ᠮᠢᠰᠠᠩ ᠰᠦᠮ᠎ᠡ ᠶᠢᠨ ᠪᠠᠨᠳᠠᠢ ᠶᠢᠨ ᠠᠩᠬᠢ
ᠨᠡᠶᠢᠲᠡᠯᠡᠭᠰᠡᠨ ᠴᠠᠭ᠄
2019/9/17
            1945 ᠤᠨ ᠳᠤ ᠬᠡᠰᠢᠭᠳᠡᠨ ᠬᠤᠰᠢᠭᠤᠨ ᠤ ᠵᠡᠬᠦᠨ ᠠᠷᠤ ᠨᠤᠳᠤᠭ ᠤᠨ ᠤᠯᠠᠭᠠᠨ ᠡᠷᠬᠢ ᠶᠢᠨ ᠳᠠᠯᠠᠨ ᠬᠠᠳᠠᠨ ᠤ ᠡᠩᠭᠡᠷ ᠲᠤ ᠮᠢᠰᠠᠩ ᠰᠦᠮ᠎ᠡ ᠶᠢᠨ ᠯᠠᠮᠠ ᠨᠠᠷ ︽ᠭᠠᠨᠵᠤᠤᠷ︾ ᠬᠤᠷᠠᠬᠤ ᠴᠢᠭᠤᠯᠭᠠᠨ ᠡᠷᠬᠢᠯᠡᠬᠦ ᠪᠠᠷ ᠬᠡᠳᠦᠨ ᠮᠤᠩᠭᠤᠯ ᠭᠡᠷ ᠪᠤᠰᠬᠠᠵᠠᠢ᠃ ᠴᠢᠭᠤᠯᠭᠠᠨ ᠤ ᠡᠳᠦᠷ ᠤᠶᠢᠷᠠᠳᠤᠭᠠᠳ ᠢᠷᠡᠳᠡᠯ᠎ᠡ ᠮᠤᠩᠭᠤᠯ᠂ ᠵᠦᠪᠯᠡᠯᠳᠤ ᠶᠢᠨ ᠤᠯᠠᠭᠠᠨ ᠠᠷᠮᠠᠢ ᠶᠠᠫᠤᠨ ᠲᠠᠢ ᠲᠠᠶᠢᠳᠤᠬᠤ ᠪᠠᠷ ᠤᠷᠤᠵᠤ ᠢᠷᠡᠬᠦ ᠨᠢ ᠬᠠᠷᠭᠤᠭᠰᠠᠨ ᠳᠤᠯᠠ ᠤᠯᠠᠭᠠᠨ ᠬᠠᠨ᠎ᠠ ᠲᠠᠢ ᠬᠤᠶᠠᠷ ᠭᠡᠷ ᠢᠶᠠᠨ ᠬᠤᠷᠢᠶᠠᠵᠤ ᠠᠮᠵᠢᠭᠰᠠᠨ ᠦᠬᠡᠢ ᠳᠡᠨᠳᠡ ᠨᠢ ᠤᠷᠬᠢᠭᠠᠳ ᠲᠠᠶᠢᠨ ᠲᠠᠵᠢᠨ ᠤ ᠳᠦᠷᠪᠡᠭᠡᠨ ᠠᠴᠠ ᠵᠠᠶᠢᠯᠠᠵᠤ᠂ ᠱᠠᠰᠢᠨ ᠦᠢᠯᠡ ᠶᠢᠨ ᠪᠢᠴᠢᠭ ᠰᠤᠳᠤᠷ ᠢᠶᠠᠨ ᠳᠦᠰᠢᠶᠡᠳᠦ ᠰᠦᠮ᠎ᠡ ᠳᠤ ᠰᠢᠯᠵᠢᠬᠦᠯᠵᠡᠢ᠃ ᠮᠢᠰᠠᠩ ᠰᠦᠮ᠎ᠡ ᠪᠤᠯᠪᠠᠯ ᠬᠡᠰᠢᠭᠳᠡᠨ ᠤ ᠡᠷᠳᠡᠨ ᠤ ᠳᠠᠪᠤᠨ ᠢᠯᠡᠷᠬᠡᠶᠢᠯᠡᠯᠡᠳᠤ ᠰᠦᠮ᠎ᠡ ᠶᠢᠨ ᠨᠢᠭᠡ ᠨᠢ ᠪᠠᠶᠢᠭᠰᠠᠨ ᠪᠦᠬᠡᠳ ᠬᠠᠷ᠎ᠠ ᠴᠠᠭᠠᠨ ᠰᠡᠯᠬᠦᠭᠡ ᠦᠬᠡᠢ ᠰᠦᠯᠵᠢᠯᠳᠦᠭᠰᠡᠨ ᠤᠷᠤᠭ᠎ᠠ ᠪᠤᠰᠬᠠᠭ᠎ᠠ 1945 ᠤᠨ ᠳᠤ ᠰᠦᠢᠳᠴᠠᠢ᠃ ᠡᠨᠡ ᠰᠦᠮ᠎ᠡ ᠶᠢᠨ ᠬᠤᠪᠢᠯᠭᠠᠨ ᠤ ᠬᠤᠶᠠᠳᠠᠭᠴᠢ ᠪᠠᠭᠰᠢ ᠨᠢ ᠮᠢᠵᠢᠭ ᠬᠡᠰᠡᠨ ᠬᠦᠮᠦᠨ  ᠪᠠᠶᠢᠯ᠎ᠠ ᠬᠡᠳᠡᠭ᠃      ᠷᠤᠯᠭᠠᠷᠵᠠᠪ ᠵᠠᠰᠠᠭ ᠤᠨ ᠦᠶ᠎ᠡ ᠳᠤ ᠡᠨᠡ ᠰᠦᠮ᠎ᠡ ᠳᠤ ᠮᠤᠩᠭᠤᠯ ᠪᠢᠴᠢᠭ ᠰᠤᠷᠴᠤ ᠬᠡᠷᠡᠭᠯᠡᠵᠤ ᠪᠠᠶᠢᠭᠰᠠᠨ ︽ᠪᠠᠨᠳᠢ ᠶᠢᠨ ᠠᠩᠬᠢ︾ ᠲᠠᠢ ᠪᠠᠶᠢᠪᠠ᠃ ︽ᠬᠤᠰᠢᠭᠤ ᠵᠠᠰᠠᠭ ᠠᠴᠠ ᠳᠤᠰᠬᠠᠢ ᠵᠠᠷᠤᠳᠠᠯ ᠭᠠᠷᠭᠠᠨ ᠡᠨᠡ ᠰᠦᠮ᠎ᠡ ᠶᠢᠨ ᠮᠤᠬᠤᠷ ᠵᠡᠷᠭᠡ ᠯᠠᠮ᠎ᠠ ᠨᠡᠷ ᠢ < ᠪᠠᠨᠳᠢ ᠶᠢᠨ ᠠᠩᠬᠢ > ᠶᠢᠨ ᠪᠠᠭᠰᠢ ᠶᠢᠨ ᠠᠯᠪᠠᠨ ᠳᠤ ᠪᠡᠯᠡᠳᠭᠡᠬᠦ ᠪᠠᠷ ᠵᠢᠷᠢᠮ ᠠᠶᠢᠮᠠᠭ ᠤᠨ ᠮᠤᠷᠢᠨ ᠰᠦᠮ᠎ᠡ < ᠪᠠᠨᠳᠢ ᠶᠢᠨ ᠠᠩᠬᠢ >ᠬᠡᠰᠡᠨ ᠭᠠᠵᠠᠷ ᠮᠤᠩᠭᠤᠯ ᠪᠢᠴᠢᠭ ᠰᠤᠷᠤᠯᠴᠠᠭᠤᠯᠬᠤ ᠪᠠᠷ ᠳᠤᠮᠢᠯᠠᠨ ᠶᠠᠪᠤᠭᠤᠯᠵᠤ ᠪᠠᠶᠢᠵᠠᠢ︾ ᠬᠡᠵᠦ ᠠ᠊᠂ ᠯᠠᠮᠤᠵᠠᠪ < ᠪᠠᠨᠳᠢ ᠶᠢᠨ ᠠᠩᠬᠢ > ᠤᠨ ᠳᠤᠭᠤᠷᠪᠢᠭᠰᠠᠨ ᠲᠡᠦᠭᠡᠨ ᠰᠡᠳᠦᠪᠳᠦ ᠪᠦᠳᠦᠭᠡᠯ ︽ᠴᠢᠩᠬᠢᠰ ᠤᠨ ᠳᠦᠮᠡᠨ ᠬᠡᠰᠢᠭᠳᠡᠨ ᠬᠤᠶᠢᠴᠢᠰ︾ ᠨᠤᠮ ᠳᠤ < ᠪᠠᠨᠳᠢ ᠶᠢᠨ ᠠᠩᠬᠢ >ᠳᠡᠮᠳᠡᠭᠯᠡᠵᠡᠢ᠃< ᠪᠠᠨᠳᠢ ᠶᠢᠨ ᠠᠩᠬᠢ >      2013 ᠤᠨ ᠤ ᠳᠦᠷᠪᠠᠨ ᠰᠠᠷ᠎ᠠ ᠶᠢᠨ ᠬᠤᠷᠢᠨ ᠳᠦᠷᠪᠡᠨ ᠤ ᠡᠳᠦᠷ ᠪᠠᠶᠠᠩᠭᠤᠤᠯ ᠨᠤᠤᠳᠭ ᠤᠨ ᠤᠤᠭᠠᠨ < ᠪᠠᠨᠳᠢ ᠶᠢᠨ ᠠᠩᠬᠢ >ᠬᠠᠷᠢᠶᠠᠳᠤ ᠪᠠᠶᠠᠷ ᠤᠨ ᠬᠦᠷᠡᠯᠪᠠᠭᠠᠳᠤᠷ ᠶᠠᠷᠢᠬᠤ ᠳᠠᠭᠠᠨ ︽ᠮᠢᠨᠤ ᠠᠪᠤ ᠪᠠᠶᠠᠷ ᠮᠢᠰᠠᠩ ᠰᠦᠮ᠎ᠡ ᠳᠤ ᠡᠷᠬᠢᠯᠡᠵᠤ < ᠪᠠᠨᠳᠢ ᠶᠢᠨ ᠠᠩᠬᠢ >ᠠᠭᠰᠠᠨ ᠪᠠᠨᠳᠢ ᠶᠢᠨ ᠠᠩᠬᠢ ᠳᠤ ᠰᠤᠷᠴᠤ ᠪᠠᠶᠢᠭᠰᠠᠨ᠃ ᠡᠪᠦᠭᠡ ᠠᠪᠤ  ᠳ᠋ᠠᠨᠽᠠᠨᠸᠠᠩᠵᠢᠯ᠂ ᠡᠮᠡᠭᠡ ᠡᠵᠢ ᠤᠶᠤᠮ᠎ᠠ < ᠪᠠᠨᠳᠢ ᠶᠢᠨ ᠠᠩᠬᠢ >ᠬᠡᠳᠡᠭ᠃ ᠠᠪᠤ ᠮᠢᠨᠢ ᠮᠢᠰᠠᠩ ᠰᠦᠮ᠎ᠡ ᠶᠢᠨ ᠪᠠᠨᠳᠢ ᠶᠢᠨ ᠠᠩᠬᠢ ᠠᠴᠠ ᠴᠠᠰᠢ ᠪᠢᠴᠢᠭ ᠦᠵᠡᠬᠦ ᠪᠠᠷ ᠶᠠᠪᠤᠭ᠎ᠠ ᠦᠬᠡᠢ < ᠪᠠᠨᠳᠢ ᠶᠢᠨ ᠠᠩᠬᠢ >ᠶᠤᠮ᠃ ᠨᠠᠰᠤ ᠪᠠᠷ ᠢᠶᠠᠨ ᠬᠤᠨᠢᠴᠢᠨ ᠪᠤᠯᠵᠠᠢ᠃ 1980 ᠤᠨ ᠳᠤ ᠤᠤᠯ ᠤᠨ  ᠪᠠᠶᠠᠩᠭᠤᠤᠯ ᠨᠢᠬᠡᠳᠦᠯ ᠤᠨ < ᠪᠠᠨᠳᠢ ᠶᠢᠨ ᠠᠩᠬᠢ >ᠵᠠᠰᠠᠭ ᠤᠨ ᠤᠷᠳᠤᠨ ᠠᠴᠠ ᠵᠢᠱᠢᠶᠡᠴᠢ ᠬᠤᠨᠢᠴᠢᠨ ᠴᠤᠯᠠ ᠤᠯᠭᠤᠵᠤ᠂ ᠲᠠᠮᠦᠷ ᠮᠤᠩᠭᠤᠯ ᠭᠡᠷ ᠱᠠᠩᠨᠠᠭᠰᠠᠨ ᠁ < ᠪᠠᠨᠳᠢ ᠶᠢᠨ ᠠᠩᠬᠢ >︾  ᠬᠡᠵᠠᠢ᠃
 
ᠢᠷᠡᠯᠲᠡ᠄ ︽ᠤᠶᠤᠨ ᠢ ᠴᠢᠮᠡᠭᠴᠢ ᠯᠢᠩᠪᠤ ᠶᠢᠨ ᠡᠭᠡᠰᠢᠭ︾ ᠨᠤᠮ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号