ᠢᠳᠠᠮᠯᠠᠬᠤ ᠶᠤᠰᠤᠨ
ᠨᠡᠶᠢᠲᠡᠯᠡᠭᠰᠡᠨ ᠴᠠᠭ᠄
2019/3/22
                 ᠢᠳᠠᠮ ᠭᠡᠳᠡᠭ ᠨᠢ ᠦᠪᠡᠷ ᠤᠨ ᠰᠢᠳᠤᠭᠡᠨ ᠭᠡᠰᠡᠨ ᠤᠳᠬ᠎ᠠ ᠲᠠᠢ᠂ ᠪᠤᠷᠬᠠᠨ ᠱᠠᠰᠢᠨ ᠤ ᠦᠵᠡᠯᠳᠡ ᠪᠠᠷ ᠪᠤᠯ ᠬᠦᠮᠦᠨ ᠪᠦᠬᠦᠨ ᠳᠤ ᠦᠪᠡᠷ ᠢ ᠨᠢ ᠲᠤᠰᠠᠯᠠᠵᠦ ᠲᠡᠮᠵᠢᠳᠡᠭ ᠰᠢᠳᠦᠭᠡᠨ ᠪᠠᠶᠢᠳᠠᠭ ᠭᠡᠨ᠎ᠡ᠃ ᠡᠬᠦᠨ ᠢ ᠨᠢ ᠢᠳᠠᠮ ᠭᠡᠳᠡᠭ᠃ ᠮᠤᠩᠭᠤᠯ ᠬᠦᠮᠦᠨ ᠤ ᠢᠳᠠᠮ ᠪᠤᠯ ᠲᠡᠭᠷᠢ᠂ ᠭᠠᠵᠠᠷ ᠪᠠ ᠲᠡᠭᠦᠨ ᠤ ᠲᠠᠯᠢᠢᠭᠴᠢ ᠲᠡᠭᠡᠳᠤᠰ ᠪᠤᠯᠤᠨ᠎ᠠ᠃ ᠮᠤᠩᠭᠤᠯᠴᠤᠳ ᠠᠷᠢᠬᠢ ᠢᠳᠡᠭᠡᠨ ᠤ ᠲᠡᠭᠡᠵᠢ ᠪᠠᠨ ᠲᠦᠷᠪᠡᠲᠦᠬᠡᠷ ᠬᠤᠷᠤᠭᠤ ᠪᠠᠷ ᠢᠶᠠᠨ ᠰᠡᠷᠵᠢᠮᠯᠡᠨ ᠡᠷᠭᠦᠳᠡᠭ ᠵᠠᠩᠰᠢᠯ ᠲᠠᠢ᠃ ᠲᠡᠷᠡᠬᠦ ᠰᠡᠷᠵᠢᠮ ᠡᠷᠭᠦᠳᠡᠭ ᠬᠤᠷᠤᠭᠤ ᠶᠢ ᠢᠳᠠᠮ ᠬᠤᠷᠤᠭᠤ ᠭᠡᠨ᠎ᠡ᠃ ᠲᠡᠭᠡᠪᠡᠯ ᠲᠦᠷᠪᠡᠳᠤᠭᠡᠷ ᠬᠤᠷᠤᠭᠤ ᠶᠠᠭᠠᠬᠢᠭᠠᠳ ᠢᠳᠠᠮ ᠬᠤᠷᠤᠭᠤ ᠪᠤᠯᠴᠢᠬᠠᠪᠠ︖ ᠬᠠᠮᠤᠭ ᠠᠷᠢᠭᠤᠨ ᠴᠢᠭᠴᠢ ᠬᠤᠷᠤᠭᠤ ᠶᠤᠮ ᠭᠡᠨ᠎ᠡ᠃ ᠡᠷᠡᠬᠡᠢ ᠬᠤᠷᠤᠭᠤ ᠨᠢ ᠪᠤᠰᠤᠳ ᠢ ᠰᠠᠶᠢᠰᠢᠶᠠᠨ ᠮᠠᠭᠳᠠᠬᠤ ᠳᠤ ᠤᠯᠠᠨ ᠭᠠᠷᠳᠠᠭ ᠪᠠ ᠡᠷᠡᠬᠡᠢ ᠮᠡᠷᠭᠡᠨ ᠬᠡᠮᠡᠨ ᠨᠤᠮᠤ ᠰᠤᠮᠤ ᠬᠠᠷᠪᠤᠳᠠᠭ ᠲᠤᠯᠠ ᠪᠢᠯᠳᠠᠤᠴᠢ ᠮᠦᠷᠳᠡᠭᠡᠨ ᠲᠠᠶᠢᠨᠴᠢ ᠭᠡᠨ᠎ᠡ᠃ ᠲᠤᠯᠤᠪᠤᠷ ᠬᠤᠷᠤᠭᠤ ᠨᠢ ᠪᠤᠰᠤᠳ ᠢ ᠵᠢᠭᠠᠨ ᠬᠠᠷᠢᠶᠠᠬᠤ ᠳᠤ ᠭᠠᠪᠰᠢᠭᠠᠶᠢᠯᠠᠳᠠᠭ ᠪᠦᠭᠡᠳ ᠢᠳᠡᠭᠡᠨ ᠤᠮᠳᠠᠭᠠᠨ ᠢ ᠲᠤᠯᠤᠪᠤᠷ ᠢᠶᠠᠷ ᠢᠶᠠᠨ ᠡᠯᠬᠦᠨ ᠲᠤᠯᠢᠶᠠᠵᠦ ᠢᠳᠡᠳᠡᠭ ᠭᠡᠨ᠎ᠡ᠃ ᠲᠤᠮᠳᠠ ᠬᠤᠷᠤᠭᠤ ᠬᠠᠮᠤᠭ ᠤᠷᠳᠤ ᠲᠤᠯᠠ ᠪᠤᠰᠤᠳ ᠠᠴᠠ ᠲᠡᠷᠢᠭᠦᠨ ᠳᠤ ᠶᠠᠮᠠᠷᠴᠦ ᠶᠠᠭᠤᠮᠠᠨ ᠬᠦᠷᠴᠢᠬᠡᠳᠡᠭ ᠭᠡᠨ᠎ᠡ᠂ ᠰᠢᠭᠡᠵᠢ ᠬᠤᠷᠤᠭᠤ ᠨᠢ ᠨᠡᠩ ᠴᠦ ᠪᠤᠰᠤᠳ ᠢ ᠮᠠᠭᠤᠯᠠᠳᠠᠭ ᠲᠤᠯᠠ ᠪᠠᠰᠠᠴᠦ ᠴᠡᠪᠡᠷ ᠪᠢᠰᠢ ᠭᠡᠨ᠎ᠡ᠃ ᠡᠴᠤᠰ ᠲᠤ ᠭᠠᠭᠴᠠᠬᠠᠨ ᠲᠦᠷᠪᠡᠳᠦᠭᠡᠷ ᠬᠤᠷᠤᠭᠤ ᠨᠢ ᠬᠠᠮᠤᠭ ᠴᠡᠪᠡᠷ ᠪᠤᠯᠤᠭᠰᠠᠨ ᠲᠤᠯᠠ ᠢᠳᠠᠮ ᠨᠡᠷ᠎ᠡ ᠎ ᠶᠢ ᠤᠯᠵᠦ ᠰᠡᠷᠵᠢᠮ ᠡᠷᠬᠦᠬᠦ ᠪᠤᠯᠵᠠᠢ᠃      
 
ᠢᠷᠡᠯᠲᠡ᠄ ︽ᠨᠡᠪᠲᠡᠷᠬᠡᠢ ᠲᠣᠯᠢ︾
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号