ᠰᠤᠳᠪᠠᠵᠠᠮᠰᠤ ᠰᠢᠶᠠᠨᠱᠧᠩ ᠤᠯᠠᠭᠠᠨ ᠡᠷᠭᠢ ᠶᠢᠨ ᠠᠷᠤᠭ ᠤᠨ ᠠᠷᠤ ᠳᠤ
ᠨᠡᠶᠢᠲᠡᠯᠡᠭᠰᠡᠨ ᠴᠠᠭ᠄
2019/9/17
       ᠤᠯᠭᠠᠨ ᠡᠷᠬᠢ ᠶᠢᠨ ᠬᠡᠷ ᠤᠨ ᠰᠤᠷᠭᠠᠭᠤᠯᠢ ᠶᠢᠨ ᠳᠤᠬᠠᠢ ᠤᠭᠳᠤ ᠮᠡᠳᠡᠭᠳᠡᠭᠡ ᠦᠬᠡᠢ ᠦᠬᠡᠷ᠎ᠡ ᠰᠢᠵᠢᠮ ᠬᠠᠮᠢᠭ᠎ᠠ ᠨᠢᠬᠡ ᠭᠠᠵᠠᠷ ᠯᠠᠪ ᠨᠢᠭᠤᠭᠳᠠᠵᠤ ᠪᠠᠶᠢᠨ᠎ᠠ ᠬᠡᠵᠤ ᠴᠠᠰᠢ ᠨᠢ ᠴᠦᠬᠦᠷᠡᠯ ᠦᠬᠡᠢ ᠮᠦᠰᠬᠢᠵᠦ ᠶᠠᠪᠤᠳᠠᠯ᠎ᠠ ᠬᠦᠷᠵᠠᠪ ᠤᠨ ᠦᠯᠵᠡᠶᠢᠳᠤᠭᠳᠠᠬᠤ ᠠᠴᠠ ︽ᠪᠠᠶᠠᠨᠴᠠᠭᠠᠨ ᠰᠤᠮᠤᠨ ᠤ ᠪᠢᠯᠡᠬᠦᠳᠡᠢ ᠭᠠᠴᠠᠭᠠᠨ ᠤ ᠪᠤᠯᠤ ᠬᠡᠰᠡᠨ ᠬᠦᠮᠦᠨ ᠤᠯᠠᠭᠠᠨ ᠡᠷᠬᠢ ᠶᠢᠨ ᠬᠡᠷ ᠤᠨ ᠰᠤᠷᠭᠠᠭᠤᠯᠢ ᠶᠢᠨ ᠪᠠᠭᠰᠢ ᠶᠢᠨ ᠳᠤᠬᠠᠢ ᠶᠠᠷᠢᠵᠤ ᠪᠠᠶᠢᠭᠰᠠᠨ ᠁︾ ᠬᠡᠬᠦ ᠠᠰᠢᠳᠠᠢ ᠰᠠᠶᠢᠬᠠᠨ ᠴᠢᠮᠡᠭᠡ ᠶᠢ ᠳᠤᠭᠤᠯᠤᠭᠠᠳ ᠲᠡᠬᠦᠨ ᠲᠠᠢ ᠵᠤᠯᠭᠠᠬᠤ ᠠᠴᠠ ᠦᠯᠦ ᠠᠯᠠᠭᠤᠷᠯᠠᠨ ᠪᠠᠶᠠᠨᠴᠠᠭᠠᠨ ᠰᠤᠮᠤᠨ ᠳᠤ ᠬᠦᠷᠦᠯ᠎ᠡ᠃ ᠪᠤᠯᠤ ᠤᠮᠪᠤᠯᠦ ᠪᠠᠨ ᠬᠠᠷᠠᠭᠠᠯᠵᠠᠵᠤ᠂ ᠰᠤᠮᠤᠨ ᠳᠦᠪ ᠲᠤ ᠭᠡᠷ ᠳᠦᠷᠢᠶᠡᠰᠦᠯᠡᠨ ᠰᠠᠭᠤᠵᠤ ᠪᠠᠶᠢᠪᠠ᠃ 2014 ᠤᠨ ᠤ ᠳᠦᠷᠪᠡᠳᠦᠬᠡᠷ ᠰᠠᠷ᠎ᠠ ᠶᠢᠨ ᠬᠤᠷᠢᠨ ᠭᠤᠷᠪᠠᠨ ᠤ ᠡᠳᠦᠷ ᠪᠤᠯᠤ ᠲᠠᠢ ᠠᠭᠤᠯᠵᠠᠭᠰᠠᠨ ᠮᠠᠨᠢ ᠬᠤᠪᠢᠳᠠᠢ ᠤᠴᠠᠷᠠᠯ ᠪᠤᠯᠪᠠ᠃ ᠪᠤᠯᠤ ᠬᠡᠯᠡᠭᠰᠡᠨ ᠨᠢ ︽ᠠᠷᠪᠠᠨ ᠭᠤᠷᠪᠠᠨ ᠦᠶ᠎ᠡ ᠶᠢᠨ ᠳᠤᠰᠠᠯᠠᠭᠴᠢ ᠵᠡᠷᠬᠡ ᠲᠠᠢ ᠰᠤᠳᠪᠠᠵᠠᠮᠰᠤ ᠭᠤᠴᠢᠭᠠᠳ ᠤᠨ ᠤ ᠦᠶ᠎ᠡ ᠪᠠᠷ ᠤᠯᠠᠭᠠᠨ ᠡᠷᠬᠢ ᠶᠢᠨ ᠠᠷᠤᠭ ᠤᠨ ᠠᠷᠤ ᠬᠡᠮᠡᠬᠦ ᠭᠠᠵᠠᠷ ᠲᠤ ᠭᠡᠷ ᠎ ᠤᠨ ᠰᠤᠷᠭᠠᠭᠤᠯᠢ ᠪᠠᠶᠢᠭᠤᠯᠤᠨ ᠪᠠᠭᠰᠢᠯᠠᠵᠤ ᠪᠠᠶᠢᠪᠠ᠃ ᠰᠤᠳᠪᠠᠵᠠᠮᠰᠤ ᠤᠭ ᠨᠢ ᠮᠦᠭᠳᠡᠨ ᠳᠤ ᠪᠢᠴᠢᠭ ᠤᠨ ᠠᠵᠢᠯ ᠎ ᠢᠶᠠᠷ ᠰᠠᠭᠤᠵᠤ ᠪᠠᠶᠢᠭᠰᠠᠨ ᠪᠦᠬᠡᠳ ᠳᠡᠨᠳᠡ ᠪᠠᠶᠢᠬᠤ ᠳᠠᠭᠠᠨ ᠬᠤᠷᠢᠭᠠᠨ ᠳᠤ ᠳᠡᠩᠰᠡ ᠲᠠᠢ ᠳᠦᠪᠡᠳ ᠤᠨ ᠳᠤᠳᠤᠭᠠᠳᠤ ᠨᠤᠮ ᠢ ᠮᠤᠩᠭᠤᠯ ᠬᠡᠯᠡᠨ᠎ᠡ ᠪᠠᠭᠤᠯᠭᠠᠭᠠᠳ ᠠᠵᠢᠯ ᠠᠴᠠ ᠪᠠᠨ ᠵᠠᠶᠢᠯᠠᠭᠤᠯᠤᠭᠳᠠᠭᠰᠠᠨ ᠪᠠᠶᠢᠨ᠎ᠠ︾ ᠬᠡᠯ᠎ᠡ᠃        ᠵᠤᠭᠤᠭ ᠤᠨ ᠦᠵᠦᠬᠦᠷ ᠬᠦᠪᠦᠷᠡᠬᠦᠯᠦᠨ ᠪᠤᠯᠤ ᠨᠠᠰᠤᠳᠠᠨ ᠴᠠᠰᠢ ᠨᠢ ︽ᠰᠤᠳᠪᠠᠵᠠᠮᠰᠤ ᠬᠤᠶᠠᠷ ᠬᠠᠳᠤᠨ ᠎ ᠲᠠᠢ᠂ ᠶᠡᠭᠡ ᠨᠢ ᠮᠠᠨᠳᠤᠤᠬᠤᠸᠠᠷ ᠬᠡᠳᠡᠭ᠃ ᠠᠶᠢᠯ ᠬᠤᠳᠠᠨ ᠤ ᠬᠢᠨᠢ ᠲᠡᠬᠦᠨ ᠢ ᠪᠦᠭᠳᠦᠷ ᠡᠮᠡᠬᠡᠨ ᠬᠡᠵᠤ ᠳᠠᠭᠤᠳᠠᠵᠤ ᠵᠠᠩᠰᠢᠵᠠᠢ᠃ ᠳᠡᠳᠡᠨ ᠠᠴᠠ ᠨᠢᠬᠡ ᠬᠦᠦ᠂ ᠬᠤᠶᠠᠷ ᠬᠡᠦᠬᠡᠨ ᠲᠠᠢ᠃ ᠬᠦᠪᠡᠬᠦᠨ ᠨᠢ ᠠᠷᠳᠡᠷ᠂ ᠬᠡᠦᠬᠡᠨ ᠨᠢ ᠤᠷᠠᠨᠴᠢᠮᠡᠭ᠂ ᠬᠡᠷᠡᠯᠴᠢᠮᠡᠭ ᠬᠡᠳᠡᠭ᠃ ᠡᠨᠡ ᠬᠡᠷᠡᠯᠴᠢᠮᠡᠭ ᠪᠤᠯ ᠮᠢᠨᠤ ᠳᠦᠷᠦᠭᠰᠡᠨ ᠡᠵᠢ᠃ ᠰᠤᠳᠪᠠᠵᠠᠮᠰᠤ ᠪᠤᠯ ᠮᠢᠨᠤ ᠨᠠᠭᠠᠴᠤ ᠡᠪᠦᠭᠡ᠃ ᠮᠤᠩᠭᠤᠯ᠂ ᠮᠠᠨᠵᠤ᠂ ᠶᠠᠫᠤᠨ ᠬᠡᠯᠡᠨ ᠳᠤ ᠨᠡᠪᠳᠡᠷᠬᠡᠢ ᠪᠠᠶᠢᠭᠰᠠᠨ ᠬᠡᠵᠤ ᠡᠵᠢ ᠬᠡᠯᠡᠳᠡᠭ᠃ ᠵᠠᠷᠤᠵᠤ ᠪᠠᠶᠢᠭᠰᠠᠨ ᠦᠰᠦᠨ ᠪᠢᠷ ᠢ ᠨᠢ ᠪᠢ ᠤᠳᠤ ᠪᠤᠯᠳᠠᠯ᠎ᠠ ᠦᠨᠢᠳᠡ ᠶᠢᠨ ᠳᠤᠷᠠᠰᠬᠠᠯ ᠪᠤᠯᠭᠠᠨ ᠬᠠᠳᠠᠭᠠᠯᠠᠵᠤ ᠪᠠᠶᠢᠨ᠎ᠠ᠃ ᠪᠠᠭ᠎ᠠ ᠬᠠᠳᠤᠨ ᠠᠴᠠ ᠨᠢ ᠬᠠᠯᠢᠭᠤ᠂ ᠪᠤᠮᠪᠤᠭᠤᠷ᠂ ᠰᠦᠷᠦᠩ᠂ ᠤᠳᠬᠠᠨᠪᠠᠶᠠᠷ᠂ ᠮᠦᠩᠬᠡᠪᠠᠶᠠᠷ ᠬᠡᠬᠦ ᠳᠠᠪᠤᠨ ᠬᠡᠦᠬᠡᠳ ᠲᠠᠢ᠃ ᠨᠠᠭᠠᠴᠤ ᠡᠪᠦᠭᠡ ᠶᠢ ᠳᠠᠭᠠᠯᠠᠯ ᠲᠡᠬᠦᠰᠦᠭᠰᠡᠨ ᠤ ᠳᠠᠷᠠᠭ᠎ᠠ ᠤᠳᠤ ᠶᠢᠨ ᠪᠠᠶᠠᠨᠴᠠᠭᠠᠨ ᠰᠤᠮᠤᠨ ᠎ ᠤ ᠪᠠᠶᠠᠩᠭᠤᠤᠯ ᠭᠠᠴᠠᠭᠠᠨ ᠤ ᠠᠷᠤᠭ ᠤᠨ ᠠᠷᠤ ᠳᠤ ᠤᠷᠤᠰᠢᠭᠤᠯᠪᠠ ᠁︾ ᠬᠡᠯ᠎ᠡ᠃
 
ᠢᠷᠡᠯᠲᠡ᠄ ︽ᠤᠶᠤᠨ ᠢ ᠴᠢᠮᠡᠭᠴᠢ ᠯᠢᠩᠪᠤ ᠶᠢᠨ ᠡᠭᠡᠰᠢᠭ︾ ᠨᠤᠮ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号