ᠮᠦᠩᠬᠡᠨᠠᠰᠤᠨ ᠰᠢᠶᠠᠨᠱᠧᠩ ᠤᠯᠠᠭᠠᠨ ᠡᠷᠭᠢ ᠶᠢᠨ ᠢᠷᠭᠠᠶᠢᠳᠦ ᠳᠤ
ᠨᠡᠶᠢᠲᠡᠯᠡᠭᠰᠡᠨ ᠴᠠᠭ᠄
2019/9/17
       2013 ᠤᠨ ᠤ ᠬᠠᠪᠤᠷ ᠤᠨ ᠰᠡᠬᠦᠯᠴᠢ ᠶᠢᠨ ᠨᠢᠬᠡ ᠡᠳᠦᠷ ᠨᠤᠳᠤᠭ ᠤᠨ ᠨᠠᠷᠡᠳᠦ ᠡᠮᠴᠢ ᠸᠠᠸ᠎ᠠ ᠠᠴᠠ ︽ᠤᠯᠴᠠᠩ ᠬᠡᠭᠴᠢ ᠨᠠᠷᠡᠳᠠᠢ ᠬᠦᠮᠦᠨ ᠤᠯᠠᠭᠠᠨ ᠡᠷᠬᠢ ᠶᠢᠨ ᠭᠡᠷ ᠤᠨ ᠰᠤᠷᠭᠠᠭᠤᠯᠢ ᠳᠤ ᠪᠠᠭᠰᠢᠯᠠᠵᠤ ᠪᠠᠶᠢᠭᠰᠠᠨ ᠢ ᠶᠡᠬᠡᠴᠤᠤᠯ ᠶᠠᠷᠢᠵᠤ ᠪᠠᠶᠢᠭᠰᠠᠨ᠂ ᠶᠠᠫᠤᠨ ᠬᠡᠯᠡ ᠮᠡᠳᠡᠨ᠎ᠡ ᠬᠡᠨ᠎ᠡ︾ ᠬᠡᠬᠦ ᠦᠬᠡ ᠶᠢ ᠤᠯᠵᠤ ᠰᠤᠨᠤᠰᠤᠭᠠᠳ ᠡᠨᠡ ᠬᠦᠮᠦᠨ ᠤ ᠳᠤᠬᠠᠢ ᠪᠠᠭ᠎ᠠ ᠰᠠᠭ᠎ᠠ ᠴᠤ ᠬᠡᠰᠡᠨ ᠤᠶᠢᠯᠠᠭᠠᠶ᠎ᠠ ᠬᠡᠮᠡᠨ ᠨᠠᠰᠢ ᠴᠠᠰᠢ ᠳᠠᠮᠡᠢ ᠯᠠ ᠬᠦᠶᠦᠭᠰᠡᠨ ᠴᠤ ᠪᠦᠳᠦᠯ  ᠲᠠᠢ ᠳ᠋ᠦᠩ ᠳᠤ ᠬᠦᠷᠴᠤ ᠴᠢᠳᠠᠭᠰᠠᠨ ᠦᠬᠡᠢ ᠳᠤᠷᠭᠤᠨ ᠵᠤᠭᠰᠤᠯ᠎ᠠ᠃ ᠢᠩᠬᠢᠳᠡᠯ᠎ᠡ ᠦᠯᠵᠡᠢ ᠶᠢᠨ ᠦᠨᠢᠷᠴᠡᠴᠡᠭ  ᠠᠴᠠ ᠦᠨᠦ ᠶᠢᠨ ᠪᠠᠶᠠᠨᠴᠠᠭᠠᠨ ᠰᠤᠮᠤᠨ ᠤ ᠤᠤᠳᠤᠬᠤᠢ ᠭᠠᠴᠠᠭ᠎ᠠ ᠶᠢᠨ ᠤᠩᠭᠤᠨ ᠬᠠᠶᠢᠯᠠᠰᠤᠳᠤ ᠳᠤ ᠠᠶᠢᠯ ᠤᠨ ᠰᠤᠷᠭᠠᠭᠤᠯᠢ ᠠᠩᠬ᠎ᠠ ᠪᠠᠶᠢᠭᠤᠯᠤᠭᠰᠠᠨ ᠶᠦᠩᠳᠦᠩ ᠤᠨ ᠰᠡᠩᠬᠡ ᠶᠢᠨ ᠬᠡᠷᠬᠡᠢ — ᠶᠡᠷᠡᠨ ᠭᠤᠷᠪᠠᠳᠠᠢ ᠤᠶᠤᠨᠴᠢᠮᠡᠭ ᠨᠠᠰᠤᠳᠠᠨ ᠰᠢᠯᠢ ᠶᠢᠨ ᠬᠤᠳᠠᠨ᠎ᠠ ᠰᠠᠭᠤᠵᠤ ᠪᠤᠢ ᠬᠡᠰᠡᠨ ᠴᠢᠮᠡᠭᠡ ᠶᠢ ᠰᠤᠨᠤᠰᠤᠭᠠᠳ ᠠᠯᠠᠰᠬᠢᠨ ᠪᠠᠶᠠᠷᠯᠠᠵᠤ᠂ ᠮᠦᠨ ᠤᠨ ᠤ ᠳᠠᠪᠤᠨ ᠰᠠᠷ᠎ᠠ ᠶᠢᠨ ᠬᠤᠶᠠᠷ ᠤᠨ ᠡᠳᠦᠷ ᠳᠡᠨᠳᠡ ᠬᠦᠷᠴᠦ ᠠᠭᠤᠯᠵᠠᠨ ᠵᠤᠯᠭᠠᠭᠠᠳ ᠶᠠᠷᠢᠯᠴᠠᠬᠤ ᠶᠢᠨ ᠳᠤᠮᠳᠠ ᠠᠴᠠ ︽ᠤᠯᠴᠠᠩ ᠬᠡᠳᠡᠭ ᠡᠨᠡ ᠬᠦᠮᠦᠨ ᠭᠤᠴᠢᠭᠠᠳ ᠤᠨ ᠤ ᠦᠶ᠎ᠡ ᠳᠤ ᠤᠯᠠᠭᠠᠨ ᠡᠷᠬᠢ ᠶᠢᠨ ᠭᠡᠷ ᠤᠨ ᠰᠤᠷᠭᠠᠭᠤᠯᠢ ᠳᠤ ᠪᠢᠴᠢᠭ ᠵᠢᠭᠠᠵᠤ ᠪᠠᠶᠢᠭᠰᠠᠨ᠂ ᠬᠡᠰᠢᠭᠳᠡᠨ ᠤ ᠪᠠᠶᠢᠴᠠᠢ ᠨᠤᠳᠤᠭ ᠤᠨ ᠬᠦᠮᠦᠨ ᠬᠡᠵᠤ ᠬᠡᠯᠡᠳᠡᠭ᠃ ᠨᠠᠷᠠᠨ ᠬᠡᠯᠡ ᠳᠡᠭᠡᠨ ᠰᠠᠶᠢᠨ ᠁︾ ᠬᠡᠵᠤ ᠸᠠᠸ᠎ᠠ ᠶᠢᠨ ᠬᠡᠯᠡᠭᠰᠡᠨ ᠨᠢ ᠦᠨᠡᠨ ᠪᠤᠯᠬᠤ ᠶᠢ ᠨᠤᠳᠠᠯᠠᠭᠠᠳ ᠦᠭᠪᠠ᠃ ᠡᠬᠦᠯᠡᠨ ᠴᠢᠯᠦᠬᠡᠨ ᠤ ᠨᠠᠷᠠ ᠶᠢ ᠬᠡᠨᠡᠳᠳᠡ ᠤᠯᠵᠤ ᠬᠠᠷᠠᠬᠤ ᠮᠡᠳᠦ ᠤᠷᠢᠳᠦ ᠰᠤᠨᠤᠰᠤᠭᠰᠠᠨ ᠵᠦᠢᠯ ᠢᠶᠠᠨ ᠡᠶᠢᠨᠬᠦ ᠬᠡᠷᠡᠴᠢᠯᠡᠬᠦᠯᠦᠬᠡᠳ ᠠᠪᠤᠯ᠎ᠠ᠃ ᠰᠡᠩᠬᠡ ᠪᠠᠭᠰᠢ ᠶᠢᠨ ᠬᠡᠷᠡᠯ ᠵᠢᠷᠤᠭ᠂ ᠭᠠᠷ ᠤᠨ ᠪᠢᠴᠢᠬᠡᠰᠦ ᠬᠢᠬᠡᠳ ᠨᠠᠮᠳᠠᠷ ᠲᠡᠦᠬᠡ  ᠶᠢ ᠴᠤ ᠤᠯᠪᠠ᠃ ᠬᠠᠷᠢᠨ ᠤᠯᠴᠠᠩ ᠬᠡᠳᠡᠭ ᠬᠦᠮᠦᠨ ᠤ ᠳᠤᠬᠠᠢ ᠦᠬᠡᠨ ᠤ ᠭᠤᠭᠴᠤᠭ᠎ᠠ ᠠᠳᠡ ᠬᠦᠷᠦᠬᠡᠳ ᠡᠬᠡᠳᠡᠷᠡᠪᠡ᠃ ᠤᠯᠴᠠᠩ ᠬᠡᠭᠴᠢ ᠴᠤᠬᠤᠮ ᠬᠡᠨ ᠪᠤᠢ︖        ᠵᠡᠬᠦᠦ ᠶᠢᠨ ᠦᠵᠦᠬᠦᠷ ᠳᠡᠬᠡᠷ᠎ᠡ ᠮᠦᠬᠦᠯᠢᠭ ᠪᠤᠳᠠᠭ᠎ᠠ ᠳᠤᠭᠳᠠᠬᠤ ᠮᠡᠳᠦ ᠲᠡᠶᠢᠮᠦ ᠬᠤᠪᠤᠷ ᠠᠮᠠᠨ ᠤᠯᠠᠮᠵᠢᠯᠠᠯ ᠤᠨ ᠪᠠᠷᠢᠮᠳᠠ ᠶᠢ ᠬᠡᠨ ᠨᠢᠬᠡ ᠨᠢ ᠳᠡᠬᠡᠳᠦ ᠦᠶ᠎ᠡ ᠠᠴᠠ ᠪᠠᠨ ᠰᠠᠨᠠᠮᠰᠠᠷ ᠦᠬᠡᠢ ᠤᠯᠠᠮᠵᠢᠯᠠᠨ ᠰᠤᠨᠤᠰᠴᠤ ᠠᠪᠤᠭᠠᠳ ᠵᠢᠷᠦᠬᠡᠨ ᠬᠤᠪᠳᠦᠯ ᠳᠠᠭᠠᠨ ᠴᠢᠩᠳᠠᠯᠠᠨ ᠬᠠᠳᠠᠭᠠᠯᠠᠳᠠᠭ ᠶᠠᠪᠤᠳᠠᠯ ᠠᠮᠢᠳᠤᠷᠠᠯ ᠳᠤᠮᠳᠠ ᠬᠠᠷᠭᠤᠳᠠᠭ ᠪᠠᠶᠢᠵᠠᠢ᠃ 2014 ᠤᠨ ᠤ ᠳᠦᠷᠪᠡᠳᠦᠬᠡᠷ ᠰᠠᠷ᠎ᠠ ᠶᠢᠨ ᠠᠷᠪᠠᠨ ᠳᠤᠯᠤᠭᠠᠨ ᠳᠤ ᠭᠠᠪᠰᠢᠭᠤᠨ ᠤᠪᠤᠭ ᠤᠨ ᠳᠡᠭᠵᠢᠷᠡᠬᠦ ᠶᠢᠨ ᠪᠠᠶᠠᠨᠵᠢᠷᠭᠠᠯ ᠡᠨᠡ ᠳᠤᠬᠠᠢ ᠬᠠᠭᠤᠴᠢᠯᠠᠭᠰᠠᠨ ᠨᠢ ︽ᠭᠤᠴᠢᠭᠠᠳ ᠤᠨ ᠤ ᠦᠶ᠎ᠡ ᠪᠠᠷ ᠤᠯᠴᠠᠩ ᠬᠡᠳᠡᠭ ᠬᠦᠮᠦᠨ ᠤᠯᠠᠭᠠᠨ ᠡᠷᠬᠢ ᠶᠢᠨ ᠢᠷᠭᠠᠶᠢᠳᠦ ᠶᠢᠨ ᠭᠡᠷ ᠤᠨ ᠰᠤᠷᠭᠠᠭᠤᠯᠢ ᠳᠤ ᠪᠢᠴᠢᠭ ᠵᠢᠭᠠᠵᠤ ᠪᠠᠶᠢᠭᠰᠠᠨ ᠬᠡᠵᠤ ᠨᠠᠰᠤᠳᠠᠶᠢᠴᠤᠤᠯ ᠬᠡᠯᠡᠳᠡᠭ᠃ ᠤᠯᠴᠠᠩ ᠬᠡᠳᠡᠭ ᠨᠢ ᠲᠡᠬᠦᠨ ᠤ ᠬᠤᠴᠢ ᠨᠡᠷ᠎ᠡ᠃ ᠬᠢᠳᠡᠳ ᠨᠠᠷ᠎ᠠ ᠨᠢ ᠭᠤᠤ ᠹᠦ᠋ ᠴᠦᠨ ᠬᠡᠳᠡᠭ ᠬᠡᠨ᠎ᠡ᠃ ᠠᠯᠬᠤᠭᠠᠳ ᠶᠠᠪᠤᠬᠤ ᠳᠤ ᠨᠢ ᠬᠠᠴᠠᠷ ᠤᠨ ᠮᠢᠬ᠎ᠠ ᠨᠢ ᠤᠨᠵᠠᠶᠢᠵᠦ ᠬᠦᠳᠡᠯᠳᠡᠭ ᠳᠤᠯᠠ ᠨᠤᠳᠤᠭ ᠤᠨ ᠤᠯᠠᠨ ᠠᠭᠠᠵᠢᠮ ᠳᠠᠭᠠᠨ ︽ᠤᠯᠴᠠᠩ ᠪᠠᠭᠰᠢ︾ ᠬᠡᠵᠤ ᠳᠠᠭᠤᠳᠠᠬᠤ ᠪᠤᠯᠤᠭᠰᠠᠨ ᠤᠴᠢᠷ ᠨᠢ ᠲᠡᠷᠡ ᠬᠡᠨ᠎ᠡ᠃ ᠵᠢᠪᠬᠤᠯᠠᠩ᠂ ᠯᠾᠮᠦ ᠠᠬ᠎ᠠ ᠳᠡᠬᠦᠦ ᠬᠤᠶᠠᠭᠤᠯᠠ ᠵᠠᠯᠠᠵᠤ ᠠᠪᠴᠢᠷᠠᠭᠠᠳ ᠡᠷᠬᠦᠵᠤ ᠠᠪᠤᠭᠰᠠᠨ ᠤᠶᠢᠷ᠎ᠠ ᠳᠦᠷᠦᠯ ᠤᠨ ᠢᠶᠠᠨ ᠬᠡᠦᠬᠡᠳ ᠪᠤᠯᠬᠤ ᠵᠠᠮᠪᠠᠴᠢᠮᠪᠤ᠂ ᠳ᠋ᠧᠪᠤᠴᠢᠮᠪᠤ   ᠳᠡᠭᠡᠨ ᠪᠢᠴᠢᠭ ᠵᠢᠭᠠᠯᠭᠠᠵᠠᠢ᠃ ᠡᠨᠡ ᠪᠠᠭᠰᠢ ᠬᠠᠮᠢᠭᠠᠨᠠᠬᠢ ᠬᠦᠮᠦᠨ ᠬᠡᠳᠡᠭ ᠢ ᠨᠢ ᠬᠠᠷᠢᠨ ᠮᠡᠳᠡᠬᠦ ᠦᠬᠡᠢ ᠪᠠᠶᠢᠨ᠎ᠠ᠃ ᠭᠠᠵᠠᠷ ᠰᠢᠷᠦᠢ ᠶᠢᠨ ᠦᠬᠡᠷᠡᠴᠢᠯᠠᠯᠳᠠ ᠶᠢᠨ ᠳᠠᠷᠠᠭ᠎ᠠ ᠰᠠᠶ᠋ᠢ ᠤᠯᠠᠭᠠᠨ ᠡᠷᠬᠢ ᠠᠴᠠ ᠶᠠᠪᠤᠭᠰᠠᠨ ᠨᠢ ᠮᠡᠳᠡᠭᠳᠡᠵᠤ ᠪᠠᠶᠢᠨ᠎ᠠ᠃ ︽ᠭᠠᠵᠠᠷ ᠰᠢᠷᠦᠢ ᠶᠢᠨ ᠦᠬᠡᠷᠡᠴᠢᠯᠠᠯᠳᠠ︾ ᠶᠢᠨ ᠦᠶ᠎ᠡ ᠳᠤ ᠤᠯᠠᠭᠠᠨ ᠡᠷᠬᠢ ᠳᠠᠬᠢ ᠪᠠᠶᠠᠴᠤᠳ ᠤᠨ ᠶᠠᠭᠤᠮ᠎ᠠ ᠶᠢ ᠬᠤᠪᠢᠶᠠᠬᠤ ᠳᠤ ᠰᠦᠷᠦᠩ ᠬᠡᠭᠴᠢ ᠬᠦᠮᠦᠨ ᠨᠢᠬᠡ ᠳᠡᠪᠳᠡᠷ ᠦᠵᠡᠯᠬᠡ ᠶᠢᠨ ᠨᠤᠮ ᠢ ᠠᠪᠴᠤ ᠬᠠᠷᠢᠭᠠᠳ ᠮᠢᠨᠤ ᠠᠪᠤ ᠳᠤ ᠭᠠᠷᠳᠠᠭᠤᠯᠵᠠᠢ᠃ ᠨᠦᠬᠦᠬᠡ ᠤᠯᠴᠠᠩ ᠬᠤᠴᠢ ᠲᠠᠢ ᠪᠠᠭᠰᠢ ᠮᠡᠳᠡᠭᠡᠳ ᠵᠢᠬᠡᠯᠡᠨ ᠦᠵᠡᠬᠦ ᠪᠠᠷ ᠪᠤᠯᠵᠤ᠂ ᠨᠡᠯᠢᠶᠡᠳ ᠤᠳᠠᠳᠠᠯ᠎ᠠ ᠪᠤᠴᠠᠭᠠᠭᠰᠠᠨ ᠦᠬᠡᠢ ᠪᠠᠶᠢᠵᠠᠢ᠃ ᠬᠠᠷᠢᠨ ᠦᠬᠡᠷ᠎ᠡ ᠭᠠᠵᠠᠷ ᠶᠠᠪᠤᠬᠤ ᠠᠴᠠ ᠪᠠᠨ ᠡᠮᠦᠨ᠎ᠡ  ︿ᠪᠢ ᠪᠢᠴᠢᠭ  ᠢ ᠴᠢᠨᠢ ᠳ᠋ᠧᠪᠤᠴᠢᠮᠪᠤ ᠳᠤ ᠦᠭᠬᠦᠭᠰᠡᠨ᠂ ᠲᠠ ᠲᠡᠬᠦᠨ ᠠᠴᠠ ᠠᠪ﹀ ᠬᠡᠵᠤ ᠠᠪᠤ ᠳᠤ ᠮᠢᠨᠢ ᠬᠡᠯᠡᠭᠰᠡᠨ ᠬᠡᠨ᠎ᠡ᠃ ᠲᠡᠷᠡ ᠦᠵᠡᠯᠬᠡ ᠶᠢᠨ ᠨᠤᠮ ᠤᠨ ᠨᠠᠷ᠎ᠠ ᠨᠢ ᠬᠢᠳᠡᠳ ᠢᠶᠠᠷ ︽ᠢᠤᠢ ᠱᠠ ᠵᠢᠢ︾ ᠬᠡᠳᠡᠭ ᠬᠡᠨ᠎ᠡ᠃ ᠮᠤᠩᠭᠤᠯ ᠢᠶᠠᠷ ᠪᠤᠯ ︽ᠬᠠᠰ ᠬᠠᠶᠢᠷᠴᠠᠭ ᠤᠨ ᠬᠤᠷᠢᠶᠠᠩᠭᠤᠢ︾ ᠬᠡᠨ᠎ᠡ᠃ ᠲᠡᠷᠡ ᠨᠤᠮ ᠤᠳᠤ ᠪᠠᠶᠢᠬᠤ ᠡᠰᠡᠬᠦ ᠶᠢ ᠮᠡᠳᠡᠬᠦ ᠦᠬᠡᠢ᠃ ᠲᠡᠷᠡ ᠦᠶ᠎ᠡ ᠳᠤ ᠤᠯᠠᠭᠠᠨ ᠡᠷᠬᠢ ᠶᠢᠨ ᠤᠤᠭᠠᠯ ᠪᠠᠯᠵᠤᠤᠷ ᠰᠢᠶᠠᠨᠱᠧᠩ ᠬᠡᠵᠤ ᠭᠠᠭᠴᠠᠬᠠᠨ ᠪᠢᠴᠢᠭ ᠤᠨ ᠬᠦᠮᠦᠨ ᠡᠨᠡ ᠨᠤᠳᠤᠭ ᠲᠤ ᠪᠠᠶᠢᠭᠰᠠᠨ᠃ ᠬᠡᠷ ᠤᠨ ᠰᠤᠷᠭᠠᠭᠤᠯᠢ ᠡᠷᠬᠢᠯᠡᠵᠤ ᠪᠠᠶᠢᠭᠰᠠᠨ ᠬᠡᠳᠡᠭ᠃ ᠬᠡᠰᠢᠭᠳᠡᠨ ᠤ ᠵᠡᠬᠦᠨ ᠠᠷᠤ ᠨᠤᠳᠤᠭ ᠤᠨ ᠤᠯᠠᠭᠠᠨ ᠡᠷᠬᠢ ᠳᠤ ᠨᠠᠷᠡᠳᠠᠢ ᠬᠤᠶᠠᠷ ᠪᠠᠶᠠᠨ ᠪᠠᠶᠢᠵᠠᠢ᠃ ᠳᠡᠳᠡ ᠪᠤᠯ ᠵᠢᠨᠳᠠᠢ ᠬᠢᠬᠡᠳ ᠨᠤᠷᠪᠤ ᠠᠬ᠎ᠠ ᠳᠡᠬᠦᠦ ᠬᠤᠶᠠᠭᠤᠯᠠ᠃ ᠵᠢᠨᠳᠠᠢ ᠶᠢᠨ ᠬᠦᠦ ᠪᠠᠭᠠᠶᠠᠰᠧᠳᠡᠩ ᠪᠠ ᠨᠤᠷᠪᠤ ᠶᠢᠨ ᠬᠦᠦ ᠴᠢᠮᠡᠳᠤ᠋ᠮᠪᠤ ᠬᠤᠶᠠᠷ ᠳᠦᠴᠢᠬᠡᠳ ᠤᠨ ᠤ ᠦᠶ᠎ᠡ ᠪᠠᠷ ᠺᠠᠶᠢᠯᠤ ᠶᠢᠨ ᠶᠠᠫᠤᠨ ᠮᠠᠨᠵᠤ ᠶᠢᠨ ᠳᠡᠬᠡᠳᠦ ᠰᠤᠷᠭᠠᠭᠤᠯᠢ ᠳᠤ ᠳᠠᠪᠰᠢᠨ ᠰᠤᠷᠤᠯᠴᠠᠵᠤ ᠪᠠᠶᠢᠪᠠ ᠁︾ ᠬᠡᠵᠠᠢ᠃         ᠬᠠᠷᠢᠨ ᠶᠠᠭ ᠡᠨᠡᠬᠦ ᠭᠤᠤ ᠹᠦ᠋ ᠴᠦᠨ ᠭᠡᠳᠡᠭ ᠬᠦᠮᠦᠨ ᠤ ᠳᠤᠬᠠᠢ 2016 ᠤᠨ ᠤ ᠬᠠᠪᠤᠷ᠂ ᠬᠡᠰᠢᠭᠳᠡᠨ ᠬᠤᠰᠢᠭᠤᠨ ᠤ ᠳᠠᠷᠬᠠᠨ ᠠᠭᠤᠯᠠ ᠰᠤᠮᠤᠨ ᠳᠤ ᠨᠤᠳᠤᠭᠳᠠᠢ ᠠᠬᠠᠮᠠᠳ ᠪᠠᠭᠰᠢ ᠰᠧᠯᠧᠵᠠᠪ ᠨᠠᠰᠤᠳᠠᠨ ᠲᠠᠢ ᠬᠠᠷᠭᠤᠭᠠᠳ ᠠᠰᠠᠭᠤᠨ ᠯᠠᠪᠯᠠᠬᠤ ᠳᠤ ᠬᠡᠯᠡᠭᠰᠡᠨ ᠨᠢ ︽ᠠ᠊᠂ ᠯᠾᠮᠦᠵᠠᠪ ᠤᠨ ᠪᠢᠴᠢᠭᠰᠡᠨ ︿ᠴᠢᠩᠬᠢᠰ ᠤᠨ ᠳᠦᠮᠡᠨ ᠬᠡᠰᠢᠭᠳᠡᠨ ᠬᠤᠶᠢᠴᠢᠰ﹀ ᠭᠡᠭᠦ ᠨᠤᠮ ᠳᠤ ᠭᠠᠷᠳᠠᠭ ᠮᠦᠩᠬᠡᠨᠠᠰᠤᠨ ᠰᠢᠶᠠᠨᠱᠧᠩ ᠪᠤᠯ ᠤᠯᠠᠭᠠᠨ ᠡᠷᠬᠢ ᠶᠢᠨ ᠭᠡᠷ ᠤᠨ ᠰᠤᠷᠭᠠᠭᠤᠯᠢ ᠳᠤ ᠪᠠᠭᠰᠢᠯᠠᠵᠦ ᠪᠠᠶᠢᠭᠰᠠᠨ ᠨᠦᠬᠦᠬᠡ ᠲᠡᠷᠡ ᠭᠤᠤ ᠹᠦ᠋ ᠴᠦᠨ ᠮᠦᠨ᠃ ᠠᠪᠤ ᠨᠢ ᠦᠨᠡᠨᠪᠠᠳᠤ ᠭᠡᠳᠡᠭ᠃ ᠭᠤᠤ ᠹᠦ᠋ ᠴᠦᠨ ᠰᠢᠶᠠᠨᠱᠧᠩ ᠬᠡᠬᠦ ᠡᠶᠢᠮᠦ ᠬᠦᠮᠦᠨ ᠦᠨᠡᠨ ᠪᠠᠶᠢᠭᠰᠠᠨ᠃ ᠬᠡᠰᠢᠭᠳᠡᠨ ᠤ ᠵᠡᠭᠦᠨ ᠠᠷᠤ ᠨᠤᠳᠤᠭ  ᠢᠶᠠᠷ ᠪᠢᠴᠢᠭ ᠵᠢᠭᠠᠵᠤ ᠪᠠᠶᠢᠭᠰᠠᠨ᠃ ᠭᠡᠰᠢᠭᠳᠡᠨ ᠤ ᠳᠠᠷᠬᠠᠨ ᠰᠤᠮᠤᠨ ᠳᠤ ᠨᠤᠳᠤᠭᠳᠠᠢ᠂ ᠬᠤᠷᠴᠢᠳ ᠤᠪᠤᠭ ᠲᠠᠢ᠃ ᠳᠠᠪᠢ ᠶᠢᠰᠤᠨ ᠨᠠᠰᠤᠨ ᠳᠠᠭᠠᠨ ᠰᠢᠯᠢ ᠶᠢᠨ ᠭᠤᠤᠯ ᠠᠶᠢᠮᠠᠭ ᠤᠨ ᠵᠡᠬᠦᠨ ᠦᠵᠦᠮᠦᠴᠢᠨ ᠬᠤᠰᠢᠭᠤᠨ ᠳᠤ ᠠᠴᠢ ᠭᠦᠦ ᠴᠢᠮᠡᠳᠰᠡᠷᠡᠩ ᠤᠨ ᠢᠶᠠᠨ ᠭᠠᠷ ᠳᠡᠭᠡᠷ᠎ᠡ ᠨᠠᠰᠤ ᠪᠠᠷᠠᠵᠠᠢ︾ ᠭᠡᠪᠡ᠃
 
ᠢᠷᠡᠯᠲᠡ᠄ ︽ᠤᠶᠤᠨ ᠢ ᠴᠢᠮᠡᠭᠴᠢ ᠯᠢᠩᠪᠤ ᠶᠢᠨ ᠡᠭᠡᠰᠢᠭ︾ ᠨᠤᠮ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号