ᠬᠦᠯᠡᠷᠡᠨᠰᠡ
ᠨᠡᠶᠢᠲᠡᠯᠡᠭᠰᠡᠨ ᠴᠠᠭ᠄
2019/2/1
      ᠬᠦᠯᠡᠷᠠᠨᠰᠠ ︵? —1851︶᠄ ᠤᠶᠢᠷ᠎ᠠ ᠦᠶ᠎ᠡ ᠶᠢᠨ ᠠᠬᠤᠶᠢᠴᠢ ᠦᠵᠡᠯ ᠤᠨ ᠰᠢᠯᠦᠭᠴᠢᠨ ᠮᠥᠨ᠃ ᠵᠤᠰᠤᠳᠤ ᠶᠢᠨ ᠴᠢᠭᠤᠯᠭᠠᠨ ᠤ ᠲᠦᠮᠡᠳ ᠪᠠᠷᠠᠭᠤᠨ ᠬᠤᠰᠢᠭᠤᠨ ᠤ ᠰᠢᠳᠤᠷᠭᠤ ᠪᠠᠳᠤ ᠬᠤᠷᠤᠭ᠎ᠠ ᠶᠢᠨ ᠬᠦᠮᠦᠨ᠂ ᠳᠤᠰᠠᠯᠠᠭᠴᠢ ᠳᠠᠶᠢᠵᠢ ᠸᠠᠩᠴᠢᠨᠪᠠᠯᠠ ᠶᠢᠨ ᠠᠬᠠᠮᠠᠳ ᠬᠦᠪᠡᠬᠦᠨ ᠮᠥᠨ᠃ ᠲᠡᠬᠦᠨ ᠤ ᠲᠦᠷᠦᠭᠰᠡᠨ ᠤᠨ ᠵᠢᠯ ᠳᠤᠳᠤᠷᠬᠠᠢ ᠦᠭᠡᠢ᠃ ᠬᠦᠯᠠᠷᠠᠨᠰᠠ ᠰᠤᠷᠪᠤᠯᠵᠢᠳᠤ ᠳᠠᠶᠢᠵᠢ ᠢᠵᠠᠭᠤᠷᠳᠠᠨ ᠤ ᠭᠡᠷ ᠲᠤ ᠲᠦᠷᠦᠵᠦ ᠦᠰᠦᠭᠰᠡᠨ ᠳᠤᠯᠠ ᠬᠠᠷᠠᠬᠠᠨ ᠪᠠᠭ᠎ᠠ ᠠᠴᠠ ᠪᠠᠨ ᠮᠤᠩᠭᠤᠯ ᠬᠢᠲᠠᠳ ᠪᠢᠴᠢᠭ ᠢ ᠰᠢᠮᠳᠠᠨ ᠰᠤᠷᠴᠤ ᠨᠡᠪᠳᠡᠷᠬᠡᠢ ᠡᠵᠡᠮᠰᠢᠭᠰᠡᠨ ᠠᠴᠠ ᠬᠤᠷᠢᠨ ᠬᠡᠲᠦᠨ ᠨᠠᠰᠤᠨ ᠠᠴᠠ ᠪᠠᠨ ᠰᠢᠯᠦᠭ ᠪᠢᠴᠢᠵᠦ ᠪᠠᠶᠢᠭᠰᠠᠨ ᠪᠦᠭᠡᠳ ᠬᠢᠲᠠᠳ ᠦᠨᠳᠦᠰᠦᠲᠡᠨ ᠤ ᠡᠷᠲᠡᠨ ᠤ ᠰᠤᠩᠭᠤᠳᠠᠭ ᠵᠤᠬᠢᠶᠠᠯ ᠢ ᠤᠷᠴᠢᠭᠤᠯᠵᠤ ᠪᠠᠶᠢᠵᠠᠢ᠃1847 ᠣᠨ ᠳᠤ ᠡᠴᠢᠬᠡ ᠶᠢᠨ ᠢᠶᠠᠨ ᠬᠤᠰᠢᠭᠤᠨ ᠳᠤᠰᠠᠯᠠᠭᠴᠢ ᠶᠢᠨ ᠳᠤᠰᠢᠶᠠᠯ ᠢ ᠵᠠᠯᠭᠠᠮᠵᠢᠯᠠᠵᠤ ᠠᠯᠪᠠ ᠬᠠᠭᠠᠵᠤ ᠪᠠᠶᠢᠭᠠᠳ᠂1851 ᠤᠨ ᠳᠤ ᠨᠠᠰᠤ ᠨᠦᠭᠴᠢᠪᠡ᠃ ᠬᠤᠷᠢᠳᠤᠭᠠᠷ ᠵᠠᠭᠤᠨ ᠤ ᠳᠠᠪᠢᠭᠠᠳ ᠤᠨ ᠤ ᠰᠡᠭᠦᠯᠴᠢ ᠠᠴᠠ ᠬᠦᠯᠡᠷᠠᠨᠰᠠ ᠶᠢᠨ ᠰᠢᠯᠦᠭ ᠮᠣᠩᠭᠤᠯ ᠤᠩᠰᠢᠭᠴᠢᠳ ᠎ ᠤᠨ ᠤᠶᠤᠨ ᠤ ᠬᠦᠷᠲᠡᠭᠡᠯ ᠪᠤᠯᠤᠭᠰᠠᠨ ᠢᠶᠠᠷ ᠪᠠᠷᠠᠬᠤ ᠦᠭᠡᠢ ᠮᠤᠩᠭᠤᠯ ᠰᠢᠯᠦᠭ ᠤᠨ ᠳᠤᠬᠠᠢ ᠰᠤᠳᠤᠯᠭᠠᠨ ᠤ ᠴᠢᠬᠤᠯᠠ ᠰᠤᠳᠤᠯᠤᠭᠳᠠᠬᠤᠨ ᠪᠤᠯᠵᠤ ᠬᠦᠮᠦᠰ ᠤᠨ ᠠᠩᠬᠠᠷᠤᠯ ᠢ ᠳᠠᠳᠠᠭᠰᠠᠭᠠᠷ ᠢᠷᠡᠵᠡᠢ᠃ ᠬᠦᠯᠡᠷᠠᠨᠰᠠ ᠶᠢᠨ ᠰᠢᠯᠦᠭ ᠭᠡᠪᠡᠯ᠂ ᠮᠤᠩᠭᠤᠯ ᠦᠨᠳᠦᠰᠦᠲᠡᠨ ᠤ ᠠᠷᠠᠳ ᠲᠦᠮᠡᠨ ᠪᠦᠬᠦ ᠤᠯᠤᠰ ᠤᠨ ᠠᠷᠠᠳ ᠲᠦᠮᠡᠨ ᠲᠠᠢ ᠠᠳᠠᠯᠢ ᠎ ᠪᠠᠷ ᠬᠠᠷ᠎ᠠ ᠳᠠᠮᠠᠬᠢ ᠶᠢᠨ ᠳᠠᠶᠢᠨ ᠳᠤ ᠢᠳᠡᠪᠬᠢᠯᠡᠨ ᠤᠷᠤᠯᠴᠠᠭᠰᠠᠨ ᠶᠠᠪᠤᠳᠠᠯ ᠢ ᠦᠨᠡᠨ ᠢᠶᠠᠷ ᠳᠤᠰᠬᠠᠭᠰᠠᠨ ︽ᠲᠦᠷᠢᠮᠡᠶᠢᠯᠡᠭᠴᠢᠳ ᠢ ᠳᠠᠷᠤᠭᠠᠳ ᠢᠷᠡᠮᠦ︾᠂ ︽ᠴᠡᠷᠢᠭ ᠤᠨ ᠬᠦᠷᠢᠶ᠎ᠡ ᠰᠠᠨᠠᠭᠳᠠᠮᠤᠢ︾᠂ ︽ᠲᠦᠷᠭᠡᠨ᠎ᠡ ᠲᠦᠪᠰᠢᠷᠡᠬᠦ ᠶᠢ ᠬᠦᠰᠡᠮᠦᠢ︾᠂ ︽ᠮᠦᠷᠦᠭᠡᠳᠦᠯ︾᠂ ︽ᠡᠩᠭᠡ ᠳᠠᠶᠢᠪᠤᠩ︾ ᠭᠡᠬᠦ ᠮᠡᠲᠦ ᠰᠢᠯᠦᠭ ᠤᠳ ᠪᠤᠢ᠃ ᠳᠤᠬᠠᠢ ᠶᠢᠨ ᠦᠶ᠎ᠡ ᠶᠢᠨ ᠨᠡᠶᠢᠭᠡᠮ ᠤᠨ ᠬᠠᠷᠠᠩᠭᠤᠢ ᠶᠢ ᠬᠠᠶᠢᠷ᠎ᠠ ᠨᠠᠶᠢᠷ ᠦᠭᠡᠢ ᠢᠯᠡᠴᠢᠯᠡᠭᠰᠡᠨ ︽ᠰᠢᠳᠤᠷᠭᠤ ᠡᠯᠢᠭᠡ ᠵᠢᠷᠤᠮᠳᠤ ᠰᠦᠰᠦ︾᠂ ︽ᠳᠤᠭᠤᠰᠤᠳᠤ ᠶᠢᠷᠲᠢᠨᠴᠦ ᠶᠢᠨ ᠤᠷᠰᠢᠭᠳᠤ ᠬᠡᠷᠡᠭ︾᠂ ︽ᠬᠤᠯᠠᠭᠠᠢ ᠶᠢᠨ ᠠᠭᠤᠷ︾᠂ ︽ᠰᠦᠷᠡᠬᠡᠢ ᠮᠠᠭᠤᠬᠠᠢ ᠠᠮᠢᠳᠠᠳ︾ ᠭᠡᠬᠦ ᠮᠡᠲᠦ ᠰᠢᠯᠦᠭ ᠤᠳ ᠪᠤᠢ᠃ ᠹᠸᠤᠳᠠᠯ ᠨᠤᠶᠠᠷᠬᠠᠭᠴᠢ ᠶᠢ ᠵᠢᠭᠰᠢᠵᠦ ᠶᠠᠳᠠᠭᠤ ᠵᠦᠳᠡᠬᠦᠦ ᠳᠠᠷᠢᠶᠠᠴᠢᠳ ᠢ ᠦᠷᠦ ᠡᠪᠡᠳᠬᠦ ᠲᠦᠪ ᠴᠢᠭᠡᠴᠢ ᠦᠵᠡᠯ ᠰᠡᠳᠬᠢᠯᠭᠡ ᠶᠢ ᠳᠤᠳᠤᠷᠬᠠᠢ ᠢᠯᠡᠷᠡᠭᠦᠯᠦᠭᠰᠡᠨ ︽ᠭᠠᠩ ᠤᠨ ᠬᠤᠷ᠎ᠠ︾ ᠭᠡᠬᠦ ᠰᠢᠯᠦᠭ ᠪᠤᠢ᠃ ᠹᠸᠤᠳᠠᠯ ᠤᠨ ᠤᠷᠤᠭ ᠤᠨ ᠶᠤᠰᠤᠨ ᠤ ᠬᠦᠯᠢᠶᠡᠰᠦᠯᠡᠯ ᠳᠤᠤᠷᠠᠬᠢ ᠡᠷᠡᠭᠲᠡᠢ ᠡᠮᠡᠭᠲᠡᠢ ᠵᠠᠯᠠᠭᠤᠴᠤᠳ ᠤᠨ ᠡᠷᠭᠡ ᠴᠢᠯᠦᠭᠡ ᠦᠭᠡᠢ ᠪᠠᠶᠢᠭ᠎ᠠ ᠪᠠ ᠲᠡᠲᠡᠨ ᠤ ᠭᠤᠨᠢᠭᠳᠤ ᠤᠴᠠᠷᠠᠯ ᠢ ᠶᠤᠭᠳᠠᠯᠠᠨ ᠬᠠᠷᠠᠭᠤᠯᠤᠭᠰᠠᠨ ︽ᠦᠷᠦᠭᠡᠰᠦᠨ ᠪᠤᠯᠵᠤᠮᠤᠷ︾ ᠭᠡᠬᠦ ᠰᠢᠯᠦᠭ ᠪᠤᠢ᠃ ᠪᠠᠶᠠᠨ ᠡᠷᠬᠢᠮ ᠨᠡᠷ᠎ᠡ ᠭᠠᠪᠢᠶ᠎ᠠ ᠶᠢ ᠬᠦᠭᠡᠭᠡᠴᠡᠯᠳᠦᠬᠦ ᠦᠭᠡᠢ ᠬᠠᠷᠢᠨ ᠰᠤᠯᠠ ᠰᠡᠯᠡᠬᠦᠦ ᠠᠮᠢᠳᠤᠷᠠᠯ ᠢ ᠡᠷᠬᠢᠮᠯᠡᠬᠦ ᠪᠠ ᠪᠢᠷ ᠪᠡᠭᠡᠰ ᠤᠨ ᠵᠤᠭ᠎ᠠ ᠴᠡᠩᠭᠡᠯ ᠳᠤ ᠰᠤᠭᠳᠤᠭᠤᠷᠠᠵᠤ ᠶᠠᠪᠤᠬᠤ ᠦᠵᠡᠯ ᠰᠡᠳᠬᠢᠯᠭᠡ ᠶᠢ ᠰᠠᠨᠠᠭᠤᠯᠤᠨ ᠢᠳᠬᠠᠭᠰᠠᠨ ︽ᠠᠷᠢᠭᠤᠨ ᠰᠡᠯᠡᠬᠦᠨ︾᠂ ︽ᠨᠡᠷ᠎ᠡ ᠦᠭᠡᠢ ᠰᠢᠳᠢᠳᠡᠨ︾᠂ ︽ᠵᠤᠬᠢᠶᠠᠯ ᠪᠢᠴᠢᠬᠦ︾ ᠬᠡᠬᠦ ᠰᠢᠯᠦᠭ ᠤᠳ ᠪᠤᠢ᠃ ᠴᠠᠭ ᠡᠳᠤᠷ ᠢ ᠳᠠᠯᠠᠭᠠᠷ ᠨᠦᠭᠴᠢᠭᠡᠬᠦ ᠦᠭᠡᠢ ᠪᠠᠷ ᠬᠠᠳᠠᠭᠤ ᠵᠤᠷᠢᠭ ᠢ ᠪᠠᠷᠢᠵᠤ᠂ ᠨᠤᠮ ᠪᠢᠴᠢᠭ ᠤᠩᠰᠢᠵᠤ ᠵᠤᠬᠢᠶᠠᠯ ᠪᠦᠲᠦᠭᠡᠯ ᠭᠠᠷᠭᠠᠬᠤ ᠶᠢ ᠡᠷᠬᠢᠮᠯᠡᠭᠰᠡᠨ ︽ᠪᠢᠴᠢᠭ ᠤᠩᠰᠢᠬᠤ︾᠂ ︽ᠳᠠᠬᠢᠶᠠᠨ ᠳᠠᠭᠤ︾᠂ ︽ᠤᠷᠴᠢᠭᠤᠯᠵᠤ ᠪᠢᠴᠢᠰᠦᠭᠡᠢ︾᠂ ︽ᠴᠢᠷᠮᠠᠶᠢᠬᠤ︾᠂ ︽ᠱᠦᠢ ᠬᠤ᠋ ᠶᠢ ᠮᠤᠩᠭᠤᠯᠴᠢᠯᠠᠪᠠ︾᠂ ︽ᠨᠢᠲᠦᠨ ᠤ ᠢᠪᠡᠭᠡᠯ︾ ᠭᠡᠬᠦ ᠮᠡᠲᠦ ᠰᠢᠯᠦᠭ ᠪᠤᠢ᠃ ᠦᠵᠡᠮᠵᠢ ᠶᠢ ᠵᠢᠷᠤᠭᠯᠠᠬᠤ ᠪᠠᠷ ᠰᠡᠳᠬᠢᠯᠭᠡ ᠪᠠᠨ ᠢᠯᠡᠳᠭᠡᠭᠰᠡᠨ ︽ᠠᠩᠬ᠎ᠠ ᠨᠠᠮᠤᠷ︾᠂ ︽ᠡᠪᠦᠯ ᠤᠨ ᠬᠦᠢᠲᠡᠨ︾᠂ ︽ᠬᠠᠪᠤᠷ ᠤᠨ ᠴᠠᠰᠤ︾᠂ ︽ᠬᠠᠪᠤᠷ ᠤᠨ ᠴᠡᠴᠡᠭ︾᠂ ︽ᠳᠤᠭᠤᠷ ᠤᠨ ᠴᠡᠴᠡᠭ︾᠂ ︽ᠰᠢᠷ᠎ᠠ ᠤᠳ᠋ᠪᠠᠯ᠎ᠠ︾᠂ ︽ᠴᠠᠭᠠᠨ ᠤᠳ᠋ᠪᠠᠯ᠎ᠠ︾ ᠭᠡᠬᠦ ᠮᠡᠲᠦ ᠰᠢᠯᠦᠭ ᠤᠳ ᠪᠤᠢ᠃ ᠬᠦᠯᠡᠷᠡᠨᠰᠠ ᠶᠢᠨ ᠰᠢᠯᠦᠭ ᠤᠷᠠᠨ ᠨᠠᠷᠢᠨ ᠵᠢᠷᠤᠭᠯᠠᠯ ᠲᠦᠷᠰᠦᠯᠡᠯ ᠲᠠᠢ᠂ ᠤᠬᠠᠮᠵᠢ ᠬᠦᠨ ᠰᠠᠨᠠᠭ᠎ᠠ ᠠᠬᠤᠢ ᠲᠠᠢ᠂ ᠤᠷᠤᠰᠤᠮ᠎ᠠ ᠬᠠᠯᠬᠢᠮ᠎ᠠ ᠤᠶᠠᠩᠭ᠎ᠠ ᠰᠡᠳᠬᠢᠯᠭᠡ ᠲᠠᠢ ᠪᠠᠶᠢᠳᠠᠭ ᠢᠶᠠᠷ ᠢᠶᠠᠨ ᠴᠡᠪᠡᠷ ᠡᠷᠬᠢᠮᠰᠦᠭ᠂ ᠤᠷᠠᠨ ᠭᠡᠭᠡᠨᠴᠢᠷ᠂ ᠤᠶᠠᠬᠠᠨ‌ᠢᠷᠠᠭᠤ ᠤᠷᠠᠯᠢᠭ ᠤᠨ ᠬᠡᠪ ᠨᠠᠮᠪᠠ ᠶᠢ ᠪᠦᠷᠢᠯᠳᠦᠬᠦᠯᠵᠡᠢ᠃ ᠲᠡᠶᠢᠮᠦ ᠠᠴᠠ᠂ ᠲᠡᠷᠡ ᠨᠢ ᠮᠤᠩᠭᠤᠯ ᠤᠯᠠᠮᠵᠢᠯᠠᠯᠳᠤ ᠬᠦᠦᠷᠨᠢᠯ ᠰᠢᠯᠦᠭ ᠤᠨ ᠤᠶᠠᠩᠭᠠᠯᠠᠯ ᠢᠶᠠᠷ ᠳᠤᠯᠢᠮᠠᠭ᠂ ᠰᠠᠨᠠᠭ᠎ᠠ ᠲᠦᠷᠢ ᠳᠤᠳᠠᠮᠠᠭ ᠪᠠᠶᠢᠳᠠᠭ ᠳᠠᠯ᠎ᠠ ᠶᠢ ᠨᠦᠬᠦᠪᠦᠷᠢᠯᠡᠵᠦ᠂ ᠮᠤᠩᠭᠤᠯ ᠰᠢᠯᠦᠭ ᠤᠨ ᠬᠦᠭᠵᠢᠯᠳᠡ ᠶᠢ ᠰᠢᠨ᠎ᠡ ᠨᠢᠭᠡᠨ ᠳᠡᠭᠳᠡᠷᠯᠢᠭ ᠲᠤ ᠠᠬᠢᠭᠤᠯᠤᠭᠰᠠᠨ ᠶᠤᠮ᠃
 
ᠢᠷᠡᠯᠲᠡ᠄ ᠨᠠ᠊ · ᠰᠠᠶᠢᠰᠢᠶᠠᠯᠲᠦ ᠶᠢᠨ ᠡᠷᠬᠢᠯᠡᠨ ᠨᠠᠶᠢᠷᠠᠭᠤᠯᠤᠭᠰᠠᠨ ︽ᠮᠤᠩᠭᠤᠯ ᠤᠷᠠᠨ ᠵᠤᠬᠢᠶᠠᠯ ᠤᠨ ᠳᠡᠦᠭᠡ︾
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号