| | | | | ᠠᠯᠢᠪᠠ ᠲᠥᠷᠥ ᠤᠯᠤᠰ ᠤᠨ ᠡᠷᠬᠡ ᠵᠠᠰᠠᠭ᠂ ᠰᠦᠷ ᠬᠦᠴᠦᠨ ᠤ ᠪᠡᠯᠭᠡᠳᠡᠯ ᠨᠢ ᠲᠠᠮᠠᠭ᠎ᠠ ᠶᠤᠮ᠃ | ᠰᠤᠷᠪᠤᠯᠵᠢ ᠪᠢᠴᠢᠭ ᠤᠨ ᠮᠡᠳᠡᠭᠡ ᠪᠠᠷ ᠮᠠᠨ ᠤ ᠲᠣᠭᠠᠯᠠᠯ ᠤᠨ ᠡᠮᠦᠨᠡᠬᠢ 4 — 1 ᠳ᠋ᠦ᠋ᠭᠡᠷ ᠵᠠᠭᠤᠨ ᠤ ᠦᠶ᠎ᠡ | ᠶᠢᠨ ᠾᠦᠩᠨᠦ ᠤᠯᠤᠰ ᠤᠨ ᠬᠠᠭᠠᠨ ᠨᠢ ᠲᠥᠷᠥ ᠶᠢᠨ ᠲᠤᠰᠬᠠᠢ ᠲᠠᠮᠠᠭ᠎ᠠ ᠲᠠᠢ ᠪᠣᠯᠵᠠᠢ᠃ | 4 ᠳ᠋ᠦ᠋ᠭᠡᠷ ᠵᠠᠭᠤᠨ ᠤ ᠦᠶ᠎ᠡ ᠳᠤ ᠪᠠᠶᠢᠭᠰᠠᠨ ᠮᠣᠩᠭᠤᠯ ᠤᠭᠰᠠᠭᠠᠲᠠᠨ ᠤ ᠲᠣᠪᠠ ᠤᠯᠤᠰ ᠤᠨ ᠬᠠᠭᠠᠨ ᠨᠢ | ︽ᠬᠦᠷᠡᠩ ᠰᠠᠴᠤᠭ ᠣᠭᠤᠰᠣᠷ ᠲᠠᠢ ᠠᠯᠲᠠᠨ ᠲᠠᠮᠠᠭ᠎ᠠ︾ ᠲᠠᠢ ᠪᠠᠶᠢᠵᠠᠢ᠃ | 8 ᠳ᠋ᠤᠭᠠᠷ ᠵᠠᠭᠤᠨ ᠤ ᠦᠶ᠎ᠡ ᠶᠢᠨ ᠨᠠᠢᠮᠠᠨ ᠠᠶᠢᠮᠠᠭ ᠤᠨ ᠲᠡᠷᠢᠭᠦᠯᠡᠭᠴᠢ ︽ᠠᠯᠲᠠᠨ ᠲᠠᠮᠠᠭ᠎ᠠ︾ ᠲᠠᠢ | ᠪᠠᠶᠢᠭᠰᠠᠨ ᠪᠠ ᠲᠡᠭᠦᠨ ᠢ ᠬᠠᠳᠠᠭᠠᠯᠠᠳᠠᠭ ᠲᠠᠮᠠᠭᠠᠴᠢ ᠲᠠᠢ ᠪᠠᠶᠢᠭᠰᠠᠨ᠃ 8 ᠳ᠋ᠤᠭᠠᠷ ᠵᠠᠭᠤᠨ ᠤ ᠦᠶ᠎ᠡ ᠳᠤ ᠮᠣᠩᠭᠤᠯ | ᠭᠦᠷᠦᠨ ᠡᠭᠦᠰᠦᠭᠰᠡᠨ ᠠᠴᠠ ᠬᠤᠶᠢᠰᠢ ᠲᠥᠷᠥ ᠶᠢᠨ ᠬᠠᠰᠪᠤ ᠲᠠᠮᠠᠭ᠎ᠠ ᠬᠡᠷᠡᠭᠯᠡᠬᠦ ᠪᠣᠯᠵᠠᠢ᠃ | ᠡᠨᠡ ᠦᠶ᠎ᠡ ᠶᠢᠨ ᠲᠠᠮᠠᠭᠠᠨ ᠤ ᠳᠤᠷᠠᠰᠬᠠᠯ ᠨᠢ 1246 ᠣᠨ ᠳᠤ ᠮᠣᠩᠭᠤᠯ ᠤᠨ ᠬᠠᠭᠠᠨ ᠭᠥᠶᠥᠭ ᠠᠴᠠ | ᠷᠣᠮᠠ ᠶᠢᠨ ᠫᠠᠫᠠ ᠯᠠᠮᠠ ᠳᠤ ᠢᠯᠡᠭᠡᠭᠰᠡᠨ ᠪᠢᠴᠢᠭ ᠲᠤ ᠳᠠᠷᠤᠭᠰᠠᠨ ᠲᠠᠮᠠᠭᠠᠨ ᠤ ᠳᠠᠷᠤᠳᠠᠰᠤ ᠶᠤᠮ᠃ | ᠲᠡᠷᠡ ᠲᠠᠮᠠᠭᠠᠨ ᠤ ᠦᠭᠡ ᠨᠢ᠄ | ︽ᠮᠥᠩᠬᠡ ᠲᠡᠭᠷᠢ ᠶᠢᠨ ᠬᠦᠴᠦᠨ ᠳᠣᠣᠷ᠎ᠠ | ᠶᠡᠭᠡ ᠮᠣᠩᠭᠤᠯ ᠤᠯᠤᠰ ᠤᠨ ᠳᠠᠯᠠᠢ ᠬᠠᠭᠠᠨ ᠤ ᠵᠠᠷᠯᠢᠭ | ᠢᠯᠠ ᠪᠤᠯᠬ᠎ᠠ ︵ᠬᠠᠷᠢ ᠣᠷᠣᠨ ᠤ︶ | ᠢᠷᠭᠡᠨ ᠳᠤ ᠬᠦᠷᠪᠡᠰᠦ ᠪᠢᠰᠢᠷᠡᠲᠦᠭᠡᠢ᠂ ᠠᠶᠤᠲᠤᠭᠠᠢ︾ ᠭᠡᠰᠡᠨ ᠪᠠᠶᠢᠨ᠎ᠠ᠃ | 14 ᠳ᠋ᠦ᠋ᠭᠡᠷ ᠵᠠᠭᠤᠨ ᠤ ᠦᠶ᠎ᠡ ᠶᠢᠨ ᠳᠥᠷᠪᠡᠯᠵᠢᠨ ᠰᠠᠭᠤᠷᠢ ᠲᠠᠢ᠂ ᠰᠠᠭᠤᠷᠢᠨ ᠳᠡᠭᠡᠷ᠎ᠡ ᠪᠠᠨ ᠬᠡᠪᠲᠡᠭᠡ | ᠠᠷᠢᠶᠠᠲᠠᠨ ︵ᠪᠠᠷᠰ︶ ᠶᠢᠨ ᠳᠦᠷᠰᠦᠨ ᠪᠠᠷᠢᠭᠤᠯ ᠲᠠᠢ ᠲᠠᠮᠠᠭ᠎ᠠ ᠬᠠᠷᠠᠬᠤᠷᠢᠨ ᠬᠤᠲᠠ ᠠᠴᠠ ᠣᠯᠳᠠᠭᠰᠠᠨ ᠪᠠᠶᠢᠨ᠎ᠠ᠃ | ᠲᠡᠷᠡ ᠦᠶ᠎ᠡ ᠳᠤ ᠲᠥᠷᠥ ᠶᠢᠨ ᠬᠠᠰ ᠲᠠᠮᠠᠭ᠎ᠠ᠂ ᠠᠯᠲᠠᠨ ᠲᠠᠮᠠᠭ᠎ᠠ ᠬᠡᠷᠡᠭᠯᠡᠬᠦ ᠵᠢᠷᠤᠮ ᠲᠣᠭᠲᠠᠭᠰᠠᠨ ᠪᠥᠭᠡᠳ | ᠲᠠᠷᠠᠭᠠᠬᠤ ᠡᠷᠭᠦᠮᠵᠢᠯᠡᠯ ︵ᠰᠠᠶᠢᠰᠢᠶᠠᠯ ᠤᠨ ᠦᠨᠡᠮᠯᠡᠬᠦ︶ ᠳᠤ ᠲᠡᠷᠢᠭᠦᠨ ᠳᠡᠳ᠋ ᠵᠡᠷᠭᠡ ᠪᠣᠯ ᠬᠠᠰ ᠲᠠᠮᠠᠭ᠎ᠠ ᠬᠡᠷᠡᠭᠯᠡᠬᠦ᠂ | ᠭᠤᠷᠪᠠ ᠠᠴᠠ ᠲᠠᠪᠤᠳᠤᠭᠠᠷ ᠵᠡᠷᠭᠡ ᠳᠤ ᠠᠯᠲᠠᠨ ᠲᠠᠮᠠᠭ᠎ᠠ ᠬᠡᠷᠡᠭᠯᠡᠭᠦᠯᠬᠦ ᠪᠣᠯᠭᠠᠵᠠᠢ᠃ 15 — 16 ᠳ᠋ᠤᠭᠠᠷ ᠵᠠᠭᠤᠨ | ᠤ ᠦᠶ᠎ᠡ ᠳᠤ ︽ᠶᠡᠭᠡ ᠲᠠᠮᠠᠭ᠎ᠠ︾᠂ ︽ᠠᠯᠲᠠᠨ ᠲᠠᠮᠠᠭ᠎ᠠ︾ ᠬᠡᠷᠡᠭᠯᠡᠵᠦ ᠪᠠᠶᠢᠭᠰᠠᠨ ᠭᠡᠳᠡᠭ᠃ | | |