| | | | 2013 ᠤᠨ ᠤ ᠬᠠᠪᠤᠷ ᠤᠨ ᠰᠡᠬᠦᠯᠴᠢ ᠶᠢᠨ ᠨᠢᠬᠡ ᠡᠳᠦᠷ ᠨᠤᠳᠤᠭ ᠤᠨ ᠨᠠᠷᠡᠳᠦ ᠡᠮᠴᠢ ᠸᠠᠸᠠ ᠠᠴᠠ ︽ | ᠤᠯᠴᠠᠩ ᠬᠡᠭᠴᠢ ᠨᠠᠷᠡᠳᠠᠢ ᠬᠦᠮᠦᠨ ᠤᠯᠠᠭᠠᠨ ᠡᠷᠬᠢ ᠶᠢᠨ ᠭᠡᠷ ᠤᠨ ᠰᠤᠷᠭᠠᠭᠤᠯᠢ ᠳᠤ ᠪᠠᠭᠰᠢᠯᠠᠵᠤ ᠪᠠᠶᠢᠭᠰᠠᠨ ᠢ | ᠶᠡᠬᠡᠴᠤᠤᠯ ᠶᠠᠷᠢᠵᠤ ᠪᠠᠶᠢᠭᠰᠠᠨ᠂ ᠶᠠᠫᠤᠨ ᠬᠡᠯᠡ ᠮᠡᠳᠡᠨ᠎ᠡ ᠬᠡᠨ᠎ᠡ︾ ᠬᠡᠬᠦ ᠦᠬᠡ ᠶᠢ ᠤᠯᠵᠤ ᠰᠤᠨᠤᠰᠤᠭᠠᠳ ᠡᠨᠡ | ᠬᠦᠮᠦᠨ ᠤ ᠳᠤᠬᠠᠢ ᠪᠠᠭ᠎ᠠ ᠰᠠᠭ᠎ᠠ ᠴᠤ ᠬᠡᠰᠡᠨ ᠤᠶᠢᠯᠠᠭᠠᠶ᠎ᠠ ᠬᠡᠮᠡᠨ ᠨᠠᠰᠢ ᠴᠠᠰᠢ ᠳᠠᠮᠡᠢ ᠯᠠ ᠬᠦᠶᠦᠭᠰᠡᠨ ᠴᠤ ᠪᠦᠳᠦᠯ | ᠲᠠᠢ ᠳ᠋ᠦᠩ ᠳᠤ ᠬᠦᠷᠴᠤ ᠴᠢᠳᠠᠭᠰᠠᠨ ᠦᠬᠡᠢ ᠳᠤᠷᠭᠤᠨ ᠵᠤᠭᠰᠤᠯ᠎ᠠ᠃ ᠢᠩᠬᠢᠳᠡᠯ᠎ᠡ ᠦᠯᠵᠡᠢ ᠶᠢᠨ ᠦᠨᠢᠷᠴᠡᠴᠡᠭ | ᠠᠴᠠ ᠦᠨᠦ ᠶᠢᠨ ᠪᠠᠶᠠᠨᠴᠠᠭᠠᠨ ᠰᠤᠮᠤᠨ ᠤ ᠤᠤᠳᠤᠬᠤᠢ ᠭᠠᠴᠠᠭ᠎ᠠ ᠶᠢᠨ ᠤᠩᠭᠤᠨ ᠬᠠᠶᠢᠯᠠᠰᠤᠳᠤ ᠳᠤ ᠠᠶᠢᠯ ᠤᠨ | ᠰᠤᠷᠭᠠᠭᠤᠯᠢ ᠠᠩᠬ᠎ᠠ ᠪᠠᠶᠢᠭᠤᠯᠤᠭᠰᠠᠨ ᠶᠦᠩᠳᠦᠩ ᠤᠨ ᠰᠡᠩᠬᠡ ᠶᠢᠨ ᠬᠡᠷᠬᠡᠢ — ᠶᠡᠷᠡᠨ ᠭᠤᠷᠪᠠᠳᠠᠢ ᠤᠶᠤᠨᠴᠢᠮᠡᠭ | ᠨᠠᠰᠤᠳᠠᠨ ᠰᠢᠯᠢ ᠶᠢᠨ ᠬᠤᠳᠠᠨ᠎ᠠ ᠰᠠᠭᠤᠵᠤ ᠪᠤᠢ ᠬᠡᠰᠡᠨ ᠴᠢᠮᠡᠭᠡ ᠶᠢ ᠰᠤᠨᠤᠰᠤᠭᠠᠳ ᠠᠯᠠᠰᠬᠢᠨ ᠪᠠᠶᠠᠷᠯᠠᠵᠤ᠂ ᠮᠦᠨ | ᠤᠨ ᠤ ᠳᠠᠪᠤᠨ ᠰᠠᠷ᠎ᠠ ᠶᠢᠨ ᠬᠤᠶᠠᠷ ᠤᠨ ᠡᠳᠦᠷ ᠳᠡᠨᠳᠡ ᠬᠦᠷᠴᠦ ᠠᠭᠤᠯᠵᠠᠨ ᠵᠤᠯᠭᠠᠭᠠᠳ ᠶᠠᠷᠢᠯᠴᠠᠬᠤ ᠶᠢᠨ | ᠳᠤᠮᠳᠠ ᠠᠴᠠ ︽ᠤᠯᠴᠠᠩ ᠬᠡᠳᠡᠭ ᠡᠨᠡ ᠬᠦᠮᠦᠨ ᠭᠤᠴᠢᠭᠠᠳ ᠤᠨ ᠤ ᠦᠶ᠎ᠡ ᠳᠤ ᠤᠯᠠᠭᠠᠨ ᠡᠷᠬᠢ ᠶᠢᠨ ᠭᠡᠷ ᠤᠨ | ᠰᠤᠷᠭᠠᠭᠤᠯᠢ ᠳᠤ ᠪᠢᠴᠢᠭ ᠵᠢᠭᠠᠵᠤ ᠪᠠᠶᠢᠭᠰᠠᠨ᠂ ᠬᠡᠰᠢᠭᠳᠡᠨ ᠤ ᠪᠠᠶᠢᠴᠠᠢ ᠨᠤᠳᠤᠭ ᠤᠨ ᠬᠦᠮᠦᠨ ᠬᠡᠵᠤ ᠬᠡᠯᠡᠳᠡᠭ᠃ | ᠨᠠᠷᠠᠨ ᠬᠡᠯᠡ ᠳᠡᠭᠡᠨ ᠰᠠᠶᠢᠨ ᠁︾ ᠬᠡᠵᠤ ᠸᠠᠸᠠ ᠶᠢᠨ ᠬᠡᠯᠡᠭᠰᠡᠨ ᠨᠢ ᠦᠨᠡᠨ ᠪᠤᠯᠬᠤ ᠶᠢ ᠨᠤᠳᠠᠯᠠᠭᠠᠳ ᠦᠭᠪᠠ᠃ | ᠡᠬᠦᠯᠡᠨ ᠴᠢᠯᠦᠬᠡᠨ ᠤ ᠨᠠᠷᠠ ᠶᠢ ᠬᠡᠨᠡᠳᠳᠡ ᠤᠯᠵᠤ ᠬᠠᠷᠠᠬᠤ ᠮᠡᠳᠦ ᠤᠷᠢᠳᠦ ᠰᠤᠨᠤᠰᠤᠭᠰᠠᠨ ᠵᠦᠢᠯ ᠢᠶᠠᠨ ᠡᠶᠢᠨᠬᠦ | ᠬᠡᠷᠡᠴᠢᠯᠡᠬᠦᠯᠦᠬᠡᠳ ᠠᠪᠤᠯ᠎ᠠ᠃ ᠰᠡᠩᠬᠡ ᠪᠠᠭᠰᠢ ᠶᠢᠨ ᠬᠡᠷᠡᠯ ᠵᠢᠷᠤᠭ᠂ ᠭᠠᠷ ᠤᠨ ᠪᠢᠴᠢᠬᠡᠰᠦ ᠬᠢᠬᠡᠳ ᠨᠠᠮᠳᠠᠷ ᠲᠡᠦᠬᠡ | ᠶᠢ ᠴᠤ ᠤᠯᠪᠠ᠃ ᠬᠠᠷᠢᠨ ᠤᠯᠴᠠᠩ ᠬᠡᠳᠡᠭ ᠬᠦᠮᠦᠨ ᠤ ᠳᠤᠬᠠᠢ ᠦᠬᠡᠨ ᠤ ᠭᠤᠭᠴᠤᠭ᠎ᠠ ᠠᠳᠡ ᠬᠦᠷᠦᠬᠡᠳ | ᠡᠬᠡᠳᠡᠷᠡᠪᠡ᠃ ᠤᠯᠴᠠᠩ ᠬᠡᠭᠴᠢ ᠴᠤᠬᠤᠮ ᠬᠡᠨ ᠪᠤᠢ︖ | ᠵᠡᠬᠦᠦ ᠶᠢᠨ ᠦᠵᠦᠬᠦᠷ ᠳᠡᠬᠡᠷ᠎ᠡ ᠮᠦᠬᠦᠯᠢᠭ ᠪᠤᠳᠠᠭ᠎ᠠ ᠳᠤᠭᠳᠠᠬᠤ ᠮᠡᠳᠦ ᠲᠡᠶᠢᠮᠦ ᠬᠤᠪᠤᠷ ᠠᠮᠠᠨ | ᠤᠯᠠᠮᠵᠢᠯᠠᠯ ᠤᠨ ᠪᠠᠷᠢᠮᠳᠠ ᠶᠢ ᠬᠡᠨ ᠨᠢᠬᠡ ᠨᠢ ᠳᠡᠬᠡᠳᠦ ᠦᠶ᠎ᠡ ᠠᠴᠠ ᠪᠠᠨ ᠰᠠᠨᠠᠮᠰᠠᠷ ᠦᠬᠡᠢ ᠤᠯᠠᠮᠵᠢᠯᠠᠨ ᠰᠤᠨᠤᠰᠴᠤ | ᠠᠪᠤᠭᠠᠳ ᠵᠢᠷᠦᠬᠡᠨ ᠬᠤᠪᠳᠦᠯ ᠳᠠᠭᠠᠨ ᠴᠢᠩᠳᠠᠯᠠᠨ ᠬᠠᠳᠠᠭᠠᠯᠠᠳᠠᠭ ᠶᠠᠪᠤᠳᠠᠯ ᠠᠮᠢᠳᠤᠷᠠᠯ ᠳᠤᠮᠳᠠ ᠬᠠᠷᠭᠤᠳᠠᠭ | ᠪᠠᠶᠢᠵᠠᠢ᠃ 2014 ᠤᠨ ᠤ ᠳᠦᠷᠪᠡᠳᠦᠬᠡᠷ ᠰᠠᠷ᠎ᠠ ᠶᠢᠨ ᠠᠷᠪᠠᠨ ᠳᠤᠯᠤᠭᠠᠨ ᠳᠤ ᠭᠠᠪᠰᠢᠭᠤᠨ ᠤᠪᠤᠭ ᠤᠨ | ᠳᠡᠭᠵᠢᠷᠡᠬᠦ ᠶᠢᠨ ᠪᠠᠶᠠᠨᠵᠢᠷᠭᠠᠯ ᠡᠨᠡ ᠳᠤᠬᠠᠢ ᠬᠠᠭᠤᠴᠢᠯᠠᠭᠰᠠᠨ ᠨᠢ ︽ᠭᠤᠴᠢᠭᠠᠳ ᠤᠨ ᠤ ᠦᠶ᠎ᠡ ᠪᠠᠷ ᠤᠯᠴᠠᠩ | ᠬᠡᠳᠡᠭ ᠬᠦᠮᠦᠨ ᠤᠯᠠᠭᠠᠨ ᠡᠷᠬᠢ ᠶᠢᠨ ᠢᠷᠭᠠᠶᠢᠳᠦ ᠶᠢᠨ ᠭᠡᠷ ᠤᠨ ᠰᠤᠷᠭᠠᠭᠤᠯᠢ ᠳᠤ ᠪᠢᠴᠢᠭ ᠵᠢᠭᠠᠵᠤ ᠪᠠᠶᠢᠭᠰᠠᠨ | ᠬᠡᠵᠤ ᠨᠠᠰᠤᠳᠠᠶᠢᠴᠤᠤᠯ ᠬᠡᠯᠡᠳᠡᠭ᠃ ᠤᠯᠴᠠᠩ ᠬᠡᠳᠡᠭ ᠨᠢ ᠲᠡᠬᠦᠨ ᠤ ᠬᠤᠴᠢ ᠨᠡᠷ᠎ᠡ᠃ ᠬᠢᠳᠡᠳ ᠨᠠᠷᠠ ᠨᠢ ᠭᠤᠤ ᠹᠦ᠋ | ᠴᠦᠨ ᠬᠡᠳᠡᠭ ᠬᠡᠨ᠎ᠡ᠃ ᠠᠯᠬᠤᠭᠠᠳ ᠶᠠᠪᠤᠬᠤ ᠳᠤ ᠨᠢ ᠬᠠᠴᠠᠷ ᠤᠨ ᠮᠢᠬ᠎ᠠ ᠨᠢ ᠤᠨᠵᠠᠶᠢᠵᠦ ᠬᠦᠳᠡᠯᠳᠡᠭ ᠳᠤᠯᠠ | ᠨᠤᠳᠤᠭ ᠤᠨ ᠤᠯᠠᠨ ᠠᠭᠠᠵᠢᠮ ᠳᠠᠭᠠᠨ ︽ᠤᠯᠴᠠᠩ ᠪᠠᠭᠰᠢ︾ ᠬᠡᠵᠤ ᠳᠠᠭᠤᠳᠠᠬᠤ ᠪᠤᠯᠤᠭᠰᠠᠨ ᠤᠴᠢᠷ ᠨᠢ ᠲᠡᠷᠡ | ᠬᠡᠨ᠎ᠡ᠃ ᠵᠢᠪᠬᠤᠯᠠᠩ᠂ ᠯᠾᠮᠦ ᠠᠬ᠎ᠠ ᠳᠡᠬᠦᠦ ᠬᠤᠶᠠᠭᠤᠯᠠ ᠵᠠᠯᠠᠵᠤ ᠠᠪᠴᠢᠷᠠᠭᠠᠳ ᠡᠷᠬᠦᠵᠤ ᠠᠪᠤᠭᠰᠠᠨ ᠤᠶᠢᠷ᠎ᠠ | ᠳᠦᠷᠦᠯ ᠤᠨ ᠢᠶᠠᠨ ᠬᠡᠦᠬᠡᠳ ᠪᠤᠯᠬᠤ ᠵᠠᠮᠪᠠᠴᠢᠮᠪᠤ᠂ ᠳ᠋ᠧᠪᠤᠴᠢᠮᠪᠤ ᠳᠡᠭᠡᠨ ᠪᠢᠴᠢᠭ ᠵᠢᠭᠠᠯᠭᠠᠵᠠᠢ᠃ ᠡᠨᠡ ᠪᠠᠭᠰᠢ | ᠬᠠᠮᠢᠭᠠᠨᠠᠬᠢ ᠬᠦᠮᠦᠨ ᠬᠡᠳᠡᠭ ᠢ ᠨᠢ ᠬᠠᠷᠢᠨ ᠮᠡᠳᠡᠬᠦ ᠦᠬᠡᠢ ᠪᠠᠶᠢᠨ᠎ᠠ᠃ ᠭᠠᠵᠠᠷ ᠰᠢᠷᠦᠢ ᠶᠢᠨ ᠦᠬᠡᠷᠡᠴᠢᠯᠠᠯᠳᠠ ᠶᠢᠨ | ᠳᠠᠷᠠᠭ᠎ᠠ ᠰᠠᠶ᠋ᠢ ᠤᠯᠠᠭᠠᠨ ᠡᠷᠬᠢ ᠠᠴᠠ ᠶᠠᠪᠤᠭᠰᠠᠨ ᠨᠢ ᠮᠡᠳᠡᠭᠳᠡᠵᠤ ᠪᠠᠶᠢᠨ᠎ᠠ᠃ ︽ᠭᠠᠵᠠᠷ ᠰᠢᠷᠦᠢ ᠶᠢᠨ | ᠦᠬᠡᠷᠡᠴᠢᠯᠠᠯᠳᠠ︾ ᠶᠢᠨ ᠦᠶ᠎ᠡ ᠳᠤ ᠤᠯᠠᠭᠠᠨ ᠡᠷᠬᠢ ᠳᠠᠬᠢ ᠪᠠᠶᠠᠴᠤᠳ ᠤᠨ ᠶᠠᠭᠤᠮ᠎ᠠ ᠶᠢ ᠬᠤᠪᠢᠶᠠᠬᠤ ᠳᠤ | ᠰᠦᠷᠦᠩ ᠬᠡᠭᠴᠢ ᠬᠦᠮᠦᠨ ᠨᠢᠬᠡ ᠳᠡᠪᠳᠡᠷ ᠦᠵᠡᠯᠬᠡ ᠶᠢᠨ ᠨᠤᠮ ᠢ ᠠᠪᠴᠤ ᠬᠠᠷᠢᠭᠠᠳ ᠮᠢᠨᠤ ᠠᠪᠤ ᠳᠤ | ᠭᠠᠷᠳᠠᠭᠤᠯᠵᠠᠢ᠃ ᠨᠦᠬᠦᠬᠡ ᠤᠯᠴᠠᠩ ᠬᠤᠴᠢ ᠲᠠᠢ ᠪᠠᠭᠰᠢ ᠮᠡᠳᠡᠭᠡᠳ ᠵᠢᠬᠡᠯᠡᠨ ᠦᠵᠡᠬᠦ ᠪᠠᠷ ᠪᠤᠯᠵᠤ᠂ ᠨᠡᠯᠢᠶᠡᠳ | ᠤᠳᠠᠳᠠᠯ᠎ᠠ ᠪᠤᠴᠠᠭᠠᠭᠰᠠᠨ ᠦᠬᠡᠢ ᠪᠠᠶᠢᠵᠠᠢ᠃ ᠬᠠᠷᠢᠨ ᠦᠬᠡᠷ᠎ᠡ ᠭᠠᠵᠠᠷ ᠶᠠᠪᠤᠬᠤ ᠠᠴᠠ ᠪᠠᠨ ᠡᠮᠦᠨ᠎ᠡ ︿ᠪᠢ ᠪᠢᠴᠢᠭ | ᠢ ᠴᠢᠨᠢ ᠳ᠋ᠧᠪᠤᠴᠢᠮᠪᠤ ᠳᠤ ᠦᠭᠬᠦᠭᠰᠡᠨ᠂ ᠲᠠ ᠲᠡᠬᠦᠨ ᠠᠴᠠ ᠠᠪ﹀ ᠬᠡᠵᠤ ᠠᠪᠤ ᠳᠤ ᠮᠢᠨᠢ ᠬᠡᠯᠡᠭᠰᠡᠨ ᠬᠡᠨ᠎ᠡ᠃ ᠲᠡᠷᠡ | ᠦᠵᠡᠯᠬᠡ ᠶᠢᠨ ᠨᠤᠮ ᠤᠨ ᠨᠠᠷᠠ ᠨᠢ ᠬᠢᠳᠡᠳ ᠢᠶᠠᠷ ︽ᠢᠤᠢ ᠱᠠ ᠵᠢᠢ︾ ᠬᠡᠳᠡᠭ ᠬᠡᠨ᠎ᠡ᠃ ᠮᠤᠩᠭᠤᠯ ᠢᠶᠠᠷ ᠪᠤᠯ ︽ | ᠬᠠᠰ ᠬᠠᠶᠢᠷᠴᠠᠭ ᠤᠨ ᠬᠤᠷᠢᠶᠠᠩᠭᠤᠢ︾ ᠬᠡᠨ᠎ᠡ᠃ ᠲᠡᠷᠡ ᠨᠤᠮ ᠤᠳᠤ ᠪᠠᠶᠢᠬᠤ ᠡᠰᠡᠬᠦ ᠶᠢ ᠮᠡᠳᠡᠬᠦ ᠦᠬᠡᠢ᠃ ᠲᠡᠷᠡ | ᠦᠶ᠎ᠡ ᠳᠤ ᠤᠯᠠᠭᠠᠨ ᠡᠷᠬᠢ ᠶᠢᠨ ᠤᠤᠭᠠᠯ ᠪᠠᠯᠵᠤᠤᠷ ᠰᠢᠶᠠᠨᠱᠧᠩ ᠬᠡᠵᠤ ᠭᠠᠭᠴᠠᠬᠠᠨ ᠪᠢᠴᠢᠭ ᠤᠨ ᠬᠦᠮᠦᠨ ᠡᠨᠡ | ᠨᠤᠳᠤᠭ ᠲᠤ ᠪᠠᠶᠢᠭᠰᠠᠨ᠃ ᠬᠡᠷ ᠤᠨ ᠰᠤᠷᠭᠠᠭᠤᠯᠢ ᠡᠷᠬᠢᠯᠡᠵᠤ ᠪᠠᠶᠢᠭᠰᠠᠨ ᠬᠡᠳᠡᠭ᠃ ᠬᠡᠰᠢᠭᠳᠡᠨ ᠤ ᠵᠡᠬᠦᠨ ᠠᠷᠤ | ᠨᠤᠳᠤᠭ ᠤᠨ ᠤᠯᠠᠭᠠᠨ ᠡᠷᠬᠢ ᠳᠤ ᠨᠠᠷᠡᠳᠠᠢ ᠬᠤᠶᠠᠷ ᠪᠠᠶᠠᠨ ᠪᠠᠶᠢᠵᠠᠢ᠃ ᠳᠡᠳᠡ ᠪᠤᠯ ᠵᠢᠨᠳᠠᠢ ᠬᠢᠬᠡᠳ ᠨᠤᠷᠪᠤ ᠠᠬ᠎ᠠ | ᠳᠡᠬᠦᠦ ᠬᠤᠶᠠᠭᠤᠯᠠ᠃ ᠵᠢᠨᠳᠠᠢ ᠶᠢᠨ ᠬᠦᠦ ᠪᠠᠭᠠᠶᠠᠰᠧᠳᠡᠩ ᠪᠠ ᠨᠤᠷᠪᠤ ᠶᠢᠨ ᠬᠦᠦ ᠴᠢᠮᠡᠳᠤ᠋ᠮᠪᠤ ᠬᠤᠶᠠᠷ ᠳᠦᠴᠢᠬᠡᠳ | ᠤᠨ ᠤ ᠦᠶ᠎ᠡ ᠪᠠᠷ ᠺᠠᠶᠢᠯᠤ ᠶᠢᠨ ᠶᠠᠫᠤᠨ ᠮᠠᠨᠵᠤ ᠶᠢᠨ ᠳᠡᠬᠡᠳᠦ ᠰᠤᠷᠭᠠᠭᠤᠯᠢ ᠳᠤ ᠳᠠᠪᠰᠢᠨ ᠰᠤᠷᠤᠯᠴᠠᠵᠤ ᠪᠠᠶᠢᠪᠠ ᠁ | ︾ ᠬᠡᠵᠠᠢ᠃ | ᠬᠠᠷᠢᠨ ᠶᠠᠭ ᠡᠨᠡᠬᠦ ᠭᠤᠤ ᠹᠦ᠋ ᠴᠦᠨ ᠭᠡᠳᠡᠭ ᠬᠦᠮᠦᠨ ᠤ ᠳᠤᠬᠠᠢ 2016 ᠤᠨ ᠤ ᠬᠠᠪᠤᠷ᠂ ᠬᠡᠰᠢᠭᠳᠡᠨ | ᠬᠤᠰᠢᠭᠤᠨ ᠤ ᠳᠠᠷᠬᠠᠨ ᠠᠭᠤᠯᠠ ᠰᠤᠮᠤᠨ ᠳᠤ ᠨᠤᠳᠤᠭᠳᠠᠢ ᠠᠬᠠᠮᠠᠳ ᠪᠠᠭᠰᠢ ᠰᠧᠯᠧᠵᠠᠪ ᠨᠠᠰᠤᠳᠠᠨ ᠲᠠᠢ | ᠬᠠᠷᠭᠤᠭᠠᠳ ᠠᠰᠠᠭᠤᠨ ᠯᠠᠪᠯᠠᠬᠤ ᠳᠤ ᠬᠡᠯᠡᠭᠰᠡᠨ ᠨᠢ ︽ᠠ᠊᠂ ᠯᠾᠮᠦᠵᠠᠪ ᠤᠨ ᠪᠢᠴᠢᠭᠰᠡᠨ ︿ᠴᠢᠩᠬᠢᠰ ᠤᠨ ᠳᠦᠮᠡᠨ | ᠬᠡᠰᠢᠭᠳᠡᠨ ᠬᠤᠶᠢᠴᠢᠰ﹀ ᠭᠡᠭᠦ ᠨᠤᠮ ᠳᠤ ᠭᠠᠷᠳᠠᠭ ᠮᠦᠩᠬᠡᠨᠠᠰᠤᠨ ᠰᠢᠶᠠᠨᠱᠧᠩ ᠪᠤᠯ ᠤᠯᠠᠭᠠᠨ ᠡᠷᠬᠢ ᠶᠢᠨ ᠭᠡᠷ ᠤᠨ | ᠰᠤᠷᠭᠠᠭᠤᠯᠢ ᠳᠤ ᠪᠠᠭᠰᠢᠯᠠᠵᠦ ᠪᠠᠶᠢᠭᠰᠠᠨ ᠨᠦᠬᠦᠬᠡ ᠲᠡᠷᠡ ᠭᠤᠤ ᠹᠦ᠋ ᠴᠦᠨ ᠮᠦᠨ᠃ ᠠᠪᠤ ᠨᠢ ᠦᠨᠡᠨᠪᠠᠳᠤ ᠭᠡᠳᠡᠭ᠃ | ᠭᠤᠤ ᠹᠦ᠋ ᠴᠦᠨ ᠰᠢᠶᠠᠨᠱᠧᠩ ᠬᠡᠬᠦ ᠡᠶᠢᠮᠦ ᠬᠦᠮᠦᠨ ᠦᠨᠡᠨ ᠪᠠᠶᠢᠭᠰᠠᠨ᠃ ᠬᠡᠰᠢᠭᠳᠡᠨ ᠤ ᠵᠡᠭᠦᠨ ᠠᠷᠤ ᠨᠤᠳᠤᠭ | ᠢᠶᠠᠷ ᠪᠢᠴᠢᠭ ᠵᠢᠭᠠᠵᠤ ᠪᠠᠶᠢᠭᠰᠠᠨ᠃ ᠭᠡᠰᠢᠭᠳᠡᠨ ᠤ ᠳᠠᠷᠬᠠᠨ ᠰᠤᠮᠤᠨ ᠳᠤ ᠨᠤᠳᠤᠭᠳᠠᠢ᠂ ᠬᠤᠷᠴᠢᠳ ᠤᠪᠤᠭ ᠲᠠᠢ᠃ | ᠳᠠᠪᠢ ᠶᠢᠰᠤᠨ ᠨᠠᠰᠤᠨ ᠳᠠᠭᠠᠨ ᠰᠢᠯᠢ ᠶᠢᠨ ᠭᠤᠤᠯ ᠠᠶᠢᠮᠠᠭ ᠤᠨ ᠵᠡᠬᠦᠨ ᠦᠵᠦᠮᠦᠴᠢᠨ ᠬᠤᠰᠢᠭᠤᠨ ᠳᠤ ᠠᠴᠢ ᠭᠦᠦ | ᠴᠢᠮᠡᠳᠰᠡᠷᠡᠩ ᠤᠨ ᠢᠶᠠᠨ ᠭᠠᠷ ᠳᠡᠭᠡᠷ᠎ᠡ ᠨᠠᠰᠤ ᠪᠠᠷᠠᠵᠠᠢ︾ ᠭᠡᠪᠡ᠃ | | | | | | | | | | |