ᠯᠤ᠋ ᠸᠠᠩ ᠰᠠᠩᠭᠠᠪᠠᠯᠠ ᠶᠢᠨ ᠠᠭᠤᠤ ᠭᠠᠪᠢᠶ᠎ᠠ ᠤᠳᠤᠮᠲᠦ ᠠᠴᠢᠯᠠᠯ ᠤᠨ ᠭᠡᠷᠡᠯᠲᠦ ᠬᠦᠰᠢᠶᠡᠨ ᠤ ᠪᠢᠴᠢᠭ ︵ᠨᠢᠭᠡ︶
ᠨᠡᠶᠢᠲᠡᠯᠡᠭᠰᠡᠨ ᠴᠠᠭ᠄
2019/12/9
                                  ☆ ﹇ᠶᠤᠸᠠᠨ ᠤᠯᠤᠰ  ﹈   ᠬᠤ᠋ ᠽᠦ ᠭᠤᠸᠠᠩ   ᠵᠤᠬᠢᠶᠠᠪᠠ                         ☆ ᠪᠤᠷᠵᠢᠭᠢᠨ ᠰᠤᠭᠳᠤᠷᠵᠠᠪ  ᠤᠷᠴᠢᠭᠤᠯᠤᠨ ᠲᠠᠶᠢᠯᠪᠦᠷᠢᠯᠠᠪᠠ                                 ᠶᠡᠭᠡ ᠶᠤᠸᠠᠨ ᠤᠯᠤᠰ ᠤᠨ ᠨᠡᠮᠡᠨ ᠡᠷᠭᠦᠮᠵᠢᠯᠡᠭᠳᠡᠭᠰᠡᠨ ᠬᠤᠩᠬᠢᠷᠠᠳ ᠤᠪᠤᠭᠲᠦ ᠯᠤ᠋ ᠸᠠᠩ ᠰᠠᠩᠭᠠᠪᠠᠯᠠ ᠶᠢᠨ ᠠᠭᠤᠤ ᠭᠠᠪᠢᠶ᠎ᠠ ᠤᠳᠤᠮᠲᠦ ᠠᠴᠢᠯᠠᠯ ᠤᠨ ᠭᠡᠷᠡᠯᠲᠦ ᠬᠦᠰᠢᠶᠡᠨ ᠤ ᠪᠢᠴᠢᠭ  ︵1︶       ᠬᠠᠮᠲᠦ ᠠᠰᠠᠷᠠᠭᠳᠠᠭᠰᠠᠨ ᠲᠦᠰᠢᠶ᠎ᠡ ᠲᠦᠰᠢᠮᠡᠯ ︵2︶ ᠵᠧᠵᠢᠶᠠᠩ ︵3︶ ᠤᠨ ᠵᠡᠭᠦᠨᠳᠡᠬᠢ ᠲᠠᠯᠠᠢ ᠶᠢᠨ ᠪᠠᠷᠠᠭᠤᠨ ᠳ᠋ᠤᠤᠯᠢ ᠶᠢᠨ ᠵᠠᠰᠠᠭ ᠲᠤᠷ ᠬᠢᠴᠢᠶᠡᠩᠭᠦᠶᠢᠯᠡᠨ ᠴᠢᠭᠡᠴᠢ ᠶᠢ ᠰᠤᠷᠪᠤᠯᠵᠢᠯᠠᠬᠤ ᠲᠦᠰᠢᠮᠡᠯ ᠬᠤ᠋ ᠽᠦ ᠭᠤᠸᠠᠩ ︵4︶ ᠵᠤᠬᠢᠶᠠᠪᠠᠢ᠃       ᠡᠯᠦᠨᠴᠡ ᠡᠪᠦᠭᠡ ︵5︶ ᠳ᠋ᠢᠢ ᠰᠡᠴᠡᠨ ︵6︶ ᠬᠡᠮᠡᠭᠴᠢ ᠶᠡᠭᠡ ᠮᠤᠩᠭᠤᠯ ᠤᠨ ᠤᠷᠤᠨ ᠳᠤᠷ ᠢᠶᠠᠨ ᠲᠦᠷᠦᠵᠦ ᠦᠰᠦᠭᠡᠳ ᠡᠷᠡᠯᠭᠡᠭ ᠪᠠᠭᠠᠲᠦᠷ ᠠᠨᠤ ᠲᠦᠮᠡᠨ ᠡᠷ᠎ᠡ ᠯᠦᠭᠡ ᠲᠡᠩᠴᠢᠵᠦ᠂ ᠬᠠᠷᠪᠤᠵᠦ ᠨᠠᠮᠨᠠᠬᠤᠢ ᠳᠤᠷ ᠮᠡᠷᠭᠡᠰᠢᠨ ᠡᠷᠳᠡᠮ ᠴᠢᠳᠠᠯ ᠠᠨᠤ ᠬᠦᠮᠦᠨ ᠠᠴᠠ ᠬᠡᠲᠦᠶᠢᠳᠦᠭᠰᠡᠨ ᠤ ᠤᠴᠢᠷ᠎ᠠ᠂ ᠲᠤᠯᠭᠤᠷ ᠴᠤᠭᠴᠠᠯᠠᠬᠤ ᠶᠢᠨ ᠲᠤᠭᠲᠠᠮ ᠳᠤᠷ ᠲᠤᠰ ᠠᠶᠢᠮᠠᠭ ᠤᠨ ᠢᠶᠠᠨ ᠬᠤᠷ ᠨᠤᠶᠠᠨ ︵ᠠᠶᠢᠮᠠᠭ ᠤᠨ ᠠᠬᠠᠯᠠᠭᠴᠢ︶ ᠪᠠᠶᠢᠵᠦ᠂ ᠵᠡᠭᠦᠨ ᠡᠳᠡᠭᠡᠳ  ᠤᠨ ᠬᠦᠴᠦᠷᠭᠡᠭ ᠲᠠᠶᠢᠰᠤᠨ ᠸᠠᠩ ᠬᠠᠨ ︵7︶ ᠢ ᠬᠠᠯᠬᠠᠯᠠᠵᠦ ᠠᠬᠤᠢ ᠳᠠᠭᠠᠨ ᠠᠯᠢ ᠡᠷᠲᠡ ᠲᠤᠯᠭᠤᠷ ᠤᠷᠢᠳᠤᠰ ︵8︶ ︵ᠲᠠᠶᠢᠽᠦ᠂ ᠴᠢᠩᠬᠢᠰ︶ ᠬᠠᠭᠠᠨ ᠯᠤᠭ᠎ᠠ ᠲᠠᠨᠢᠯᠴᠠᠭᠠᠳ ᠦᠷ᠎ᠡ ᠬᠡᠤᠬᠡᠳ ᠢᠶᠠᠨ ᠨᠠᠶᠢᠳᠠᠨ ᠦᠪᠡᠷᠴᠢᠯᠡᠯ ᠦᠭᠡᠢ  ᠪᠠᠷ ᠪᠢᠰᠢᠷᠡᠨ ᠦᠢᠯᠡᠴᠢᠯᠡᠵᠦᠬᠦᠢ᠃       ᠡᠪᠦᠭᠡ ︵9︶ ᠠᠯᠴᠤ ᠨᠤᠶᠠᠨ ︵10︶ ᠬᠡᠮᠡᠭᠴᠢ ᠵᠠᠩ ᠰᠤᠷᠲᠠᠯ ᠦᠭᠭᠢᠶᠡᠮᠦᠷ ᠤᠮᠤᠭᠯᠠᠩ᠂ ᠡᠷᠡᠰ ᠲᠠᠰᠤᠷᠠᠬᠠᠢ᠂ ᠰᠢᠭᠤᠳ ᠰᠢᠯᠤᠭᠤᠨ᠂ ᠨᠠᠮᠪᠠᠯᠢᠭ ᠰᠦᠷᠯᠢᠭ ᠡᠴᠢᠭᠡ ᠶᠢᠨ ᠰᠤᠷᠲᠠᠯ ᠲᠠᠢ᠂ ᠤᠷᠠᠨ ᠠᠷᠭ᠎ᠠ ᠡᠷᠡᠮᠡᠬᠡᠢ ᠪᠠᠭᠠᠲᠤᠷ ᠢᠶᠠᠷ ᠢᠶᠠᠨ ᠬᠦᠴᠦᠷᠬᠡᠭ ᠲᠠᠶᠢᠰᠤᠨ ᠢ ᠰᠦᠭᠦᠳᠬᠡᠭᠰᠡᠨ ᠠᠴᠠ ᠲᠤᠯᠭᠤᠷ ᠤᠷᠢᠳᠤᠰ ︵ᠲᠠᠶᠢᠽᠦ᠂ ᠴᠢᠩᠬᠢᠰ ︶ ᠬᠠᠭᠠᠨ ᠪᠠᠷ ᠮᠠᠰᠢᠲᠠ ᠰᠠᠶᠢᠰᠢᠶᠠᠨ ᠬᠦᠨᠳᠤ ᠪᠠᠷ ᠬᠡᠷᠡᠭᠯᠡᠭᠰᠡᠨ ᠮᠦᠷᠲᠡᠭᠡᠨ ᠦᠬᠢᠨ ᠲᠡᠭᠦᠦ ᠶᠢ ᠠᠨᠤ ᠬᠠᠲᠤᠨ ᠢᠶᠠᠨ ᠪᠤᠯᠭᠠᠨ ᠲᠠᠲᠠᠵᠤᠬᠤᠢ ︵11︶᠃ ᠴᠢᠭᠤᠯᠭᠠᠨ ᠨᠡᠶᠢᠯᠡᠬᠦᠶ᠎ᠡ ᠵᠠᠷᠯᠢᠭ ᠬᠦᠯᠢᠶᠡᠨ ᠡᠮᠦᠨᠡᠰᠢ ᠲᠠᠶᠢᠯᠠᠵᠦ᠂ ᠠᠯᠲᠠᠨ ᠤᠯᠤᠰ ᠤᠨ ᠬᠠᠭᠠᠨ ᠢ ᠿᠤ᠋ ᠨᠠᠨ ᠭᠠᠵᠠᠷ ︵12︶ ᠲᠤᠷ ᠦᠯᠳᠡᠨ ᠶᠠᠪᠤᠭᠤᠯᠤᠭᠠᠳ ᠨᠤᠲᠤᠭ ᠲᠡᠪᠢᠰᠭᠡᠷ ᠢᠶᠠᠨ ᠲᠦᠮᠡᠨ ᠭᠠᠵᠠᠷ ᠦᠷᠭᠡᠳᠭᠡᠵᠦᠬᠦᠢ᠃ ᠭᠠᠪᠢᠶ᠎ᠠ ᠪᠠᠷ ᠢᠯᠭᠠᠨ ᠰᠤᠶᠤᠷᠬᠠᠯ ᠬᠦᠷᠲᠡᠭᠡᠭᠦᠶ᠎ᠡ ᠲᠡᠭᠡᠳᠦ ᠪᠠᠶᠢᠷᠢᠨ ᠳᠤᠷ ᠰᠠᠭᠠᠲᠠᠭᠠᠳ᠂ ᠬᠤᠩᠬᠢᠷᠠᠳ ᠠᠶᠢᠮᠠᠭ ᠤᠨ ᠬᠢᠨ ᠬᠦᠪᠡᠬᠦᠨ ᠢᠨᠤ ᠬᠠᠭᠠᠨ ᠤ ᠦᠬᠢᠨ ᠯᠦᠭᠡ ᠭᠡᠷᠯᠡᠨ᠂ ᠦᠬᠢᠨ ᠢᠨᠦ ᠬᠠᠲᠤᠨ ᠪᠤᠯᠲᠤᠭᠠᠢ ᠬᠡᠮᠡᠨ ᠠᠩᠬᠢᠲᠠ ᠦᠷᠰᠢᠶᠡᠵᠦᠬᠦᠢ᠃ ᠡᠭᠦᠳᠡ ᠡᠷᠦᠬᠡ ᠲᠡᠩᠴᠡᠨ᠂ ᠭᠠᠯ ᠭᠤᠯᠤᠮᠲᠠ ᠨᠢ ᠲᠦᠷᠦᠯᠵᠢᠭᠡᠳ ︵13︶ ᠦᠨᠢ ᠡᠭᠦᠷᠢᠳᠡ ᠶᠢᠨ ᠶᠤᠰᠤᠲᠦ ᠤᠷᠤᠭ ᠪᠤᠯᠵᠤᠬᠤᠢ᠃       ᠡᠴᠢᠭᠡ ᠲᠡᠮᠦᠷ ︵14︶ ᠬᠡᠮᠡᠭᠴᠢ ᠪᠦᠭᠦᠳᠡ ᠶᠢ ᠡᠩᠬᠡᠵᠢᠭᠦᠯᠦᠭᠴᠢ ᠬᠦᠷᠭᠡᠨ ᠲᠦᠰᠢᠮᠡᠯ ︵15︶ ᠬᠡᠮᠡᠨ ᠲᠦᠰᠢᠭᠳᠡᠪᠡᠢ᠃ ᠠᠯᠴᠤ ᠸᠠᠩ ᠤᠨ ᠴᠡᠷᠢᠭ ᠢ ᠲᠠᠭᠠᠵᠦ᠂ ᠡᠰᠡ ᠲᠠᠭᠠᠳᠤᠢ ᠤᠯᠤᠰ ᠤᠷᠤᠨ ᠢ ᠬᠤᠷᠢᠶᠠᠮᠵᠢᠯᠠᠪᠠᠢ᠃ ᠡᠮᠦᠨᠡᠲᠦ ᠰᠦᠩ ᠤᠯᠤᠰ ᠲᠤᠷ ᠬᠦᠷᠦᠭᠡᠳ ᠪᠡᠶ᠎ᠡ ᠪᠠᠷ ᠡᠷᠡᠮᠡᠬᠡᠶᠢᠯᠡᠨ ᠵᠡᠪᠡ ᠴᠢᠯᠠᠭᠤᠨ ᠢ ᠰᠢᠪᠲᠤᠯᠠᠵᠦ᠂ ᠬᠦᠷᠢᠶᠡᠯᠡᠭᠰᠡᠨ ᠵᠢᠭᠰᠠᠭᠠᠯ ᠨᠢᠭᠤᠴᠢᠯᠠᠭᠰᠠᠨ ᠤᠨᠠᠭᠠᠭᠤᠯᠢ ᠶᠢ ᠡᠪᠳᠡᠭᠡᠳ ᠬᠦᠷᠦᠭᠰᠡᠨ ᠭᠠᠵᠠᠷ ᠪᠦᠬᠦᠨ ᠳᠤᠷ ᠢᠯᠠᠭᠤᠭᠰᠠᠨ ᠢᠶᠠᠨ ᠮᠡᠳᠡᠭᠦᠯᠦᠭᠡᠳ□□᠃ ᠤᠮᠠᠷᠠᠰᠢ ᠡᠭᠡᠬᠦᠢ ᠳᠤᠷ ᠢᠶᠠᠨ ᠬᠠᠭᠤᠴᠢᠨ ᠵᠢᠵᠸᠦ ᠪᠠᠯᠭᠠᠳ ︵16︶ ᠢᠶᠠᠷ ᠦᠩᠭᠡᠷᠡᠬᠦᠶ᠎ᠡ᠂ ᠲᠡᠷᠡ ᠭᠠᠵᠠᠷ ᠢ ᠬᠤᠪᠢ ᠨᠤᠲᠤᠭ ᠪᠤᠯᠭᠠᠨ ᠰᠤᠶᠤᠷᠬᠠᠵᠤᠬᠤᠢ᠃ ᠲᠡᠶᠢᠨᠬᠦ ᠬᠤᠲᠠ ᠶᠢᠨ ᠡᠮᠦᠨ᠎ᠡ ᠲᠠᠯ᠎ᠠ ᠳᠤᠷ ᠴᠠᠴᠠᠷ ᠪᠠᠶᠢᠭᠤᠯᠤᠭᠠᠳ᠂ ᠬᠤᠲᠠ ᠶᠢ ᠦᠵᠡᠬᠦᠯ᠎ᠡ ᠬᠡᠷᠡᠮ ᠬᠠᠶᠢᠰᠠᠩ ᠠᠨᠤ ᠪᠦᠷᠢᠨ ᠪᠦᠲᠦᠨ ᠪᠦᠭᠡᠳ ᠪᠠᠲᠤ ᠪᠠᠬᠢ᠂ ᠬᠦᠷᠦᠰᠦ ᠰᠢᠷᠤᠢ ᠠᠨᠤ ᠦᠩᠭᠡᠰᠢᠭ ᠰᠢᠮᠡᠯᠢᠭ ᠤᠰᠤᠯᠠᠯᠲᠠ ᠶᠢᠨ ᠭᠠᠵᠠᠷ ᠪᠤᠯᠬᠤ ᠲᠤᠯᠠ ᠲᠡᠷᠲᠡᠭᠡᠬᠢ ᠬᠦᠮᠦᠰ ᠲᠡᠭᠡᠨ ᠦᠭᠦᠯᠡᠷᠡᠨ᠄ ︽ᠡᠨᠡ ᠪᠠᠯᠭᠠᠳ ᠢᠶᠠᠷ ᠠᠨᠤ ᠴᠠᠩᠨᠠᠭᠴᠢ ᠶᠢᠨ ᠵᠠᠰᠠᠭ ᠤᠨ ᠶᠡᠷᠤᠩᠬᠢ ᠵᠠᠬᠢᠷᠭ᠎ᠠ ᠪᠤᠯᠭᠠᠵᠦ ᠪᠤᠯᠤᠮᠤᠢ︾ ᠬᠡᠮᠡᠵᠦᠬᠦᠢ᠃ ᠤᠨᠤᠯᠲᠦ ᠲᠡᠷᠢᠭᠦᠨ ᠤ ᠵᠢᠷᠭᠤᠳᠤᠭᠠᠷ ᠤᠨ ︵1269 ᠤᠨ︶  ᠳᠤᠷ᠂ ᠲᠦᠷᠦ ᠠᠴᠠ ᠵᠠᠷᠯᠢᠭ ᠢ ᠭᠤᠶᠤᠴᠢᠯᠠᠵᠦ᠂ ᠵᠢᠨᠢᠩ ᠬᠤᠷᠤᠭ᠎ᠠ ᠶᠢ ᠡᠭᠦᠰᠭᠡᠨ ᠪᠠᠶᠢᠭᠤᠯᠪᠠᠢ᠃ ᠠᠷᠪᠠᠨ ᠨᠠᠢᠮᠠᠳᠤᠭᠠᠷ ᠤᠨ ︵1281 ᠤᠨ︶ ᠳᠤᠷ ᠬᠤᠷᠤᠭ᠎ᠠ ᠶᠢ ᠲᠡᠪᠰᠢᠭᠦᠯᠦᠭᠡᠳ ᠴᠦᠯᠭᠡ ᠪᠤᠯᠭᠠᠪᠠᠢ᠃ ᠪᠦᠭᠦᠳᠡ ᠶᠢ ᠡᠩᠬᠡᠵᠢᠭᠦᠯᠦᠭᠴᠢ ᠬᠦᠷᠭᠡᠨ ᠲᠦᠰᠢᠮᠡᠯ ᠪᠠᠷ ᠬᠤᠷᠢᠶᠠᠨ ᠴᠤᠭᠯᠠᠭᠤᠯᠤᠭᠰᠠᠨ ᠬᠠᠷᠢ ᠤᠭᠰᠠᠭᠠᠲᠠᠨ ᠤ ᠬᠦᠮᠦᠰ ᠬᠢᠭᠡᠳ ᠮᠤᠩᠭᠤᠯ ᠴᠡᠷᠢᠭ ᠢ ᠲᠠᠭᠠᠵᠦ ᠢᠷᠡᠭᠰᠡᠨ ᠭᠤᠷᠪᠠᠨ ᠮᠢᠩᠭ᠎ᠠ ᠭᠠᠷᠤᠢ ᠡᠷᠤᠬᠡ ᠶᠢ ᠠᠷᠪᠠᠨ ᠲᠤᠯᠤᠭᠠᠨ ᠶᠡᠭᠡ ᠠᠶᠢᠯ ︵17︶ ᠬᠤᠪᠢᠶᠠᠵᠦ ᠵᠢᠵᠸᠦ ᠪᠠᠯᠭᠠᠳ᠂ ᠶᠠᠨᠵᠸᠦ ᠪᠠᠯᠭᠠᠳ ᠬᠢᠭᠡᠳ ᠱᠠᠨᠵᠸᠦ ᠪᠠᠯᠭᠠᠳ ᠬᠡᠮᠡᠬᠦ ᠭᠤᠷᠪᠠᠨ ᠪᠠᠯᠭᠠᠳ  ᠲᠤᠷ ᠲᠠᠷᠬᠠᠨ ᠰᠠᠭᠤᠯᠭᠠᠵᠦ ᠲᠦᠪᠬᠢᠨᠡᠭᠦᠯᠦᠨ ᠨᠤᠲᠤᠭᠰᠢᠭᠤᠯᠬᠤ ᠶᠢᠨ ᠲᠠᠭᠠᠤ ᠲᠠᠷᠤᠭᠠᠴᠢ ᠲᠤᠮᠢᠯᠠᠨ ᠲᠦᠰᠢᠵᠦ ᠦᠪᠡᠷ ᠦᠪᠡᠷ ᠤᠨ ᠬᠢᠨᠢ ᠠᠳᠠᠯ ᠶᠠᠪᠤᠳᠠᠯ ᠢ ᠡᠷᠬᠢᠯᠡᠭᠦᠯᠪᠡᠢ᠃ ᠢᠵᠠᠭᠤᠷ ᠪᠠᠲᠤ ᠶᠢᠨ ᠬᠤᠶᠠᠳᠤᠭᠠᠷ ᠤᠨ ︵1296 ᠤᠨ︶ ᠳᠤᠷ᠂ ᠲᠦᠷᠦ ᠳᠤᠷ ᠡᠯᠴᠢ ᠲᠤᠮᠢᠯᠠᠨ᠂ ᠵᠢᠨᠢᠩ ᠴᠦᠯᠭᠡ ︵18︶᠂ ᠶᠡᠭᠡ ᠨᠡᠶᠢᠰᠯᠡᠯ ︵19︶᠂ ‍ᠤᠤᠢ ᠵᠸᠦ ᠪᠠᠯᠭᠠᠳ ︵20︶᠂ ᠦᠷᠦᠨ᠎ᠡ ᠶᠢ ᠠᠮᠤᠷᠵᠢᠭᠤᠯᠬᠤ ︵21︶ ᠲᠦᠰᠢᠶ᠎ᠡ ︵22︶ ᠶᠢᠨ ᠶᠡᠷᠦᠩᠬᠢ ᠵᠠᠬᠢᠷᠭ᠎ᠠ  ᠶᠢᠨ ᠬᠤᠷᠤᠭ᠎ᠠ ᠳᠠᠬᠢ ᠮᠤᠩᠭᠤᠯᠴᠤᠳ ᠲᠤᠷ ᠬᠡᠰᠢᠭ ᠬᠦᠷᠲᠡᠭᠡᠯ ᠨᠡᠮᠡᠭᠰᠡᠨ ᠦᠭᠡᠢ ᠲᠤᠯᠠ ᠲᠢᠩ ᠵᠸᠦ ᠪᠠᠯᠭᠠᠳ᠂ ᠶᠦᠩᠫᠢᠩ᠂ ᠵᠢᠨᠢᠩ ᠵᠡᠷᠭᠡ ᠴᠦᠯᠭᠡ ᠶᠢ ᠬᠤᠪᠢᠳᠠᠨ ᠰᠤᠶᠤᠷᠬᠠᠵᠦ ᠬᠠᠷᠢᠶᠠᠳᠤ ᠴᠠᠩᠨᠠᠭᠴᠢ ᠪᠤᠯᠭᠠᠨ ᠪᠠᠶᠢᠭᠤᠯᠬᠤ ᠠᠵᠢᠶᠠᠮᠤ ᠬᠡᠮᠡᠨ ᠭᠤᠶᠤᠴᠢᠯᠠᠪᠠᠢ᠃ ᠤᠨᠤᠯᠲᠦ ᠲᠡᠷᠢᠭᠦᠨ ᠤ ᠬᠤᠷᠢᠨ ᠲᠦᠷᠪᠡᠳᠦᠭᠡᠷ ᠤᠨ ︵1287 ᠤᠨ︶ ᠳᠤᠷ ᠂ ᠤᠭᠰᠠᠭ᠎ᠠ ᠶᠢᠨ ᠸᠠᠩ ᠨᠠᠶᠠᠨ ︵23︶ ᠬᠡᠮᠡᠭᠴᠢ ᠲᠤᠷᠤᠨᠠᠲᠦ ᠵᠤᠪᠬᠢᠰ ︵24︶ ᠤᠨ ᠪᠤᠯᠤᠩ ᠭᠠᠵᠠᠷ ᠲᠠᠭᠠᠨ ᠤᠷᠪᠠᠯᠭᠠᠨ ᠰᠡᠳᠦᠭᠰᠡᠨ ᠤᠴᠢᠷ ᠠᠴᠠ ᠰᠤᠷᠪᠤᠯᠵᠢ ᠤᠷᠢᠳᠤᠰ ︵ᠱᠢᠽᠦ᠂ ᠬᠤᠪᠢᠯᠠᠢ ᠰᠡᠴᠡᠨ︶ ᠬᠠᠭᠠᠨ ᠪᠠᠷ ᠵᠢᠷᠭᠤᠭᠠᠨ ᠵᠠᠮ ᠤᠨ ᠴᠡᠷᠢᠭ ᠢᠶᠠᠨ ᠪᠡᠶ᠎ᠡ ᠪᠠᠷ ᠲᠠᠶᠢᠴᠢᠯᠠᠨ ᠲᠡᠭᠷᠢ ᠶᠢᠨ ᠲᠦᠯᠦᠭᠡᠨ᠎ᠡ ᠴᠡᠷᠢᠭᠯᠡᠨ ᠲᠠᠶᠢᠯᠠᠪᠠᠢ᠃ ᠲᠡᠷᠰᠭᠦᠳ ᠤᠨ ᠬᠢᠵᠠᠭᠠᠷ ᠲᠤᠷ ᠪᠦᠷᠬᠦᠨ ᠬᠦᠷᠬᠦᠶ᠎ᠡ ᠪᠦᠭᠭᠦᠭᠰᠡᠨ ᠴᠡᠷᠢᠭ ᠲᠤᠷ ᠭᠡᠨᠡᠳᠡᠭᠳᠡᠨ ᠴᠤᠬᠢᠭᠳᠠᠪᠠᠢ᠃ ᠲᠡᠮᠦᠷ  ᠪᠠᠷ ᠲᠤᠭ ᠤᠨ ᠲᠤᠤᠷᠠᠬᠢ ᠰᠢᠯᠢᠳᠡᠭ ᠴᠡᠷᠢᠭ ᠢᠶᠠᠨ ᠲᠠᠶᠢᠴᠢᠯᠠᠨ ᠪᠦᠰᠡᠯᠡᠯᠲᠡ ᠶᠢ ᠰᠢᠪᠲᠤᠯᠤᠨ ᠨᠦᠷᠢᠨ ᠪᠠᠶᠢᠯᠳᠤᠵᠦ᠂ ᠲᠤᠭᠠᠯᠠᠰᠢ ᠤᠯᠠᠨ ᠢ ᠠᠯᠠᠵᠦ ᠰᠢᠷᠬᠠᠲᠠᠭᠤᠯᠤᠭᠰᠠᠨ ᠳᠤᠷ ᠲᠠᠶᠢᠰᠤᠨ ᠤ ᠴᠡᠷᠢᠭ ᠲᠤᠬᠤ ᠦᠵᠡᠭᠦᠯᠦᠨ ᠲᠤᠲᠠᠭᠠᠵᠤᠬᠤᠢ᠃ ᠬᠠᠭᠠᠨ ᠪᠠᠷ ᠲᠡᠮᠦᠷ ᠤᠨ ᠪᠠᠭᠠᠲᠤᠷ ᠪᠤᠳᠤᠯᠭ᠎ᠠ ᠶᠢ ᠡᠷᠡᠴᠢᠯᠡᠨ ︽ᠠᠯᠳᠠᠷᠲᠤ︾ ᠬᠡᠮᠡᠭᠰᠡᠨ ᠴᠤᠯᠠ  ᠶᠢ ᠤᠨᠴᠠᠭᠠᠶᠢᠯᠠᠨ ᠰᠤᠶᠤᠷᠬᠠᠪᠠᠢ᠃      ᠡᠬᠡ ᠶᠢ ᠢᠨᠦ ᠨᠠᠩᠭᠠᠴᠢᠨ ︵25︶ ᠬᠡᠮᠡᠮᠤᠢ᠂ ᠰᠤᠷᠪᠤᠯᠵᠢ ᠤᠷᠢᠳᠤᠰ ︵ᠱᠢᠽᠦ᠂ ᠬᠤᠪᠢᠯᠠᠢ ᠰᠡᠴᠡᠨ︶ ᠬᠠᠭᠠᠨ ᠤ ᠪᠠᠬᠢ ︵ᠭᠦᠩᠵᠦ︶ ᠪᠦᠯᠦᠭᠡ᠃ ᠡᠩᠬᠦᠷᠡᠶᠢᠯᠡᠭᠳᠡᠨ ᠬᠠᠶᠢᠷᠠᠯᠠᠭᠳᠠᠭᠰᠠᠨ ᠠᠨᠤ ᠦᠯᠢᠳᠬᠡᠭᠳᠡᠰᠢ ᠦᠭᠡᠢ᠂ ᠬᠤᠵᠢᠮ ᠠᠨᠤ ᠬᠠᠭᠠᠨ ᠤ ᠠᠪᠠᠭ᠎ᠠ ᠡᠭᠡᠴᠢ ᠯᠤ᠋ ᠭᠠᠵᠠᠷ ᠤᠨ ᠶᠡᠭᠡ ᠡᠭᠡᠴᠢᠮᠡᠳ ᠪᠠᠬᠢ ︵ᠭᠦᠩᠵᠦ︶ ᠬᠡᠮᠡᠨ ᠡᠷᠭᠦᠮᠵᠢᠯᠡᠭᠳᠡᠪᠡᠢ᠃ ᠤᠷᠢᠳᠤ ᠠᠨᠤ ᠡᠯᠴᠢ ᠲᠤᠮᠢᠯᠠᠨ ᠢᠩᠴᠠᠩ ︵26︶ ᠬᠢᠭᠡᠳ ᠲᠡᠭᠦᠰ ᠠᠮᠤᠭᠤᠯᠠᠩ ᠬᠤᠲᠠ ︵27︶ ᠶᠢ ᠪᠠᠶᠢᠭᠤᠯᠬᠤ ᠶᠢᠨ ᠬᠠᠮᠲᠦ ᠲᠡᠭᠡᠳᠦ ᠴᠦᠯᠭᠡ ︵28︶ ᠶᠢᠨ ᠶᠡᠷᠦᠩᠬᠢ ᠵᠠᠬᠢᠷᠭ᠎ᠠ ᠶᠢᠨ ᠬᠤᠷᠤᠭ᠎ᠠ ᠶᠢ ᠪᠠᠶᠢᠭᠤᠯᠰᠤᠭᠠᠢ ᠬᠡᠮᠡᠨ ᠠᠶᠢᠯᠠᠳᠬᠠᠯ ᠲᠡᠪᠰᠢᠭᠦᠯᠪᠡᠢ᠃ ᠬᠠᠭᠠᠨ ᠤ ᠵᠠᠷᠯᠢᠭ ᠲᠤᠷ ᠲᠡᠷᠡᠬᠦ ᠠᠶᠢᠯᠠᠳᠬᠠᠯ ᠢ ᠵᠦᠪᠰᠢᠶᠡᠷᠡᠵᠦ᠂ ᠠᠯᠪᠠᠨ ᠵᠠᠬᠢᠷᠭ᠎ᠠ ᠲᠤᠬᠢᠶᠠᠵᠤ᠂ ᠵᠠᠮ ᠭᠤᠳᠤᠮᠵᠢ ᠨᠡᠭᠡᠭᠡᠨ᠂ ᠴᠠᠭᠠᠨ ᠡᠪᠦᠭᠡᠨ ᠬᠢᠭᠡᠳ ᠠᠮᠦ ᠶᠢᠨ ᠰᠠᠬᠢᠭᠤᠯᠰᠤᠨ ︵29︶ ᠤ ᠲᠠᠬᠢᠯ ᠤᠨ ᠰᠦᠮ᠎ᠡ᠂ ᠰᠠᠩ ᠬᠦ᠋ᠦ᠂ ᠤᠷᠳᠤᠨ ᠬᠠᠷᠰᠢ ᠶᠢ ᠪᠠᠶᠢᠭᠤᠯᠤᠭᠰᠠᠨ ᠠᠨᠤ ᠵᠠᠷᠯᠢᠭ ᠤᠨ ᠬᠡᠮᠵᠢᠶ᠎ᠡ ᠠᠴᠠ ᠶᠡᠬᠡᠳᠴᠦ᠂ ᠬᠦᠮᠦᠨ ᠠᠷᠠᠳ ᠡᠳᠦᠷ ᠢᠷᠡᠬᠦᠶ᠎ᠡ ᠤᠯᠠᠰᠢᠷᠠᠨ ᠲᠡᠷᠭᠡ ᠮᠤᠷᠢᠨ ᠤ ᠪᠠᠭᠤᠳᠠᠯ ᠪᠠᠭᠤᠴᠠ ᠬᠤᠲᠠ ᠬᠦᠷᠢᠶ᠎ᠡ ᠶᠢ ᠲᠦᠭᠦᠷᠭᠡᠵᠦᠬᠦᠢ᠃ ᠬᠤᠶᠠᠷ ᠴᠦᠯᠭᠡ ᠢᠨᠦ ᠡᠮᠦᠨᠡᠰᠢ ᠤᠮᠠᠷᠠᠰᠢ ᠬᠠᠷᠢᠯᠴᠠᠨ ᠤᠴᠢᠬᠤᠢ ᠳᠤᠷ ᠲᠤᠯᠤᠭᠠᠨ ᠵᠠᠭᠤ ᠭᠠᠷᠤᠢ ᠭᠠᠵᠠᠷ ᠪᠠᠶᠢᠵᠦ᠂ ᠡᠪᠤᠯ ᠵᠤᠨ ᠤ ᠬᠦᠢᠲᠡᠨ ᠬᠠᠯᠠᠭᠤᠨ ᠠᠴᠠ ᠵᠠᠶᠢᠯᠠᠵᠦ᠂ ᠨᠡᠶᠢᠰᠯᠡᠯ ᠬᠤᠲᠠᠨ ᠳᠤᠷ ᠪᠤᠯᠪᠠᠰᠤ ᠨᠡᠩ ᠴᠤ ᠨᠡᠷᠡᠲᠦ ᠦᠵᠡᠮᠦᠷᠢ ᠪᠤᠯᠵᠤᠬᠤᠢ᠃      ᠤᠨᠤᠯᠲᠦ ᠲᠡᠷᠢᠭᠦᠨ ᠤ ᠬᠤᠷᠢᠨ ᠬᠤᠶᠠᠳᠤᠭᠠᠷ ᠤᠨ ︵1285 ᠤᠨ︶ ᠳᠤᠷ᠂ ᠲᠡᠭᠡᠳᠦ ᠬᠠᠭᠠᠨ ᠪᠠᠷ ᠪᠠᠶᠢᠴᠠᠭᠠᠨ ᠠᠪᠠᠯᠠᠷ᠎ᠠ ᠮᠤᠷᠳᠠᠵᠦ᠂ ᠢᠩᠴᠠᠩ ᠳᠤᠷ ᠮᠤᠷᠢᠯᠠᠨ ᠰᠠᠭᠠᠳᠠᠭᠠᠳ᠂ ᠸᠠᠩ ᠬᠢᠭᠡᠳ ᠪᠠᠬᠢ ︵ᠭᠦᠩᠵᠦ︶  ᠶᠢ ᠠᠮᠤᠭᠤᠯᠤᠨ ᠭᠡᠷᠡᠯᠲᠦᠭᠦᠯᠵᠦ᠂ ᠠᠯᠲᠠᠨ ᠰᠢᠬᠦᠷ᠂ ᠰᠢᠷ᠎ᠠ ᠴᠠᠴᠤᠭ ᠰᠤᠶᠤᠷᠬᠠᠭᠠᠳ ᠡᠩᠭᠦᠷᠡᠶᠢᠯᠡᠨ ᠬᠠᠯᠠᠮᠵᠢᠯᠠᠭᠰᠠᠨ ᠠᠨᠤ ᠤᠨᠴᠠ ᠶᠢᠨ ᠭᠠᠶᠢᠬᠠᠯᠲᠠᠢ ᠠᠵᠢ᠃ ᠡᠴᠢᠭᠡ ᠡᠬᠡ ᠶᠦᠭᠡᠨ ᠡᠯᠢᠭᠡᠰᠡᠨ᠂ ᠡᠷᠳᠡᠮᠲᠡᠨ ᠮᠡᠷᠭᠡᠳ ᠢ ᠡᠷᠬᠢᠮᠯᠡᠬᠦ  ︵30︶ ᠢᠨᠦ ᠲᠡᠲᠡᠨ ᠤ ᠤᠳᠤᠮ ᠬᠡᠯᠬᠢᠶ᠎ᠡ ᠨᠢᠭᠡᠨ᠎ᠡ ᠪᠤᠯᠬᠤ ᠶᠢᠨ ᠤᠴᠢᠷ ᠪᠤᠶᠤ᠃     ᠪᠦᠲᠦᠭᠡᠭᠴᠢ ᠲᠡᠭᠡᠲᠦᠰ ︵31︶ ︵ᠴᠧᠩᠽᠦ᠋ᠩ᠂ ᠲᠡᠮᠦᠷ︶ ᠬᠠᠭᠠᠨ ᠤ ᠴᠠᠭ ᠲᠤᠷ᠂ ᠪᠠᠬᠢ ︵ᠭᠦᠩᠵᠦ᠂ ᠨᠠᠩᠭᠠᠴᠢᠨ︶ ᠢᠨᠦ ᠵᠢᠵᠢᠭ ᠬᠠᠰ ᠰᠡᠤᠬᠡ ᠳᠤᠷ ᠰᠠᠭᠠᠲᠠᠵᠦ᠂ ᠬᠠᠷᠰᠢ   ᠳᠤᠷ ᠮᠦᠷᠭᠦᠪᠡᠢ᠃ ᠡᠵᠡᠨ ᠬᠠᠭᠠᠨ ᠪᠠᠷ ᠠᠯᠤᠰ ᠠᠴᠠ ᠬᠠᠷᠠᠮᠠᠭᠴᠠ ᠶᠠᠭᠠᠷᠠᠨ ᠤᠭᠲᠤᠵᠦ᠂ ᠬᠦᠲᠦᠯᠦᠨ ᠤᠳᠤᠷᠢᠳᠰᠤᠭᠠᠢ ᠬᠡᠮᠡᠯᠦᠭᠡ᠂ ᠲᠡᠲᠡᠨ ᠤ ᠬᠦᠨᠳᠦᠯᠡᠯ ᠶᠤᠰᠤᠯᠠᠯ ᠠᠨᠤ ᠦᠵᠡᠲᠡᠯ᠎ᠡ ᠡᠶᠢᠮᠦ ᠪᠦᠯᠦᠭᠡ᠃ ᠪᠠᠬᠢ ︵ᠭᠦᠩᠵᠦ︶ ᠪᠠᠷ ᠭᠤᠷᠪᠠᠨ ᠬᠦᠪᠡᠬᠦᠨ ᠮᠡᠨᠳᠦᠯᠡᠪᠡᠢ᠃      ᠠᠬᠠᠮᠠᠳ ᠢ ᠠᠨᠤ ᠳ᠋ᠢᠸᠠᠪᠠᠯ ᠬᠡᠮᠡᠮᠤᠢ᠂ ᠡᠶᠡᠪᠡᠷᠬᠦ ᠲᠡᠭᠡᠳᠦᠰ ︵ᠱᠢᠶᠦ᠋ᠨᠽᠦ᠋ᠩ᠂ ᠲᠠᠷᠮᠠᠪᠠᠯᠠ︶ ᠬᠠᠭᠠᠨ ᠤ ᠪᠠᠬᠢ ︵ᠭᠦᠩᠵᠦ  ︶ ᠰᠠᠩᠭᠠᠷᠠᠭᠢ ᠯᠤᠭ᠎ᠠ ᠭᠡᠷᠯᠡᠪᠡᠢ᠃ ᠠᠩᠬ᠎ᠠ ᠬᠠᠭᠠᠨ ᠤ ᠦᠬᠢᠨ ᠲᠡᠭᠦᠦ ᠶᠡᠭᠡ ᠡᠭᠡᠴᠢᠮᠡᠳ ᠪᠠᠬᠢ ︵ᠭᠦᠩᠵᠦ︶ ᠬᠡᠮᠡᠨ ᠡᠷᠭᠦᠮᠵᠢᠯᠡᠭᠳᠡᠵᠦ᠂ ᠲᠠᠬᠢᠨ ᠬᠠᠭᠠᠨ ᠤ ᠡᠭᠡᠴᠢ ᠶᠡᠭᠡ ᠡᠭᠡᠴᠢᠮᠡᠳ ᠪᠠᠬᠢ ︵ᠭᠦᠩᠵᠦ︶ ᠬᠡᠮᠡᠨ ᠡᠷᠭᠦᠮᠵᠢᠯᠡᠭᠳᠡᠭᠡᠳ ᠨᠡᠩᠳᠡ ᠲᠠᠪᠰᠢᠨ ᠬᠠᠭᠠᠨ ᠤ ᠠᠪᠠᠭ᠎ᠠ ᠡᠭᠡᠴᠢ ᠰᠦᠯᠳᠡ ᠤᠳᠬᠠᠴᠢ ᠶᠤᠰᠤᠲᠤ ᠬᠡᠰᠢᠭᠲᠦ ᠪᠠᠲᠤ ᠬᠤᠲᠤᠭᠲᠦ ᠶᠡᠭᠡ ᠡᠭᠡᠴᠢᠮᠡᠳ ᠪᠠᠬᠢ ᠬᠡᠮᠡᠨ ᠨᠡᠮᠡᠨ ᠡᠷᠭᠦᠮᠵᠢᠯᠡᠭᠳᠡᠪᠡᠢ᠃ ᠤᠨᠤᠯᠲᠦ ᠶᠡᠭᠡ ᠶᠢᠨ ᠬᠤᠶᠠᠳᠤᠭᠠᠷ ᠤᠨ ︵1309 ᠤᠨ︶ ᠳᠤᠷ᠂ ᠳ᠋ᠢᠸᠠᠪᠠᠯ ᠢ ᠯᠤ᠋ ᠸᠠᠩ ᠡᠷᠭᠦᠮᠵᠢᠯᠡᠵᠦ᠂ ᠠᠯᠲᠠᠨ ᠲᠠᠮᠠᠭ᠎ᠠ ᠰᠤᠶᠢᠷᠠᠭᠤᠯᠪᠠᠢ᠃ ᠴᠤᠭᠲᠦ ᠲᠡᠭᠡᠳᠦᠰ ︵ᠦᠽᠦ᠋ᠩ᠂ ᠬᠠᠶᠢᠰᠠᠩ︶ ᠬᠠᠭᠠᠨ ᠪᠠᠷ ᠡᠷᠲᠡ ᠤᠷᠢᠳᠤ ᠶᠢᠨ ᠴᠠᠭ ᠲᠤᠷ᠂ ᠵᠠᠭᠤᠨ ᠲᠦᠰᠢᠮᠡᠳ ᠲᠤᠷ  ᠢᠶᠠᠨ ᠦᠭᠦᠯᠡᠷᠤᠨ᠄ ︽ᠡᠷᠲᠡ ᠮᠠᠨ ᠤ ᠲᠤᠯᠭᠤᠷ ᠤᠷᠢᠳᠤᠰ ︵ᠲᠠᠶᠢᠽᠦ᠂ ᠴᠢᠩᠬᠢᠰ︶ ᠬᠠᠭᠠᠨ ᠤ ᠴᠠᠭ ᠲᠤᠷ᠂ ᠶᠡᠭᠡ ᠮᠤᠩᠭᠤᠯ ᠤᠨ ᠤᠷᠤᠨ ᠳᠤᠷ ᠯᠤᠤ ᠲᠡᠭᠦᠯᠢᠭᠰᠡᠨ ᠠᠴᠠ ᠲᠤᠮᠳᠠᠳᠤ ᠬᠡᠮᠡᠬᠦ ᠬᠢᠲᠠᠳ ᠤᠨ ᠤᠷᠤᠨ ᠳᠤᠷ ᠲᠤᠯᠭᠤᠷ ᠲᠦᠷᠦ ᠶᠢ ᠴᠤᠭᠴᠠᠯᠠᠬᠤᠢ ᠳᠤᠷ ᠬᠤᠩᠬᠢᠷᠠᠳ ᠤᠪᠤᠭᠲᠠᠨ ᠠᠨᠤ ᠲᠤᠯᠭᠤᠷ ᠲᠦᠷᠦ ᠶᠢ ᠨᠡᠭᠡᠭᠡᠭᠰᠡᠨ ᠭᠠᠪᠢᠶ᠎ᠠ ᠪᠤᠢ ᠪᠦᠯᠦᠭᠡ︾ ᠬᠡᠮᠡᠭᠡᠳ ᠪᠠᠬᠢ ︵ᠭᠦᠩᠵᠦ︶ ᠳᠤᠷ ᠤᠨᠴᠠᠭᠠᠶᠢᠯᠠᠨ ᠬᠠᠰ ᠰᠡᠤᠬᠡ ᠵᠠᠭᠠᠨ ᠲᠡᠷᠭᠡ ᠰᠤᠶᠤᠷᠬᠠᠪᠠᠢ᠃ ᠬᠠᠭᠤᠴᠢᠨ ᠲᠦᠷᠢᠮ ᠤᠨ ᠶᠤᠰᠤᠭᠠᠷ ᠮᠦᠨ ᠬᠦ ᠵᠠᠷᠭᠤᠴᠢ ᠨᠤᠶᠠᠨ ᠲᠦᠰᠢᠵᠦ᠂ ᠸᠠᠩ ᠤᠨ ᠰᠠᠶᠢᠳ ᠤᠨ ᠬᠤᠷᠤᠭ᠎ᠠ  ᠵᠢᠴᠢ ᠭᠡᠷ ᠤᠨ ᠭᠦᠪᠦᠳ ᠤᠨ ᠶᠡᠷᠦᠩᠬᠢ ᠵᠠᠬᠢᠷᠭ᠎ᠠ ᠶᠢᠨ ᠬᠤᠷᠤᠭ᠎ᠠ᠂ ᠬᠦᠨᠡᠰᠦ ᠮᠦᠩᠬᠦ ᠶᠢ ᠨᠡᠶᠢᠲᠡᠯᠡᠨ ᠬᠠᠮᠢᠶᠠᠷᠬᠤ ᠶᠡᠷᠦᠩᠬᠢ ᠵᠠᠬᠢᠷᠭ᠎ᠠ ᠶᠢᠨ ᠬᠤᠷᠤᠭ᠎ᠠ ᠶᠢ ᠪᠠᠶᠢᠭᠤᠯᠵᠦ ᠮᠦᠩᠭᠦᠨ ᠲᠠᠮᠠᠭ᠎ᠠ ᠤᠯᠭᠤᠭᠰᠠᠨ ᠪᠦᠭᠡᠳ ᠪᠦᠭᠦᠳᠡ ᠳᠤᠷ ᠠᠯᠲᠠᠨ ᠬᠡᠷᠡᠭᠡ ︵ᠫᠠᠶᠢᠰᠠ︶ ᠰᠤᠶᠤᠷᠬᠠᠭᠠᠳ ᠡᠳᠡᠭᠡᠷ ᠤᠨ ᠨᠤᠶᠠᠳ ᠢ ᠠᠨᠤ ᠡᠪᠤᠭᠡᠳ ᠤᠨ ᠶᠤᠰᠤᠨ ᠢᠶᠠᠷ ᠬᠢᠴᠢᠶᠡᠩᠭᠦᠶᠢᠯᠡᠨ ᠰᠢᠯᠢᠵᠦ᠂ ᠲᠡᠶᠢᠨᠬᠦ ᠨᠤᠶᠠᠨ ᠪᠤᠯᠭᠠᠨ ᠲᠦᠰᠢᠲᠦᠭᠡᠢ ᠬᠡᠮᠡᠪᠡᠢ᠃ ᠴᠤᠭᠲᠦ ᠲᠡᠭᠡᠳᠤᠰ ︵ᠦᠽᠦ᠋ᠩ᠂ ᠬᠠᠶᠢᠰᠠᠩ︶ ᠬᠠᠭᠠᠨ ᠪᠠᠷ ᠶᠤᠰᠤᠲᠦ ᠬᠦᠰᠭᠡ ᠬᠦᠯᠦᠭᠯᠡᠨ ᠪᠠᠬᠢ ᠶᠢᠨ ᠤᠷᠳᠤᠨ᠎ᠠ ᠮᠤᠷᠢᠯᠠᠨ ᠰᠠᠭᠠᠳᠠᠭᠠᠳ ᠲᠠᠷᠠᠭᠠᠯᠠᠯ ᠶᠤᠰᠤᠭᠠᠷ ᠭᠡᠷ ᠤᠨ ᠬᠦᠮᠦᠰ ᠤᠨ ᠶᠤᠰᠤᠯᠠᠯ ᠢᠶᠠᠨ ᠭᠦᠢᠴᠢᠳᠭᠡᠨ ᠮᠠᠰᠢᠲᠠ ᠨᠠᠶᠢᠷᠠᠯᠳᠤᠭᠠᠳ ᠤᠲᠤᠯᠤᠭ᠎ᠠ᠃ ᠮᠠᠷᠭᠠᠰᠢ ᠠᠨᠤ ᠲᠡᠷᠢᠭᠦᠯᠡᠭᠴᠢ ᠰᠠᠶᠢᠳ ᠢᠯᠭᠢᠨᠢ ︵32︶ ᠬᠡᠮᠡᠭᠴᠢ ᠳᠤᠷ ᠵᠠᠷᠯᠢᠭ ᠪᠤᠯᠵᠦ᠂ ᠶᠦᠩᠫᠢᠩ ᠴᠦᠯᠭᠡ  ᠶᠢ ᠨᠡᠮᠡᠵᠦ ᠡᠷᠭᠦᠮᠵᠢᠯᠡᠯ ᠬᠦᠷᠲᠡᠭᠡᠭᠡᠳ ᠲᠡᠭᠦᠨ ᠤ ᠠᠯᠪᠠ ᠲᠠᠲᠠᠪᠤᠷᠢ᠂ ᠭᠠᠶᠢᠯᠢ ᠭᠤᠪᠴᠢᠭᠤᠷ ᠲᠡᠷᠢᠭᠦᠲᠡᠨ ᠢ ᠴᠦᠮ ᠯᠤ᠋ ᠸᠠᠩ ᠳᠤᠷ ᠦᠮᠴᠢᠯᠡᠭᠦᠯᠲᠦᠭᠡᠢ ᠬᠡᠮᠡᠭᠡᠳ ᠪᠠᠰᠠ ᠫᠢᠩᠵᠢᠶᠠᠩ ᠴᠦᠯᠭᠡ ︵33︶ ᠶᠢᠨ ᠲᠠᠪᠤᠨ ᠮᠢᠩᠭ᠎ᠠ ᠭᠠᠷᠤᠢ ᠲᠦᠮᠡᠨ ᠮᠤ᠋ ᠲᠤᠲᠤᠷᠭ᠎ᠠ ᠶᠢᠨ ᠲᠠᠷᠢᠶ᠎ᠠ ᠶᠢ ᠰᠤᠶᠤᠷᠬᠠᠯ ᠪᠤᠯᠭᠠᠨ ᠬᠦᠷᠲᠡᠭᠡᠪᠡᠢ᠃       ᠬᠦᠪᠡᠬᠦᠨ ᠢᠨᠦ ᠠᠷᠭᠠᠰᠢᠷᠢ ᠬᠡᠮᠡᠭᠴᠢ ᠬᠠᠷᠠᠬᠠᠨ ᠪᠠᠭ᠎ᠠ ᠠᠴᠠ ᠪᠠᠨ ᠯᠤ᠋ ᠸᠠᠩ ᠬᠡᠮᠡᠨ ᠵᠠᠯᠭᠠᠮᠵᠢᠯᠠᠨ ᠡᠷᠭᠦᠮᠵᠢᠯᠡᠭᠳᠡᠭᠡᠳ ᠡᠶᠡᠪᠡᠷ ᠲᠡᠭᠡᠳᠦᠰ ︵ᠱᠦᠨᠽᠦ᠋ᠩ᠂ ᠲᠠᠷᠮᠠᠪᠠᠯᠠ︶ ᠬᠠᠭᠠᠨ ᠤ ᠪᠠᠬᠢ ︵ᠭᠦᠩᠵᠦ︶ ᠲᠤᠷᠵᠢᠪᠠᠯᠠ ︵34︶ ᠯᠤᠭ᠎ᠠ ᠭᠡᠷᠯᠡᠪᠡᠢ᠃ ﹇ᠲᠤᠷᠵᠢᠪᠠᠯᠠ ᠶᠢ﹈ ᠬᠢᠴᠢᠶᠡᠩᠭᠦᠢ ᠨᠠᠶᠢᠷᠠᠯᠲᠦ ᠮᠡᠷᠭᠡᠨ ᠠᠮᠤᠭᠤᠯᠠᠩ ᠪᠠᠬᠢ ᠬᠡᠮᠡᠨ ᠡᠷᠭᠦᠮᠵᠢᠯᠡᠪᠡᠢ᠃ ﹇ᠠᠷᠭᠠᠰᠢᠷᠢ﹈ ᠸᠠᠩ ᠪᠠᠷ ᠨᠦᠭᠴᠢᠭᠰᠡᠨ᠎ᠡ ᠦᠶ᠎ᠡ ᠲᠠᠷᠠᠭᠠᠯᠠᠯ ᠢᠶᠠᠷ ᠢᠶᠠᠨ ᠰᠠᠭᠤᠷᠢᠨ ᠢ ᠵᠠᠯᠭᠠᠮᠵᠢᠯᠠᠭᠰᠠᠨ ᠠᠨᠤ ᠲᠠᠷᠤᠢ ᠡᠳᠤᠭᠡ ᠶᠢᠨ ᠸᠠᠩ ᠰᠠᠩᠭᠠᠪᠠᠯᠠ ᠪᠦᠯᠦᠭᠡ᠃      ᠤᠷᠢᠳᠠ ᠠᠨᠤ ᠶᠦᠨ ᠠᠨ ᠭᠠᠵᠠᠷ ᠤᠨ ᠸᠠᠩ ᠡᠷᠭᠦᠮᠵᠢᠯᠡᠭᠳᠡᠵᠦ ᠪᠦᠲᠦᠭᠡᠭᠴᠢ ᠲᠡᠭᠡᠳᠦᠰ ᠬᠠᠭᠠᠨ ︵ᠴᠧᠩᠽᠦ᠋ᠩ᠂ ᠲᠡᠮᠦᠷ︶ ᠤ ᠪᠠᠬᠢ ︵ᠭᠦᠩᠵᠦ︶ ᠪᠦᠨᠠ ︵35︶ ᠯᠦᠭᠡ ᠭᠡᠷᠯᠡᠪᠡᠢ᠃ ﹇ᠪᠦᠨᠠ ᠪᠠᠬᠢ ︵ᠭᠦᠩᠵᠦ︶ ᠶᠢ﹈ ᠶᠦᠨ ᠠᠨ ᠭᠠᠵᠠᠷ ᠤᠨ ᠸᠠᠩ ᠪᠠᠬᠢ ︵ᠪᠠᠬᠢ︶ ᠬᠡᠮᠡᠨ ᠡᠷᠭᠦᠮᠵᠢᠯᠡᠭᠡᠳ ᠲᠠᠬᠢᠨᠲᠠ ᠶᠦᠨ ᠠᠨ ᠭᠠᠵᠠᠷ ᠤᠨ ᠶᠡᠭᠡ ᠡᠭᠡᠴᠢᠮᠡᠳ ᠪᠠᠬᠢ ︵ᠭᠦᠩᠵᠦ︶ ᠬᠡᠮᠡᠨ ᠡᠷᠭᠦᠮᠵᠢᠯᠡᠪᠡᠢ᠃ ᠡᠰᠢ ᠶᠤᠰᠤᠲᠦ ︵ᠶᠤᠸᠠᠨ ᠲᠦᠩ︶ ᠶᠢᠨ ᠬᠤᠶᠠᠳᠤᠭᠠᠷ ᠤᠨ ︵1334 ᠤᠨ︶ ᠤ ᠭᠤᠷᠪᠠᠳᠤᠭᠠᠷ ᠰᠠᠷ᠎ᠠ ᠳᠤᠷ ᠡᠳᠦᠭᠡ ᠶᠢᠨ ᠲᠡᠭᠡᠲᠦ ᠬᠠᠭᠠᠨ ︵ᠲᠤᠭᠤᠭᠠᠨᠲᠡᠮᠦᠷ︶ ᠠᠴᠠ ᠯᠤ᠋ ᠭᠠᠵᠠᠷ ᠤᠨ ᠸᠠᠩ ᠬᠡᠮᠡᠨ ᠨᠡᠮᠡᠨ ᠡᠷᠭᠦᠮᠵᠢᠯᠡᠪᠡᠢ᠃ ᠬᠠᠭᠠᠨ ᠤ ᠵᠠᠷᠯᠢᠭ ︵36︶ ᠲᠤᠷ ᠶᠡᠭᠡ ᠲᠦᠯᠦᠪ ᠦᠭᠦᠯᠡᠭᠰᠡᠨ ᠢᠨᠦ᠄ ︽ᠤᠷᠤᠭ ᠤᠨ ᠪᠠᠷᠢᠯᠳᠤᠯᠭ᠎ᠠ ᠪᠠᠷ ᠰᠤᠷᠪᠤᠯᠵᠢ ᠤᠷᠢᠳᠤᠰ ︵ᠱᠢᠽᠦ᠂ ᠬᠤᠪᠢᠯᠠᠢ︶ ᠬᠠᠭᠠᠨ ᠤ ᠵᠢᠭᠡ ᠪᠤᠯᠤᠭᠰᠠᠨ ᠠᠴᠠ ᠤᠷᠢᠳᠤᠬᠢ ᠸᠠᠩ ᠤᠨ ᠬᠦᠲᠦᠯᠪᠦᠷᠢ ᠶᠢ ᠵᠠᠯᠭᠠᠮᠵᠢᠯᠠᠭᠤᠯᠤᠨ ᠠᠳᠬᠤᠭᠤᠯᠵᠦ᠂ ᠡᠩᠭᠡᠰᠭᠡᠯᠡᠯᠲᠦ ᠠᠯᠳᠠᠷ ᠢ ᠤᠯᠠᠨᠲᠠ ᠬᠦᠷᠲᠡᠭᠡᠭᠰᠡᠨ ᠤ ᠲᠤᠯᠠ ᠪᠠᠬᠢ ︵ᠭᠦᠩᠵᠦ︶ ᠶᠢ ᠢᠨᠦ ᠬᠦᠬᠢᠭᠦᠯᠦᠨ ᠡᠷᠭᠦᠮᠵᠢᠯᠡᠵᠦ᠂ ᠬᠠᠭᠠᠨ ᠤ ᠬᠦᠨᠳᠦᠯᠡᠯᠲᠦ ᠠᠪᠠᠭ᠎ᠠ ᠡᠭᠡᠴᠢ ᠶᠡᠭᠡ ᠡᠭᠡᠴᠢᠮᠡᠳ ᠪᠠᠬᠢ ︵ᠭᠦᠩᠵᠦ︶ ᠬᠡᠮᠡᠰᠦᠭᠡᠢ︾ ᠬᠡᠮᠡᠪᠡᠢ᠃       ᠬᠠᠭᠠᠨ ᠤ ᠵᠠᠷᠯᠢᠭ ᠲᠤᠷ ᠶᠡᠭᠡ ᠲᠦᠯᠦᠪ ᠦᠭᠦᠯᠡᠭᠰᠡᠨ ᠢᠨᠦ᠄ ︽ᠡᠵᠡᠨ ᠪᠢ ᠪᠠᠷ ᠲᠦᠷᠦ ᠶᠢᠨ ᠵᠢᠯᠤᠭᠤ  ᠶᠢ ᠠᠳᠬᠤᠨ ᠶᠡᠭᠡ ᠰᠠᠭᠤᠷᠢᠨ᠎ᠠ ᠰᠠᠭᠠᠲᠠᠭᠰᠠᠨ ᠤ ᠲᠤᠯᠠ ᠶᠢᠰᠤᠨ ᠤᠭᠰᠠᠭ᠎ᠠ ᠪᠠᠨ ᠠᠳᠠᠯᠢ ᠲᠡᠭᠰᠢ ᠪᠠᠷ ᠰᠠᠨᠠᠭᠠᠯᠵᠢᠨ ᠡᠨᠡᠷᠡᠵᠦ᠂ ᠤᠩᠭᠤᠳ ᠲᠡᠭᠡᠳᠦᠰ ᠤᠨ ᠮᠢᠨᠢ ᠡᠷᠬᠢᠮᠯᠡᠯ ᠬᠦᠨᠳᠦᠯᠡᠯ ᠬᠢᠭᠡᠳ ᠡᠯᠢᠭᠡᠨ ᠰᠠᠳᠤᠨ ᠤ ᠦᠶ᠎ᠡ ᠵᠠᠯᠭᠠᠮᠵᠢ ︵37︶ ᠶᠢ ᠮᠦᠷᠳᠡᠨ ᠦᠭᠦᠯᠡᠪᠡᠰᠦ᠂ ᠮᠠᠭᠠᠳᠲᠠᠶᠢᠶ᠎ᠠ ᠬᠠᠭᠠᠨ ᠤ ᠤᠭᠰᠠᠭᠠᠲᠠᠳ ᠤᠨ ᠡᠩᠭᠡᠰᠡᠭᠲᠡᠳ ᠢ ᠦᠭᠡᠳᠡᠭᠰᠢ ᠲᠡᠳᠬᠦᠨ ᠬᠦᠨᠳᠦᠯᠡᠯ ᠴᠤᠯᠠ ᠪᠠᠷ ᠢᠯᠡᠷᠬᠡᠶᠢᠯᠡᠬᠦ ᠢᠨᠦ ᠵᠦᠢᠲᠡᠢ ᠪᠦᠭᠡᠳ ᠲᠠᠩᠰᠤᠭ ᠪᠤᠢ ᠢ ᠎ᠠ᠃ ᠡᠶᠢᠮᠦ ᠶᠢᠨ ᠲᠤᠯᠠ ᠲᠤᠯᠭᠤᠷ ᠲᠦᠷᠦ ᠴᠤᠭᠴᠠᠯᠠᠭᠳᠠᠭᠰᠠᠨ ᠠᠴᠠ ᠢᠨᠠᠭᠰᠢᠬᠢ ᠡᠳᠡᠭᠡᠷ ᠨᠡᠷᠡᠲᠦ ᠸᠠᠩ᠂ ᠡᠷᠡᠯᠬᠡᠭ ᠬᠠᠷᠢᠶᠠᠲᠦ᠂ ᠰᠢᠳᠤᠷᠭᠤ ᠭᠠᠪᠢᠶᠠᠲᠠᠳ ᠤᠨ ᠡᠷᠴᠢᠲᠦ ᠵᠢᠳᠬᠦᠯ ᠡᠰᠡ ᠠᠭᠰᠠᠨ ᠪᠦᠭᠡᠰᠦ ᠬᠡᠷᠬᠢᠨ ᠡᠶᠢᠨᠬᠦ ᠪᠠᠳᠠᠷᠠᠨ ᠮᠠᠨᠳᠤᠬᠤ ᠠᠵᠢ ︕ ᠡᠳᠦᠭᠡ ᠶᠢᠨ ᠮᠡᠲᠦ ᠡᠴᠢᠭᠡ ᠡᠬᠡ ᠶᠦᠭᠡᠨ ᠡᠯᠢᠭᠡᠰᠡᠨ᠂ ᠡᠷᠳᠡᠮᠲᠡᠨ ᠮᠡᠷᠭᠡᠳ ᠢ ᠲᠤᠲᠤᠨᠤᠴᠢᠯᠠᠬᠤ ᠡᠨᠡ ᠮᠡᠲᠦ  ᠶᠢᠨ ᠶᠠᠪᠤᠳᠠᠯ ᠢ ᠡᠷᠲᠡ ᠤᠷᠢᠳᠠ ᠠᠴᠠ ᠶᠡᠷᠤ ᠨᠢ ᠡᠰᠡ ᠰᠤᠨᠤᠰᠤᠭᠰᠠᠨ ᠪᠦᠯᠦᠭᠡ᠃ ᠤᠤᠯ ᠨᠢ ᠡᠪᠦᠭᠡ ᠲᠡᠭᠡᠳᠦᠰ  ᠤᠨ ᠬᠤᠷᠠᠮᠳᠠᠭᠤᠯᠤᠭᠰᠠᠨ ᠡᠷᠳᠡᠮ ᠪᠤᠶᠠᠨ ᠤ ᠠᠴᠢ ᠪᠠᠷ ᠵᠠᠭᠤᠭᠠᠳ ᠵᠢᠯ ᠤᠨ ᠲᠤᠷᠰᠢ ᠬᠠᠷᠢᠶᠠᠲᠦ ᠤᠯᠤᠰ ᠢ ᠠᠨᠤ ᠯᠤ᠋ ᠭᠠᠵᠠᠷ ᠲᠤᠷ ᠡᠷᠭᠦᠮᠵᠢᠯᠡᠭᠰᠡᠨ ᠢᠨᠦ ᠪᠤᠶᠤ᠃ ᠡᠷᠲᠡ ᠵᠸᠦ ᠤᠯᠤᠰ ᠤᠨ ᠬᠡᠷᠬᠢᠮᠲᠡᠨ ︵ᠵᠸᠦ ᠭᠦᠩ︶ ︵38︶ ᠬᠡᠮᠡᠭᠴᠢ ᠸᠠᠩ ᠤᠨ ᠤᠭᠰᠠᠭᠠᠲᠠᠨ ᠠᠭᠰᠠᠨ ᠪᠦᠯᠦᠭᠡ᠂ ᠴᠧᠩ ᠸᠠᠩ ︵39︶ ᠤᠨ ᠲᠦᠰᠢᠮᠡᠯ ᠪᠠᠶᠢᠬᠤᠢ ᠳᠠᠭᠠᠨ ᠶᠤᠰᠤᠯᠠᠯ ᠢ ᠡᠭᠦᠰᠭᠡᠨ ᠬᠦᠭᠵᠢᠮ ᠢ ᠵᠤᠬᠢᠶᠠᠭᠠᠳ ᠵᠸᠦ ᠤᠯᠤᠰ ︵40︶ ᠲᠤᠷ ᠶᠡᠭᠡ ᠭᠠᠪᠢᠶ᠎ᠠ ᠪᠠᠶᠢᠭᠤᠯᠤᠭᠰᠠᠨ  ᠠᠴᠠ ᠯᠤ᠋ ᠤᠯᠤᠰ ᠤᠨ ᠬᠡᠷᠬᠢᠮᠲᠡᠨ ᠬᠡᠮᠡᠨ ᠡᠷᠭᠦᠮᠵᠢᠯᠡᠭᠳᠡᠭᠰᠡᠨ ︵41︶ ᠠᠵᠢ᠃ ᠲᠡᠲᠡᠨᠡᠷ ᠤᠨ ᠮᠡᠷᠭᠡᠳ ᠢ ᠬᠦᠬᠢᠭᠦᠯᠦᠨ ᠡᠷᠲᠡᠮ ᠳᠤᠷ ᠢᠶᠠᠨ ᠲᠠᠭᠠᠭᠤᠯᠤᠭᠰᠠᠨ ᠠᠨᠤ ᠡᠳᠦᠭᠡ ᠡᠷᠡᠨ ᠳᠤᠷ ᠴᠤ ᠨᠡᠶᠢᠴᠡᠬᠦ ᠪᠦᠯᠦᠭᠡ᠃ ᠲᠡᠯᠡᠬᠡᠢ ᠳ᠋ᠠᠬᠢᠨ ᠢ ᠴᠤᠯᠪᠤᠭᠤᠷᠳᠠᠨ ᠢᠯᠠᠭᠤᠭᠰᠠᠨ ᠪᠤᠭᠳᠠ ᠡᠷᠳᠡᠮᠲᠦ ᠭᠠᠶᠢᠬᠠᠮᠰᠢᠭᠲᠦ ᠭᠠᠪᠢᠶᠠᠲᠦ ᠤᠳᠬᠠᠴᠢ ᠴᠤᠭᠲᠦ ᠬᠠᠭᠠᠨ ︵42︶ ︵ᠬᠤᠪᠢᠯᠠᠢ ᠰᠡᠴᠡᠨ︶ ᠪᠠᠷ ᠰᠡᠳᠬᠢᠮᠵᠢᠯᠡᠨ᠂ ᠤᠯᠤᠰ ᠭᠦᠷᠦᠨ ᠢᠶᠠᠨ ᠨᠢᠭᠡᠨ᠎ᠡ ᠬᠤᠷᠢᠶᠠᠵᠦ᠂ ᠲᠡᠭᠷᠢ ᠶᠢᠨ ᠲᠤᠤᠷᠠᠬᠢ ᠲᠦᠭ ᠲᠦᠮᠡᠨ ᠤ ᠲᠦᠯᠦᠭᠡ ᠬᠢᠵᠠᠭᠠᠷ ᠢ ᠬᠤᠪᠢᠯᠠᠨ᠂ ᠨᠤᠲᠤᠭ ᠤᠰᠤᠨ ᠢ ᠲᠦᠭᠡᠭᠡᠵᠦ᠂ ᠬᠡᠷᠬᠢᠮᠲᠡᠨ ᠢ ᠡᠷᠭᠦᠮᠵᠢᠯᠡᠨ ᠸᠠᠩ ᠢ ᠪᠠᠶᠢᠭᠤᠯᠤᠭᠠᠳ ︵43︶ ᠠᠷᠠᠳ ᠢᠷᠭᠡᠳ ᠢᠶᠠᠨ ᠤᠯᠤᠰ ᠭᠦᠷᠦᠨ ᠲᠠᠢ ᠪᠤᠯᠭᠠᠭᠰᠠᠨ ︵44︶ ᠠᠵᠤᠭᠤ᠃ ᠡᠶᠢᠮᠦ ᠶᠢᠨ ᠲᠤᠯᠠᠳᠠ ᠬᠠᠷᠢᠨ ᠴᠤ ᠪᠦᠷᠢᠯᠭᠡᠮᠡᠲᠡᠭᠡᠢ ᠪᠠᠶᠠᠳ ᠬᠡᠷᠬᠢᠮᠲᠡᠨ ᠢ ᠲᠠᠯᠭᠠᠷ ᠡᠷᠭᠦᠮᠵᠢᠯᠡᠭᠰᠡᠨ ᠢᠨᠦ ᠪᠤᠰᠤ ᠪᠤᠯᠠᠢ᠃ ᠡᠭᠦᠨ ᠤ ᠤᠴᠢᠷ ᠬᠡᠮᠡᠪᠡᠰᠤ᠄ ᠪᠤᠭᠲᠠ ᠡᠵᠡᠨ ᠲᠡᠭᠷᠢ ᠶᠢᠨ ᠬᠦᠪᠡᠬᠦᠨ  ᠪᠠᠷ ᠡᠪᠦᠭᠡ ᠲᠡᠭᠡᠳᠦᠰ ᠤᠨ ᠬᠠᠭᠠᠨ ᠤ ᠭᠤᠯᠤᠮᠲᠠ ᠶᠢ ᠵᠠᠯᠭᠠᠮᠵᠢᠯᠠᠭᠠᠳ ᠲᠡᠯᠡᠬᠡᠢ ᠳ᠋ᠠᠬᠢᠨ ᠢ ᠡᠵᠡᠮᠳᠡᠨ᠂ ᠤᠯᠠᠨ ᠬᠦᠢ  ᠶᠢᠨ ᠸᠠᠩ ᠨᠠᠷ᠂ ᠲᠡᠭᠷᠢ ᠶᠢᠨ ᠬᠦᠪᠡᠬᠦᠨ ᠤ ᠵᠠᠷᠯᠢᠭ ᠢᠶᠠᠷ ᠦᠪᠡᠷ ᠤᠨ ᠬᠠᠷᠢᠶᠠᠲᠦ ᠤᠷᠤᠨ ᠢᠶᠠᠨ ᠵᠠᠬᠢᠷᠤᠨ ᠦᠪᠡᠷ ᠦᠪᠡᠷ ᠤᠨ ᠢᠶᠠᠨ ᠡᠵᠡᠮᠰᠢᠯ ᠤᠷᠤᠨ ᠳᠠᠭᠠᠨ ᠸᠠᠩ ᠤᠨ ᠰᠠᠬᠢᠶ᠎ᠠ ᠪᠠᠨ ᠰᠢᠳᠤᠷᠭᠤᠯᠠᠨ ᠰᠠᠬᠢᠵᠦ᠂ ᠲᠤᠰᠢᠶᠠᠯ ᠠᠯᠪᠠ  ᠪᠠᠨ ᠭᠦᠢᠴᠢᠳᠭᠡᠳᠡᠭ ᠤᠨ ᠤᠴᠢᠷ᠎ᠠ᠂ ᠬᠡᠵᠢᠶ᠎ᠡ ᠨᠢᠭᠡᠨ ᠴᠠᠭ ᠲᠤᠷ ᠲᠡᠲᠡᠨ ᠢ ᠤᠷᠢᠨ ᠠᠰᠠᠭᠤᠬᠤᠶ᠎ᠠ ᠨᠡᠶᠢᠯᠡᠭᠦᠯᠦᠨ ᠦᠴᠢᠬᠦ ᠢᠨᠦ ᠲᠦᠷᠦ ᠤᠯᠤᠰ ᠢᠶᠠᠨ ᠲᠦᠭᠡᠮᠡᠯ ᠠᠮᠤᠭᠤᠯᠠᠩ ᠪᠤᠯᠭᠠᠬᠤ ᠬᠡᠮᠡᠭᠴᠢ ᠲᠦᠮᠡᠨ ᠦᠶ᠎ᠡ ᠳᠤᠷ ᠴᠤ ᠲᠡᠭᠦᠰᠤᠰᠢ ᠦᠭᠡᠢ ᠠᠳᠠᠯ ᠪᠤᠶᠤ ᠬᠡᠮᠡᠨᠡᠮ ᠪᠦᠯᠦᠭᠡ︾ ᠬᠡᠮᠡᠵᠦᠬᠦᠢ᠃       ᠤᠨᠤᠯᠲᠦ ᠲᠦᠪ ︵ᠵᠾᠢ ᠵᠧᠩ︶ ᠤᠨ ᠴᠠᠭᠠᠭᠴᠢᠨ ᠮᠤᠭᠠᠢ ᠵᠢᠯ ︵1341 ᠤᠨ︶ ᠳᠤᠷ᠂ ᠬᠦᠯᠦᠭ ᠵᠠᠬᠢᠷᠤᠭᠴᠢ ᠲᠦᠰᠢᠮᠡᠯ ︵45︶ ᠮᠤᠷᠢᠴᠢ ︵46︶ ᠵᠡᠷᠭᠡ ᠶᠢᠨ ᠨᠤᠶᠠᠳ ᠠᠴᠠ ﹇ᠰᠠᠩᠭᠠᠪᠠᠯᠠ﹈ ᠸᠠᠩ ᠳᠤᠷ ᠰᠦᠭᠦᠳᠤᠨ ᠮᠦᠷᠭᠦᠵᠦ ᠠᠶᠢᠯᠠᠳᠬᠠᠯ ᠲᠡᠪᠰᠢᠭᠦᠯᠦᠨ ᠦᠭᠦᠯᠡᠭᠰᠡᠨ ᠢᠨᠦ᠄ ︽ᠬᠦᠪᠦᠳ ᠪᠢᠳᠡ ᠲᠦᠷᠦ ᠶᠢᠨ ᠡᠨᠡᠷᠡᠯ  ᠳᠤᠷ ᠢᠴᠢᠩᠭᠦᠷᠡᠬᠦ ᠢᠨᠦ᠂ ᠬᠠᠷᠢᠭᠤᠯᠤᠯ ᠢ ᠬᠢᠵᠦ ᠡᠰᠡ ᠴᠢᠳᠠᠵᠤᠬᠤᠢ ᠬᠡᠮᠡᠬᠦ ᠪᠦᠭᠡᠳ ᠨᠡᠩ ᠴᠤ ᠸᠠᠩ ᠤᠨ ᠠᠭᠤᠤ ᠭᠠᠪᠢᠶ᠎ᠠ ᠤᠳᠤᠮᠲᠦ ᠠᠴᠢᠯᠠᠯ ᠢ ᠬᠤᠵᠢᠮ ᠤᠨ ᠬᠦᠮᠦᠰ ᠲᠤᠷ ᠢᠯᠡᠷᠬᠡᠶᠢᠯᠡᠨ ᠡᠰᠡ ᠴᠢᠳᠠᠭᠤᠵᠠᠢ ᠬᠡᠮᠡᠨ ᠡᠮᠢᠶᠡᠬᠦ ᠶᠢᠨ ᠤᠴᠢᠷ᠎ᠠ ᠠᠶᠤᠮᠰᠢᠭ ᠦᠭᠡᠢ ᠭᠤᠶᠤᠬᠤ ᠠᠨᠤ᠂ ᠵᠤᠬᠢᠶᠠᠯ ᠢ ᠲᠤᠭᠤᠷᠪᠢᠭᠤᠯᠵᠦ ᠬᠦᠯᠢᠰ ᠬᠦᠰᠢᠶᠡᠨ᠎ᠡ ᠰᠡᠶᠢᠯᠡᠭᠦᠯᠲᠦᠭᠡᠢ ︾ ᠬᠡᠮᠡᠭᠰᠡᠨ᠎ᠡ ᠸᠠᠩ ᠪᠠᠷ ᠲᠡᠳᠡᠨ ᠤ ᠭᠤᠶᠤᠴᠢᠯᠠᠯ ᠢ ᠵᠦᠪᠰᠢᠶᠡᠷᠡᠵᠦᠬᠦᠢ᠃ ᠮᠦᠨ ᠵᠢᠯ ᠤᠨ ᠵᠤᠨ᠂ ᠡᠮᠦᠨᠡᠲᠦ ᠤᠷᠤᠨ ᠤ ᠴᠢᠯᠠᠭᠤ ᠴᠠᠪᠴᠢᠭᠰᠠᠳ ᠲᠡᠳᠡᠨ ᠤ ᠠᠭᠤᠯᠠᠨ ᠳᠤᠷ ᠢᠷᠡᠵᠦᠬᠦᠢ᠃ ᠴᠢᠪᠬᠢᠲᠡᠯ᠎ᠡ᠂ ᠵᠢᠨᠢᠩ ᠴᠦᠯᠭᠡ ᠶᠢᠨ ᠶᠡᠷᠦᠩᠬᠢ ᠵᠠᠬᠢᠷᠤᠭᠴᠢ ᠯᠢᠦ ᠴᠧᠩ ᠽᠦ ᠨᠠᠷ ᠲᠤᠷᠠᠲᠠᠶᠢᠶ᠎ᠠ ᠦᠪᠡᠷ ᠤᠨ ᠴᠠᠯᠢᠩ ᠹᠦᠩᠯᠦ ᠠᠴᠠ ᠪᠠᠨ ᠨᠢᠲᠦᠷᠴᠤ ᠬᠡᠯᠬᠢᠶ᠎ᠡ ᠵᠤᠭᠤᠰ ᠢᠶᠠᠷ ᠨᠤᠭᠤᠯᠤᠨ ᠪᠤᠳᠤᠭᠠᠳ ᠨᠡᠶᠢᠲᠡ ᠬᠤᠶᠠᠷ ᠮᠢᠩᠭ᠎ᠠ ᠲᠠᠪᠤᠨ ᠵᠠᠭᠤᠨ ᠰᠢᠭᠰᠢᠷᠭᠡ ᠵᠤᠭᠤᠰ ᠬᠤᠷᠠᠮᠳᠤᠭᠤᠯᠵᠦ ᠲᠡᠷᠡᠬᠦ ᠵᠠᠷᠤᠳᠠᠯ ᠳᠤᠷ ᠲᠡᠳᠬᠦᠨ ᠬᠡᠷᠡᠭᠯᠡᠪᠡᠢ᠃ ᠡᠪᠤᠯ᠂ ᠬᠦᠯᠦᠭ ᠵᠠᠬᠢᠷᠤᠭᠴᠢ ᠲᠦᠰᠢᠮᠡᠯ ᠤᠮᠠᠷᠠᠰᠢ ᠡᠭᠡᠬᠦᠢ ᠳᠡᠭᠡᠨ ᠸᠠᠩ ᠳᠤᠷ ᠲᠠᠬᠢᠨᠲᠠ ᠦᠭᠦᠯᠡᠷᠤᠨ᠄ ︽ᠵᠢᠨᠢᠩ ᠴᠦᠯᠭᠡ ᠶᠢᠨ ᠶᠡᠷᠦᠩᠬᠢ ᠵᠠᠬᠢᠷᠤᠭᠴᠢ ᠯᠢᠦ ᠤᠪᠤᠭᠲᠤ ᠪᠠᠷ ᠦᠪᠡᠷ ᠤᠨ ᠲᠤᠷ᠎ᠠ ᠠᠴᠠ ᠪᠠᠨ ᠴᠠᠯᠢᠩ ᠢᠶᠠᠨ ᠨᠢᠲᠦᠷᠴᠦ ᠠᠯᠪᠠ ᠶᠢ ᠠᠨᠤ ᠮᠦᠩᠭᠦ ᠪᠠᠷ ᠲᠤᠰᠠᠯᠠᠪᠠᠢ︾ ᠬᠡᠮᠡᠯᠤᠭᠡ᠃ ᠸᠠᠩ ᠪᠠᠷ ᠪᠠᠶᠠᠰᠴᠤ ᠴᠠᠭᠠᠨ ᠠᠯᠲᠠ ᠲᠠᠪᠢᠨ ᠯᠠᠩ᠂ ᠦᠩᠭᠡᠲᠦ ᠲᠤᠷᠭ᠎ᠠ ᠲᠤᠰᠪᠤᠷᠢ ᠨᠢᠭᠡ ᠡᠩ ᠢ ᠪᠡᠯᠡᠭᠯᠡᠵᠦ᠂ ᠡᠩᠭᠡᠰᠡᠭᠡᠯᠡᠭᠰᠡᠨ ᠬᠠᠶᠢᠷ᠎ᠠ ᠶᠢᠨ ᠬᠠᠷᠢᠭᠤ ᠪᠤᠯᠭᠠᠨ ᠰᠤᠶᠤᠷᠬᠠᠪᠠᠢ᠃       ᠤᠨᠤᠯᠲᠦ ᠲᠡᠷᠢᠭᠦᠨ ︵ᠰᠡᠭᠦᠯᠴᠢ ᠶᠢᠨ ᠵᠾᠢ ᠶᠤᠸᠠᠨ︶ ᠤ ᠭᠤᠷᠪᠠᠳᠤᠭᠠᠷ ᠤᠨ ︵1337 ᠤᠨ︶ ᠳᠤᠷ᠂ ﹇ᠬᠤ᠋﹈ ᠽᠦ ᠭᠤᠸᠠᠩ ᠪᠢ ᠪᠠᠷ ᠨᠤᠶᠠᠨ ᠲᠤᠰᠢᠶᠠᠯ ᠢᠶᠠᠨ ᠶᠡᠭᠦᠯᠡᠵᠦ᠂ ᠵᠧᠵᠢᠠᠩ ᠤᠨ ᠵᠡᠭᠦᠨᠲᠡᠬᠢ ᠬᠠᠤᠯᠢ ᠶᠢᠨ ᠲᠦᠰᠢᠮᠡᠯ ︵47︶ ᠪᠠᠶᠢᠭᠰᠠᠨ ᠠᠴᠠ ᠪᠠᠨ ᠨᠤᠲᠤᠭ ᠲᠠᠭᠠᠨ ᠪᠤᠴᠠᠯᠤᠭ᠎ᠠ᠃ ᠤᠨᠤᠯᠲᠦ ᠲᠦᠪ ︵ᠵᠾᠢ ᠵᠧᠩ︶ ᠤᠨ ᠠᠩᠬᠠᠳᠤᠭᠠᠷ ᠤᠨ ︵1341 ᠤᠨ︶ ᠤ ᠭᠤᠷᠪᠠᠳᠤᠭᠠᠷ ᠰᠠᠷ᠎ᠠ ᠳᠤᠷ᠂ ᠸᠠᠩ ᠪᠠᠷ ᠲᠠᠬᠢᠨᠲᠠ ᠮᠤᠷᠢᠴᠢ ᠬᠡᠮᠡᠭᠴᠢ ᠶᠢ ᠲᠤᠮᠢᠯᠠᠨ ᠵᠠᠷᠯᠢᠭ ᠤᠯᠠᠮᠵᠢᠯᠠᠵᠦ᠂ ᠲᠠᠪᠢᠨ ᠯᠠᠩ ᠴᠠᠭᠠᠨ ᠠᠯᠲᠠ᠂ ᠪᠡᠯᠡᠭ ᠤᠨ ᠲᠤᠷᠭ᠎ᠠ ᠲᠡᠭᠡᠵᠢ ᠶᠢᠨ ᠠᠷᠢᠬᠢ ᠲᠡᠷᠢᠭᠦᠲᠡᠨ ᠢ ᠢᠯᠡᠭᠡᠵᠦ᠂ ᠡᠩᠬᠦᠷᠢ ᠲᠦᠰᠢᠮᠡᠯ ᠨᠠᠳᠠ ᠳᠤᠷ ᠰᠤᠶᠤᠷᠬᠠᠯ ᠪᠤᠯᠭᠠᠨ ᠬᠦᠷᠲᠡᠭᠡᠪᠡᠢ᠃ ᠬᠠᠯᠠᠮᠵᠢᠯᠠᠯᠲᠦ ᠪᠡᠯᠡᠭ ᠲᠤᠷ ᠬᠠᠷᠢᠭᠤᠯᠤᠯ ᠬᠢᠰᠦᠭᠡᠢ ᠬᠡᠮᠡᠬᠦᠶ᠎ᠡ ᠴᠤᠬᠤᠮ ᠬᠡᠷᠬᠢᠪᠡᠰᠦ ᠵᠤᠬᠢᠬᠤ ᠠᠵᠢ︖ ᠲᠡᠷᠡ ᠵᠢᠯ ᠤᠨ ᠨᠠᠮᠤᠷ᠄ ᠬᠦᠯᠦᠭ ᠵᠠᠬᠢᠷᠤᠭᠴᠢ ᠲᠦᠰᠢᠮᠡᠯ ᠪᠠᠷ ᠭᠤᠴᠢᠭ᠎ᠠ ᠠᠯᠪᠠᠲᠦ ᠮᠠᠨ ᠳᠤᠷ ᠦᠨᠡᠨ ᠢᠶᠠᠷ ᠦᠴᠢᠨ ᠦᠭᠦᠯᠡᠷᠦᠨ᠄ ︽ᠸᠠᠩ  ᠤᠨ ᠭᠡᠭᠡᠨ ᠠᠯᠳᠠᠷ ᠢ ᠬᠢᠴᠢᠶᠡᠩᠭᠦᠶᠢᠯᠡᠨ ᠤᠯᠠᠮᠵᠢᠯᠠᠰᠤᠭᠠᠢ ᠬᠡᠮᠡᠬᠦᠯ᠎ᠡ ᠭᠡᠷᠡᠯᠲᠦ ᠬᠦᠰᠢᠶ᠎ᠡ ᠪᠤᠰᠬᠠᠰᠤᠭᠠᠢ ᠬᠡᠮᠡᠨ ᠠᠶᠢᠯᠠᠳᠬᠠᠨ ᠵᠦᠪᠰᠢᠶᠡᠷᠡᠭᠦᠯᠪᠡᠢ᠃ ᠵᠡᠷᠭᠡ ᠵᠢᠩᠰᠡᠲᠡᠨ ︵48︶ ᠪᠤᠰᠤ ᠪᠤᠯᠪᠠᠰᠤ ᠸᠠᠩ ᠬᠢᠭᠡᠳ ᠲᠡᠭᠦᠨ ᠤ ᠡᠪᠦᠭᠡ ᠲᠡᠭᠡᠳᠦᠰ ᠤᠨ ᠭᠠᠪᠢᠶ᠎ᠠ ᠡᠷᠳᠡᠮ ᠢ ᠪᠢᠴᠢᠭᠯᠡᠨ ᠡᠰᠡ ᠴᠢᠳᠠᠮᠤᠢ︾ ᠬᠡᠮᠡᠵᠦᠬᠦᠢ᠃ ᠲᠤᠰᠢᠶᠠᠯ ᠢᠶᠠᠨ ᠶᠡᠭᠦᠯᠡᠨ ᠲᠠᠷᠢᠶᠠᠯᠠᠩ ᠬᠡᠭᠡᠷ᠎ᠡ ᠳᠤᠷ ᠢᠶᠠᠨ ᠦᠲᠡᠯᠦᠬᠦ ᠶᠢᠨ ᠲᠡᠭᠡᠷ᠎ᠡ ᠰᠡᠳᠬᠢᠯ ᠤᠨ ᠲᠠᠮᠢᠷ ᠲᠤᠤᠷᠠᠳᠤᠨ ᠬᠤᠷᠤᠭᠳᠠᠭᠠᠳ ᠪᠢᠷ ᠪᠡᠬᠡᠰ ᠯᠦᠭᠡ ᠨᠤᠴᠤᠯᠳᠤᠭᠰᠠᠨ ᠦᠭᠡᠢ ᠡᠳᠦᠷ ᠤᠳᠠᠭᠰᠠᠨ ᠤ ᠬᠠᠷᠠᠭ᠎ᠠ ᠸᠠᠩ ᠤᠨ ᠭᠠᠪᠢᠶ᠎ᠠ ᠡᠷᠳᠡᠮ ᠢ ᠠᠯᠳᠠᠷᠰᠢᠭᠤᠯᠤᠨ ᠢᠯᠡᠷᠬᠡᠶᠢᠯᠡᠵᠦ ᠡᠰᠡ ᠴᠢᠳᠠᠭᠤᠵᠠᠢ ᠬᠡᠮᠡᠨᠡᠮ ᠪᠦᠯᠦᠭᠡ᠃ ᠮᠡᠬᠦᠶᠢᠨ ᠰᠠᠨᠠᠬᠤᠯ᠎ᠠ᠂ ᠸᠠᠩ ᠪᠠᠷ ᠤᠯᠤᠰ  ᠤᠨ ᠤᠷᠤᠭ ᠨᠠᠭᠠᠴᠤ ᠪᠦᠭᠡᠳ ᠦᠶ᠎ᠡ ᠤᠯᠠᠷᠢᠨ ᠬᠢᠴᠢᠶᠡᠩᠭᠦᠢ ᠰᠢᠳᠤᠷᠭᠤ ᠪᠠᠲᠤ ᠶᠠᠪᠤᠭᠰᠠᠨ ᠠᠴᠠ ᠪᠢᠰᠢᠷᠡᠭᠳᠡᠨ ᠬᠦᠨᠳᠦᠯᠡᠭᠳᠡᠵᠦ᠂ ᠢᠪᠡᠭᠡᠭᠳᠡᠨ ᠲᠠᠷᠬᠠᠯᠠᠭᠳᠠᠭᠠᠳ ᠤᠵᠤᠭᠤᠷ ᠤᠨ ᠬᠡᠷᠬᠢᠮ ᠢᠶᠠᠨ ᠵᠠᠯᠭᠠᠮᠵᠢᠯᠠᠬᠤ ᠶᠢᠨ ᠲᠤᠯᠠᠳᠠ ᠬᠡᠳᠦᠶᠢᠪᠡᠷ ᠲᠡᠭᠦᠨ ᠳᠤᠷ ᠬᠦᠷᠦᠭ ᠵᠢᠷᠤᠭᠯᠠᠨ ᠦᠭᠴᠦ ᠡᠰᠡ ᠴᠢᠳᠠᠬᠤ ᠪᠠᠨ ᠮᠡᠳᠡᠳᠡᠭ ᠪᠤᠯᠪᠠᠴᠤ ᠬᠠᠷᠢᠨ ᠴᠤ ᠲᠡᠭᠦᠨ ᠤ ᠡᠷᠳᠡᠮ ᠳᠤᠷ ᠲᠠᠯᠠᠷᠬᠠᠬᠤ ᠦᠨᠡᠨᠴᠢ ᠰᠡᠳᠬᠢᠯᠭᠡ ᠢᠨᠦ ᠬᠦᠷᠦᠭᠯᠡᠬᠦᠢ ᠳᠤᠷ ᠡᠰᠡ ᠪᠠᠶᠢᠬᠤ ᠲᠤᠯᠠ ᠸᠠᠩ  ᠤᠨ ᠠᠭᠤᠤ ᠭᠠᠪᠢᠶ᠎ᠠ ᠤᠳᠤᠮᠲᠦ ᠠᠴᠢᠯᠠᠯ ᠢ ᠪᠢᠴᠢᠭᠯᠡᠬᠦ ᠦᠭᠡᠢ ᠪᠠᠶᠢᠵᠦ ᠬᠡᠷᠬᠢᠨ ᠪᠤᠯᠬᠤ ᠠᠵᠢ︕ ᠲᠡᠶᠢᠮᠦ ᠶᠢᠨ ᠲᠤᠯᠠ ᠲᠠᠬᠢᠨᠲᠠ ᠪᠠᠷᠠᠭᠠᠳᠠᠨ ᠮᠦᠷᠭᠦᠵᠦ ᠡᠰᠡ ᠴᠢᠳᠠᠬᠤ ᠪᠤᠯᠤᠭᠰᠠᠨ ᠤ ᠬᠠᠷᠠᠭ᠎ᠠ ᠸᠠᠩ ᠤᠨ ᠤᠭᠰᠠᠭ᠎ᠠ ᠰᠤᠷᠪᠤᠯᠵᠢ  ᠶᠢᠨ ᠦᠴᠢᠯ ᠢ ᠡᠶᠢᠨᠬᠦ ᠪᠢᠴᠢᠭᠯᠡᠪᠡᠢ᠃           ᠦᠴᠢᠯ ᠳᠤᠷ ᠦᠭᠦᠯᠡᠷᠦᠨ᠄           ᠡᠳᠦᠭᠡ ᠶᠢᠨ ᠬᠠᠭᠠᠨ ᠤ ᠢᠯᠡᠳᠲᠡ ᠢᠪᠡᠭᠡᠯ ᠢᠶᠠᠷ᠂           ᠠᠳᠡᠬᠢ ᠶᠢᠨ ᠬᠠᠷᠢᠶᠠᠲᠦ ᠮᠢᠨᠢ ᠦᠷᠨᠢᠨ ᠲᠡᠭᠵᠢᠷᠡᠵᠦᠬᠦᠢ︔           ᠬᠠᠷᠢᠶ᠎ᠠ ᠤᠷᠳᠤᠨ ᠬᠤᠪᠢ ᠨᠤᠲᠤᠭ ᠲᠤᠷ᠂           ᠬᠠᠭᠠᠨ ᠤ ᠵᠠᠷᠯᠢᠭ ᠴᠤᠭ ᠪᠠᠳᠠᠷᠠᠩᠭᠤᠢ᠃             ᠲᠦᠷᠪᠡᠨ ᠵᠤᠪᠬᠢᠰ ᠤᠨ ᠲᠦᠷᠦᠯ ᠸᠠᠩ ᠨᠠᠷ᠂           ᠯᠤ᠋ ᠭᠠᠵᠠᠷ ᠢ ᠭᠡᠷᠡᠯᠲᠦᠭᠦᠯᠦᠨ ᠭᠡᠶᠢᠭᠦᠯᠪᠡᠢ︔           ᠡᠷᠲᠡᠨ ᠤ ᠵᠸᠦ ᠤᠯᠤᠰ ᠢ ᠮᠠᠨᠳᠤᠭᠤᠯᠤᠭᠰᠠᠨ᠂           ᠡᠷᠡᠮᠡᠬᠡᠢ ᠭᠠᠪᠢᠶᠠᠲᠠᠨ ᠬᠡᠮᠡᠪᠡᠰᠦ ᠴᠢ ᠶᠢᠨ ᠡᠵᠡᠨ ᠪᠤᠶᠤ᠃           ᠡᠷᠲᠡᠨ ᠤ ᠬᠢ ᠶᠢ ᠲᠤᠭᠤᠯᠤᠭᠠᠳ ᠡᠳᠦᠭᠡ ᠠᠴᠠ ᠬᠡᠲᠦᠶᠢᠳᠦᠭᠰᠡᠨ ᠢᠨᠦ᠂           ᠬᠤᠩᠬᠢᠷᠠᠳ ᠠᠶᠢᠮᠠᠭ ᠤᠨ ᠪᠤᠰᠬᠤᠷ ᠤᠪᠤᠭᠲᠠᠳ ᠪᠦᠯᠦᠭᠡ︔           ᠳ᠋ᠢᠢ ᠰᠡᠴᠡᠨ ᠪᠠᠷ ᠤᠯᠪᠠᠭ᠎ᠠ ᠶᠢ ᠡᠭᠦᠰᠭᠡᠵᠦ᠂           ᠲᠤᠯᠭᠤᠷ ᠤᠷᠢᠳᠤᠰ ︵ᠴᠢᠩᠭᠢᠰ ᠬᠠᠭᠠᠨ︶ ᠲᠤᠷ ᠦᠨᠡᠨ ᠢᠶᠠᠷ ᠦᠢᠯᠡᠴᠢᠯᠡᠪᠡᠢ᠃             ᠯᠤᠤ ᠲᠡᠭᠦᠯᠢᠨ ᠪᠠᠷᠰ ᠤᠴᠤᠶᠢᠬᠤᠶ᠎ᠠ᠂           ᠬᠢᠵᠠᠭᠠᠷ ᠲᠤᠭᠲᠠᠭᠠᠭᠳᠠᠭᠠᠳ ᠲᠦᠷᠦ ᠴᠤᠭᠴᠠᠯᠠᠭᠳᠠᠪᠠᠢ︔           ᠡᠵᠡᠨ ᠲᠦᠰᠢᠮᠡᠯ ᠢ ᠲᠦᠪ ᠪᠤᠯᠭᠠᠬᠤᠶ᠎ᠠ᠂           ᠡᠷᠳᠡᠨᠢ ᠶᠢᠨ ᠰᠡᠯᠡᠮ᠎ᠡ ᠨᠠᠷᠠᠨ᠎ᠠ ᠭᠢᠯᠪᠠᠮᠤᠢ᠃           ᠦᠷ᠎ᠡ ᠬᠦᠪᠡᠭᠦᠳ ᠢᠨᠦ ᠦᠶ᠎ᠡ ᠤᠯᠠᠷᠢᠨ᠂           ᠡᠵᠡᠨ ᠤ ᠪᠠᠬᠢ ︵ᠭᠦᠩᠵᠦ︶ ᠯᠦᠭᠡ ᠦᠰᠦ ᠬᠤᠯᠪᠤᠮᠤᠢ︔           ᠤᠷᠤᠭ ᠤᠨ ᠰᠦᠢ ᠪᠠᠨ ᠡᠭᠦᠷᠢᠳᠡ ᠪᠠᠲᠤᠯᠠᠬᠤ ᠬᠡᠮᠡᠨ᠂           ᠪᠠᠲᠦ ᠢᠪᠡᠭᠡᠯ ᠢᠶᠠᠨ ᠦᠴᠢᠨ ᠰᠢᠲᠤᠮᠤᠢ᠃           ᠲᠦᠮᠡᠨ ᠢᠷᠭᠡᠳ ᠲᠦᠷᠦ ᠭᠦᠷᠦᠨ ᠢᠶᠠᠨ᠂           ᠲᠦᠰᠢᠮᠡᠯ ᠲᠦᠰᠢᠨ ᠤᠷᠤᠯᠠᠭᠤᠯᠤᠨ ᠵᠠᠰᠠᠭᠯᠠᠪᠠᠢ︔           ᠲᠦᠭ ᠲᠦᠮᠡᠨ ᠤᠨ ᠳᠤᠷ ᠦᠷᠭᠦᠯᠵᠢᠯᠡᠭᠦᠯᠬᠦ ᠬᠡᠮᠡᠬᠦᠶ᠎ᠡ᠂           ᠲᠦᠭᠦᠷᠢᠭᠡᠢ ᠲᠦᠷᠦ ᠡᠳᠤᠷ ᠪᠦᠷ ᠦᠭᠡᠳᠡᠯᠡᠮᠤᠢ᠃           ᠸᠠᠩ ᠶᠢ ᠵᠠᠯᠭᠠᠮᠵᠢᠯᠠᠭᠤᠯᠤᠨ ᠪᠠᠬᠢ ︵ᠭᠦᠩᠵᠦ︶ ᠶᠢ ᠡᠷᠭᠦᠮᠵᠢᠯᠡᠬᠦᠶ᠎ᠡ᠂           ᠲᠦᠷᠦ ᠶᠢᠨ ᠵᠠᠷᠯᠢᠭ ᠲᠦᠭᠡᠮᠡᠯ ᠠᠯᠳᠠᠷᠰᠢᠮᠤᠢ︔           ᠪᠤᠭᠤᠷᠤᠯ ᠠᠭᠤᠯᠠᠰ ᠤᠭᠠᠯᠵᠢᠯᠠᠭᠰᠠᠨ ᠮᠦᠷᠡᠨ ︵49︶᠂           ᠲᠡᠭᠷᠢᠯᠢᠭ ᠲᠦᠷᠦ ᠶᠢᠨ ᠰᠦᠷ ᠢ ᠲᠠᠭᠤᠷᠢᠰᠬᠠᠮᠤᠢ᠃           ᠮᠢᠨᠦ ᠸᠠᠩ ᠤᠨ ᠪᠠᠭ᠋ᠠᠲᠤᠯᠲᠦ ᠵᠠᠶᠠᠭ᠎ᠠ ᠠᠨᠤ᠂           ᠰᠤᠷᠪᠤᠯᠵᠢ ᠤᠷᠢᠳᠤᠰ ︵ᠬᠤᠪᠢᠯᠠᠢ ᠰᠡᠴᠡᠨ ᠬᠠᠭᠠᠨ︶ ᠤᠨ ᠵᠢᠭᠡ ᠪᠤᠯᠬᠤᠢ ᠳᠤᠷ ᠠᠮᠤᠢ︔           ᠡᠪᠦᠳᠦᠭ ᠰᠦᠬᠦᠷᠡᠨ ᠡᠨᠡᠷᠡᠯ ᠳᠤᠷ ᠬᠢᠴᠢᠶᠡᠩᠭᠦᠶᠢᠯᠡᠬᠦᠶ᠎ᠡ᠂           ᠰᠢᠳᠤᠷᠭᠤ ᠲᠠᠬᠢᠮᠳᠠᠭᠤ ᠬᠡᠮᠡᠭᠴᠢ ᠠᠷᠢᠭᠤᠨ ᠢᠶᠠᠷ ᠭᠡᠶᠢᠭᠡᠮᠤᠢ᠃           ᠠᠯᠲᠠᠨ ᠲᠦᠷᠦ ᠶᠢᠨ ᠰᠤᠤᠳᠤ ᠬᠠᠭᠠᠨ᠂           ᠪᠦᠲᠦᠭᠡᠭᠴᠢ ᠲᠡᠭᠡᠳᠤᠰ ︵ᠴᠧᠩᠽᠦ᠋ᠩ᠂ ᠲᠡᠮᠦᠷ ᠬᠠᠭᠠᠨ︶ ᠤᠨ ᠡᠩᠬᠦᠷᠢ ᠪᠠᠬᠢ ︵ᠭᠦᠩᠵᠦ︶︔           ᠮᠡᠷᠭᠡᠨ ᠸᠠᠩ ᠰᠠᠩᠭᠠᠪᠠᠯᠠ ᠯᠤᠭ᠎ᠠ ᠭᠡᠷᠯᠡᠭᠡᠳ᠂           ᠯᠤ᠋ ᠭᠠᠵᠠᠷ ᠲᠤᠷ ᠬᠠᠷᠢᠯᠠᠨ ᠵᠠᠶᠠᠭᠠᠪᠠᠢ᠃           ᠰᠠᠨᠠᠯ ᠬᠠᠶᠢᠷ᠎ᠠ ᠡᠭᠡᠨᠡᠭᠲᠡ ᠵᠤᠵᠠᠭᠠᠳᠬᠤᠶ᠎ᠠ᠂           ᠬᠠᠮᠲᠦ ᠳᠤᠨᠢ ᠡᠷᠭᠦᠮᠵᠢᠯᠡᠭᠰᠡᠨ ᠵᠠᠷᠯᠢᠭ ᠢ ᠪᠠᠭᠤᠯᠭᠠᠪᠠᠢ︔           ᠬᠦᠷᠲᠡᠭᠡᠯ ᠰᠤᠶᠤᠷᠬᠠᠯ ᠦᠶ᠎ᠡ ᠤᠯᠠᠷᠢᠬᠤᠶ᠎ᠠ᠂           ᠬᠦᠨᠳᠤᠯᠡᠯ ᠰᠢᠲᠤᠯᠭᠡ ᠤᠨᠳᠤᠷᠤᠨ ᠬᠠᠯᠬᠢᠯᠠᠮᠤᠢ᠃           ᠠᠭᠤᠯᠠ ᠮᠦᠷᠡᠨ ᠭᠠᠵᠠᠷ ᠲᠠᠷᠢᠶ᠎ᠠ᠂           ᠶᠠᠭᠠᠬᠢᠨ ᠯᠤ᠋ ᠭᠠᠵᠠᠷ ᠢᠶᠠᠷ ᠵᠤᠭᠰᠤᠬᠤ ᠠᠵᠢ︔           ᠡᠮᠦᠨᠡᠲᠦ ᠶᠢᠨ ᠭᠠᠵᠠᠷ ᠤᠮᠠᠷᠠᠲᠦ ᠶᠢᠨ ᠤᠷᠤᠨ ᠠᠴᠠ᠂           ᠠᠯᠪᠠ ᠭᠠᠶᠢᠯᠢ ᠤᠨᠳᠤᠷᠤᠨ ᠴᠤᠪᠤᠷᠠᠮᠤᠢ᠃           ᠤᠷᠳᠤᠨ ᠵᠠᠬᠢᠷᠭ᠎ᠠ ᠪᠠ ᠲᠠᠭᠠᠯᠲᠠ ᠬᠤᠲᠠ᠂           ᠡᠪᠤᠯ ᠵᠤᠨ ᠤ ᠨᠡᠭᠦᠳᠡᠯ ᠪᠠᠭᠤᠴᠠ︔           ᠤᠨᠤᠭ᠎ᠠ ᠭᠦᠰᠭᠡ ᠠᠰᠠᠷᠠᠨ ᠲᠠᠭᠠᠭᠰᠠᠳ᠂           ᠬᠠᠰ ᠰᠡᠤᠬᠡ ᠵᠠᠭᠠᠨᠲᠦ ᠲᠡᠷᠭᠡ᠃           ᠤᠭᠰᠠᠭ᠎ᠠ ᠶᠡᠬᠡᠳᠤᠨ ᠬᠡᠷᠬᠢᠮ ᠨᠡᠮᠡᠭᠳᠡᠬᠦᠶ᠎ᠡ᠂           ᠬᠡᠰᠢᠭ ᠬᠦᠷᠲᠡᠭᠡᠯ ᠢ ᠲᠡᠭᠷᠢ ᠠᠴᠠ ᠰᠤᠶᠤᠷᠬᠠᠮᠤᠢ᠃           ᠲᠤᠯᠭᠤᠷ ᠲᠦᠷᠦ ᠪᠠᠨ ᠪᠠᠲᠤᠳᠠ ᠪᠠᠬᠢᠵᠢᠭᠦᠯᠬᠦᠶ᠎ᠡ ︵50︶᠂           ᠬᠠᠯᠬᠠᠪᠴᠢᠯᠠᠨ ᠰᠦᠮᠪᠦᠷᠯᠡᠵᠦ ᠬᠡᠰᠭᠡᠯ ᠢ ᠠᠯᠳᠠᠷᠰᠢᠭᠤᠯᠤᠨᠠᠮ᠃           ᠬᠠᠲᠠᠨ ᠪᠠᠲᠤ ᠭᠡᠷ ᠤᠭᠰᠠᠭ᠎ᠠ ᠠᠨᠤ᠂           ᠲᠡᠮᠦᠷ ᠬᠡᠷᠡᠮ ᠪᠤᠯᠤᠳ ᠬᠠᠨ᠎ᠠ ᠮᠡᠲᠦ︔           ᠬᠢᠴᠢᠶᠡᠩᠭᠦᠶᠢᠯᠡᠯ ᠬᠦᠨᠳᠦᠯᠡᠯ ᠢᠶᠠᠷ ᠵᠠᠷᠯᠢᠭ ᠢ ᠲᠠᠭᠠᠵᠦ᠂           ᠬᠡᠪ ᠲᠦᠷᠢᠮ ᠢ ᠵᠢᠷᠤᠮᠯᠡᠨ ᠰᠠᠬᠢᠮᠤᠢ᠃           ᠲᠡᠭᠷᠢ ᠶᠢᠨ ᠰᠤᠶᠤᠷᠬᠠᠯᠲᠦ ᠮᠤᠩᠭᠤᠯ ᠭᠦᠷᠦᠨ ᠤ ᠮᠢᠨᠢ᠂           ᠬᠠᠭᠠᠨ ᠤ ᠬᠤᠲᠤᠭ ᠮᠦᠩᠬᠡᠵᠢᠨ ᠤᠷᠤᠰᠢᠲᠤᠭᠠᠢ︔           ᠪᠤᠳᠢ ᠶᠢᠨ ᠤᠷᠤᠨ ᠤ ᠲᠦᠭᠡᠮᠡᠯ ᠬᠡᠰᠢᠭ᠂           ᠮᠢᠩᠭᠠᠨ ᠭᠠᠯᠪᠠ ᠳᠤᠷ ᠦᠷᠨᠢᠨ ᠲᠡᠯᠭᠡᠷᠡᠲᠦᠭᠡᠢ᠃           ᠬᠢᠴᠢᠶᠡᠩᠭᠦᠶᠢᠯᠡᠨ ᠪᠢᠴᠢᠭᠰᠡᠨ ᠦᠴᠢᠯ ᠤᠨ ᠰᠢᠯᠦᠭ ᠮᠢᠨᠢ᠂           ᠬᠡᠵᠢᠶ᠎ᠡ ᠡᠭᠦᠷᠢᠳᠡ ᠲᠠᠭᠠᠯᠠᠭᠳᠠᠨ ᠪᠢᠰᠢᠷᠡᠭᠳᠡᠲᠦᠭᠡᠢ︔           ᠬᠤᠵᠢᠮ ᠤᠨ ᠡᠳᠦᠷ ᠡᠰᠡ ᠪᠠᠯᠠᠷᠠᠭᠤᠯᠬᠤ ᠬᠡᠮᠡᠨ᠂           ᠬᠦᠷᠡᠯ ᠴᠢᠯᠠᠭᠤᠨ᠎ᠠ ᠰᠡᠶᠢᠯᠤᠨ ᠲᠡᠮᠳᠡᠭᠯᠡᠪᠡᠢ᠃       ᠰᠠᠶᠢᠪᠡᠷ ᠵᠦᠪᠯᠡᠭᠴᠢ ᠲᠦᠰᠢᠶ᠎ᠡ ᠲᠦᠰᠢᠮᠡᠯ ︵51︶ ᠵᠢᠨᠢᠩ ᠴᠦᠯᠭᠡ ᠶᠢᠨ ᠶᠡᠷᠦᠩᠬᠢ ᠵᠠᠬᠢᠷᠤᠭᠴᠢ ᠪᠦᠭᠡᠳ ᠲᠤᠰ ᠴᠦᠯᠭᠡ ᠶᠢᠨ ᠴᠡᠷᠢᠭ ᠮᠤᠷᠢᠨ ᠤ ᠠᠭᠤᠷᠤᠭ ︵52︶ ᠤᠨ ᠶᠡᠷᠦᠩᠬᠢ ᠵᠠᠬᠢᠷᠭ᠎ᠠ ᠶᠢᠨ ᠲᠤᠲᠤᠭᠠᠳᠤ ᠵᠠᠬᠢᠷᠤᠭᠴᠢ᠂ ᠲᠠᠷᠢᠶᠠᠯᠠᠩ ᠢ ᠢᠳᠬᠠᠵᠦ ᠦᠶᠡᠷ ᠤᠨ ᠰᠡᠷᠭᠡᠶᠢᠯᠡᠯᠲᠡ ᠶᠢ ᠮᠡᠳᠡᠭᠴᠢ ᠯᠢᠦ ᠴᠧᠩ ᠽᠦ ︵53︶ ᠬᠡᠮᠡᠭᠴᠢ ᠪᠠᠷ ᠦᠰᠦᠭ ᠢ ᠰᠡᠶᠢᠯᠬᠦ ᠶᠢᠨ ᠬᠠᠮᠲᠦ ᠲᠤᠯᠭᠤᠷ ᠤᠨ ᠦᠰᠦᠭ ᠢ ᠪᠢᠴᠢᠪᠡᠢ᠃        ᠤᠨᠤᠯᠲᠦ ᠲᠦᠪ ︵ᠵᠾᠢ ᠵᠧᠩ︶ ᠤᠨ ᠭᠤᠷᠪᠠᠳᠤᠭᠠᠷ ᠤᠨ ︵1343 ᠤᠨ︶ ᠤ ᠨᠠᠮᠤᠷ ᠤᠨ ᠲᠤᠯᠤᠳᠤᠭᠠᠷ ᠰᠠᠷ᠎ᠠ ᠶᠢᠨ ᠦᠯᠵᠡᠶᠢᠲᠦ ᠡᠳᠦᠷ ᠪᠠᠭᠠᠲᠤᠷ ᠪᠤᠳᠤᠯᠭᠠᠲᠦ ᠵᠠᠩᠵᠦᠨ ᠯᠤ᠋ ᠸᠠᠩ ᠤᠨ ᠬᠦᠯᠦᠭ ᠵᠠᠬᠢᠷᠤᠭᠴᠢ ᠲᠦᠰᠢᠮᠡᠯ ︵54︶              ᠲᠠᠭᠠᠯᠲᠤᠭᠤᠯᠤᠯ            ᠲᠤᠰ ᠭᠡᠷᠡᠯᠲᠦ ᠬᠦᠰᠢᠶᠡᠨ ᠤ ᠬᠢᠲᠠᠳ ᠪᠢᠴᠢᠭ ᠤᠨ ᠤᠭ ᠡᠬᠡ                   相哥八剌魯王元勳世德碑           大元加封宏吉烈氏相哥八剌魯王元勳世德碑  ︵1︶          通奉大夫 ︵2︶淛 ︵3︶東海右道肅政廉訪使胡祖廣 ︵4︶撰          曾大父 ︵5︶特薛禪 ︵6︶生長朔方,氣雄萬夫,善騎射,材力過人,草昧初,為本部長,東禦勍敵王漢 ︵7 ︶,早識太祖皇帝 ︵8︶,委心事服惟謹。        大父 ︵9︶按陳那演 ︵10︶,性慷慨,果決敢為,綽有父風,以智勇擒戮大敵,太祖嘉重,以妹妻之 ︵11︶。會承命南伐,逐金主汝南 ︵12︶,拓境萬餘裡,論功行賞居上列,擔以宏吉烈氏男尚帝女,女為后妃。配尊胤瑞 ︵13︶,永為懿戚。        父帖木兒 ︵14︶,拜駙馬都尉 ︵15︶。從王師收未附國,及南宋,親冒矢石,潰圍陷陣,所至捷報□□。北過故濟州 ︵16︶,乃分地也。帳于城南,視其雉堞完固,土沃俗淳,謂左右曰:"此州可為治郡之總。"至元六年,請命於朝,創立濟寧府。十八年,陞府為路。駙馬都尉,乃以驅虜及從行蒙古軍三千餘戶分為十七奕 ︵17︶,散居濟、兗、單三州,俾安居,遂生設官,各主其事。元貞二年,遣使於朝,請立濟寧 ︵18︶,大都 ︵19︶,池州 ︵20︶,安西 ︵21︶投下 ︵22︶總管府蒙古不加恩,遂分賜汀州,永平,濟寜等路以為屬郡。至元二十四年,宗王乃顏 ︵23︶叛於東鄙 ︵24︶。世宗皇帝親禦六軍,躬行天討。甫至虜境,為伏兵掩襲。帖木兒帥麾下精兵犯圍突戰,殺傷甚眾,虜亦遁去。上壯其膽略,特賜名"按達兒圖"。        母囊加真 ︵25︶,世祖皇帝主,鍾愛無比,後封皇姑魯國大長公主。先是,遣使奉築應昌 ︵26︶,全寧城 ︵27︶,立上路 ︵28︶總管府。制可其奏,置官署,開巷陌,立社稷 ︵29︶。府庫、宮殿、大其制度,人民日眾,車馬第舍,填郛溢廊。兩路南北相去七百餘裡,冬夏以避寒暑,在京師者尤為傑觀。        至元二十二年,上巡狩至應昌。晏王于主,賜金蓋,黃繳,眷顧特異,所以親親尊賢 ︵30︶,其體一也。        在成宗皇帝 ︵31︶時,主嘗乘小玉輦叩殿,陛下遙見,趨迎欲為挽引,其見敬禮如此。主生三子。        長敦不剌,尚順宗皇帝主相哥剌吉,初封皇妹大長公主,再封皇姊大長公主,益封皇姑徽文懿福貞壽大長公主。至大二年,敦不剌封魯王,綰金印。武宗皇帝嘗謂百官曰:"昔我太祖皇帝,龍飛朔漠,肇造中夏,宏吉烈氏有開國勳。"特賜主玉輦象輿。舊典,唯設斷事官,創立王傅官府及怯憐口都總管府,錢糧都總管府,銀印皆賜金虎符。斯古慎簡,乃僚之任也。武宗皇帝備法駕,幸於主府,敘家人禮,極歡而罷。明日遣丞相亦兒吉你 ︵32︶諭旨:以永平路益封,其差徭稅課悉為魯有,仍賜平江路 ︵33︶稻田五千餘萬畝。         子阿裡嘉世禮自幼襲封魯王,尚順宗皇帝主朵兒只班 ︵34︶,封肅雍賢寜公主。王薨,世次襲位,即今王相哥八剌也。先封鄆安王,尚成宗皇帝主普納 ︵35︶,封鄆安王主,再封鄆安大長公主。元統二年三月,今上皇帝加封魯王。制 ︵36︶略曰:眷維世祖之甥,克紹前王之統,宜頒異數以創寵光,褒封主,皇尊姑大長公主。制略曰:朕寅紹丕基,念恩均於九族,追維烈祖尚尊及於連枝 ︵37︶曰,若宗姬宜隆顯號,懿歟富哉!故凡有國而來名王,雄藩忠勳緯績,未有若是之盛者,在今親親尊賢,斯又曆古之所未聞也。蓋至祖宗積德,百餘年國封在魯。昔周公 ︵38︶以王室懿親相成王 ︵39︶,制禮作樂,立大功于周 ︵40︶,封於魯 ︵41︶。其旌賢命德,合符於今。洪維世聖德神功文武皇帝 ︵42︶,海寓既一,公天下為心,分疆析壤,封侯建王 ︵43︶,有人民社稷 ︵44︶,然豈徒封靡富貴乎?彼蓋聖天子嗣祖宗以守天下,諸侯王奉天子以守其國,四封之內,恪守王度,修其職功,時期聘問,宜乎與國咸休,永世無窮也。          至正辛巳,司馬 ︵45︶木裡赤 ︵46︶等跪進于王:"僕等叨忝朝命,無以報效,重念王之元勳世德,恐無以彰於後,敢請著之金石。"王允其請。是年夏,南來伐石他山。適濟寜路總管劉承祖等,願割己俸,錢以緡計者二千五百貫,用佐其費。冬,司馬北上,有複于王曰:"濟寜劉總管願割俸金助役。"王喜,以白金五十兩彩綺各一端,來寵答之。          ﹇後﹈至元三年,祖光致仕,淛東憲使 ︵47︶歸鄉。至正元年三月,王複遣木裡赤傳命,齎白金以兩計者五十,幣帛尊酒,來寵錫之。欲報惠禮,其當若何?是年秋,司馬且告曰僕等:"恭承王之美命,允請立石,非縉紳 ︵48︶先生不能以述王祖宗功德。"自退老田裡,心力衰耗,不事于文日久,不足以顯揚王休。伏思之:王以國之懿舅,世篤忠貞,欽若成烈,以纘舊服,雖知其不能繪畫,然感德之誠不於此見,將何以盡之︖遂不復讓,故述乃系以辭。          辭曰:          於昭聖代,          厚我藩國;          分茅列土,          天命有赫。          四封諸王,          有光於魯;          昔周之興,          有功是主。          邁古超今,          宏吉烈氏;          薛禪肇跡,          太祖事是。          龍飛虎據,          迺疆迺理;          分正君臣,          龍光日致。          奕世子孫,          尚帝之主;          但以姻好,          褒崇篤祐。          設官代治,          人民社稷;          綿延千載,          日隆一日。          累封疊誥,          德音孔昭;          山河帶礪 ︵49︶,          烜赫天朝。          慶及我王,          世祖之甥;          卑躬慎德,          忠孝粹明。          金閨令主,          成宗之女;          克配賢王,          來嬪於魯。          眷顧愈隆,          降詔偕封;          賞延於世,          綿綿繼崇。          山川土田,          何啻魯疆;          火維冰天,          貢稅是將。          作室維城,          寒暑之居;          騎從擁扈,          玉輦象輿。          族大而貴,          有錫自天;          維屏維翰 ︵50︶,          于蕃于宣。          為磐石宗,          以固以強;          慎乃服命,          率由典常。          天眷我元,          帝億萬年;          荷天洪福,          王年斯千。          走為是詩,          匪時溢美;          後天不朽,          金石信紀。         嘉議大夫 ︵51︶濟寜路總管兼本路諸軍奧魯 ︵52︶總管管內勸農事知河防事劉承祖 ︵53︶書並篆額                 至正三年秋七月上吉日武略將軍魯王司馬 ︵54︶  
 
ᠢᠷᠡᠯᠲᠡ᠄ ᠬᠡᠰᠢᠭᠳᠡᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号