| | | | ᠬᠦᠩᠨᠠᠴᠤᠭᠡ ︵1832 —1866︶᠄ ᠤᠶᠢᠷ᠎ᠠ ᠦᠶ᠎ᠡ ᠶᠢᠨ ᠤᠷᠤᠯᠳᠤᠯᠭ᠎ᠠ ᠲᠠᠢ ᠮᠦᠷᠲᠡᠭᠡᠨ | ᠰᠤᠳᠤᠯᠭ᠎ᠠ ᠲᠠᠢ ᠰᠢᠯᠦᠭᠴᠢ ᠮᠥᠨ᠃ ᠬᠦᠩᠨᠠᠴᠤᠭᠡ ᠪᠤᠯ ᠵᠤᠰᠤᠳᠤ ᠶᠢᠨ ᠴᠢᠭᠤᠯᠭᠠᠨ ᠤ ᠲᠦᠮᠡᠳ ᠪᠠᠷᠠᠭᠤᠨ | ᠬᠤᠰᠢᠭᠤᠨ ᠤ ᠬᠦᠮᠦᠨ᠂ ᠲᠡᠷᠡ1832 ᠣᠨ ᠳᠤ ᠳᠤᠰᠠᠯᠠᠭᠴᠢ ᠳᠠᠶᠢᠵᠢ ᠸᠠᠩᠴᠢᠨᠪᠠᠯᠠ ᠶᠢᠨ ᠳᠠᠪᠤᠳᠤᠭᠠᠷ | ᠬᠦᠪᠡᠬᠦᠨ ᠪᠤᠯᠵᠤ ᠵᠠᠶᠠᠭᠠᠵᠠᠢ᠃ ᠲᠡᠷᠡ ᠭᠤᠷᠪᠠᠨ ᠨᠠᠰᠤᠳᠠᠢ ᠳᠤ ᠪᠠᠨ ᠪᠠᠷᠠᠭᠤᠨ ᠬᠦᠷᠢᠶᠠᠨ ᠤ ᠬᠤᠶᠠᠳᠤᠭᠠᠷ ᠠᠪᠠᠭ᠎ᠠ | ᠶᠢᠨ ᠢᠶᠠᠨ ᠪᠡᠯᠪᠡᠰᠤᠨ ᠡᠬᠡᠨᠡᠷ ᠲᠤ ᠦᠷᠡᠴᠢᠯᠡᠭᠳᠡᠨ ᠳᠡᠵᠢᠭᠡᠭᠳᠡᠪᠡ᠃ ᠬᠦᠩᠨᠠᠴᠤᠭᠡ ᠬᠠᠷᠠᠬᠠᠨ ᠪᠠᠭ᠎ᠠ ᠠᠴᠠ ᠪᠠᠨ | ᠰᠡᠴᠡᠨ ᠰᠡᠷᠭᠦᠯᠡᠩ᠂ ᠤᠳᠬ᠎ᠠ ᠤᠶᠠᠩᠭ᠎ᠠ ᠳᠤ ᠠᠪᠢᠶᠠᠰᠳᠠᠢ ᠪᠠᠶᠢᠯ᠎ᠠ᠃ ᠲᠡᠷᠡ ᠵᠠᠯᠠᠭᠤ ᠨᠠᠰᠤᠨ ᠳᠤ ᠪᠠᠨ | ᠬᠦᠯᠡᠷᠡᠨᠰᠠ᠂ ᠰᠦᠩᠸᠠᠶᠢᠳᠠᠨᠵᠦᠩ᠂ ᠢᠨᠵᠠᠨᠨᠠᠰᠢ ᠲᠠᠢ ᠬᠠᠮᠳᠤ ᠰᠢᠯᠦᠭ ᠤᠶᠠᠩᠭ᠎ᠠ ᠪᠢᠴᠢᠯᠴᠡᠨ᠂ ᠬᠡᠮᠵᠢᠶᠡᠲᠦ ᠰᠢᠯᠦᠭ | ᠢ ᠰᠤᠳᠤᠯᠵᠤ ᠪᠠᠶᠢᠪᠠ᠃ ᠭᠡᠪᠡᠴᠦ ᠬᠠᠷᠠᠮᠰᠠᠯᠳᠠᠢ ᠨᠢ ᠲᠡᠷᠡ ᠪᠠᠷᠠᠭᠤᠨ ᠬᠦᠷᠢᠶᠡᠨ ᠤ ᠭᠡᠷ ᠤᠨ ᠬᠡᠷᠡᠭ ᠮᠡᠳᠡᠭᠴᠢ ᠳᠤ | ᠬᠤᠤᠷᠯᠠᠭᠳᠠᠵᠤ᠂ ᠬᠢᠯᠢᠰ ᠤᠴᠢᠷ ᠲᠤ ᠬᠠᠪᠴᠢᠭᠳᠠᠨ ᠬᠡᠷᠡᠭ ᠵᠠᠷᠭᠤ ᠳᠤ ᠤᠷᠢᠶᠠᠭᠳᠠᠵᠤ᠂1866 ᠤᠨ ᠳᠤ | ᠭᠤᠴᠢᠨ ᠳᠠᠪᠤᠬᠠᠨ ᠨᠠᠰᠤᠳᠠᠢ ᠪᠠᠷ ᠶᠢᠷᠲᠢᠨᠴᠦ ᠠᠴᠠ ᠡᠷᠲᠡ ᠠᠩᠭᠢᠵᠢᠷᠠᠪᠠ᠃ ᠬᠦᠩᠨᠠᠴᠤᠭᠡ ᠶᠢᠨ ᠦᠯᠡᠳᠡᠭᠡᠭᠰᠡᠨ | ᠵᠤᠬᠢᠶᠠᠯ ᠪᠦᠲᠦᠬᠡᠯ ᠭᠡᠪᠡᠯ᠂ ᠳᠠᠪᠤ᠂ ᠳᠤᠯᠤᠭᠠᠨ ᠦᠭᠡ ᠶᠢᠨ ᠬᠡᠮᠵᠢᠶᠡᠲᠦ ᠰᠢᠯᠦᠭ ᠪᠠ ᠳᠠᠰᠤᠷᠬᠠᠢ ᠪᠠᠳᠠᠭ᠂ ᠬᠤᠤᠰ | ᠤᠶᠠᠩᠭ᠎ᠠ᠂ ︽ᠰᠠᠳᠤᠷ ᠢ ᠴᠡᠭᠡᠷᠯᠡᠭᠦᠯᠦᠭᠰᠡᠨ ᠤᠶᠠᠩᠭ᠎ᠠ︾᠂ ︽ᠠᠪᠠᠯᠠᠬᠤ ᠶᠢ ᠬᠤᠷᠢᠭᠯᠠᠬᠤ ᠤᠶᠠᠩᠭ᠎ᠠ︾᠂ ︽ | ᠰᠢᠯᠦᠭ ᠤᠨ ᠳᠤᠬᠠᠢ ᠦᠬᠦᠯᠡᠯ︾ ᠵᠡᠷᠭᠡ ᠪᠤᠢ᠃ ᠲᠡᠬᠦᠨ ᠤ ᠭᠤᠤᠯ ᠪᠤᠯᠬᠤ ᠰᠢᠯᠦᠭ ᠭᠡᠪᠡᠯ᠂ ︽ᠤᠯᠠᠭᠠᠨ ᠠᠰᠠᠷ | ᠤᠨ ᠵᠡᠭᠦᠲᠦ︾᠂ ︽ᠰᠡᠳᠬᠢᠯ ᠢ ᠮᠡᠳᠡᠭᠴᠢᠳ ᠴᠦᠬᠡᠨ︾᠂ ︽ᠬᠦᠢᠲᠡᠨ ᠪᠤᠷᠤᠭᠠᠨ︾᠂ ︽ᠨᠠᠮᠤᠷ ᠲᠤ | ᠤᠶᠢᠳᠬᠠᠷᠯᠠᠪᠠ︾᠂ ︽ᠬᠤᠶᠢᠬᠤᠷ ᠬᠠᠷᠬᠢᠰ︾᠂ ︽ᠦᠳᠡᠰᠢ ᠶᠢᠨ ᠵᠤᠭᠤᠭ ᠤᠨ ᠰᠡᠳᠦᠪ︾᠂ ︽ᠡᠷᠳᠡᠮ ᠪᠤᠯ | ᠡᠷᠬᠢᠮ︾᠂ ︽ᠬᠤᠱᠣᠩ ᠰᠢᠯᠦᠭ︾᠂ ︽ᠪᠢᠴᠢᠭ ᠤᠩᠰᠢᠬᠤ︾ ᠵᠡᠷᠭᠡ ᠰᠢᠯᠦᠭ ᠪᠤᠢ᠃ ᠬᠦᠩᠨᠠᠴᠤᠭᠡ ᠶᠢᠨ | ᠬᠡᠮᠵᠢᠶᠡᠲᠦ ᠰᠢᠯᠦᠭ ᠪᠤᠯ ᠬᠡᠯᠡ ᠬᠡᠯᠡᠯᠭᠡ ᠢᠷᠠᠭᠤ ᠤᠷᠤᠰᠤᠮ᠎ᠠ᠂ ᠰᠢᠯᠦᠭ ᠤᠨ ᠰᠠᠨᠠᠭ᠎ᠠ ᠠᠬᠤᠢ ᠤᠷᠠᠨ | ᠪᠠᠭᠳᠠᠭᠠᠮᠵᠢᠳᠠᠢ᠂ ᠠᠶᠢᠵᠠᠮ ᠬᠡᠮᠵᠢᠶ᠎ᠡ ᠴᠢᠩᠭ᠎ᠠ ᠨᠢᠮᠪᠠᠢ ᠵᠡᠷᠭᠡ ᠤᠨᠴᠠᠯᠢᠭ ᠲᠠᠢ᠃ ᠲᠡᠷᠡ ᠬᠡᠮᠵᠢᠶᠡᠲᠦ ᠰᠢᠯᠦᠭ | ᠪᠢᠴᠢᠵᠦ ᠪᠠᠶᠢᠭᠰᠠᠨ ᠢᠶᠠᠷ ᠪᠠᠷᠠᠬᠤ ᠦᠭᠡᠢ ᠪᠠᠰᠠ ︽ᠰᠢᠯᠦᠭ ᠤᠨ ᠳᠤᠬᠠᠢ ᠦᠬᠦᠯᠡᠯ︾ ᠪᠢᠴᠢᠵᠦ᠂ ᠮᠤᠩᠭᠤᠯ | ᠬᠢᠳᠡᠳ ᠰᠢᠯᠦᠭ ᠢ ᠬᠠᠷᠢᠴᠠᠭᠤᠯᠤᠨ ᠰᠤᠳᠤᠯᠵᠤ᠂ ᠬᠢᠲᠠᠳ ᠤᠨ ᠬᠡᠮᠵᠢᠶᠡᠲᠦ ᠰᠢᠯᠦᠭ ᠤᠨ ᠤᠨᠴᠠᠯᠢᠭ ᠢ | ᠤᠨᠤᠪᠴᠢᠳᠠᠢ ᠬᠤᠷᠢᠶᠠᠩᠭᠤᠶᠢᠯᠠᠨ ᠳ᠋ᠦᠩᠨᠡᠵᠦ ᠪᠠᠶᠢᠭᠰᠠᠨ ᠶᠤᠮ᠃ | |