠳᠬ᠎ᠠ ᠵᠤᠬᠢᠶᠠᠯ ᠤᠨ ᠲᠡᠦᠬᠡᠨ ᠳᠡᠬᠡᠷ᠎ᠡ ᠪᠠᠯᠠᠷᠠᠰᠢ ᠦᠬᠡᠢ ᠭᠠᠪᠢᠶ᠎ᠠ ᠵᠢᠳᠬᠦᠯ | ᠦᠵᠡᠬᠦᠯᠦᠭᠰᠡᠨ ᠶᠤᠮ᠃ ᠮᠤᠩᠭᠤᠯ ᠦᠨᠳᠦᠰᠦᠳᠡᠨ ᠤ ᠤᠷᠴᠢᠨ ᠦᠶ᠎ᠡ ᠶᠢᠨ ᠤᠳᠬ᠎ᠠ ᠵᠤᠬᠢᠶᠠᠯ ᠤᠨ ᠳᠤᠯᠭᠠᠭᠤᠷᠢ | ᠮᠡᠲ᠋ᠧᠷᠢᠶᠠᠯ ︽ᠤᠯᠠᠭᠠᠨ ᠪᠠᠷᠰ︾ ᠰᠡᠳᠬᠦᠯ ᠢ ᠳᠠᠬᠢᠨ ᠬᠡᠪᠯᠡᠯ ᠡᠬᠢᠯᠡᠬᠦᠯᠵᠦ᠂ ᠮᠤᠩᠭᠤᠯ ᠦᠨᠳᠦᠰᠦᠳᠡᠨ ᠤ ᠤᠳᠬ᠎ᠠ | ᠵᠤᠬᠢᠶᠠᠯ ᠤᠨ ᠭᠠᠯ ᠭᠤᠯᠤᠮᠳᠠ ᠶᠢ ᠰᠠᠬᠢᠨ ᠬᠠᠮᠠᠭᠠᠯᠠᠪᠠ︾ ᠬᠡᠵᠤ ᠰᠠᠶᠢᠰᠢᠶᠠᠨ ᠦᠨᠡᠯᠡᠭᠰᠡᠨ ᠪᠠᠶᠢᠨ᠎ᠠ᠃ | ᠷᠤᠯᠭᠠᠷᠵᠠᠪ ᠤᠨ ᠵᠤᠷᠢᠭ ᠰᠠᠨᠠᠭᠠᠨ ᠤ ᠭᠠᠯ ᠳᠦᠯᠦ ᠬᠦᠮᠦᠰ ᠤᠨ ᠰᠡᠳᠬᠢᠯ ᠢ ᠳᠤᠯᠠᠭᠠᠴᠠᠭᠤᠯᠤᠨ ᠢᠪᠡᠭᠡᠭᠰᠡᠨ | ᠢᠶᠠᠷ ᠪᠤᠭᠳᠠ ᠴᠢᠩᠬᠢᠰ ᠤᠨ ᠪᠢᠯᠢᠭ ᠰᠤᠷᠭᠠᠯ ᠤᠷᠤᠰᠢᠭᠰᠠᠨ ᠬᠤᠩᠬᠢᠷᠠᠳ ᠤᠨ ᠨᠤᠳᠤᠭ — ᠬᠡᠰᠢᠭᠳᠡᠨ ᠳᠤ ᠰᠤᠶᠤᠯ | ᠰᠤᠷᠭᠠᠨ ᠬᠦᠮᠦᠵᠢᠯ ᠤᠨ ᠠᠩᠬᠠᠨ ᠤ ᠰᠢᠰᠲ᠋ᠧᠮ ᠲᠠᠢ ᠰᠠᠭᠤᠷᠢ ᠳᠠᠯᠪᠢᠭᠳᠠᠵᠤ᠂ ᠡᠷᠴᠢᠮᠳᠠᠢ ᠬᠦᠭᠵᠢᠵᠦ | ᠡᠬᠢᠯᠡᠭᠰᠡᠨ ᠪᠠᠶᠢᠨ᠎ᠠ᠃ ᠬᠡᠰᠢᠭᠳᠡᠨ ᠬᠤᠰᠢᠭᠤᠨ ᠤ ᠵᠡᠭᠦᠨ ᠠᠷᠤ ᠨᠤᠳᠤᠭ ᠤᠨ ᠤᠯᠠᠭᠠᠨ ᠡᠷᠭᠢ ᠳᠤ ᠬᠡᠳᠦ ᠬᠡᠳᠦᠨ | ᠭᠠᠵᠠᠷ ᠭᠡᠷ ᠤᠨ ᠰᠤᠷᠭᠠᠭᠤᠯᠢ ᠲᠡᠷᠡ ᠦᠶ᠎ᠡ ᠳᠤ ᠪᠠᠶᠢᠭᠰᠠᠨ ᠪᠦᠬᠡᠳ ᠡᠷᠳᠡᠨ ᠠᠴᠠ ᠠᠪᠤᠭᠠᠳ ᠠᠳᠡᠭᠢ | ᠮᠤᠩᠭᠤᠯᠴᠤᠳ ᠡᠷᠳᠡᠮ ᠨᠤᠮ ᠳᠤ ᠦᠨᠡᠨᠴᠢ ᠰᠦᠰᠦᠭ ᠲᠠᠢ ᠶᠠᠪᠤᠵᠤ᠂ ᠤᠶᠤᠨ ᠤ ᠰᠠᠩ ᠢᠶᠠᠨ ᠪᠠᠶᠠᠯᠢᠭᠵᠢᠭᠤᠯᠵᠦ | ᠢᠷᠡᠭᠰᠡᠨ ᠲᠡᠦᠭᠡ ᠲᠠᠢ᠃ |