| | —— ᠷᠠᠰᠢᠸᠠᠩᠵᠢᠯ | | | ᠲᠡᠣᠬᠡ ᠶᠢᠨ ᠬᠦᠭᠵᠢᠯᠳᠡ ᠶᠢᠨ ᠨᠣᠭᠤᠴᠠᠭᠠᠨ ᠲᠠᠢ ᠶᠠᠪᠣᠴᠠ ᠳᠤ ᠣᠢᠢᠭᠤᠷᠵᠢᠨ ᠮᠣᠩᠭᠤᠯ ᠦᠰᠦᠭ ᠤᠨ | ᠲᠣᠰ ᠪᠡᠶ᠎ᠡ ᠶᠢᠨ ᠲᠣᠲᠠᠭᠳᠠᠯ ᠲᠠᠢ ᠳᠠᠯ᠎ᠠ ᠪᠣᠶᠣ ᠪᠣᠰᠣᠳ ᠰᠢᠯᠲᠠᠭᠠᠨ ᠠᠴᠠ ᠪᠣᠯᠵᠦ ᠮᠣᠩᠭᠤᠯᠴᠣᠳ ᠡᠷᠲᠡ | ᠦᠶ᠎ᠡ ᠠᠴᠠ ᠨᠠᠰᠢ ᠬᠡᠳᠦ ᠬᠡᠳᠦᠨ ᠵᠦᠢᠯ ᠤᠨ ᠮᠣᠩᠭᠤᠯ ᠦᠰᠦᠭ ᠪᠢᠴᠢᠭ ᠢ ᠵᠣᠬᠢᠶᠠᠨ ᠬᠡᠷᠡᠭᠯᠡᠵᠦ ᠦᠡᠭᠭᠡᠷᠡᠭᠰᠡᠨ | ᠪᠢᠯᠠ᠃ ᠲᠣᠬᠠᠢᠢᠯᠠᠪᠠᠯ ᠂ ᠲᠦᠷᠪᠡᠯᠵᠢᠨ ᠦᠰᠦᠭ᠄ ᠲᠦᠷᠪᠡᠯᠵᠢᠨ ᠦᠰᠦᠭ ᠪᠣᠯ ᠪᠠᠰᠠ ᠨᠢᠭᠡᠨ ᠵᠦᠢᠯ ᠤᠨ | ᠠᠪᠢᠶᠠᠨ ᠤ ᠦᠰᠦᠭ ᠪᠣᠯᠬᠤ ᠪᠦᠭᠡᠳ ᠦᠪᠡᠷᠮᠢᠴᠡ ᠣᠨᠴᠠᠯᠢᠭ ᠪᠦᠬᠦᠢ ᠦᠰᠦᠭ ᠪᠢᠴᠢᠭ ᠤᠨ ᠰᠢᠰᠲ᠋ᠧᠮ ᠮᠦᠨ᠃ | ᠲᠦᠷᠪᠡᠯᠵᠢᠨ ᠦᠰᠦᠭ ᠤᠨ ᠴᠠᠭᠠᠨ ᠲᠣᠯᠣᠭᠠᠢ ᠨᠢ 8 ᠡᠭᠡᠰᠢᠭ᠂ 34 ᠭᠡᠶᠢᠭᠦᠯᠦᠭᠴᠢ ᠲᠠᠢ ᠭᠡᠳᠡᠭ᠃ | ᠡᠭᠦᠨ ᠳᠤ ᠲᠦᠷᠦᠯᠬᠢ ᠮᠣᠩᠭᠤᠯ ᠬᠡᠯᠡ ᠪᠠᠨ ᠲᠡᠮᠲᠡᠭᠯᠡᠬᠦ ᠭᠡᠶᠢᠭᠦᠯᠦᠭᠴᠢ ᠦᠰᠦᠭ 18᠃ ᠬᠢᠲᠠᠳ ᠬᠡᠯᠡ ᠶᠢ | ᠲᠡᠮᠲᠡᠭᠯᠡᠬᠦ ᠭᠡᠶᠢᠭᠦᠯᠦᠭᠴᠢ ᠦᠰᠦᠭ 10᠂ ᠬᠠᠷᠢ ᠬᠡᠯᠡ ᠶᠢ ᠲᠡᠮᠲᠡᠭᠯᠡᠬᠦ ᠭᠡᠶᠢᠭᠦᠯᠦᠭᠴᠢ 6 ᠪᠣᠢ᠃ | ᠲᠦᠷᠪᠡᠯᠵᠢᠨ ᠦᠰᠦᠭ ᠤᠨ ᠬᠠᠮᠤᠭ ᠴᠢᠬᠤᠯᠠ ᠪᠣᠯᠬᠤ ᠣᠨᠴᠠᠯᠢᠭ ᠨᠢ ᠮᠣᠩᠭᠤᠯ᠂ ᠬᠢᠲᠠᠳ᠂ ᠲᠦᠪᠡᠳ᠂ | ᠣᠢᠢᠭᠤᠷ ᠵᠡᠷᠭᠡ ᠦᠨᠳᠦᠰᠦᠳᠡᠨ ᠨᠦᠭᠦᠳ ᠤᠨ ᠦᠭᠡ ᠬᠡᠯᠡ ᠦᠰᠦᠭ ᠪᠢᠴᠢᠭ ᠤᠨ ᠣᠨᠴᠠᠯᠢᠭ ᠢ ᠬᠠᠷᠠᠭᠠᠯᠵᠠᠨ | ᠵᠣᠬᠢᠶᠠᠭᠳᠠᠭᠰᠠᠨ ᠪᠠᠶᠢᠵᠠᠢ᠃ ᠲᠦᠷᠪᠡᠯᠵᠢᠨ ᠦᠰᠦᠭ ᠨᠢ ᠦᠶ᠎ᠡ ᠪᠠᠷ ᠨᠢᠭᠡᠴᠡ ᠪᠣᠯᠭᠠᠨ ᠦᠰᠦᠭ ᠬᠤᠯᠪᠣᠳᠠᠭ | ᠪᠣᠯᠬᠤᠷ ᠳ᠋ᠠᠩ ᠢᠶᠠᠷ ᠪᠢᠴᠢᠭᠳᠡᠭᠰᠡᠨ ᠭᠡᠶᠢᠭᠦᠯᠦᠭᠴᠢ ᠦᠰᠦᠭ ᠨᠢ ᠡᠭᠡᠰᠢᠭ ᠵᠠᠯᠭᠠᠠᠦ ᠦᠭᠡᠢ ᠪᠠᠷ ᠬᠡᠷᠡᠭᠯᠡᠵᠦ ᠪᠣᠯᠬᠤ᠂ | ᠪᠠᠰᠠ ᠦᠭᠡ ᠶᠢᠨ ᠡᠬᠢᠨ᠂ ᠲᠣᠮᠳᠠ᠂ ᠠᠳᠠᠭ ᠲᠤ ᠲᠦᠷᠰᠦ ᠬᠤᠪᠢᠯᠣᠯ ᠦᠭᠡᠢ ᠪᠢᠴᠢᠭᠳᠡᠬᠦ ᠪᠠᠷ ᠵᠣᠬᠢᠶᠠᠭᠳᠠᠭᠰᠠᠨ | ᠠᠵᠠᠢ᠃ ᠲᠣᠰ ᠦᠰᠦᠭ ᠢᠶᠠᠨ ︽ᠮᠣᠩᠭᠤᠯ ᠰᠢᠨ᠎ᠠ ᠦᠰᠦᠭ︾᠂ ︽ᠮᠣᠩᠭᠤᠯ ᠦᠰᠦᠭ︾᠂ ︽ᠮᠣᠩᠭᠤᠯ ᠤᠨ | ᠣᠯᠣᠰ ᠤᠨ ᠦᠰᠦᠭ︾᠂ ︽ᠶᠣᠸᠠᠨ ᠤᠯᠤᠰ ᠤᠨ ᠦᠰᠦᠭ︾ ᠭᠡᠬᠦ ᠮᠡᠳᠦ ᠪᠠᠷ ᠨᠡᠷᠡᠯᠡᠵᠦ ᠪᠠᠶᠢᠭᠰᠠᠨ ᠲᠡᠣᠬᠡ ᠲᠠᠢ᠃ | | ︽ᠣᠯᠣᠰ ᠤᠨ ᠪᠠᠭᠰᠢ︾ ᠴᠣᠯᠠ ᠲᠠᠢ᠂ ᠲᠦᠪᠡᠳ ᠯᠠᠮᠠ ᠫᠠᠭᠪᠠ ᠬᠤᠪᠢᠯᠠᠢ ᠰᠡᠴᠡᠨ ᠬᠠᠭᠠᠨ ᠤ ᠵᠠᠷᠯᠢᠭ ᠢ | ᠬᠦᠯᠢᠶᠡᠵᠦ᠂ ᠲᠦᠪᠡᠳ ᠴᠠᠭᠠᠨ ᠲᠣᠯᠣᠭᠠᠢ ᠪᠣᠯᠣᠨ ᠰᠠᠨᠰᠺᠠᠷᠲ ᠦᠰᠦᠭ ᠢ ᠦᠨᠳᠦᠰᠦᠯᠡᠨ᠂ ᠠᠷᠪᠠᠨ ᠵᠢᠯ ︵ | 1260 — 1269︶ ᠤᠨ ᠴᠠᠭ ᠢ ᠬᠡᠷᠡᠭᠰᠡᠵᠦ᠂ ᠣᠶᠣᠨ ᠴᠢᠳᠠᠯ ᠢᠶᠠᠨ ᠰᠢᠪᠬᠠᠵᠦ ᠪᠠᠶᠢᠭᠠᠳ ᠲᠦᠷᠪᠡᠯᠵᠢᠨ | ᠦᠰᠦᠭ ᠢ ᠵᠣᠬᠢᠶᠠᠵᠦ ᠭᠠᠷᠭᠠᠭᠰᠠᠨ ᠪᠠᠶᠢᠨ᠎ᠠ᠃ ᠡᠶᠢᠮᠦ ᠠᠴᠠ ᠬᠦᠮᠦᠰ ᠲᠦᠷᠪᠡᠯᠵᠢᠨ ᠦᠰᠦᠭ ᠢ ᠪᠠᠰᠠ ︽ᠫᠠᠭᠪᠠ | ᠦᠰᠦᠭ︾ ᠭᠡᠳᠡᠭ ᠨᠢ ᠡᠨᠡ ᠪᠢᠯᠡ᠃ | ᠬᠤᠪᠢᠯᠠᠢ ᠰᠡᠴᠡᠨ ᠬᠠᠭᠠᠨ ᠰᠢᠨ᠎ᠡ ᠦᠰᠦᠭ ᠪᠢᠴᠢᠭ ᠵᠣᠬᠢᠶᠠᠯᠭᠠᠭᠰᠠᠨ ᠤ ᠬᠠᠮᠤᠭ ᠭᠤᠣᠯ ᠰᠢᠯᠳᠠᠭᠠᠨ ᠨᠢ | ᠣᠯᠣᠰ ᠲᠦᠷᠦ ᠶᠢᠨ ᠵᠣᠷᠢᠯᠭ᠎ᠠ ᠠᠴᠠ ᠪᠣᠯᠣᠭᠰᠠᠨ ᠶᠣᠮ᠃ ᠣᠴᠢᠷ ᠨᠢ᠂ ᠴᠢᠩᠬᠢᠰ ᠬᠠᠭᠠᠨ ᠠᠴᠠ ᠰᠡᠭᠦᠯᠡᠷᠬᠢ᠂ | ᠬᠤᠪᠢᠯᠠᠢ ᠬᠠᠭᠠᠨ ᠠᠴᠠ ᠡᠮᠦᠨᠡᠬᠢ ᠬᠠᠭᠠᠳ ᠨᠢ ᠪᠦᠬᠦ ᠣᠯᠣᠰ ᠲᠠᠭᠠᠨ ᠨᠢᠭᠡᠳᠦᠯᠲᠠᠢ ᠬᠡᠷᠡᠭᠯᠡᠬᠦ ᠠᠯᠪᠠᠨ ᠤ ᠦᠰᠦᠭ | ᠪᠢᠴᠢᠭ ᠭᠡᠵᠦ ᠲᠣᠳᠣᠷᠬᠠᠢ ᠪᠠᠶᠢᠭᠰᠠᠨ ᠦᠭᠡᠢ᠂ ᠦᠨᠳᠦᠰᠦᠳᠡᠨ ᠨᠦᠭᠦᠳ ᠨᠢ ᠦᠪᠡᠷ ᠦᠪᠡᠷ ᠤᠨ ᠦᠰᠦᠭ | ᠪᠢᠴᠢᠭ ᠢᠶᠠᠨ ᠬᠡᠷᠡᠭᠯᠡᠬᠦ ᠪᠠᠷ ᠭᠤᠣᠯ ᠪᠣᠯᠭᠠᠵᠦ ᠪᠠᠶᠢᠵᠠᠢ᠃ ᠡᠨᠡᠬᠦ ᠪᠠᠶᠢᠳᠠᠯ ᠢ ᠦᠭᠡᠷᠡᠴᠢᠯᠡᠬᠦ ᠶᠢᠨ ᠲᠦᠯᠦᠭᠡ ᠬᠤᠪᠢᠯᠠᠢ | ᠬᠠᠭᠠᠨ ᠣᠯᠣᠰ ᠲᠠᠭᠠᠨ ᠨᠢᠭᠡᠳᠦᠯᠳᠠᠢ ᠬᠡᠷᠡᠭᠯᠡᠬᠦ ᠠᠯᠪᠠᠨ ᠤ ᠦᠰᠦᠭ ᠪᠢᠴᠢᠭ ᠵᠣᠬᠢᠶᠠᠯᠭᠠᠭᠰᠠᠨ ᠨᠢ ᠡᠨᠡ ᠪᠠᠶᠢᠯ᠎ᠠ ᠃ | | ᠲᠦᠷᠪᠡᠯᠵᠢᠨ ᠦᠰᠦᠭ ᠵᠣᠬᠢᠶᠠᠭᠳᠠᠵᠦ ᠭᠠᠷᠣᠮᠠᠭᠴᠠ ᠬᠤᠪᠢᠯᠠᠢ ᠬᠠᠭᠠᠨ ᠠᠴᠠ ᠲᠣᠰ ᠵᠢᠯ ᠳᠤᠨᠢ ᠣᠯᠣᠰ ᠤᠨ | ᠨᠢᠭᠡᠳᠦᠯᠳᠠᠢ ᠬᠡᠷᠡᠭᠯᠡᠬᠦ ᠠᠯᠪᠠᠨ ᠤ ᠦᠰᠦᠭ ᠪᠢᠴᠢᠭ ᠪᠣᠯᠭᠠᠬᠤ ᠪᠠᠷ ᠵᠠᠷᠯᠢᠭ ᠪᠠᠭᠤᠯᠭᠠᠪᠠ᠃ ᠲᠠᠷᠠᠭ᠎ᠠ ᠨᠢᠭᠡ | ᠰᠢᠯᠳᠠᠭᠠᠨ ᠨᠢ ᠣᠯᠣᠰ ᠤᠨ ᠦᠰᠦᠭ ᠪᠢᠴᠢᠭ ᠢᠶᠠᠨ ᠬᠠᠮᠤᠭ ᠮᠣᠩᠭᠤᠯᠴᠣᠳ ᠤᠨ ᠢᠶᠠᠨ ᠠᠮᠢᠳᠣ ᠶᠠᠷᠢᠶ᠎ᠠ ᠬᠡᠯᠡᠯᠭᠡ ᠲᠠᠢ | ᠵᠣᠬᠢᠴᠠᠭᠤᠯᠵᠣ ᠣᠢᠢᠷᠠᠳᠣᠭᠤᠯᠬᠤ ᠶᠢ ᠪᠣᠳᠣᠯᠬᠢᠯᠠᠭᠰᠠᠨ ᠣᠴᠢᠷ ᠪᠣᠢ᠃ ᠲᠦᠷᠪᠡᠯᠵᠢᠨ ᠦᠰᠦᠭ ᠨᠢ ᠰᠣᠷᠬᠤ ᠳᠤ | ᠲᠦᠪᠡᠭᠳᠠᠢ᠂ ᠪᠢᠴᠢᠬᠦ ᠳᠤ ᠶᠠᠷᠰᠢᠭᠳᠠᠢ ᠠᠴᠠ ᠪᠣᠯᠵᠦ᠂ ᠬᠤᠪᠢᠯᠠᠢ ᠬᠠᠭᠠᠨ ᠠᠴᠠ ᠰᠡᠭᠦᠯᠡᠷ ᠬᠡᠷᠡᠭᠯᠡᠭᠳᠡᠬᠦ ᠬᠡᠪᠴᠢᠶ᠎ᠠ ᠨᠢ | ᠢᠪᠴᠣᠣᠷᠠᠭᠰᠠᠭᠠᠷ ᠪᠠᠶᠢᠵᠦ ᠭᠡᠭᠡᠭᠳᠡᠭᠰᠡᠨ ᠪᠠᠶᠢᠨ᠎ᠠ᠃ | ᠠᠯᠢ ᠭᠠᠯᠢ ᠦᠰᠦᠭ᠄ 1570 ᠤᠨ ᠤ ᠦᠶ᠎ᠡ ᠪᠠᠷ᠂ ᠮᠣᠩᠭᠤᠯ ᠣᠷᠣᠨ ᠳᠤ ᠪᠣᠷᠬᠠᠨ ᠱᠠᠰᠢᠨ ᠰᠦᠷᠡᠬᠡᠢ | ᠬᠤᠷᠳᠣᠨ ᠲᠡᠯᠭᠡᠷᠡᠭᠰᠡᠨ ᠢᠶᠠᠷ ᠰᠦᠮ᠎ᠡ ᠭᠡᠶᠢᠳ ᠤᠨ ᠭᠠᠵᠠᠷ ᠲᠤ ᠪᠣᠷᠬᠠᠨ ᠤ ᠨᠣᠮ ᠰᠣᠳᠣᠷ ᠢ ᠮᠣᠩᠭᠤᠯᠴᠢᠯᠠᠬᠤ | ᠠᠵᠢᠯ ᠶᠠᠭᠠᠷᠣ ᠪᠠᠶᠢᠳᠠᠯ ᠳᠤ ᠣᠷᠣᠵᠦ᠂ ᠬᠠᠷᠢ ᠬᠡᠯᠡᠨ ᠤ ᠨᠡᠷᠡᠰ ᠦᠭᠡ ᠶᠢᠨ ᠵᠦᠢᠯ ᠢ ᠵᠦᠪ ᠣᠨᠣᠪᠴᠢᠳᠠᠢ | ᠣᠷᠴᠢᠭᠤᠯᠬᠤ ᠳᠤ ᠬᠦᠴᠢᠷ ᠲᠣᠯᠭᠠᠷᠠᠭᠰᠠᠨ ᠪᠠᠶᠢᠳᠠᠯ ᠲᠤᠤᠷ᠎ᠠ 1587 ᠤᠨ ᠳᠤ ᠬᠠᠷᠠᠴᠢᠨ ᠤ ᠮᠣᠩᠭᠤᠯ ᠬᠡᠯᠡᠨ ᠤ | ᠡᠷᠳᠡᠮᠲᠡᠨ᠂ ᠡᠨᠡᠳᠬᠡᠭ᠂ ᠲᠦᠪᠡᠳ᠂ ᠮᠣᠩᠭᠤᠯ ᠬᠡᠯᠡᠨ ᠤ ᠣᠷᠴᠢᠭᠤᠯᠣᠭᠴᠢ᠂ ᠬᠡᠯᠡᠮᠦᠷᠴᠢ ᠠᠶᠣᠰᠢ ᠬᠦᠣᠰᠢ ᠭᠡᠭᠴᠢ | ᠬᠦᠮᠦᠨ ᠡᠷᠲᠡᠨ ᠤ ᠮᠣᠩᠭᠤᠯ ᠦᠰᠦᠭ ᠪᠢᠴᠢᠭ ᠤᠨ ᠰᠠᠭᠤᠷᠢᠨ ᠳᠡᠭᠡᠷ᠎ᠡ ᠰᠠᠨᠰᠺᠠᠷᠲ ᠦᠰᠦᠭ ᠪᠣᠯᠣᠨ ᠲᠦᠪᠡᠳ | ᠦᠰᠦᠭ ᠤᠨ ᠴᠠᠭᠠᠨ ᠲᠣᠯᠣᠭᠠᠢ ᠶᠢ ᠦᠨᠳᠦᠰᠦᠯᠡᠵᠦ᠂ ᠪᠣᠷᠬᠠᠨ ᠤ ᠨᠣᠮ ᠰᠣᠳᠣᠷ ᠢ ᠮᠣᠩᠭᠤᠯᠴᠢᠯᠠᠨ | ᠣᠷᠴᠢᠭᠤᠯᠬᠤ ᠳᠤ ᠲᠣᠬᠢᠶᠠᠯᠳᠣᠬᠤ ᠡᠨᠡᠳᠬᠡᠭ᠂ ᠲᠦᠪᠡᠳ ᠬᠦᠮᠦᠨ ᠤ ᠨᠡᠷ᠎ᠡ᠂ ᠭᠠᠵᠠᠷ ᠤᠨ ᠨᠡᠷ᠎ᠡ᠂ ᠪᠣᠷᠬᠠᠨ | ᠰᠠᠬᠢᠭᠤᠯᠰᠣᠨ ᠤ ᠨᠡᠷ᠎ᠡ ᠵᠢᠴᠢ ᠪᠣᠰᠣᠳ ᠨᠡᠷ᠎ᠡ ᠶᠢ ᠵᠦᠪ ᠣᠨᠣᠪᠴᠢᠲᠠᠢ ᠠᠪᠢᠶᠠᠴᠢᠯᠠᠨ ᠲᠡᠮᠲᠡᠭᠯᠡᠬᠦ ᠳᠤ | ᠲᠣᠰᠬᠠᠢᠢᠯᠠᠨ ᠬᠡᠷᠡᠭᠯᠡᠬᠦ ᠭᠠᠭᠴᠠ ᠵᠣᠷᠢᠯᠭ᠎ᠠ ᠪᠠᠷ ᠨᠢᠭᠡᠨ ᠵᠦᠢᠯ ᠤᠨ ᠭᠠᠯᠢᠭ ᠦᠰᠦᠭ ᠢ ᠵᠣᠬᠢᠶᠠᠭᠰᠠᠨ ᠪᠠᠶᠢᠵᠠᠢ᠃ | ᠡᠨᠡᠬᠦ ᠭᠠᠯᠢᠭ ᠦᠰᠦᠭ ᠢᠶᠠᠨ ︽ᠠᠯᠢ ᠭᠠᠯᠢ ᠦᠰᠦᠭ︾ ᠭᠡᠵᠦ ᠨᠡᠷᠡᠶᠢᠳᠦᠪᠠ᠃ | ᠠᠯᠢ ᠭᠠᠯᠢ ᠭᠡᠳᠡᠭ ᠨᠢ ᠲᠦᠪᠡᠳ ᠦᠭᠡ᠃ ︽ᠠᠯᠢ︾ ᠭᠡᠳᠡᠭ ᠨᠢ ᠮᠣᠩᠭᠤᠯ ᠢᠶᠠᠷ ︽ᠡᠭᠡᠰᠢᠭ︾ ᠭᠡᠰᠡᠨ | ᠦᠭᠡ᠃ ︽ᠭᠠᠯᠢ︾ ᠭᠡᠳᠡᠭ ᠨᠢ ᠮᠣᠩᠭᠤᠯ ᠢᠶᠠᠷ ︽ᠭᠡᠶᠢᠭᠦᠯᠦᠭᠴᠢ︾ ᠭᠡᠰᠡᠨ ᠦᠭᠡ᠃ ᠠᠯᠢ ᠭᠠᠯᠢ ᠦᠰᠦᠭ ᠤᠨ | ᠴᠠᠭᠠᠨ ᠲᠣᠯᠣᠭᠠᠢ ᠨᠢ 30 ᠦᠰᠦᠭ ᠲᠠᠢ᠃ ᠦᠨᠳᠦᠰᠦᠨ ᠲᠡᠮᠲᠡᠭ 34 ᠪᠣᠢ᠃ ᠡᠭᠦᠨ ᠠᠴᠠ ᠭᠠᠳᠠᠨ᠎ᠠ ᠠᠯᠢ ᠭᠠᠯᠢ | ᠦᠰᠦᠭ ᠤᠨ ᠴᠠᠭᠠᠨ ᠲᠣᠯᠣᠭᠠᠢ ᠶᠢᠨ ︽ᠯ᠊᠂ ᠶ᠊᠂ ᠷ᠊᠂ ᠸ᠊᠂ ᠰ᠊᠂ ᠁︾ ᠵᠡᠷᠭᠡ ᠠᠴᠠ ᠪᠠᠰᠠ ᠦᠶᠡᠳᠦ | ᠦᠰᠦᠭ ᠬᠤᠪᠢᠯᠳᠠᠭ ᠶᠣᠰᠣ ᠪᠠᠰᠠ ᠪᠣᠢ᠃ ᠵᠢᠱᠢᠶᠠᠯᠠᠪᠠᠯ᠂ ︽ᠯᠠᠮᠠ︾ ᠭᠡᠰᠡᠨ ᠦᠭᠡ ᠶᠢ ᠠᠯᠢ ᠭᠠᠯᠢ | ᠦᠰᠦᠭ ᠢᠶᠠᠷ ︽ᠪᠯᠠ᠋ ᠮᠠ᠋︾ ᠪᠣᠶᠣ ︽ᠪᠯᠠᠮ ᠠ︾ ᠭᠡᠵᠦ ᠲᠡᠮᠲᠡᠭᠯᠡᠵᠦ ᠪᠠᠶᠢᠪᠠ᠃ ᠠᠯᠢ ᠭᠠᠯᠢ ᠦᠰᠦᠭ | ᠵᠢᠩᠬᠢᠨᠢᠦᠰᠦᠭ ᠪᠢᠴᠢᠭ ᠢᠶᠠᠷ ᠬᠡᠷᠡᠭᠯᠡᠭᠳᠡᠭᠰᠡᠨ ᠦᠭᠡᠢ ᠪᠣᠯᠪᠠᠴᠣ ᠲᠦᠪᠡᠳ ᠬᠡᠯᠡᠨ ᠤ ᠨᠡᠷ᠎ᠡ ᠦᠭᠡ ᠶᠢ ᠣᠨᠣᠪᠴᠢᠳᠠᠢ | ᠭᠠᠯᠢᠭᠯᠠᠨ ᠲᠡᠮᠲᠡᠭᠯᠡᠬᠦ ᠳᠤ ᠲᠣᠲᠠᠭᠳᠠᠵᠦ ᠪᠣᠯᠣᠰᠢ ᠦᠭᠡᠢ ᠲᠣᠰᠠᠯᠠᠬᠤ ᠵᠡᠪᠰᠡᠭ ᠪᠣᠯᠵᠣ ᠪᠠᠶᠢᠭᠰᠠᠨ ᠶᠣᠮ᠃ | 18 ᠳ᠋ᠣᠭᠠᠷ ᠵᠠᠭᠤᠨ ᠤ ᠰᠡᠭᠦᠯᠴᠢ ᠪᠠᠷ᠂ ᠮᠣᠩᠭᠤᠯ ᠦᠰᠦᠭ ᠤᠨ ᠴᠠᠭᠠᠨ ᠲᠣᠯᠣᠭᠠᠢ ᠶᠢ ᠣᠯᠠᠮ ᠨᠢᠭᠡ | ᠠᠯᠬᠤᠮ ᠵᠠᠰᠠᠵᠦ᠂ ᠨᠦᠬᠦᠪᠦᠷᠢᠯᠡᠵᠦ᠂ ᠲᠡᠭᠦᠯᠳᠡᠷᠵᠢᠭᠦᠯᠵᠦ᠂ ᠲᠦᠷᠢᠮᠵᠢᠭᠦᠯᠬᠦ ᠶᠢᠨ ᠶᠠᠪᠣᠴᠠ ᠳᠤ ᠠᠯᠢ ᠭᠠᠯᠢ | ᠦᠰᠦᠭ ᠠᠴᠠ ︽ᠹᠠ᠊᠂ ᠺᠠ᠊᠂ ᠡᡁ᠊᠂ ᠽ᠊᠂ ᠼ᠊᠂ ᠿ᠊︾ ᠵᠢᠷᠭᠤᠭᠠᠨ ᠠᠪᠢᠶ᠎ᠠ ᠶᠢ ᠵᠢᠭᠡᠯᠡᠨ ᠠᠪᠴᠣ ᠬᠡᠷᠡᠭᠯᠡᠪᠡ᠃ | ᠲᠣᠳᠣ ᠦᠰᠦᠭ᠄ ᠲᠣᠳᠣ ᠦᠰᠦᠭ ᠪᠣᠯ ᠮᠣᠩᠭᠤᠯ ᠦᠰᠦᠭ ᠤᠨ ᠴᠠᠭᠠᠨ ᠲᠣᠯᠣᠭᠠᠢ ᠶᠢ ᠦᠨᠳᠦᠰᠦᠯᠡᠨ | ᠦᠭᠡᠷᠡᠴᠢᠯᠡᠵᠦ ᠵᠣᠬᠢᠶᠠᠭᠰᠠᠨ ᠣᠢᠢᠷᠠᠳ ᠮᠣᠩᠭᠤᠯᠴᠣᠳ ᠤᠨ ᠬᠡᠷᠡᠭᠯᠡᠳᠡᠭ ᠨᠢᠭᠡᠨ ᠵᠦᠢᠯ ᠤᠨ ᠠᠪᠢᠶᠠᠨ ᠤ | ᠮᠣᠩᠭᠤᠯ ᠦᠰᠦᠭ ᠮᠦᠨ᠃ ᠲᠣᠳᠣ ᠦᠰᠦᠭ ᠤᠨ ᠴᠠᠭᠠᠨ ᠲᠣᠯᠣᠭᠠᠢ ᠳᠤ ᠪᠣᠭᠤᠨᠢ᠂ ᠣᠷᠳᠣ ᠡᠭᠡᠰᠢᠭ ᠲᠣᠰ ᠪᠦᠷᠢ | 7᠂ ᠭᠡᠶᠢᠭᠦᠯᠦᠭᠴᠢ 24᠂ ᠬᠠᠷᠢ ᠵᠢᠭᠡᠯᠡᠭᠡ ᠦᠭᠡᠨ ᠳᠤ ᠬᠡᠷᠡᠭᠯᠡᠭᠳᠡᠬᠦ ᠦᠰᠦᠭ 4 ᠪᠠᠶᠢᠳᠠᠭ᠃ | ᠲᠣᠳᠣ ᠦᠰᠦᠭ ᠢ ᠣᠢᠢᠷᠠᠳ ᠤᠨ ᠮᠣᠩᠭᠤᠯᠴᠢ ᠡᠷᠳᠡᠮᠳᠡᠨ ᠽᠠᠶ᠎ᠠ ᠪᠠᠨᠳᠢᠳᠠ ᠨᠠᠮᠬᠠᠢᠢᠵᠠᠮᠰᠣ ᠭᠡᠭᠴᠢ | ᠬᠦᠮᠦᠨ ᠠᠴᠠ 1648 ᠤᠨ ᠳᠤ ᠨᠡᠶᠢᠳᠡ ᠮᠣᠩᠭᠤᠯᠴᠣᠳ ᠤᠨ ᠬᠡᠷᠡᠭᠯᠡᠵᠣ ᠪᠠᠶᠢᠭᠰᠠᠨ ᠮᠣᠩᠭᠤᠯ ᠦᠰᠦᠭ ᠤᠨ | ᠳᠠᠪᠠᠭᠤᠯᠢᠭ ᠵᠦᠢᠯ ᠢ ᠨᠢ ᠵᠠᠯᠭᠠᠮᠵᠢᠯᠠᠵᠦ᠂ ᠲᠣᠲᠠᠭᠳᠠᠯ ᠲᠠᠢ ᠵᠦᠢᠯ ᠢ ᠨᠢ ᠬᠠᠯᠠᠨ ᠵᠠᠰᠠᠵᠦ᠂ ᠣᠢᠢᠷᠠᠳ ᠠᠶᠠᠯᠭᠤᠨ ᠤ | ᠠᠮᠢᠳᠣ ᠶᠠᠷᠢᠶᠠᠨ ᠤ ᠬᠡᠯᠡᠨ ᠳᠡᠭᠡᠨ ᠣᠢᠢᠷᠠᠳᠣᠭᠤᠯᠵᠦ ᠵᠣᠬᠢᠴᠠᠭᠤᠯᠣᠨ ᠵᠣᠬᠢᠶᠠᠭᠰᠠᠨ ᠪᠠᠶᠢᠨ᠎ᠠ᠃ ᠡᠶᠢᠮᠦ ᠠᠴᠠ ᠲᠣᠰ | ᠦᠰᠦᠭ ᠢᠶᠠᠨ ︽ᠲᠣᠳᠣ ᠮᠣᠩᠭᠤᠯ ᠦᠰᠦᠭ︾᠂ ︽ᠲᠣᠳᠣ ᠦᠰᠦᠭ︾ ᠭᠡᠵᠦ ᠨᠡᠷᠡᠶᠢᠳᠦᠪᠡ᠃ ᠪᠠᠰᠠ ︽ | ᠬᠤᠳᠣᠮ ᠦᠰᠦᠭ︾ ᠴᠦ ᠭᠡᠳᠡᠭ᠃ ᠡᠨᠡᠬᠦ ︽ᠬᠤᠳᠣᠮ︾ ᠭᠡᠳᠡᠭ ᠦᠭᠡ ᠨᠢ ᠮᠣᠩᠭᠤᠯ ᠬᠡᠯᠡᠨ ᠤ ᠨᠢᠭᠡᠳᠦᠭᠡᠷ | ᠦᠶ᠎ᠡ ᠶᠢᠨ ᠡᠭᠡᠰᠢᠭ ᠤᠨ ᠬᠢᠨᠢ ᠡᠮᠦᠨᠡᠬᠢ ︽ᠬ᠊︾ ᠭᠡᠶᠢᠭᠦᠯᠦᠭᠴᠢ ᠨᠢ ᠰᠣᠭᠤᠷᠠᠵᠦ ᠣᠨᠠᠭᠠᠳᠣᠢ ᠡᠷᠲᠡᠨ ᠤ | ᠬᠡᠯᠪᠡᠷᠢ ᠪᠠᠷ ᠨᠢ ᠲᠠᠭᠤᠳᠠᠭᠰᠠᠨ ᠦᠭᠡ ᠪᠣᠯᠣᠨ᠎ᠠ᠃ ᠨᠢᠭᠡᠳᠦᠭᠡᠷ ᠦᠶ᠎ᠡ ᠶᠢᠨ ᠡᠭᠡᠰᠢᠭ ᠤᠨ ᠬᠢᠨᠢ ᠡᠮᠦᠨᠡᠬᠢ ︽ᠬ᠊︾ | ᠭᠡᠶᠢᠭᠦᠯᠦᠭᠴᠢ ᠶᠢ ᠰᠣᠭᠤᠷᠠᠵᠦ ᠣᠨᠠᠭᠠᠵᠦ ᠲᠠᠭᠤᠳᠠᠪᠠᠯ ᠲᠠᠷᠣᠢ ︽ᠣᠳᠣᠮ︾ ᠭᠡᠰᠡᠨ ᠦᠭᠡ ᠪᠣᠯᠳᠠᠭ᠃ | ᠡᠶᠢᠮᠦ ᠠᠴᠠ ︽ᠬᠤᠳᠣᠮ ᠦᠰᠦᠭ︾ ᠭᠡᠳᠡᠭ ᠨᠢ ᠲᠠᠷᠣᠢ ︽ᠣᠳᠣᠮ ᠦᠰᠦᠭ︾ ᠭᠡᠰᠡᠨ ᠨᠡᠷᠡᠶᠢᠳᠦᠯᠭᠡ ᠪᠣᠯᠠᠢ᠃ | ᠲᠣᠳᠣ ᠦᠰᠦᠭ ᠨᠢ ᠨᠢᠭᠡ ᠦᠰᠦᠭ ᠲᠤ ᠨᠢᠭᠡ ᠲᠠᠭᠤᠳᠠᠯᠭ᠎ᠠ᠂ ᠨᠢᠭᠡ ᠲᠦᠷᠰᠦ ᠲᠠᠢ ᠪᠠᠶᠢᠵᠦ᠂ ᠦᠭᠡ ᠶᠢᠨ | ᠡᠬᠢᠨ᠂ ᠲᠣᠮᠳᠠ᠂ ᠠᠳᠠᠭ ᠲᠤ ᠬᠤᠪᠢᠯᠪᠣᠷᠢ ᠨᠢ ᠪᠠᠭ᠎ᠠ ᠵᠡᠷᠭᠡ ᠲᠠᠪᠠᠭᠤᠯᠢᠭ ᠲᠠᠢ ᠪᠠᠶᠢᠳᠠᠭ᠃ ᠭᠡᠪᠡᠴᠦ ᠲᠡᠷᠡ ᠨᠢ | ᠣᠷᠣᠨ ᠨᠣᠳᠤᠭ ᠤᠨ ᠠᠮᠢᠳᠣ ᠶᠠᠷᠢᠶᠠᠨ ᠤ ᠬᠡᠯᠡᠨ ᠳᠡᠭᠡᠨ ᠨᠡᠶᠢᠴᠡᠭᠰᠡᠨ ᠨᠢ ᠲᠣᠩ ᠰᠠᠶᠢᠨ ᠪᠠᠶᠢᠳᠠᠭ ᠠᠴᠠ ᠣᠨᠳᠣᠣ | ᠭᠠᠵᠠᠷ ᠦᠷᠭᠡᠵᠢᠭᠦᠯᠣᠨ ᠲᠡᠯᠭᠡᠷᠡᠭᠦᠯᠬᠦ ᠳᠤ ᠬᠦᠴᠢᠷ ᠲᠠᠢ ᠮᠦᠷᠲᠡᠭᠡᠨ ᠴᠡᠭ ᠲᠡᠮᠲᠡᠭ ᠨᠢ ᠣᠯᠠᠨ᠂ ᠪᠢᠴᠢᠯᠭᠡ ᠨᠢ | ᠶᠠᠷᠰᠢᠭ ᠲᠠᠢ ᠵᠡᠷᠭᠡ ᠰᠢᠯᠳᠠᠭᠠᠨ ᠠᠴᠠ ᠪᠣᠯᠵᠦ᠂ ᠣᠢᠢᠷᠠᠳ ᠮᠣᠩᠭᠤᠯᠴᠣᠳ ᠤᠨ ᠲᠣᠮᠳᠠ ᠪᠠᠨ ᠯᠠ ᠣᠳᠣ ᠪᠤᠯᠳᠠᠯ᠎ᠠ | ᠵᠣᠬᠢᠴᠠᠨ ᠬᠡᠷᠡᠭᠯᠡᠭᠳᠡᠭᠰᠡᠭᠡᠷ ᠪᠠᠶᠢᠭ᠎ᠠ ᠪᠢᠯᠠ᠃ | ᠰᠣᠶᠣᠩᠪᠤ ᠦᠰᠦᠭ᠄ ᠰᠣᠶᠣᠩᠪᠤ ᠦᠰᠦᠭ ᠪᠣᠯ ᠨᠢᠭᠡᠨ ᠵᠦᠢᠯ ᠤᠨ ᠲᠦᠷᠪᠡᠯᠵᠢᠨ ᠬᠡᠯᠪᠡᠷᠢᠳᠠᠢ ᠦᠶᠡᠳᠦ ᠦᠰᠦᠭ | ᠮᠦᠨ᠃ ᠰᠣᠶᠣᠩᠪᠤ ᠦᠰᠦᠭ ᠤᠨ ᠴᠠᠭᠠᠨ ᠲᠣᠯᠣᠭᠠᠢ ᠳᠤ ᠡᠭᠡᠰᠢᠭ 16᠂ ᠭᠡᠶᠢᠭᠦᠯᠦᠭᠴᠢ 74 ᠪᠣᠢ᠃ | ᠦᠰᠦᠭ ᠤᠨ ᠪᠢᠴᠢᠯᠭᠡ ᠶᠢᠨ ᠲᠡᠮᠲᠡᠭ ᠨᠢ ᠲᠣᠰ ᠲᠣᠰ ᠪᠠᠷ ᠢᠶᠠᠨ ᠪᠦᠷ ᠵᠢᠷᠤᠭ ᠰᠢᠭ᠋ ᠬᠡᠯᠪᠡᠷᠢᠲᠠᠢ ᠪᠠᠶᠢᠳᠠᠭ ᠠᠵᠠᠢ᠃ | ᠰᠣᠶᠣᠩᠪᠤ ᠦᠰᠦᠭ ᠢ ᠬᠠᠯᠬ᠎ᠠ ᠶᠢᠨ ᠲᠦᠰᠢᠶᠡᠳᠦ ᠬᠠᠨ ᠭᠤᠮᠪᠤ ᠶᠢᠨ ᠬᠦᠪᠡᠭᠦᠨ ᠵᠠᠨᠠᠪᠠᠽᠠᠷ ᠭᠡᠭᠴᠢ ᠬᠦᠮᠦᠨ | 1686 ᠤᠨ ᠳᠤ ᠡᠷᠲᠡᠨ ᠤ ᠡᠨᠡᠳᠬᠡᠭ ᠦᠰᠦᠭ ᠤᠨ ᠴᠠᠭᠠᠨ ᠲᠣᠯᠣᠭᠠᠢ ᠪᠣᠯᠣᠨ ᠲᠦᠪᠡᠳ ᠦᠰᠦᠭ ᠢ | ᠦᠨᠳᠦᠰᠦᠯᠡᠵᠦ᠂ ᠱᠠᠰᠢᠨ ᠤ ᠨᠣᠮ ᠰᠣᠳᠣᠷ ᠢ ᠣᠷᠴᠢᠭᠤᠯᠬᠤ ᠬᠡᠷᠡᠭᠴᠡᠭᠡ ᠪᠠᠷ ᠵᠣᠬᠢᠶᠠᠭᠰᠠᠨ ᠪᠠᠶᠢᠨ᠎ᠠ᠃ | ᠦᠭᠡᠷ᠎ᠡ ᠪᠠᠷ ᠬᠡᠯᠡᠪᠡᠯ᠂ ᠣᠢᠢᠭᠤᠷᠵᠢᠨ ᠮᠣᠩᠭᠤᠯ ᠦᠰᠦᠭ ᠪᠢᠴᠢᠭ ᠤᠨ ᠰᠠᠨᠰᠺᠠᠷᠲ᠂ ᠲᠦᠪᠡᠳ ᠬᠡᠯᠡᠨ ᠤ ᠵᠠᠷᠢᠮ | ᠠᠪᠢᠶ᠎ᠠ ᠶᠢ ᠢᠯᠡᠳᠭᠡᠵᠦ ᠴᠢᠳᠠᠬᠤ ᠦᠭᠡᠢ ᠲᠣᠲᠠᠭᠳᠠᠯ ᠢ ᠨᠦᠬᠦᠪᠦᠷᠢᠯᠡᠬᠦ᠂ ᠣᠢᠢᠭᠤᠷᠵᠢᠨ ᠮᠣᠩᠭᠤᠯ ᠦᠰᠦᠭ | ᠪᠢᠴᠢᠭ ᠤᠨ ᠪᠢᠷᠭ᠎ᠠ ᠶᠢᠨ ᠣᠷᠣᠨ ᠬᠡᠷᠡᠭᠯᠡᠬᠦ ᠲᠡᠮᠲᠡᠭ ᠢ ᠵᠤᠬᠢᠶᠠᠬᠤ ᠵᠣᠷᠢᠯᠭ᠎ᠠ ᠪᠠᠷ ᠲᠣᠰ ᠦᠰᠦᠭ ᠢ ᠵᠣᠬᠢᠶᠠᠭᠰᠠᠨ | ᠪᠠᠶᠢᠨ᠎ᠠ᠃ | ︽ᠰᠣᠶᠣᠩᠪᠤ︾ ᠭᠡᠳᠡᠭ ᠨᠢ ᠰᠠᠨᠰᠺᠠᠷᠲ ᠦᠭᠡ᠃ ᠮᠣᠩᠭᠤᠯᠴᠢᠯᠠᠪᠠᠯ᠂ ︽ᠦᠪᠡᠷ ᠢᠶᠠᠨ ᠪᠣᠯᠣᠭᠰᠠᠨ︾ | ᠭᠡᠰᠡᠨ ᠤᠳᠬ᠎ᠠ ᠲᠠᠢ᠃ ᠪᠢᠷᠭ᠎ᠠ ᠶᠢᠨ ᠣᠷᠣᠨ ᠭᠡᠭᠴᠢ ᠨᠣᠮ ᠰᠣᠳᠣᠷ ᠤᠨ ᠭᠡᠰᠡᠭ᠂ ᠪᠠᠳᠠᠭ ᠤᠨ ᠡᠬᠢᠨ ᠪᠣᠶᠣ | ᠨᠢᠭᠡ ᠪᠣᠳᠢ ᠶᠢᠨ ᠡᠬᠢᠨ ᠳᠤ ︽ᠲᠡᠮᠲᠡᠭ︾ ᠲᠠᠯᠪᠢᠳᠠᠭ ᠭᠠᠵᠠᠷ ᠢ ᠵᠢᠭᠠᠵᠦ ᠪᠣᠢ᠃ ᠣᠴᠢᠷ ᠨᠢ᠂ ᠨᠣᠮ ᠰᠣᠳᠣᠷ ᠨᠢ | ᠭᠡᠰᠡᠭ᠂ ᠪᠠᠳᠠᠭ ᠤᠨ ᠡᠬᠢᠨ ᠪᠣᠶᠣ ᠨᠢᠭᠡ ᠪᠣᠳᠢ ᠶᠢᠨ ᠡᠬᠢᠨ ᠳᠡᠭᠡᠨ ︽ᠪᠢᠷᠭ᠎ᠠ ᠲᠡᠮᠲᠡᠭ︾ ᠲᠠᠯᠪᠢᠳᠠᠭ ᠶᠣᠰᠣ ᠲᠠᠢ | ᠪᠠᠶᠢᠵᠠᠢ᠃ ᠰᠣᠶᠣᠩᠪᠤ ᠦᠰᠦᠭ ᠨᠢ ᠬᠠᠯᠬ᠎ᠠ ᠶᠢᠨ ᠰᠦᠮ᠎ᠡ ᠭᠡᠶᠢᠳ ᠤᠨ ᠯᠠᠮᠠ ᠨᠠᠷ ᠤᠨ ᠲᠣᠮᠳᠠ 200 ᠭᠠᠷᠣᠢ | ᠵᠢᠯ ᠣᠯᠠᠮᠵᠢᠯᠠᠭᠳᠠᠵᠦ ᠬᠡᠷᠡᠭᠯᠡᠭᠳᠡᠭᠰᠡᠨ ᠲᠡᠣᠬᠡ ᠲᠠᠢ᠃ ᠰᠣᠶᠣᠩᠪᠤ ᠦᠰᠦᠭ ᠤᠨ ᠪᠢᠴᠢᠯᠭᠡ ᠵᠢᠷᠣᠯᠭ᠎ᠠ ᠨᠢ ᠶᠠᠷᠰᠢᠭ | ᠲᠦᠪᠡᠭᠳᠠᠢ ᠪᠦᠭᠡᠳ ᠰᠣᠷᠴᠣ ᠡᠵᠡᠮᠰᠢᠬᠦ ᠳᠤ ᠪᠠᠰᠠ ᠬᠦᠴᠢᠷᠲᠠᠢ ᠪᠠᠶᠢᠳᠠᠭ ᠠᠴᠠ ᠲᠦᠭᠡᠮᠡᠯᠵᠢᠨ ᠲᠡᠯᠭᠡᠷᠡᠵᠦ ᠴᠢᠳᠠᠭ᠎ᠠ | ᠦᠭᠡᠢ ᠣᠷᠭᠢᠭᠳᠠᠵᠠᠢ᠃ | ᠸᠠᠬᠢᠨᠳᠠᠷᠠ ᠦᠰᠦᠭ᠄ ᠸᠠᠬᠢᠨᠳᠠᠷᠠ ᠦᠰᠦᠭ ᠪᠣᠯ ᠣᠢᠢᠭᠤᠷᠵᠢᠨ ᠮᠣᠩᠭᠤᠯ ᠦᠰᠦᠭ ᠤᠨ ᠴᠠᠭᠠᠨ ᠲᠣᠯᠣᠭᠠᠢ ᠶᠢᠨ | ᠰᠠᠭᠤᠷᠢᠨ ᠳᠡᠭᠡᠷ᠎ᠡ ᠪᠣᠷᠢᠶᠠᠳ ᠨᠣᠳᠤᠭ ᠤᠨ ᠠᠶᠠᠯᠭᠤᠨ ᠤ ᠣᠨᠴᠠᠯᠢᠭ ᠢ ᠦᠨᠳᠦᠰᠦᠯᠡᠵᠦ ᠵᠣᠬᠢᠶᠠᠭᠰᠠᠨ ᠨᠢᠭᠡᠨ | ᠵᠦᠢᠯ ᠤᠨ ᠰᠢᠨ᠎ᠠ ᠦᠰᠦᠭ ᠪᠣᠯᠣᠨ᠎ᠠ᠃ ᠸᠠᠬᠢᠨᠳᠠᠷᠠ ᠦᠰᠦᠭ ᠤᠨ ᠴᠠᠭᠠᠨ ᠲᠣᠯᠣᠭᠠᠢ ᠳᠤ ᠡᠭᠡᠰᠢᠭ 8᠂ | ᠭᠡᠶᠢᠭᠦᠯᠦᠭᠴᠢ 28᠂ ᠨᠡᠮᠡᠯᠳᠡ ᠲᠡᠮᠲᠡᠭ 2 ᠪᠠᠶᠢᠳᠠᠭ᠃ ᠡᠭᠡᠰᠢᠭ᠂ ᠭᠡᠶᠢᠭᠦᠯᠦᠭᠴᠢ ᠦᠰᠦᠭ ᠨᠢ ᠦᠭᠡ ᠶᠢᠨ ᠡᠬᠢᠨ | ᠂ ᠲᠣᠮᠳᠠ᠂ ᠠᠳᠠᠭ ᠲᠤ ᠪᠢᠴᠢᠭᠳᠡᠬᠦ ᠳᠡᠭᠡᠨ ᠬᠤᠪᠢᠷᠠᠯᠳᠠ ᠦᠭᠡᠢ᠃ ᠦᠰᠦᠭ ᠤᠨ ᠪᠢᠴᠢᠯᠭᠡ ᠨᠢ ᠬᠤᠭᠤᠷᠣᠨᠳᠣ ᠪᠠᠨ | ᠲᠣᠳᠣ ᠢᠯᠭᠠᠭ᠎ᠠ ᠲᠠᠢ ᠪᠠᠶᠢᠳᠠᠭ᠃ ᠡᠨᠡ ᠨᠢ ᠲᠣᠰ ᠦᠰᠦᠭ ᠤᠨ ᠨᠢᠭᠡᠨ ᠣᠨᠴᠠᠯᠢᠭ ᠪᠣᠯᠣᠨ᠎ᠠ᠃ | ᠸᠠᠬᠢᠨᠳᠠᠷᠠ ᠦᠰᠦᠭ ᠢ ᠪᠠᠶᠢᠭᠠᠯ ᠨᠠᠭᠤᠷ ᠤᠨ ᠬᠤᠶᠢᠳᠣ ᠬᠠᠪᠢ ᠳᠤ ᠠᠮᠢᠳᠣᠷᠠᠵᠦ ᠪᠠᠶᠢᠭᠰᠠᠨ ᠪᠣᠷᠢᠶᠠᠳ | ᠯᠠᠮᠠ ᠠᠭᠸᠠᠩᠳᠣᠷᠵᠢ ᠭᠡᠭᠴᠢ ᠬᠦᠮᠦᠨ 1905 ᠤᠨ ᠳᠤ ᠵᠣᠬᠢᠶᠠᠵᠠᠢ᠃ ᠠᠭᠸᠠᠩ ᠭᠡᠳᠡᠭ ᠨᠢ ᠲᠦᠪᠡᠳ ᠨᠡᠷ᠎ᠡ᠃ | ᠰᠠᠨᠰᠺᠠᠷᠲ ᠬᠡᠯᠡ ᠪᠠᠷ ᠣᠷᠴᠢᠭᠤᠯᠪᠠᠯ ︽ᠸᠠᠬᠢᠨᠳᠠᠷᠠ︾ ᠭᠡᠰᠡᠨ ᠦᠭᠡ᠃ ᠵᠣᠬᠢᠶᠠᠭᠴᠢ ᠠᠴᠠ ᠡᠨᠡᠬᠦ ᠰᠢᠨ᠎ᠡ ᠪᠠᠷ | ᠵᠣᠬᠢᠶᠠᠭᠳᠠᠭᠰᠠᠨᠦᠰᠦᠭ ᠢᠶᠠᠨ ᠦᠪᠡᠷ ᠤᠨ ᠲᠦᠪᠡᠳ ᠨᠡᠷ᠎ᠡ ᠶᠢᠨ ᠢᠶᠠᠨ ᠰᠠᠨᠰᠺᠠᠷᠲ ᠬᠡᠯᠡ ᠤ ᠤᠷᠴᠢᠭᠤᠯᠤᠯᠭ᠎ᠠ ᠪᠠᠷ | ︽ᠸᠠᠬᠢᠨᠳᠠᠷᠠ︾ ᠭᠡᠮᠡᠨ ᠨᠡᠷᠡᠶᠢᠳᠦᠭᠰᠡᠨ ᠪᠠᠶᠢᠵᠠᠢ᠃ ᠸᠠᠬᠢᠨᠳᠠᠷᠠ ᠦᠰᠦᠭ ᠨᠢ ᠪᠣᠷᠢᠶᠠᠳᠴᠣᠳ ᠤᠨ ᠲᠣᠮᠳᠠ ᠮᠠᠰᠢ | ᠣᠬᠤᠷᠬᠠᠨ ᠬᠤᠭᠤᠴᠠᠭ᠎ᠠ ᠬᠡᠷᠡᠭᠯᠡᠭᠳᠡᠭᠡᠳ ᠣᠷᠭᠢᠭᠳᠠᠭᠰᠠᠨ ᠲᠣᠯᠠ ᠡᠨᠡᠬᠦ ᠦᠰᠦᠭ ᠪᠢᠴᠢᠭ ᠤᠨ ᠲᠣᠬᠠᠢ ᠦᠭᠦᠯᠡᠭᠰᠡᠨ | ᠂ ᠡᠨᠡᠬᠦ ᠦᠰᠦᠭ ᠪᠢᠴᠢᠭ ᠢᠶᠠᠷ ᠲᠡᠮᠲᠡᠭᠯᠡᠭᠳᠡᠵᠦ ᠦᠯᠡᠳᠡᠭᠰᠡᠨ ᠮᠡᠳᠡᠭᠡ ᠪᠠᠷᠢᠮᠳᠠ ᠲᠣᠩ ᠬᠤᠪᠣᠷᠬᠠᠨ ᠪᠢᠯᠠ᠃ | ᠺᠠᠷᠢᠯᠠᠯ ᠮᠣᠩᠭᠤᠯ ᠦᠰᠦᠭ᠄ ᠺᠠᠷᠢᠯᠠᠯ ᠮᠣᠩᠭᠤᠯ ᠦᠰᠦᠭ ᠪᠣᠯ ᠺᠠᠷᠢᠯᠠᠯ ᠦᠰᠦᠭ ᠢᠶᠠᠷ ᠰᠠᠭᠤᠷᠢ | ᠪᠣᠯᠭᠠᠭᠰᠠᠨ ᠰᠠᠯᠧ ᠴᠠᠭᠠᠨ ᠲᠣᠯᠣᠭᠠᠢ ᠶᠢ ᠰᠢᠯᠵᠢᠭᠦᠯᠦᠨ ᠬᠡᠷᠡᠭᠯᠡᠭᠰᠡᠨ ᠨᠢᠭᠡ ᠵᠦᠢᠯ ᠤᠨ ᠦᠰᠦᠭ ᠪᠢᠴᠢᠭ ᠪᠣᠯᠣᠨ᠎ᠠ | ᠃ ᠡᠨᠡᠬᠦ ᠦᠰᠦᠭ ᠪᠢᠴᠢᠭ ᠢ ᠮᠣᠩᠭᠤᠯ ᠠᠷᠠᠳ ᠣᠯᠣᠰ ᠤᠨ ᠬᠢᠨ 1941 ᠤᠨ ᠳᠤ ᠲᠠᠷᠣᠢ ᠲᠡᠯᠭᠡᠷᠡᠭᠦᠯᠦᠨ | ᠬᠡᠷᠡᠭᠯᠡᠬᠦ ᠪᠠᠷ ᠲᠣᠭᠳᠠᠭᠠᠯ ᠭᠠᠷᠭᠠᠭᠰᠠᠨ ᠪᠣᠯᠪᠠᠴᠣ ᠲᠡᠯᠡᠬᠡᠢ ᠶᠢᠨ ᠬᠤᠶᠠᠳᠣᠭᠠᠷ ᠲᠠᠶᠢᠨ ᠤ ᠨᠦᠯᠦᠭᠡᠯᠡᠯ ᠠᠴᠠ ᠪᠣᠯᠵᠦ | ᠬᠤᠶᠢᠰᠢᠯᠠᠭᠳᠠᠭᠠᠳ᠂ 1945 ᠤᠨ ᠤ ᠨᠠᠮᠣᠷ ᠠᠴᠠ ᠰᠠᠶ᠋ᠢ ᠲᠣᠷᠰᠢᠯᠳᠠ ᠬᠢᠵᠦ᠂ 1946 ᠤᠨ ᠠᠴᠠ ᠠᠯᠪᠠᠨ | ᠶᠣᠰᠣᠭᠠᠷ ᠲᠦᠭᠡᠮᠡᠯᠵᠢᠭᠦᠯᠦᠨ ᠬᠡᠷᠡᠭᠯᠡᠪᠡ᠃ ᠡᠭᠦᠨ ᠠᠴᠠ ᠡᠮᠦᠨ᠎ᠠ᠂ ᠲᠠᠷᠣᠢ ᠬᠠᠯᠢᠮᠠᠭᠴᠣᠳ ᠪᠣᠯᠣᠨ ᠪᠣᠷᠢᠶᠠᠳᠴᠣᠳ | ᠰᠠᠯᠧ ᠦᠰᠦᠭ ᠪᠢᠴᠢᠭ ᠢ ᠬᠡᠷᠡᠭᠯᠡᠵᠦ ᠪᠠᠶᠢᠵᠠᠢ᠃ | ᠺᠠᠷᠢᠯᠠᠯ ᠮᠣᠩᠭᠤᠯ ᠦᠰᠦᠭ ᠢ ᠦᠪᠦᠷ ᠮᠣᠩᠭᠤᠯᠴᠣᠳ ᠮᠠᠨᠢ ︽ᠮᠣᠩᠭᠤᠯ ᠰᠢᠨ᠎ᠡ ᠦᠰᠦᠭ︾᠂ ︽ | ᠮᠣᠩᠭᠤᠯ ᠰᠠᠯᠧ ᠦᠰᠦᠭ︾ ᠭᠡᠵᠦ ᠨᠡᠷᠡᠯᠡᠳᠡᠭ᠃ | ᠮᠣᠩᠭᠤᠯ ᠰᠢᠨ᠎ᠡ ᠦᠰᠦᠭ ᠤᠨ ᠴᠠᠭᠠᠨ ᠲᠣᠯᠣᠭᠠᠢ ᠳᠤ ᠡᠭᠡᠰᠢᠭ ᠦᠰᠦᠭ 13 ᠭᠡᠶᠢᠭᠦᠯᠦᠭᠴᠢ ᠦᠰᠦᠭ 20 ᠂ | ᠬᠠᠲᠠᠭᠤ ᠵᠦᠭᠡᠯᠡᠨ ᠤ ᠲᠡᠮᠲᠡᠭ ᠦᠰᠦᠭ 2 ᠪᠠᠶᠢᠳᠠᠭ᠃ ᠪᠠᠰᠠ ᠡᠭᠡᠰᠢᠭ ᠦᠰᠦᠭ ᠤᠨ ᠦᠨᠳᠦᠰᠦᠨ ᠲᠡᠮᠲᠡᠭ ᠠᠴᠠ | ᠪᠦᠷᠢᠯᠳᠦᠭᠰᠡᠨ ᠣᠷᠳᠣ ᠡᠭᠡᠰᠢᠭ ᠢ ᠲᠡᠮᠲᠡᠭᠯᠡᠬᠦ ᠦᠰᠦᠭ 19᠂ ᠬᠤᠣᠰ ᠡᠭᠡᠰᠢᠭ ᠢ ᠲᠡᠮᠲᠡᠭᠯᠡᠬᠦ ᠦᠰᠦᠭ 7 ᠪᠣᠢ᠃ | ᠮᠣᠩᠭᠤᠯ ᠰᠢᠨ᠎ᠠ ᠦᠰᠦᠭ ᠤᠨ ᠲᠠᠪᠠᠭᠤᠯᠢᠭ ᠲᠠᠢ ᠳᠠᠯ᠎ᠠ ᠭᠡᠪᠡᠯ᠄ ᠪᠢᠴᠢᠯᠭᠡ ᠬᠡᠯᠡᠯᠭᠡ ᠶᠢ ᠨᠢᠭᠡᠳᠭᠡᠵᠦ | ᠴᠢᠳᠠᠭᠰᠠᠨ ᠠᠴᠠ ᠣᠣᠯ ᠤᠨ ᠮᠣᠩᠭᠤᠯ ᠦᠰᠦᠭ ᠤᠨ ᠦᠰᠦᠭ ᠪᠢᠴᠢᠭ ᠪᠣᠯᠣᠨ ᠶᠠᠷᠢᠶᠠᠨ ᠤ ᠬᠡᠯᠡᠨ ᠤ ᠵᠦᠷᠢᠶ᠎ᠠ ᠶᠢ | ᠦᠭᠡᠶᠢᠰᠭᠡᠵᠦ ᠴᠢᠳᠠᠭᠰᠠᠨ ᠳᠤ ᠣᠷᠣᠰᠢᠨ᠎ᠠ᠃ ᠪᠠᠰᠠ ᠣᠣᠯ ᠤᠨ ᠮᠣᠩᠭᠤᠯ ᠪᠢᠴᠢᠭ ᠤᠨ ᠨᠢᠭᠡ ᠦᠰᠦᠭ ᠢᠶᠠᠷ | ᠬᠡᠳᠣᠨ ᠠᠪᠢᠶ᠎ᠠ ᠶᠢ ᠲᠡᠮᠲᠡᠭᠯᠡᠬᠦ᠂ ᠨᠢᠭᠡ ᠦᠰᠦᠭ ᠨᠢ ᠦᠭᠡ ᠶᠢᠨ ᠡᠬᠢᠨ᠂ ᠲᠣᠮᠳᠠ᠂ ᠠᠳᠠᠭ ᠲᠤ ᠬᠤᠪᠢᠯᠪᠣᠷᠢ ᠲᠠᠢ | ᠪᠢᠴᠢᠭᠳᠡᠳᠡᠭ ᠵᠣᠷᠰᠢᠯ ᠢ ᠦᠭᠡᠢᠰᠭᠡᠵᠦ ᠴᠢᠳᠠᠭᠰᠠᠨ ᠪᠠᠶᠢᠨ᠎ᠠ᠃ ᠰᠢᠨ᠎ᠡ ᠦᠰᠦᠭ ᠨᠢ ᠬᠦᠨᠳᠡᠯᠡᠨ ᠪᠢᠴᠢᠭᠳᠡᠳᠡᠭ | ᠣᠴᠢᠷ ᠠᠴᠠ ᠬᠡᠪᠯᠡᠯ᠂ ᠲᠠᠷᠣᠮᠠᠯᠯᠠᠯ ᠤᠨ ᠠᠵᠢᠯ ᠳᠤ ᠴᠦ ᠲᠦᠭᠦᠮ ᠪᠣᠯᠣᠭᠰᠠᠨ ᠪᠣᠢ᠃ | ᠮᠣᠩᠭᠤᠯ ᠰᠢᠨ᠎ᠠ ᠦᠰᠦᠭ ᠤᠨ ᠭᠦᠢᠴᠡᠳ ᠪᠣᠰᠣ ᠳᠠᠯ᠎ᠠ ᠭᠡᠪᠡᠯ᠂ ᠰᠠᠯᠧ ᠴᠠᠭᠠᠨ ᠲᠣᠯᠣᠭᠠᠢ ᠶᠢᠨ ᠭᠤᠴᠢᠨ | ᠭᠤᠷᠪᠠᠨ ᠦᠰᠦᠭ ᠢ ᠣᠭ ᠬᠡᠪ ᠢᠶᠠᠷ ᠨᠢ ᠠᠪᠴᠣ ᠬᠡᠷᠡᠭᠯᠡᠭᠰᠡᠨ ᠲᠣᠯᠠ ᠬᠡᠷᠡᠭᠴᠡᠭᠡ ᠦᠭᠡᠢ ᠢᠯᠡᠭᠦᠴᠡ ᠦᠰᠦᠭ ᠢ | ᠠᠪᠴᠣ᠂ ᠬᠡᠷᠡᠭᠴᠡᠭᠡ ᠲᠠᠢ ᠦᠰᠦᠭ ᠢᠶᠠᠨ ᠨᠡᠮᠡᠵᠦ ᠣᠷᠣᠭᠤᠯᠣᠭᠰᠠᠨ ᠦᠭᠡᠢ ᠲᠣᠲᠠᠭᠳᠠᠯ ᠲᠠᠢ᠃ ᠵᠢᠰᠢᠶᠡᠯᠡᠪᠡᠯ᠂ ︽ | ᠶ᠊︾ ᠠᠪᠢᠶ᠎ᠠ ᠶᠢ ᠲᠡᠮᠲᠡᠭᠯᠡᠬᠦ ᠭᠡᠶᠢᠭᠦᠯᠦᠭᠴᠢ ᠦᠰᠦᠭ ᠢ ᠨᠡᠮᠡᠵᠦ ᠣᠷᠣᠭᠤᠯᠣᠭᠰᠠᠨ ᠦᠭᠡᠢ ᠪᠠᠶᠢᠳᠠᠭ᠃ | ᠣᠨᠴᠠᠭᠠᠢᠢᠯᠠᠨ ᠵᠦᠪ ᠪᠢᠴᠢᠬᠦ ᠲᠦᠷᠢᠮ᠂ ᠵᠦᠪ ᠣᠡᠭᠰᠢᠬᠤ ᠲᠦᠷᠢᠮ ᠤᠨ ᠳᠠᠯ᠎ᠠ ᠪᠠᠷ ᠡᠭᠡᠳᠡᠷᠡᠭᠡᠨ ᠲᠠᠢ᠂ ᠶᠠᠷᠰᠢᠭ | ᠲᠦᠪᠡᠭ ᠲᠠᠢ ᠵᠦᠢᠯ ᠴᠦ ᠣᠯᠠᠨ ᠪᠠᠶᠢᠳᠠᠭ᠃ | ᠮᠣᠩᠭᠤᠯ ᠠᠷᠠᠳ ᠣᠯᠣᠰ ᠤᠨ ᠬᠢᠨ ᠲᠣᠬᠠᠢ ᠶᠢᠨ ᠦᠶ᠎ᠡ ᠳᠤ ᠣᠵᠣᠭᠤᠷ ᠠᠴᠠ ᠬᠡᠷᠡᠭᠯᠡᠵᠦ ᠢᠷᠡᠭᠰᠡᠨ | ᠬᠠᠭᠤᠴᠢᠨ ᠮᠣᠩᠭᠤᠯ ᠦᠰᠦᠭ ᠪᠢᠴᠢᠭ ᠢᠶᠠᠨ ᠣᠷᠭᠢᠵᠦ ︽ᠰᠢᠨ᠎ᠠ ᠮᠣᠩᠭᠤᠯ ᠦᠰᠦᠭ︾ ᠢ ᠵᠣᠬᠢᠶᠠᠵᠦ ᠬᠡᠷᠡᠭᠯᠡᠬᠦ | ᠭᠡᠰᠡᠨ ᠤ ᠵᠣᠷᠢᠯᠭ᠎ᠠ ᠨᠢ᠂ ᠪᠦᠬᠦ ᠠᠷᠠᠳ ᠤᠨ ᠢᠶᠠᠨ ᠦᠰᠦᠭ ᠲᠠᠨᠢᠬᠤ ᠬᠢᠷᠢ ᠬᠡᠮᠵᠢᠶ᠎ᠠ ᠶᠢ ᠲᠦᠷᠭᠡᠨ | ᠲᠡᠭᠡᠭᠰᠢᠯᠠᠭᠦᠯᠬᠦ ᠶᠢ ᠯᠠ ᠪᠣᠳᠣᠯᠬᠢᠯᠠᠭᠰᠠᠨ ᠳᠤ ᠣᠷᠣᠰᠢᠨ᠎ᠠ᠃ | 1992 ᠤᠨ ᠳᠤ ᠮᠣᠩᠭᠤᠯ ᠣᠯᠣᠰ ᠤᠨ ᠶᠡᠭᠡ ᠬᠤᠷᠠᠯ ᠨᠢ ᠣᠢᠢᠭᠤᠷᠵᠢᠨ ᠮᠣᠩᠭᠤᠯ ᠦᠰᠦᠭ ᠢ ᠢᠳᠡᠭ | ᠢᠳᠡᠭ ᠢᠶᠠᠷ ᠰᠡᠷᠭᠦᠭᠡᠵᠦ ᠬᠡᠷᠡᠭᠯᠡᠬᠦ ᠪᠠᠷ ᠲᠣᠭᠳᠠᠭᠠᠯ ᠭᠠᠷᠭᠠᠯ᠎ᠠ ᠭᠡᠰᠡᠨ ᠮᠡᠳᠡᠭᠡ ᠴᠦ ᠪᠣᠢ᠃ ᠮᠠᠨ ᠤ ᠦᠪᠦᠷ | ᠮᠣᠩᠭᠤᠯ ᠣᠷᠣᠨ ᠪᠠᠰᠠ 1955 ᠤᠨ ᠤ 7 ᠰᠠᠷ᠎ᠠ ᠠᠴᠠ 1958 ᠤᠨ ᠤ 3 ᠰᠠᠷ᠎ᠠ ᠪᠤᠯᠳᠠᠯ᠎ᠠ ︽ᠰᠢᠨ᠎ᠠ | ᠮᠣᠩᠭᠤᠯ ᠦᠰᠦᠭ︾ ᠢ ᠰᠣᠷᠴᠣ ᠬᠡᠷᠡᠭᠯᠡᠭᠰᠡᠨ ᠦᠡᠭᠭᠡᠷᠡᠯᠳᠡ ᠲᠠᠢ ᠪᠢᠯᠠ᠃ | | | | | | | | | | |