ᠮᠣᠩᠭᠤᠯ ᠦᠰᠦᠭ ᠪᠢᠴᠢᠭ ᠤᠨ ᠲᠡᠣᠬᠡ ᠶᠢᠨ ᠲᠣᠬᠠᠢ ︵ᠬᠤᠶᠠᠷ︶
ᠨᠡᠶᠢᠲᠡᠯᠡᠭᠰᠡᠨ ᠴᠠᠭ᠄
2019/12/9
                                         —— ᠷᠠᠰᠢᠸᠠᠩᠵᠢᠯ        ᠲᠡᠣᠬᠡ ᠶᠢᠨ ᠬᠦᠭᠵᠢᠯᠳᠡ ᠶᠢᠨ ᠨᠣᠭᠤᠴᠠᠭᠠᠨ ᠲᠠᠢ ᠶᠠᠪᠣᠴᠠ ᠳᠤ ᠣᠢᠢᠭᠤᠷᠵᠢᠨ ᠮᠣᠩᠭᠤᠯ ᠦᠰᠦᠭ ᠤᠨ ᠲᠣᠰ  ᠪᠡᠶ᠎ᠡ ᠶᠢᠨ ᠲᠣᠲᠠᠭᠳᠠᠯ ᠲᠠᠢ  ᠳᠠᠯ᠎ᠠ ᠪᠣᠶᠣ ᠪᠣᠰᠣᠳ ᠰᠢᠯᠲᠠᠭᠠᠨ ᠠᠴᠠ ᠪᠣᠯᠵᠦ ᠮᠣᠩᠭᠤᠯᠴᠣᠳ ᠡᠷᠲᠡ  ᠦᠶ᠎ᠡ ᠠᠴᠠ  ᠨᠠᠰᠢ ᠬᠡᠳᠦ ᠬᠡᠳᠦᠨ ᠵᠦᠢᠯ ᠤᠨ ᠮᠣᠩᠭᠤᠯ ᠦᠰᠦᠭ ᠪᠢᠴᠢᠭ ᠢ ᠵᠣᠬᠢᠶᠠᠨ ᠬᠡᠷᠡᠭᠯᠡᠵᠦ ᠦᠡᠭᠭᠡᠷᠡᠭᠰᠡᠨ ᠪᠢᠯᠠ᠃  ᠲᠣᠬᠠᠢᠢᠯᠠᠪᠠᠯ  ᠂ ᠲᠦᠷᠪᠡᠯᠵᠢᠨ ᠦᠰᠦᠭ᠄ ᠲᠦᠷᠪᠡᠯᠵᠢᠨ ᠦᠰᠦᠭ ᠪᠣᠯ ᠪᠠᠰᠠ ᠨᠢᠭᠡᠨ ᠵᠦᠢᠯ ᠤᠨ ᠠᠪᠢᠶᠠᠨ ᠤ  ᠦᠰᠦᠭ ᠪᠣᠯᠬᠤ ᠪᠦᠭᠡᠳ ᠦᠪᠡᠷᠮᠢᠴᠡ ᠣᠨᠴᠠᠯᠢᠭ ᠪᠦᠬᠦᠢ ᠦᠰᠦᠭ ᠪᠢᠴᠢᠭ ᠤᠨ ᠰᠢᠰᠲ᠋ᠧᠮ ᠮᠦᠨ᠃       ᠲᠦᠷᠪᠡᠯᠵᠢᠨ ᠦᠰᠦᠭ ᠤᠨ ᠴᠠᠭᠠᠨ ᠲᠣᠯᠣᠭᠠᠢ ᠨᠢ 8 ᠡᠭᠡᠰᠢᠭ᠂ 34 ᠭᠡᠶᠢᠭᠦᠯᠦᠭᠴᠢ ᠲᠠᠢ ᠭᠡᠳᠡᠭ᠃  ᠡᠭᠦᠨ ᠳᠤ ᠲᠦᠷᠦᠯᠬᠢ ᠮᠣᠩᠭᠤᠯ ᠬᠡᠯᠡ ᠪᠠᠨ ᠲᠡᠮᠲᠡᠭᠯᠡᠬᠦ ᠭᠡᠶᠢᠭᠦᠯᠦᠭᠴᠢ ᠦᠰᠦᠭ 18᠃ ᠬᠢᠲᠠᠳ ᠬᠡᠯᠡ ᠶᠢ  ᠲᠡᠮᠲᠡᠭᠯᠡᠬᠦ ᠭᠡᠶᠢᠭᠦᠯᠦᠭᠴᠢ ᠦᠰᠦᠭ 10᠂ ᠬᠠᠷᠢ ᠬᠡᠯᠡ ᠶᠢ ᠲᠡᠮᠲᠡᠭᠯᠡᠬᠦ ᠭᠡᠶᠢᠭᠦᠯᠦᠭᠴᠢ 6 ᠪᠣᠢ᠃       ᠲᠦᠷᠪᠡᠯᠵᠢᠨ ᠦᠰᠦᠭ ᠤᠨ ᠬᠠᠮᠤᠭ ᠴᠢᠬᠤᠯᠠ ᠪᠣᠯᠬᠤ ᠣᠨᠴᠠᠯᠢᠭ ᠨᠢ ᠮᠣᠩᠭᠤᠯ᠂ ᠬᠢᠲᠠᠳ᠂ ᠲᠦᠪᠡᠳ᠂  ᠣᠢᠢᠭᠤᠷ ᠵᠡᠷᠭᠡ ᠦᠨᠳᠦᠰᠦᠳᠡᠨ ᠨᠦᠭᠦᠳ ᠤᠨ ᠦᠭᠡ ᠬᠡᠯᠡ ᠦᠰᠦᠭ ᠪᠢᠴᠢᠭ ᠤᠨ ᠣᠨᠴᠠᠯᠢᠭ ᠢ ᠬᠠᠷᠠᠭᠠᠯᠵᠠᠨ  ᠵᠣᠬᠢᠶᠠᠭᠳᠠᠭᠰᠠᠨ ᠪᠠᠶᠢᠵᠠᠢ᠃ ᠲᠦᠷᠪᠡᠯᠵᠢᠨ ᠦᠰᠦᠭ ᠨᠢ ᠦᠶ᠎ᠡ ᠪᠠᠷ ᠨᠢᠭᠡᠴᠡ ᠪᠣᠯᠭᠠᠨ ᠦᠰᠦᠭ ᠬᠤᠯᠪᠣᠳᠠᠭ  ᠪᠣᠯᠬᠤᠷ ᠳ᠋ᠠᠩ ᠢᠶᠠᠷ ᠪᠢᠴᠢᠭᠳᠡᠭᠰᠡᠨ ᠭᠡᠶᠢᠭᠦᠯᠦᠭᠴᠢ ᠦᠰᠦᠭ ᠨᠢ ᠡᠭᠡᠰᠢᠭ ᠵᠠᠯᠭᠠᠠᠦ ᠦᠭᠡᠢ ᠪᠠᠷ ᠬᠡᠷᠡᠭᠯᠡᠵᠦ ᠪᠣᠯᠬᠤ᠂  ᠪᠠᠰᠠ ᠦᠭᠡ ᠶᠢᠨ ᠡᠬᠢᠨ᠂ ᠲᠣᠮᠳᠠ᠂ ᠠᠳᠠᠭ ᠲᠤ ᠲᠦᠷᠰᠦ ᠬᠤᠪᠢᠯᠣᠯ ᠦᠭᠡᠢ ᠪᠢᠴᠢᠭᠳᠡᠬᠦ ᠪᠠᠷ ᠵᠣᠬᠢᠶᠠᠭᠳᠠᠭᠰᠠᠨ  ᠠᠵᠠᠢ᠃ ᠲᠣᠰ ᠦᠰᠦᠭ ᠢᠶᠠᠨ ︽ᠮᠣᠩᠭᠤᠯ ᠰᠢᠨ᠎ᠠ ᠦᠰᠦᠭ︾᠂ ︽ᠮᠣᠩᠭᠤᠯ ᠦᠰᠦᠭ︾᠂ ︽ᠮᠣᠩᠭᠤᠯ ᠤᠨ  ᠣᠯᠣᠰ ᠤᠨ ᠦᠰᠦᠭ︾᠂ ︽ᠶᠣᠸᠠᠨ ᠤᠯᠤᠰ ᠤᠨ ᠦᠰᠦᠭ︾ ᠭᠡᠬᠦ ᠮᠡᠳᠦ ᠪᠠᠷ ᠨᠡᠷᠡᠯᠡᠵᠦ ᠪᠠᠶᠢᠭᠰᠠᠨ ᠲᠡᠣᠬᠡ ᠲᠠᠢ᠃       ︽ᠣᠯᠣᠰ ᠤᠨ ᠪᠠᠭᠰᠢ︾ ᠴᠣᠯᠠ ᠲᠠᠢ᠂ ᠲᠦᠪᠡᠳ ᠯᠠᠮᠠ ᠫᠠᠭᠪᠠ ᠬᠤᠪᠢᠯᠠᠢ ᠰᠡᠴᠡᠨ ᠬᠠᠭᠠᠨ ᠤ ᠵᠠᠷᠯᠢᠭ ᠢ  ᠬᠦᠯᠢᠶᠡᠵᠦ᠂ ᠲᠦᠪᠡᠳ ᠴᠠᠭᠠᠨ ᠲᠣᠯᠣᠭᠠᠢ ᠪᠣᠯᠣᠨ  ᠰᠠᠨᠰᠺᠠᠷᠲ ᠦᠰᠦᠭ ᠢ ᠦᠨᠳᠦᠰᠦᠯᠡᠨ᠂ ᠠᠷᠪᠠᠨ ᠵᠢᠯ ︵ 1260  — 1269︶ ᠤᠨ ᠴᠠᠭ ᠢ ᠬᠡᠷᠡᠭᠰᠡᠵᠦ᠂ ᠣᠶᠣᠨ ᠴᠢᠳᠠᠯ ᠢᠶᠠᠨ ᠰᠢᠪᠬᠠᠵᠦ ᠪᠠᠶᠢᠭᠠᠳ ᠲᠦᠷᠪᠡᠯᠵᠢᠨ  ᠦᠰᠦᠭ ᠢ ᠵᠣᠬᠢᠶᠠᠵᠦ ᠭᠠᠷᠭᠠᠭᠰᠠᠨ ᠪᠠᠶᠢᠨ᠎ᠠ᠃ ᠡᠶᠢᠮᠦ ᠠᠴᠠ ᠬᠦᠮᠦᠰ ᠲᠦᠷᠪᠡᠯᠵᠢᠨ ᠦᠰᠦᠭ ᠢ ᠪᠠᠰᠠ ︽ᠫᠠᠭᠪᠠ  ᠦᠰᠦᠭ︾ ᠭᠡᠳᠡᠭ ᠨᠢ ᠡᠨᠡ ᠪᠢᠯᠡ᠃       ᠬᠤᠪᠢᠯᠠᠢ ᠰᠡᠴᠡᠨ ᠬᠠᠭᠠᠨ ᠰᠢᠨ᠎ᠡ ᠦᠰᠦᠭ ᠪᠢᠴᠢᠭ ᠵᠣᠬᠢᠶᠠᠯᠭᠠᠭᠰᠠᠨ ᠤ ᠬᠠᠮᠤᠭ ᠭᠤᠣᠯ ᠰᠢᠯᠳᠠᠭᠠᠨ ᠨᠢ  ᠣᠯᠣᠰ ᠲᠦᠷᠦ ᠶᠢᠨ ᠵᠣᠷᠢᠯᠭ᠎ᠠ ᠠᠴᠠ ᠪᠣᠯᠣᠭᠰᠠᠨ ᠶᠣᠮ᠃ ᠣᠴᠢᠷ ᠨᠢ᠂ ᠴᠢᠩᠬᠢᠰ ᠬᠠᠭᠠᠨ ᠠᠴᠠ ᠰᠡᠭᠦᠯᠡᠷᠬᠢ᠂  ᠬᠤᠪᠢᠯᠠᠢ ᠬᠠᠭᠠᠨ ᠠᠴᠠ ᠡᠮᠦᠨᠡᠬᠢ ᠬᠠᠭᠠᠳ ᠨᠢ ᠪᠦᠬᠦ ᠣᠯᠣᠰ ᠲᠠᠭᠠᠨ ᠨᠢᠭᠡᠳᠦᠯᠲᠠᠢ ᠬᠡᠷᠡᠭᠯᠡᠬᠦ ᠠᠯᠪᠠᠨ ᠤ ᠦᠰᠦᠭ  ᠪᠢᠴᠢᠭ ᠭᠡᠵᠦ ᠲᠣᠳᠣᠷᠬᠠᠢ ᠪᠠᠶᠢᠭᠰᠠᠨ ᠦᠭᠡᠢ᠂ ᠦᠨᠳᠦᠰᠦᠳᠡᠨ ᠨᠦᠭᠦᠳ ᠨᠢ ᠦᠪᠡᠷ ᠦᠪᠡᠷ ᠤᠨ ᠦᠰᠦᠭ  ᠪᠢᠴᠢᠭ ᠢᠶᠠᠨ ᠬᠡᠷᠡᠭᠯᠡᠬᠦ ᠪᠠᠷ ᠭᠤᠣᠯ ᠪᠣᠯᠭᠠᠵᠦ ᠪᠠᠶᠢᠵᠠᠢ᠃ ᠡᠨᠡᠬᠦ ᠪᠠᠶᠢᠳᠠᠯ ᠢ ᠦᠭᠡᠷᠡᠴᠢᠯᠡᠬᠦ ᠶᠢᠨ ᠲᠦᠯᠦᠭᠡ ᠬᠤᠪᠢᠯᠠᠢ  ᠬᠠᠭᠠᠨ ᠣᠯᠣᠰ ᠲᠠᠭᠠᠨ ᠨᠢᠭᠡᠳᠦᠯᠳᠠᠢ ᠬᠡᠷᠡᠭᠯᠡᠬᠦ ᠠᠯᠪᠠᠨ ᠤ ᠦᠰᠦᠭ ᠪᠢᠴᠢᠭ ᠵᠣᠬᠢᠶᠠᠯᠭᠠᠭᠰᠠᠨ ᠨᠢ ᠡᠨᠡ  ᠪᠠᠶᠢᠯ᠎ᠠ  ᠃       ᠲᠦᠷᠪᠡᠯᠵᠢᠨ ᠦᠰᠦᠭ ᠵᠣᠬᠢᠶᠠᠭᠳᠠᠵᠦ ᠭᠠᠷᠣᠮᠠᠭᠴᠠ ᠬᠤᠪᠢᠯᠠᠢ ᠬᠠᠭᠠᠨ ᠠᠴᠠ ᠲᠣᠰ ᠵᠢᠯ ᠳᠤᠨᠢ ᠣᠯᠣᠰ ᠤᠨ  ᠨᠢᠭᠡᠳᠦᠯᠳᠠᠢ ᠬᠡᠷᠡᠭᠯᠡᠬᠦ ᠠᠯᠪᠠᠨ ᠤ ᠦᠰᠦᠭ ᠪᠢᠴᠢᠭ ᠪᠣᠯᠭᠠᠬᠤ ᠪᠠᠷ ᠵᠠᠷᠯᠢᠭ ᠪᠠᠭᠤᠯᠭᠠᠪᠠ᠃  ᠲᠠᠷᠠᠭ᠎ᠠ ᠨᠢᠭᠡ  ᠰᠢᠯᠳᠠᠭᠠᠨ ᠨᠢ ᠣᠯᠣᠰ ᠤᠨ ᠦᠰᠦᠭ ᠪᠢᠴᠢᠭ ᠢᠶᠠᠨ ᠬᠠᠮᠤᠭ ᠮᠣᠩᠭᠤᠯᠴᠣᠳ ᠤᠨ ᠢᠶᠠᠨ ᠠᠮᠢᠳᠣ ᠶᠠᠷᠢᠶ᠎ᠠ ᠬᠡᠯᠡᠯᠭᠡ ᠲᠠᠢ  ᠵᠣᠬᠢᠴᠠᠭᠤᠯᠵᠣ ᠣᠢᠢᠷᠠᠳᠣᠭᠤᠯᠬᠤ ᠶᠢ ᠪᠣᠳᠣᠯᠬᠢᠯᠠᠭᠰᠠᠨ ᠣᠴᠢᠷ ᠪᠣᠢ᠃ ᠲᠦᠷᠪᠡᠯᠵᠢᠨ ᠦᠰᠦᠭ ᠨᠢ ᠰᠣᠷᠬᠤ ᠳᠤ  ᠲᠦᠪᠡᠭᠳᠠᠢ᠂ ᠪᠢᠴᠢᠬᠦ ᠳᠤ ᠶᠠᠷᠰᠢᠭᠳᠠᠢ ᠠᠴᠠ ᠪᠣᠯᠵᠦ᠂ ᠬᠤᠪᠢᠯᠠᠢ ᠬᠠᠭᠠᠨ ᠠᠴᠠ ᠰᠡᠭᠦᠯᠡᠷ ᠬᠡᠷᠡᠭᠯᠡᠭᠳᠡᠬᠦ ᠬᠡᠪᠴᠢᠶ᠎ᠠ ᠨᠢ  ᠢᠪᠴᠣᠣᠷᠠᠭᠰᠠᠭᠠᠷ ᠪᠠᠶᠢᠵᠦ ᠭᠡᠭᠡᠭᠳᠡᠭᠰᠡᠨ ᠪᠠᠶᠢᠨ᠎ᠠ᠃       ᠠᠯᠢ ᠭᠠᠯᠢ ᠦᠰᠦᠭ᠄ 1570 ᠤᠨ ᠤ  ᠦᠶ᠎ᠡ ᠪᠠᠷ᠂ ᠮᠣᠩᠭᠤᠯ ᠣᠷᠣᠨ ᠳᠤ ᠪᠣᠷᠬᠠᠨ ᠱᠠᠰᠢᠨ ᠰᠦᠷᠡᠬᠡᠢ  ᠬᠤᠷᠳᠣᠨ ᠲᠡᠯᠭᠡᠷᠡᠭᠰᠡᠨ ᠢᠶᠠᠷ ᠰᠦᠮ᠎ᠡ ᠭᠡᠶᠢᠳ ᠤᠨ ᠭᠠᠵᠠᠷ ᠲᠤ ᠪᠣᠷᠬᠠᠨ ᠤ ᠨᠣᠮ ᠰᠣᠳᠣᠷ ᠢ ᠮᠣᠩᠭᠤᠯᠴᠢᠯᠠᠬᠤ  ᠠᠵᠢᠯ ᠶᠠᠭᠠᠷᠣ ᠪᠠᠶᠢᠳᠠᠯ ᠳᠤ ᠣᠷᠣᠵᠦ᠂ ᠬᠠᠷᠢ ᠬᠡᠯᠡᠨ ᠤ ᠨᠡᠷᠡᠰ ᠦᠭᠡ ᠶᠢᠨ ᠵᠦᠢᠯ ᠢ ᠵᠦᠪ ᠣᠨᠣᠪᠴᠢᠳᠠᠢ  ᠣᠷᠴᠢᠭᠤᠯᠬᠤ ᠳᠤ ᠬᠦᠴᠢᠷ ᠲᠣᠯᠭᠠᠷᠠᠭᠰᠠᠨ ᠪᠠᠶᠢᠳᠠᠯ ᠲᠤᠤᠷ᠎ᠠ 1587 ᠤᠨ ᠳᠤ ᠬᠠᠷᠠᠴᠢᠨ ᠤ ᠮᠣᠩᠭᠤᠯ ᠬᠡᠯᠡᠨ ᠤ  ᠡᠷᠳᠡᠮᠲᠡᠨ᠂ ᠡᠨᠡᠳᠬᠡᠭ᠂ ᠲᠦᠪᠡᠳ᠂ ᠮᠣᠩᠭᠤᠯ ᠬᠡᠯᠡᠨ ᠤ ᠣᠷᠴᠢᠭᠤᠯᠣᠭᠴᠢ᠂ ᠬᠡᠯᠡᠮᠦᠷᠴᠢ ᠠᠶᠣᠰᠢ ᠬᠦᠣᠰᠢ ᠭᠡᠭᠴᠢ  ᠬᠦᠮᠦᠨ ᠡᠷᠲᠡᠨ ᠤ ᠮᠣᠩᠭᠤᠯ ᠦᠰᠦᠭ ᠪᠢᠴᠢᠭ ᠤᠨ ᠰᠠᠭᠤᠷᠢᠨ  ᠳᠡᠭᠡᠷ᠎ᠡ ᠰᠠᠨᠰᠺᠠᠷᠲ ᠦᠰᠦᠭ ᠪᠣᠯᠣᠨ ᠲᠦᠪᠡᠳ  ᠦᠰᠦᠭ ᠤᠨ ᠴᠠᠭᠠᠨ ᠲᠣᠯᠣᠭᠠᠢ ᠶᠢ ᠦᠨᠳᠦᠰᠦᠯᠡᠵᠦ᠂ ᠪᠣᠷᠬᠠᠨ ᠤ ᠨᠣᠮ ᠰᠣᠳᠣᠷ ᠢ ᠮᠣᠩᠭᠤᠯᠴᠢᠯᠠᠨ  ᠣᠷᠴᠢᠭᠤᠯᠬᠤ ᠳᠤ ᠲᠣᠬᠢᠶᠠᠯᠳᠣᠬᠤ ᠡᠨᠡᠳᠬᠡᠭ᠂ ᠲᠦᠪᠡᠳ ᠬᠦᠮᠦᠨ ᠤ ᠨᠡᠷ᠎ᠡ᠂ ᠭᠠᠵᠠᠷ ᠤᠨ ᠨᠡᠷ᠎ᠡ᠂ ᠪᠣᠷᠬᠠᠨ  ᠰᠠᠬᠢᠭᠤᠯᠰᠣᠨ ᠤ  ᠨᠡᠷ᠎ᠡ  ᠵᠢᠴᠢ ᠪᠣᠰᠣᠳ ᠨᠡᠷ᠎ᠡ ᠶᠢ ᠵᠦᠪ ᠣᠨᠣᠪᠴᠢᠲᠠᠢ ᠠᠪᠢᠶᠠᠴᠢᠯᠠᠨ ᠲᠡᠮᠲᠡᠭᠯᠡᠬᠦ ᠳᠤ  ᠲᠣᠰᠬᠠᠢᠢᠯᠠᠨ ᠬᠡᠷᠡᠭᠯᠡᠬᠦ ᠭᠠᠭᠴᠠ ᠵᠣᠷᠢᠯᠭ᠎ᠠ ᠪᠠᠷ ᠨᠢᠭᠡᠨ ᠵᠦᠢᠯ ᠤᠨ ᠭᠠᠯᠢᠭ ᠦᠰᠦᠭ ᠢ ᠵᠣᠬᠢᠶᠠᠭᠰᠠᠨ ᠪᠠᠶᠢᠵᠠᠢ᠃  ᠡᠨᠡᠬᠦ ᠭᠠᠯᠢᠭ ᠦᠰᠦᠭ ᠢᠶᠠᠨ ︽ᠠᠯᠢ ᠭᠠᠯᠢ ᠦᠰᠦᠭ︾ ᠭᠡᠵᠦ ᠨᠡᠷᠡᠶᠢᠳᠦᠪᠠ᠃           ᠠᠯᠢ ᠭᠠᠯᠢ ᠭᠡᠳᠡᠭ ᠨᠢ ᠲᠦᠪᠡᠳ ᠦᠭᠡ᠃ ︽ᠠᠯᠢ︾ ᠭᠡᠳᠡᠭ ᠨᠢ ᠮᠣᠩᠭᠤᠯ ᠢᠶᠠᠷ ︽ᠡᠭᠡᠰᠢᠭ︾ ᠭᠡᠰᠡᠨ  ᠦᠭᠡ᠃ ︽ᠭᠠᠯᠢ︾ ᠭᠡᠳᠡᠭ ᠨᠢ ᠮᠣᠩᠭᠤᠯ ᠢᠶᠠᠷ ︽ᠭᠡᠶᠢᠭᠦᠯᠦᠭᠴᠢ︾ ᠭᠡᠰᠡᠨ ᠦᠭᠡ᠃ ᠠᠯᠢ ᠭᠠᠯᠢ ᠦᠰᠦᠭ ᠤᠨ  ᠴᠠᠭᠠᠨ ᠲᠣᠯᠣᠭᠠᠢ ᠨᠢ 30 ᠦᠰᠦᠭ ᠲᠠᠢ᠃ ᠦᠨᠳᠦᠰᠦᠨ ᠲᠡᠮᠲᠡᠭ 34 ᠪᠣᠢ᠃ ᠡᠭᠦᠨ ᠠᠴᠠ ᠭᠠᠳᠠᠨ᠎ᠠ ᠠᠯᠢ ᠭᠠᠯᠢ  ᠦᠰᠦᠭ ᠤᠨ ᠴᠠᠭᠠᠨ ᠲᠣᠯᠣᠭᠠᠢ ᠶᠢᠨ  ︽ᠯ᠊᠂ ᠶ᠊᠂ ᠷ᠊᠂ ᠸ᠊᠂ ᠰ᠊᠂ ᠁︾ ᠵᠡᠷᠭᠡ ᠠᠴᠠ ᠪᠠᠰᠠ ᠦᠶᠡᠳᠦ  ᠦᠰᠦᠭ ᠬᠤᠪᠢᠯᠳᠠᠭ ᠶᠣᠰᠣ ᠪᠠᠰᠠ ᠪᠣᠢ᠃  ᠵᠢᠱᠢᠶᠠᠯᠠᠪᠠᠯ᠂ ︽ᠯᠠᠮᠠ︾ ᠭᠡᠰᠡᠨ ᠦᠭᠡ ᠶᠢ ᠠᠯᠢ ᠭᠠᠯᠢ  ᠦᠰᠦᠭ ᠢᠶᠠᠷ ︽ᠪᠯᠠ᠋ ᠮᠠ᠋︾ ᠪᠣᠶᠣ ︽ᠪᠯᠠᠮ ᠠ︾ ᠭᠡᠵᠦ ᠲᠡᠮᠲᠡᠭᠯᠡᠵᠦ ᠪᠠᠶᠢᠪᠠ᠃ ᠠᠯᠢ ᠭᠠᠯᠢ ᠦᠰᠦᠭ  ᠵᠢᠩᠬᠢᠨᠢ‌ᠦᠰᠦᠭ ᠪᠢᠴᠢᠭ ᠢᠶᠠᠷ ᠬᠡᠷᠡᠭᠯᠡᠭᠳᠡᠭᠰᠡᠨ ᠦᠭᠡᠢ ᠪᠣᠯᠪᠠᠴᠣ ᠲᠦᠪᠡᠳ ᠬᠡᠯᠡᠨ ᠤ ᠨᠡᠷ᠎ᠡ ᠦᠭᠡ ᠶᠢ ᠣᠨᠣᠪᠴᠢᠳᠠᠢ  ᠭᠠᠯᠢᠭᠯᠠᠨ ᠲᠡᠮᠲᠡᠭᠯᠡᠬᠦ ᠳᠤ ᠲᠣᠲᠠᠭᠳᠠᠵᠦ ᠪᠣᠯᠣᠰᠢ ᠦᠭᠡᠢ ᠲᠣᠰᠠᠯᠠᠬᠤ ᠵᠡᠪᠰᠡᠭ ᠪᠣᠯᠵᠣ ᠪᠠᠶᠢᠭᠰᠠᠨ ᠶᠣᠮ᠃       18 ᠳ᠋ᠣᠭᠠᠷ ᠵᠠᠭᠤᠨ ᠤ ᠰᠡᠭᠦᠯᠴᠢ ᠪᠠᠷ᠂ ᠮᠣᠩᠭᠤᠯ ᠦᠰᠦᠭ ᠤᠨ ᠴᠠᠭᠠᠨ ᠲᠣᠯᠣᠭᠠᠢ ᠶᠢ ᠣᠯᠠᠮ ᠨᠢᠭᠡ ᠠᠯᠬᠤᠮ  ᠵᠠᠰᠠᠵᠦ᠂ ᠨᠦᠬᠦᠪᠦᠷᠢᠯᠡᠵᠦ᠂ ᠲᠡᠭᠦᠯᠳᠡᠷᠵᠢᠭᠦᠯᠵᠦ᠂ ᠲᠦᠷᠢᠮᠵᠢᠭᠦᠯᠬᠦ ᠶᠢᠨ ᠶᠠᠪᠣᠴᠠ ᠳᠤ ᠠᠯᠢ ᠭᠠᠯᠢ ᠦᠰᠦᠭ ᠠᠴᠠ  ︽ᠹᠠ᠊᠂ ᠺᠠ᠊᠂ ᠡᡁ᠊᠂ ᠽ᠊᠂ ᠼ᠊᠂ ᠿ᠊︾ ᠵᠢᠷᠭᠤᠭᠠᠨ  ᠠᠪᠢᠶ᠎ᠠ ᠶᠢ ᠵᠢᠭᠡᠯᠡᠨ ᠠᠪᠴᠣ ᠬᠡᠷᠡᠭᠯᠡᠪᠡ᠃       ᠲᠣᠳᠣ ᠦᠰᠦᠭ᠄  ᠲᠣᠳᠣ ᠦᠰᠦᠭ ᠪᠣᠯ ᠮᠣᠩᠭᠤᠯ ᠦᠰᠦᠭ ᠤᠨ ᠴᠠᠭᠠᠨ  ᠲᠣᠯᠣᠭᠠᠢ ᠶᠢ ᠦᠨᠳᠦᠰᠦᠯᠡᠨ   ᠦᠭᠡᠷᠡᠴᠢᠯᠡᠵᠦ ᠵᠣᠬᠢᠶᠠᠭᠰᠠᠨ ᠣᠢᠢᠷᠠᠳ ᠮᠣᠩᠭᠤᠯᠴᠣᠳ ᠤᠨ ᠬᠡᠷᠡᠭᠯᠡᠳᠡᠭ ᠨᠢᠭᠡᠨ  ᠵᠦᠢᠯ  ᠤᠨ ᠠᠪᠢᠶᠠᠨ ᠤ  ᠮᠣᠩᠭᠤᠯ ᠦᠰᠦᠭ ᠮᠦᠨ᠃ ᠲᠣᠳᠣ ᠦᠰᠦᠭ ᠤᠨ ᠴᠠᠭᠠᠨ ᠲᠣᠯᠣᠭᠠᠢ ᠳᠤ ᠪᠣᠭᠤᠨᠢ᠂ ᠣᠷᠳᠣ ᠡᠭᠡᠰᠢᠭ ᠲᠣᠰ ᠪᠦᠷᠢ  7᠂ ᠭᠡᠶᠢᠭᠦᠯᠦᠭᠴᠢ  24᠂ ᠬᠠᠷᠢ ᠵᠢᠭᠡᠯᠡᠭᠡ ᠦᠭᠡᠨ ᠳᠤ ᠬᠡᠷᠡᠭᠯᠡᠭᠳᠡᠬᠦ ᠦᠰᠦᠭ 4 ᠪᠠᠶᠢᠳᠠᠭ᠃       ᠲᠣᠳᠣ ᠦᠰᠦᠭ ᠢ ᠣᠢᠢᠷᠠᠳ ᠤᠨ ᠮᠣᠩᠭᠤᠯᠴᠢ ᠡᠷᠳᠡᠮᠳᠡᠨ ᠽᠠᠶ᠎ᠠ ᠪᠠᠨᠳᠢᠳᠠ ᠨᠠᠮᠬᠠᠢᠢᠵᠠᠮᠰᠣ ᠭᠡᠭᠴᠢ  ᠬᠦᠮᠦᠨ ᠠᠴᠠ 1648 ᠤᠨ ᠳᠤ ᠨᠡᠶᠢᠳᠡ ᠮᠣᠩᠭᠤᠯᠴᠣᠳ ᠤᠨ ᠬᠡᠷᠡᠭᠯᠡᠵᠣ ᠪᠠᠶᠢᠭᠰᠠᠨ ᠮᠣᠩᠭᠤᠯ ᠦᠰᠦᠭ ᠤᠨ  ᠳᠠᠪᠠᠭᠤᠯᠢᠭ ᠵᠦᠢᠯ ᠢ ᠨᠢ ᠵᠠᠯᠭᠠᠮᠵᠢᠯᠠᠵᠦ᠂ ᠲᠣᠲᠠᠭᠳᠠᠯ ᠲᠠᠢ ᠵᠦᠢᠯ ᠢ ᠨᠢ ᠬᠠᠯᠠᠨ ᠵᠠᠰᠠᠵᠦ᠂ ᠣᠢᠢᠷᠠᠳ ᠠᠶᠠᠯᠭᠤᠨ ᠤ  ᠠᠮᠢᠳᠣ ᠶᠠᠷᠢᠶᠠᠨ ᠤ ᠬᠡᠯᠡᠨ ᠳᠡᠭᠡᠨ ᠣᠢᠢᠷᠠᠳᠣᠭᠤᠯᠵᠦ ᠵᠣᠬᠢᠴᠠᠭᠤᠯᠣᠨ ᠵᠣᠬᠢᠶᠠᠭᠰᠠᠨ ᠪᠠᠶᠢᠨ᠎ᠠ᠃ ᠡᠶᠢᠮᠦ ᠠᠴᠠ ᠲᠣᠰ  ᠦᠰᠦᠭ ᠢᠶᠠᠨ ︽ᠲᠣᠳᠣ ᠮᠣᠩᠭᠤᠯ ᠦᠰᠦᠭ︾᠂ ︽ᠲᠣᠳᠣ ᠦᠰᠦᠭ︾ ᠭᠡᠵᠦ ᠨᠡᠷᠡᠶᠢᠳᠦᠪᠡ᠃ ᠪᠠᠰᠠ ︽ ᠬᠤᠳᠣᠮ ᠦᠰᠦᠭ︾ ᠴᠦ ᠭᠡᠳᠡᠭ᠃ ᠡᠨᠡᠬᠦ ︽ᠬᠤᠳᠣᠮ︾ ᠭᠡᠳᠡᠭ ᠦᠭᠡ ᠨᠢ ᠮᠣᠩᠭᠤᠯ ᠬᠡᠯᠡᠨ ᠤ ᠨᠢᠭᠡᠳᠦᠭᠡᠷ  ᠦᠶ᠎ᠡ  ᠶᠢᠨ ᠡᠭᠡᠰᠢᠭ ᠤᠨ ᠬᠢᠨᠢ ᠡᠮᠦᠨᠡᠬᠢ ︽ᠬ᠊︾ ᠭᠡᠶᠢᠭᠦᠯᠦᠭᠴᠢ ᠨᠢ ᠰᠣᠭᠤᠷᠠᠵᠦ ᠣᠨᠠᠭᠠᠳᠣᠢ ᠡᠷᠲᠡᠨ ᠤ  ᠬᠡᠯᠪᠡᠷᠢ ᠪᠠᠷ ᠨᠢ ᠲᠠᠭᠤᠳᠠᠭᠰᠠᠨ ᠦᠭᠡ ᠪᠣᠯᠣᠨ᠎ᠠ᠃ ᠨᠢᠭᠡᠳᠦᠭᠡᠷ  ᠦᠶ᠎ᠡ ᠶᠢᠨ ᠡᠭᠡᠰᠢᠭ ᠤᠨ ᠬᠢᠨᠢ ᠡᠮᠦᠨᠡᠬᠢ ︽ᠬ᠊︾  ᠭᠡᠶᠢᠭᠦᠯᠦᠭᠴᠢ ᠶᠢ ᠰᠣᠭᠤᠷᠠᠵᠦ ᠣᠨᠠᠭᠠᠵᠦ ᠲᠠᠭᠤᠳᠠᠪᠠᠯ ᠲᠠᠷᠣᠢ ︽ᠣᠳᠣᠮ︾ ᠭᠡᠰᠡᠨ ᠦᠭᠡ ᠪᠣᠯᠳᠠᠭ᠃  ᠡᠶᠢᠮᠦ ᠠᠴᠠ ︽ᠬᠤᠳᠣᠮ ᠦᠰᠦᠭ︾ ᠭᠡᠳᠡᠭ ᠨᠢ ᠲᠠᠷᠣᠢ ︽ᠣᠳᠣᠮ ᠦᠰᠦᠭ︾ ᠭᠡᠰᠡᠨ ᠨᠡᠷᠡᠶᠢᠳᠦᠯᠭᠡ ᠪᠣᠯᠠᠢ᠃       ᠲᠣᠳᠣ ᠦᠰᠦᠭ ᠨᠢ ᠨᠢᠭᠡ ᠦᠰᠦᠭ ᠲᠤ ᠨᠢᠭᠡ ᠲᠠᠭᠤᠳᠠᠯᠭ᠎ᠠ᠂ ᠨᠢᠭᠡ ᠲᠦᠷᠰᠦ ᠲᠠᠢ ᠪᠠᠶᠢᠵᠦ᠂ ᠦᠭᠡ ᠶᠢᠨ  ᠡᠬᠢᠨ᠂ ᠲᠣᠮᠳᠠ᠂ ᠠᠳᠠᠭ ᠲᠤ ᠬᠤᠪᠢᠯᠪᠣᠷᠢ ᠨᠢ ᠪᠠᠭ᠎ᠠ ᠵᠡᠷᠭᠡ ᠲᠠᠪᠠᠭᠤᠯᠢᠭ ᠲᠠᠢ ᠪᠠᠶᠢᠳᠠᠭ᠃ ᠭᠡᠪᠡᠴᠦ ᠲᠡᠷᠡ ᠨᠢ  ᠣᠷᠣᠨ ᠨᠣᠳᠤᠭ ᠤᠨ ᠠᠮᠢᠳᠣ ᠶᠠᠷᠢᠶᠠᠨ ᠤ ᠬᠡᠯᠡᠨ ᠳᠡᠭᠡᠨ ᠨᠡᠶᠢᠴᠡᠭᠰᠡᠨ ᠨᠢ ᠲᠣᠩ ᠰᠠᠶᠢᠨ ᠪᠠᠶᠢᠳᠠᠭ ᠠᠴᠠ ᠣᠨᠳᠣᠣ  ᠭᠠᠵᠠᠷ ᠦᠷᠭᠡᠵᠢᠭᠦᠯᠣᠨ ᠲᠡᠯᠭᠡᠷᠡᠭᠦᠯᠬᠦ ᠳᠤ ᠬᠦᠴᠢᠷ ᠲᠠᠢ ᠮᠦᠷᠲᠡᠭᠡᠨ ᠴᠡᠭ ᠲᠡᠮᠲᠡᠭ ᠨᠢ ᠣᠯᠠᠨ᠂ ᠪᠢᠴᠢᠯᠭᠡ ᠨᠢ   ᠶᠠᠷᠰᠢᠭ ᠲᠠᠢ ᠵᠡᠷᠭᠡ ᠰᠢᠯᠳᠠᠭᠠᠨ ᠠᠴᠠ ᠪᠣᠯᠵᠦ᠂ ᠣᠢᠢᠷᠠᠳ ᠮᠣᠩᠭᠤᠯᠴᠣᠳ ᠤᠨ ᠲᠣᠮᠳᠠ ᠪᠠᠨ ᠯᠠ ᠣᠳᠣ  ᠪᠤᠯᠳᠠᠯ᠎ᠠ  ᠵᠣᠬᠢᠴᠠᠨ ᠬᠡᠷᠡᠭᠯᠡᠭᠳᠡᠭᠰᠡᠭᠡᠷ ᠪᠠᠶᠢᠭ᠎ᠠ ᠪᠢᠯᠠ᠃ᠰᠣᠶᠣᠩᠪᠤ ᠦᠰᠦᠭ᠄ ᠰᠣᠶᠣᠩᠪᠤ ᠦᠰᠦᠭ ᠪᠣᠯ ᠨᠢᠭᠡᠨ ᠵᠦᠢᠯ ᠤᠨ ᠲᠦᠷᠪᠡᠯᠵᠢᠨ ᠬᠡᠯᠪᠡᠷᠢᠳᠠᠢ ᠦᠶᠡᠳᠦ  ᠦᠰᠦᠭ ᠮᠦᠨ᠃ ᠰᠣᠶᠣᠩᠪᠤ ᠦᠰᠦᠭ ᠤᠨ ᠴᠠᠭᠠᠨ ᠲᠣᠯᠣᠭᠠᠢ ᠳᠤ ᠡᠭᠡᠰᠢᠭ 16᠂ ᠭᠡᠶᠢᠭᠦᠯᠦᠭᠴᠢ 74 ᠪᠣᠢ᠃  ᠦᠰᠦᠭ ᠤᠨ ᠪᠢᠴᠢᠯᠭᠡ ᠶᠢᠨ ᠲᠡᠮᠲᠡᠭ ᠨᠢ ᠲᠣᠰ ᠲᠣᠰ ᠪᠠᠷ ᠢᠶᠠᠨ ᠪᠦᠷ ᠵᠢᠷᠤᠭ ᠰᠢᠭ᠋ ᠬᠡᠯᠪᠡᠷᠢᠲᠠᠢ ᠪᠠᠶᠢᠳᠠᠭ ᠠᠵᠠᠢ᠃       ᠰᠣᠶᠣᠩᠪᠤ ᠦᠰᠦᠭ ᠢ ᠬᠠᠯᠬ᠎ᠠ ᠶᠢᠨ ᠲᠦᠰᠢᠶᠡᠳᠦ ᠬᠠᠨ ᠭᠤᠮᠪᠤ ᠶᠢᠨ ᠬᠦᠪᠡᠭᠦᠨ ᠵᠠᠨᠠᠪᠠᠽᠠᠷ ᠭᠡᠭᠴᠢ ᠬᠦᠮᠦᠨ  1686 ᠤᠨ ᠳᠤ ᠡᠷᠲᠡᠨ ᠤ ᠡᠨᠡᠳᠬᠡᠭ ᠦᠰᠦᠭ ᠤᠨ ᠴᠠᠭᠠᠨ ᠲᠣᠯᠣᠭᠠᠢ ᠪᠣᠯᠣᠨ ᠲᠦᠪᠡᠳ ᠦᠰᠦᠭ ᠢ  ᠦᠨᠳᠦᠰᠦᠯᠡᠵᠦ᠂ ᠱᠠᠰᠢᠨ ᠤ ᠨᠣᠮ ᠰᠣᠳᠣᠷ ᠢ ᠣᠷᠴᠢᠭᠤᠯᠬᠤ ᠬᠡᠷᠡᠭᠴᠡᠭᠡ ᠪᠠᠷ ᠵᠣᠬᠢᠶᠠᠭᠰᠠᠨ ᠪᠠᠶᠢᠨ᠎ᠠ᠃ ᠦᠭᠡᠷ᠎ᠡ ᠪᠠᠷ ᠬᠡᠯᠡᠪᠡᠯ᠂ ᠣᠢᠢᠭᠤᠷᠵᠢᠨ ᠮᠣᠩᠭᠤᠯ ᠦᠰᠦᠭ ᠪᠢᠴᠢᠭ ᠤᠨ ᠰᠠᠨᠰᠺᠠᠷᠲ᠂ ᠲᠦᠪᠡᠳ ᠬᠡᠯᠡᠨ ᠤ ᠵᠠᠷᠢᠮ  ᠠᠪᠢᠶ᠎ᠠ ᠶᠢ ᠢᠯᠡᠳᠭᠡᠵᠦ ᠴᠢᠳᠠᠬᠤ ᠦᠭᠡᠢ ᠲᠣᠲᠠᠭᠳᠠᠯ ᠢ ᠨᠦᠬᠦᠪᠦᠷᠢᠯᠡᠬᠦ᠂ ᠣᠢᠢᠭᠤᠷᠵᠢᠨ ᠮᠣᠩᠭᠤᠯ ᠦᠰᠦᠭ  ᠪᠢᠴᠢᠭ ᠤᠨ ᠪᠢᠷᠭ᠎ᠠ ᠶᠢᠨ ᠣᠷᠣᠨ ᠬᠡᠷᠡᠭᠯᠡᠬᠦ ᠲᠡᠮᠲᠡᠭ ᠢ ᠵᠤᠬᠢᠶᠠᠬᠤ ᠵᠣᠷᠢᠯᠭ᠎ᠠ ᠪᠠᠷ ᠲᠣᠰ ᠦᠰᠦᠭ ᠢ ᠵᠣᠬᠢᠶᠠᠭᠰᠠᠨ  ᠪᠠᠶᠢᠨ᠎ᠠ᠃       ︽ᠰᠣᠶᠣᠩᠪᠤ︾ ᠭᠡᠳᠡᠭ ᠨᠢ ᠰᠠᠨᠰᠺᠠᠷᠲ ᠦᠭᠡ᠃ ᠮᠣᠩᠭᠤᠯᠴᠢᠯᠠᠪᠠᠯ᠂ ︽ᠦᠪᠡᠷ ᠢᠶᠠᠨ ᠪᠣᠯᠣᠭᠰᠠᠨ︾  ᠭᠡᠰᠡᠨ  ᠤᠳᠬ᠎ᠠ ᠲᠠᠢ᠃  ᠪᠢᠷᠭ᠎ᠠ ᠶᠢᠨ ᠣᠷᠣᠨ ᠭᠡᠭᠴᠢ ᠨᠣᠮ ᠰᠣᠳᠣᠷ ᠤᠨ ᠭᠡᠰᠡᠭ᠂ ᠪᠠᠳᠠᠭ ᠤᠨ ᠡᠬᠢᠨ ᠪᠣᠶᠣ  ᠨᠢᠭᠡ ᠪᠣᠳᠢ ᠶᠢᠨ ᠡᠬᠢᠨ ᠳᠤ ︽ᠲᠡᠮᠲᠡᠭ︾ ᠲᠠᠯᠪᠢᠳᠠᠭ ᠭᠠᠵᠠᠷ ᠢ ᠵᠢᠭᠠᠵᠦ ᠪᠣᠢ᠃ ᠣᠴᠢᠷ ᠨᠢ᠂ ᠨᠣᠮ ᠰᠣᠳᠣᠷ ᠨᠢ  ᠭᠡᠰᠡᠭ᠂ ᠪᠠᠳᠠᠭ ᠤᠨ ᠡᠬᠢᠨ ᠪᠣᠶᠣ ᠨᠢᠭᠡ ᠪᠣᠳᠢ ᠶᠢᠨ ᠡᠬᠢᠨ ᠳᠡᠭᠡᠨ ︽ᠪᠢᠷᠭ᠎ᠠ ᠲᠡᠮᠲᠡᠭ︾ ᠲᠠᠯᠪᠢᠳᠠᠭ ᠶᠣᠰᠣ ᠲᠠᠢ  ᠪᠠᠶᠢᠵᠠᠢ᠃ ᠰᠣᠶᠣᠩᠪᠤ ᠦᠰᠦᠭ ᠨᠢ  ᠬᠠᠯᠬ᠎ᠠ ᠶᠢᠨ  ᠰᠦᠮ᠎ᠡ ᠭᠡᠶᠢᠳ ᠤᠨ ᠯᠠᠮᠠ ᠨᠠᠷ ᠤᠨ ᠲᠣᠮᠳᠠ 200 ᠭᠠᠷᠣᠢ  ᠵᠢᠯ ᠣᠯᠠᠮᠵᠢᠯᠠᠭᠳᠠᠵᠦ ᠬᠡᠷᠡᠭᠯᠡᠭᠳᠡᠭᠰᠡᠨ ᠲᠡᠣᠬᠡ ᠲᠠᠢ᠃ ᠰᠣᠶᠣᠩᠪᠤ ᠦᠰᠦᠭ ᠤᠨ ᠪᠢᠴᠢᠯᠭᠡ ᠵᠢᠷᠣᠯᠭ᠎ᠠ ᠨᠢ ᠶᠠᠷᠰᠢᠭ  ᠲᠦᠪᠡᠭᠳᠠᠢ ᠪᠦᠭᠡᠳ ᠰᠣᠷᠴᠣ ᠡᠵᠡᠮᠰᠢᠬᠦ ᠳᠤ ᠪᠠᠰᠠ ᠬᠦᠴᠢᠷᠲᠠᠢ ᠪᠠᠶᠢᠳᠠᠭ ᠠᠴᠠ ᠲᠦᠭᠡᠮᠡᠯᠵᠢᠨ ᠲᠡᠯᠭᠡᠷᠡᠵᠦ ᠴᠢᠳᠠᠭ᠎ᠠ  ᠦᠭᠡᠢ ᠣᠷᠭᠢᠭᠳᠠᠵᠠᠢ᠃ᠸᠠᠬᠢᠨᠳᠠᠷ᠎ᠠ ᠦᠰᠦᠭ᠄ ᠸᠠᠬᠢᠨᠳᠠᠷ᠎ᠠ ᠦᠰᠦᠭ ᠪᠣᠯ ᠣᠢᠢᠭᠤᠷᠵᠢᠨ ᠮᠣᠩᠭᠤᠯ ᠦᠰᠦᠭ ᠤᠨ ᠴᠠᠭᠠᠨ  ᠲᠣᠯᠣᠭᠠᠢ ᠶᠢᠨ ᠰᠠᠭᠤᠷᠢᠨ  ᠳᠡᠭᠡᠷ᠎ᠡ ᠪᠣᠷᠢᠶᠠᠳ ᠨᠣᠳᠤᠭ ᠤᠨ ᠠᠶᠠᠯᠭᠤᠨ ᠤ ᠣᠨᠴᠠᠯᠢᠭ ᠢ ᠦᠨᠳᠦᠰᠦᠯᠡᠵᠦ  ᠵᠣᠬᠢᠶᠠᠭᠰᠠᠨ ᠨᠢᠭᠡᠨ ᠵᠦᠢᠯ ᠤᠨ ᠰᠢᠨ᠎ᠠ ᠦᠰᠦᠭ ᠪᠣᠯᠣᠨ᠎ᠠ᠃ ᠸᠠᠬᠢᠨᠳᠠᠷ᠎ᠠ ᠦᠰᠦᠭ ᠤᠨ ᠴᠠᠭᠠᠨ ᠲᠣᠯᠣᠭᠠᠢ ᠳᠤ  ᠡᠭᠡᠰᠢᠭ 8᠂ ᠭᠡᠶᠢᠭᠦᠯᠦᠭᠴᠢ 28᠂ ᠨᠡᠮᠡᠯᠳᠡ ᠲᠡᠮᠲᠡᠭ 2 ᠪᠠᠶᠢᠳᠠᠭ᠃ ᠡᠭᠡᠰᠢᠭ᠂ ᠭᠡᠶᠢᠭᠦᠯᠦᠭᠴᠢ ᠦᠰᠦᠭ ᠨᠢ  ᠦᠭᠡ ᠶᠢᠨ ᠡᠬᠢᠨ ᠂ ᠲᠣᠮᠳᠠ᠂ ᠠᠳᠠᠭ ᠲᠤ ᠪᠢᠴᠢᠭᠳᠡᠬᠦ ᠳᠡᠭᠡᠨ ᠬᠤᠪᠢᠷᠠᠯᠳᠠ ᠦᠭᠡᠢ᠃ ᠦᠰᠦᠭ ᠤᠨ ᠪᠢᠴᠢᠯᠭᠡ ᠨᠢ  ᠬᠤᠭᠤᠷᠣᠨᠳᠣ ᠪᠠᠨ ᠲᠣᠳᠣ ᠢᠯᠭᠠᠭ᠎ᠠ ᠲᠠᠢ ᠪᠠᠶᠢᠳᠠᠭ᠃ ᠡᠨᠡ ᠨᠢ ᠲᠣᠰ ᠦᠰᠦᠭ ᠤᠨ ᠨᠢᠭᠡᠨ ᠣᠨᠴᠠᠯᠢᠭ ᠪᠣᠯᠣᠨ᠎ᠠ᠃       ᠸᠠᠬᠢᠨᠳᠠᠷ᠎ᠠ  ᠦᠰᠦᠭ  ᠢ ᠪᠠᠶᠢᠭᠠᠯ ᠨᠠᠭᠤᠷ ᠤᠨ ᠬᠤᠶᠢᠳᠣ  ᠬᠠᠪᠢ ᠳᠤ ᠠᠮᠢᠳᠣᠷᠠᠵᠦ ᠪᠠᠶᠢᠭᠰᠠᠨ ᠪᠣᠷᠢᠶᠠᠳ  ᠯᠠᠮᠠ ᠠᠭᠸᠠᠩᠳᠣᠷᠵᠢ ᠭᠡᠭᠴᠢ ᠬᠦᠮᠦᠨ 1905 ᠤᠨ ᠳᠤ ᠵᠣᠬᠢᠶᠠᠵᠠᠢ᠃ ᠠᠭᠸᠠᠩ ᠭᠡᠳᠡᠭ ᠨᠢ ᠲᠦᠪᠡᠳ  ᠨᠡᠷ᠎ᠡ᠃  ᠰᠠᠨᠰᠺᠠᠷᠲ  ᠬᠡᠯᠡ ᠪᠠᠷ ᠣᠷᠴᠢᠭᠤᠯᠪᠠᠯ ︽ᠸᠠᠬᠢᠨᠳᠠᠷ᠎ᠠ︾ ᠭᠡᠰᠡᠨ ᠦᠭᠡ᠃ ᠵᠣᠬᠢᠶᠠᠭᠴᠢ ᠠᠴᠠ ᠡᠨᠡᠬᠦ ᠰᠢᠨ᠎ᠡ ᠪᠠᠷ  ᠵᠣᠬᠢᠶᠠᠭᠳᠠᠭᠰᠠᠨ‌ᠦᠰᠦᠭ ᠢᠶᠠᠨ ᠦᠪᠡᠷ ᠤᠨ ᠲᠦᠪᠡᠳ ᠨᠡᠷ᠎ᠡ ᠶᠢᠨ ᠢᠶᠠᠨ ᠰᠠᠨᠰᠺᠠᠷᠲ ᠬᠡᠯᠡ ᠤ  ᠤᠷᠴᠢᠭᠤᠯᠤᠯᠭ᠎ᠠ ᠪᠠᠷ  ︽ᠸᠠᠬᠢᠨᠳᠠᠷ᠎ᠠ︾ ᠭᠡᠮᠡᠨ ᠨᠡᠷᠡᠶᠢᠳᠦᠭᠰᠡᠨ ᠪᠠᠶᠢᠵᠠᠢ᠃ ᠸᠠᠬᠢᠨᠳᠠᠷ᠎ᠠ ᠦᠰᠦᠭ ᠨᠢ ᠪᠣᠷᠢᠶᠠᠳᠴᠣᠳ ᠤᠨ ᠲᠣᠮᠳᠠ ᠮᠠᠰᠢ  ᠣᠬᠤᠷᠬᠠᠨ ᠬᠤᠭᠤᠴᠠᠭ᠎ᠠ ᠬᠡᠷᠡᠭᠯᠡᠭᠳᠡᠭᠡᠳ ᠣᠷᠭᠢᠭᠳᠠᠭᠰᠠᠨ ᠲᠣᠯᠠ ᠡᠨᠡᠬᠦ ᠦᠰᠦᠭ ᠪᠢᠴᠢᠭ ᠤᠨ ᠲᠣᠬᠠᠢ ᠦᠭᠦᠯᠡᠭᠰᠡᠨ  ᠂ ᠡᠨᠡᠬᠦ ᠦᠰᠦᠭ ᠪᠢᠴᠢᠭ ᠢᠶᠠᠷ ᠲᠡᠮᠲᠡᠭᠯᠡᠭᠳᠡᠵᠦ ᠦᠯᠡᠳᠡᠭᠰᠡᠨ ᠮᠡᠳᠡᠭᠡ ᠪᠠᠷᠢᠮᠳᠠ ᠲᠣᠩ ᠬᠤᠪᠣᠷᠬᠠᠨ ᠪᠢᠯᠠ᠃       ᠺᠠᠷᠢᠯᠠᠯ ᠮᠣᠩᠭᠤᠯ ᠦᠰᠦᠭ᠄ ᠺᠠᠷᠢᠯᠠᠯ ᠮᠣᠩᠭᠤᠯ ᠦᠰᠦᠭ ᠪᠣᠯ ᠺᠠᠷᠢᠯᠠᠯ ᠦᠰᠦᠭ ᠢᠶᠠᠷ ᠰᠠᠭᠤᠷᠢ ᠪᠣᠯᠭᠠᠭᠰᠠᠨ  ᠰᠠᠯᠧ ᠴᠠᠭᠠᠨ ᠲᠣᠯᠣᠭᠠᠢ ᠶᠢ ᠰᠢᠯᠵᠢᠭᠦᠯᠦᠨ ᠬᠡᠷᠡᠭᠯᠡᠭᠰᠡᠨ ᠨᠢᠭᠡ ᠵᠦᠢᠯ ᠤᠨ ᠦᠰᠦᠭ ᠪᠢᠴᠢᠭ ᠪᠣᠯᠣᠨ᠎ᠠ ᠃ ᠡᠨᠡᠬᠦ  ᠦᠰᠦᠭ ᠪᠢᠴᠢᠭ ᠢ ᠮᠣᠩᠭᠤᠯ ᠠᠷᠠᠳ ᠣᠯᠣᠰ ᠤᠨ ᠬᠢᠨ 1941 ᠤᠨ ᠳᠤ ᠲᠠᠷᠣᠢ ᠲᠡᠯᠭᠡᠷᠡᠭᠦᠯᠦᠨ ᠬᠡᠷᠡᠭᠯᠡᠬᠦ ᠪᠠᠷ  ᠲᠣᠭᠳᠠᠭᠠᠯ ᠭᠠᠷᠭᠠᠭᠰᠠᠨ ᠪᠣᠯᠪᠠᠴᠣ ᠲᠡᠯᠡᠬᠡᠢ ᠶᠢᠨ ᠬᠤᠶᠠᠳᠣᠭᠠᠷ ᠲᠠᠶᠢᠨ ᠤ ᠨᠦᠯᠦᠭᠡᠯᠡᠯ ᠠᠴᠠ ᠪᠣᠯᠵᠦ  ᠬᠤᠶᠢᠰᠢᠯᠠᠭᠳᠠᠭᠠᠳ᠂ 1945 ᠤᠨ ᠤ ᠨᠠᠮᠣᠷ ᠠᠴᠠ ᠰᠠᠶ᠋ᠢ ᠲᠣᠷᠰᠢᠯᠳᠠ ᠬᠢᠵᠦ᠂ 1946 ᠤᠨ ᠠᠴᠠ ᠠᠯᠪᠠᠨ  ᠶᠣᠰᠣᠭᠠᠷ ᠲᠦᠭᠡᠮᠡᠯᠵᠢᠭᠦᠯᠦᠨ ᠬᠡᠷᠡᠭᠯᠡᠪᠡ᠃ ᠡᠭᠦᠨ ᠠᠴᠠ ᠡᠮᠦᠨ᠎ᠠ᠂ ᠲᠠᠷᠣᠢ ᠬᠠᠯᠢᠮᠠᠭᠴᠣᠳ ᠪᠣᠯᠣᠨ ᠪᠣᠷᠢᠶᠠᠳᠴᠣᠳ  ᠰᠠᠯᠧ ᠦᠰᠦᠭ ᠪᠢᠴᠢᠭ ᠢ ᠬᠡᠷᠡᠭᠯᠡᠵᠦ ᠪᠠᠶᠢᠵᠠᠢ᠃       ᠺᠠᠷᠢᠯᠠᠯ ᠮᠣᠩᠭᠤᠯ ᠦᠰᠦᠭ ᠢ ᠦᠪᠦᠷ ᠮᠣᠩᠭᠤᠯᠴᠣᠳ ᠮᠠᠨᠢ ︽ᠮᠣᠩᠭᠤᠯ  ᠰᠢᠨ᠎ᠡ ᠦᠰᠦᠭ︾᠂ ︽ ᠮᠣᠩᠭᠤᠯ  ᠰᠠᠯᠧ ᠦᠰᠦᠭ︾ ᠭᠡᠵᠦ ᠨᠡᠷᠡᠯᠡᠳᠡᠭ᠃ᠮᠣᠩᠭᠤᠯ  ᠰᠢᠨ᠎ᠡ ᠦᠰᠦᠭ ᠤᠨ ᠴᠠᠭᠠᠨ ᠲᠣᠯᠣᠭᠠᠢ ᠳᠤ ᠡᠭᠡᠰᠢᠭ ᠦᠰᠦᠭ 13 ᠭᠡᠶᠢᠭᠦᠯᠦᠭᠴᠢ ᠦᠰᠦᠭ 20  ᠂ ᠬᠠᠲᠠᠭᠤ ᠵᠦᠭᠡᠯᠡᠨ ᠤ ᠲᠡᠮᠲᠡᠭ ᠦᠰᠦᠭ 2 ᠪᠠᠶᠢᠳᠠᠭ᠃ ᠪᠠᠰᠠ ᠡᠭᠡᠰᠢᠭ ᠦᠰᠦᠭ ᠤᠨ ᠦᠨᠳᠦᠰᠦᠨ ᠲᠡᠮᠲᠡᠭ ᠠᠴᠠ  ᠪᠦᠷᠢᠯᠳᠦᠭᠰᠡᠨ ᠣᠷᠳᠣ ᠡᠭᠡᠰᠢᠭ ᠢ ᠲᠡᠮᠲᠡᠭᠯᠡᠬᠦ ᠦᠰᠦᠭ 19᠂ ᠬᠤᠣᠰ ᠡᠭᠡᠰᠢᠭ ᠢ ᠲᠡᠮᠲᠡᠭᠯᠡᠬᠦ ᠦᠰᠦᠭ 7 ᠪᠣᠢ᠃       ᠮᠣᠩᠭᠤᠯ ᠰᠢᠨ᠎ᠠ ᠦᠰᠦᠭ ᠤᠨ ᠲᠠᠪᠠᠭᠤᠯᠢᠭ ᠲᠠᠢ ᠳᠠᠯ᠎ᠠ ᠭᠡᠪᠡᠯ᠄ ᠪᠢᠴᠢᠯᠭᠡ ᠬᠡᠯᠡᠯᠭᠡ ᠶᠢ ᠨᠢᠭᠡᠳᠭᠡᠵᠦ  ᠴᠢᠳᠠᠭᠰᠠᠨ ᠠᠴᠠ ᠣᠣᠯ ᠤᠨ ᠮᠣᠩᠭᠤᠯ ᠦᠰᠦᠭ ᠤᠨ ᠦᠰᠦᠭ ᠪᠢᠴᠢᠭ ᠪᠣᠯᠣᠨ ᠶᠠᠷᠢᠶᠠᠨ ᠤ ᠬᠡᠯᠡᠨ ᠤ  ᠵᠦᠷᠢᠶ᠎ᠠ ᠶᠢ  ᠦᠭᠡᠶᠢᠰᠭᠡᠵᠦ ᠴᠢᠳᠠᠭᠰᠠᠨ ᠳᠤ ᠣᠷᠣᠰᠢᠨ᠎ᠠ᠃ ᠪᠠᠰᠠ ᠣᠣᠯ ᠤᠨ ᠮᠣᠩᠭᠤᠯ ᠪᠢᠴᠢᠭ ᠤᠨ ᠨᠢᠭᠡ ᠦᠰᠦᠭ ᠢᠶᠠᠷ  ᠬᠡᠳᠣᠨ  ᠠᠪᠢᠶ᠎ᠠ ᠶᠢ ᠲᠡᠮᠲᠡᠭᠯᠡᠬᠦ᠂ ᠨᠢᠭᠡ ᠦᠰᠦᠭ ᠨᠢ ᠦᠭᠡ ᠶᠢᠨ ᠡᠬᠢᠨ᠂ ᠲᠣᠮᠳᠠ᠂ ᠠᠳᠠᠭ ᠲᠤ ᠬᠤᠪᠢᠯᠪᠣᠷᠢ ᠲᠠᠢ  ᠪᠢᠴᠢᠭᠳᠡᠳᠡᠭ ᠵᠣᠷᠰᠢᠯ ᠢ ᠦᠭᠡᠢᠰᠭᠡᠵᠦ ᠴᠢᠳᠠᠭᠰᠠᠨ ᠪᠠᠶᠢᠨ᠎ᠠ᠃  ᠰᠢᠨ᠎ᠡ ᠦᠰᠦᠭ ᠨᠢ ᠬᠦᠨᠳᠡᠯᠡᠨ ᠪᠢᠴᠢᠭᠳᠡᠳᠡᠭ  ᠣᠴᠢᠷ ᠠᠴᠠ ᠬᠡᠪᠯᠡᠯ᠂ ᠲᠠᠷᠣᠮᠠᠯᠯᠠᠯ ᠤᠨ ᠠᠵᠢᠯ ᠳᠤ ᠴᠦ ᠲᠦᠭᠦᠮ ᠪᠣᠯᠣᠭᠰᠠᠨ ᠪᠣᠢ᠃       ᠮᠣᠩᠭᠤᠯ ᠰᠢᠨ᠎ᠠ ᠦᠰᠦᠭ ᠤᠨ ᠭᠦᠢᠴᠡᠳ ᠪᠣᠰᠣ ᠳᠠᠯ᠎ᠠ ᠭᠡᠪᠡᠯ᠂ ᠰᠠᠯᠧ ᠴᠠᠭᠠᠨ ᠲᠣᠯᠣᠭᠠᠢ ᠶᠢᠨ ᠭᠤᠴᠢᠨ  ᠭᠤᠷᠪᠠᠨ ᠦᠰᠦᠭ ᠢ ᠣᠭ ᠬᠡᠪ ᠢᠶᠠᠷ ᠨᠢ ᠠᠪᠴᠣ ᠬᠡᠷᠡᠭᠯᠡᠭᠰᠡᠨ ᠲᠣᠯᠠ ᠬᠡᠷᠡᠭᠴᠡᠭᠡ ᠦᠭᠡᠢ ᠢᠯᠡᠭᠦᠴᠡ ᠦᠰᠦᠭ ᠢ  ᠠᠪᠴᠣ᠂ ᠬᠡᠷᠡᠭᠴᠡᠭᠡ ᠲᠠᠢ ᠦᠰᠦᠭ ᠢᠶᠠᠨ ᠨᠡᠮᠡᠵᠦ ᠣᠷᠣᠭᠤᠯᠣᠭᠰᠠᠨ ᠦᠭᠡᠢ ᠲᠣᠲᠠᠭᠳᠠᠯ ᠲᠠᠢ᠃ ᠵᠢᠰᠢᠶᠡᠯᠡᠪᠡᠯ᠂ ︽ ᠶ᠊︾  ᠠᠪᠢᠶ᠎ᠠ  ᠶᠢ ᠲᠡᠮᠲᠡᠭᠯᠡᠬᠦ ᠭᠡᠶᠢᠭᠦᠯᠦᠭᠴᠢ ᠦᠰᠦᠭ ᠢ ᠨᠡᠮᠡᠵᠦ ᠣᠷᠣᠭᠤᠯᠣᠭᠰᠠᠨ ᠦᠭᠡᠢ ᠪᠠᠶᠢᠳᠠᠭ᠃  ᠣᠨᠴᠠᠭᠠᠢᠢᠯᠠᠨ ᠵᠦᠪ ᠪᠢᠴᠢᠬᠦ ᠲᠦᠷᠢᠮ᠂ ᠵᠦᠪ ᠣᠡᠭᠰᠢᠬᠤ ᠲᠦᠷᠢᠮ ᠤᠨ ᠳᠠᠯ᠎ᠠ ᠪᠠᠷ ᠡᠭᠡᠳᠡᠷᠡᠭᠡᠨ ᠲᠠᠢ᠂ ᠶᠠᠷᠰᠢᠭ  ᠲᠦᠪᠡᠭ ᠲᠠᠢ ᠵᠦᠢᠯ ᠴᠦ ᠣᠯᠠᠨ ᠪᠠᠶᠢᠳᠠᠭ᠃       ᠮᠣᠩᠭᠤᠯ ᠠᠷᠠᠳ ᠣᠯᠣᠰ ᠤᠨ ᠬᠢᠨ ᠲᠣᠬᠠᠢ ᠶᠢᠨ ᠦᠶ᠎ᠡ ᠳᠤ ᠣᠵᠣᠭᠤᠷ ᠠᠴᠠ ᠬᠡᠷᠡᠭᠯᠡᠵᠦ ᠢᠷᠡᠭᠰᠡᠨ  ᠬᠠᠭᠤᠴᠢᠨ ᠮᠣᠩᠭᠤᠯ ᠦᠰᠦᠭ ᠪᠢᠴᠢᠭ ᠢᠶᠠᠨ ᠣᠷᠭᠢᠵᠦ ︽ᠰᠢᠨ᠎ᠠ ᠮᠣᠩᠭᠤᠯ ᠦᠰᠦᠭ︾ ᠢ ᠵᠣᠬᠢᠶᠠᠵᠦ ᠬᠡᠷᠡᠭᠯᠡᠬᠦ  ᠭᠡᠰᠡᠨ ᠤ ᠵᠣᠷᠢᠯᠭ᠎ᠠ ᠨᠢ᠂ ᠪᠦᠬᠦ ᠠᠷᠠᠳ ᠤᠨ ᠢᠶᠠᠨ ᠦᠰᠦᠭ ᠲᠠᠨᠢᠬᠤ ᠬᠢᠷᠢ ᠬᠡᠮᠵᠢᠶ᠎ᠠ  ᠶᠢ ᠲᠦᠷᠭᠡᠨ  ᠲᠡᠭᠡᠭᠰᠢᠯᠠᠭᠦᠯᠬᠦ ᠶᠢ ᠯᠠ ᠪᠣᠳᠣᠯᠬᠢᠯᠠᠭᠰᠠᠨ ᠳᠤ ᠣᠷᠣᠰᠢᠨ᠎ᠠ᠃       1992 ᠤᠨ ᠳᠤ ᠮᠣᠩᠭᠤᠯ ᠣᠯᠣᠰ ᠤᠨ ᠶᠡᠭᠡ ᠬᠤᠷᠠᠯ ᠨᠢ ᠣᠢᠢᠭᠤᠷᠵᠢᠨ ᠮᠣᠩᠭᠤᠯ ᠦᠰᠦᠭ ᠢ ᠢᠳᠡᠭ  ᠢᠳᠡᠭ ᠢᠶᠠᠷ ᠰᠡᠷᠭᠦᠭᠡᠵᠦ ᠬᠡᠷᠡᠭᠯᠡᠬᠦ ᠪᠠᠷ ᠲᠣᠭᠳᠠᠭᠠᠯ  ᠭᠠᠷᠭᠠᠯ᠎ᠠ ᠭᠡᠰᠡᠨ ᠮᠡᠳᠡᠭᠡ ᠴᠦ ᠪᠣᠢ᠃  ᠮᠠᠨ ᠤ ᠦᠪᠦᠷ ᠮᠣᠩᠭᠤᠯ ᠣᠷᠣᠨ ᠪᠠᠰᠠ 1955 ᠤᠨ ᠤ 7 ᠰᠠᠷ᠎ᠠ ᠠᠴᠠ 1958 ᠤᠨ ᠤ 3  ᠰᠠᠷ᠎ᠠ  ᠪᠤᠯᠳᠠᠯ᠎ᠠ ︽ᠰᠢᠨ᠎ᠠ  ᠮᠣᠩᠭᠤᠯ ᠦᠰᠦᠭ︾ ᠢ ᠰᠣᠷᠴᠣ ᠬᠡᠷᠡᠭᠯᠡᠭᠰᠡᠨ ᠦᠡᠭᠭᠡᠷᠡᠯᠳᠡ ᠲᠠᠢ ᠪᠢᠯᠠ᠃
 
ᠢᠷᠡᠯᠲᠡ᠄ ᠬᠡᠰᠢᠭᠳᠡᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号