ᠮᠤᠩᠭᠤᠯ ᠦᠰᠦᠭ ᠪᠢᠴᠢᠭ ᠤᠨ ᠲᠡᠤᠬᠡ ᠶᠢᠨ ᠲᠤᠬᠠᠢ (ᠨᠢᠭᠡ︶
ᠨᠡᠶᠢᠲᠡᠯᠡᠭᠰᠡᠨ ᠴᠠᠭ᠄
2019/12/9
                                         —— ᠷᠠᠰᠢᠸᠠᠩᠵᠢᠯ       ᠮᠤᠩᠭᠤᠯᠴᠤᠳ ᠪᠤᠯ ᠦᠰᠦᠭ ᠪᠢᠴᠢᠭ ᠤᠨ ᠦᠨᠢ ᠤᠳᠠᠭᠠᠨ ᠲᠡᠤᠬᠡ ᠲᠠᠢ ᠦᠨᠳᠦᠰᠦᠳᠡᠨ ᠪᠤᠯᠠᠢ᠃ ᠮᠦᠨ  ᠲᠡᠤᠬᠡ ᠶᠢᠨ ᠬᠦᠭᠵᠢᠯᠳᠡ ᠶᠢᠨ ᠶᠠᠪᠤᠴᠠ ᠳᠤ᠂ ᠤᠯᠠᠨ ᠵᠦᠢᠯ ᠤᠨ ᠰᠢᠯᠳᠠᠭᠠᠨ ᠠᠴᠠ ᠪᠤᠯᠵᠤ ᠬᠡᠳᠦ ᠬᠡᠳᠦᠨ ᠦᠰᠦᠭ  ᠪᠢᠴᠢᠭ ᠢ ᠵᠤᠬᠢᠶᠠᠨ ᠬᠡᠷᠡᠭᠯᠡᠵᠦ ᠦᠵᠡᠭᠰᠡᠨ ᠲᠡᠤᠬᠡ ᠴᠤ ᠪᠠᠶᠢᠳᠠᠭ ᠪᠤᠯᠠᠢ᠃ᠮᠤᠩᠭᠤᠯᠴᠤᠳ ᠤᠨ ᠬᠠᠮᠤᠭ ᠲᠦᠷᠦᠬᠦᠤ  ᠵᠤᠬᠢᠶᠠᠨ ᠬᠡᠷᠡᠭᠯᠡᠭᠰᠡᠨ ᠦᠰᠦᠭ ᠪᠢᠴᠢᠭ ᠪᠤᠯ ᠲᠠᠷᠤᠢ  ᠤᠢᠢᠭᠤᠷᠵᠢᠨ ᠮᠤᠩᠭᠤᠯ ᠦᠰᠦᠭ ᠪᠢᠴᠢᠭ ᠪᠢᠯᠡ᠃ ᠤᠢᠢᠭᠤᠷᠵᠢᠨ ᠮᠤᠩᠭᠤᠯ ᠦᠰᠦᠭ ᠪᠢᠴᠢᠭ ᠪᠤᠯ ᠨᠢᠬᠡᠨ  ᠵᠦᠢᠯ ᠤᠨ ᠠᠪᠢᠶᠠᠲᠤ ᠦᠰᠦᠭ ᠪᠢᠴᠢᠭ ᠮᠦᠨ᠃ ᠡᠷᠳᠡᠮᠳᠡᠨ ᠰᠤᠳᠤᠯᠭᠠᠳᠠᠨ ᠨᠠᠷ ᠤᠨ ᠰᠤᠳᠤᠯᠭᠠᠨ ᠤ ᠦᠷ᠎ᠠ  ᠳ᠋ᠦᠩ ᠠᠴᠠ ᠦᠵᠡᠪᠡᠯ᠂ ᠠᠷᠪᠠᠳᠤᠭᠠᠷ ᠵᠠᠭᠤᠨ ᠤ ᠦᠶ᠎ᠠ ᠳᠤ ᠮᠤᠩᠭᠤᠯᠴᠤᠳ ᠨᠢ ᠲᠠᠷᠤᠢ ᠤᠢᠢᠭᠤᠷᠵᠢᠨ ᠮᠤᠩᠭᠤᠯ  ᠦᠰᠦᠭ ᠢ ᠵᠤᠬᠢᠶᠠᠨ ᠬᠡᠷᠡᠭᠯᠡᠵᠦ ᠪᠠᠶᠢᠭᠰᠠᠨ ᠪᠠᠶᠢᠵᠠᠢ᠃ ᠡᠬᠦᠨ ᠳᠤ᠂ ᠮᠤᠩᠭᠤᠯ ᠠᠶᠢᠮ᠊ ᠬ᠋᠊ ᠤᠳ ᠤᠨ ᠲᠤᠳᠤᠷ᠎ᠠ ᠪᠠᠨ  ᠬᠠᠮᠤᠭ ᠤᠷᠢᠳᠠᠪᠡᠷ ᠨᠠᠢᠮᠠᠨ ᠠᠶᠢᠮᠠᠭ ᠨᠢ ᠤᠢᠢᠭᠤᠷᠵᠢᠨ ᠮᠤᠩᠭᠤᠯ ᠦᠰᠦᠭ ᠪᠢᠴᠢᠭ ᠢ ᠵᠤᠬᠢᠶᠠᠨ ᠬᠡᠷᠡᠭᠯᠡᠵᠦ  ᠡᠬᠢᠯᠡᠭᠰᠡᠨ ᠬᠡᠳᠡᠭ ᠨᠤᠳᠠᠯᠠᠯᠳᠠ ᠪᠠᠶᠢᠳᠠᠭ᠃       ᠤᠨ ᠲᠤᠭᠠᠯᠠᠯ ᠤᠨ 841 ︱ 846 ᠤᠨ ᠤ ᠦᠶ᠎ᠠ ᠪᠠᠷ᠂ ᠺᠧᠮ ᠮᠦᠷᠡᠨ ᠤ ᠡᠬᠢ ᠪᠠᠷ ᠨᠤᠳᠤᠭᠯᠠᠵᠤ  ᠪᠠᠶᠢᠭᠰᠠᠨ ᠮᠤᠩᠭᠤᠯ ᠤᠨ ᠨᠢᠬᠡᠨ ᠤᠭᠰᠠᠭ᠎ᠠ ᠠᠶᠢᠮᠠᠬ ᠨᠢ ᠡᠮᠦᠨᠡᠰᠢ ᠨᠡᠬᠦᠳᠡᠯᠯᠡᠨ ᠢᠷᠡᠵᠦ ᠠᠯᠳᠠᠢ᠂ ᠬᠠᠩᠭᠠᠢ ᠬᠤᠶᠠᠷ  ᠨᠢᠷᠤᠭᠤ ᠶᠢᠨ ᠬᠤᠭᠤᠷᠤᠨᠳᠤᠬᠢ ᠲᠦᠷᠺ ᠤᠨ ᠬᠠᠭᠤᠴᠢᠨ ᠨᠤᠳᠤᠭ ᠲᠤ ᠰᠠᠭᠤᠷᠢᠰᠢᠨ ᠠᠮᠢᠳᠤᠷᠠᠵᠤ᠂ ᠠᠶᠢᠮᠠᠭ ᠤᠨ  ᠨᠡᠷ᠎ᠡ ᠪᠠᠨ ︽ᠨᠠᠢᠮᠠᠨ︾ ᠬᠡᠮᠡᠨ ᠨᠡᠷᠡᠶᠢᠳᠦᠭᠰᠡᠨ ᠪᠠᠶᠢᠵᠠᠢ ᠬᠡᠨ᠎ᠡ᠃ ᠡᠨᠡᠬᠦ ᠨᠠᠢᠮᠠᠨ ᠠᠶᠢᠮᠠᠭ ᠨᠢ ᠤᠢᠢᠭᠤᠷᠴᠤᠳ ᠯᠤᠭ᠎ᠠ  ᠨᠤᠳᠤᠭ ᠲᠡᠪᠢᠰᠬᠡᠷ ᠵᠠᠬ᠎ᠠ ᠨᠡᠶᠢᠯᠡᠨ ᠠᠵᠤ ᠠᠮᠢᠳᠤᠷᠠᠵᠤ᠂ ᠰᠤᠶᠤᠯ ᠤᠨ ᠨᠦᠯᠦᠬᠡ ᠶᠢ ᠨᠢ ᠶᠡᠬᠡᠪᠡᠷ ᠬᠦᠷᠳᠡᠵᠦ  ᠪᠠᠶᠢᠭᠰᠠᠨ ᠠᠴᠠ ᠨᠠᠢᠮᠠᠨ ᠠᠶᠢᠮᠠᠭ ᠨᠢ ᠮᠤᠩᠭᠤᠯ ᠠᠶᠢᠮᠠᠭ ᠤᠳ ᠤᠨ ᠲᠤᠳᠤᠷ᠎ᠠ ᠪᠠᠨ ᠬᠠᠮᠤᠭ ᠲᠦᠷᠦᠬᠦᠨ ᠳᠤ  ᠤᠢᠢᠭᠤᠷ ᠦᠰᠦᠭ ᠪᠢᠴᠢᠭ ᠢ ᠨᠢ ᠵᠢᠬᠡᠯᠡᠵᠦ ᠦᠪᠡᠷ ᠤᠨ ᠬᠡᠯᠡ ᠠᠶᠠᠯᠭᠤ ᠪᠠᠨ ᠲᠡᠮᠳᠡᠭᠯᠡᠨ ᠬᠡᠷᠡᠭᠯᠡᠵᠦ ᠡᠬᠢᠯᠡᠭᠰᠡᠨ  ᠪᠠᠶᠢᠵᠠᠢ᠃ ᠡᠶᠢᠮᠦ ᠳᠡᠭᠡᠨ ᠡᠨᠡᠬᠦ ᠦᠰᠦᠭ ᠪᠢᠴᠢᠭ ᠢᠶᠠᠨ ︽ᠤᠢᠢᠭᠤᠷᠵᠢᠨ ᠮᠤᠩᠭᠤᠯ ᠦᠰᠦᠭ︾ ᠬᠡᠮᠡᠨ  ᠨᠡᠷᠡᠶᠢᠳᠦᠭᠰᠡᠨ ᠬᠡᠳᠡᠭ᠃       ᠡᠷᠳᠡᠨ ᠤ ᠤᠢᠢᠭᠤᠷ ᠦᠰᠦᠭ ᠤᠨ ᠴᠠᠭᠠᠨ ᠲᠤᠯᠤᠭᠠᠢ ᠶᠢᠨ ᠦᠰᠦᠭ ᠤᠨ ᠲᠡᠮᠳᠡᠭ᠂ ᠦᠰᠦᠭ ᠤᠨ ᠲᠤᠭ᠎ᠠ  ᠪᠤᠯᠤᠨ ᠡᠷᠳᠡᠨ ᠤ ᠤᠢᠢᠭᠤᠷᠵᠢᠨ ᠮᠤᠩᠭᠤᠯ ᠦᠰᠦᠭ ᠤᠨ ᠴᠠᠭᠠᠨ ᠲᠤᠯᠤᠭᠠᠢ ᠶᠢᠨ ᠦᠰᠦᠭ ᠤᠨ ᠲᠡᠮᠳᠡᠭ᠂  ᠦᠰᠦᠭ ᠤᠨ ᠲᠤᠭ᠎ᠠ ᠶᠢᠨ ᠲᠠᠯ᠎ᠠ ᠪᠠᠷ ᠡᠷᠳᠡᠨ ᠤ ᠲᠤᠯᠭᠤᠷ ᠪᠢᠴᠢᠭ ᠤᠳ ᠲᠤ ᠪᠦᠷᠢᠨ ᠲᠤᠳᠤᠷᠬᠠᠢ ᠲᠡᠮᠳᠡᠭᠯᠡᠭᠰᠡᠨ  ᠮᠡᠳᠡᠭᠡ ᠪᠠᠷᠢᠮᠳᠠ ᠤᠳᠤ ᠪᠤᠯᠳᠠᠯ᠎ᠠ ᠲᠡᠳᠦᠢ ᠬᠦᠢᠴᠡᠳ ᠤᠯᠳᠠᠭ᠎ᠠ ᠦᠬᠡᠢ ᠪᠠᠶᠢᠭᠰᠠᠭᠠᠷ ᠬᠡᠳᠡᠭ᠃ ᠰᠦᠩ  ᠤᠯᠤᠰ ᠤᠨ ᠡᠯᠴᠢ ᠫᠧᠩ ᠳ᠋ᠠ ᠶᠠ ᠶᠢᠨ ︽ᠬᠠᠷ᠎ᠠ ᠲᠠᠲ᠋ᠠᠷ ᠤᠨ ᠲᠤᠬᠠᠢ ᠬᠡᠷᠡᠭ ᠤᠨ ᠲᠤᠪᠴᠢ︾ ᠬᠡᠳᠡᠭ  ᠵᠢᠭᠤᠯᠴᠢᠯᠠᠯ ᠤᠨ ᠲᠡᠮᠳᠡᠭᠯᠡᠯ ᠳᠤ᠂ ᠤᠢᠢᠭᠤᠷ ᠦᠰᠦᠭ ᠤᠨ ᠴᠠᠭᠠᠨ ᠲᠤᠯᠤᠭᠠᠢ ᠨᠢ ᠬᠤᠷᠢᠨ ᠨᠢᠬᠡᠨ ᠦᠰᠦᠭ ᠲᠠᠢ᠂  ᠡᠬᠦᠨ ᠢᠶᠠᠨ ᠬᠤᠯᠪᠤᠨ ᠬᠠᠪᠰᠤᠷᠠᠭᠤᠯᠵᠤ ᠦᠬᠡ ᠪᠤᠯᠭᠠᠳᠠᠭ ᠶᠤᠮ ᠬᠡᠰᠡᠨ ᠨᠢᠬᠡᠨ ᠲᠡᠮᠳᠡᠭᠯᠡᠯ ᠪᠤᠢ ᠭᠡᠳᠡᠭ᠃ ᠶᠤᠸᠠᠨ  ᠤᠯᠤᠰ ᠤᠨ ᠦᠶ᠎ᠡ ᠶᠢᠨ ᠪᠢᠴᠢᠭ ᠤᠨ ᠬᠦᠮᠦᠨ ᠲᠤᠤ ᠽᠦᠩ ᠢ ︵陶宗仪︶ ᠠᠴᠠ ︽ᠪᠢᠴᠢᠭ  ᠲᠡᠤᠬᠡ ᠶᠢᠨ ᠴᠢᠬᠤᠯᠠ ᠬᠤᠷᠢᠶᠠᠩᠭᠤᠢ︾ ︵书史会要︶ ᠭᠡᠳᠡᠭ ᠨᠤᠮ ᠳᠠᠭᠠᠨ᠂ ᠤᠢᠢᠭᠤᠷᠵᠢᠨ ᠦᠰᠦᠭ  ᠬᠡᠳᠦ᠋ᠢᠪᠡᠷ ᠬᠤᠷᠢ ᠭᠠᠷᠦ᠋ᠢᠬᠠᠨ ᠦᠰᠦᠭ ᠲᠠᠢ ᠪᠤᠯᠪᠠᠴᠤ ᠲᠠᠪᠬᠤᠷᠳᠠᠭᠰᠠᠨ ᠲᠠᠭᠤᠳᠠᠯᠭ᠎ᠠ ᠶᠢ ᠭᠠᠷᠭᠠᠪᠠᠯ᠂ ᠠᠷᠪᠠᠨ  ᠲᠠᠪᠤᠬᠠᠨ ᠴᠠᠭᠠᠨ ᠲᠤᠯᠤᠭᠠᠢ ᠶᠢᠨ ᠦᠰᠦᠭ ᠪᠤᠢ᠃ ᠨᠢᠬᠡᠨ ᠦᠰᠦᠭ ᠢᠶᠠᠷ ᠤᠯᠠᠨ ᠠᠪᠢᠶ᠎ᠠ ᠶᠢ ᠤᠷᠤᠯᠠᠨ  ᠲᠡᠮᠳᠡᠭᠯᠡᠬᠦ ᠨᠢ ᠤᠯᠠᠨ ᠪᠤᠯᠠᠢ ᠬᠡᠰᠡᠨ ᠨᠢᠬᠡᠨ ᠲᠡᠮᠳᠡᠭᠯᠡᠯ ᠪᠤᠢ ᠭᠡᠳᠡᠭ᠃       ᠡᠷᠳᠡᠮᠳᠡᠨ ᠰᠤᠳᠤᠯᠭᠠᠳᠠᠨ ᠨᠠᠷ ᠠᠴᠠ ᠶᠤᠸᠠᠨ ᠤᠯᠤᠰ ᠤᠨ ᠬᠠᠮᠤᠭ ᠰᠡᠬᠦᠯᠴᠢ ᠶᠢᠨ ᠬᠠᠭᠠᠨ  ᠲᠤᠭᠤᠨᠳᠡᠮᠦᠷ ᠤᠨ ᠦᠶ᠎ᠠ ᠳᠤ ᠬᠢᠳᠠᠳ ᠮᠤᠩᠭᠤᠯ ᠦᠰᠦᠭ ᠢᠶᠠᠷ ᠪᠢᠴᠢᠭᠳᠡᠭᠰᠡᠨ ᠬᠦᠰᠢᠶᠡᠨ ᠤ ᠮᠤᠩᠭᠤᠯ ᠦᠰᠦᠭ  ᠪᠤᠯᠤᠨ ᠬᠦᠶᠦᠬᠡ ᠬᠠᠭᠠᠨ ᠤ ᠦᠶ᠎ᠠ ᠳᠤ ᠬᠡᠷᠡᠭᠯᠡᠵᠦ ᠪᠠᠶᠢᠭᠰᠠᠨ ᠲᠠᠮᠠᠭ᠎ᠠ ᠶᠢᠨ ᠪᠢᠴᠢᠭ ᠠᠴᠠ ᠠᠪᠢᠶᠠᠨ ᠲᠡᠮᠳᠡᠭ ᠤᠨ  ᠰᠤᠳᠤᠯᠤᠯᠳᠠ ᠬᠢᠬᠡᠳ ᠤᠯᠵᠤ ᠢᠯᠡᠷᠡᠬᠦᠯᠦᠭᠰᠡᠨ ᠠᠴᠠ ᠦᠵᠡᠪᠡᠯ᠂ ᠡᠬᠡᠰᠢᠭ ᠦᠰᠦᠭ ︵ᠠ᠊᠂ ᠡ᠊᠂ ᠢ᠊᠂ ᠤ᠊᠂  ᠤ᠊᠂ ᠦ᠊᠂ ᠦ︶ ᠲᠤᠯᠤᠭ᠎ᠠ ᠪᠠᠶᠢᠵᠤ᠂ ᠲᠠᠪᠤᠨ ᠡᠬᠡᠰᠢᠭ ᠦᠰᠦᠭ ᠤᠨ ᠲᠤᠮᠳᠠ ᠬᠡᠷᠡᠭᠯᠡᠵᠦ ᠪᠠᠶᠢᠭᠰᠠᠨ ᠢ  ᠢᠯᠡᠷᠡᠬᠦᠯᠦᠭᠰᠡᠨ ᠪᠠᠶᠢᠳᠠᠭ᠃ ᠦᠬᠡᠷ᠎ᠡ ᠪᠠᠷ ᠬᠡᠯᠡᠪᠡᠯ ︽ᠤ᠊᠂ ᠤ᠊︾ ᠪᠤᠯᠤᠨ ︽ᠦ᠊᠂ ᠦ᠊︾ ᠶᠢ ᠲᠤᠰ ᠲᠤᠰ  ᠨᠢᠬᠡ ᠯᠡ ᠠᠳᠠᠯᠢᠬᠠᠨ ᠲᠡᠮᠳᠡᠭ ᠢᠶᠠᠷ ᠲᠡᠮᠳᠡᠭᠯᠡᠳᠡᠭ ᠪᠠᠶᠢᠵᠠᠢ᠃ ᠬᠡᠶᠢᠬᠦᠯᠦᠭᠴᠢ ᠦᠰᠦᠭ ᠤᠨ ᠲᠡᠮᠳᠡᠭ ᠠᠷᠪᠠᠨ  ᠲᠦᠷᠪᠡ ᠪᠠᠶᠢᠵᠤ᠂ ᠡᠬᠦᠨ ᠢᠶᠠᠷ ᠬᠡᠶᠢᠬᠦᠯᠦᠭᠴᠢ ᠠᠪᠢᠶ᠎ᠠ ᠪᠤᠯᠤᠨ ᠵᠢᠬᠡᠯᠡᠭᠡ ᠦᠬᠡ ᠶᠢᠨ ᠠᠪᠢᠶ᠎ᠠ ᠶᠢ ᠲᠡᠮᠳᠡᠭᠯᠡᠵᠦ  ᠪᠠᠶᠢᠭᠰᠠᠨ ᠪᠠ ᠦᠬᠡ ᠶᠢᠨ ᠡᠬᠢᠨ᠂ ᠲᠤᠮᠳᠠ᠂ ᠠᠳᠠᠭ ᠲᠤ ᠪᠠᠰᠠ ᠲᠤᠰ ᠲᠤᠰ ᠤᠨ ᠬᠡᠳᠦᠨ ᠬᠡᠯᠪᠡᠷᠢ ᠪᠠᠷ  ᠲᠡᠮᠳᠡᠭᠯᠡᠵᠦ ᠪᠠᠶᠢᠭᠰᠠᠨ ᠢ ᠪᠠᠰᠠ ᠢᠯᠡᠷᠡᠬᠦᠯᠦᠭᠰᠡᠨ ᠪᠠᠶᠢᠵᠠᠢ᠃       13 ᠳ᠋ᠤᠭᠠᠷ ᠵᠠᠭᠤᠨ ᠠᠴᠠ ᠬᠤᠶᠢᠰᠢ ᠪᠤᠯᠵᠤ ᠢᠷᠡᠬᠡᠳ ᠲᠦᠪᠡᠳ ᠤᠨ ᠰᠡᠴᠡ ᠪᠠᠨᠳᠢᠳᠠ ᠬᠦᠩᠭᠠᠵᠠᠯᠰᠠᠨ  ᠪᠤᠯᠤᠨ ᠪᠠᠨᠳᠢᠳᠠ ᠴᠦᠢᠵᠢᠨ᠋ᠤᠳᠽᠠᠢ᠂ ᠪᠠᠨᠳᠢᠳᠠ ᠬᠦᠩᠭᠠᠠᠤᠳᠽᠠᠷ ᠮᠡᠳᠦ ᠶᠢᠨ ᠮᠤᠩᠭᠤᠯ ᠦᠰᠦᠭ ᠪᠢᠴᠢᠭ ᠤᠨ  ᠡᠷᠳᠡᠮᠳᠡᠳ ᠮᠠᠨᠢ ᠮᠤᠩᠭᠤᠯ ᠬᠡᠯᠡᠨ ᠵᠦᠢᠯ ᠪᠤᠯᠤᠨ ᠪᠢᠴᠢᠯᠬᠡ ᠶᠢᠨ ᠲᠦᠷᠢᠮ ᠤᠨ ᠲᠠᠯ᠎ᠠ ᠪᠠᠷ ᠮᠠᠰᠢ ᠠᠷᠪᠢᠨ ᠪᠤᠳᠠᠳᠠᠢ  ᠨᠠᠷᠢᠯᠢᠭ᠌ ᠵᠦᠢᠯ ᠢ ᠰᠤᠳᠤᠯᠤᠨ ᠵᠤᠬᠢᠶᠠᠵᠤ᠂ ᠤᠢᠢᠭᠤᠷᠵᠢᠨ ᠮᠤᠩᠭᠤᠯ ᠦᠰᠦᠭ ᠪᠢᠴᠢᠭ ᠢ ᠲᠠᠰᠤᠷᠠᠯᠳᠠ ᠦᠬᠡᠢ  ᠲᠡᠭᠦᠯᠳᠡᠷᠵᠢᠬᠦᠯᠵᠦ᠂ ᠲᠦᠷᠢᠮᠵᠢᠨ ᠬᠦᠭᠵᠢᠬᠦᠯᠵᠦ᠂ ᠲᠦᠬᠡᠮᠡᠯᠵᠢᠬᠦᠯᠬᠦ ᠳᠤ ᠰᠠᠭᠤᠷᠢ ᠲᠠᠯᠪᠢᠵᠤ ᠦᠭᠬᠦᠭᠰᠡᠨ ᠭᠡᠳᠡᠭ᠃ ᠤᠢᠢᠭᠤᠷᠵᠢᠨ ᠮᠤᠩᠭᠤᠯ ᠦᠰᠦᠭ ᠨᠢ ᠴᠢᠩᠬᠢᠰ ᠬᠠᠭᠠᠨ ᠤ ᠦᠶ᠎ᠠ ᠳᠤ ᠨᠡᠶᠢᠳᠡ ᠮᠤᠩᠭᠤᠯ ᠤᠨ ᠦᠰᠦᠭ  ᠪᠢᠴᠢᠭ ᠢᠶᠠᠷ ᠬᠡᠷᠡᠭᠯᠡᠭᠳᠡᠭᠰᠡᠨ ᠲᠡᠤᠬᠡ ᠲᠠᠢ ᠪᠠᠶᠢᠳᠠᠭ᠃ ᠴᠢᠩᠬᠢᠰ ᠬᠠᠭᠠᠨ ᠨᠠᠢᠮᠠᠨ ᠤ ᠲᠠᠶᠠᠨ ᠬᠠᠭᠠᠨ ᠤ ᠪᠢᠴᠢᠭ ᠤᠨ  ᠰᠠᠶᠢᠳ᠂ ᠤᠢᠢᠭᠤᠷ ᠬᠦᠮᠦᠨ ᠲᠠᠳᠠᠳᠤᠩᠭ᠎ᠠ ᠶᠢ ᠤᠯᠵᠠᠯᠠᠨ ᠠᠪᠤᠭᠠᠳ ᠲᠡᠬᠦᠨ ᠢᠶᠠᠷ ᠬᠡᠤᠬᠡᠳ ᠪᠤᠯᠤᠨ ᠤᠭᠰᠠᠭ᠎ᠠ  ᠲᠦᠷᠦᠯ ᠤᠨ ᠨᠤᠶᠠᠳ ᠲᠠᠭᠠᠨ ᠤᠢᠢᠭᠤᠷᠵᠢᠨ ᠮᠤᠩᠭᠤᠯ ᠦᠰᠦᠭ ᠪᠢᠴᠢᠭ ᠵᠢᠭᠠᠯᠭᠠᠭᠰᠠᠨ ᠬᠡᠳᠡᠭ ᠦᠯᠢᠬᠡᠷ ᠪᠠᠶᠢᠳᠠᠬ᠃ ᠡᠨᠡᠬᠦ ᠬᠢᠳᠡᠯ ᠨᠢ ᠮᠤᠩᠭᠤᠯ ᠰᠤᠷᠭᠠᠭᠤᠯᠢ ᠡᠷᠬᠢᠯᠡᠬᠦ ᠠᠩᠬᠠᠨ ᠤ ᠡᠬᠢᠯᠡᠯᠳᠡ ᠪᠤᠯᠵᠠᠢ ᠬᠡᠮᠡᠨ ᠦᠵᠡᠳᠡᠭ᠃ ᠲᠤᠬᠠᠢ ᠶᠢᠨ  ᠦᠶ᠎ᠠ ᠲᠡᠤᠬᠡ ᠨᠠᠮᠳᠠᠷ᠂ ᠬᠠᠤᠯᠢ ᠴᠠᠭᠠᠵᠠ᠂ ᠵᠤᠬᠢᠶᠠᠯ ᠪᠦᠲᠦᠬᠡᠯ ᠢᠶᠠᠨ ᠪᠢᠴᠢᠬᠦ ᠳᠡᠭᠡᠨ ᠤᠢᠢᠭᠤᠷᠵᠢᠨ ᠮᠤᠩᠭᠤᠯ  ᠦᠰᠦᠭ ᠪᠢᠴᠢᠭ ᠢ ᠬᠡᠷᠡᠭᠯᠡᠬᠦ ᠪᠠᠶᠢᠭᠰᠠᠨ ᠬᠡᠳᠡᠭ ᠨᠤᠳᠠᠯᠠᠯᠳᠠ ᠴᠤ ᠪᠠᠶᠢᠳᠠᠭ᠃ ᠵᠢᠱᠢᠶᠡᠯᠡᠪᠡᠯ᠂ ︽ᠮᠤᠩᠭᠤᠯ ᠤᠨ  ᠨᠢᠭᠤᠴᠠ ᠲᠤᠪᠴᠢᠶᠠᠨ︾ ᠨᠢ ᠤᠢᠢᠭᠤᠷᠵᠢᠨ ᠮᠤᠩᠭᠤᠯ ᠦᠰᠦᠭ ᠢᠶᠠᠷ ᠪᠢᠴᠢᠭᠳᠡᠯ᠎ᠡ ᠬᠡᠵᠦ ᠬᠡᠯᠡᠳᠡᠭ᠃ ᠤᠢᠢᠭᠤᠷᠵᠢᠡ  ᠮᠤᠩᠭᠤᠯ ᠦᠰᠦᠭ ᠪᠢᠴᠢᠭ ᠨᠢ ᠲᠠᠪᠠᠭᠤᠯᠢᠭ ᠲᠠᠯ᠎ᠠ ᠤᠯᠠᠨᠳᠠᠢ ᠪᠤᠯᠬᠤᠷ ᠡᠷᠳᠡ ᠦᠶ ᠡ ᠠᠴᠠ ᠠᠪᠤᠭᠠᠳ ᠮᠤᠩᠭᠤᠯ  ᠬᠡᠯᠡᠨ ᠤ ᠨᠤᠳᠤᠭ ᠤᠨ ᠤᠯᠠᠨ ᠠᠶᠠᠯᠭᠤᠨ ᠳᠤ ᠵᠤᠬᠢᠴᠠᠨ ᠴᠢᠳᠠᠵᠤ᠂ ᠲᠡᠤᠬᠡ ᠶᠢᠨ ᠤᠯᠠᠨ ᠰᠢᠯᠭᠠᠯᠳᠠ ᠶᠢ ᠲᠠᠭᠠᠭᠠᠵᠤ  ᠂ ᠲᠡᠤᠬᠡ ᠶᠢᠨ ᠤᠯᠠᠨ ᠦᠷᠢᠰᠦᠯᠳᠦᠬᠡᠨ ᠢ ᠢᠯᠠᠵᠤ᠂ ᠰᠢᠯᠢᠭᠳᠡᠨ ᠦᠯᠡᠳᠡᠭᠰᠡᠭᠡᠷ ᠪᠠᠶᠢᠵᠤ᠂ ᠦᠷᠬᠡᠨ ᠬᠡᠪᠴᠢᠶ᠎ᠠ ᠪᠠᠷ  ᠬᠡᠷᠡᠭᠯᠡᠳᠡᠨ᠂ ᠮᠤᠩᠭᠤᠯ ᠦᠨᠳᠦᠰᠦᠳᠡᠨ ᠤ ᠤᠷᠳᠤ ᠬᠤᠭᠤᠴᠠᠭᠠᠨ ᠤ ᠤᠯᠠᠨ ᠦᠶ᠎ᠠ ᠶᠢᠨ ᠰᠤᠶᠤᠯ ᠤᠨ ᠪᠠᠶᠠᠯᠢᠭ  ᠠᠭᠤᠯᠭ᠎ᠠ ᠶᠢ ᠲᠡᠮᠳᠡᠭᠯᠡᠨ ᠤᠯᠠᠮᠵᠢᠯᠠᠭᠰᠠᠭᠠᠷ ᠢᠷᠡᠵᠡᠢ᠃ ᠤᠢᠢᠭᠤᠷᠵᠢᠨ ᠮᠤᠩᠭᠤᠯ ᠦᠰᠦᠭ ᠪᠢᠴᠢᠭ ᠨᠢ ᠤᠯᠠᠨ  ᠦᠶ᠎ᠠ ᠶᠢᠨ ᠡᠷᠳᠡᠮᠳᠡᠨ ᠰᠤᠳᠤᠯᠭᠠᠳᠠᠨ ᠨᠠᠷ ᠤᠨ ᠬᠠᠯᠠᠨ ᠰᠠᠶᠢᠵᠢᠷᠠᠭᠤᠯᠤᠯᠳᠠ ᠶᠢ ᠲᠠᠮᠵᠢᠵᠦ᠂ ᠲᠠᠰᠤᠷᠠᠯᠳᠠ ᠦᠬᠡᠢ  ᠬᠡᠪᠰᠢᠨ ᠲᠦᠷᠢᠮᠵᠢᠭᠰᠡᠭᠡᠷ 17 ᠳ᠋ᠤᠭᠠᠷ ᠵᠠᠭᠤᠨ ᠤ ᠡᠬᠢᠨ ᠪᠤᠯᠬᠤ ᠳᠤ ᠨᠡᠶᠢᠬᠡᠮ ᠨᠡᠶᠢᠳᠡ ᠶᠢᠨ ᠲᠤᠮᠳᠠ ︽ ᠤᠢᠢᠭᠤᠷᠵᠢᠨ︾ ᠬᠡᠳᠡᠭ ᠦᠬᠡ ᠨᠢ ᠠᠶᠠᠨᠳᠠᠭᠠᠨ ᠬᠡᠭᠡᠭᠳᠡᠵᠦ᠂ ︽ᠮᠤᠩᠭᠤᠯ ᠦᠰᠦᠭ︾ ᠬᠡᠵᠦ ᠠᠶᠠᠨᠳᠠᠭᠠᠨ  ᠨᠡᠷᠡᠯᠡᠭᠳᠡᠬᠦ ᠪᠤᠯᠪᠠ᠃       ᠮᠤᠩᠭᠤᠯ ᠦᠰᠦᠭ ᠪᠢᠴᠢᠭ ᠨᠢ᠂ 20 ᠳ᠋ᠤᠭᠠᠷ ᠵᠠᠭᠤᠨ ᠤ ᠲᠤᠮᠳᠠᠴᠢ ᠪᠤᠶᠤ ᠴᠢᠯᠦᠬᠡᠯᠡᠭᠳᠡᠭᠰᠡᠨ ᠠᠴᠠ ᠨᠠᠰᠢ  ᠴᠠᠭᠠᠨ ᠲᠤᠯᠤᠭᠠᠢ ᠶᠢᠨ ᠦᠰᠦᠭ ᠤᠨ ᠲᠤᠳᠤᠷ᠎ᠠ ᠪᠠᠨ ᠡᠬᠡᠰᠢᠭ ᠦᠰᠦᠭ ᠨᠢ ᠤᠤᠯ ᠤᠨ ᠠᠳᠠᠯᠢ ᠲᠤᠯᠤᠭ᠎ᠠ ᠪᠠᠷ ᠢᠶᠠᠨ  ᠪᠠᠶᠢᠭᠰᠠᠨ ᠴᠤ ᠬᠡᠶᠢᠬᠦᠯᠦᠭᠴᠢ ᠦᠰᠦᠭ ᠤᠨ ᠲᠤᠭ᠎ᠠ ᠨᠢ ᠬᠠᠷᠢᠨ ᠨᠡᠮᠡᠭᠳᠡᠵᠦ ᠢᠷᠡᠭᠰᠡᠨ ᠪᠠᠶᠢᠵᠠᠢ᠃ ᠦᠨᠦᠳᠦᠷ  ᠪᠤᠯᠬᠤ ᠳᠤ ᠬᠡᠶᠢᠬᠦᠯᠦᠭᠴᠢ ᠦᠰᠦᠭ ︵ᠨ᠊᠂ ᠪ᠊᠂ ᠫ᠊᠂ ᠭ᠊ ︿ᠭ᠋᠊﹀᠂ ᠭ᠊ ︿ᠭ᠋᠊﹀᠂ ᠮ᠊᠂ ᠯ᠊᠂ ᠰ᠊᠂ ᠱ᠊᠂ ᠲ᠊᠂ ᠳ᠋᠊  ᠂ ᠴ᠊᠂ ᠵ᠊᠂ ᠶ᠊᠂ ᠷ᠊᠂ ᠸ᠊᠂ ᠩ᠊ ᠪᠤᠯᠤᠨ ᠬᠠᠷᠢ ᠬᠡᠯᠡᠨ ᠠᠴᠠ ᠢᠷᠡᠯᠳᠡᠢ ᠦᠬᠡ ᠶᠢ ᠲᠡᠮᠳᠡᠭᠯᠡᠬᠦ ᠹ᠊᠂ ᠺ᠊᠂ ᠾ᠊᠂ ᠼ᠊  ᠂ ᠽ᠊᠂ ᡀ᠊᠂ ᠿ᠊︶ ᠨᠢ ᠬᠤᠷᠢᠨ ᠲᠦᠷᠪᠡ ᠪᠤᠯᠤᠨ ᠲᠤᠭᠳᠠᠪᠤᠷᠢᠵᠢᠪᠠ᠃ ᠬᠢᠳᠡᠳ ᠦᠰᠦᠭ ᠢ ᠲᠡᠮᠳᠡᠭᠯᠡᠬᠦ ᠳᠤ  ᠬᠡᠷᠡᠭᠯᠡᠬᠦ ᠦᠶᠡᠲᠦ ᠬᠡᠶᠢᠭᠦᠯᠦᠭᠴᠢ ︵ᡁᠢ᠂ ᡂᠢ᠂ ᠱᠢ᠂ ᠡᠯ︶ ᠨᠢ ᠲᠦᠷᠪᠡ ᠪᠤᠯᠤᠨ ᠲᠤᠭᠳᠠᠪᠤᠷᠢᠵᠢᠪᠠ᠃  ᠮᠤᠩᠭᠤᠯ ᠦᠰᠦᠭ ᠤᠨ ᠴᠠᠭᠠᠨ ᠲᠤᠯᠤᠭᠠᠢ ᠨᠢ ᠨᠡᠶᠢᠳᠡ 35 ᠦᠰᠦᠭ ᠲᠠᠢ ᠪᠤᠯᠪᠠ᠃ ᠮᠦᠨ ᠦᠬᠡ ᠶᠢᠨ ᠡᠬᠢᠨ᠂  ᠲᠤᠮᠳᠠ᠂ ᠠᠳᠠᠭ ᠲᠤ ᠤᠷᠤᠬᠤ ᠦᠰᠦᠭ ᠨᠢ ᠬᠡᠯᠪᠡᠷᠢ ᠤᠯᠠᠨᠳᠠᠢ ᠪᠠᠶᠢᠭᠰᠠᠨ ᠴᠤ ᠬᠡᠪᠰᠢᠨ ᠲᠦᠷᠢᠮᠵᠢᠭᠰᠡᠭᠬᠡᠷ  ᠪᠠᠶᠢᠭ᠎ᠠ ᠠᠴᠠ ᠪᠢᠴᠢᠯᠬᠡ ᠶᠢᠨ ᠲᠠᠯ᠎ᠠ ᠪᠠᠷ ᠬᠤᠳᠬᠤᠯᠳᠤᠬᠤ ᠦᠵᠡᠭᠳᠡᠯ ᠶᠡᠬᠡᠯ᠎ᠡ ᠴᠦᠬᠡᠬᠡᠷᠡᠪᠡ᠃ ᠦᠨᠦᠳᠦᠷ  ᠪᠤᠯᠬᠤ ᠳᠤ ᠮᠤᠩᠭᠤᠯ ᠦᠰᠦᠭ ᠪᠢᠴᠢᠭ ᠨᠢ ᠨᠡᠯᠢᠶᠡᠳ ᠪᠤᠯᠪᠠᠰᠤᠷᠠᠩᠭᠤᠢ᠂ ᠲᠡᠬᠦᠯᠳᠡᠷᠵᠢᠭᠰᠡᠨ᠂ ᠲᠦᠷᠢᠮᠵᠢᠭᠰᠡᠨ  ᠦᠰᠦᠭ ᠪᠢᠴᠢᠭ ᠤᠨ ᠡᠩᠨᠡᠬᠡᠨ ᠳᠤ ᠪᠠᠭᠳᠠᠵᠤ᠂ ᠦᠷᠬᠡᠨ ᠢᠶᠠᠷ ᠬᠡᠷᠡᠭᠯᠡᠳᠡᠵᠦ ᠪᠠᠶᠢᠭ᠎ᠠ ᠪᠢᠯᠡ᠃
 
ᠢᠷᠡᠯᠲᠡ᠄ ᠬᠡᠰᠢᠭᠳᠡᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号