ᠮᠣᠩᠭᠤᠯ ᠲᠥᠷᠥ ᠶᠢᠨ ᠪᠡᠯᠭᠡᠳᠡᠯ ᠶᠢᠰᠦᠨ ᠬᠥᠯᠲᠦ ᠴᠠᠭᠠᠨ ᠰᠦᠯᠳᠡ
ᠨᠡᠶᠢᠲᠡᠯᠡᠭᠰᠡᠨ ᠴᠠᠭ᠄
2019/3/22
                                                                                 — ᠭᠠᠯᠴᠣᠳ ᠳ᠋᠊ · ᠲᠠᠪᠰᠢᠯᠳᠤ        ᠮᠤᠩᠭᠤᠯ ᠲᠦᠮᠡᠨ ᠤ ᠢᠯᠠᠭᠤᠭᠰᠠᠨ ᠭᠤᠷᠪᠠᠨ ᠰᠦᠯᠳᠡ ᠶᠢᠨ ᠨᠢᠭᠡ ᠪᠤᠯᠬᠤ ᠴᠠᠭᠠᠨ ᠰᠦᠯᠳᠡ ᠪᠤᠯ ᠮᠦᠩᠬᠡ ᠲᠡᠭᠷᠢ ᠶᠢᠨ ᠬᠢᠵᠠᠭᠠᠷ ᠦᠬᠡᠢ ᠶᠡᠭᠡ ᠤᠷᠤᠨ ᠵᠠᠢ᠂ ᠮᠦᠨ ᠴᠢᠨᠠᠷ ᠤᠨ ᠲᠦᠯᠦᠭᠡᠯᠡᠯ ᠪᠠᠶᠢᠵᠤ ᠨᠠᠷᠠᠨ ᠰᠠᠷᠠᠨ ᠮᠡᠲᠤ ᠦᠨᠢ ᠤᠷᠲᠤ ᠶᠢᠨ ᠬᠡᠶᠢᠪᠦᠩ ᠰᠠᠷᠠᠭᠤᠯ᠂ ᠲᠥᠷᠥ ᠭᠦᠷᠦᠨ ᠪᠦᠯᠬᠦᠮᠳᠡᠯ ᠨᠢᠭᠲᠠᠷᠠᠯ ᠲᠠᠢ᠂ ᠥᠨᠢ ᠮᠥᠩᠬᠡ ᠡᠩᠬᠡᠵᠢᠨ ᠮᠠᠨᠳᠤᠬᠤ ᠪᠠ ᠵᠣᠷᠢᠭ ᠰᠠᠨᠠᠭᠠᠨ ᠤ ᠢᠯᠡᠷᠬᠡᠶᠢᠯᠡᠯ ᠢ ᠪᠡᠯᠭᠡᠳᠡᠭᠰᠡᠨ ᠠᠮᠤᠷ ᠰᠡᠯᠡᠬᠦᠦ ᠴᠠᠭ ᠠᠬᠤᠢ ᠶᠢᠨ ᠪᠡᠯᠭᠡ ᠲᠡᠮᠳᠡᠭ ᠪᠤᠯᠤᠨ᠎ᠡ᠃ ᠲᠡᠬᠦᠨ ᠢ ᠰᠢᠷᠭ᠎ᠠ ᠠᠵᠢᠷᠭᠠᠨ ᠤ ᠳᠠᠯ ᠬᠢᠯᠭᠠᠰᠣᠨ ᠬᠥᠬᠦᠯ ᠲᠠᠢ ᠭᠤᠣᠯ ᠰᠦᠯᠳᠡ ᠵᠢᠴᠢ ᠲᠣᠭᠤᠷᠢᠭᠤᠯᠤᠨ ᠪᠣᠰᠬᠠᠭᠰᠠᠨ ᠨᠠᠢᠮᠠᠨ ᠡᠯᠴᠢ ᠰᠦᠯᠳᠡ ᠶᠢᠨ ᠬᠠᠮᠲᠤ ᠳᠤ ᠨᠢ ︽ᠶᠢᠰᠦᠨ ᠬᠦᠬᠦᠯᠲᠤ ᠴᠠᠭᠠᠨ ᠰᠦᠯᠳᠡ︾ ᠪᠤᠶᠤ ︽ᠶᠢᠰᠦᠨ ᠬᠥᠯᠲᠦ ᠴᠠᠭᠠᠨ ᠰᠦᠯᠳᠡ︾ ᠭᠡᠳᠡᠭ ᠪᠢᠯᠡ᠃ ᠭᠤᠤᠯ ᠰᠦᠯᠳᠡ ᠶᠢᠨ ᠤᠷᠤᠢ ᠨᠢ ᠨᠢᠭᠡ ᠲᠤᠬᠤᠢ ᠦᠨᠳᠦᠷ ᠠᠯᠲᠠ ᠪᠠᠷ ᠦᠩᠭᠡᠯᠡᠭᠰᠡᠨ ᠭᠤᠷᠪᠠᠨ ᠦᠵᠦᠭᠦᠷᠲᠤ ᠲᠠᠮᠤᠷ ᠰᠡᠷᠡᠭᠡ ︵ᠰᠧᠰᠦᠮ ᠴᠦ ᠭᠡᠳᠡᠭ ︶  ᠪᠤᠯᠬᠤ ᠪᠠ ᠲᠡᠷᠡ ᠨᠢ ᠨᠤᠮᠤ᠂ ᠰᠣᠮᠤ ᠶᠢ ᠲᠦᠯᠦᠭᠡᠯᠡᠵᠤ ᠪᠠᠶᠢᠨ᠎ᠠ ᠭᠡᠳᠡᠭ᠃ ᠰᠡᠷᠡᠭᠡᠨ ᠤ ᠳᠤᠤᠷ᠎ᠠ᠂ ᠰᠦᠯᠳᠡ  ᠶᠢᠨ ᠬᠦᠬᠦᠯ ᠢ ᠵᠡᠭᠦᠬᠦ ᠮᠦᠩᠭᠦ ᠪᠠᠷ ᠬᠢᠭᠰᠡᠨ ᠲᠦᠭᠦᠷᠢᠭ ᠴᠠᠷ᠎ᠠ ᠲᠠᠢ᠂ ᠴᠠᠷ᠎ᠠ ᠶᠢᠨ ᠬᠦᠪᠡᠭᠡ ᠶᠢ ᠳᠠᠭᠠᠭᠤᠯᠵᠤ ᠶᠢᠰᠦ ᠶᠢᠰᠦᠨ ᠨᠠᠶᠠᠨ ᠨᠢᠭᠡᠨ ᠨᠦᠬᠡ ᠭᠠᠷᠭᠠᠵᠤ᠂ ᠨᠦᠬᠡᠨ ᠠᠴᠠ ᠰᠠᠷᠠᠯ ᠠᠵᠢᠷᠭᠠᠨ ᠤ ᠭᠤᠷᠪᠠᠨ ᠲᠦᠭᠡ ᠳᠦᠷᠪᠡᠨ ᠬᠤᠷᠤᠭᠤ ᠤᠷᠲᠤ ᠲᠠᠯ ᠢ ᠢᠮᠠᠭᠠᠨ ᠠᠷᠠᠰᠣᠨ ᠲᠠᠰᠠᠮ᠎ᠠ ᠪᠠᠷ ᠰᠦᠯᠵᠢᠨ ᠤᠨᠵᠢᠢᠯᠭᠠᠳᠠᠭ᠂ ᠡᠭᠦᠨ ᠢ ︽ᠰᠦᠯᠳᠠ  ᠶᠢᠨ ᠬᠦᠬᠦᠯ︾ ᠭᠡᠬᠦ ᠪᠤᠶᠤ ︽ᠵᠢᠪᠠᠷ︾᠂ ︽ᠮᠠᠨᠵᠢᠯᠠᠭ᠎ᠠ︾ ᠴᠦ ᠭᠡᠳᠡᠭ᠃ ᠡᠯᠴᠢ ᠰᠦᠯᠳᠡ ᠶᠢ ᠭᠤᠤᠯ ᠰᠦᠯᠳᠡ  ᠠᠴᠠ ᠭᠤᠷᠪᠠᠨ ᠠᠯᠳᠠ ᠵᠠᠶᠢᠲᠠᠢ ᠲᠦᠷᠪᠡᠨ ᠦᠨᠴᠦᠭ᠂ ᠲᠦᠷᠪᠡᠨ ᠲᠠᠯ᠎ᠠ ᠳᠤ ᠨᠢ ᠪᠠᠶᠢᠵᠤ ᠭᠤᠤᠯ ᠰᠦᠯᠳᠠ ᠶᠢ ᠪᠠᠬᠢᠯᠠᠵᠤ ᠲᠤᠭᠲᠠᠭᠠᠬᠤ᠂ ᠰᠦᠷ ᠴᠢᠮᠡᠭ ᠨᠡᠮᠡᠬᠦ ᠦᠢᠯᠡᠳᠦᠯ ᠲᠠᠢ ᠮᠦᠷᠲᠡᠭᠡᠨ ᠨᠠᠭᠠᠰᠢ ᠴᠠᠭᠠᠰᠢ ᠵᠠᠯᠠᠵᠤ ᠶᠠᠪᠤᠬᠤ ᠳᠤ ᠬᠡᠷᠡᠭᠯᠡᠬᠦ ᠪᠡᠯᠡᠳᠭᠡᠯ ᠰᠦᠯᠳᠡ ᠪᠤᠯᠳᠠᠭ᠃            ᠴᠠᠭᠠᠨ ᠰᠦᠯᠳᠡ ᠪᠤᠯ ᠴᠢᠩᠬᠢᠰ ᠬᠠᠭᠠᠨ ᠤ ᠢᠵᠠᠭᠤᠷ ᠰᠦᠯᠳᠡ ᠪᠠᠶᠢᠵᠤ ᠮᠤᠩᠭᠤᠯ ᠭᠡᠷ ᠲᠤ ᠪᠠᠶᠢᠷᠢᠯᠠᠭᠤᠯᠤᠭᠠᠳ ᠤᠷᠤᠢ ᠶᠢ ᠨᠢ ᠲᠤᠭᠤᠨᠤ ᠪᠠᠷ ᠴᠤᠬᠤᠶᠢᠯᠭᠠᠨ ᠲᠠᠬᠢᠵᠤ ᠪᠠᠶᠢᠭᠰᠠᠨ ᠶᠤᠮ ᠪᠠᠶᠢᠨ᠎ᠠ᠃ ᠰᠣᠷᠪᠤᠯᠵᠢ ᠪᠢᠴᠢᠭ ᠲᠤ᠂ ᠴᠠᠭᠠᠨ ᠰᠦᠯᠳᠡ ᠨᠢ ᠾᠦᠩᠨᠤ ᠶᠢᠨ ᠦᠶ᠎ᠡ ᠳᠤ ᠲᠠᠬᠢᠵᠤ ᠪᠠᠶᠢᠭᠰᠠᠨ ᠨᠠᠷᠠ᠂ ᠰᠠᠷᠠ᠂ ᠭᠠᠯ ᠪᠤᠯᠤᠨ ᠪᠤᠭᠤ ᠬᠦᠷᠦᠭᠡᠰᠦᠨ ᠤ ᠲᠦᠷᠰᠦ ᠲᠠᠢ ᠲᠤᠭ ᠰᠦᠯᠲᠡ ᠠᠴᠠ ᠤᠯᠠᠷᠢᠨ ᠢᠷᠡᠵᠤ᠂ ᠤᠨ ᠲᠤᠭᠠᠯᠠᠯ ᠠᠴᠠ ᠡᠮᠦᠨ᠎ᠡ 209 ᠤᠨ ᠳᠤ ᠮᠤᠳᠤᠨ ᠴᠠᠨ ᠢᠦᠢ ᠲᠦᠷᠦᠲᠤ ᠬᠦᠷᠦᠨ ᠪᠠᠶᠢᠭᠤᠯᠤᠨ ᠰᠠᠭᠤᠷᠢᠨ ᠳᠤ ᠰᠠᠭᠤᠬᠤ ᠦᠶ᠎ᠡ ᠳᠤ ᠾᠦᠩᠨᠤ ᠶᠢᠨ ᠲᠦᠷᠦ ᠶᠢᠨ ᠰᠦᠯᠳᠡ ᠪᠤᠯᠭᠠᠭᠰᠠᠨ ᠲᠤᠬᠠᠢ ᠲᠤᠷᠠᠳᠴᠤ ᠪᠠᠶᠢᠳᠠᠭ ᠪᠠ ᠴᠢᠩᠭᠢᠰ ᠤᠨ ᠦᠶ᠎ᠡ ᠳᠤ ᠬᠦᠷᠦᠭᠡᠳ ᠰᠠᠶ᠋ᠢ ᠤᠳᠤᠬᠢ ᠤᠨᠴᠠᠯᠢᠭ ᠲᠠᠢ ᠰᠦᠯᠳᠡ ᠪᠤᠯᠤᠭᠰᠠᠨ ᠲᠤᠬᠠᠢ ᠲᠤᠳᠤᠷᠬᠠᠶᠢᠯᠠᠯ ᠤᠳ ᠪᠠᠶᠢᠳᠠᠭ᠃            ᠴᠠᠭᠠᠨ ᠰᠦᠯᠳᠡ ᠶᠢᠨ ᠲᠠᠬᠢᠯᠭ᠎ᠠ ᠪᠣᠯ ᠮᠣᠩᠭᠤᠯ ᠤᠨ ᠦᠶ᠎ᠡ ᠤᠯᠠᠷᠢᠨ ᠳᠡᠭᠡᠳᠦᠯᠡᠨ ᠲᠠᠬᠢᠵᠤ ᠢᠷᠡᠭᠰᠡᠨ ᠰᠦᠯᠳᠡ ᠲᠤᠭ ᠪᠣᠯᠣᠨ᠎ᠠ᠃ ᠲᠤᠰ ᠲᠠᠬᠢᠯᠭ᠎ᠠ ᠳᠤ ᠡᠳᠦᠷ ᠤᠨ ᠲᠠᠬᠢᠯᠭ᠎ᠠ᠂ ᠰᠠᠷ᠎ᠠ ᠶᠢᠨ ᠲᠠᠬᠢᠯᠭ᠎ᠠ᠂ ᠪᠠᠭ᠎ᠠ ᠲᠠᠬᠢᠯᠭ᠎ᠠ ᠂ ᠶᠡᠭᠡ ᠲᠠᠬᠢᠯᠭ᠎ᠠ ᠭᠡᠵᠤ ᠪᠠᠶᠢᠳᠠᠭ᠃ ᠡᠳᠦᠷ ᠤᠨ ᠲᠠᠬᠢᠯᠭ᠎ᠠ ᠳᠤ ᠲᠠᠬᠢᠭᠴᠢᠳ ᠨᠠᠷᠠ ᠮᠠᠨᠳᠤᠬᠤ ᠠᠴᠠ ᠡᠮᠦᠨ᠎ᠡ ᠪᠣᠰᠴᠤ ᠰᠦᠯᠳᠡ ᠶᠢᠨ ᠬᠦᠷᠢᠶ᠎ᠡ ᠬᠠᠰᠢᠶ᠎ᠠ ᠪᠠᠨ ᠴᠡᠪᠡᠷᠯᠡᠨ᠂ ᠬᠦᠵᠢ ᠰᠢᠲᠠᠭᠠᠨ ᠰᠠᠩ ᠲᠠᠯᠪᠢᠵᠤ᠂ ᠳᠤᠩ ᠢᠶᠠᠨ ᠭᠤᠷᠪᠠᠨᠲᠠ ᠦᠯᠢᠶᠡᠨ ᠰᠥᠭᠦᠳᠴᠦ᠂ ︽ᠰᠦᠯᠳᠡ ᠶᠢᠨ ᠰᠠᠩ ᠤᠩᠰᠢᠭᠠᠳ ᠭᠤᠷᠪᠠᠨᠲᠠ ᠮᠥᠷᠭᠦᠵᠦ᠂ ᠬᠤᠶᠢᠰᠢ ᠭᠤᠷᠪᠠᠨ ᠠᠯᠬᠤᠮ ᠤᠬᠤᠷᠢᠵᠤ ᠨᠠᠮᠠᠨᠴᠢᠯᠠᠳᠠᠭ᠃ 20 ᠳ᠋ᠤᠭᠠᠷ ᠵᠠᠭᠤᠨ ᠤ ᠵᠢᠷᠠᠭᠠᠳ ᠣᠨ ᠠᠴᠠ ᠬᠤᠶᠢᠰᠢ ᠰᠠᠷ᠎ᠠ ᠶᠢᠨ ᠲᠠᠬᠢᠯᠭ᠎ᠠ ᠲᠠᠰᠣᠷᠠᠭᠰᠠᠨ ᠢ ᠤᠳᠤ ᠰᠡᠷᠭᠦᠭᠡᠪᠡ᠃ ᠪᠠᠭ᠎ᠠ ᠲᠠᠬᠢᠯᠭ᠎ᠠ ᠶᠢ ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠳᠤ ᠦᠢᠯᠡᠳᠳᠡᠭ᠃ ᠲᠡᠭᠡᠬᠦ ᠳᠤ ᠪᠠᠨ ᠲᠤᠭᠴᠢ ᠪᠠᠷ ᠴᠣᠯᠮᠣᠨ ᠮᠠᠨᠳᠤᠵᠤ ᠮᠠᠯ ᠤᠨ ᠮᠥᠷ ᠲᠠᠨᠢᠭᠳᠠᠬᠤ ᠦᠶ᠎ᠡ ᠪᠠᠷ ᠰᠦ ᠶᠢᠨ ᠳᠡᠭᠡᠵᠢ ᠵᠠᠰᠠᠵᠤ᠂ ᠰᠠᠴᠤᠯᠢ ᠡᠷᠭᠦᠨ ᠶᠢᠰᠦᠨᠲᠡ ᠮᠥᠷᠭᠦᠵᠦ᠂ ᠬᠡᠶᠢᠮᠣᠷᠢ ᠳᠤ ᠵᠤᠯᠠ ᠡᠷᠭᠦᠵᠦ᠂ ᠳᠤᠩ ᠲᠠᠲᠠᠵᠤ ᠬᠠᠷᠠᠩᠭ᠎ᠠ ᠳᠡᠯᠡᠳᠦᠨ᠂ ︽ᠴᠠᠭᠠᠨ ᠰᠦᠯᠳᠡ ᠶᠢᠨ ᠰᠠᠩ︾ ᠤᠩᠰᠢᠵᠤ᠂ ᠭᠤᠷᠪᠠᠨᠲᠠ ᠮᠥᠷᠭᠦᠭᠡᠳ ᠬᠤᠨᠤᠭ ᠤᠨ ᠵᠤᠯᠠ ᠪᠠᠨ ᠡᠷᠭᠦᠵᠦ ᠰᠦᠯᠳᠡ ᠶᠢᠨ ᠬᠦᠷᠢᠶ᠎ᠡ ᠠᠴᠠ ᠭᠠᠷᠴᠤ ᠶᠠᠪᠤᠨ᠎ᠠ᠃ ᠯᠤᠤ ᠵᠢᠯ ᠪᠤᠯᠬᠤ ᠪᠦᠷᠢ ᠴᠠᠭᠠᠨ ᠰᠦᠯᠳᠡ ᠪᠠᠨ ᠲᠣᠭᠰᠢᠭᠤᠯᠬᠤ ᠶᠡᠭᠡ ᠲᠠᠬᠢᠯᠭ᠎ᠠ ᠬᠢᠳᠡᠭ ᠶᠤᠮ᠃ ᠲᠠᠬᠢᠯᠭ᠎ᠠ ᠠᠴᠠ ᠡᠮᠦᠨ᠎ᠡ ᠶᠡᠭᠡ ᠬᠡᠮᠵᠢᠶᠡᠨ ᠤ ᠪᠡᠯᠡᠳᠬᠡᠯ ᠠᠵᠢᠯ ᠬᠢᠳᠡᠭ᠃ ᠲᠠᠬᠢᠯᠭ᠎ᠠ ᠲᠡᠭᠦᠰᠬᠦ ᠳᠤ ︽ᠵᠣᠯᠢᠭ︾ ᠭᠠᠷᠭᠠᠳᠠᠭ᠃
 
ᠢᠷᠡᠯᠲᠡ᠄ ᠭᠠᠯᠴᠣᠳ ᠳ᠋᠊ · ᠲᠠᠪᠰᠢᠯᠳᠤ ᠶᠢᠨ ᠬᠤᠯᠪᠤᠭ᠎ᠠ ᠪᠦᠷᠭᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号