ᠯᠤ᠋ ᠸᠠᠩ ᠰᠠᠩᠭᠠᠪᠠᠯᠠ ᠶᠢᠨ ᠠᠭᠤᠤ ᠭᠠᠪᠢᠶ᠎ᠠ ᠤᠳᠤᠮᠲᠦ ᠠᠴᠢᠯᠠᠯ ᠤᠨ ᠭᠡᠷᠡᠯᠲᠦ ᠬᠦᠰᠢᠶᠡᠨ ᠤ ᠪᠢᠴᠢᠭ  ︵ ᠭᠤᠷᠪᠠ︶
ᠨᠡᠶᠢᠲᠡᠯᠡᠭᠰᠡᠨ ᠴᠠᠭ᠄
2019/12/9
                                  ☆ ﹇ᠶᠤᠸᠠᠨ ᠤᠯᠤᠰ  ﹈   ᠬᠤ᠋ ᠽᠦ ᠭᠤᠸᠠᠩ   ᠵᠤᠬᠢᠶᠠᠪᠠ                         ☆ ᠪᠤᠷᠵᠢᠭᠢᠨ ᠰᠤᠭᠳᠤᠷᠵᠠᠪ  ᠤᠷᠴᠢᠭᠤᠯᠤᠨ ᠲᠠᠶᠢᠯᠪᠦᠷᠢᠯᠠᠪᠠ                                  ︵23︶  ᠤᠭᠰᠠᠭ᠎ᠠ ᠶᠢᠨ ᠸᠠᠩ ᠨᠠᠶᠠᠨ 宗王乃顏  ——  ᠶᠤᠸᠠᠨ ᠤᠯᠤᠰ ᠤᠨ ᠲᠦᠷᠦᠯ ᠸᠠᠩ᠃ ᠴᠢᠩᠬᠢᠰ ᠬᠠᠭᠠᠨ ᠤ ᠲᠡᠭᠦᠦ ᠲᠡᠮᠦᠭᠡ ᠤᠳᠴᠢᠭᠢᠨ ︵铁木哥斡赤斤︶ ᠤ ᠬᠤᠶᠢᠴᠢᠰ ᠪᠤᠯᠬᠤ ᠲᠠᠴᠢᠷ ︵塔察儿︶ ᠬᠡᠮᠡᠭᠴᠢ ᠶᠢᠨ ᠤᠮᠪᠤᠯᠤ᠃ ᠨᠠᠶᠠᠨ ᠬᠡᠮᠡᠭᠴᠢ ᠤᠳᠴᠢᠬᠢᠨ ᠨᠤᠶᠠᠨ ᠤ ᠡᠷᠭᠦᠮᠵᠢ ᠤᠷᠤᠨ ᠳᠤ ᠦᠶ᠎ᠡ ᠤᠯᠠᠷᠢᠨ ᠸᠠᠩ ᠤᠨ ᠰᠠᠭᠤᠷᠢᠨ ᠢ ᠵᠠᠯᠭᠠᠮᠵᠢᠯᠠᠵᠦ ᠬᠠᠷᠠᠬᠤᠨ ᠵᠢᠳᠤᠨ ᠠᠭᠤᠯᠠ ︵ᠤᠳᠤᠬᠢ ᠬᠢᠩᠭᠠᠨ ᠲᠠᠪᠠᠭ᠎ᠠ︶ ᠶᠢᠨ ᠵᠡᠭᠦᠨ ᠪᠠᠷᠠᠭᠤᠨ ᠲᠠᠯ᠎ᠠ ᠬᠢᠭᠡᠳ ᠯᠠᠤᠬ᠎ᠠ ᠶᠢᠨ ᠭᠤᠤᠯ ᠤᠨ ᠵᠡᠭᠦᠨᠳᠡᠬᠢ ᠤᠷᠤᠨ  ᠢ ᠪᠦᠬᠦᠨ ᠢᠶᠠᠷ ᠨᠢ ᠡᠵᠡᠮᠰᠢᠨ ᠵᠠᠬᠢᠷᠴᠤ ᠪᠠᠶᠢᠪᠠ᠃ ᠲᠡᠷᠡ ᠴᠠᠭ ᠲᠤ᠂ ᠬᠠᠶᠠᠯᠢ ᠬᠡᠮᠡᠬᠦ ᠭᠠᠵᠠᠷ ︵海押立᠂ ᠤᠳᠤᠬᠢ ᠬᠠᠰᠠᠭᠰᠲᠠᠨ ᠤᠯᠤᠰ ᠤᠨ ᠲᠠᠷᠳᠢ ᠭᠦᠷᠭᠠᠨ ᠤ ᠵᠡᠭᠦᠨ ᠬᠤᠶᠢᠨ᠎ᠡ︶ ᠤᠨ ᠸᠠᠩ᠂ ᠦᠭᠡᠲᠡᠢ ᠬᠠᠭᠠᠨ ᠤ ᠤᠮᠪᠤᠯᠤ ᠬᠠᠰᠢ ︵合失︶ ᠶᠢᠨ ᠬᠦᠪᠡᠬᠦᠨ ᠬᠠᠶᠢᠲᠦ ︵海都︶ ᠬᠡᠮᠡᠭᠴᠢ ᠬᠤᠪᠢᠯᠠᠢ ᠰᠡᠴᠡᠨ ᠢ ᠲᠠᠶᠢᠯᠠᠭᠰᠠᠨ ᠳᠤ᠂ ᠨᠠᠶᠠᠨ ᠸᠠᠩ ᠬᠠᠶᠢᠲᠦ ᠯᠤᠭ᠎ᠠ ᠬᠤᠯᠪᠤᠭ᠎ᠠ ᠪᠠᠷᠢᠵᠦ ᠬᠤᠪᠢᠯᠠᠢ ᠰᠡᠴᠡᠨ ᠬᠠᠭᠠᠨ ᠤ ᠶᠡᠭᠡ ᠬᠢᠲᠠᠳᠴᠢᠯᠠᠬᠤ ᠪᠤᠳᠤᠯᠭ᠎ᠠ ᠶᠢ ᠬᠠᠮᠲᠦ ᠪᠠᠷ ᠡᠰᠡᠷᠭᠦᠴᠡᠪᠡ᠃ ᠡᠶᠢᠮᠦ ᠠᠴᠠ ᠬᠤᠪᠢᠯᠠᠢ ᠰᠡᠴᠡᠨ ᠬᠠᠭᠠᠨ ᠵᠡᠭᠦᠨ ᠨᠡᠶᠢᠰᠯᠡᠯ ᠤᠨ ᠬᠤᠪᠢᠶᠠᠷᠢ ᠮᠤᠵᠢ ︵东京行省︶ ᠶᠢ ᠪᠠᠶᠢᠭᠤᠯᠤᠨ ᠬᠢᠩᠭᠠᠨ ᠲᠠᠪᠠᠭ᠎ᠠ ᠬᠢᠭᠡᠳ ᠯᠠᠤᠬ᠎ᠠ  ᠶᠢᠨ ᠭᠤᠤᠯ ᠤᠨ ᠤᠷᠤᠰᠬᠠᠯ ᠲᠠᠭᠠᠤ ᠤᠷᠤᠨ ᠢ ᠡᠵᠡᠮᠳᠡᠨ ᠵᠠᠬᠢᠷᠤᠭᠰᠠᠨ ᠳᠤ ᠨᠠᠶᠠᠨ ᠬᠡᠮᠡᠭᠴᠢ ᠬᠠᠰᠠᠷ ᠤᠨ ᠬᠤᠶᠢᠴᠢᠰ ᠰᠢᠳᠠᠷ ︵势都儿︶ ᠸᠠᠩ᠂ ᠬᠠᠴᠢᠭᠤᠨ ︵合赤温︶ ᠤ ᠬᠤᠶᠢᠴᠢᠰ ᠬᠠᠳᠠᠨ ︵哈丹︶ ᠸᠠᠩ ᠨᠠᠷ ᠲᠠᠢ ᠬᠤᠯᠪᠤᠭᠠᠯᠠᠨ ᠤᠨᠤᠯᠲᠦ ᠲᠡᠷᠢᠭᠦᠨ ︵至元︶ ᠤ ᠬᠤᠷᠢᠨ ᠲᠦᠷᠪᠡᠳᠦᠭᠡᠷ ᠤᠨ ︵1287 ᠤᠨ︶ ᠤ ᠲᠦᠷᠪᠡᠳᠦᠭᠡᠷ ᠰᠠᠷ᠎ᠠ ᠳᠤ ᠲᠠᠶᠢᠨ ᠵᠠᠷᠯᠠᠵᠦ ᠬᠠᠷ᠎ᠠ ᠬᠤᠰᠢᠭᠤ ︵ᠤᠳᠤᠬᠢ ᠡᠷᠭᠦᠨ᠎ᠡ ᠬᠤᠲᠡ︶ ᠠᠴᠠ ᠴᠡᠷᠢᠭ ᠲᠠᠶᠢᠴᠢᠯᠠᠨ ᠦᠷᠦᠨᠡᠰᠢ ᠮᠤᠷᠳᠠᠨ ᠰᠢᠷᠠᠮᠦ᠋ᠷᠡᠨ ᠵᠦᠭ ᠴᠡᠷᠢᠭᠯᠡᠪᠡ᠃ ᠮᠦᠨ ᠵᠢᠯ ᠤᠨ ᠵᠢᠷᠭᠤᠭᠠᠨ ᠰᠠᠷ᠎ᠠ ᠳᠤ ᠬᠤᠪᠢᠯᠠᠢ ᠰᠡᠴᠡᠨ ᠬᠠᠭᠠᠨ ᠪᠡᠶ᠎ᠡ ᠪᠠᠷ ᠲᠠᠶᠢᠯᠠᠵᠦ ᠬᠡᠰᠢᠭᠲᠡᠨ ᠤ ᠲᠠᠷᠬᠠᠨ ᠠᠭᠤᠯᠠ ᠪᠠᠷ ᠲᠠᠮᠵᠢᠨ ᠵᠡᠭᠦᠨᠰᠢ ᠬᠢᠩᠭᠠᠨ ᠲᠠᠪᠠᠭ᠎ᠠ ᠵᠦᠭ ᠴᠡᠷᠢᠭᠯᠡᠪᠡ᠃ ᠬᠤᠶᠠᠷ ᠲᠠᠯ᠎ᠠ ᠶᠢᠨ ᠴᠡᠷᠢᠭ ᠪᠦᠭᠦᠷᠭᠡᠲᠦ ᠪᠠᠶᠢᠲᠠᠷᠠᠭ ︵不里古都伯塔哈︶ ᠭᠡᠬᠦ ᠭᠠᠵᠠᠷ ︵ᠤᠳᠤᠬᠢ ᠬᠠᠯᠬ᠎ᠠ ᠭᠤᠤᠯ ︿哈拉哈河﹀ ᠬᠢᠭᠡᠳ ᠲᠠᠮᠤᠯᠭ᠎ᠠ ᠶᠢᠨ ᠭᠤᠤᠯ ︿塔木尔金河﹀ ᠤᠨ ᠠᠭᠤᠯᠵᠠᠭᠤᠷ ᠲᠠᠬᠢ ᠭᠤᠷᠪᠠᠯᠵᠢᠨ ᠰᠢᠨᠠ︶ ᠳᠤ ᠬᠠᠬᠢᠷ ᠪᠠᠶᠢᠯᠳᠤᠭᠠᠨ ᠪᠤᠯᠵᠦ ᠨᠠᠶᠠᠨ ᠢᠯᠠᠭᠳᠠᠨ ᠪᠠᠷᠢᠪᠴᠢᠯᠠᠭᠳᠠᠭᠠᠳ ᠠᠯᠠᠭᠳᠠᠪᠠ᠃         ︵24︶   ᠲᠤᠷᠤᠨᠠᠲᠦ ᠵᠤᠪᠬᠢᠰ 東鄙  ——  ᠠᠳᠡ ᠦᠭᠦᠯᠡᠨ ᠪᠦᠬᠦᠢ ᠲᠤᠷᠤᠨᠠᠲᠤ ᠵᠤᠪᠬᠢᠰ ᠭᠡᠳᠡᠭ ᠨᠢ ᠠᠮᠤᠷ ᠮᠦᠷᠡᠨ ︵ᠢᠷᠭᠡᠨ ᠤᠯᠤᠰ ᠤᠨ ᠦᠶ᠎ᠡ ᠠᠴᠠ ᠬᠠᠷ᠎ᠠ ᠮᠦᠷᠡᠨ ᠭᠡᠬᠦ ᠪᠤᠯᠵᠡᠢ︶᠂ ᠬᠦᠯᠦᠨ ᠪᠤᠶᠢᠷ ᠠᠶᠢᠮᠠᠭ ᠤᠨ ᠭᠡᠭᠡᠨ ᠭᠤᠤᠯ᠂ ᠡᠷᠭᠦᠨ᠎ᠡ᠂ ᠬᠠᠭᠤᠴᠢᠨ ᠪᠠᠷᠭᠤ᠂ ᠰᠢᠨ᠎ᠡ ᠪᠠᠷᠭᠤ ᠬᠢᠭᠡᠳ ᠬᠢᠩᠭᠠᠨ ᠠᠶᠢᠮᠠᠭ ᠤᠨ ᠨᠤᠲᠤᠭ ᠲᠡᠪᠢᠰᠭᠡᠷ ᠢ ᠵᠢᠭᠠᠵᠤ ᠪᠠᠶᠢᠬᠤ ᠶᠤᠮ᠃         ︵25︶  ᠨᠠᠩᠭᠠᠴᠢᠨ 囊加真  ——  ᠶᠤᠸᠠᠨ ᠤᠯᠤᠰ ᠤᠨ ᠪᠠᠬᠢ ︵ᠭᠦᠩᠵᠦ︶᠂ ᠬᠤᠪᠢᠯᠠᠢ ᠰᠡᠴᠡᠨ ᠬᠠᠭᠠᠨ ᠤ ᠭᠤᠷᠪᠠᠳᠤᠭᠠᠷ ᠦᠬᠢᠨ᠃ ᠠᠩᠬ᠎ᠠ ᠨᠠᠴᠢᠨ ︵纳陈︶ ᠤ ᠬᠦᠪᠡᠬᠦᠨ ᠤᠷᠤᠴᠡᠨ ︵斡罗陈︶ ᠤ ᠬᠠᠳᠤᠨ ᠦᠯᠵᠢ ᠪᠠᠬᠢ ︵完泽公主︶ ᠲᠠᠭᠠᠯᠠᠯ ᠪᠤᠯᠤᠭᠰᠠᠨ ᠳᠤ᠂ ᠬᠠᠭᠠᠨ ᠤ ᠵᠠᠷᠯᠢᠭ  ᠢᠶᠠᠷ ᠤᠷᠤᠴᠡᠨ ᠯᠤᠭ᠎ᠠ ᠭᠡᠷᠯᠡᠪᠡ᠃ ᠤᠷᠤᠴᠡᠨ ᠨᠤᠶᠠᠨ 1277 ᠤᠨ ᠳᠤ᠂ ᠰᠢᠷᠢᠭᠢ ᠨᠠᠷ ᠤᠨ ᠲᠡᠭᠲᠡᠭᠡᠭᠰᠡᠨ ᠤᠷᠪᠠᠯᠭᠠᠨ ᠢ ᠲᠠᠷᠤᠩᠭᠤᠶᠢᠯᠠᠬᠤ ᠪᠠᠷ ᠲᠠᠶᠢᠨ ᠳᠤ ᠮᠤᠷᠳᠠᠬᠤ ᠵᠠᠮ ᠲᠤᠮᠳᠠ ᠪᠠᠨ ᠦᠪᠡᠷ ᠤᠨ ᠲᠦᠷᠦᠭᠰᠡᠨ ᠲᠡᠭᠦᠦ ᠵᠢᠷᠭᠤᠭᠠᠲᠠᠢ ᠳᠤ ᠬᠤᠤᠷᠯᠠᠭᠳᠠᠭᠰᠠᠨ ᠳᠤ ᠤᠷᠤᠴᠡᠨ ᠤ ᠲᠡᠭᠦᠦ ᠲᠡᠮᠦᠷ ︵帖木儿︶ ᠲᠠᠢ ᠭᠡᠷᠯᠡᠪᠡ᠃ ᠦᠯᠵᠡᠶᠢᠲᠦ ᠲᠡᠮᠦᠷ ᠬᠠᠭᠠᠨ ᠤ ᠢᠵᠠᠭᠤᠷ ᠪᠠᠲᠦ ︵元贞︶ ᠶᠢᠨ ᠠᠩᠬᠠᠳᠤᠭᠠᠷ ᠤᠨ ︵1295 ᠤᠨ︶ ᠳᠤ ᠲᠡᠮᠦᠷ ᠨᠤᠶᠠᠨ ᠡᠪᠡᠳᠴᠢᠨ ᠢᠶᠠᠷ ᠨᠠᠰᠤ ᠪᠠᠷᠠᠭᠰᠠᠨ ᠳᠤ ᠲᠡᠮᠦᠷ ᠤᠨ ᠲᠡᠭᠦᠦ ᠮᠠᠨᠽᠡᠲᠡᠢ ︵蛮子台︶ ᠲᠠᠢ ᠭᠡᠷᠯᠡᠪᠡ᠃ ᠮᠦᠨ ᠤᠨ ᠳᠤ ᠬᠠᠭᠠᠨ ᠤ ᠠᠪᠠᠭ᠎ᠠ ᠡᠭᠡᠴᠢ ᠯᠤ᠋ ᠭᠠᠵᠠᠷ ᠤᠨ ᠶᠡᠭᠡ ᠡᠭᠡᠴᠢᠮᠡᠳ ᠪᠠᠬᠢ ︵皇姑鲁国大长公主︶ ᠬᠡᠮᠡᠨ ᠡᠷᠭᠦᠮᠵᠢᠯᠡᠭᠳᠡᠪᠡ᠃ ᠨᠠᠩᠭᠠᠴᠢᠨ ᠪᠠᠬᠢ ᠨᠠᠰᠤ ᠪᠠᠷᠠᠭᠰᠠᠨ ᠳᠤ ᠬᠡᠰᠢᠭᠲᠦ ᠲᠡᠭᠡᠳᠦᠰ ᠴᠢᠩᠬᠢᠮ ︵裕宗真金︶ ᠤᠨ ᠦᠬᠢᠨ ᠨᠠᠩᠭᠠᠪᠤᠯᠠ ᠪᠠᠬᠢ ︵南阿不剌公主︶ ᠵᠠᠷᠯᠢᠭ  ᠢᠶᠠᠷ ᠮᠠᠨᠽᠡᠲᠡᠢ ᠸᠠᠩ ᠯᠤᠭ᠎ᠠ ᠭᠡᠷᠯᠡᠪᠡ᠃         ︵26︶  ᠢᠩᠴᠠᠩ 應昌  —— ᠤᠳᠤᠬᠢ ᠦᠪᠦᠷ ᠮᠤᠩᠭᠤᠯ ᠤᠨ ᠤᠯᠠᠭᠠᠨᠬᠠᠳᠠ ᠬᠤᠲᠠ  ᠶᠢᠨ ᠬᠡᠰᠢᠭᠲᠡᠨ ᠬᠤᠰᠢᠭᠤᠨ ᠠᠴᠠ ᠪᠠᠷᠠᠭᠤᠨ ᠬᠤᠶᠢᠨ᠎ᠠ ᠪᠠᠶᠢᠬᠤ ᠲᠠᠷᠬᠠᠨ ᠠᠭᠤᠯᠠ ᠰᠤᠮᠤ ᠶᠢᠨ ᠲᠦᠷᠦᠭᠡᠨᠠᠭᠤᠷ ᠭᠠᠴᠠᠭ᠎ᠠ ᠳᠠᠬᠢ ᠪᠠᠶᠠᠨᠮᠡᠨᠳᠤ ᠶᠢᠨ ᠠᠶᠢᠯ ᠳᠤ ᠪᠤᠢ᠃         ︵27︶  ᠲᠡᠭᠦᠰ ᠠᠮᠤᠭᠤᠯᠠᠩ ᠬᠤᠲᠠ  全寧城  ——   ᠤᠳᠤᠬᠢ ᠤᠯᠠᠭᠠᠨᠬᠠᠳᠠ ᠬᠤᠲᠠ ᠶᠢᠨ ᠤᠩᠨᠢᠭᠤᠳ ᠬᠤᠰᠢᠭᠤᠨ ᠤ ᠲᠦᠪ ᠪᠤᠷᠤᠬᠤᠲᠠ ᠪᠠᠯᠭᠠᠰᠤ᠃         ︵28︶  ᠲᠡᠭᠡᠳᠦ ᠴᠦᠯᠭᠡ  上路  ——  ᠴᠦᠯᠭᠡ ᠶᠢᠨ ᠲᠡᠰ ᠢᠯᠭᠠᠯ᠃ ᠶᠤᠸᠠᠨ ᠤᠯᠤᠰ ᠤᠨ ᠤᠨᠤᠯᠲᠦ ᠲᠡᠷᠢᠭᠦᠨ ︵至元︶ ᠤ ᠬᠤᠷᠢᠳᠤᠭᠠᠷ ᠤᠨ ︵1283 ᠤᠨ︶ ᠳᠤ᠂ ᠪᠦᠬᠦ ᠡᠷᠦᠬᠡ ᠠᠮᠠ ᠶᠢᠨ ᠲᠤᠭ᠎ᠠ ᠨᠢ ᠠᠷᠪᠠᠨ ᠲᠦᠮᠡ ᠠᠴᠠ ᠲᠠᠪᠠᠭᠰᠠᠨ ᠴᠦᠯᠭᠡ ᠶᠢ ᠲᠡᠭᠡᠳᠦ ᠴᠦᠯᠭᠡ ᠬᠡᠮᠡᠵᠦ᠂ ᠬᠦᠢᠰᠤ ᠪᠤᠭᠤᠮᠲᠠ ᠪᠤᠯᠬᠤ ᠴᠢᠬᠤᠯᠠ ᠭᠠᠵᠠᠷ ᠲᠤᠷ ᠪᠤᠯᠪᠠᠰᠤ ᠠᠷᠪᠠᠨ ᠲᠦᠮᠡᠨ ᠡᠷᠦᠬᠡ ᠡᠰᠡ ᠬᠦᠷᠦᠭᠰᠡᠨ ᠴᠤ ᠮᠦᠨ ᠬᠦ ᠲᠡᠭᠡᠳᠤ ᠴᠦᠯᠭᠡ ᠬᠡᠮᠡᠰᠦᠭᠡᠢ᠃ ᠴᠦᠯᠭᠡ ᠪᠦᠷᠢ ᠳᠤᠷ ᠲᠠᠷᠤᠭᠠᠴᠢ ︵达鲁花赤︶ ᠬᠢᠭᠡᠳ ᠶᠡᠷᠦᠩᠬᠢ ᠵᠠᠬᠢᠷᠤᠭᠴᠢ ︵总管︶ ᠬᠡᠮᠡᠨ ᠲᠤᠰᠪᠤᠷᠢ ᠨᠢᠭᠡ ᠨᠤᠶᠠᠨ ᠢ ᠲᠦᠰᠢᠭᠡᠳ ᠴᠢᠭ ᠭᠤᠷᠪᠠᠳᠤᠭᠠᠷ ᠵᠡᠷᠭᠡᠲᠡᠨ ︵正三品︶ ᠢᠶᠠᠷ ᠲᠤᠭᠲᠠᠭᠠᠲᠤᠭᠠᠢ᠃ ᠬᠠᠮᠲᠦ ᠮᠡᠳᠡᠭᠴᠢ ︵同知︶᠂ ᠪᠢᠴᠢᠭᠴᠢ ︵治中︶᠂ ᠰᠢᠭᠦᠭᠴᠢ ︵判官︶ ᠨᠤᠶᠠᠨ ᠬᠡᠮᠡᠨ ᠲᠤᠰᠪᠤᠷᠢ ᠨᠢᠭᠡ ᠶᠢ ᠲᠦᠰᠢᠵᠦ᠂ ᠵᠠᠷᠭᠤᠴᠢ ︵推官︶ ᠨᠤᠶᠠᠨ ᠢ ᠬᠤᠶᠠᠷ ᠢ ᠲᠦᠰᠢᠬᠦ  ᠠᠴᠠ ᠭᠠᠳᠠᠨ᠎ᠠ ᠨᠢᠷᠪᠠ ︵经历︶᠂ ᠬᠡᠷᠡᠭ ᠮᠡᠳᠡᠭᠴᠢ ︵知事︶ ᠲᠡᠷᠢᠭᠦᠲᠡᠨ ᠢ ᠲᠤᠰᠪᠤᠷᠢ ᠲᠤᠭᠠᠨ ᠢᠶᠠᠷ ᠢᠨᠦ ᠲᠦᠰᠢᠲᠦᠭᠡᠢ ᠭᠡᠵᠡᠢ᠃         ︵29︶  ᠴᠠᠭᠠᠨ ᠡᠪᠦᠭᠡᠨ ᠬᠢᠭᠡᠳ ᠠᠮᠦ ᠲᠠᠷᠢᠶ᠎ᠠ ᠶᠢᠨ ᠰᠠᠬᠢᠭᠤᠯᠰᠤᠨ 社稷 —— ᠡᠷᠲᠡᠨ  ᠤ ᠡᠵᠡᠳ ᠬᠠᠭᠠᠳ ᠬᠢᠭᠡᠳ ᠤᠯᠠᠨ ᠬᠦᠢ ᠨᠤᠶᠠᠨᠲᠠᠳ ᠤᠨ ᠲᠠᠬᠢᠳᠠᠭ ᠭᠠᠵᠠᠷ ᠰᠢᠷᠤᠢ ᠶᠢᠨ ᠰᠠᠬᠢᠭᠤᠯᠰᠤᠨ ᠬᠢᠭᠡᠳ ᠠᠮᠦ ᠲᠠᠷᠢᠶ᠎ᠠ ᠶᠢᠨ ᠰᠠᠬᠢᠭᠤᠯᠰᠤᠨ ᠢ ᠡᠶᠢᠨᠬᠦ ᠨᠡᠷᠡᠯᠡᠳᠡᠭ᠃ ᠡᠷᠲᠡᠨ ᠤ ᠬᠢᠲᠠᠳ ᠬᠡᠯᠡᠨ ᠳᠤ ᠭᠠᠵᠠᠷ ᠰᠢᠷᠤᠢ ᠶᠢᠨ ᠰᠠᠬᠢᠭᠤᠯᠰᠤᠨ ᠢ ︽ᠱᠧ社︾ ᠭᠡᠳᠡᠭ᠂ ᠮᠤᠩᠭᠤᠯ ᠬᠡᠯᠡᠨ ᠳᠤ ᠡᠭᠦᠨ ᠢ ︽ᠭᠠᠵᠠᠷ ᠤᠨ ᠡᠵᠡᠨ︾ ᠭᠡᠬᠦ ᠪᠤᠶᠤ ︽ᠴᠠᠭᠠᠨ ᠡᠪᠦᠭᠡᠨ︾ ᠭᠡᠳᠡᠭ᠂ ᠪᠠᠰᠠ ︽ᠱᠠᠪᠳᠠᠭ︾ ᠭᠡᠵᠦ ᠨᠡᠷᠡᠯᠡᠬᠦ ᠴᠤ ᠪᠤᠢ᠃ ᠵᠦᠭ ᠴᠢᠭᠯᠡᠯ ᠢᠶᠠᠷ ᠨᠢ ᠲᠤᠲᠤᠷᠠᠭᠤᠯᠪᠠᠯ᠄ ᠲᠤᠷᠤᠨ᠎ᠠ ᠵᠦᠭ ᠤᠨ ᠰᠢᠷᠦᠢ ᠬᠦᠬᠡ︔ ᠡᠮᠦᠨ᠎ᠡ ᠵᠦᠭ ᠤᠨ ᠰᠢᠷᠤᠢ ᠤᠯᠠᠭᠠᠨ︔ ᠦᠷᠦᠨ᠎ᠡ ᠵᠦᠭ ᠤᠨ ᠰᠢᠷᠤᠢ ᠴᠠᠭᠠᠨ︔ ᠤᠮᠠᠷ᠎ᠠ ᠵᠦᠭ ᠤᠨ ᠰᠢᠷᠦᠢ ᠬᠠᠷ᠎ᠠ᠂ ᠲᠤᠮᠳᠠᠳᠤ ᠤᠷᠤᠨ ᠤ ᠰᠢᠷᠦᠢ ᠰᠢᠷ᠎ᠠ ᠦᠩᠭᠡᠲᠡᠢ ᠪᠠᠶᠢᠵᠦ᠂ ᠡᠳᠡᠭᠡᠷ ᠲᠠᠪᠤᠨ ᠦᠩᠭᠡ ᠶᠢᠨ ᠰᠢᠷᠤᠢ ᠪᠠᠷ ᠲᠠᠬᠢᠯ ᠤᠨ ᠮᠠᠨᠳᠠᠯ ᠢᠶᠠᠨ ᠪᠦᠷᠬᠦᠪᠡᠯ ᠲᠠᠷᠤᠢ ᠤᠯᠤᠰ ᠤᠷᠤᠨ  ᠤ ᠪᠦᠷᠢᠨ ᠪᠦᠲᠦᠨ ᠨᠤᠲᠤᠭ ᠲᠡᠪᠢᠰᠭᠡᠷ ᠢ ᠪᠡᠯᠭᠡᠳᠡᠳᠡᠭ ᠶᠤᠮ᠃ ︽ᠵᠢᠢ稷︾ ᠭᠡᠳᠡᠭ ᠪᠤᠯ ᠡᠷᠲᠡᠨ ᠤ ᠬᠢᠲᠠᠳ ᠬᠡᠯᠡᠨ ᠳᠤ ᠬᠠᠮᠤᠭ ᠠᠩᠬ᠎ᠠ ᠮᠤᠩᠭᠤᠯ ᠠᠮᠦ ᠶᠢ ᠵᠢᠭᠠᠳᠠᠭ ᠪᠠᠶᠢᠭᠰᠠᠨ ᠠᠴᠠ ᠪᠠᠨ ᠰᠡᠭᠦᠯᠡᠷ ᠨᠢ ᠠᠮᠦ ᠲᠠᠷᠢᠶᠠᠨ ᠤ ᠰᠠᠬᠢᠭᠤᠯᠰᠤᠨ ᠢ ᠨᠡᠷᠡᠯᠡᠳᠡᠭ ᠪᠤᠯᠪᠠ᠂ ᠤᠴᠢᠷ ᠨᠢ ᠲᠠᠪᠤᠨ ᠲᠠᠷᠢᠶ᠎ᠠ ᠶᠢᠨ ᠡᠪᠦᠭᠡ ᠲᠡᠭᠡᠳᠦ ᠨᠢ ᠪᠤᠯ ᠮᠤᠩᠭᠤᠯ ᠠᠮᠦ ᠪᠤᠯᠬᠤ ᠶᠤᠮ᠃ ᠡᠷᠲᠡᠨ ᠤ ᠬᠠᠭᠠᠨᠲᠦ ᠲᠦᠷᠦ ᠶᠢᠨ ᠶᠤᠰᠤᠨ ᠳᠤ ᠡᠨᠡ ᠬᠤᠶᠠᠷ ᠰᠠᠬᠢᠭᠤᠯᠰᠤᠨ ᠢ ᠲᠠᠬᠢᠬᠤ ᠪᠠᠷ ᠬᠠᠭᠠᠨ ᠤᠷᠳᠤᠨ ᠤ ᠪᠠᠨ ᠪᠠᠷᠠᠭᠤᠨ ᠲᠠᠯ᠎ᠠ ᠳᠠᠭᠠᠨ ᠲᠠᠬᠢᠯ ᠤᠨ ᠮᠠᠨᠳᠠᠯ ᠪᠤᠶᠤ ᠰᠦᠮ᠎ᠡ ᠪᠠᠶᠢᠭᠤᠯᠵᠦ᠂ ᠵᠡᠭᠦᠨ ᠲᠠᠯ᠎ᠠ  ᠳᠠᠭᠠᠨ ᠡᠪᠤᠭᠡᠳ ᠤᠨ ᠰᠦᠮ᠎ᠡ ᠪᠠᠨ ᠪᠠᠶᠢᠭᠤᠯᠤᠭᠠᠳ ᠵᠡᠷᠭᠡᠴᠡᠭᠦᠯᠦᠨ ᠲᠠᠬᠢᠳᠠᠭ ᠪᠠᠶᠢᠵᠠᠢ᠃ ᠡᠨᠡ ᠬᠤᠶᠠᠷ ᠦᠭᠡ ᠨᠢ ᠨᠡᠶᠢᠯᠦᠩᠬᠢ ᠤᠳᠬ᠎ᠠ ᠶᠢᠨ ᠬᠤᠪᠢ ᠳᠤ ᠪᠠᠰᠠ ᠤᠯᠤᠰ ᠭᠦᠷᠦᠨ ᠭᠡᠬᠦ ᠤᠳᠬ᠎ᠠ ᠶᠢ ᠢᠯᠡᠳᠭᠡᠳᠡᠭ ᠵᠢᠷᠦᠮ ᠲᠠᠢ᠃         ︵30︶  ᠡᠴᠢᠭᠡ ᠡᠬᠡ ᠶᠦᠭᠡᠨ ᠡᠯᠢᠭᠡᠰᠡᠨ᠂ ᠡᠷᠳᠡᠮᠲᠡᠨ ᠮᠡᠷᠭᠡᠳ ᠢ ᠡᠷᠬᠢᠮᠯᠡᠬᠦ   親親尊賢  ——  ᠡᠨᠡ ᠦᠭᠡ ᠪᠤᠯ ︽ᠶᠡᠷᠤ ᠲᠤᠮᠳᠠ中庸︾ ᠪᠢᠴᠢᠭ ᠤᠨ ᠠᠷᠪᠠ ᠶᠢᠰᠦᠳᠦᠭᠡᠷ ᠪᠦᠯᠦᠭ ᠲᠠᠬᠢ᠄ ︽ᠪᠡᠶ᠎ᠡ ᠪᠠᠨ ᠵᠠᠰᠠᠬᠤ ᠠᠨᠤ ᠶᠤᠰᠤᠨ ᠪᠤᠯᠠᠢ᠂ ᠶᠤᠰᠤᠨ ᠢ ᠵᠠᠰᠠᠬᠤ ᠠᠨᠤ ᠦᠷᠰᠢᠶᠠᠯ ᠪᠦᠯᠦᠭᠡ᠂ ᠦᠷᠰᠢᠶᠡᠯᠲᠡᠨ ᠬᠡᠮᠡᠭᠴᠢ ᠬᠦᠮᠦᠨ ᠪᠤᠶᠤ᠂ ᠡᠴᠢᠭᠡ ᠡᠬᠡ ᠶᠦᠭᠡᠨ ᠡᠯᠢᠭᠡᠰᠡᠬᠦ ᠶᠢ ᠶᠡᠭᠡ ᠪᠤᠯᠭᠠᠮᠤᠢ᠂ ᠵᠢᠷᠦᠮ ᠬᠡᠮᠡᠭᠴᠢ ᠪᠠᠷᠢᠯᠳᠤᠯᠭ᠎ᠠ ᠪᠤᠯᠤᠮᠤᠢ᠂ ᠡᠷᠲᠡᠮᠲᠡᠨ ᠢ ᠡᠷᠬᠢᠮᠯᠡᠬᠦ ᠶᠢ ᠶᠡᠭᠡ ᠪᠤᠯᠭᠠᠮᠤᠢ᠂ ᠡᠴᠢᠭᠡ ᠡᠬᠡ ᠶᠦᠭᠡᠨ ᠡᠯᠢᠭᠡᠰᠡᠬᠦ ᠶᠢᠨ ᠢᠯᠭᠠᠯ᠂ ᠡᠷᠲᠡᠮᠲᠡᠨ ᠢ ᠡᠷᠬᠢᠮᠯᠡᠬᠦ ᠲᠡᠷᠢᠭᠦᠲᠡᠨ ᠢᠨᠦ᠂ ᠶᠤᠰᠤᠯᠠᠯ ᠡᠭᠦᠰᠦᠭᠰᠡᠨ ᠤ ᠡᠬᠢ ᠪᠦᠯᠦᠭᠡ修身以道,修道以仁,仁者人也,亲亲为大,义者宜也,尊贤为大,亲亲之杀,尊贤之等,礼所生也︾ ᠭᠡᠰᠡᠨ ᠦᠭᠡ ᠠᠴᠠ ᠢᠷᠡᠭᠰᠡᠨ ᠶᠤᠮ᠃ ᠠᠳᠡ ᠦᠭᠦᠯᠡᠨ ᠪᠦᠬᠦᠢ ︽ᠡᠴᠢᠭᠡ ᠡᠬᠡ ᠶᠦᠭᠡᠨ ᠡᠯᠢᠭᠡᠰᠡᠨ︾ ᠭᠡᠳᠡᠭ ᠪᠤᠯ ᠲᠡᠭᠡᠳᠦᠰ ᠤᠨ ᠰᠦᠮ᠎ᠡ ᠶᠢᠨ ᠲᠠᠬᠢᠯᠭ᠎ᠠ ᠲᠠᠶᠢᠯᠠᠯᠭ᠎ᠠ ᠶᠢᠨ ᠡᠰᠢ ᠶᠤᠰᠤ ᠶᠢ ᠵᠢᠭᠠᠵᠦ︔ ︽ᠡᠷᠲᠡᠮᠲᠡᠨ ᠮᠡᠷᠭᠡᠳ ᠢ ᠡᠷᠬᠢᠮᠯᠡᠬᠦ︾ ᠭᠡᠳᠡᠭ ᠨᠢ ᠤᠯᠤᠰ ᠭᠦᠷᠦᠨ ᠢᠶᠠᠨ ᠡᠩᠬᠡ ᠠᠮᠦᠭᠤᠯᠠᠩ ᠪᠠᠶᠢᠯᠭᠠᠬᠤ ᠵᠠᠰᠠᠭ ᠵᠠᠰᠠᠯᠲᠠ ᠶᠢᠨ ᠵᠠᠷᠴᠢᠮ ᠢ ᠵᠢᠭᠠᠭᠰᠠᠨ ᠶᠤᠮ᠃         ︵31︶  ᠪᠦᠲᠦᠭᠡᠭᠴᠢ ᠲᠡᠭᠡᠲᠦᠰ  成宗皇帝  ——  ᠶᠤᠸᠠᠨ ᠤᠯᠤᠰ ᠤᠨ ᠬᠤᠶᠠᠳᠤᠭᠠᠷ ᠦᠶ᠎ᠡ ᠶᠢᠨ ᠬᠠᠭᠠᠨ ᠲᠡᠮᠦᠷ ᠬᠡᠮᠡᠭᠴᠢ ᠶᠢᠨ ᠰᠦᠮ᠎ᠡ ᠶᠢᠨ ᠴᠤᠯᠠ ᠶᠢ ᠪᠦᠲᠦᠭᠡᠭᠴᠢ ᠲᠡᠭᠡᠳᠤᠰ ︵ᠴᠧᠩᠽᠦ᠋ᠩ︶ ᠭᠡᠳᠡᠭ᠃         ︵32︶  ᠢᠯᠭᠢᠨᠢ 亦兒吉你  ——  ᠶᠤᠸᠠᠨ ᠤᠯᠤᠰ ᠤᠨ ᠭᠤᠷᠪᠠᠳᠤᠭᠠᠷ ᠦᠶ᠎ᠡ  ᠶᠢᠨ ᠬᠠᠭᠠᠨ ᠴᠤᠭᠲᠦ ᠲᠡᠭᠡᠳᠦᠰ ︵ᠦᠽᠦ᠋ᠩ︶ ᠬᠠᠶᠢᠰᠠᠩ ᠬᠠᠭᠠᠨ ᠤ ᠦᠶ᠎ᠡ ᠳᠤ ᠲᠡᠷᠢᠭᠦᠯᠡᠭᠴᠢ ᠰᠠᠶᠢᠳ ᠪᠠᠶᠢᠭᠰᠠᠨ ᠬᠦᠮᠦᠨ᠃         ︵33︶  ᠫᠢᠩᠵᠢᠶᠠᠩ ᠴᠦᠯᠭᠡ 平江路  ——  ︵ᠤᠳᠤᠬᠢ ᠵᠢᠶᠠᠩᠰᠤ ︿江苏﹀ ᠮᠤᠵᠢ ᠶᠢᠨ ᠰᠦᠵᠸᠦ ︿苏州﹀ ᠬᠤᠲᠠ︶  ᠃         ︵34︶  ᠲᠤᠷᠵᠢᠪᠠᠯᠠ 朵兒只班  ——  ᠶᠤᠸᠠᠨ ᠤᠯᠤᠰ ᠤᠨ ᠪᠠᠬᠢ᠂ ᠯᠤ᠋ ᠸᠠᠩ ᠳ᠋ᠢᠸᠠᠪᠠᠯ ︵琱阿八剌︶ ᠶᠢᠨ ᠬᠦᠪᠡᠬᠦᠨ ᠠᠷᠭᠠᠰᠢᠷᠢ ︵阿里嘉实利︶ ᠲᠠᠢ ᠭᠡᠷᠯᠡᠪᠡ᠃ ᠲᠤᠭᠤᠭᠠᠨᠲᠡᠮᠦᠷ ᠬᠠᠭᠠᠨ ᠤ ᠤᠨᠤᠯᠲᠦ ᠡᠶᠡᠪᠡᠷᠬᠦ ︵至顺︶ ᠶᠢᠨ ᠤᠨ ᠨᠤᠭᠤᠳ ︵1330 ——1332︶ ᠲᠤ ᠬᠢᠴᠢᠶᠡᠩᠭᠦᠢ ᠨᠠᠶᠢᠷᠠᠯᠲᠤ ᠮᠡᠷᠭᠡᠨ ᠠᠮᠤᠭᠤᠯᠠᠩ ᠪᠠᠬᠢ ︵肃雍贤宁公主︶ ᠬᠡᠮᠡᠨ ᠡᠷᠭᠦᠮᠵᠢᠯᠡᠭᠳᠡᠪᠡ᠃         ︵35︶  ᠪᠦᠨᠠ 普納—— ᠶᠤᠸᠠᠨ ᠤᠯᠤᠰ ᠤᠨ ᠪᠠᠬᠢ᠂ ᠪᠦᠲᠦᠭᠡᠭᠴᠢ ᠲᠡᠭᠡᠲᠦᠰ ᠲᠡᠮᠦᠷ ᠬᠠᠭᠠᠨ ᠤ ᠭᠤᠷᠪᠠᠳᠤᠭᠠᠷ ᠦᠬᠢᠨ᠂ ᠤᠨᠤᠯᠲᠦ ᠡᠶᠡᠪᠡᠷᠬᠦ ︵ᠵᠾᠢ ᠱᠦᠨ至顺︶ ᠶᠢᠨ ᠭᠤᠷᠪᠠᠳᠤᠭᠠᠷ ᠤᠨ ︿1332﹀ ᠳᠤᠷ ᠶᠦᠨ ᠠᠨ ᠭᠠᠵᠠᠷ ﹇ᠤᠳᠤᠬᠢ ᠱᠠᠨᠳᠦ᠋ᠩ ᠮᠤᠵᠢ ᠶᠢᠨ ᠶᠦᠨ ᠴᠧᠩ ᠬᠤᠲᠠ﹈ ᠤᠨ ᠶᠡᠭᠡ ᠡᠭᠡᠴᠢᠮᠡᠳ ᠪᠠᠬᠢ ᠡᠷᠭᠦᠮᠵᠢᠯᠡᠵᠦ᠂ ᠡᠰᠢ ᠶᠤᠰᠤᠲᠦ ︵ᠶᠤᠸᠠᠨ ᠲᠦᠩ元统︶ ᠶᠢᠨ ᠬᠤᠶᠠᠳᠤᠭᠠᠷ ᠤᠨ ︿1334﹀ ᠳᠤᠷ᠂ ᠬᠠᠭᠠᠨ [ᠲᠤᠭᠤᠭᠠᠨᠲᠡᠮᠦᠷ ] ᠤ ᠠᠪᠠᠭ᠎ᠠ ᠡᠭᠡᠴᠢ᠂ ᠶᠡᠭᠡ ᠡᠭᠡᠴᠢᠮᠡᠳ ᠪᠠᠬᠢ ᠬᠡᠮᠡᠨ ᠨᠡᠮᠡᠨ ᠡᠷᠭᠦᠮᠵᠢᠯᠡᠪᠠᠢ᠃ ᠡᠭᠦᠨ ᠢ ᠪᠠᠰᠠ ᠫᠦᠨᠠ ᠭᠡᠵᠦ ᠪᠢᠴᠢᠬᠦ ᠴᠤ ᠪᠤᠢ᠃         ︵36︶  ᠵᠠᠷᠯᠢᠭ  制  ——  ᠡᠷᠲᠡᠨ ᠤ ᠬᠢᠲᠠᠳ ᠪᠢᠴᠢᠭ ᠲᠤ ᠬᠠᠭᠠᠨ ᠤ ᠵᠠᠷᠯᠢᠭ ᠢ ︽制︾ ᠭᠡᠳᠡᠭ ᠶᠤᠮ᠃         ︵37︶  ᠡᠯᠢᠭᠡᠨ ᠰᠠᠳᠤᠨ ᠤ ᠦᠶ᠎ᠡ ᠵᠠᠯᠭᠠᠮᠵᠢ  連枝  ——  ᠡᠨᠡ ᠦᠭᠡ ᠶᠢ ᠰᠢᠭᠤᠳ ᠮᠢᠬᠠᠴᠢᠯᠠᠨ ᠤᠷᠴᠢᠭᠤᠯᠪᠠᠯ ᠰᠠᠯᠠᠭ᠎ᠠ ᠨᠠᠮᠠᠭ᠎ᠠ ᠭᠡᠰᠡᠨ ᠦᠭᠡ ᠶᠤᠮ᠃ ᠠᠳᠡ ᠬᠦᠮᠦᠰ ᠤᠨ ᠤᠳᠤᠮ ᠰᠤᠳᠤᠷ ᠤᠨ ᠬᠡᠯᠬᠢᠶ᠎ᠡ ᠬᠢᠭᠡᠳ ᠲᠦᠷᠦᠯ ᠰᠠᠳᠤᠨ ᠤ ᠬᠠᠷᠢᠴᠠᠭ᠎ᠠ ᠶᠢ ᠵᠢᠭᠠᠵᠠᠢ᠃         ︵38︶  ᠵᠸᠦ ᠤᠯᠤᠰ ᠤᠨ ᠬᠡᠷᠬᠢᠮᠲᠡᠨ ︵ᠵᠸᠦ ᠭᠦᠩ︶  周公——  ᠵᠸᠦ ᠤᠯᠤᠰ ᠤᠨ ᠬᠡᠷᠬᠢᠮᠲᠡᠨ ᠭᠡᠳᠡᠭ ᠪᠤᠯ ᠪᠠᠷᠠᠭᠤᠨ ᠵᠸᠦ ᠤᠯᠤᠰ ᠤᠨ ᠡᠷᠭᠦᠮᠵᠢᠯᠡᠭᠰᠡᠨ ᠬᠡᠷᠬᠢᠮ ᠵᠡᠷᠭᠡ ᠪᠤᠯᠬᠤ ᠶᠤᠮ᠃ ᠤᠤᠯ ᠨᠢ ᠵᠸᠦ ᠤᠯᠤᠰ ᠤᠨ ᠸᠠᠩ ᠳᠤ ᠬᠠᠪᠰᠤᠷᠠᠨ ᠲᠤᠰᠠᠯᠠᠵᠦ ᠦᠯᠡᠮᠵᠢ ᠭᠠᠪᠢᠶ᠎ᠠ ᠪᠠᠶᠢᠭᠤᠯᠤᠭᠰᠠᠳ ᠲᠤ ᠬᠦᠷᠲᠡᠭᠡᠳᠡᠭ ᠬᠡᠷᠬᠢᠮ ᠵᠡᠷᠭᠡ ᠪᠠᠶᠢᠵᠠᠢ᠃ ᠵᠸᠦ ᠭᠡᠳᠡᠭ ᠨᠢ ᠦᠨᠡᠨ ᠳᠡᠭᠡᠨ ᠭᠠᠵᠠᠷ ᠤᠨ ᠨᠡᠷ᠎ᠡ ᠪᠤᠯᠤᠨ᠎ᠠ᠂ ᠲᠠᠷᠤᠢ ᠤᠳᠤᠬᠢ ᠱᠠᠨᠰᠢ ᠮᠤᠵᠢ ︵陕西︶ ᠶᠢᠨ ᠡᠷᠳᠡᠨᠢ ᠭᠤᠷᠭᠤᠤᠯᠳᠠᠢ ︵宝鸡︶ ᠬᠤᠲᠠ ᠶᠢᠨ ᠴᠢ ᠱᠠᠨ ︵岐山︶ ᠤ ᠬᠤᠶᠢᠲᠦ ᠬᠡᠰᠡᠭ ᠢ ᠡᠶᠢᠨᠬᠦ ᠨᠡᠷᠡᠯᠡᠵᠦ ᠪᠠᠶᠢᠪᠠ᠃ ᠵᠸᠦ ᠤᠯᠤᠰ ᠤᠨ ᠬᠠᠮᠤᠭ ᠠᠩᠬᠠᠨ ᠤ ᠬᠡᠷᠬᠢᠮᠲᠡᠨ ᠡᠷᠭᠦᠮᠵᠢᠯᠡᠭᠳᠡᠭᠰᠡᠨ ᠬᠦᠮᠦᠨ ᠪᠤᠯ ᠵᠢᠢ ᠳ᠋ᠠᠨ ︵姬旦᠂ ᠤᠨ ᠲᠤᠭᠠᠯᠠᠯ ᠠᠴᠠ ᠡᠮᠦᠨᠡᠬᠢ -1100 ᠤᠨ ᠤ ᠤᠷᠴᠢᠮ︶ ᠭᠡᠳᠡᠭ᠂ ᠲᠡᠷᠡ ᠪᠤᠯ ᠪᠠᠷᠠᠭᠤᠨ ᠵᠸᠦ ᠤᠯᠤᠰ ︵西周︶ ᠤᠨ ᠸᠧᠨ ᠸᠠᠩ ᠵᠢᠢ ᠴᠠᠩ ︵周文王姬昌  ︶ ᠤᠨ ᠲᠦᠷᠪᠡᠳᠦᠭᠡᠷ ᠬᠦᠪᠡᠬᠦᠨ ᠨᠢ ᠪᠤᠯᠬᠤ ᠪᠦᠭᠡᠳ ᠡᠤ ᠸᠠᠩ ᠵᠢᠢ ᠹᠠ ︵武王姬发︶  ᠤᠨ ᠲᠡᠭᠦᠦ᠂ ᠴᠧᠩ ᠸᠠᠩ ᠵᠢᠢ ᠰᠦᠩ  ︵成王姬诵︶ ᠤᠨ ᠠᠪᠠᠭ᠎ᠠ ᠨᠢ ᠪᠤᠯᠬᠤ ᠶᠤᠮ᠂ ᠡᠶᠢᠮᠦ ᠠᠴᠠ ᠡᠭᠦᠨ ᠢ ᠪᠠᠰᠠ ᠠᠪᠠᠭ᠎ᠠ ᠳ᠋ᠠᠨ ︵叔旦︶ ᠭᠡᠳᠡᠭ᠃  ᠰᠧ ᠮᠠ ᠴᠢᠶᠠᠨ ᠤ ︽ᠰᠤᠳᠤᠷ ᠲᠡᠮᠳᠡᠭᠯᠡᠯ︾ ᠢ ᠦᠨᠳᠦᠰᠦᠯᠡᠪᠡᠯ᠄ ︽ᠵᠸᠦ ᠤᠯᠤᠰ ᠤᠨ ᠬᠡᠷᠬᠢᠮᠲᠡᠨ ᠵᠢᠢ ᠳ᠋ᠠᠨ ᠬᠡᠮᠡᠭᠴᠢ ᠦᠪᠡᠷ ᠤᠨ ᠡᠷᠭᠦᠮᠵᠢᠯᠡᠯ ᠤᠨ ᠤᠷᠤᠨ —— ᠯᠤ᠋ ᠭᠠᠵᠠᠷ ︵鲁 ᠤᠳᠤᠬᠢ ᠱᠠᠨᠳᠦ᠋ᠩ ᠤᠨ ᠡᠮᠦᠨ᠎ᠡ ᠬᠡᠰᠡᠭ︶ ᠢ ᠵᠠᠬᠢᠷᠠᠭᠤᠯᠬᠤ ᠪᠠᠷ ᠦᠪᠡᠷ ᠤᠨ ᠤᠤᠭᠠᠨ ᠬᠦᠪᠡᠬᠦᠨ ᠪᠦᠸᠧ ᠴᠢᠨ ︵伯禽︶ ᠬᠡᠮᠡᠭᠴᠢ ᠪᠠᠨ ᠲᠤᠮᠢᠯᠠᠪᠠ︾ ᠭᠡᠵᠡᠢ᠂ ᠡᠶᠢᠮᠦ ᠠᠴᠠ ᠲᠡᠤᠬᠡᠴᠢᠳ ᠯᠤ᠋ ᠭᠠᠵᠠᠷ ᠤᠨ ᠬᠠᠮᠤᠭ ᠠᠩᠬᠠᠨ ᠤ ᠡᠵᠡᠨ ᠪᠤᠯ ᠪᠦᠸᠧ ᠴᠢᠨ ᠪᠤᠯᠤᠨ᠎ᠠ ᠭᠡᠵᠦ ᠦᠵᠡᠳᠡᠭ᠃       ᠤᠳᠤᠬᠢ ᠱᠠᠨᠳᠦ᠋ᠩ ᠲᠠᠢ ᠬᠤᠯᠪᠤᠭᠳᠠᠭᠰᠠᠨ ᠪᠠᠰᠠ ᠨᠢᠭᠡ ᠲᠡᠤᠬᠡᠲᠦ ᠬᠦᠮᠦᠨ ᠪᠤᠯ ᠪᠠᠷᠠᠭᠤᠨ ᠵᠸᠦ ᠤᠯᠤᠰ  ᠤᠨ ᠲᠤᠯᠭᠤᠷ ᠲᠦᠷᠦ ᠢ ᠴᠤᠭᠴᠠᠯᠠᠬᠤ ᠳᠤ ᠵᠸᠦ ᠸᠧᠨ ᠸᠠᠩ ︵周文王︶᠂ ᠵᠸᠦ ᠡᠤ ᠸᠠᠩ ︵周武王︶ ᠢ ᠬᠠᠪᠰᠤᠷᠴᠤ ᠦᠯᠡᠮᠵᠢ ᠭᠠᠪᠢᠶ᠎ᠠ ᠪᠠᠶᠢᠭᠤᠯᠤᠭᠰᠠᠨ ᠠᠴᠠ ᠴᠢ ᠭᠠᠵᠠᠷ ︵齐︶ ᠤᠨ ᠡᠵᠡᠨ ᠡᠷᠭᠦᠮᠵᠢᠯᠡᠭᠳᠡᠭᠰᠡ ᠵᠢᠶᠠᠩ ᠽᠢ ᠶᠠ ︵姜子牙᠂ ᠤᠨ ᠲᠤᠭᠠᠯᠠᠯ ᠠᠴᠠ ᠡᠮᠦᠨᠡᠬᠢ -1128 ᠤᠨ ᠠᠴᠠ -1016 ᠡᠮᠦᠨᠡᠬᠢ ᠤᠨ︶ ᠪᠤᠯᠤᠨ᠎ᠠ᠃ ᠴᠢ ᠭᠠᠵᠠᠷ ᠪᠤᠯ ᠤᠳᠤᠬᠢ ᠱᠠᠨᠳᠦ᠋ᠩ ᠮᠤᠵᠢ ᠶᠢᠨ ᠬᠤᠶᠢᠲᠦ ᠬᠡᠰᠡᠭ ᠤᠨ ᠤᠷᠤᠨ ᠪᠤᠯᠤᠨ᠎ᠠ᠃ ᠡᠶᠢᠮᠦ ᠠᠴᠠ ᠲᠡᠤᠬᠡᠴᠢᠳ ᠵᠢᠶᠠᠩ ᠽᠢ ᠶᠠ ᠶᠢ ᠴᠢ ᠭᠠᠵᠠᠷ ᠢ ᠡᠭᠦᠰᠭᠡᠨ ᠴᠤᠭᠴᠠᠯᠠᠭᠴᠢ ᠭᠡᠵᠦ ᠦᠵᠡᠳᠡᠭ ᠶᠤᠮ᠃ ᠵᠢᠶᠠᠩ ᠽᠢ ᠶᠠ ᠶᠢ ᠪᠠᠰᠠ ᠵᠢᠶᠠᠩ ᠲᠠᠢ ᠭᠦᠩ ︵姜太公︶ ᠭᠡᠳᠡᠭ᠂ ᠤᠤᠯ ᠤᠪᠤᠭ ᠨᠢ ᠯᠢᠤᠢ  ︵吕︶᠂ ᠨᠡᠷ᠎ᠡ ᠨᠢ ᠱᠠᠩ ︵尚︶᠂ ᠪᠠᠰᠠ ᠨᠢᠭᠡ ᠨᠡᠷ᠎ᠡ ᠨᠢ ᠸᠠᠩ ︵望︶ ᠭᠡᠳᠡᠭ ᠪᠦᠭᠡᠳ ᠡᠷᠭᠦᠭᠰᠡᠨ ᠨᠡᠷ᠎ᠡ ︵字︶  ᠨᠢ ᠽᠢ ᠶᠠ ︵子牙︶ ᠭᠡᠳᠡᠭ᠃ ᠡᠭᠦᠨ ᠳᠤ ᠲᠤᠳᠤᠷᠬᠠᠶᠢᠯᠠᠬᠤ ᠬᠡᠷᠡᠭᠲᠡᠢ ᠨᠢᠭᠡ ᠠᠰᠠᠭᠤᠳᠠᠯ ᠪᠤᠯ ᠵᠢᠶᠠᠩ ᠽᠢ ᠶᠠ ᠪᠤᠯ ᠴᠢ ᠭᠠᠵᠠᠷ ︵齐︶ ᠤᠨ ᠡᠵᠡᠨ ᠪᠤᠯᠬᠤ ᠠᠴᠠ ᠪᠢᠰᠢ ᠯᠤ᠋ ᠭᠠᠵᠠᠷ ︵鲁︶ ᠤᠨ ᠡᠵᠡᠨ ᠪᠢᠰᠢ ᠶᠤᠮ᠃         ︵39︶  ᠴᠧᠩ ᠸᠠᠩ  成王  ——  ᠵᠸᠦ ᠤᠯᠤᠰ ᠤᠨ ᠬᠤᠶᠠᠳᠤᠭᠠᠷ ᠦᠶ᠎ᠡ ᠶᠢᠨ ᠸᠠᠩ᠂ ᠨᠡᠷ᠎ᠡ ᠨᠢ ᠵᠢᠢ ᠰᠦᠩ ︵姬诵︶ ᠭᠡᠳᠡᠭ᠃ ᠲᠡᠷᠡ ᠨᠡᠶᠢᠲᠡ ᠶᠢᠨ ᠤᠨ ᠲᠤᠭᠠᠯᠠᠯ ᠠᠴᠠ ᠡᠮᠦᠨᠡᠬᠢ 1055 ᠤᠨ ——  ᠨᠡᠶᠢᠲᠡ ᠶᠢᠨ ᠤᠨ ᠲᠤᠭᠠᠯᠠᠯ ᠠᠴᠠ ᠡᠮᠦᠨᠡᠬᠢ 1021 ᠤᠨ ᠬᠦᠷᠲᠡᠯ᠎ᠡ ᠠᠮᠢᠳᠤᠷᠠᠵᠦ ᠪᠠᠶᠢᠵᠠᠢ᠃ ᠵᠸᠦ ᠤᠯᠤᠰ ᠤᠨ ᠡᠤ ᠸᠠᠩ ᠵᠢᠢ ᠹᠠ ︵姬发︶ ᠤᠨ ᠬᠦᠪᠡᠬᠦᠨ᠃ ᠵᠸᠦ ᠴᠧᠩ ᠸᠠᠩ ᠰᠠᠭᠤᠷᠢᠨ ᠳᠤ ᠰᠠᠭᠠᠳᠠᠬᠤ ᠦᠶ᠎ᠡ ᠳᠤ ᠨᠠᠰᠤ ᠪᠠᠭ᠎ᠠ ᠲᠤᠯᠠ ᠵᠸᠦ ᠤᠯᠤᠰ ᠤᠨ ᠬᠡᠷᠬᠢᠮᠲᠡᠨ ᠵᠢᠢ ᠳ᠋ᠠᠨ ︵周公姬旦︶ ᠬᠡᠮᠡᠭᠴᠢ ᠲᠦᠷᠦ ᠵᠠᠰᠠᠭ ᠢ ᠨᠢ ᠲᠤᠰᠠᠯᠠᠪᠠ᠃ ᠴᠧᠩ ᠸᠠᠩ ᠲᠦᠷᠦ ᠪᠠᠷᠢᠮᠠᠭᠴᠠ ᠰᠢᠨ᠎ᠡ ᠨᠡᠶᠢᠰᠯᠡᠯ ᠯᠦᠸᠧ ᠢ ︵洛邑 ᠤᠳᠤᠬᠢ ᠯᠦᠸᠧᠶᠠᠩ ᠬᠤᠲᠠ︶ ᠶᠢ ᠴᠤᠭᠴᠠᠯᠠᠭᠤᠯᠵᠦ᠂ ᠤᠯᠠᠨ ᠬᠦᠢ ᠶᠢ ᠶᠡᠬᠡᠪᠡᠷ ᠡᠷᠭᠦᠮᠵᠢᠯᠡᠨ᠂ ᠵᠡᠭᠦᠨᠰᠢ ᠲᠠᠶᠢᠯᠠᠭᠰᠠᠨ ᠮᠦᠷᠲᠡᠭᠡᠨ ᠶᠤᠰᠤᠯᠠᠯ ᠬᠦᠭᠵᠢᠮ ᠢ ᠨᠠᠶᠢᠷᠠᠭᠤᠯᠤᠨ ᠪᠢᠴᠢᠭᠦᠯᠪᠡ᠃ ᠲᠡᠷᠡ ᠭᠤᠴᠢᠨ ᠲᠠᠪᠤᠨ ᠨᠠᠰᠤᠲᠠᠢ  ᠳᠠᠭᠠᠨ ᠲᠠᠭᠠᠯᠠᠯ ᠲᠡᠭᠦᠰᠦᠭᠰᠡᠨ ᠶᠤᠮ᠃         ︵40︶  ᠵᠸᠦ ᠤᠯᠤᠰ 周  ——  ᠨᠡᠶᠢᠲᠡ ᠶᠢᠨ ᠤᠨ ᠲᠤᠭᠠᠯᠠᠯ ᠠᠴᠠ ᠡᠮᠦᠨᠡᠬᠢ 11 ᠳ᠋ᠤᠭᠡᠷ ᠵᠠᠭᠤᠨ ——  ᠨᠡᠶᠢᠲᠡ ᠶᠢᠨ ᠤᠨ ᠲᠤᠭᠠᠯᠠᠯ ᠠᠴᠠ ᠡᠮᠦᠨᠡᠬᠢ 256 ᠤᠨ ᠬᠦᠷᠲᠡᠯ᠎ᠡ ᠤᠷᠤᠰᠢᠵᠦ ᠪᠠᠶᠢᠭᠰᠠᠨ ᠲᠦᠷᠦ᠃ ᠵᠸᠦ ᠤᠯᠤᠰ ᠢ ᠵᠸᠦ ᠡᠤ ᠸᠠᠩ ᠵᠢᠢ ᠹᠠ ᠴᠤᠭᠴᠠᠯᠠᠨ ᠪᠠᠶᠢᠭᠤᠯᠪᠠ᠃ ᠵᠸᠦ ᠤᠯᠤᠰ ᠨᠢ ᠨᠡᠶᠢᠲᠡ 30 ᠦᠶ᠎ᠡ ᠶᠢᠨ 37 ᠸᠠᠩ ᠭᠠᠷᠴᠤ ᠤᠷᠢᠳ ᠬᠤᠵᠢᠳ ᠨᠠᠢᠮᠠᠨ ᠵᠠᠭᠤᠨ ᠵᠢᠯ ᠤᠷᠤᠰᠢᠭᠰᠠᠨ ᠶᠤᠮ᠃ ᠵᠸᠦ ᠤᠯᠤᠰ ᠨᠢ ᠪᠠᠷᠠᠭᠤᠨ ᠵᠸᠤ ᠤᠯᠤᠰ ︵ᠨᠡᠶᠢᠲᠡ ᠶᠢᠨ ᠤᠨ ᠲᠤᠭᠠᠯᠠᠯ ᠠᠴᠠ ᠡᠮᠦᠨᠡᠬᠢ 11 ᠵᠠᠭᠤᠨ ᠠᠴᠠ ᠨᠡᠶᠢᠲᠡ  ᠶᠢᠨ ᠤᠨ ᠲᠤᠭᠠᠯᠠᠯ ᠠᠴᠠ ᠡᠮᠦᠨᠡᠬᠢ 771 ᠤᠨ ᠬᠦᠷᠲᠡᠯ᠎ᠡ︶ ᠪᠠ ᠵᠡᠭᠦᠨ ᠵᠸᠦ ᠤᠯᠤᠰ ︵ᠨᠡᠶᠢᠲᠡ ᠶᠢᠨ ᠤᠨ ᠲᠤᠭᠠᠯᠠᠯ ᠠᠴᠠ ᠡᠮᠦᠨᠡᠬᠢ 770 ᠤᠨ —— ᠨᠡᠶᠢᠲᠡ ᠶᠢᠨ ᠤᠨ ᠲᠤᠭᠠᠯᠠᠯ ᠠᠴᠠ ᠡᠮᠦᠨᠡᠬᠢ 256 ᠤᠨ ᠬᠦᠷᠲᠡᠯ᠎ᠡ︶ ᠭᠡᠬᠦ ᠬᠤᠶᠠᠷ ᠦᠶ᠎ᠡ ᠳᠤ ᠬᠤᠪᠢᠶᠠᠭᠳᠠᠳᠠᠭ᠃ ᠵᠡᠭᠦᠨ ᠵᠸᠦ ᠤᠯᠤᠰ ᠨᠢ ᠪᠠᠰᠠ ᠬᠠᠪᠤᠷ ᠨᠠᠮᠤᠷ ︵春秋︶ ᠤᠨ ᠴᠠᠭ ᠦᠶ᠎ᠡ ᠬᠢᠭᠡᠳ ᠪᠠᠶᠢᠯᠳᠤᠭᠠᠨᠲᠦ ᠤᠯᠤᠰ ︵战国︶ ᠤᠨ ᠴᠠᠭ ᠦᠶ᠎ᠡ ᠭᠡᠬᠦ ᠬᠤᠶᠠᠷ ᠴᠠᠭ ᠦᠶ᠎ᠡ  ᠳᠤ ᠬᠤᠪᠢᠶᠠᠭᠳᠠᠳᠠᠭ ᠪᠢᠯᠠ᠃  ᠪᠦᠬᠦᠶᠢᠯᠡ ᠵᠸᠦ ᠤᠯᠤᠰ ᠨᠢ ᠪᠤᠭᠤᠯᠲᠦ ᠪᠠᠶᠢᠭᠤᠯᠤᠯᠲᠦ ᠲᠦᠷᠦ ᠪᠤᠯᠬᠤ ᠶᠤᠮ᠃ ᠵᠸᠦ ᠤᠯᠤᠰ ᠨᠢ ᠵᠡᠭᠦᠨ ᠵᠸᠦ ᠤᠯᠤᠰ ᠤᠨ ᠵᠸᠦ ᠨᠠᠨ ︵周赧nǎn︶ ᠸᠠᠩ ᠤᠨ ᠪᠡᠶ᠎ᠡ ᠲᠡᠭᠡᠷ᠎ᠡ ᠮᠦᠬᠦᠪᠡ᠃ ᠵᠸᠦ ᠤᠯᠤᠰ ᠮᠦᠬᠦᠭᠰᠡᠨ ᠤ ᠭᠤᠴᠢᠨ ᠲᠠᠪᠤᠨ ᠵᠢᠯ ᠤᠨ ᠲᠠᠷᠠᠭ᠎ᠠ ᠨᠡᠶᠢᠲᠡ ᠶᠢᠨ ᠤᠨ ᠲᠤᠭᠠᠯᠠᠯ ᠠᠴᠠ ᠡᠮᠦᠨᠡᠬᠢ 221 ᠤᠨ ᠳᠤ ᠴᠢᠨ ᠤᠯᠤᠰ ᠤᠨ  ᠸᠠᠩ ᠶᠢᠩ ᠵᠧᠩ ︵秦王嬴政︶ ᠵᠢᠷᠭᠤᠭᠠᠨ ᠤᠯᠤᠰ ᠢ ᠮᠦᠬᠦᠭᠡᠵᠦ ᠴᠢᠨ ᠤᠯᠤᠰ ︵秦︶ ᠢ ᠪᠠᠶᠢᠭᠤᠯᠤᠭᠠᠳ ᠦᠪᠡᠷ ᠢ ᠪᠠᠨ ᠴᠢᠨ ᠱᠢ ᠬᠤᠸᠠᠩ ︵秦始皇᠂ ᠴᠢᠨ ᠤᠯᠤᠰ ᠤᠨ ᠠᠩᠬᠠᠨ ᠤ ᠬᠠᠭᠠᠨ ᠭᠡᠰᠡᠨ ᠦᠭᠡ︶ ᠭᠡᠪᠡ᠃         ︵41︶  ᠯᠤ᠋ ᠤᠯᠤᠰ‌‍ᠤᠨ ᠬᠡᠷᠬᠢᠮᠲᠡᠨ ᠬᠡᠮᠡᠨ ᠡᠷᠭᠦᠮᠵᠢᠯᠡᠭᠳᠡᠭᠰᠡᠨ 封於魯  ——  ᠠᠳᠡ ᠶᠤᠸᠠᠨ ᠤᠯᠤᠰ ᠤᠨ ᠲᠦᠪ ᠵᠠᠰᠠᠭ ᠤᠨ ᠭᠠᠵᠠᠷ ᠠᠴᠠ ᠬᠤᠩᠬᠢᠷᠠᠳ ᠠᠶᠢᠮᠠᠭ ᠤᠨ ᠨᠤᠶᠠᠳ ᠢ ᠯᠤ᠋ ᠸᠠᠩ ᠡᠷᠭᠦᠮᠵᠢᠯᠡᠵᠦ ᠱᠠᠨᠳᠦ᠋ᠩ ᠭᠠᠵᠠᠷ ᠢ ᠦᠮᠴᠢᠯᠡᠭᠦᠯᠦᠨ ᠵᠠᠬᠢᠷᠠᠭᠤᠯᠤᠭᠰᠠᠨ ᠢ ᠵᠢᠭᠠᠵᠦ ᠪᠠᠶᠢᠨ᠎ᠠ᠃           ︵42︶  ᠪᠤᠭᠳᠠ ᠡᠷᠳᠡᠮᠲᠦ ᠭᠠᠶᠢᠬᠠᠮᠰᠢᠭᠲᠦ ᠭᠠᠪᠢᠶᠠᠲᠦ ᠤᠳᠬᠠᠴᠢ ᠴᠤᠭᠲᠦ ᠬᠠᠭᠠᠨ 聖德神功文武皇帝  ——  ᠬᠤᠪᠢᠯᠠᠢ ᠰᠡᠴᠡᠨ ᠬᠠᠭᠠᠨ ᠤ ᠨᠡᠬᠡᠨ ᠡᠷᠭᠦᠮᠵᠢᠯᠡᠭᠰᠡᠨ ᠴᠤᠯᠠ᠃           ︵43︶  ᠬᠡᠷᠬᠢᠮᠲᠡᠨ ᠢ ᠡᠷᠭᠦᠮᠵᠢᠯᠡᠨ ᠸᠠᠩ ᠢ ᠪᠠᠶᠢᠭᠤᠯᠤᠭᠠᠳ 封侯建王   ——  ᠡᠨᠡ ᠪᠤᠯ ᠲᠠᠷᠤᠢ ᠡᠷᠲᠡᠨ ᠤ ᠬᠠᠭᠠᠨᠲᠦ ᠲᠦᠷᠦ ᠶᠢᠨ ᠡᠷᠭᠦᠮᠵᠢᠯᠡᠯᠲᠦ ᠶᠤᠰᠤ — ᠲᠠᠷᠤᠢ ᠮᠠᠨ ᠤ ᠬᠢᠨ ᠤ ᠬᠡᠯᠡᠳᠡᠭ ᠹᠸᠥᠳᠠᠯ ᠶᠤᠰᠤ ᠶᠢ ᠵᠢᠭᠠᠵᠦ ᠪᠠᠶᠢᠭ᠎ᠠ ᠶᠤᠮ᠃ ᠡᠷᠲᠡᠨ ᠤ ᠬᠠᠭᠠᠨᠲᠦ ᠲᠦᠷᠦ ᠶᠢᠨ ᠶᠤᠰᠤᠨ ᠳᠤ᠂ ᠡᠵᠡᠨ ᠬᠠᠭᠠᠨ  ᠠᠴᠠ ᠤᠯᠤᠰ ᠭᠦᠷᠦᠨ ᠢᠶᠠᠨ ᠡᠶᠡᠪᠡᠷ ᠵᠠᠰᠠᠬᠤ ᠶᠢᠨ ᠲᠦᠯᠦᠭᠡ ᠭᠠᠪᠢᠶᠠᠲᠦ ᠲᠦᠰᠢᠮᠡᠯ ᠪᠤᠶᠤ ᠲᠦᠷᠦᠯ ᠤᠭᠰᠠᠭ᠎ᠠ  ᠶᠢᠨ ᠬᠦᠮᠦᠰ ᠲᠡᠭᠡᠨ ᠭᠠᠵᠠᠷ ᠨᠤᠲᠤᠭ ᠬᠢᠭᠡᠳ ᠬᠦᠮᠦᠨ ᠠᠷᠠᠳ ᠢ ᠬᠤᠪᠢᠳᠠᠨ ᠰᠤᠶᠤᠷᠬᠠᠵᠦ᠂ ᠲᠤᠬᠠᠢ ᠶᠢᠨ ᠰᠤᠶᠤᠷᠬᠠᠯ ᠤᠨ ᠤᠷᠤᠨ ᠳᠤᠨᠢ ᠸᠠᠩ ᠬᠡᠮᠡᠨ ᠡᠷᠭᠦᠮᠵᠢᠯᠡᠯ ᠪᠠᠶᠢᠭᠤᠯᠤᠭᠠᠳ ᠬᠡᠰᠡᠭᠯᠡᠨ ᠵᠠᠬᠢᠷᠳᠠᠭ᠂ ᠡᠭᠦᠨ ᠢ ᠡᠷᠭᠦᠮᠵᠢᠯᠡᠯᠲᠦ ᠶᠤᠰᠤᠨ ᠭᠡᠬᠦ ᠪᠤᠶᠤ ᠹᠸᠥᠳᠠᠯ ᠶᠤᠰᠤᠨ ᠭᠡᠳᠡᠭ ᠶᠤᠮ᠃         ︵44︶  ᠠᠷᠠᠳ ᠢᠷᠭᠡᠳ ᠢᠶᠠᠨ ᠤᠯᠤᠰ ᠭᠦᠷᠦᠨ ᠲᠠᠢ ᠪᠤᠯᠭᠠᠭᠰᠠᠨ 有人民社稷  ——  ᠠᠳᠡ ᠬᠡᠷᠡᠭᠯᠡᠭᠰᠡᠨ ︽社稷︾ ᠭᠡᠳᠡᠭ ᠦᠭᠡ ᠨᠢ ᠤᠯᠤᠰ ᠭᠦᠷᠦᠨ ᠭᠡᠬᠦ ᠤᠳᠬ᠎ᠠ ᠲᠠᠢ ᠶᠤᠮ᠃         ︵45︶  ᠬᠦᠯᠦᠭ ᠵᠠᠬᠢᠷᠤᠭᠴᠢ ᠲᠦᠰᠢᠮᠡᠯ  司馬  ——  ᠨᠤᠶᠠᠨ ᠲᠤᠰᠢᠶᠠᠯ᠃ ᠪᠠᠷᠠᠭᠤᠨ ᠵᠸᠦ ᠤᠯᠤᠰ ᠤᠨ ᠦᠶ᠎ᠡ ᠠᠴᠠ ᠡᠬᠢᠯᠡᠨ ᠡᠶᠢᠮᠦ ᠲᠤᠰᠢᠶᠠᠯ ᠢ ᠲᠦᠰᠢᠪᠡ᠃ ᠭᠤᠤᠯᠳᠠᠭᠤ ᠴᠡᠷᠢᠭ ᠤᠨ ᠴᠠᠭᠠᠵᠠ ᠬᠢᠭᠡᠳ ᠴᠡᠷᠢᠭ ᠤᠨ ᠠᠯᠪᠠ ︵军政和军赋︶ ᠶᠢᠨ ᠠᠵᠢᠯ ᠢ ᠬᠠᠷᠢᠭᠤᠴᠠᠨ ᠬᠢᠳᠡᠭ᠃ ᠡᠭᠦᠨ ᠢ ᠪᠠᠰᠠ ᠴᠡᠷᠢᠭ ᠤᠨ ᠵᠤᠷᠭᠠᠨ ᠤ ᠡᠷᠬᠢᠨ ᠰᠠᠶᠢᠳ ︵兵部尚书︶ ᠭᠡᠳᠡᠭ᠃ ᠶᠤᠸᠠᠨ ᠤᠯᠤᠰ ᠤᠨ ᠦᠶ᠎ᠡ ᠳᠠᠬᠢ ᠬᠦᠯᠦᠭ ᠵᠠᠬᠢᠷᠤᠭᠴᠢ ᠲᠦᠰᠢᠮᠡᠯ ᠭᠡᠳᠡᠭ ᠪᠤᠯ ᠲᠦᠷᠦᠯ ᠸᠠᠩ ᠨᠠᠷ ᠤᠨ ᠲᠤᠰᠠᠯᠠᠭᠴᠢ ᠶᠢᠨ ᠵᠠᠬᠢᠷᠭ᠎ᠠ ︵诸王辅 ︶ ᠪᠤᠶᠤ ᠲᠤᠲᠤᠭᠠᠳᠤ ᠪᠢᠴᠢᠭᠴᠢ ᠶᠢᠨ ᠬᠤᠷᠤᠭ᠎ᠠ ︵内史府︶ ᠳᠤ ᠬᠠᠷᠢᠶᠠᠯᠭᠳᠠᠬᠤ ᠨᠤᠶᠠᠨ ᠲᠤᠰᠢᠶᠠᠯ ᠪᠤᠯᠤᠨ᠎ᠠ᠂ ᠲᠡᠰ ᠵᠡᠷᠭᠡᠮᠵᠢ ᠶᠢᠨ ᠲᠠᠯ᠎ᠠ ᠪᠠᠷ ᠴᠢᠭ ᠲᠦᠷᠪᠡᠳᠦᠭᠡᠷ ᠵᠡᠷᠭᠡᠲᠡᠨ ︵正四品︶ ᠤ ᠨᠤᠶᠠᠨ ᠪᠠᠶᠢᠵᠦ᠂ ᠭᠤᠤᠯᠳᠠᠭᠤ ᠬᠠᠷᠠᠭᠤᠯᠤᠨ ᠲᠤᠯᠭᠠᠵᠦ ᠬᠠᠷᠠᠭᠤᠯ ᠮᠠᠨᠠᠭ᠎ᠠ ᠳᠤ ᠭᠠᠷᠬᠤ ︵检校门禁︶ ᠪᠠ ᠤᠷᠳᠤᠨ ᠬᠤᠷᠤᠭ᠎ᠠ ᠶᠢᠨ ᠬᠡᠷᠡᠭ ᠤᠴᠢᠷ ᠢ ᠶᠡᠷᠦᠩᠬᠡᠶᠢᠯᠡᠨ ᠬᠠᠷᠢᠭᠤᠴᠠᠳᠠᠳᠠᠭ ︵总统府事︶ ᠨᠤᠶᠠᠨ ᠲᠤᠰᠢᠶᠠᠯ ᠪᠠᠶᠢᠪᠠ᠃ ᠡᠭᠦᠨ ᠠᠴᠠ ᠭᠠᠳᠠᠨ᠎ᠠ ᠪᠠᠰᠠ ᠰᠧ ᠮᠠ ︵司马︶ ᠭᠡᠬᠦ ᠤᠪᠤᠭ ᠪᠠᠶᠢᠳᠠᠭ᠂ ᠡᠭᠦᠨ ᠢ ᠲᠠᠪᠬᠤᠷ ᠤᠪᠤᠭ ᠭᠡᠳᠡᠭ ᠶᠤᠮ᠃         ︵46︶  ᠮᠤᠷᠢᠴᠢ  木裡赤  ——  ᠱᠠᠨᠳᠦ᠋ᠩ ᠤᠨ ᠵᠢᠨᠢᠩ ᠴᠦᠯᠭᠡ ᠶᠢᠨ ᠶᠦᠨᠴᠧᠩ ᠰᠢᠶᠠᠨ ᠤ ᠲᠠᠷᠤᠭᠠᠴᠢ᠂ ᠪᠠᠭᠠᠲᠤᠷ ᠪᠤᠳᠤᠯᠭᠠᠲᠤ ᠵᠠᠩᠵᠤᠨ ᠲᠠᠩᠭᠤᠳ ᠤᠪᠤᠭᠲᠦ ᠲᠦᠮᠡᠨᠲᠡᠢ ᠶᠢᠨ ᠲᠡᠭᠦᠦ᠃ ᠯᠤ᠋ ᠸᠠᠩ ᠰᠠᠩᠭᠠᠪᠠᠯᠠ ᠶᠢᠨ ᠪᠠᠭᠠᠲᠤᠷ ᠪᠤᠳᠤᠯᠭᠠᠲᠤ ᠬᠦᠯᠦᠭ ᠵᠠᠬᠢᠷᠤᠭᠴᠢ ᠵᠠᠩᠵᠦᠨ   ︵武略將軍魯王司馬︶ ᠪᠦᠭᠡᠳ ᠢᠩᠴᠠᠩ ᠴᠦᠯᠭᠡ᠂ ᠲᠡᠭᠦᠰ ᠠᠮᠦᠭᠤᠯᠠᠩ ᠴᠦᠯᠭᠡ ᠬᠢᠭᠡᠳ ᠵᠢᠨᠢᠩ ᠴᠦᠯᠭᠡ ᠶᠢᠨ ᠴᠡᠷᠢᠭ ᠬᠤᠶᠠᠭ ᠤᠨ ᠬᠤᠯᠪᠤᠭᠠᠴᠢᠨ᠃           ︵47︶  ᠬᠠᠤᠯᠢ ᠶᠢᠨ ᠲᠦᠰᠢᠮᠡᠯ  憲使  ——  ᠡᠷᠲᠡᠨ ᠤ ᠬᠢᠲᠠᠳ ᠬᠡᠯᠡᠨ ᠳᠤ ︽宪使︾ ᠭᠡᠳᠡᠭ ᠪᠤᠯ ᠬᠠᠤᠯᠢ ᠴᠠᠭᠠᠵᠠ ᠶᠢ ᠬᠠᠮᠢᠶᠠᠷᠳᠠᠭ ᠲᠦᠰᠢᠮᠡᠯ ᠢ ᠨᠡᠷᠡᠯᠡᠳᠡᠭ ᠶᠤᠮ᠃         ︵48︶  ᠵᠡᠷᠭᠡ ᠵᠢᠩᠰᠡᠲᠡᠨ  縉紳 ——  ᠡᠨᠡ ᠬᠤᠶᠠᠷ ᠦᠰᠦᠭ ᠢ ᠰᠢᠭᠤᠳ ᠮᠢᠬᠠᠴᠢᠯᠠᠨ ᠤᠷᠴᠢᠭᠤᠯᠪᠠᠯ ︽ᠪᠠᠷᠢᠬᠤ缙︾ ᠪᠠ ︽ ᠪᠦᠰᠡᠯᠡᠬᠦ 绅︾ ᠭᠡᠰᠡᠨ ᠦᠭᠡ ᠶᠤᠮ᠃ ᠡᠷᠲᠡᠨ ᠤ ᠬᠢᠲᠠᠳ ᠪᠢᠴᠢᠭ ᠲᠤ ᠡᠨᠡ ︽缙︾ ᠭᠡᠬᠦ ᠦᠰᠦᠭ ᠨᠢ ᠤᠯᠠᠭᠠᠨ ᠲᠤᠷᠭ᠎ᠠ ᠶᠢ ᠨᠡᠷᠡᠯᠡᠳᠡᠭ ᠠᠴᠠ ᠭᠠᠳᠠᠨ᠎ᠠ ᠪᠠᠰᠠ ︽缙︾ ᠪᠠ ︽插︾ ᠨᠢ ᠠᠳᠠᠯᠢ ᠤᠳᠬ᠎ᠠ ᠲᠠᠢ ᠬᠡᠷᠡᠭᠯᠡᠭᠳᠡᠳᠡᠭ ᠪᠠᠶᠢᠭᠰᠠᠨ ᠲᠤᠯᠠ ︽插笏︾ ᠪᠤᠶᠤ ᠮᠤᠩᠭᠤᠯᠴᠢᠯᠠᠪᠠᠯ ᠬᠤᠪᠠᠨ ᠪᠠᠷᠢᠬᠤ ᠭᠡᠰᠡᠨ ᠤᠳᠬ᠎ᠠ ᠪᠠᠷ ᠬᠡᠷᠡᠭᠯᠡᠭᠳᠡᠳᠡᠭ᠃ ︽笏︾ ᠭᠡᠳᠡᠭ ᠪᠤᠯ ᠬᠤᠯᠤᠰᠤ ᠪᠠᠷ ᠬᠢᠭᠰᠡᠨ ᠬᠠᠪᠲᠠᠰᠤ ᠶᠢ ᠬᠡᠯᠡᠨ᠎ᠡ᠂ ᠮᠤᠩᠭᠤᠯ ᠬᠡᠯᠡᠨ ᠳᠤ ᠡᠭᠦᠨ ᠢ ︽ᠬᠤᠪᠠᠨ︾ ᠭᠡᠳᠡᠭ᠃ ︽绅︾ ᠭᠡᠳᠡᠭ ᠪᠤᠯ ᠲᠡᠷᠯᠢᠭ ᠤᠨ ᠭᠠᠳᠠᠭᠤᠷ ᠪᠦᠰᠡᠯᠡᠳᠡᠭ ᠦᠷᠬᠡᠨ ᠪᠦᠰᠡ ᠶᠢ ᠬᠡᠯᠡᠨ᠎ᠡ᠃ ᠡᠷᠲᠡᠨ ᠤ ᠬᠠᠭᠠᠨᠲᠦ ᠲᠦᠷᠦ ᠶᠢᠨ ᠶᠤᠰᠤᠨ  ᠳᠤ ᠲᠦᠷᠦ ᠶᠢᠨ ᠪᠠᠷᠠᠬᠠᠯᠠᠯ ᠬᠢᠬᠦ ᠦᠶ᠎ᠡ ᠳᠤ ᠨᠤᠶᠠᠳ ᠲᠦᠰᠢᠮᠡᠳ ᠭᠠᠷ ᠲᠠᠭᠠᠨ ᠬᠤᠪᠠᠨ ᠠᠳᠬᠤᠵᠦ ᠪᠦᠰᠡ ᠪᠠᠨ ᠪᠦᠰᠡᠯᠡᠨ ᠬᠠᠭᠠᠨ ᠯᠤᠭ᠎ᠠ ᠪᠠᠷᠠᠭᠠᠳᠠᠳᠠᠭ᠃ ᠵᠠᠷᠢᠮ ᠦᠶ᠎ᠡ ᠳᠤ ᠠᠶᠢᠯᠠᠳᠬᠠᠬᠤ ᠴᠢᠬᠤᠯᠠ ᠲᠠᠢ ᠤᠴᠢᠷ ᠢᠶᠠᠨ ᠮᠠᠷᠲᠠᠬᠤ  ᠠᠴᠠ ᠪᠤᠯᠭᠤᠮᠵᠢᠯᠠᠵᠦ ᠬᠤᠪᠠᠨ ᠲᠡᠭᠡᠷ᠎ᠡ ᠪᠠᠨ ᠪᠢᠴᠢᠳᠡᠭ᠃ ᠡᠶᠢᠨᠬᠦ ᠡᠨᠡ ᠦᠭᠡ ᠨᠢ ᠶᠠᠪᠠᠭᠠᠨ ᠳᠠᠭᠠᠨ ᠨᠤᠶᠠᠳ ᠲᠦᠰᠢᠮᠡᠳ ᠢ ᠵᠢᠭᠠᠳᠠᠭ ᠲᠤᠰᠬᠠᠢ ᠨᠡᠷ᠎ᠡ ᠪᠤᠯᠤᠭᠰᠠᠨ ᠲᠤᠯᠠ ᠮᠤᠩᠭᠤᠯ ᠬᠡᠯᠡᠨ ᠲᠡᠭᠡᠷ᠎ᠡ ᠡᠭᠦᠨ ᠢ ᠵᠡᠷᠭᠡ ᠵᠢᠩᠰᠡᠲᠡᠨ ᠭᠡᠵᠦ ᠨᠡᠷᠡᠯᠡᠳᠡᠭ ᠶᠤᠮ᠃         ︵49︶  ᠪᠤᠭᠤᠷᠤᠯ ᠠᠭᠤᠯᠠᠰ ᠤᠭᠠᠯᠵᠢᠯᠠᠭᠰᠠᠨ ᠮᠦᠷᠡᠨ 山河帶礪  ——  ᠡᠨᠡ ᠦᠭᠡ ᠪᠤᠯ ᠰᠧ ᠮᠠ ᠴᠢᠶᠠᠨ司马迁 ᠤ ︽ᠰᠤᠳᠤᠷ ᠲᠡᠮᠳᠡᠭᠯᠡᠯ史记᠂ ᠦᠨᠳᠦᠷ ᠲᠡᠭᠡᠳᠦᠰ ᠤᠨ ᠭᠠᠪᠢᠶᠠᠲᠦ ᠲᠦᠰᠢᠮᠡᠯ ᠪᠠ ᠬᠦᠢ ᠨᠤᠶᠠᠳ ᠤᠨ ᠤᠨ ᠤ ᠢᠯᠡᠳᠭᠡᠯ高祖功臣侯者年表︾ ᠶᠢᠨ ᠲᠤᠲᠤᠷᠠᠬᠢ ︽ᠬᠡᠷᠬᠢᠮ ᠡᠷᠭᠦᠮᠵᠢᠯᠡᠭᠰᠡᠨ ᠲᠠᠩᠭᠠᠷᠢᠭ ᠲᠤᠷ ᠦᠭᠦᠯᠡᠷᠦᠨ᠄ ᠭᠤᠤᠯ ᠮᠦᠷᠡᠨ ᠪᠦᠰᠡ ᠮᠡᠲᠦ᠂ ᠠᠭᠤᠯᠠ ᠨᠢᠷᠤᠭᠤᠳ ᠪᠢᠯᠡᠭᠦᠦ ᠠᠳᠠᠯᠢ᠂ ᠤᠯᠤᠰ ᠭᠦᠷᠦᠨ ᠤ ᠪᠠᠨ ᠦᠨᠢᠳᠡ ᠶᠢᠨ ᠠᠮᠤᠭᠤᠯᠠᠩ ᠢ ᠬᠦᠰᠡᠬᠦᠢ ᠢᠨᠦ᠂ ᠡᠩᠬᠦᠷᠢ ᠦᠷ᠎ᠡ ᠪᠠᠨ ᠬᠠᠶᠢᠷᠠᠯᠠᠬᠤ ᠮᠡᠲᠦ ᠪᠤᠶᠤ︾ ᠭᠡᠰᠡᠨ ᠦᠭᠡ ᠠᠴᠠ ᠤᠯᠠᠷᠢᠵᠦ ᠢᠷᠡᠭᠰᠡᠨ ᠶᠤᠮ᠃ ᠡᠭᠦᠨ ᠤ ᠤᠳᠬ᠎ᠠ  ᠨᠢ ᠴᠠᠭ ᠬᠤᠭᠤᠴᠠᠭ᠎ᠠ ᠬᠡᠳᠦᠢ ᠤᠷᠲᠦ ᠤᠳᠠᠭᠠᠨ ᠪᠠᠶᠢᠵᠦ ᠲᠡᠯᠡᠬᠡᠢ ᠳ᠋ᠠᠬᠢᠨ ᠳᠤ ᠶᠠᠮᠠᠷ ᠤᠯᠠᠷᠢᠯ ᠬᠤᠪᠢᠰᠤᠯ ᠭᠠᠷᠤᠯ᠎ᠠ ᠴᠤ ᠭᠡᠰᠡᠨ ᠲᠦᠷᠦ ᠭᠦᠷᠦᠨ ᠤ ᠪᠠᠨ ᠲᠦᠯᠦᠭᠡ ᠵᠢᠳᠬᠦᠨ ᠴᠢᠷᠮᠠᠶᠢᠬᠤ ᠵᠢᠷᠦᠬᠡ ᠰᠡᠳᠭᠢᠯ ᠦᠴᠦᠬᠡᠨ ᠴᠤ ᠬᠤᠪᠢᠷᠠᠬᠤ ᠦᠭᠡᠢ ᠭᠡᠰᠡᠨ ᠪᠠᠲᠦ ᠠᠨᠳᠠᠭᠠᠢ ᠲᠠᠯᠪᠢᠭᠰᠠᠨ ᠦᠭᠡ ᠪᠤᠯᠬᠤ ᠶᠤᠮ᠃         ︵50︶  ᠲᠤᠯᠭᠤᠷ ᠲᠦᠷᠦ ᠪᠠᠨ ᠪᠠᠲᠤᠳᠠ ᠪᠠᠬᠢᠵᠢᠭᠦᠯᠬᠦᠶ᠎ᠡ  維屏維翰  ——  ᠡᠨᠡ ᠦᠭᠡ ᠪᠤᠯ ︽ᠰᠢᠯᠦᠭᠯᠡᠯᠲᠦ ᠨᠤᠮ诗经᠂ ᠶᠡᠭᠡ ᠢᠷᠠᠭᠤ大雅︾ ᠶᠢᠨ ᠲᠤᠲᠤᠷᠠᠬᠢ ᠰᠢᠯᠦᠭ ᠤᠨ᠄ ︽大邦维屏,大宗维翰,怀德维宁,宗子维城︾ ᠭᠡᠰᠡᠨ ᠦᠭᠡ  ᠶᠢᠨ ᠲᠤᠪᠴᠢᠯᠠᠯ ᠶᠤᠮ᠃ ᠤᠷᠴᠢᠭᠤᠯᠪᠠᠰᠤ᠄ ︽ᠶᠡᠭᠡ ᠬᠦᠢ ︵ᠡᠷᠭᠦᠮᠵᠢᠯᠡᠭᠳᠡᠭᠰᠡᠨ ᠪᠠᠭ᠎ᠠ ᠪᠠᠭ᠎ᠠ ᠤᠯᠤᠰ︶ ᠬᠡᠮᠡᠭᠴᠢ ᠬᠠᠯᠬᠠᠪᠴᠢ ᠨᠦᠮᠦᠷᠢ ᠪᠤᠶᠤ᠂ ᠬᠠᠭᠠᠨ ᠤᠭᠰᠠᠭ᠎ᠠ ᠬᠡᠮᠡᠭᠴᠢ ᠨᠢᠷᠤᠭᠤ ᠲᠤᠯᠭᠠᠭᠤᠷᠢ ᠪᠦᠯᠦᠭᠡ᠂ ᠠᠴᠢᠯᠠᠯ ᠢ ᠦᠪᠡᠷᠴᠢᠯᠡᠪᠡᠰᠤ ᠲᠦᠪᠰᠢᠨ ᠠᠮᠤᠭᠤᠯᠠᠩ ᠪᠠᠳᠤᠵᠢᠵᠦ᠂ ᠤᠪᠤᠭ ᠤᠭᠰᠠᠭ᠎ᠠ ᠬᠡᠮᠡᠭᠴᠢ ᠬᠠᠶᠢᠰᠠᠩ ᠬᠡᠷᠡᠮ ᠪᠤᠯᠠᠢ︾ ᠭᠡᠰᠡᠨ ᠦᠭᠡ ᠪᠤᠯᠬᠤ ᠶᠤᠮ᠃ ᠡᠨᠡ ᠦᠭᠡ ᠶᠢᠨ ᠤᠳᠬ᠎ᠠ ᠨᠢ ᠡᠯ᠎ᠡ ᠬᠦᠢ ᠤᠯᠤᠰ ᠤᠨ ᠲᠦᠷᠦᠭᠦᠴᠦᠳ ᠡᠷᠬᠡᠪᠰᠢ ᠡᠵᠡᠨ ᠬᠠᠭᠠᠨ ᠢᠶᠠᠨ ᠬᠦᠷᠢᠶᠡᠯᠡᠵᠦ᠂ ᠬᠠᠭᠠᠨ ᠤᠭᠰᠠᠭ᠎ᠠ ᠶᠢᠨ ᠨᠤᠶᠠᠳ ᠬᠡᠷᠬᠢᠮᠲᠡᠳ ᠲᠦᠷᠦ ᠤᠯᠤᠰ ᠢᠶᠠᠨ ᠬᠠᠮᠠᠭᠠᠯᠠᠵᠦ᠂ ᠲᠤᠯᠭᠤᠷ ᠲᠦᠷᠦ ᠪᠠᠨ ᠲᠡᠮᠦᠷ ᠬᠡᠷᠡᠮ ᠪᠤᠯᠤᠳ ᠬᠠᠨ᠎ᠠ ᠮᠡᠲᠦ ᠪᠠᠲᠦ ᠪᠠᠬᠢ ᠪᠤᠯᠭᠠᠲᠤᠭᠠᠢ ᠭᠡᠰᠡᠨ ᠰᠠᠨᠠᠭ᠎ᠠ ᠶᠢ ᠢᠯᠡᠳᠭᠡᠭᠰᠡᠨ ᠶᠤᠮ᠃         ︵51︶  ᠰᠠᠶᠢᠪᠡᠷ ᠵᠦᠪᠯᠡᠭᠴᠢ ᠲᠦᠰᠢᠶ᠎ᠡ ᠲᠦᠰᠢᠮᠡᠯ  嘉議大夫  ——  ᠰᠠᠶᠢᠪᠡᠷ ᠵᠦᠪᠯᠡᠭᠴᠢ ᠭᠡᠳᠡᠭ ᠪᠤᠯ ᠰᠠᠶᠢᠨ ᠰᠠᠶᠢᠬᠠᠨ ᠰᠠᠨᠠᠯ ᠰᠠᠨᠠᠭᠤᠯᠭ᠎ᠠ ᠶᠢ ᠲᠤᠷᠠᠳᠤᠨ ᠭᠠᠷᠭᠠᠵᠦ ᠲᠦᠷᠦ ᠶᠢᠨ ᠬᠡᠷᠡᠭ ᠢ ᠵᠦᠪᠯᠡᠭᠴᠢ ᠭᠡᠰᠡᠨ ᠦᠭᠡ ᠶᠤᠮ᠂ ᠲᠦᠰᠢᠶ᠎ᠡ ᠲᠦᠰᠢᠮᠡᠯ ᠭᠡᠳᠡᠭ ᠪᠤᠯ ᠲᠦᠰᠢᠭ ᠲᠤᠯᠭᠠᠭᠤᠷᠢ ᠪᠤᠯᠳᠠᠭ ᠶᠡᠭᠡ ᠲᠦᠰᠢᠮᠡᠯ ᠢ ᠬᠡᠯᠡᠨ᠎ᠡ᠃ ᠶᠤᠸᠠᠨ ᠤᠯᠤᠰ ᠤᠨ ᠪᠢᠴᠢᠭ ᠤᠨ ᠰᠤᠯᠠ ᠰᠠᠶᠢᠳ ᠤᠨ ᠲᠤᠰᠢᠶᠠᠯ᠂ ᠡᠨᠡ ᠨᠤᠶᠠᠨ ᠲᠤᠰᠢᠶᠠᠯ ᠨᠢ ᠶᠤᠸᠠᠨ ᠤᠯᠤᠰ ᠤᠨ ᠪᠢᠴᠢᠭ ᠤᠨ ᠰᠠᠶᠢᠳ ᠤᠨ ᠲᠤᠰᠢᠶᠠᠯ ᠤᠨ ᠲᠦᠴᠢᠨ ᠬᠤᠶᠠᠷ ᠲᠡᠭᠲᠡᠷ ᠲᠠᠬᠢ ᠠᠷᠪᠠᠨ ᠲᠤᠯᠤᠳᠤᠭᠠᠷ ᠲᠤᠨᠢ ᠤᠷᠤᠵᠦ᠂ ᠨᠤᠶᠠᠨ ᠲᠤᠰᠢᠶᠠᠯ ᠤᠨ ᠲᠡᠰ ᠵᠡᠷᠭᠡ ᠶᠢᠨ ᠲᠠᠯ᠎ᠠ ᠪᠠᠷ ᠴᠢᠭ ᠭᠤᠷᠪᠠᠳᠤᠭᠠᠷ ᠵᠡᠷᠭᠡᠲᠡᠨ ᠳᠤ ᠪᠠᠶᠢᠷᠢᠰᠢᠳᠠᠭ᠃ ᠡᠶᠢᠮᠦ ᠠᠴᠠ ᠲᠡᠭᠦᠨ ᠢ ᠲᠤᠩᠬᠠᠭ ᠢᠶᠠᠷ ᠲᠤᠮᠢᠯᠠᠳᠠᠭ ︵宣授 ᠬᠠᠭᠠᠨ ᠡᠵᠡᠨ ᠰᠢᠭᠤᠳ ᠵᠠᠷᠯᠢᠭ ᠪᠠᠭᠤᠯᠭᠠᠨ ᠲᠤᠮᠢᠯᠠᠬᠤ ᠪᠢᠰᠢ᠂ ᠬᠠᠷᠢᠨ ᠬᠠᠭᠠᠨ ᠤ ᠵᠦᠪᠰᠢᠶᠡᠷᠡᠯ ᠢᠶᠠᠷ ᠲᠦᠷᠦ ᠶᠢᠨ ᠵᠤᠷᠭᠠᠨ  ᠠᠴᠠ ᠲᠤᠳᠢᠶ᠎ᠠ ᠪᠢᠴᠢᠭ ᠪᠠᠭᠤᠯᠭᠠᠨ ᠲᠤᠮᠢᠯᠠᠬᠤ ᠶᠢ ᠬᠡᠯᠡᠨ᠎ᠡ︶ ᠪᠦᠭᠡᠳ ᠪᠤᠷᠤ ᠲᠡᠷᠯᠢᠭ ︵服紫︶ ᠬᠡᠲᠡᠷᠡᠭᠦᠯᠳᠡᠭ᠃ ᠡᠨᠡ ᠲᠤᠰᠢᠶᠠᠯ ᠢ ᠠᠯᠲᠠᠨ ᠤᠯᠤᠰ ᠤᠨ ᠦᠶ᠎ᠡ ᠠᠴᠠ ᠡᠬᠢᠯᠡᠨ ᠲᠦᠰᠢᠵᠦ᠂ ᠶᠤᠸᠠᠨ ᠤᠯᠤᠰ ᠬᠢᠭᠡᠳ ᠮᠢᠩ ᠤᠯᠤᠰ ᠴᠦᠮ ᠶᠤᠰᠤᠴᠢᠯᠠᠨ ᠲᠦᠰᠢᠪᠠ᠂ ᠭᠡᠪᠡᠴᠦ ᠴᠢᠩ ᠤᠯᠤᠰ ᠬᠦᠴᠦᠨ ᠦᠭᠡᠢ ᠪᠤᠯᠭᠠᠵᠠᠢ᠃         ︵52︶  ᠠᠭᠤᠷᠤᠭ 奧魯  ——  ᠴᠡᠷᠢᠭ ᠠᠩᠬᠢ ᠶᠢᠨ ᠵᠤᠬᠢᠶᠠᠨ ᠪᠠᠶᠢᠭᠤᠯᠤᠯᠲᠠ ᠶᠢᠨ ᠨᠡᠷ᠎ᠡ᠃ ᠬᠦᠢᠰᠤ ᠨᠤᠲᠤᠭ ᠪᠤᠶᠤ ᠭᠤᠯᠤᠮᠲᠠ ᠤᠷᠤᠨ ᠭᠡᠰᠡᠨ ᠦᠭᠡ᠂ ᠮᠤᠩᠭᠤᠯ ᠤᠨ ᠴᠡᠷᠢᠭ ᠲᠠᠶᠢᠯᠠᠨ ᠪᠠᠶᠢᠯᠳᠤᠬᠤ ᠦᠶ᠎ᠡ ᠳᠡᠭᠡᠨ ᠬᠦᠭᠰᠢᠨ ᠨᠠᠰᠤᠲᠠᠨ ᠬᠢᠭᠡᠳ ᠬᠡᠤᠬᠡᠳ ᠨᠢᠯᠬ᠎ᠠ ᠵᠢᠴᠢ ᠠᠴᠢᠶ᠎ᠠ ᠬᠦᠰᠭᠡ ᠪᠠᠨ ᠠᠷᠤ ᠲᠠᠯ᠎ᠠ ᠳᠠᠭᠠᠨ ᠲᠠᠯᠪᠢᠨ ᠬᠤᠨᠤᠭ ᠪᠠᠭᠤᠴᠠ ᠪᠠᠨ ᠪᠤᠯᠭᠠᠵᠦ ᠰᠠᠬᠢᠨ ᠬᠠᠮᠠᠭᠠᠯᠠᠳᠠᠭ ᠰᠠᠭᠤᠷᠢᠨ ᠭᠠᠵᠠᠷ ᠢ ᠠᠭᠤᠷᠤᠭ ᠭᠡᠳᠡᠭ᠃         ︵53︶  ᠯᠢᠦ ᠴᠧᠩ ᠽᠦ  劉承祖  ——   ᠶᠤᠸᠠᠨ ᠤᠯᠤᠰ ᠤᠨ ᠯᠤ᠋ ᠸᠠᠩ ᠰᠠᠩᠭᠠᠪᠠᠯᠠ ᠶᠢᠨ ᠦᠶ᠎ᠡ ᠳᠤ ᠵᠠᠷᠯᠢᠭ ᠢᠶᠠᠷ ᠱᠠᠨᠳᠦ᠋ᠩ ᠤᠨ ᠵᠢᠨᠢᠩ ᠴᠦᠯᠭᠡ ᠶᠢᠨ ᠪᠦᠬᠦ ᠠᠵᠢᠯ ᠢ ᠪᠡᠶᠡᠳᠡᠨ ᠬᠠᠷᠢᠭᠤᠴᠠᠵᠦ ᠪᠠᠶᠢᠭᠰᠠᠨ ᠯᠤ᠋ ᠸᠠᠩ ᠤᠨ ᠰᠠᠶᠢᠳ ᠤᠨ ᠬᠤᠷᠤᠭ᠎ᠠ ᠶᠢᠨ ᠲᠦᠰᠢᠮᠡᠯ᠃ ᠲᠤᠰ ᠭᠡᠷᠡᠯᠲᠦ ᠬᠦᠰᠢᠶᠡᠨ ᠤ ᠪᠢᠴᠢᠭ ᠲᠠᠬᠢ ᠲᠡᠮᠳᠡᠭᠯᠡᠯ ᠢ ᠦᠨᠳᠦᠰᠦᠯᠡᠪᠡᠯ ᠯᠢᠦ ᠴᠧᠩ ᠽᠦ ᠭᠡᠳᠡᠭ ᠬᠦᠮᠦᠨ ᠰᠠᠶᠢᠪᠡᠷ ᠵᠦᠪᠯᠡᠭᠴᠢ ᠲᠦᠰᠢᠶ᠎ᠡ ᠲᠦᠰᠢᠮᠡᠯ ᠪᠠᠶᠢᠭᠰᠠᠨ ᠪᠦᠭᠡᠳ ᠯᠤ᠋ ᠸᠠᠩ ᠤᠨ ᠢᠲᠡᠭᠡᠯᠲᠦ ᠲᠦᠰᠢᠮᠡᠯ ᠪᠠᠶᠢᠵᠠᠢ᠃         ︵54︶  ᠪᠠᠭᠠᠲᠤᠷ ᠪᠤᠳᠤᠯᠭᠠᠲᠦ ᠵᠠᠩᠵᠦᠨ ᠯᠤ᠋ ᠸᠠᠩ ᠤᠨ ᠬᠦᠯᠦᠭ ᠵᠠᠬᠢᠷᠤᠭᠴᠢ ᠲᠦᠰᠢᠮᠡᠯ  武略將軍魯王司馬  ——  ᠡᠨᠡ ᠪᠤᠯ ᠴᠢᠩᠬᠢᠰ ᠬᠠᠭᠠᠨ ᠪᠠᠷᠠᠭᠤᠨ ᠲᠠᠩᠭᠤᠳ ᠤᠯᠤᠰ ᠢ ᠮᠦᠬᠦᠭᠡᠭᠰᠡᠨ ᠤ ᠲᠠᠷᠠᠭ᠎ᠠ ᠮᠤᠩᠭᠤᠯ ᠴᠡᠷᠢᠭ ᠢ ᠲᠠᠭᠠᠵᠦ ᠢᠷᠡᠭᠡᠳ ᠢᠩᠴᠠᠩ ᠤᠨ ᠬᠤᠮ ᠤᠨ ᠠᠮᠰᠠᠷ ᠬᠡᠮᠡᠬᠦ ᠭᠠᠵᠠᠷ  ᠲᠤ ᠨᠤᠲᠤᠭᠰᠢᠵᠦ ᠪᠠᠶᠢᠭᠠᠳ ᠰᠡᠭᠦᠯᠡᠷ ᠨᠢ ᠯᠤ᠋ ᠸᠠᠩ ᠤᠨ ᠢᠲᠡᠭᠡᠯᠲᠡᠨ ᠪᠤᠯᠵᠦ ᠪᠠᠭᠠᠲᠤᠷ ᠪᠤᠳᠤᠯᠭᠠᠲᠦ ᠵᠠᠩᠵᠦᠨ ᠡᠷᠭᠦᠮᠵᠢᠯᠡᠭᠳᠡᠭᠡᠳ ᠱᠠᠨᠳᠦ᠋ᠩ ᠤᠨ ᠵᠢᠨᠢᠩ ᠳᠤ ᠨᠤᠲᠤᠭᠰᠢᠭᠰᠠᠨ ᠲᠠᠩᠭᠤᠳ ᠤᠪᠤᠭᠲᠦ ︵唐兀氏︶ ᠲᠦᠮᠡᠨᠲᠡᠢ ︵秃满台︶ ᠬᠢᠭᠡᠳ ᠲᠡᠭᠦᠨ ᠤ ᠭᠡᠷ ᠤᠭᠰᠠᠭ᠎ᠠ ᠶᠢ ᠵᠢᠭᠠᠵᠦ ᠪᠠᠶᠢᠬᠤ ᠶᠤᠮ᠃ ᠲᠦᠮᠡᠨᠲᠠᠢ ᠶᠢᠨ ᠡᠪᠦᠭᠡ ᠨᠢ ᠬᠦᠰᠡ ︵赫思︶ ᠭᠡᠰᠡᠨ ᠨᠡᠷᠡᠲᠡᠢ᠂ ᠲᠠᠩᠭᠤᠳ ᠤᠯᠤᠰ ︵西夏︶ ᠤᠨ ᠬᠠᠲᠤᠨ ᠭᠤᠤᠯ ᠤᠨ ᠪᠠᠷᠠᠭᠤᠨᠳᠠᠬᠢ ᠬᠦᠮᠦᠨ᠂ ᠬᠤᠩᠬᠢᠷᠠᠳ ᠠᠶᠢᠮᠠᠭ ᠤᠨ ᠠᠯᠴᠤ ᠨᠤᠶᠠᠨ ᠤ ᠬᠦᠪᠡᠬᠦᠨ ᠨᠠᠴᠢᠨ ︵纳陈︶ ᠸᠠᠩ ᠤᠨ ᠬᠠᠷᠢᠶᠠᠲᠤ ᠪᠤᠯᠵᠦ ᠢᠩᠴᠠᠩ ᠤᠨ ᠬᠤᠮ ᠤᠨ ᠠᠮᠰᠠᠷ  ︵虎门口︶ ᠭᠡᠳᠡᠭ ᠭᠠᠵᠠᠷ ᠨᠤᠲᠤᠭᠰᠢᠨ ᠰᠠᠭᠤᠵᠦ ᠴᠡᠷᠢᠭ ᠤᠨ ᠠᠯᠪᠠᠨ ᠳᠤ ᠦᠢᠯᠡᠴᠢᠯᠡᠵᠦ ᠪᠠᠶᠢᠪᠠ ︵ᠡᠨᠡ ᠦᠶ᠎ᠡ ᠳᠤ ᠦᠨᠡᠨᠳᠡᠭᠡᠨ ᠢᠩᠴᠠᠩ ᠬᠤᠲᠠ ᠴᠤᠭᠴᠠᠯᠠᠭᠳᠠᠭᠠᠳᠤᠢ ᠪᠠᠶᠢᠪᠠ —  ᠤᠷᠴᠢᠭᠤᠯᠤᠨ ᠲᠠᠶᠢᠯᠪᠦᠷᠢᠯᠠᠭᠴᠢ ᠠᠴᠠ︶᠃ ᠰᠢᠷᠠᠭᠴᠢᠨ ᠬᠤᠨᠢᠨ ᠵᠢᠯ ︵1259 ᠤᠨ︶ ᠳᠤ ᠮᠤᠩᠭᠤᠯ ᠴᠡᠷᠢᠭ ᠡᠮᠦᠨᠡᠰᠢ ᠲᠠᠶᠢᠯᠠᠬᠤ ᠳᠤ ᠨᠠᠴᠢᠨ ᠸᠠᠩ ᠤᠨ ᠵᠠᠬᠢᠷᠤᠯ ᠲᠤᠤᠷ᠎ᠠ ᠱᠠᠨᠳᠦ᠋ᠩ᠂ ᠾᠧᠨᠠᠨ ᠢ ᠬᠤᠷᠢᠶᠠᠨ ᠲᠤᠭᠲᠠᠭᠠᠬᠤ ᠳᠤ ᠬᠦᠰᠡ ᠬᠡᠮᠡᠭᠴᠢ ᠶᠡᠭᠡ ᠭᠠᠪᠢᠶ᠎ᠠ ᠪᠠᠶᠢᠭᠤᠯᠤᠭᠰᠠᠨ ᠲᠤᠯᠠ ᠨᠠᠴᠢᠨ ᠸᠠᠩ ᠤᠨ ᠢᠲᠡᠭᠡᠯᠲᠡᠨ ᠪᠤᠯᠤᠭᠰᠠᠨ ᠠᠴᠠ ᠱᠠᠨᠳᠦ᠋ᠩ ᠤᠨ ᠴᠠᠩ ᠢ ︵昌邑︶ ᠭᠠᠵᠠᠷ ᠢ ᠰᠠᠬᠢᠨ ᠰᠠᠭᠤᠯᠭᠠᠪᠠ᠃ ᠲᠦᠮᠡᠨᠲᠡᠢ ᠶᠢᠨ ᠡᠴᠢᠭᠡ ᠨᠢ ᠶᠤᠤᠵᠦ ︵咬住︶ ᠭᠡᠳᠡᠭ᠂ ᠲᠡᠷᠡ ᠨᠤᠶᠠᠨ ᠰᠠᠭᠤᠭᠰᠠᠨ ᠦᠭᠡᠢ᠂ ᠲᠠᠯᠠᠨ ᠨᠠᠰᠤᠯᠠᠵᠠᠢ᠃ ᠶᠤᠤᠵᠦ ᠠᠴᠠ ᠭᠤᠷᠪᠠᠨ ᠬᠦᠪᠡᠬᠦᠨ ᠲᠠᠢ᠂ ᠠᠬᠠᠮᠠᠳ ᠬᠦᠪᠠᠬᠦᠨ ᠨᠢ ᠲᠦᠮᠡᠨᠲᠡᠢ᠂ ᠲᠡᠳ᠋ ᠬᠦᠪᠡᠬᠦᠨ  ᠨᠢ ᠮᠤᠷᠢᠴᠢ ︵睦里赤︶᠂ ᠤᠳᠬᠠᠨ ᠬᠦᠪᠠᠬᠦᠨ ᠨᠢ ᠱᠠᠳᠤᠳᠠᠷ ︵设都戴尔︶ ᠭᠡᠳᠡᠭ᠃ ᠲᠦᠮᠡᠨᠲᠡᠢ ᠯᠤ᠋ ᠸᠠᠩ ᠤᠨ ᠲᠤᠮᠢᠯᠠᠯᠲᠠ ᠪᠠᠷ ᠶᠦᠨᠴᠧᠩ ᠰᠢᠶᠠᠨ ︵郓城县︶ ᠤ ᠲᠠᠷᠤᠭᠠᠴᠢ ᠲᠦᠰᠢᠭᠳᠡᠭᠰᠡᠨ ᠶᠤᠮ᠃ ᠬᠡᠰᠢᠭᠲᠡᠨ ᠠᠴᠠ ᠨᠡᠭᠦᠵᠦ ᠤᠴᠢᠭᠰᠠᠨ ᠬᠦᠰᠡ ᠬᠢᠭᠡᠳ ᠲᠡᠭᠦᠨ ᠲᠠᠢ ᠬᠠᠮᠲᠦ ᠵᠢᠨᠢᠩ ᠳᠤ ᠬᠤᠴᠤᠷᠠᠭᠰᠠᠨ ᠭᠤᠷᠪᠠᠨ ᠮᠢᠩᠭ᠎ᠠ ᠭᠠᠷᠤᠢ ᠡᠷᠤᠬᠡ ᠶᠢᠨ ᠮᠤᠩᠭᠤᠯ ᠴᠡᠷᠢᠭ ᠤᠨ ᠦᠷ᠎ᠡ ᠬᠤᠶᠢᠴᠢᠰ ᠤᠳᠤ ᠴᠦᠮ ᠱᠠᠨᠳᠦ᠋ᠩ ᠤᠨ ᠡᠯ᠎ᠡ ᠭᠠᠵᠠᠷ ᠲᠤ ᠲᠦᠭᠡᠭᠡᠨ ᠲᠠᠷᠬᠠᠵᠦ ᠪᠤᠢ᠃ ᠡᠨᠡ ᠬᠡᠰᠡᠭ ᠲᠡᠤᠬᠡᠨ ᠲᠡᠮᠳᠡᠭᠯᠡᠯ ᠤᠨ ᠪᠠᠷᠢᠮᠲᠠ ᠪᠢᠴᠢᠭ ᠢ ᠬᠤ᠋ ᠽᠦ ᠭᠤᠸᠠᠩ ︵胡祖广︶ ᠤᠨ ᠪᠢᠴᠢᠭᠰᠡᠨ ︽ᠪᠠᠭᠠᠲᠤᠷ ᠪᠤᠳᠤᠯᠭᠠᠲᠤ ᠵᠠᠩᠵᠤᠨ ᠵᠢᠨᠢᠩ ᠴᠦᠯᠭᠡ ᠶᠢᠨ ᠶᠡᠷᠦᠩᠬᠢ ᠵᠠᠬᠢᠷᠭ᠎ᠠ ᠶᠢᠨ ᠬᠤᠷᠤᠭ᠎ᠠ ᠶᠢᠨ ᠲᠠᠷᠤᠭᠠᠴᠢ ᠶᠢᠨ ᠲᠡᠭᠡᠳᠤᠰ ᠤᠨ ᠤᠩᠭᠤᠨ ᠤ ᠪᠤᠳᠢ ᠮᠦᠷ ᠤᠨ ᠬᠦᠰᠢᠶᠡᠨ ᠪᠢᠴᠢᠭ ︵武略将军济宁路总管府达鲁花赤先茔神道碑︶︾ ᠭᠡᠬᠦ ᠪᠢᠴᠢᠭ  ᠲᠤ ᠯᠠᠪᠯᠠᠭᠠᠷᠠᠢ᠃ ᠲᠤᠰ ᠪᠤᠳᠢ ᠮᠦᠷ ᠤᠨ ᠬᠦᠰᠢᠶᠡᠨ ᠤ ᠪᠢᠴᠢᠭ ᠨᠢ ᠱᠠᠨᠳᠦ᠋ᠩ ᠤᠨ ︽ᠵᠢᠦᠢ ᠶᠧ ᠰᠢᠶᠠᠨ ᠤ ᠤᠶᠢᠯᠠᠯᠭ᠎ᠠ ︵巨野县志︶︾ ᠶᠢᠨ ᠬᠤᠷᠢᠳᠤᠭᠠᠷ ᠪᠤᠳᠢ ᠳᠠᠬᠢ ᠬᠦᠷᠡᠯ ᠴᠢᠯᠠᠭᠤᠨ ︵金石︶ ᠤ ᠪᠦᠯᠦᠭ ᠲᠤ ᠪᠤᠢ᠃
 
ᠢᠷᠡᠯᠲᠡ᠄ ᠬᠡᠰᠢᠭᠳᠡᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号