ᠯᠤ᠋ ᠸᠠᠩ ᠰᠠᠩᠭᠠᠪᠠᠯᠠ ᠶᠢᠨ ᠠᠭᠤᠤ ᠭᠠᠪᠢᠶ᠎ᠠ ᠤᠳᠤᠮᠲᠦ ᠠᠴᠢᠯᠠᠯ ᠤᠨ ᠭᠡᠷᠡᠯᠲᠦ ᠬᠦᠰᠢᠶᠡᠨ ᠤ ᠪᠢᠴᠢᠭ  ︵ᠬᠤᠶᠠᠷ︶
ᠨᠡᠶᠢᠲᠡᠯᠡᠭᠰᠡᠨ ᠴᠠᠭ᠄
2019/12/9
                                  ☆ ﹇ᠶᠤᠸᠠᠨ ᠤᠯᠤᠰ  ﹈   ᠬᠤ᠋ ᠽᠦ ᠭᠤᠸᠠᠩ   ᠵᠤᠬᠢᠶᠠᠪᠠ                         ☆ ᠪᠤᠷᠵᠢᠭᠢᠨ  ᠰᠤᠭᠳᠤᠷᠵᠠᠪ  ᠤᠷᠴᠢᠭᠤᠯᠤᠨ ᠲᠠᠶᠢᠯᠪᠦᠷᠢᠯᠠᠪᠠ                                  ᠲᠠᠶᠢᠯᠪᠤᠷᠢ         ︵1︶ ᠶᠡᠭᠡ ᠶᠤᠸᠠᠨ ᠤᠯᠤᠰ ᠤᠨ ᠨᠡᠮᠡᠨ ᠡᠷᠭᠦᠮᠵᠢᠯᠡᠭᠳᠡᠭᠰᠡᠨ ᠬᠤᠩᠬᠢᠷᠠᠳ ᠤᠪᠤᠭᠲᠦ ᠯᠤ᠋ ᠸᠠᠩ ᠰᠠᠩᠭᠠᠪᠠᠯᠠ ᠶᠢᠨ ᠠᠭᠤᠤ ᠭᠠᠪᠢᠶ᠎ᠠ ᠤᠳᠤᠮᠲᠦ ᠠᠴᠢᠯᠠᠯ ᠤᠨ ᠭᠡᠷᠡᠯᠲᠦ ᠬᠦᠰᠢᠶᠡᠨ ᠤ ᠪᠢᠴᠢᠭ 大元加封宏吉烈氏相哥八剌魯王元勳世德碑  ——  ᠶᠤᠸᠠᠨ ᠤᠯᠤᠰ ᠤᠨ ᠦᠶ᠎ᠡ ᠳᠤ ᠬᠤᠩᠬᠢᠷᠠᠳ ᠠᠶᠢᠮᠠᠭ ᠤᠨ ᠨᠤᠶᠠᠳ ᠲᠤ ᠬᠦᠷᠲᠡᠭᠡᠭᠰᠡᠨ ᠡᠷᠭᠦᠮᠵᠢᠯᠡᠯ ᠤᠨ ᠤᠷᠤᠨ ᠪᠤᠯ ᠢᠩᠴᠠᠩ ᠴᠦᠯᠭᠡ ︵应昌路ᠤᠳᠤᠬᠢ ᠬᠡᠰᠢᠭᠲᠡᠨ ᠬᠤᠰᠢᠭᠤ︶᠂ ᠲᠡᠭᠦᠰ ᠠᠮᠤᠭᠤᠯᠠᠩ ᠴᠦᠯᠭᠡ ︵全宁路 ᠤᠳᠤᠬᠢ ᠤᠩᠨᠢᠭᠤᠳ ᠬᠤᠰᠢᠭᠤ︶᠂ ᠵᠢᠨᠢᠩ ᠴᠦᠯᠭᠡ ︵济宁路 ᠤᠳᠤᠬᠢ ᠱᠠᠨᠳᠦ᠋ᠩ ᠮᠤᠵᠢ ᠶᠢᠨ ᠵᠡᠭᠦᠨ ᠡᠮᠦᠨᠡᠲᠦ ᠬᠡᠰᠡᠭ︶᠂ ᠲᠢᠩᠵᠸᠦ ᠴᠦᠯᠭᠡ ︵汀州路 ᠤᠳᠤᠬᠢ ᠵᠢᠶᠠᠩᠰᠢ᠂ ᠵᠧᠵᠢᠶᠠᠩ᠂ ᠹᠦᠵᠢᠶᠠᠨ ᠵᠡᠷᠭᠡ ᠭᠤᠷᠪᠠᠨ ᠮᠤᠵᠢ ᠶᠢᠨ ᠠᠭᠤᠯᠵᠠᠭᠤᠷ ᠤᠷᠤᠨ︶᠂ ᠶᠦᠩᠫᠢᠩ ᠴᠦᠯᠭᠡ ︵永平路 ᠤᠳᠤᠬᠢ ᠾᠧᠪᠸᠢ ᠮᠤᠵᠢ ᠎ ᠶᠢᠨ ᠵᠡᠭᠦᠨ ᠬᠡᠰᠡᠭ︶ ᠵᠡᠷᠭᠡ ᠲᠠᠪᠤᠨ ᠶᠡᠭᠡ ᠴᠦᠯᠭᠡ ᠪᠠᠶᠢᠵᠦ᠂ ᠨᠡᠶᠢᠲᠡ ᠬᠦᠮᠦᠨ ᠠᠮᠠ ᠨᠢ ᠠᠷᠪᠠᠨ ᠲᠦᠮᠡᠨ ᠡᠷᠦᠬᠡ ᠎ ᠠᠴᠠ ᠲᠠᠪᠠᠭᠰᠠᠨ ᠶᠤᠮ᠃ ᠡᠶᠢᠮᠦ ᠶᠡᠭᠡ ᠤᠷᠤᠨ ᠬᠡᠪᠴᠢᠶᠡᠨ ᠲᠤᠲᠤᠷᠠᠬᠢ ᠲᠡᠶᠢᠮᠦ ᠤᠯᠠᠨ ᠬᠦᠮᠦᠨ ᠠᠮᠠ ᠶᠢ ᠵᠠᠬᠢᠷᠬᠤ ᠳᠤ ᠸᠠᠩ ᠤᠨ ᠬᠦᠴᠦᠨ ᠮᠡᠬᠦᠰᠳᠡᠬᠦ ᠲᠤᠯᠠ ᠶᠤᠸᠠᠨ ᠤᠯᠤᠰ ᠤᠨ ᠲᠦᠪ ᠵᠠᠰᠠᠭ ᠤᠨ ᠭᠠᠵᠠᠷ ᠠᠴᠠ ᠸᠠᠩ ᠎ ᠤᠨ ᠵᠠᠬᠢᠷᠭ᠎ᠠ ᠳᠤ ᠬᠠᠪᠰᠤᠷᠤᠯᠭ᠎ᠠ ᠪᠤᠯᠭᠠᠬᠤ ᠶᠢᠨ ᠲᠦᠯᠦᠭᠡ ᠸᠠᠩ ᠤᠨ ᠰᠠᠶᠢᠳ ᠤᠨ ᠵᠠᠬᠢᠷᠭ᠎ᠠ王相府᠎ ᠶᠢ ᠪᠠᠶᠢᠭᠤᠯᠤᠭᠰᠠᠨ ᠪᠠᠶᠢᠵᠠᠢ᠃ ᠸᠠᠩ ᠤᠨ ᠰᠠᠶᠢᠳ ᠤᠨ ᠵᠠᠬᠢᠷᠭ᠎ᠠ ᠶᠢ ᠪᠠᠰᠠ ᠸᠠᠩ ᠤᠨ ᠲᠤᠰᠠᠯᠠᠭᠴᠢ ᠶᠢᠨ ᠵᠠᠬᠢᠷᠭ᠎ᠠ王傅府 ᠭᠡᠳᠡᠭ᠃ ᠯᠤ᠋ ᠸᠠᠩ ᠰᠠᠩᠭᠠᠪᠠᠯᠠ ᠶᠢᠨ ᠠᠭᠤᠤ ᠭᠠᠪᠢᠶ᠎ᠠ ᠤᠳᠤᠮᠲᠦ ᠠᠴᠢᠯᠠᠯ ᠤᠨ ᠭᠡᠷᠡᠯᠲᠦ ᠬᠦᠰᠢᠶ᠎ᠡ ᠶᠢ ᠪᠤᠯ ᠲᠤᠭᠤᠭᠠᠨᠲᠡᠮᠦᠷ ᠬᠠᠭᠠᠨ ᠤ ᠤᠨᠤᠯᠲᠦ ᠲᠦᠪ ︵ᠵᠾᠢ ᠵᠧᠩ至正︶᠎ ᠤᠨ ᠭᠤᠷᠪᠠᠳᠤᠭᠠᠷ ᠤᠨ ︵1343 ᠤᠨ︶᠎ ᠳᠤ ᠵᠢᠨᠢᠩ ᠴᠦᠯᠭᠡ ᠳᠤ ᠪᠤᠰᠬᠠᠵᠠᠢ᠃ ᠴᠠᠭ ᠲᠦᠷᠦ ᠶᠢᠨ ᠰᠢᠯᠲᠠᠭᠠᠨ ᠠᠴᠠ ᠪᠤᠯᠵᠦ᠂ ᠭᠡᠷᠡᠯᠲᠦ ᠬᠦᠰᠢᠶ᠎ᠡ ᠎ ᠶᠢᠨ ᠲᠤᠰ ᠪᠡᠶ᠎ᠡ ᠶᠢᠨ ᠬᠢᠨᠢ ᠪᠠᠷ᠎ᠠ ᠰᠤᠷᠠᠭ ᠨᠢ ᠲᠠᠰᠤᠷᠠᠭᠠᠳ ᠤᠨ ᠤᠳᠠᠭᠰᠠᠨ ᠪᠤᠯᠪᠠᠴᠦ ᠬᠦᠰᠢᠶᠡᠨ ᠤ ᠪᠢᠴᠢᠭ ᠨᠢ ᠬᠠᠷᠢᠨᠴᠤ ᠴᠢᠩ ᠤᠯᠤᠰ ᠤᠨ ᠲᠦᠷᠦ ᠭᠡᠷᠡᠯᠲᠦ ︵ᠳ᠋ᠤᠤ ᠭᠤᠸᠠᠩ道光︶᠎ ᠶᠢᠨ ᠬᠤᠷᠢᠳᠤᠭᠠᠷ ᠤᠨ ︵1840 ᠤᠨ︶᠎ ᠳᠤ ᠪᠢᠴᠢᠭᠳᠡᠭᠰᠡᠨ ᠱᠠᠨᠳᠦ᠋ᠩ ᠮᠤᠵᠢ ᠶᠢᠨ ︽ᠵᠢᠦᠢ ᠶᠧ ᠰᠢᠶᠠᠨ ᠤ ᠤᠶᠢᠯᠠᠯᠭ᠎ᠠ巨野县志︾ ᠎ ᠶᠢᠨ ᠬᠤᠷᠢᠳᠤᠭᠠᠷ ᠪᠤᠳᠢ ᠪᠤᠯᠬᠤ ︽ᠬᠦᠷᠡᠯ ᠴᠢᠯᠠᠭᠤᠨ ᠤ ᠪᠢᠴᠢᠭ金石︾᠎ ᠤᠨ ᠪᠦᠯᠦᠭ ᠲᠤ ᠪᠦᠬᠦ ᠤᠳᠬ᠎ᠠ ᠎ ᠪᠠᠷ ᠢᠶᠠᠨ ᠬᠤᠷᠢᠶᠠᠮᠵᠢᠯᠠᠭᠳᠠᠨ ᠤᠷᠤᠭᠰᠠᠨ ᠠᠴᠠ ᠮᠠᠨ ᠤ ᠦᠶ᠎ᠡ ᠳᠤ ᠤᠯᠠᠮᠵᠢᠯᠠᠭᠳᠠᠨ ᠦᠪᠯᠡᠭᠳᠡᠵᠠᠢ᠃ ᠵᠢᠦᠢ ᠶᠧ ᠰᠢᠶᠠᠨ ᠪᠤᠯ ᠤᠳᠤᠬᠢ ᠱᠠᠨᠳᠦ᠋ᠩ ᠮᠤᠵᠢ ᠶᠢᠨ ᠪᠠᠷᠠᠭᠤᠨ ᠡᠮᠦᠨ᠎ᠡ ᠬᠡᠰᠡᠭ ᠲᠤ ᠪᠠᠶᠢᠷᠢᠯᠠᠵᠦ᠂ ᠯᠢᠩᠬᠤᠸᠠᠲᠦ ᠨᠠᠭᠤᠷ ᠬᠤᠳᠠ ︵ᠾᠧ ᠽᠧ菏泽市︶᠎ ᠳᠤ ᠬᠠᠷᠢᠶᠠᠯᠠᠭᠳᠠᠵᠦ ᠪᠠᠶᠢᠬᠤ ᠶᠤᠮ᠃        ︽ᠵᠢᠦᠢ ᠶᠧ ᠰᠢᠶᠠᠨ ᠤ ᠤᠶᠢᠯᠠᠯᠭ᠎ᠠ︾᠎ ᠨᠢ ᠬᠠᠮᠤᠭ ᠠᠩᠬ᠎ᠠ ᠮᠢᠩ ᠤᠯᠤᠰ ᠤᠨ ᠦᠨᠢᠷ ᠤᠯᠠᠷᠢᠯᠲᠦ ︵ᠸᠠᠨ ᠯᠢ万历︶᠎ ᠶᠢᠨ ᠤᠨ ᠨᠤᠭᠤᠳ ᠲᠤ ᠵᠤᠬᠢᠶᠠᠭᠳᠠᠵᠠᠢ᠃ ᠡᠭᠦᠨ ᠠᠴᠠ ᠰᠡᠭᠦᠯᠡᠷ ᠤᠯᠠᠨ ᠲᠦᠷᠦ ᠳᠤ ᠲᠠᠮᠵᠢᠭᠳᠠᠨ ᠰᠡᠯᠪᠢᠭᠳᠡᠭᠰᠡᠭᠡᠷ ᠤᠳᠤ ᠪᠤᠯᠬᠤ ᠳᠤ ᠬᠤᠷᠢᠨ ᠨᠢᠭᠡᠨ ᠲᠡᠪᠲᠡᠷ ᠪᠦᠬᠦᠢ ᠲᠤᠮᠤ ᠤᠶᠢᠯᠠᠯᠭ᠎ᠠ ᠪᠢᠴᠢᠭ ᠪᠤᠯᠤᠭᠰᠠᠨ ᠪᠠᠶᠢᠵᠠᠢ᠃ ᠮᠠᠨ ᠤ ᠠᠰᠢᠭᠯᠠᠭᠰᠠᠨ ᠪᠠᠷ ᠲᠡᠪᠲᠡᠷ ᠪᠤᠯ ᠴᠢᠩ ᠤᠯᠤᠰ ᠤᠨ ᠲᠦᠷᠦ ᠭᠡᠷᠡᠯᠲᠦ ᠶᠢᠨ ᠬᠤᠷᠢᠳᠤᠭᠠᠷ ᠤᠨ ︵1840 ᠤᠨ︶᠎ ᠳᠤ ᠪᠠᠷᠯᠠᠭᠳᠠᠭᠰᠠᠨ ᠮᠤᠳᠤᠨ ᠪᠠᠷ ᠤᠨ ᠲᠡᠪᠲᠡᠷ ᠪᠤᠯᠤᠨ᠎ᠠ᠃ ᠲᠤᠰ ᠲᠡᠪᠲᠡᠷ ᠎ ᠲᠤ ᠪᠠᠷᠠᠯᠠᠭᠳᠠᠭᠰᠠᠨ ︽ᠰᠠᠩᠭᠠᠪᠠᠯᠠ ᠯᠤ᠋ ᠸᠠᠩ ᠤᠨ ᠠᠭᠤᠤ ᠭᠠᠪᠢᠶ᠎ᠠ ᠤᠳᠤᠮᠲᠦ ᠠᠴᠢᠯᠠᠯ ᠤᠨ ᠭᠡᠷᠡᠯᠲᠦ ᠬᠦᠰᠢᠶᠡᠨ ᠎ ᠤ ᠪᠢᠴᠢᠭ相哥八剌魯王元勳世德碑︾᠎ ᠢ ᠤᠩᠨᠢᠭᠤᠳ ᠬᠤᠰᠢᠭᠤᠨ ᠤ ᠤᠯᠤᠰ ᠲᠦᠷᠦ ᠶᠢᠨ ᠵᠦᠪᠯᠡᠯᠭᠡᠨ ᠠᠴᠠ ᠡᠷᠬᠢᠯᠡᠨ ᠨᠠᠶᠢᠷᠠᠭᠤᠯᠤᠭᠰᠠᠨ ︽ᠬᠤᠶᠠᠷ ᠭᠤᠤᠯ ᠤᠨ ᠱᠤᠤᠭᠢᠶᠠᠨ两河涛声︾ ᠭᠡᠳᠡᠭ ᠰᠤᠶᠤᠯ ᠲᠡᠤᠬᠡ ᠶᠢᠨ ᠴᠤᠪᠤᠷᠠᠯ ᠪᠢᠴᠢᠭ ᠲᠤ ᠪᠦᠬᠦ ᠤᠳᠬ᠎ᠠ ᠪᠠᠷ ᠨᠢ ᠰᠢᠯᠵᠢᠭᠦᠯᠦᠨ ᠨᠡᠶᠢᠲᠡᠯᠡᠪᠡ᠃        ᠯᠤ᠋ ᠸᠠᠩ ᠰᠠᠩᠭᠠᠪᠠᠯᠠ ᠪᠤᠯ ᠯᠤ᠋ ᠸᠠᠩ ᠳ᠋ᠢᠸᠠᠪᠠᠯ ᠤᠨ ᠲᠡᠭᠦᠦ᠂ ᠯᠤ᠋ ᠸᠠᠩ ᠠᠷᠭᠠᠰᠢᠷᠢ ᠶᠢᠨ ᠠᠪᠠᠭ᠎ᠠ ᠨᠢ ᠪᠤᠯᠬᠤ ᠶᠤᠮ᠂ ᠲᠡᠭᠦᠨ ᠤ ᠡᠬᠡ ᠨᠢ ᠪᠤᠯ ᠬᠤᠪᠢᠯᠠᠢ ᠰᠡᠴᠡᠨ ᠬᠠᠭᠠᠨ ᠤ ᠭᠤᠷᠪᠠᠳᠤᠭᠠᠷ ᠦᠬᠢᠨ ᠨᠠᠩᠭᠠᠴᠢᠨ ᠪᠠᠬᠢ ︵ᠭᠦᠩᠵᠦ︶ ᠪᠤᠯᠤᠨ᠎ᠠ᠃ ︽ᠶᠤᠸᠠᠨ ᠤᠯᠤᠰ ᠤᠨ ᠰᠤᠳᠤᠷ᠂ ᠳ᠋ᠢᠢ ᠰᠡᠴᠡᠨ ᠤ ᠱᠠᠰᠳᠢᠷ元史᠂特薛禅传︾᠎ ᠲᠤ ᠲᠡᠮᠳᠡᠭᠯᠡᠭᠰᠡᠨ ᠢᠶᠠᠷ᠄ ︽﹇ᠰᠠᠩᠭᠠᠪᠠᠯᠠ﹈ ᠬᠠᠷᠠᠬᠠᠨ ᠪᠠᠭ᠎ᠠ ᠠᠴᠠ ᠪᠠᠨ ᠰᠤᠷᠪᠤᠯᠵᠢ ᠬᠠᠭᠠᠨ ︵ᠱᠢ ᠬᠤᠸᠠᠩ世皇᠂ ᠬᠤᠪᠢᠯᠠᠢ ᠰᠡᠴᠡᠨ︶᠎ ᠤ ᠵᠠᠷᠯᠢᠭ ᠢᠶᠠᠷ ᠤᠭᠴᠢᠨ ᠪᠠᠬᠢ ︵ᠭᠦᠩᠵᠦ︶᠎ ᠳᠤᠷ ᠠᠰᠠᠷᠠᠭᠳᠠᠭᠰᠠᠨ ᠪᠦᠯᠦᠭᠡ᠂ ᠲᠠᠷᠤᠢ ᠪᠤᠷᠵᠢᠭᠠᠷ ᠬᠦᠷᠭᠡᠨ ᠬᠡᠮᠡᠭᠴᠢ ᠮᠦᠨ ᠪᠤᠶᠤ᠃ ᠬᠤᠵᠢᠮ ᠠᠨᠤ ᠦᠶ᠎ᠡ ᠵᠠᠯᠭᠠᠮᠵᠢᠯᠠᠵᠦ᠂ ᠲᠡᠭᠦᠨ ᠤ ᠲᠦᠷᠪᠡᠨ ᠲᠦᠮᠡᠨ ᠬᠠᠷᠢᠶᠠᠲᠦ ᠡᠷᠦᠬᠡ ᠪᠠᠨ ᠵᠠᠬᠢᠷᠴᠦ ᠠᠪᠠᠢ᠃ ᠪᠦᠲᠦᠭᠡᠭᠴᠢ ᠲᠡᠭᠡᠳᠦᠰ ︵ᠴᠧᠩᠽᠦ᠋ᠩ成宗᠂ ᠲᠡᠮᠦᠷ ᠬᠠᠭᠠᠨ︶᠎ ᠤᠨ ᠦᠶ᠎ᠡ ᠳᠤᠷ ᠵᠠᠷᠯᠢᠭ ᠢᠶᠠᠷ ᠪᠦᠨᠠ ᠪᠠᠬᠢ ︵ᠭᠦᠩᠵᠦ普纳公主᠂ ᠲᠡᠮᠦᠷ ᠬᠠᠭᠠᠨ ᠎ ᠤ ᠦᠬᠢᠨ︶᠎ ᠯᠦᠭᠡ ᠭᠡᠷᠯᠡᠪᠡᠢ᠃ ᠤᠨᠤᠯᠲᠦ ᠡᠶᠡᠪᠡᠷᠡᠬᠦ ︵ᠵᠾᠢ ᠱᠦᠨ至顺︶᠎ ᠶᠢᠨ ᠤᠨ ᠨᠤᠭᠤᠳ ︵1330 — 1332 ᠤᠨ︶᠎ ᠲᠤᠷ ᠶᠦᠨ ᠠᠨ ᠭᠠᠵᠠᠷ ᠤᠨ ᠶᠡᠭᠡ ᠡᠭᠡᠴᠢᠮᠡᠳ ᠪᠠᠬᠢ ᠬᠡᠮᠡᠨ ᠡᠷᠭᠦᠮᠵᠢᠯᠡᠵᠦ郓安大长公主᠂ ᠰᠠᠩᠭᠠᠪᠠᠯᠠ ᠳᠤᠷ ᠠᠯᠲᠠᠨ ᠲᠠᠮᠠᠭ᠎ᠠ ᠤᠯᠭᠤᠵᠦ᠂ ᠶᠦᠨ ᠠᠨ ᠸᠠᠩ ᠡᠷᠭᠦᠮᠵᠢᠯᠡᠨ᠂ ᠮᠢᠩᠭᠠᠲᠦ ᠶᠢᠨ ᠨᠤᠶᠠᠨ ᠤ ᠲᠤᠰᠢᠶᠠᠯ ᠳᠤᠷ ᠲᠦᠰᠢᠪᠡᠢ᠃ ᠡᠰᠢ ᠶᠤᠰᠤᠲᠦ ︵ᠶᠤᠸᠠᠨ ᠲᠦᠩ元统︶᠎ ᠶᠢᠨ ᠠᠩᠬᠠᠳᠤᠭᠠᠷ ᠤᠨ ︵1333 ᠤᠨ︶᠎ ᠳᠤᠷ ᠲᠦᠮᠡᠲᠦ ᠶᠢᠨ ᠨᠤᠶᠠᠨ ᠲᠦᠰᠢᠪᠡᠢ᠃ ᠬᠤᠶᠠᠳᠤᠭᠠᠷ ᠤᠨ ︵1334 ᠤᠨ︶᠎ ᠤ ᠭᠤᠷᠪᠠᠳᠤᠭᠠᠷ ᠰᠠᠷ᠎ᠠ ᠳᠤᠷ ᠶᠦᠨ ᠠᠨ ᠭᠠᠵᠠᠷ ᠤᠨ ᠪᠠᠬᠢ ᠶᠢᠨ ᠴᠤᠯᠠ ᠶᠢ ᠨᠡᠮᠡᠨ ᠡᠷᠭᠦᠮᠵᠢᠯᠡᠵᠦ᠂ ᠬᠠᠭᠠᠨ ᠤ ᠠᠪᠠᠭ᠎ᠠ ᠡᠭᠡᠴᠢ ᠶᠡᠭᠡ ᠡᠭᠡᠴᠢᠮᠡᠳ ᠪᠠᠬᠢ ︵ᠭᠦᠩᠵᠦ皇姑大长公主︶ ᠬᠡᠮᠡᠭᠡᠳ ᠰᠠᠩᠭᠠᠪᠠᠯᠠ ᠶᠢ ᠯᠤ᠋ ᠸᠠᠩ ᠬᠡᠮᠡᠨ ᠨᠡᠮᠡᠨ ᠡᠷᠭᠦᠮᠵᠢᠯᠡᠪᠡᠢ᠃ ᠰᠠᠩᠭᠠᠪᠠᠯᠠ ᠡᠪᠡᠳᠴᠢᠨ ᠢᠶᠠᠷ ᠨᠦᠭᠴᠢᠪᠡᠢ᠂ ᠵᠢᠷᠠᠨ ᠨᠢᠭᠡᠨ ᠨᠠᠰᠤᠨ ᠰᠡᠭᠦᠳᠡᠷ ᠢ ᠵᠤᠭᠤᠭᠯᠠᠵᠤᠬᠤᠢ︾ ᠭᠡᠵᠠᠢ᠃       ︽ᠶᠡᠭᠡ ᠶᠤᠸᠠᠨ ᠤᠯᠤᠰ ᠤᠨ ᠨᠡᠮᠡᠨ ᠡᠷᠭᠦᠮᠵᠢᠯᠡᠭᠰᠡᠨ ᠬᠤᠩᠬᠢᠷᠠᠳ ᠤᠪᠤᠭᠲᠦ ᠰᠠᠩᠭᠠᠪᠠᠯᠠ ᠯᠤ᠋ ᠸᠠᠩ ᠤᠨ ᠠᠭᠤᠤ ᠭᠠᠪᠢᠶ᠎ᠠ ᠤᠳᠤᠮᠲᠦ ᠠᠴᠢᠯᠠᠯ ᠤᠨ ᠭᠡᠷᠡᠯᠲᠦ ᠬᠦᠰᠢᠶᠡᠨ ᠤ ᠪᠢᠴᠢᠭ大元加封宏吉烈氏相哥八剌魯王元勳世德碑  ︾᠎ ᠲᠤ᠄ ᠬᠤᠩᠬᠢᠷᠠᠳ ᠠᠶᠢᠮᠠᠭ ᠤᠨ ᠲᠡᠤᠬᠡ ᠶᠢ ᠨᠡᠬᠡᠮᠵᠢᠯᠡᠨ ᠲᠤᠭᠠᠴᠢᠵᠦ᠂ ᠳ᠋ᠢᠢ ᠰᠡᠴᠡᠨ᠂ ᠠᠯᠴᠤ᠂ ᠲᠡᠮᠦᠷ᠂ ᠳ᠋ᠢᠸᠠᠪᠠᠯ ᠵᠡᠷᠭᠡ ᠬᠤᠩᠬᠢᠷᠠᠳ ᠠᠶᠢᠮᠠᠭ ᠤᠨ ᠦᠩᠭᠡᠷᠡᠭᠰᠡᠨ ᠤ ᠲᠦᠷᠦᠭᠦᠴᠦᠳ ᠤᠨ ᠭᠠᠪᠢᠶ᠎ᠠ ᠠᠯᠳᠠᠷ ᠢ ᠨᠢᠭᠡᠳ ᠨᠢᠭᠡ ᠪᠠᠷ ᠲᠡᠮᠳᠡᠭᠯᠡᠨ ᠪᠢᠴᠢᠵᠦ᠂ ᠬᠤᠩᠭᠢᠷᠠᠳ ᠠᠶᠢᠮᠠᠭ ᠤᠨ ᠬᠢᠨ ᠎ ᠤ ᠦᠪᠡᠷ ᠤᠨ ᠡᠷᠭᠦᠮᠵᠢᠯᠡᠯ ᠤᠨ ᠤᠷᠤᠨ ᠳᠠᠭᠠᠨ ᠵᠤᠰᠠᠭᠠᠯ ᠤᠨ ᠤᠷᠳᠤᠨ᠂ ᠡᠪᠦᠯᠵᠢᠶᠡᠨ ᠤ ᠠᠭᠤᠷᠤᠭ ᠵᠡᠷᠭᠡ ᠶᠢ ᠪᠠᠶᠢᠭᠤᠯᠤᠭᠰᠠᠨ ᠶᠠᠪᠤᠴᠠ ᠬᠢᠭᠡᠳ ᠲᠡᠳᠡᠭᠡᠷ ᠤᠨ ᠭᠤᠶᠤ ᠬᠡᠭᠡᠨᠴᠡᠷ ᠪᠠᠶᠠᠨ ᠲᠠᠩᠰᠤᠭ ᠵᠡᠷᠭᠡ ᠪᠦᠬᠦᠢ ᠪᠠᠶᠢᠳᠠᠯ ᠢ ᠲᠤᠩ ᠨᠠᠷᠢᠯᠢᠭ ᠲᠠᠨᠢᠯᠴᠠᠭᠤᠯᠤᠭᠰᠠᠨ ᠶᠤᠮ᠃ ᠭᠡᠪᠡᠴᠦ ᠯᠤ᠋ ᠸᠠᠩ ᠮᠠᠨᠽᠡᠲᠠᠢ ᠶᠢᠨ ᠦᠢᠯᠡ ᠬᠡᠷᠡᠭ ᠢ ᠨᠢᠭᠡ ᠦᠰᠦᠭ ᠴᠤ ᠪᠢᠴᠢᠭᠰᠡᠨ ᠦᠭᠡᠢ ᠪᠠᠷ ᠤᠷᠬᠢᠭᠲᠠᠭᠤᠯᠤᠭᠰᠠᠨ ᠨᠢ ᠲᠤᠩ ᠰᠤᠨᠢᠷᠬᠠᠯᠲᠠᠢ ᠶᠤᠮ᠃ ᠪᠤᠳᠤᠪᠠᠯ᠂ ᠯᠤ᠋ ᠸᠠᠩ ᠰᠠᠩᠭᠠᠪᠠᠯᠠ ᠠᠴᠠ ᠲᠡᠭᠦᠨ ᠤ ᠡᠬᠡ ᠨᠠᠩᠭᠠᠴᠢᠨ ᠪᠠᠬᠢ ︵ᠭᠦᠩᠵᠦ︶ ᠮᠠᠨᠽᠡᠲᠡᠢ ᠸᠠᠩ ᠯᠤᠭ᠎ᠠ ᠭᠡᠷᠯᠡᠭᠰᠡᠨ ᠪᠤᠳᠠᠳᠤ ᠬᠡᠷᠡᠭ ᠢ ᠴᠡᠭᠡᠷᠯᠡᠭᠰᠡᠨ ᠤ ᠤᠴᠢᠷ᠎ᠠ᠂ ᠡᠶᠢᠨᠬᠦ ᠵᠤᠷᠢᠭᠤᠳᠠ ᠤᠷᠬᠢᠭᠳᠠᠭᠤᠯᠤᠭᠰᠠᠨ ᠪᠠᠶᠢᠵᠦ ᠮᠡᠳᠡᠨ᠎ᠡ᠃ ᠤᠴᠢᠷ ᠨᠢ ᠬᠤᠪᠢᠯᠠᠢ ᠰᠡᠴᠡᠨ ᠬᠠᠭᠠᠨ ᠤ ᠭᠤᠷᠪᠠᠳᠤᠭᠠᠷ ᠦᠬᠢᠨ ᠨᠠᠩᠭᠠᠴᠢᠨ ᠪᠠᠬᠢ ︵ᠭᠦᠩᠵᠦ︶ ᠪᠤᠯ ᠯᠤ᠋ ᠸᠠᠩ ᠰᠠᠩᠭᠠᠪᠠᠯᠠ ᠎ ᠶᠢᠨ ᠲᠦᠷᠦᠭᠰᠡᠨ ᠡᠬᠡ ᠨᠢ ᠪᠤᠯᠬᠤ ᠶᠤᠮ᠃ ᠲᠡᠷᠡ ᠬᠤᠩᠬᠢᠷᠠᠳ ᠠᠶᠢᠮᠠᠭ ᠲᠤ ᠮᠤᠷᠳᠠᠵᠦ ᠢᠷᠡᠭᠡᠳ ᠤᠷᠢᠳ ᠬᠤᠵᠢᠳ ᠨᠠᠴᠢᠨ ︵纳陈︶᠎ ᠤ ᠵᠢᠷᠭᠤᠭᠠᠨ ᠬᠦᠪᠡᠬᠦᠨ ᠤ ᠲᠤᠲᠤᠷᠠᠬᠢ ᠤᠷᠤᠴᠡᠨ ︵斡罗陈︶᠂ ᠲᠡᠮᠦᠷ ︵帖木儿︶᠂ ᠮᠠᠨᠽᠡᠲᠡᠢ蛮子台 ᠵᠡᠷᠭᠡ ᠠᠬ᠎ᠠ ᠲᠡᠭᠦᠦ ᠭᠤᠷᠪᠡ ᠲᠠᠢ ᠲᠤᠰ ᠲᠤᠰ ᠭᠡᠷᠯᠡᠪᠡ᠃ ᠲᠡᠮᠦᠷ ᠪᠤᠯ ᠯᠤ᠋ ᠸᠠᠩ ᠰᠠᠩᠭᠠᠪᠠᠯᠠ ᠶᠢᠨ ᠲᠦᠷᠦᠭᠰᠡᠨ ᠡᠴᠢᠭᠡ ᠨᠢ ᠪᠢᠯᠡ᠃ ᠨᠠᠩᠭᠠᠴᠢᠨ ᠪᠠᠬᠢ ᠶᠢᠨ ᠠᠩᠬᠠᠨ ᠤ ᠬᠦᠷᠭᠡᠨ ᠤᠷᠤᠴᠡᠨ ᠨᠤᠶᠠᠨ 1277 ᠤᠨ ᠳᠤ ᠬᠠᠭᠠᠨ ᠤ ᠵᠠᠷᠯᠢᠭ ᠢᠶᠠᠷ ᠮᠦᠩᠭᠡ ᠬᠠᠭᠠᠨ ᠤ ᠬᠦᠪᠡᠬᠦᠨ ᠰᠢᠷᠢᠬᠢ ︵昔里吉︶᠂ ᠠᠷᠢᠭᠪᠤᠬ᠎ᠠ ᠶᠢᠨ ᠬᠦᠪᠡᠬᠦᠨ ᠦᠮᠦᠬᠦᠷ ︵玉木忽儿︶ ᠨᠠᠷ ᠤᠨ ᠲᠡᠭᠳᠡᠭᠡᠭᠰᠡᠨ ᠤᠷᠪᠠᠯᠭᠠᠨ ᠢ ᠲᠠᠷᠤᠩᠭᠤᠶᠢᠯᠠᠬᠤ ᠪᠠᠷ ᠴᠡᠷᠢᠭ ᠲᠠᠶᠢᠴᠢᠯᠠᠨ ᠤᠮᠠᠷᠠᠰᠢ ᠮᠤᠷᠳᠠᠵᠦ ᠭᠤᠷᠪᠠᠨ ᠡᠳᠦᠷ ᠠᠶᠠᠯᠠᠵᠦ᠂ ᠦᠯᠬᠦᠢ ᠭᠤᠤᠯ ︵ 兀鲁回河ᠤᠳᠤᠬᠢ ᠵᠡᠭᠦᠨ ᠦᠵᠦᠮᠦᠴᠢᠨ ᠬᠤᠰᠢᠭᠤᠨ ᠤ ᠤᠯᠠᠭᠠᠢ ᠭᠤᠤᠯ︶᠎ ᠳᠤ ᠬᠦᠷᠦᠭᠡᠳ ᠦᠪᠡᠷ ᠤᠨ ᠲᠦᠷᠦᠭᠰᠡᠨ ᠤᠳᠬᠠᠨ ᠲᠡᠭᠦᠦ ᠵᠢᠷᠭᠤᠭᠠᠲᠠᠢ ︵只儿瓦台︶᠎ ᠶᠢᠨ ᠡᠳᠦᠭᠰᠡᠨ ᠡᠷᠬᠡ ᠪᠤᠯᠢᠶᠠᠬᠤ ᠤᠷᠪᠠᠯᠭᠠᠨ ᠳᠤ ᠵᠠᠪᠰᠢᠶᠠᠨ ᠪᠤᠰᠤ ᠪᠠᠷ ᠬᠤᠤᠷᠯᠠᠭᠳᠠᠭᠰᠠᠨ ᠶᠤᠮ᠂ ᠤᠷᠪᠠᠯᠭᠠᠨ ᠢ ᠲᠦᠪᠰᠢᠳᠭᠡᠭᠰᠡᠨ ᠤ ᠲᠠᠷᠠᠭ᠎ᠠ ᠬᠠᠭᠠᠨᠲᠦ ᠲᠦᠷᠦ ᠶᠢᠨ ᠵᠠᠷᠯᠢᠭ ᠢᠶᠠᠷ ᠵᠢᠷᠭᠤᠭᠠᠲᠠᠢ ᠶᠢ ᠠᠯᠠᠬᠤ ᠶᠠᠯ᠎ᠠ ᠪᠠᠷ ᠴᠠᠭᠠᠵᠢᠯᠠᠵᠠᠢ᠃        ︵2︶  ᠬᠠᠮᠲᠦ ᠠᠰᠠᠷᠠᠭᠳᠠᠭᠰᠠᠨ ᠲᠦᠰᠢᠶ᠎ᠡ ᠲᠦᠰᠢᠮᠡᠯ  通奉大夫  ——  ᠤᠮᠠᠷᠠᠲᠤ ᠰᠦᠩ ᠤᠯᠤᠰ ᠤᠨ ᠨᠠᠢᠮᠠᠳᠤᠭᠠᠷ ᠦᠶ᠎ᠡ ᠶᠢᠨ ᠬᠠᠭᠠᠨ ᠰᠦᠯᠳᠡ ᠲᠡᠭᠡᠳᠦᠰ ︵ᠾᠦᠢ ᠽᠦᠩ  徽宗︶ ᠵᠤᠤ ᠵᠢᠢ ︵赵佶︶ ᠬᠠᠭᠠᠨ ᠤ ᠶᠡᠭᠡ ᠦᠵᠡᠮᠦᠷᠢ ︵ᠳ᠋ᠠ ᠭᠤᠸᠠᠨ大观︶᠎ ᠶᠢᠨ ᠬᠤᠶᠠᠳᠤᠭᠠᠷ ᠤᠨ ︵1108 ᠤᠨ︶᠎ ᠠᠴᠠ ᠡᠬᠢᠯᠡᠨ ᠲᠦᠰᠢᠭᠰᠡᠨ ᠪᠢᠴᠢᠭ ᠤᠨ ᠰᠤᠯᠠ ᠰᠠᠶᠢᠳ ᠤᠨ ᠵᠡᠷᠭᠡ ᠲᠤᠰᠢᠶᠠᠯ ᠪᠤᠯᠤᠨ᠎ᠠ᠃ ᠠᠩᠬ᠎ᠠ ᠪᠢᠴᠢᠭ ᠤᠨ ᠲᠦᠰᠢᠮᠡᠯ ᠤᠨ ᠶᠢᠰᠦᠳᠦᠭᠡᠷ ᠲᠡᠭᠲᠡᠷ ᠤᠨ ᠨᠤᠶᠠᠨ ᠲᠤᠰᠢᠶᠠᠯ ᠪᠠᠶᠢᠪᠠ᠃ ᠠᠯᠲᠠᠨ ᠤᠯᠤᠰ ︵金︶ ᠎ ᠤᠨ ᠦᠶ᠎ᠡ ᠳᠤ ᠡᠨᠡ ᠲᠤᠰᠢᠶᠠᠯ ᠢ ᠮᠦᠨ ᠬᠦ ᠦᠷᠭᠦᠯᠵᠢᠯᠡᠨ ᠲᠦᠰᠢᠵᠦ᠂ ᠳ᠋ᠡᠰ ᠭᠤᠷᠪᠠᠳᠤᠭᠠᠷ ᠵᠡᠷᠭᠡᠲᠡᠨ ︵从三品︶᠎ ᠢᠶᠠᠷ ᠲᠤᠭᠲᠠᠭᠠᠪᠠ᠃ ᠶᠤᠸᠠᠨ ᠤᠯᠤᠰ ᠤᠨ ᠦᠶ᠎ᠡ ᠲᠡᠰ ᠢ ᠨᠢ ᠲᠡᠪᠰᠢᠭᠦᠯᠵᠦ ᠳ᠋ᠡᠰ ᠬᠤᠶᠠᠳᠤᠭᠠᠷ ᠵᠡᠷᠭᠡᠲᠡᠨ ︵从二品︶ ᠪᠤᠯᠭᠠᠪᠠ᠃ ᠮᠢᠩ ᠤᠯᠤᠰ ᠤᠨ ᠦᠶ᠎ᠡ ᠳᠤ ᠳ᠋ᠡᠰ ᠬᠤᠶᠠᠳᠤᠭᠠᠷ ᠵᠡᠷᠭᠡᠲᠡᠨ ᠪᠠᠶᠢᠭᠰᠠᠨ ᠠᠴᠠ ᠨᠢ ᠠᠩᠬ᠎ᠠ ᠲᠤᠲᠤᠭᠠᠳᠤ ᠠᠰᠠᠷᠠᠯᠲᠤ ᠰᠠᠶᠢᠳ ︵中奉大夫︶ ᠪᠤᠯᠭᠠᠭᠠᠳ᠂ ᠲᠠᠬᠢᠨ ᠲᠡᠪᠰᠢᠭᠦᠯᠵᠦ ᠬᠠᠮᠲᠤ ᠠᠰᠠᠷᠠᠭᠳᠠᠭᠰᠠᠨ ᠲᠦᠰᠢᠶ᠎ᠡ ᠲᠦᠰᠢᠮᠡᠯ ︵通奉大夫︶ ᠪᠤᠯᠭᠠᠪᠠ᠃ ᠴᠢᠩ ᠤᠯᠤᠰ ᠦᠭᠡᠶᠢᠰᠭᠡᠪᠡ᠃        ︵ 3  ︶  ᠵᠧᠵᠢᠶᠠᠩ  淛  ——  ᠡᠨᠡ ︽淛︾ ᠭᠡᠰᠡᠨ ᠬᠢᠲᠡᠳ ᠦᠰᠦᠭ ᠪᠤᠯ ᠡᠷᠲᠡᠨ ᠤ ᠬᠢᠲᠠᠳ ᠬᠡᠯᠡᠨ ᠳᠤ ︽浙︾ ᠭᠡᠳᠡᠭ ᠦᠰᠦᠭ ᠲᠠᠢ ᠠᠳᠠᠯᠢ ᠶᠤᠮ᠂ ᠲᠠᠷᠤᠢ ᠤᠳᠤᠬᠢ ᠵᠧᠵᠢᠶᠠᠩ ︵浙江︶ ᠮᠤᠵᠢ ᠶᠢ ᠵᠢᠭᠠᠵᠦ ᠪᠠᠶᠢᠳᠠᠭ᠃        ︵ 4  ︶  ᠬᠤ᠋ ᠽᠦ ᠭᠤᠸᠠᠩ 胡祖廣  ——  ︽ᠶᠤᠸᠠᠨ ᠤᠯᠤᠰ ᠤᠨ ᠰᠤᠳᠤᠷ元史︾᠎ ᠲᠤᠷ ᠬᠤ᠋ ᠽᠦ ᠭᠤᠸᠠᠩ ᠤᠨ ᠱᠠᠰᠳᠢᠷ ᠠᠯᠠᠭ᠎ᠠ᠃ ᠭᠡᠷᠡᠯᠲᠦ ᠬᠦᠰᠢᠶᠡᠨ ᠤ ᠪᠢᠴᠢᠭ ᠲᠤᠷ ᠪᠢᠴᠢᠭᠰᠡᠨ ᠬᠤ᠋ ᠽᠦ ᠭᠤᠸᠠᠩ ᠤᠨ  ᠦᠪᠡᠷ ᠤᠨ ᠬᠢᠨᠢ ᠲᠤᠰᠢᠶᠠᠭᠰᠠᠨ ᠨᠤᠶᠠᠨ ᠲᠤᠰᠢᠶᠠᠯ ᠨᠢ ᠪᠤᠯ᠄ ︽ᠬᠠᠮᠲᠦ ᠠᠰᠠᠷᠠᠭᠳᠠᠭᠰᠠᠨ ᠲᠦᠰᠢᠶ᠎ᠡ ᠲᠦᠰᠢᠮᠡᠯ᠂ ᠵᠧᠵᠢᠶᠠᠩ ᠤᠨ ᠵᠡᠭᠦᠨᠳᠡᠬᠢ ᠲᠠᠯᠠᠢ ᠶᠢᠨ ᠪᠠᠷᠠᠭᠤᠨ ᠳ᠋ᠤᠤᠯᠢ ᠶᠢᠨ ᠵᠠᠰᠠᠭ ᠲᠤᠷ ᠬᠢᠴᠢᠶᠡᠩᠭᠦᠶᠢᠯᠡᠨ ᠴᠢᠭᠡᠴᠢ ᠶᠢ ᠰᠤᠷᠪᠤᠯᠵᠢᠯᠠᠬᠤ ᠲᠦᠰᠢᠮᠡᠯ ᠬᠤ᠋ ᠽᠦ ᠭᠤᠸᠠᠩ︾ ᠭᠡᠪᠡ᠃ ᠶᠤᠸᠠᠨ ᠤᠯᠤᠰ ᠤᠨ ᠦᠶ᠎ᠡ ᠳᠤ ᠬᠦᠬᠡᠮᠦ᠋ᠷᠡᠨ ᠬᠢᠭᠡᠳ ᠵᠧᠵᠢᠶᠠᠩ ᠭᠠᠵᠠᠷ ᠲᠠᠬᠢ ᠬᠤᠪᠢᠶᠠᠷᠢ ᠲᠦᠪ ᠪᠢᠴᠢᠭ ᠤᠨ ᠮᠤᠵᠢ ᠶᠢᠨ ᠲᠤᠤᠷ᠎ᠠ ᠵᠧᠵᠢᠶᠠᠩ ᠤᠨ ᠵᠡᠭᠦᠨᠳᠡᠬᠢ ᠲᠠᠯᠠᠢ ᠶᠢᠨ ᠪᠠᠷᠠᠭᠤᠨ ᠳ᠋ᠤᠤᠯᠢ ᠶᠢᠨ ᠵᠠᠰᠠᠭ ᠢ ᠠᠷᠢᠭᠤᠳᠬᠠᠨ ᠴᠢᠭᠡᠴᠢ ᠶᠢ ᠰᠤᠷᠪᠤᠯᠵᠢᠯᠠᠬᠤ ᠵᠤᠷᠭᠠᠨ ᠢ ᠪᠠᠶᠢᠭᠤᠯᠤᠭᠰᠠᠨ ᠪᠠᠶᠢᠪᠠ᠃ ︽ᠶᠤᠸᠠᠨ ᠤᠯᠤᠰ ᠤᠨ ᠰᠤᠳᠤᠷ  元史᠂ ᠠᠷᠪᠠᠨ ᠵᠢᠷᠭᠤᠳᠤᠭᠠᠷ ᠪᠤᠳᠢ  卷一六᠂ ᠰᠤᠷᠪᠤᠯᠵᠢ ᠤᠷᠢᠳᠤᠰ ᠤᠨ ᠴᠠᠳᠢᠭ ᠠᠷᠪᠠᠨ ᠭᠤᠷᠪᠠ  世祖纪十三︾᠎ ᠳᠠᠬᠢ ᠬᠤᠪᠢᠯᠠᠢ ᠰᠡᠴᠡᠨ ᠬᠠᠭᠠᠨ ᠤ ᠤᠨᠤᠯᠲᠦ ᠲᠡᠷᠢᠭᠦᠨ ᠤ ᠬᠤᠷᠢᠨ ᠨᠠᠢᠮᠠᠳᠤᠭᠠᠷ ᠤᠨ ︵1291 ᠤᠨ︶᠎ ᠤ ᠬᠤᠶᠠᠳᠤᠭᠠᠷ ᠰᠠᠷ᠎ᠠ ᠶᠢᠨ ᠲᠡᠮᠳᠡᠭᠯᠡᠯ ᠳᠤ᠄ ︽ᠤᠯᠠᠭᠠᠨ ᠨᠤᠬᠠᠢ ᠡᠳᠤᠷ᠂ ᠵᠠᠷᠯᠢᠭ ᠪᠠᠭᠤᠯᠭᠠᠵᠦ᠂ ᠲᠠᠪᠤᠰᠤᠨ ᠵᠦᠭᠡᠭᠡᠪᠦᠷᠢ ᠶᠢ ᠪᠦᠷᠢᠳᠭᠡᠨ ᠲᠤᠭᠠᠴᠠᠵᠦ ᠡᠷᠡᠭᠦᠦ ᠴᠠᠭᠠᠵᠠ ᠪᠠᠷ ᠰᠢᠭᠦᠨ ᠰᠢᠳᠭᠡᠬᠦ ᠶᠢ ᠲᠤᠯᠭᠠᠨ ᠪᠠᠶᠢᠴᠠᠭᠠᠬᠤ ᠵᠤᠷᠭᠠᠨ ︵提※刑按察司︶᠎ ᠢ ᠦᠭᠡᠷᠴᠢᠯᠡᠵᠦ᠂ ᠵᠠᠰᠠᠭ ᠢ ᠠᠷᠢᠭᠤᠳᠬᠠᠨ ᠴᠢᠭᠡᠴᠢ ᠶᠢ ᠰᠤᠷᠪᠤᠯᠵᠢᠯᠠᠬᠤ ᠵᠤᠷᠭᠠᠨ ︵肃政廉访司︶ ᠪᠤᠯᠭᠠᠲᠤᠭᠠᠢ︕  ᠲᠡᠶᠢᠨᠬᠦ ᠳ᠋ᠤᠤᠯᠢ ᠨᠢᠭᠡᠪᠦᠷᠢ ᠳᠤᠷ ᠨᠠᠢᠮᠠᠨ ᠤᠷᠤᠨ ᠲᠤᠭ᠎ᠠ ᠶᠢ ᠲᠤᠬᠢᠷᠠᠭᠤᠯᠤᠨ᠂ ᠨᠤᠶᠠᠨ ᠲᠦᠰᠢᠲᠦᠭᠡᠢ᠃ ᠡᠭᠦᠨ ᠳᠤᠷ᠄ ᠬᠤᠶᠠᠷ ᠭᠤᠴᠤᠭ ᠢ ᠵᠤᠷᠭᠠᠨ ᠎ ᠳᠤᠨᠢ ᠦᠯᠡᠳᠡᠭᠡᠨ ᠨᠢᠭᠡ ᠵᠤᠷᠭᠠᠨ ᠢ ᠶᠡᠷᠦᠩᠬᠡᠶᠢᠯᠡᠨ ᠵᠠᠬᠢᠷᠠᠭᠤᠯᠬᠤ ᠠᠴᠠ ᠭᠠᠳᠠᠨ᠎ᠠ ᠦᠯᠡᠳᠡᠭᠰᠡᠨ ᠵᠢᠷᠭᠤᠭᠠᠨ ᠬᠦᠮᠦᠨ ᠎ ᠢ ᠢᠨᠦ ᠬᠠᠷᠢᠶᠠᠲᠤ ᠭᠠᠵᠠᠷ ᠤᠨ ᠬᠢᠨᠢ ᠤᠶᠢᠷ᠎ᠠ ᠬᠠᠪᠢ ᠳᠤᠷ ᠬᠤᠪᠢᠶᠠᠨ ᠲᠤᠬᠢᠷᠠᠭᠤᠯᠵᠦ᠂ ᠢᠷᠭᠡᠨ ᠤ ᠬᠡᠷᠡᠭ᠂ ᠬᠦᠨᠡᠰᠦ ᠮᠦᠩᠬᠦ ᠪᠠ ᠨᠤᠶᠠᠳ ᠠᠯᠪᠠᠲᠠᠳ ᠤᠨ ᠬᠤᠪᠢᠯᠳᠤᠨ ᠵᠢᠰᠦᠷᠯᠡᠬᠦ ᠶᠢ ᠪᠠᠶᠢᠴᠠᠭᠠᠬᠤ ᠵᠡᠷᠭᠡ ᠪᠦᠬᠦᠢ ᠠᠵᠢᠯ ᠢ ᠲᠠᠭᠠᠭᠠᠴᠢᠯᠠᠨ ᠬᠢᠲᠦᠭᠡᠢ᠃ ᠵᠢᠯ ᠤᠨ ᠡᠴᠤᠰ ᠪᠤᠯᠬᠤᠯ᠎ᠠ ᠮᠤᠵᠢ ︵省︶᠂ ᠵᠠᠬᠢᠷᠭ᠎ᠠ ︵台︶᠎ ᠠᠴᠠ ᠨᠤᠶᠠᠨ ᠲᠤᠮᠢᠯᠠᠨ ᠲᠡᠳᠡᠨᠡᠷ ᠤᠨ ᠭᠠᠪᠢᠶ᠎ᠠ ᠪᠦᠲᠦᠮᠵᠢ ᠶᠢ ᠰᠢᠯᠭᠠᠷᠠᠭᠤᠯᠲᠤᠭᠠᠢ︾ ᠬᠡᠮᠡᠪᠡᠢ᠃ ᠶᠤᠸᠠᠨ ᠤᠯᠤᠰ ᠤᠨ ᠦᠶ᠎ᠡ ᠶᠢᠨ ᠴᠢᠭᠡᠴᠢ ᠶᠢ ᠰᠤᠷᠪᠤᠯᠵᠢᠯᠠᠬᠤ ᠲᠦᠰᠢᠮᠡᠯ ︵廉访使︶ ᠪᠤᠯ ᠴᠢᠭ ᠭᠤᠷᠪᠠᠳᠤᠭᠠᠷ ᠵᠡᠷᠭᠡᠲᠡᠨ ︵正三品 ︶ ᠪᠤᠯᠬᠤ ᠶᠤᠮ᠃ ᠡᠨᠡ ᠭᠡᠷᠡᠯᠲᠦ ᠬᠦᠰᠢᠶ᠎ᠡ ᠶᠢ ᠪᠤᠯ ᠲᠤᠭᠤᠭᠠᠨᠲᠡᠮᠦᠷ ᠬᠠᠭᠠᠨ ᠤ ᠤᠨᠤᠯᠲᠦ ᠲᠦᠪ ︵ᠵᠾᠢ ᠵᠧᠩ至正︶᠎ ᠤᠨ ᠭᠤᠷᠪᠠᠳᠤᠭᠠᠷ ᠤᠨ ︵1343 ᠤᠨ︶᠎ ᠳᠤ ᠵᠢᠨᠢᠩ ᠴᠦᠯᠭᠡ ᠳᠤ ᠪᠤᠰᠬᠠᠵᠠᠢ᠃        ︽ᠵᠢᠦᠢ ᠶᠧ ᠰᠢᠶᠠᠨ ᠤ ᠤᠶᠢᠯᠠᠯᠭ᠎ᠠ ︵巨野县志︶︾᠎ ᠶᠢᠨ ᠬᠤᠷᠢᠳᠤᠭᠠᠷ ᠪᠤᠳᠢ ᠶᠢᠨ ᠲᠤᠲᠤᠷ᠎ᠠ ᠮᠦᠨ ᠬᠤ᠋ ᠽᠦ ᠭᠤᠸᠠᠩ ᠤᠨ ᠪᠢᠴᠢᠭᠰᠡᠨ ︽ᠪᠠᠭᠠᠲᠤᠷ ᠪᠤᠳᠤᠯᠭᠠᠲᠤ ᠵᠠᠩᠵᠤᠨ ᠵᠢᠨᠢᠩ ᠴᠦᠯᠭᠡ ᠶᠢᠨ ᠶᠡᠷᠦᠩᠬᠢ ᠵᠠᠬᠢᠷᠭ᠎ᠠ ᠶᠢᠨ ᠬᠤᠷᠤᠭ᠎ᠠ ᠶᠢᠨ ᠲᠠᠷᠤᠭᠠᠴᠢ ᠶᠢᠨ ᠲᠡᠭᠡᠳᠦᠰ ᠤᠨ ᠤᠩᠭᠤᠨ ᠤ ᠪᠤᠳᠢ ᠮᠦᠷ ᠤᠨ ᠬᠦᠰᠢᠶᠡᠨ ᠤ ᠪᠢᠴᠢᠭ  武略将军济宁路总管府达鲁花赤先茔神道碑︾ ᠭᠡᠰᠡᠨ ᠪᠠᠰᠠ ᠨᠢᠭᠡ ᠬᠤᠪᠢ ᠵᠤᠬᠢᠶᠠᠯ ᠪᠠᠶᠢᠪᠠ᠃ ᠲᠤᠰ ᠪᠤᠳᠢ ᠮᠦᠷ ᠤᠨ ᠬᠦᠰᠢᠶᠡᠨ ᠤ ᠪᠢᠴᠢᠭ ᠲᠤ ᠬᠤ᠋ ᠽᠦ ᠭᠤᠸᠠᠩ ᠦᠪᠡᠷ ᠤᠨ ᠨᠤᠶᠠᠨ ᠲᠤᠰᠢᠶᠠᠯ ᠢᠶᠠᠨ ᠪᠢᠴᠢᠬᠦ ᠳᠡᠭᠡᠨ᠄ ︽ᠲᠤᠲᠤᠭᠠᠲᠤ ᠠᠰᠠᠷᠠᠯᠲᠦ ᠲᠦᠰᠢᠶ᠎ᠡ ᠲᠦᠰᠢᠮᠡᠯ᠂ ᠵᠢᠶᠠᠩᠰᠢ ᠵᠡᠷᠭᠡ ᠭᠠᠵᠠᠷ ᠤᠨ ᠬᠤᠪᠢᠶᠠᠷᠢ ᠲᠦᠪ ᠪᠢᠴᠢᠭ ᠤᠨ ᠮᠤᠵᠢ ᠶᠢᠨ ᠲᠦᠷᠦ ᠶᠢᠨ ᠬᠡᠷᠡᠭ ᠢ ᠵᠦᠪᠳᠡᠨ ᠮᠡᠳᠡᠭᠴᠢ ᠲᠦᠰᠢᠮᠡᠯ  中奉大夫᠂江西等处行中书省参知政事︾ ᠭᠡᠪᠡ᠃ ᠶᠤᠸᠠᠨ ᠤᠯᠤᠰ ᠤᠨ ᠦᠶ᠎ᠡ ᠶᠢᠨ ᠬᠤᠪᠢᠶᠠᠷᠢ ᠮᠤᠵᠢ ᠶᠢᠨ ᠲᠦᠷᠦ ᠶᠢᠨ ᠬᠡᠷᠡᠭ ᠢ  ᠵᠦᠪᠳᠡᠨ ᠮᠡᠳᠡᠭᠴᠢ ᠲᠦᠰᠢᠮᠡᠯ ︵行省参知政事︶ ᠪᠤᠯ ᠳ᠋ᠡᠰ ᠬᠤᠶᠠᠳᠤᠭᠠᠷ ᠵᠡᠷᠭᠡᠲᠡᠨ ︵从二品︶ ᠪᠤᠯᠤᠨ᠎ᠠ᠃ ᠲᠤᠰ ᠪᠤᠳᠢ ᠮᠦᠷ ᠤᠨ ᠬᠦᠰᠢᠶᠡᠨ ᠤ ᠪᠢᠴᠢᠭ ᠨᠢ ᠲᠤᠭᠤᠭᠠᠨᠲᠡᠮᠦᠷ ᠬᠠᠭᠠᠨ ᠤ ᠡᠰᠢ ᠶᠤᠰᠤᠲᠦ ︵ᠶᠤᠸᠠᠨ ᠲᠦᠩ  元统︶ ᠎ ᠶᠢᠨ ᠬᠤᠶᠠᠳᠤᠭᠠᠷ ᠤᠨ ︵1334 ᠤᠨ︶᠎ ᠳᠤ ᠪᠤᠰᠬᠠᠭᠳᠠᠵᠠᠢ᠃       ᠡᠭᠦᠨ ᠠᠴᠠ ᠪᠤᠰᠤᠳ ᠰᠤᠳᠤᠷ ᠪᠢᠴᠢᠭ ᠤᠳ ᠢ ᠪᠠᠶᠢᠴᠠᠭᠠᠬᠤᠯ᠎ᠠ ᠸᠧᠢᠢᠲᠨᠠᠮ ᠤᠨ ᠬᠠᠭᠤᠴᠢᠨ ᠲᠦᠷᠦ ︵越南陈朝︶᠎ ᠶᠢᠨ ᠯᠢ ᠽᠧ ︵黎崱︶ ᠬᠡᠮᠡᠭᠴᠢ ᠶᠢᠨ ᠪᠢᠴᠢᠭᠰᠡᠨ ︽ᠠᠮ ᠨᠠᠮ ᠤᠨ ᠤᠶᠢᠯᠠᠯᠭ᠎ᠠ ᠶᠢᠨ ᠲᠤᠪᠴᠢᠶ᠎ᠠ ︵安南志略︶︾ ᠬᠡᠮᠡᠬᠦ ᠪᠢᠴᠢᠭ ᠲᠤ ᠬᠤ᠋ ᠽᠦ ᠭᠤᠸᠠᠩ ᠤᠨ ᠨᠡᠷ᠎ᠡ ᠴᠤᠬᠤᠰ ᠲᠤᠷᠠᠳᠤᠭᠳᠠᠭᠰᠠᠨ ᠶᠤᠮ᠃ ᠲᠤᠰ ᠪᠢᠴᠢᠭ ᠲᠤ᠄ ︽ᠬᠠᠷᠠᠭᠴᠢᠨ ᠮᠤᠭᠠᠢ ᠵᠢᠯ ᠳᠤᠷ᠂ ᠲᠦᠷᠦ ᠠᠴᠠ ᠠᠮ ᠨᠠᠮ ᠬᠤᠪᠢᠶᠠᠷᠢ ᠮᠤᠵᠢ ᠶᠢ ᠪᠠᠶᠢᠭᠤᠯᠪᠠᠢ᠃ ᠲᠡᠭᠰᠢ ᠵᠦᠪᠯᠡᠭᠴᠢ ᠲᠦᠰᠢᠮᠡᠯ ︵平章︶ ᠯᠢᠦ ᠡᠯ ᠪᠠᠲᠤ ︵刘二拔都︶᠎ ᠳᠤᠷ᠂ ᠢᠲᠡᠭᠡᠯ ᠨᠠᠶᠢᠳᠠᠪᠦᠷᠢᠲᠠᠢ ᠪᠦᠭᠡᠳ ᠢᠵᠢᠯ ᠵᠤᠷᠢᠯᠲᠠ ᠲᠠᠢ ᠯᠢ ᠽᠧ ︵李崱︶ ᠬᠢᠭᠡᠳ ᠮᠤᠵᠢ ᠎ ᠶᠢᠨ ᠢᠯᠭᠠᠭᠴᠢ ᠲᠦᠰᠢᠮᠡᠯ ︵省郎︶ ᠬᠤ᠋ ᠽᠦ ᠭᠤᠸᠠᠩ ᠬᠠᠨ ᠴᠢᠩ ︵胡祖广汉卿︶᠂ ᠲᠦᠮᠡᠲᠦ ᠶᠢᠨ ᠨᠤᠶᠠᠨ ︵万户︶ ᠬᠤ᠋ ᠵᠢᠢ ᠶᠢᠨ ︵胡继殷︶ ᠨᠠᠷ ᠢ ᠲᠤᠮᠢᠯᠠᠭᠰᠠᠨ᠎ᠠ ᠲᠦᠷᠭᠡᠨ ᠤᠯᠠᠭ᠎ᠠ ᠪᠠᠷ ᠬᠦᠬᠡᠮᠦ᠋ᠷᠡᠨ ᠵᠧᠵᠢᠶᠠᠩ ᠳᠤᠷ ᠤᠳᠴᠤ᠂ ᠴᠡᠷᠢᠭ ᠤᠨ ᠶᠠᠪᠤᠳᠠᠯ ᠢ ᠪᠦᠷᠢᠳᠭᠡᠨ ᠲᠦᠪᠬᠢᠨᠡᠭᠦᠯᠦᠭᠡᠳ ᠲᠠᠬᠢᠨᠲᠠ ᠬᠠᠩᠵᠸᠦ ᠪᠠᠷ ᠦᠩᠭᠡᠷᠡᠨ ︵ᠲᠤᠷᠤᠭᠰᠢ ᠲᠤᠪᠴᠢᠯᠠᠪᠠ︶︾ ᠭᠡᠪᠡ᠃ ᠠᠳᠡ ᠢᠯᠡᠷᠡᠭᠰᠡᠨ ᠬᠠᠷᠠᠭᠴᠢᠨ ᠮᠤᠭᠠᠢ ᠵᠢᠯ ᠭᠡᠳᠡᠭ ᠪᠤᠯ ᠬᠤᠪᠢᠯᠠᠢ ᠰᠡᠴᠡᠨ ᠬᠠᠭᠠᠨ ᠤ ᠤᠨᠤᠯᠲᠦ ᠲᠡᠷᠢᠭᠦᠨ ︵ᠵᠾᠢ ᠶᠤᠸᠠᠨ至元︶᠎ ᠤ ᠭᠤᠴᠢᠳᠤᠭᠠᠷ ᠤᠨ ︵1293 ᠤᠨ︶ ᠪᠤᠯᠤᠨ᠎ᠠ︔ ᠯᠢᠦ ᠡᠯ ᠪᠠᠲᠦ ᠭᠡᠳᠡᠭ ᠪᠤᠯ ᠶᠤᠸᠠᠨ ᠤᠯᠤᠰ ᠤᠨ ᠨᠡᠷᠡᠲᠦ ᠵᠠᠩᠵᠦᠨ ᠵᠦᠷᠴᠢᠨ ︵女真︶ ᠬᠦᠮᠦᠨ ᠯᠢᠦ ᠭᠦᠸᠧ ᠵᠢᠶᠧ ︵刘国杰︶ ᠪᠤᠯᠤᠨ᠎ᠠ︔ ᠬᠠᠨ ᠴᠢᠩ ᠭᠡᠳᠡᠭ ᠪᠤᠯ ᠬᠤ᠋ ᠽᠦ ᠭᠤᠸᠠᠩ ᠤᠨ ᠡᠷᠭᠦᠭᠰᠡᠨ ᠨᠡᠷ᠎ᠡ ︵字︶ ᠪᠤᠯᠬᠤ ᠶᠤᠮ᠃ ᠡᠶᠢᠮᠦ ᠠᠴᠠ ᠬᠤ᠋ ᠽᠦ ᠭᠤᠸᠠᠩ ᠪᠤᠯ ᠶᠤᠸᠠᠨ ᠤᠯᠤᠰ ᠤᠨ ᠪᠢᠴᠢᠭ ᠤᠨ ᠰᠠᠶᠢᠳ ᠪᠠᠶᠢᠭᠰᠠᠨ ᠮᠦᠷᠲᠡᠭᠡᠨ ᠪᠠᠰᠠ ᠴᠡᠷᠢᠭ ᠤᠨ ᠲᠦᠰᠢᠮᠡᠯ ᠪᠠᠶᠢᠭᠰᠠᠨ ᠪᠠᠶᠢᠵᠠᠢ᠃       ※ ᠠᠳᠡ ᠡᠷᠲᠡᠨ ᠤ ᠬᠠᠭᠠᠨᠲᠦ ᠲᠦᠷᠦ ᠶᠢᠨ ︽提刑︾ ᠭᠡᠳᠡᠭ ᠵᠠᠰᠠᠭ ᠵᠠᠬᠢᠷᠭᠠᠨ ᠤ ᠬᠠᠤᠯᠢ ᠴᠠᠭᠠᠵᠠ ᠶᠢᠨ ᠵᠤᠷᠭᠠᠨ ᠢ ᠲᠦᠭᠦᠮ ᠲᠠᠶᠢᠯᠪᠤᠷᠢᠯᠠᠬᠤ ᠴᠢᠬᠤᠯᠲᠠᠢ ᠪᠤᠯᠤᠭᠠᠳ ᠪᠤᠢ᠃ ᠡᠨᠡ ᠬᠤᠶᠠᠷ ᠦᠰᠦᠭ ᠤᠨ ᠵᠠᠩᠭᠢᠯᠭ᠎ᠠ ᠨᠢ ︽提刑︾ ᠬᠡᠰᠡᠨ ᠲᠤᠪᠴᠢᠯᠠᠭᠰᠠᠨ ᠦᠭᠡᠨ ᠳᠤ ᠪᠤᠢ᠃ ᠡᠨᠡ ᠨᠢ ᠦᠨᠡᠨᠳᠡᠭᠡᠨ ︽提点刑狱公事︾ ᠭᠡᠰᠡᠨ ᠦᠭᠡ ᠶᠢᠨ ᠲᠤᠪᠴᠢᠯᠠᠯ ᠪᠤᠯᠬᠤ ᠶᠤᠮ᠃ ᠡᠬᠦᠨ ᠳᠤ᠄ ︽提点︾ ᠭᠡᠳᠡᠭ ᠨᠢ ︽提举︾ ︽检点︾ ᠭᠡᠬᠦ ᠬᠤᠶᠠᠷ ᠲᠤᠰᠭᠠᠷ ᠲᠤᠰᠢᠶᠠᠯ ᠤᠨ ᠲᠤᠪᠴᠢᠯᠠᠯ ᠪᠤᠯᠤᠨ᠎ᠠ᠃ ︽提举︾ ᠭᠡᠳᠡᠭ ᠎ ᠨᠢ ᠲᠠᠪᠤᠰᠤᠨ ᠵᠦᠭᠡᠭᠡᠪᠦᠷᠢ ᠶᠢ ᠬᠠᠮᠢᠶᠠᠷᠬᠤ ᠵᠤᠷᠭᠠᠨ︔ ︽检点︾ ᠭᠡᠳᠡᠭ ᠨᠢ ᠲᠤᠭ᠎ᠠ ᠪᠦᠷᠢᠳᠭᠡᠯ ᠤᠨ ᠵᠤᠷᠭᠠᠨ︔ ︽刑︾ ᠭᠡᠳᠡᠭ ᠨᠢ ᠰᠢᠭᠦᠨ ᠰᠢᠳᠭᠡᠬᠦ ᠡᠷᠡᠭᠦᠦ ᠶᠢᠨ ᠵᠤᠷᠭᠠᠨ ︽刑狱︾᠎ ᠢ ᠵᠢᠭᠠᠭᠰᠠᠨ ᠨᠡᠷ᠎ᠡ ᠶᠤᠮ᠃ ︽按察︾ ᠭᠡᠳᠡᠭ ᠨᠢ ᠲᠤᠯᠭᠠᠨ ᠪᠠᠶᠢᠴᠠᠭᠠᠬᠤ ᠵᠤᠷᠭᠠᠨ ᠢ ᠬᠡᠯᠡᠨ᠎ᠡ᠃        ︵ 5  ︶  ᠡᠯᠦᠨᠴᠡ ᠡᠪᠦᠭᠡ  曾大父——  ᠡᠯᠦᠨᠴᠡ ᠭᠡᠳᠡᠭ ᠪᠤᠯ ᠡᠪᠦᠭᠡ ᠶᠢᠨ ᠡᠴᠢᠭᠡ ᠎ ᠶᠢ ᠵᠢᠭᠠᠳᠠᠭ ᠦᠶ᠎ᠡ ᠵᠡᠷᠭᠡᠮᠵᠢ ᠶᠢᠨ ᠲᠠᠭᠤᠳᠠᠯᠭ᠎ᠠ᠃ ᠡᠪᠦᠭᠡ ᠭᠡᠳᠡᠭ ᠪᠤᠯ ᠡᠴᠢᠭᠡ ᠶᠢᠨ ᠡᠴᠢᠭᠡ ᠶᠢ ᠵᠢᠭᠠᠳᠠᠭ᠃ ᠬᠢᠲᠠᠳ ᠬᠡᠯᠡᠨ ᠳᠠᠬᠢ ︽曾︾ ᠭᠡᠳᠡᠭ ᠨᠢ ᠪᠡᠶ᠎ᠡ ᠠᠴᠠ ᠲᠡᠭᠡᠭᠰᠢ ᠪᠤᠶᠤ ᠲᠤᠷᠤᠭᠰᠢ ᠬᠤᠶᠠᠷ ᠦᠶ᠎ᠡ ᠶᠢ ᠠᠯᠤᠰᠯᠠᠭᠰᠠᠨ ᠦᠶ᠎ᠡ ᠵᠡᠷᠭᠡᠮᠵᠢ ᠶᠢᠨ ᠲᠠᠭᠤᠳᠠᠯᠭ᠎ᠠ ᠪᠠᠶᠢᠵᠦ᠂ ︽大父︾ ᠭᠡᠳᠡᠭ ᠨᠢ ᠡᠪᠦᠭᠡ ᠶᠢ ᠵᠢᠭᠠᠭᠰᠠᠨ ᠲᠠᠭᠤᠳᠠᠯᠭ᠎ᠠ ᠪᠤᠯᠬᠤ ᠶᠤᠮ᠃        ︵ 6  ︶  ᠳ᠋ᠢᠢ ᠰᠡᠴᠡᠨ 特薛禪  ——  ᠬᠤᠩᠬᠢᠷᠠᠳ ᠠᠶᠢᠮᠠᠭ ᠤᠨ ᠪᠤᠰᠬᠤᠷ ᠤᠪᠤᠭᠲᠠᠨ ᠤ ᠠᠬᠠᠯᠠᠭᠴᠢ᠂ ᠠᠯᠴᠤ ᠨᠤᠶᠠᠨ ᠬᠢᠭᠡᠳ ᠪᠦᠷᠲᠡ ᠦᠵᠢᠨ ᠤ ᠡᠴᠢᠭᠡ᠃ ᠲᠡᠤᠬᠡᠨ ᠲᠡᠮᠳᠡᠭᠯᠡᠯ ᠢ ᠦᠨᠳᠦᠰᠦᠯᠡᠪᠡᠯ᠄ ᠳ᠋ᠢᠢ ᠰᠡᠴᠡᠨ ᠤ ᠡᠴᠢᠭᠡ ᠨᠢ ᠲᠠᠷᠬᠠᠨ ︵达尔罕︶ ᠭᠡᠳᠡᠭ ᠪᠦᠭᠡᠳ ᠲᠡᠭᠦᠨ ᠠᠴᠠ ᠳ᠋ᠢᠢ ᠎ ᠶᠢᠨ ︵特因︶᠂ ᠬᠠᠳᠠ ︵哈达︶᠂ ᠪᠦᠪᠡᠨ ︵布奔︶᠂ ᠨᠡᠶᠢᠭᠦᠲᠡᠷ ︵乃古塔尔︶᠂ ᠰᠤᠶᠢᠬᠦᠷ ︵崔和尔︶ ᠭᠡᠬᠦ ᠲᠠᠪᠤᠨ ᠬᠦᠪᠡᠬᠦᠨ ᠲᠠᠢ ᠶᠤᠮ᠃ ᠳ᠋ᠢᠢ ᠰᠡᠴᠡᠨ ᠠᠴᠠ ᠠᠯᠴᠤ ︵按陈︶᠂ ᠠᠬᠤᠲᠠᠢ ︵火忽︶᠂ ᠴᠧ ︵册︶ ᠭᠡᠬᠦ ᠭᠤᠷᠪᠠᠨ ᠬᠦᠪᠡᠬᠦᠨ ᠠᠴᠠ ᠭᠠᠳᠠᠨ᠎ᠠ ᠪᠦᠷᠲᠡ ︵孛儿帖︶ ᠭᠡᠳᠡᠭ ᠨᠢᠭᠡ ᠦᠬᠢᠨ ᠲᠠᠢ ᠪᠠᠶᠢᠵᠠᠢ᠃        ︵ 7  ︶  ᠸᠠᠩ ᠬᠠᠨ 王漢  ——  ᠲᠦ᠋ ᠵᠢᠢ ︵屠寄︶᠎ ᠶᠢᠨ ︽ᠮᠤᠩᠭᠤᠯ ᠤᠨ ᠲᠡᠤᠬᠡᠨ ᠲᠡᠮᠳᠡᠭᠯᠡᠯ ︵蒙兀儿史记︶︾᠎ ᠳᠠᠬᠢ ︽ᠳ᠋ᠢᠢ ᠰᠡᠴᠡᠨ ᠪᠦᠳᠦᠷ ᠤᠨ ᠱᠠᠰᠳᠢᠷ︾᠎ ᠲᠤ᠄ ︽ᠴᠠᠭᠠᠨ ᠪᠡᠴᠢᠨ ᠵᠢᠯ ︵1200 ᠤᠨ︶᠎ ᠳᠤᠷ᠂ ᠴᠢᠩᠭᠢᠰ ᠲᠠᠶᠢᠴᠢᠭᠤᠳ ︵泰亦赤兀︶᠎ ᠢ ᠢᠯᠠᠭᠰᠠᠨ᠎ᠠ ᠨᠡᠷ᠎ᠡ ᠰᠦᠷ ᠢᠨᠦ ᠦᠭᠡᠳᠡᠭᠰᠢ ᠮᠠᠨᠳᠤᠭᠰᠠᠨ ᠤᠴᠢᠷ ᠠᠴᠠ ᠬᠠᠳᠠᠬᠢᠨ ︵合塔斤︶ ᠰᠠᠯᠵᠢᠭᠤᠳ ︵撒勒只兀惕︶ ᠬᠤᠶᠠᠷ ᠠᠶᠢᠮᠠᠭ ᠤᠨ ᠬᠢᠨᠢ ᠲᠤᠭᠲᠠᠭᠤᠨ ᠪᠤᠰᠤ ᠪᠤᠯᠵᠤᠬᠤᠢ᠃ ᠲᠡᠳᠡᠨ ᠤ ᠠᠬᠠᠯᠠᠭᠴᠢ ᠪᠠᠭ᠋ᠠᠰᠤᠯᠵᠢᠭ ︵巴忽搠罗吉句︶︾ ᠬᠢᠭᠡᠳ ᠴᠢᠯᠡᠭᠦᠳᠠᠢ ᠪᠠᠭᠠᠲᠤᠷ ︵赤儿古歹巴阿秃儿︶ ᠬᠡᠮᠡᠭᠴᠢ ᠲᠦᠷᠪᠡᠳ ︵朵儿边︶᠂ ᠲᠠᠲ᠋ᠠᠷ ︵塔塔儿︶᠂ ᠢᠭᠢᠷᠠᠰ ︵亦乞列思︶᠂ ᠤᠩᠬᠢᠷᠠᠳ ︵翁吉剌︶᠂ ᠭᠤᠷᠤᠯᠤᠰ ︵豁罗剌思︶᠂ ᠨᠠᠢᠮᠠᠨ ︵乃蛮︶᠂ ᠮᠡᠷᠭᠢᠳ ︵蔑儿乞︶᠂ ᠤᠶᠢᠷᠠᠳ ︵斡亦剌︶᠂ ᠲᠠᠶᠢᠴᠢᠭᠤᠳ ︵泰亦赤兀︶ ᠵᠡᠷᠭᠡ ᠠᠷᠪᠠᠨ ᠨᠢᠭᠡᠨ ᠠᠶᠢᠮᠠᠭ ᠢ ᠠᠯᠬᠦᠢ ᠪᠤᠯᠠᠭ ︵阿勒灰泉︶ ᠬᠡᠮᠡᠬᠦ ᠭᠠᠵᠠᠷ ᠲᠤᠷ ᠬᠤᠷᠠᠨ ᠴᠤᠭᠯᠠᠷᠠᠭᠤᠯᠤᠭᠠᠳ ᠴᠢᠩᠬᠢᠰ ᠢ ᠭᠡᠨᠡᠳᠡᠭᠦᠯᠦᠨ ᠲᠠᠶᠢᠯᠠᠲᠤᠭᠠᠢ ᠬᠡᠮᠡᠵᠡᠭᠡᠪᠡᠢ᠃ ᠳ᠋ᠢᠢ ᠰᠡᠴᠡᠨ ᠤ ᠤᠭᠰᠠᠭ᠎ᠠ ᠶᠢᠨ ᠬᠦᠮᠦᠨ ᠲᠡᠷᠭᠡᠭ ︵帖儿格克︶᠂ ᠡᠮᠡᠭᠡᠯ ︵额蔑勒︶᠂ ᠠᠯᠬᠦᠢ ︵阿勒灰︶ ᠨᠠᠷ ᠡᠨᠡᠬᠦ ᠴᠢᠭᠤᠯᠭᠠᠨ ᠤ ᠬᠠᠨᠢᠲᠠᠨ ᠪᠤᠯᠪᠠᠢ᠃ ᠳ᠋ᠢᠢ ᠰᠡᠴᠡᠨ ᠪᠠᠷ ᠡᠨᠡᠬᠦ ᠬᠤᠪᠢᠯᠳᠤᠯᠭ᠎ᠠ ᠶᠢ ᠰᠡᠷᠡᠮᠡᠭᠴᠡ ﹇ᠴᠢᠩᠬᠢᠰ ᠬᠠᠭᠠᠨ ᠳᠤᠷ﹈ ᠡᠯᠴᠢ ᠲᠤᠮᠢᠯᠠᠨ ᠬᠤᠪᠢᠰᠤᠯ ᠢ ᠮᠡᠳᠡᠭᠦᠯᠪᠡᠢ᠃ ᠴᠢᠩᠬᠢᠰ᠂ ᠸᠠᠩ ᠬᠠᠨ ︵王旱︶᠎ ᠯᠤᠭ᠎ᠠ ᠴᠡᠷᠢᠭ ᠬᠤᠯᠪᠤᠭᠠᠯᠠᠨ ᠬᠦᠯᠦᠨ ᠨᠠᠭᠤᠷ ︵阔连纳兀儿︶᠎ ᠠᠴᠠ ᠪᠤᠶᠢᠷ ᠨᠠᠭᠤᠷ ︵不余儿纳兀儿︶᠎ ᠲᠤᠷ ᠤᠭᠲᠤᠨ ᠪᠠᠶᠢᠯᠳᠤᠬᠤᠢ ᠳᠤᠷ ᠳ᠋ᠢᠢ ᠰᠡᠴᠡᠨ ᠪᠠᠷ ᠦᠪᠡᠷ ᠤᠨ ᠬᠠᠷᠢᠶᠠᠲᠤ ᠪᠠᠨ ᠲᠠᠶᠢᠴᠢᠯᠠᠨ ᠢᠷᠡᠵᠦ ᠨᠡᠶᠢᠯᠡᠭᠰᠡᠨ᠎ᠡ ᠤᠯᠠᠨ ᠠᠶᠢᠮᠠᠭ ᠤᠨ ᠴᠡᠷᠢᠭ ᠢ ᠶᠡᠭᠡ ᠪᠠᠷ ᠢᠯᠠᠪᠠᠢ︾ ᠭᠡᠵᠡᠢ᠃        ᠲᠦᠪ ᠤᠨ ᠦᠨᠳᠦᠰᠦᠲᠡᠨ ᠤ ᠶᠡᠭᠡ ᠰᠤᠷᠭᠠᠭᠤᠯᠢ ᠶᠢᠨ ᠡᠷᠲᠡᠮᠲᠡᠨ ᠳ᠋ᠠᠷᠢᠵᠠᠪ ᠪᠠᠭᠰᠢ ᠶᠢᠨ ᠨᠠᠶᠢᠷᠠᠭᠤᠯᠤᠨ ᠪᠢᠴᠢᠭᠰᠡᠨ ︽ᠮᠤᠩᠭᠤᠯ ᠤᠨ ᠲᠡᠤᠬᠡ ᠶᠢᠨ ᠬᠦᠲᠦᠯᠪᠦᠷᠢ ᠶᠢᠨ ᠲᠤᠪᠴᠢ ︵蒙古史纲要︶︾ ᠭᠡᠳᠡᠭ ᠬᠢᠲᠠᠳ ᠨᠤᠮ ᠳᠤ᠄ ︽1200 ᠤᠨ ᠳᠤ᠂ ᠬᠠᠳᠠᠬᠢᠨ᠂ ᠰᠠᠯᠵᠢᠭᠤᠳ᠂ ᠲᠦᠷᠪᠡᠳ᠂ ᠬᠤᠩᠬᠢᠷᠠᠳ᠂ ᠢᠭᠢᠷᠠᠰ᠂ ᠭᠤᠷᠤᠯᠤᠰ᠂ ᠲᠠᠲ᠋ᠠᠷ᠂ ᠨᠠᠢᠮᠠᠨ᠂ ᠮᠡᠷᠭᠢᠳ᠂ ᠤᠶᠢᠷᠠᠳ᠂ ᠲᠠᠶᠢᠴᠢᠭᠤᠳ ᠵᠡᠷᠭᠡ ᠠᠷᠪᠠᠨ ᠨᠢᠭᠡᠨ ᠠᠶᠢᠮᠠᠭ ᠤᠨ ᠠᠬᠠᠯᠠᠭᠴᠢᠳ ᠠᠷᠤ ᠶᠢᠨ ᠪᠤᠯᠠᠭ ︵ᠤᠳᠤᠬᠢ ᠦᠪᠤᠷ ᠮᠤᠩᠭᠤᠯ ᠤᠨ ᠬᠠᠶᠢᠯᠠᠷ ᠭᠤᠤᠯ ᠤᠨ ᠲᠤᠤᠷᠠᠳᠤ ᠤᠷᠤᠰᠬᠠᠯ ᠎ ᠤᠨ ᠠᠷᠤ ᠳᠤ ᠪᠤᠢ︶᠎ ᠲᠤ ᠴᠢᠭᠤᠯᠭᠠᠨ ᠨᠡᠶᠢᠯᠡᠵᠦ ᠬᠠᠨᠢᠲᠠᠳ ᠤᠨ ᠲᠠᠩᠭᠠᠷᠢᠭ ᠬᠢᠭᠡᠳ ᠸᠠᠩ ᠬᠠᠨ ᠬᠢᠭᠡᠳ ᠲᠡᠮᠦᠵᠢᠨ ᠢ ᠬᠠᠮᠲᠦ ᠪᠠᠷ ᠲᠠᠶᠢᠯᠠᠪᠠ᠃ ᠲᠡᠮᠦᠵᠢᠨ ᠬᠠᠳᠠᠮ ᠠᠪᠤ ᠬᠤᠩᠬᠢᠷᠠᠳ ᠠᠶᠢᠮᠠᠭ ᠤᠨ ᠳ᠋ᠢᠢ ᠰᠡᠴᠡᠨ ᠤ ᠨᠢᠭᠤᠴᠠ ᠮᠡᠳᠡᠭᠡ ᠶᠢ ᠤᠯᠤᠮᠠᠭᠴᠠ ᠸᠠᠩ ᠬᠠᠨ ᠲᠠᠢ ᠪᠤᠯᠵᠤᠨ᠂ ᠴᠡᠷᠢᠭ ᠲᠠᠶᠢᠴᠢᠯᠠᠨ ᠵᠡᠭᠦᠨᠰᠢ ᠮᠤᠷᠳᠠᠭᠠᠳ ᠪᠤᠶᠢᠷ ᠨᠠᠭᠤᠷ ᠤᠷᠴᠢᠮ ᠬᠤᠯᠪᠤᠭᠠᠲᠦ ᠴᠡᠷᠢᠭ ᠢ ᠮᠤᠬᠤᠭᠠᠪᠠ︾ ᠭᠡᠵᠡᠢ᠃        ᠲᠤᠰ ᠭᠡᠷᠡᠯᠲᠦ ᠬᠦᠰᠢᠶᠡᠨ ᠤ ᠪᠢᠴᠢᠭ ᠲᠤ᠄ ︽ᠵᠡᠭᠦᠨ ᠡᠳᠡᠭᠡᠳ ᠤᠨ ᠬᠦᠴᠦᠷᠭᠡᠭ ᠲᠠᠶᠢᠰᠤᠨ ᠸᠠᠩ ᠬᠠᠨ ᠎ ᠢ ᠬᠠᠯᠬᠠᠯᠠᠵᠦ︾ ᠭᠡᠳᠡᠭ ᠨᠢ ᠦᠨᠡᠨᠳᠡᠭᠡᠨ ᠡᠨᠡ ᠤᠳᠠᠭ᠎ᠠ ᠶᠢᠨ ᠪᠠᠶᠢᠯᠳᠤᠭᠠᠨ ᠳᠤ᠂ ᠳ᠋ᠢᠢ ᠰᠡᠴᠡᠨ ᠦᠮᠦᠭᠯᠡᠬᠦ ᠴᠡᠷᠢᠭ ᠲᠠᠶᠢᠴᠢᠯᠠᠨ ᠠᠷᠪᠠᠨ ᠨᠢᠭᠡᠨ ᠠᠶᠢᠮᠠᠭ ᠤᠨ ᠬᠤᠯᠪᠤᠭᠠᠲᠤ ᠴᠷᠢᠭ ᠢ ᠬᠠᠯᠬᠠᠯᠠᠨ ᠪᠠᠶᠢᠯᠳᠤᠵᠦ ᠴᠢᠩᠬᠢᠰ ᠲᠤ ᠲᠤᠰᠠᠯᠠᠭᠰᠠᠨ ᠢ ᠵᠢᠭᠠᠭᠰᠠᠨ ᠨᠢ ᠲᠤᠳᠤᠷᠬᠠᠢ ᠪᠠᠶᠢᠨ᠎ᠠ᠃ ᠭᠡᠪᠡᠴᠦ ᠵᠤᠬᠢᠶᠠᠭᠴᠢ ᠬᠤ᠋ ᠽᠦ ᠭᠤᠸᠠᠩ ᠲᠤᠰ ᠠᠷᠪᠠᠨ ᠨᠢᠭᠡᠨ ᠠᠶᠢᠮᠠᠭ ᠤᠨ ᠬᠤᠯᠪᠤᠭᠠᠲᠤ ᠴᠡᠷᠢᠭ ᠢ ᠸᠠᠩ ᠬᠠᠨ ᠭᠡᠵᠦ ᠠᠳᠡᠭᠦᠷᠡᠵᠡᠢ᠃        ︵ 8  ︶  ᠲᠤᠯᠭᠤᠷ ᠤᠷᠢᠳᠤᠰ 太祖 ——  ᠴᠢᠩᠬᠢᠰ ᠬᠠᠭᠠᠨ ᠤ ᠰᠦᠮ᠎ᠡ ᠶᠢᠨ ᠴᠤᠯᠠ᠂ ᠬᠢᠲᠠᠳ ᠬᠡᠯᠡᠨ ᠲᠡᠭᠡᠷ᠎ᠡ ᠲᠠᠶᠢᠽᠦ ᠭᠡᠳᠡᠭ᠃ ᠰᠦᠮ᠎ᠡ ᠶᠢᠨ ᠴᠤᠯᠠ ᠭᠡᠳᠡᠭ ᠪᠤᠯ ᠡᠵᠡᠨ ᠬᠠᠭᠠᠨ ᠲᠡᠭᠷᠢ ᠳᠤ ᠬᠠᠯᠢᠭᠰᠡᠨ ᠤ ᠲᠠᠷᠠᠭ᠎ᠠ ᠲᠡᠭᠦᠨ ᠤ ᠲᠠᠬᠢᠯ ᠤᠨ ᠬᠡᠷᠡᠭᠡ ︵神位᠂牌位︶᠎ ᠶᠢ ᠨᠢ ᠲᠡᠭᠡᠳᠤᠰ ᠤᠨ ᠰᠢᠲᠦᠭᠡᠨ ᠰᠦᠮ᠎ᠡ ᠳᠤ ᠰᠢᠯᠵᠢᠭᠦᠯᠦᠨ ᠬᠦᠷᠦᠭᠯᠡᠬᠦ ᠦᠶ᠎ᠡ ᠳᠤ ᠬᠦᠷᠲᠡᠭᠡᠨ ᠤᠯᠭᠤᠳᠠᠭ ᠲᠠᠭᠤᠳᠠᠯᠭ᠎ᠠ ᠴᠤᠯᠠ ᠶᠢ ᠬᠡᠯᠡᠨ᠎ᠡ᠃ ᠶᠤᠸᠠᠨ ᠤᠯᠤᠰ ᠤᠨ ᠬᠤᠪᠢᠯᠠᠢ ᠰᠡᠴᠡᠨ ᠬᠠᠭᠠᠨ ᠤ ᠤᠨᠤᠯᠲᠦ ᠲᠡᠷᠢᠬᠦᠨ ︵至元︶᠎ ᠤ ᠬᠤᠶᠠᠳᠤᠭᠠᠷ ᠤᠨ ︵1265 ᠤᠨ︶᠎ ᠳᠤ ᠴᠢᠩᠬᠢᠰ ᠬᠠᠭᠠᠨ ᠤ ᠰᠦᠮ᠎ᠡ ᠶᠢᠨ ᠴᠤᠯᠠ ᠶᠢ ᠲᠤᠯᠭᠤᠷ ᠤᠷᠢᠳᠤᠰ ︵太祖︶ ᠬᠡᠮᠡᠨ ᠬᠦᠷᠦᠭᠯᠡᠵᠦ᠂ ᠲᠠᠷᠠᠭ᠎ᠠ ᠵᠢᠯ ᠳᠤᠨᠢ ᠨᠡᠬᠡᠨ ᠡᠷᠭᠦᠮᠵᠢᠯᠡᠭᠰᠡᠨ ᠴᠤᠯᠠ ᠶᠢ ᠨᠢ ᠪᠤᠭᠳᠠ ᠪᠠᠭᠠᠳᠤᠷ ᠬᠠᠭᠠᠨ ︵圣武皇帝︶ ᠭᠡᠪᠡ᠃ ᠴᠤᠭᠲᠦ ᠲᠡᠭᠡᠳᠦᠰ ᠬᠠᠶᠢᠰᠠᠩ ᠬᠠᠭᠠᠨ ︵武宗海山︶᠎ ᠤ ᠤᠨᠤᠯᠲᠦ ᠶᠡᠭᠡ ︵至大︶᠎ ᠶᠢᠨ ᠬᠤᠶᠠᠳᠤᠭᠠᠷ ᠤᠨ ︵1309 ᠤᠨ︶᠎ ᠳᠤ ᠨᠡᠬᠡᠨ ᠡᠷᠭᠦᠮᠵᠢᠯᠡᠭᠰᠡᠨ ᠴᠤᠯᠠ ᠶᠢ ᠨᠢ ᠨᠡᠮᠡᠵᠦ ᠲᠡᠭᠷᠢ ᠶᠢᠨ ᠪᠤᠱᠤᠭ ᠢᠶᠠᠷ ᠤᠯᠠᠷᠢᠯ ᠢ ᠰᠡᠬᠦᠭᠰᠡᠨ ᠪᠤᠭᠳᠠ ᠪᠠᠭᠠᠳᠤᠷ ᠬᠠᠭᠠᠨ ︵法天启运圣武皇帝︶ ᠭᠡᠪᠡ᠃        ︵ 9  ︶   ᠡᠪᠦᠭᠡ   大父   ——  ᠬᠢᠲᠠᠳ ᠬᠡᠯᠡᠨ ᠲᠡᠭᠡᠷ᠎ᠡ ︽大父︾ ᠭᠡᠳᠡᠭ ᠨᠢ ᠡᠪᠦᠭᠡ ᠶᠢ ᠵᠢᠭᠠᠭᠰᠠᠨ ᠲᠠᠭᠤᠳᠠᠯᠭ᠎ᠠ ᠪᠤᠯᠬᠤ ᠶᠤᠮ᠃        ︵10︶  ᠠᠯᠴᠤ ᠨᠤᠶᠠᠨ 按陈那演  ——  ᠬᠤᠩᠬᠢᠷᠠᠳ ᠠᠶᠢᠮᠠᠭ ᠤᠨ ᠪᠤᠰᠬᠤᠷ ᠤᠪᠤᠭᠲᠠᠨ ᠤ ᠠᠬᠠᠯᠠᠭᠴᠢ᠂ ᠴᠢᠩᠬᠢᠰ ᠬᠠᠭᠠᠨ ᠤ ᠦᠶ᠎ᠡ ᠳᠤ ᠤᠯᠤᠰ ᠤᠨ ᠨᠠᠭᠠᠴᠤ ᠡᠷᠭᠦᠮᠵᠢᠯᠡᠭᠳᠡᠨ᠂ ᠦᠭᠡᠳᠡᠢ ᠬᠠᠭᠠᠨ ᠤ ᠦᠶ᠎ᠡ ᠳᠤ ᠬᠠᠰᠢᠨ ︵ᠤᠳᠤᠬᠢ ᠨᠢᠩᠰᠢᠶᠠ ᠶᠢᠨ ᠬᠤᠲᠤᠩ ᠦᠨᠳᠦᠰᠦᠲᠡᠨ ᠤ ᠦᠪᠡᠷᠲᠡᠭᠡᠨ ᠵᠠᠰᠠᠬᠤ ᠤᠷᠤᠨ ᠬᠢᠭᠡᠳ ᠭᠠᠨᠰᠤ ᠮᠤᠵᠢ ᠶᠢᠨ ᠬᠠᠰᠢᠨ ᠬᠤᠩᠬᠢᠯ 河西走廊︶ ᠸᠠᠩ ᠡᠭᠦᠮᠵᠢᠯᠡᠭᠳᠡᠨ᠂ ᠲᠡᠮᠦᠷ ᠬᠠᠭᠠᠨ ᠤ ᠦᠶ᠎ᠡ ᠳᠤ ᠵᠢᠨᠢᠩ ︵ᠤᠳᠤᠬᠢ ᠱᠠᠨᠳᠦ᠋ᠩ ᠮᠤᠵᠢ︶ ᠸᠠᠩ ᠬᠡᠮᠡᠨ ᠨᠡᠬᠡᠮᠵᠢᠯᠡᠨ ᠡᠷᠭᠦᠮᠵᠢᠯᠡᠭᠳᠡᠭᠰᠡᠨ ᠰᠢᠳᠤᠷᠭᠤ ᠪᠠᠭᠠᠳᠤᠷ ᠸᠠᠩ ᠠᠯᠴᠤ ᠨᠤᠶᠠᠨ ᠪᠦᠯᠦᠭᠡ᠃ ᠠᠯᠴᠤ ᠨᠤᠶᠠᠨ ᠠᠴᠠ ᠴᠢᠭᠦ ︵赤古︶᠂ ᠮᠠᠩᠭᠠᠴᠢᠨ ︵忙哥陈︶᠂ ᠠᠯᠳᠠᠷᠲᠦ ︵按答儿秃︶᠂ ᠪᠢᠯᠢᠭ ︵必哥︶᠂ ᠨᠠᠬ᠎ᠠ ︵纳合︶᠂ ᠬᠠᠷᠵᠢ ︵哈儿只︶᠂ ᠲᠤᠯᠭ᠎ᠠ ︵脱罗禾︶᠂ ᠦᠯᠴᠢᠷ ︵斡留察儿︶᠂ ᠦᠯᠴᠤ ︵斡陈︶᠂ ᠨᠠᠴᠢᠨ ︵纳陈︶᠂ ᠰᠤᠷᠬᠠᠭᠲᠦ ︵唆儿火都︶ ᠭᠡᠬᠦ ᠠᠷᠪᠠᠨ ᠨᠢᠭᠡᠨ ᠬᠦᠪᠡᠬᠦᠨ ᠲᠠᠢ ᠶᠤᠮ᠃        ︵11︶  ᠦᠬᠢᠨ ᠲᠡᠭᠦᠦ ᠶᠢ ᠠᠨᠤ ᠬᠠᠲᠤᠨ ᠢᠶᠠᠨ ᠪᠤᠯᠭᠠᠨ ᠲᠠᠲᠠᠵᠤᠬᠤᠢ  以妹妻之  ——  ᠠᠳᠡ ᠦᠭᠦᠯᠡᠨ ᠪᠦᠬᠦᠢ ᠦᠬᠢᠨ ᠲᠡᠭᠦᠦ ᠭᠡᠳᠡᠭ ᠨᠢ ᠠᠯᠴᠤ ᠨᠤᠶᠠᠨ ᠤ ᠦᠬᠢᠨ ᠲᠡᠭᠦᠦ ᠪᠦᠷᠲᠡ ᠦᠵᠢᠨ ᠢ ᠵᠢᠭᠠᠵᠦ ᠪᠠᠶᠢᠨ᠎ᠠ᠂ ᠲᠠᠷᠤᠢ ᠴᠢᠩᠬᠢᠰ ᠬᠠᠭᠠᠨ ᠤ ᠭᠦᠷᠦᠨ ᠬᠠᠲᠤᠨ ᠪᠦᠯᠦᠭᠡ᠃         ︵12︶   ᠿᠤ᠋ ᠨᠠᠨ ᠭᠠᠵᠠᠷ 汝南  ——  ᠤᠳᠤᠬᠢ ᠾᠧᠨᠠᠨ ᠮᠤᠵᠢ ᠶᠢᠨ ︵河南省︶ ᠵᠦ᠋ ᠮᠠ ᠳ᠋ᠢᠶᠠᠨ ︵驻马店︶ ᠬᠤᠲᠠᠨ ᠳᠤ ᠬᠠᠷᠢᠶᠠᠯᠠᠭᠳᠠᠬᠤ ᠿᠤ᠋ ᠨᠠᠨ ᠰᠢᠶᠠᠨ ︵汝南县︶ ᠪᠤᠯᠤᠨ᠎ᠠ᠃         ︵13︶  ᠡᠭᠦᠳᠡ ᠡᠷᠦᠬᠡ ᠲᠡᠩᠴᠡᠨ ᠭᠠᠯ ᠭᠤᠯᠤᠮᠲᠠ‌ᠨᠢ ᠲᠦᠷᠦᠯᠵᠢᠭᠡᠳ 配尊胤瑞  —— ︽配尊︾ ᠭᠡᠳᠡᠭ ᠨᠢ ᠡᠭᠦᠳᠡ ᠡᠷᠦᠬᠡ ᠲᠡᠩᠴᠡᠬᠦ ᠭᠡᠰᠡᠨ ᠦᠭᠡ︔ ︽胤瑞︾᠂ ᠭᠠᠯ ᠭᠤᠯᠤᠮᠲᠠ᠃         ︵14︶  ᠲᠡᠮᠦᠷ 帖木儿  ——  ᠲᠡᠮᠦᠷ ᠪᠤᠯ ᠠᠯᠴᠤ ᠨᠤᠶᠠᠨ ᠤ ᠠᠷᠪᠠᠳᠤᠭᠠᠷ ᠬᠦᠪᠡᠬᠦᠨ ᠨᠠᠴᠢᠨ ᠬᠡᠮᠡᠭᠴᠢ ᠶᠢᠨ ᠲᠠᠪᠤᠳᠤᠭᠠᠷ ᠬᠦᠪᠡᠬᠦᠨ ᠨᠢ ᠪᠤᠯᠬᠤ ᠪᠦᠭᠡᠳ ᠲᠤᠰ ᠭᠡᠷᠡᠯᠲᠦ ᠬᠦᠰᠢᠶᠡᠨ ᠤ ᠡᠵᠡᠨ ᠰᠠᠩᠭᠠᠪᠠᠯᠠ ᠶᠢᠨ ᠲᠦᠷᠦᠭᠰᠡᠨ ᠡᠴᠢᠭᠡ ᠨᠢ ᠪᠤᠯᠬᠤ ᠶᠤᠮ᠂ ᠰᠠᠩᠭᠠᠪᠠᠯᠠ ᠶᠢᠨ ᠲᠦᠷᠦᠭᠰᠡᠨ ᠡᠬᠡ ᠨᠢ ᠬᠤᠪᠢᠯᠠᠢ ᠰᠡᠴᠡᠨ ᠬᠠᠭᠠᠨ ᠤ ᠭᠤᠷᠪᠠᠳᠤᠭᠠᠷ ᠦᠬᠢᠨ ᠨᠠᠩᠭᠠᠴᠢᠨ ᠪᠠᠬᠢ ︵ᠭᠦᠩᠵᠦ︶ ᠪᠢᠯᠠ᠃ ᠨᠠᠴᠢᠨ ᠪᠤᠯ ᠯᠤ᠋ ᠭᠠᠵᠠᠷ ᠤᠨ ᠪᠠᠬᠢ ᠰᠡᠴᠡᠭᠡᠨ ︵鲁国公主薛只干︶᠎ ᠲᠠᠢ ᠭᠡᠷᠯᠡᠭᠰᠡᠨ ᠶᠤᠮ᠂ ᠰᠡᠴᠡᠭᠡᠨ ᠪᠠᠬᠢ ︵ᠭᠦᠩᠵᠦ︶ ᠪᠤᠯ ᠴᠢᠩᠭᠢᠰ ᠬᠠᠭᠠᠨ ᠤ ᠤᠮᠪᠤᠯᠦ ᠦᠬᠢᠨ ᠪᠦᠭᠡᠳ ᠠᠯᠴᠤ ᠨᠤᠶᠠᠨ ᠤ ᠬᠦᠪᠡᠬᠦᠨ ᠦᠯᠴᠤ ᠳᠤ ᠮᠤᠷᠳᠠᠭᠰᠠᠨ ᠲᠤᠯᠢ ᠎ ᠶᠢᠨ ᠦᠬᠢᠨ ᠯᠤ᠋ ᠭᠠᠵᠠᠷ ᠤᠨ ᠶᠡᠭᠡ ᠡᠭᠡᠴᠢᠮᠡᠳ ᠪᠠᠬᠢ ᠡᠰᠡᠪᠤᠬ᠎ᠠ ︵也速不花︶᠎ ᠶᠢᠨ ᠲᠠᠷᠠᠭ᠎ᠠ ᠤᠳᠤᠬᠢ ᠬᠡᠰᠢᠭᠲᠡᠨ ᠳᠤ ᠮᠤᠷᠳᠠᠵᠦ ᠢᠷᠡᠭᠰᠡᠨ ᠬᠤᠶᠠᠳᠠᠭᠴᠢ ᠬᠠᠭᠠᠨ ᠤ ᠦᠬᠢᠨ ᠪᠤᠶᠤ᠃ ᠨᠠᠴᠢᠨ ᠠᠴᠠ ᠬᠠᠭ᠋ᠠᠢ ︵哈海︶᠂ ᠲᠤᠬᠤᠨ ︵脱欢︶᠂ ᠤᠷᠤᠴᠠᠨ ︵斡罗陈︶᠂ ᠵᠢᠷᠭᠤᠭᠠᠲᠠᠢ ︵只儿瓦歹︶᠂ ᠲᠡᠮᠦᠷ ︵帖木儿︶᠂ ᠬᠢᠮᠲ᠋ᠦ᠋ᠩ ︵仙童︶᠂ ᠮᠠᠨᠽᠡᠲᠡᠢ  ︵蛮子台︶ ᠭᠡᠬᠦ ᠵᠢᠷᠭᠤᠭᠠᠨ ᠬᠦᠪᠡᠬᠦᠨ ᠲᠠᠢ ᠪᠠᠶᠢᠭᠰᠠᠨ ᠶᠤᠮ᠃          ︵15︶  ᠪᠦᠭᠦᠳᠡ ᠶᠢ ᠡᠩᠬᠡᠵᠢᠭᠦᠯᠦᠭᠴᠢ ᠬᠦᠷᠭᠡᠨ ᠲᠦᠰᠢᠮᠡᠯ  駙馬都尉  ——  ᠠᠳᠡ ᠦᠭᠦᠯᠡᠨ ᠪᠦᠬᠦᠢ ︽ᠬᠦᠷᠭᠡᠨ︾ ᠭᠡᠳᠡᠭ ᠨᠢ ᠬᠠᠭᠠᠨ ᠤ ᠬᠦᠷᠭᠡᠨ ᠢ ᠵᠢᠭᠠᠵᠦ ᠪᠤᠢ᠃ ᠬᠠᠭᠠᠨ ᠤ ᠬᠦᠷᠭᠡᠨ ᠢ ᠬᠢᠲᠠᠳ ᠬᠡᠯᠡᠨ ᠲᠡᠭᠡᠷ᠎ᠡ ︽ᠹᠦ᠋ ᠮᠠ︾ ᠭᠡᠵᠦ ᠴᠢᠩ ᠤᠯᠤᠰ ᠤᠨ ᠦᠶ᠎ᠡ ᠳᠤ ︽ᠲᠠᠪᠤᠨᠠᠩ︾ ᠭᠡᠳᠡᠭ ᠪᠠᠶᠢᠪᠠ᠃ ︽ᠪᠦᠭᠦᠳᠡ ᠶᠢ ᠡᠩᠬᠡᠵᠢᠭᠦᠯᠦᠭᠴᠢ︾ ᠭᠡᠳᠡᠭ ᠪᠤᠯ ᠨᠤᠶᠠᠨ ᠲᠤᠰᠢᠶᠠᠯ ᠶᠤᠮ᠂ ᠡᠷᠬᠡ ᠲᠤᠰᠢᠶᠠᠯ ᠨᠢ ᠪᠤᠯ ᠵᠠᠩᠵᠤᠨ ᠎ ᠠᠴᠠ ᠲᠤᠤᠷ᠎ᠠ ᠪᠠᠶᠢᠳᠠᠭ ᠴᠡᠷᠢᠭ ᠤᠨ ᠲᠦᠰᠢᠮᠡᠯ ᠪᠤᠯᠤᠨ᠎ᠠ᠃ ᠪᠠᠷᠤᠭ ᠤᠳᠤ ᠤᠨ ᠮᠤᠵᠢ ᠬᠤᠲᠠ ᠶᠢᠨ ᠲᠤᠲᠤᠭᠠᠳᠤ ᠎ ᠶᠢ ᠬᠠᠮᠠᠭᠠᠯᠠᠬᠤ ᠲᠢᠩᠬᠢᠮ ᠤᠨ ᠲᠠᠷᠤᠭ᠎ᠠ ᠲᠠᠢ ᠲᠡᠩᠴᠡᠬᠦ ᠲᠤᠰᠢᠶᠠᠯ ᠪᠤᠯᠤᠨ᠎ᠠ᠃ ᠡᠨᠡᠬᠦ ᠨᠤᠶᠠᠨ ᠲᠤᠰᠢᠶᠠᠯ ᠨᠢ ᠪᠠᠶᠢᠯᠳᠤᠭᠠᠨᠲᠦ ᠤᠯᠤᠰ ᠤᠨ ᠦᠶ᠎ᠡ ᠳᠤ ᠪᠤᠢ ᠪᠤᠯᠪᠠ᠂ ᠴᠢᠨ ᠤᠯᠤᠰ ᠤᠨ ᠦᠶ᠎ᠡ ᠳᠤ ︽ᠴᠩᠨᠠᠭᠴᠢ ᠶᠢᠨ ᠡᠩᠬᠡᠵᠢᠭᠦᠯᠦᠭᠴᠢ郡尉︾ ᠭᠡᠵᠦ ᠨᠡᠷᠡᠯᠡᠵᠦ ᠪᠠᠶᠢᠭᠰᠠᠨ ᠠᠴᠠ ᠪᠠᠨ ᠪᠠᠷᠠᠭᠤᠨ ᠬᠠᠨ ᠤᠯᠤᠰ ᠤᠨ ᠦᠶ᠎ᠡ ᠳᠤ ᠲᠠᠬᠢᠨ ᠤᠤᠯ ᠨᠡᠷ᠎ᠡ ᠶᠢ ᠨᠢ ᠰᠡᠷᠭᠦᠭᠡᠪᠡ᠃         ︵16︶  ᠵᠢᠵᠸᠦ ᠪᠠᠯᠭᠠᠳ 濟州  ——  ᠡᠷᠲᠡᠨ ᠤ ᠵᠢᠵᠸᠦ ᠭᠠᠵᠠᠷ ᠤᠨ ᠵᠠᠬᠢᠷᠭ᠎ᠠ ᠤᠷᠳᠤᠨ ᠨᠢ ᠵᠢᠦᠢ ᠶᠧ ︵巨野县︶ ᠰᠢᠶᠠᠨ ᠳᠤ ᠪᠠᠶᠢᠭᠰᠠᠨ ᠶᠤᠮ᠃ ᠡᠮᠦᠨᠡᠲᠦ ᠰᠦᠩ ᠤᠯᠤᠰ ᠤᠨ ᠠᠩᠬᠠᠳᠤᠭᠠᠷ ᠬᠠᠭᠠᠨ ᠵᠤᠤ ᠭᠸᠦ ︵赵构︶ ᠬᠡᠮᠡᠭᠴᠢ ᠶᠢᠨ ᠱᠤᠤ ᠰᠢᠩ ︵绍兴︶᠎ ᠤᠨ ᠬᠤᠷᠢᠳᠤᠭᠠᠷ ᠤᠨ ︵1150 ᠤᠨ︶᠎ ᠳᠤ᠂ ᠵᠢᠦᠢ ᠶᠧ ᠰᠢᠶᠠᠨ ᠳᠤ ᠦᠶᠡᠷ ᠤᠨ ᠭᠠᠮᠰᠢᠭ ᠭᠠᠷᠤᠭᠰᠠᠨ ᠠᠴᠠ ᠵᠠᠬᠢᠷᠭ᠎ᠠ ᠤᠷᠳᠤᠨ ᠢ ᠨᠢ ᠷᠧᠨ ᠴᠧᠩ ︵任城 ᠲᠠᠷᠤᠢ ᠤᠳᠤᠬᠢ ᠵᠢᠨᠢᠩ济宁︶ ᠬᠤᠲᠠᠨ ᠳᠤ ᠨᠡᠭᠦᠯᠭᠡᠪᠡ᠃ ᠶᠤᠸᠠᠨ ᠤᠯᠤᠰ ᠤᠨ ᠦᠶ᠎ᠡ ᠳᠤ ᠵᠢᠵᠸᠦ ᠶᠢ ᠲᠡᠪᠰᠢᠭᠦᠯᠵᠦ ᠬᠤᠷᠤᠭ᠎ᠠ ︵府︶ ᠪᠤᠯᠭᠠᠪᠠ᠃ ᠲᠤᠰ ᠬᠤᠲᠠ ᠶᠢᠨ ᠭᠠᠵᠠᠷ ᠤᠨ ᠪᠠᠶᠢᠴᠠ ᠨᠢ ᠨᠡᠯᠢᠶᠡᠳ ᠦᠨᠳᠦᠷᠯᠢᠭ ᠪᠠᠶᠢᠵᠦ᠂ ᠵᠢᠢ ᠱᠦᠢ ᠭᠤᠤᠯ ᠤᠨ ᠦᠶᠡᠷ ᠤᠨ ᠭᠠᠮᠰᠢᠭ ᠲᠤ ᠲᠠᠭᠠᠷᠢᠭᠳᠠᠬᠤ ᠦᠭᠡᠢ ᠪᠠᠶᠢᠳᠠᠭ ᠲᠤᠯᠠ ᠨᠡᠷ᠎ᠡ ᠶᠢ ᠨᠢ ᠵᠢᠨᠢᠩ ︵济宁︶ ᠭᠡᠵᠦ ᠲᠤᠭᠲᠠᠭᠠᠭᠰᠠᠨ ᠶᠤᠮ᠃         ︵17︶  ᠠᠷᠪᠠᠨ ᠲᠤᠯᠤᠭᠠᠨ ᠶᠡᠭᠡ ᠠᠶᠢᠯ  十七奕  ——   ︽奕︾ ᠭᠡᠳᠡᠭ ᠪᠤᠯ ᠶᠡᠭᠡ ᠠᠶᠢᠯ ᠭᠡᠰᠡᠨ ᠦᠭᠡ ᠪᠤᠯᠤᠨ᠎ᠠ᠃ ᠲᠤᠰ ᠭᠡᠷᠡᠯᠲᠦ ᠬᠦᠰᠢᠶᠡᠨ ᠤ ᠲᠡᠮᠳᠡᠭᠯᠡᠯ ᠢ ᠦᠨᠳᠦᠰᠦᠯᠡᠪᠡᠯ᠂ ᠲᠡᠮᠦᠷ ᠬᠡᠮᠡᠭᠴᠢ ᠬᠤᠪᠢᠯᠡᠢ ᠰᠡᠴᠡᠨ ᠬᠠᠭᠠᠨ ᠤ ᠤᠨᠤᠯᠲᠦ ᠲᠡᠷᠢᠭᠦᠨ ᠤ ᠠᠷᠪᠠᠨ ᠨᠠᠢᠮᠠᠳᠤᠭᠠᠷ ᠤᠨ ︵1281 ᠤᠨ︶᠎ ᠳᠤ ᠵᠢᠨᠢᠩ ᠬᠤᠷᠤᠭ᠎ᠠ ᠶᠢ ᠲᠡᠪᠰᠢᠭᠦᠯᠵᠦ ᠴᠦᠯᠭᠡ ᠪᠤᠯᠭᠠᠬᠤ ᠶᠢᠨ ᠬᠠᠮᠲᠦ ᠮᠤᠩᠭᠤᠯ ᠴᠡᠷᠢᠭ ᠢ ᠲᠠᠭᠠᠵᠦ ᠪᠠᠶᠢᠭᠰᠠᠨ ᠬᠠᠷᠢ ᠤᠭᠰᠠᠭᠠᠨ ᠤ ᠬᠦᠮᠦᠰ ᠬᠢᠭᠡᠳ ᠤᠳᠤᠬᠢ ᠬᠡᠰᠢᠭᠲᠡᠨ ᠬᠢᠭᠡᠳ ᠤᠩᠨᠢᠭᠤᠳ ᠵᠡᠷᠭᠡ ᠭᠠᠵᠠᠷ ᠠᠴᠠ ᠲᠠᠶᠢᠴᠢᠯᠠᠵᠦ ᠮᠤᠷᠳᠠᠭᠰᠠᠨ ᠭᠤᠷᠪᠠᠨ ᠮᠢᠩᠭ᠎ᠠ ᠭᠠᠷᠤᠢ ᠡᠷᠦᠬᠡ ᠶᠢᠨ ᠮᠤᠩᠭᠤᠯᠴᠤᠳ ᠢ ᠠᠷᠪᠠᠨ ᠲᠤᠯᠤᠭᠠᠨ ᠶᠡᠭᠡ ᠠᠶᠢᠯ ᠳᠤ ᠬᠤᠪᠢᠶᠠᠵᠦ ᠤᠳᠤᠬᠢ ᠱᠠᠨᠳᠦ᠋ᠩ ᠮᠤᠵᠢ ᠶᠢᠨ ᠵᠢᠵᠸᠦ ︵济州︶᠂ ᠶᠠᠨᠵᠸᠦ ︵兖州︶᠂ ᠱᠠᠨᠵᠸᠦ ︵单州︶ ᠭᠡᠬᠦ ᠭᠤᠷᠪᠠᠨ ᠪᠠᠯᠭᠠᠳ ᠲᠤ ᠬᠤᠪᠢᠶᠠᠨ ᠰᠠᠭᠤᠷᠢᠰᠢᠭᠤᠯᠤᠭᠰᠠᠨ ᠠᠵᠢ᠃ ᠡᠳᠡᠭᠡᠷ ᠮᠤᠩᠭᠤᠯᠴᠤᠳ ᠤᠨ ᠦᠷ᠎ᠡ ᠬᠤᠶᠢᠴᠢᠰ ᠨᠢ ᠦᠷᠡᠵᠢᠨ ᠲᠡᠯᠭᠡᠷᠡᠭᠡᠳ ᠡᠳᠤᠭᠡ ᠪᠤᠯᠬᠤ ᠳᠤ ᠡᠨᠡ ᠭᠤᠷᠪᠠᠨ ᠤᠷᠤᠨ ᠢᠶᠠᠷ ᠲᠦᠪ ᠪᠤᠯᠭᠠᠭᠰᠠᠨ ᠪᠦᠬᠦ ᠱᠠᠨᠳᠦ᠋ᠩ ᠤᠷᠤᠨ ᠢ ᠤᠳᠤᠳ ᠤᠨ ᠲᠤᠭ᠎ᠠ ᠪᠠᠷ ᠪᠦᠷᠬᠦᠨ ᠲᠦᠭᠦᠭᠰᠡᠨ ᠨᠢ ᠲᠠᠮᠵᠢᠭ ᠦᠭᠡᠢ ᠶᠤᠮ᠃          ︵18︶  ᠵᠢᠨᠢᠩ ᠴᠦᠯᠭᠡ  濟寧路  ——  ᠵᠢᠨᠢᠩ ᠪᠤᠯ ᠤᠳᠤᠬᠢ ᠱᠠᠨᠳᠦ᠋ᠩ ᠮᠤᠵᠢ ᠎ ᠶᠢᠨ ᠪᠠᠷᠠᠭᠤᠨ ᠡᠮᠦᠨ᠎ᠡ ᠤᠷᠤᠰᠢᠵᠦ ᠪᠠᠶᠢᠳᠠᠭ᠃ ᠡᠭᠦᠨ ᠢ ᠪᠠᠰᠠ ᠭᠦᠩᠽᠢ ᠮᠧᠩᠽᠢ ᠶᠢᠨ ᠨᠤᠲᠤᠭ᠂ ᠶᠤᠰᠤᠯᠠᠯ ᠵᠢᠭᠰᠠᠭᠠᠯ ᠤᠨ ᠤᠷᠤᠨ᠂ ᠲᠠᠲᠠᠮᠠᠯ ᠭᠤᠤᠯ ᠤᠨ ᠬᠦᠢᠰᠤ᠂ ᠬᠦᠢᠲᠡᠨ ᠠᠭᠤᠯᠠ ᠶᠢᠨ ᠦᠯᠢᠭᠡᠷ ᠤᠨ ᠡᠭᠦᠰᠤᠯ ᠤᠨ ᠭᠠᠵᠠᠷ ᠭᠡᠳᠡᠭ ᠶᠤᠮ᠃ ᠶᠤᠸᠠᠨ ᠤᠯᠤᠰ ᠤᠨ ᠬᠤᠪᠢᠯᠠᠢ ᠰᠡᠴᠡᠨ ᠬᠠᠭᠠᠨ ᠤ ᠤᠨᠤᠯᠲᠦ ᠲᠡᠷᠢᠭᠦᠨ ᠤ ᠠᠷᠪᠠᠨ ᠵᠢᠷᠭᠤᠳᠤᠭᠠᠷ ᠤᠨ ︵1279 ᠤᠨ︶᠎ ᠳᠤ ᠵᠢᠨᠢᠩ ᠬᠤᠷᠤᠭ᠎ᠠ ︵济宁府︶᠎ ᠶᠢ ᠲᠡᠪᠰᠢᠭᠦᠯᠵᠦ ᠵᠢᠨᠢᠩ ᠴᠦᠯᠭᠡ ︵济宁路︶ ᠪᠤᠯᠭᠠᠪᠠ᠃ ᠲᠡᠷᠡ ᠦᠶ᠎ᠡ ᠶᠢᠨ ᠵᠠᠬᠢᠷᠭ᠎ᠠ ᠤᠷᠳᠤᠨ ᠨᠢ ᠤᠳᠤᠬᠢ ᠱᠠᠨᠳᠦ᠋ᠩ ᠮᠤᠵᠢ ᠎ ᠶᠢᠨ ᠵᠢᠦᠢ ᠶᠧ ᠰᠢᠶᠠᠨ ︵巨野县︶᠎ ᠤ ᠵᠢᠦᠢ ᠶᠧ ᠪᠠᠯᠭᠠᠰᠤᠨ ︵巨野镇︶᠎ ᠳᠤ ᠪᠠᠶᠢᠪᠠ᠃ ᠶᠤᠸᠠᠨ ᠤᠯᠤᠰ ᠤᠨ ᠦᠶ᠎ᠡ ᠶᠢᠨ ᠴᠦᠯᠭᠡ ᠭᠡᠳᠡᠭ ᠪᠤᠯ ᠤᠳᠤᠬᠢ ᠮᠤᠵᠢ ᠲᠠᠢ ᠲᠡᠩᠴᠡᠬᠦ ᠵᠠᠰᠠᠭ ᠵᠠᠬᠢᠷᠭᠠᠨ ᠤ ᠪᠠᠶᠢᠭᠤᠯᠤᠮᠵᠢ ᠪᠤᠯᠬᠤ ᠶᠤᠮ᠃          ︵19︶  ᠶᠡᠭᠡ ᠨᠡᠶᠢᠰᠯᠡᠯ  大都  ——  ᠤᠳᠤᠬᠢ ᠪᠡᠭᠡᠵᠢᠩ ᠬᠤᠲᠡ᠃ ᠶᠤᠸᠠᠨ ᠤᠯᠤᠰ ᠨᠢ ᠶᠡᠭᠡ ᠨᠡᠶᠢᠰᠯᠡᠯ ︵ᠤᠳᠤᠬᠢ ᠪᠡᠭᠡᠵᠢᠩ︶᠂ ᠲᠡᠭᠡᠲᠦ ᠨᠡᠶᠢᠰᠯᠡᠯ ︵ᠤᠳᠤᠬᠢ ᠰᠢᠯᠤᠭᠤᠨ ᠬᠦᠬᠡ ᠬᠤᠰᠢᠭᠤᠨ ᠤ ᠰᠢᠷ᠎ᠠ ᠲᠠᠯ᠎ᠠ︶᠂ ᠲᠤᠮᠳᠠᠳᠤ ᠨᠡᠶᠢᠰᠯᠡᠯ ︵ᠤᠳᠤᠬᠢ ᠾᠧᠪᠸᠢ ᠮᠤᠵᠢ ᠶᠢᠨ ᠵᠠᠩᠪᠸᠢ ᠰᠢᠶᠠᠨ ᠤ ᠮᠠᠨᠳᠤ ᠶᠢᠨ ᠠᠶᠢᠯ ᠰᠢᠶᠠᠩ ᠤᠨ ᠴᠠᠭᠠᠨᠬᠤᠲᠠ ᠲᠤᠰᠬᠤᠨ︶ ᠭᠡᠬᠦ ᠭᠤᠷᠪᠠᠨ ᠨᠡᠶᠢᠰᠯᠡᠯ ᠲᠠᠢ ᠪᠠᠶᠢᠭᠰᠠᠨ ᠶᠤᠮ᠃           ︵20︶  ‍ᠤᠤᠢ ᠵᠸᠦ ᠪᠠᠯᠭᠠᠳ 池州 ——  ᠤᠳᠤᠬᠢ ᠠᠨᠾᠦᠢ ᠮᠤᠵᠢ ︵安徽省 ︶᠎ ᠶᠢᠨ ᠪᠠᠷᠠᠭᠤᠨ ᠡᠮᠦᠨ᠎ᠡ ᠵᠤᠪᠬᠢᠰ ᠲᠤ ᠤᠷᠤᠰᠢᠵᠦ᠂ ᠤᠮᠠᠷᠠᠰᠢ ᠠᠨᠴᠢᠩ ᠬᠤᠲᠠ ︵安庆︶᠎ ᠲᠠᠢ ᠬᠦᠬᠡᠮᠦ᠋ᠷᠡᠨ ᠢᠶᠠᠷ ᠠᠯᠤᠰᠯᠠᠨ ᠪᠠᠷᠠᠯᠠᠵᠦ᠂ ᠡᠮᠦᠨᠡᠰᠢ ᠬᠤᠸᠠᠩᠱᠠᠨ ︵黄山︶ ᠬᠤᠲᠠ ᠲᠠᠢ ᠵᠠᠯᠭᠠᠯᠳᠤᠨ᠂ ᠪᠠᠷᠠᠭᠤᠨ ᠡᠮᠦᠨᠡᠰᠢ ᠵᠢᠶᠠᠩᠰᠢ ᠮᠤᠵᠢ ︵江西︶᠎ ᠶᠢᠨ ᠵᠢᠦᠵᠢᠶᠠᠩ九江 ᠬᠤᠲᠠ ᠲᠠᠢ ᠬᠦᠷᠰᠢᠯᠡᠨ᠂ ᠵᠡᠭᠦᠨ ᠪᠤᠶᠤ ᠵᠡᠭᠦᠨ ᠬᠤᠶᠢᠰᠢ ᠡᠤ ᠬᠤ᠋ ︵芜湖︶ ᠬᠤᠲᠠ᠂ ᠲᠦᠩᠯᠢᠩ ︵铜陵︶ ᠬᠤᠲᠠ ᠪᠠ ᠰᠢᠥᠸᠠᠨ ᠴᠧᠩ ︵宣城︶ ᠬᠤᠲᠠ ᠲᠠᠢ ᠵᠠᠯᠭᠠᠯᠳᠤᠭᠠᠳ᠂ ᠬᠦᠬᠡᠮᠦ᠋ᠷᠡᠨ长江᠎ ᠤ ᠡᠮᠦᠨᠡᠲᠦ ᠡᠷᠭᠢ ᠳᠠᠬᠢ ᠮᠦᠷᠡᠨ ᠲᠠᠭᠠᠭᠰᠠᠨ ᠴᠢᠬᠤᠯᠠ ᠶᠡᠭᠡ ᠭᠠᠷᠠᠮ ᠤᠨ ᠬᠤᠲᠠ ᠪᠤᠯᠬᠤ ᠶᠤᠮ᠃          ︵21︶  ᠦᠷᠦᠨ᠎ᠡ ᠶᠢ ᠠᠮᠤᠷᠵᠢᠭᠤᠯᠬᠤ 安西  —— ① ᠴᠦᠯᠭᠡ ᠶᠢᠨ ᠨᠡᠷ᠎ᠡ᠃ ᠡᠭᠦᠨ ᠢ ᠪᠠᠰᠠ ᠠᠰᠠᠷᠠᠯ ᠡᠰᠢᠲᠦ ᠴᠦᠯᠭᠡ  ︵ᠹᠧᠩ ᠶᠤᠸᠠᠨ ᠯᠤ᠋奉元路︶ ᠭᠡᠳᠡᠭ᠃ ᠶᠤᠸᠠᠨ ᠤᠯᠤᠰ ᠤᠨ ᠲᠤᠯᠭᠤᠷ ᠲᠡᠭᠡᠳᠦᠰ ︵ᠲᠠᠶᠢᠽᠦ᠋ᠩ︶ ᠦᠭᠡᠳᠡᠢ ᠬᠠᠭᠠᠨ ᠤ ᠲᠠᠪᠤᠳᠤᠭᠠᠷ ᠤᠨ ︵1233 ᠤᠨ︶᠎ ᠳᠤ ᠭᠢᠨᠵᠠᠨ ᠬᠤᠷᠤᠭ᠎ᠠ ︵京兆府︶᠎ ᠶᠢ ᠭᠢᠨᠵᠠᠨ ᠴᠦᠯᠭᠡ ︵京兆路︶ ᠪᠤᠯᠭᠠᠨ ᠦᠭᠡᠷᠴᠢᠯᠡᠵᠦ᠂ ᠶᠡᠷᠦᠩᠬᠢ ᠵᠠᠬᠢᠷᠭ᠎ᠠ ᠶᠢᠨ ᠤᠷᠳᠤᠨ ᠢ ᠪᠠᠶᠢᠭᠤᠯᠤᠨ ᠱᠠᠨᠰᠢ ᠴᠦᠯᠭᠡ ︵陕西路︶᠎ ᠳᠤ ᠬᠠᠷᠢᠶᠠᠯᠠᠭᠤᠯᠤᠭᠠᠳ ᠰᠢᠶᠠᠨ ᠨᠢᠩ ︵咸宁︶᠂ ᠴᠠᠩ ᠠᠨ ᠰᠢᠶᠠᠨ ︵长安县︶ ᠬᠢᠭᠡᠳ ᠡᠷᠤᠬᠡ ᠠᠮᠠ ᠶᠢᠨ ᠵᠠᠬᠢᠷᠭ᠎ᠠ ︵录事司︶᠎ ᠶᠢ ᠬᠠᠮᠢᠶᠠᠷᠠᠭᠤᠯᠪᠠ᠃ ᠡᠨᠡ ᠨᠢ ᠲᠠᠷᠤᠢ ᠤᠳᠤᠬᠢ ᠱᠠᠨᠰᠢ ᠮᠤᠵᠢ ᠶᠢᠨ ᠰᠢ ᠠᠨ ᠬᠤᠲᠠ ︵陕西省西安市︶ ᠪᠤᠯᠤᠨ᠎ᠠ᠃ ᠦᠭᠡᠲᠡᠢ ᠬᠠᠭᠠᠨ ᠤ ᠲᠤᠯᠤᠳᠤᠭᠠᠷ ᠤᠨ ᠳᠤ ᠭᠢᠨᠵᠠᠨ ᠬᠤᠷᠤᠭ᠎ᠠ ᠭᠡᠵᠦ ᠬᠠᠯᠠᠬᠤ ᠶᠢᠨ ᠲᠠᠭᠠᠤ ᠮᠦᠨ ᠬᠦ ᠭᠢᠨᠵᠠᠨ ᠴᠦᠯᠭᠡ ᠭᠡᠵᠦ ᠬᠠᠯᠠᠵᠦ᠂ ᠶᠡᠷᠦᠩᠬᠢ ᠵᠠᠬᠢᠷᠭ᠎ᠠ ᠶᠢᠨ ᠤᠷᠳᠤᠨ ᠢ ᠪᠠᠶᠢᠭᠤᠯᠪᠠ᠃ ᠨᠠᠢᠮᠠᠵᠢᠨ ᠬᠠᠲᠤᠨ ᠤ ᠲᠦᠷᠦ ᠪᠠᠷᠢᠭᠰᠡᠨ ᠤ ᠬᠤᠶᠠᠳᠤᠭᠠᠷ ᠤᠨ ︵1243 ᠤᠨ︶᠎ ᠳᠤ ᠱᠠᠨᠰᠢ ᠵᠡᠭᠦᠨ ᠴᠦᠯᠭᠡ ︵陕西东路︶᠎ ᠳᠤ ᠬᠠᠷᠢᠶᠠᠯᠠᠭᠤᠯᠪᠠ᠃ ᠶᠤᠸᠠᠨ ᠤᠯᠤᠰ ᠤᠨ ᠰᠦᠷᠲᠦ ᠲᠡᠭᠡᠳᠤᠰ ︵ᠰᠢᠶᠠᠨᠽᠦ᠋ᠩ宪宗︶ ᠮᠦᠩᠬᠡ ᠬᠠᠭᠠᠨ ᠤ ᠭᠤᠷᠪᠠᠳᠤᠭᠠᠷ ᠤᠨ ︵1253 ᠤᠨ︶᠎ ᠳᠤ ᠱᠠᠨᠰᠢ ᠰᠧᠴᠤᠸᠠᠨ ᠳ᠋ᠤᠤᠯᠢ ︵陕西四川道︶ ᠎ ᠳᠤ ᠬᠠᠷᠢᠶᠠᠯᠠᠭᠤᠯᠪᠠ᠃ ᠲᠦᠷᠪᠡᠳᠦᠭᠡᠷ ᠤᠨ ᠳᠤ ᠱᠠᠨᠰᠢ ᠳ᠋ᠤᠤᠯᠢ ︵陕西道︶᠎ ᠳᠤ ᠬᠠᠷᠢᠶᠠᠯᠠᠭᠤᠯᠪᠠ᠃ ᠲᠤᠯᠤᠳᠤᠭᠠᠷ ᠤᠨ ᠳᠤ ᠱᠠᠨᠰᠢ ᠵᠡᠭᠦᠨ ᠴᠦᠯᠭᠡ ᠳᠤ ᠬᠠᠷᠢᠶᠠᠯᠠᠭᠤᠯᠪᠠ᠃ ᠶᠤᠸᠠᠨ ᠤᠯᠤᠰ ᠤᠨ ᠬᠤᠪᠢᠯᠠᠢ ᠰᠡᠴᠡᠨ ᠬᠠᠭᠠᠨ ᠤ ᠲᠦᠪ ᠶᠤᠰᠤᠲᠦ ︵ᠵᠦᠩ ᠲᠦᠩ中统︶᠎ ᠶᠢᠨ ᠠᠩᠬᠠᠳᠤᠭᠠᠷ ᠤᠨ ︵1260 ᠤᠨ︶᠎ ᠳᠤ ᠱᠠᠨᠰᠢ ᠰᠧᠴᠤᠸᠠᠨ ᠳ᠋ᠤᠤᠯᠢ ᠳᠤ ᠬᠠᠷᠢᠶᠠᠯᠠᠭᠤᠯᠤᠭᠰᠠᠨ ᠢᠶᠠᠨ ᠲᠠᠬᠢᠨ ᠱᠠᠨᠰᠢ ᠳ᠋ᠤᠤᠯᠢ ᠳᠤ ᠬᠠᠷᠢᠶᠠᠯᠠᠭᠤᠯᠪᠠ᠃ ᠬᠤᠶᠠᠳᠤᠭᠠᠷ ᠤᠨ ᠳᠤ ᠱᠠᠨᠰᠢ ᠬᠤᠪᠢᠶᠠᠷᠢ ᠮᠤᠵᠢ ᠳᠤ ᠦᠭᠡᠷᠴᠢᠯᠠᠨ ᠬᠠᠷᠢᠶᠠᠯᠠᠭᠤᠯᠪᠠ᠃ ᠭᠤᠷᠪᠠᠳᠤᠭᠠᠷ ᠤᠨ ᠳᠤ ᠮᠦᠨ ᠬᠦ ᠦᠭᠡᠷᠴᠢᠯᠡᠵᠦ ᠱᠠᠨᠰᠢ ᠪᠠᠷᠠᠭᠤᠨ ᠳ᠋ᠤᠤᠯᠢ ᠳᠤ ᠬᠠᠷᠢᠶᠠᠯᠠᠭᠤᠯᠪᠠ᠃ ᠤᠨᠤᠯᠲᠦ ᠲᠡᠷᠢᠭᠦᠨ ︵至元︶᠎ ᠤ ᠠᠩᠬᠠᠳᠤᠭᠠᠷ ᠤᠨ ︵1264 ᠤᠨ︶᠎ ᠳᠤ ᠮᠦᠨ ᠬᠦ ᠱᠠᠨᠰᠢ ᠬᠤᠪᠢᠶᠠᠷᠢ ᠮᠤᠵᠢ ᠳᠤ ᠬᠠᠷᠢᠶᠠᠯᠠᠭᠤᠯᠪᠠ᠃ ᠨᠠᠢᠮᠠᠳᠤᠭᠠᠷ ᠤᠨ ᠳᠤ ᠡᠷᠬᠢᠨ ᠰᠠᠶᠢᠳ ᠤᠨ ᠶᠠᠮᠤᠨ ︵尚书省︶᠎ ᠳᠤ ᠬᠠᠷᠢᠶᠠᠯᠠᠭᠤᠯᠪᠠ᠃ ᠶᠢᠰᠦᠳᠦᠭᠡᠷ ᠤᠨ ᠎ ᠳᠤ ᠮᠦᠨ ᠬᠦ ᠱᠠᠨᠰᠢ ᠬᠤᠪᠢᠶᠠᠷᠢ ᠮᠤᠵᠢ ᠳᠤ ᠬᠠᠷᠢᠶᠠᠯᠠᠭᠤᠯᠵᠦ᠂ ᠲᠠᠬᠢᠨ ᠦᠷᠦᠨ᠎ᠡ ᠶᠢ ᠠᠮᠦᠷᠵᠢᠭᠤᠯᠤᠭᠴᠢ ᠸᠠᠩ ᠎ ᠤᠨ ᠰᠠᠶᠢᠳ ᠤᠨ ᠵᠠᠬᠢᠷᠭ᠎ᠠ ︵安西王相府︶᠎ ᠶᠢᠨ ᠬᠤᠷᠤᠭ᠎ᠠ ᠳᠤ ᠬᠠᠷᠢᠶᠠᠯᠠᠭᠤᠯᠪᠠ᠃ ᠠᠷᠪᠠᠨ ᠵᠢᠷᠭᠤᠳᠤᠭᠠᠷ ᠤᠨ ᠳᠤ ᠠᠨ ᠰᠢ ᠴᠦᠯᠭᠡ ᠳᠤ ᠬᠠᠷᠢᠶᠠᠯᠠᠭᠤᠯᠪᠠ᠃ ᠠᠷᠪᠠᠨ ᠲᠤᠯᠤᠳᠤᠭᠠᠷ ᠤᠨ ᠳᠤ ᠮᠦᠨ ᠬᠦ ᠱᠠᠨᠰᠢ ᠬᠤᠪᠢᠶᠠᠷᠢ ᠮᠤᠵᠢ ᠳᠤ ᠬᠠᠷᠢᠶᠠᠯᠠᠭᠤᠯᠪᠠ᠃ ᠬᠤᠷᠢᠳᠤᠭᠠᠷ ᠤᠨ ᠳᠤ ᠱᠠᠨᠰᠢ ᠳ᠋ᠤᠤᠯᠢ ᠳᠤ ᠬᠠᠷᠢᠶᠠᠯᠠᠭᠤᠯᠪᠠ᠃ ᠬᠤᠷᠢᠨ ᠬᠤᠶᠠᠳᠤᠭᠠᠷ ᠤᠨ ᠳᠤ ᠮᠦᠨ ᠬᠦ ᠱᠠᠨᠰᠢ ᠬᠤᠪᠢᠶᠠᠷᠢ ᠮᠤᠵᠢ ᠳᠤ ᠬᠠᠷᠢᠶᠠᠯᠠᠭᠤᠯᠪᠠ᠃ ᠶᠤᠸᠠᠨ ᠤᠯᠤᠰ ᠤᠨ ᠠᠶᠤᠷᠪᠠᠷᠸᠠᠳᠠ ᠬᠠᠭᠠᠨ ᠤ ᠬᠠᠮᠤᠭ ᠪᠠᠶᠠᠰᠬᠤᠯᠠᠩᠲᠦ ︵ᠬᠤᠸᠠᠩ ᠴᠢᠩ皇庆︶᠎ ᠶᠢᠨ ᠠᠩᠬᠠᠳᠤᠭᠠᠷ ᠤᠨ ︵1312 ᠤᠨ︶᠎ ᠳᠤ ᠠᠰᠠᠷᠠᠯ ᠡᠰᠢᠲᠦ ᠴᠦᠯᠭᠡ ︵ᠹᠧᠩ ᠶᠤᠸᠠᠨ ᠯᠤ᠋奉元路︶ ᠭᠡᠵᠦ ᠬᠠᠯᠠᠪᠠ᠃ ᠶᠤᠸᠠᠨ ᠤᠯᠤᠰ ᠤᠨ ᠲᠤᠭᠤᠭᠠᠨᠲᠡᠮᠦᠷ ᠬᠠᠭᠠᠨ ᠤ ᠤᠨᠤᠯᠲᠦ ᠲᠦᠪ ︵ᠵᠾᠢ ᠵᠧᠩ至正︶᠎ ᠤᠨ ᠠᠷᠪᠠᠨ ᠲᠠᠪᠤᠳᠤᠭᠠᠷ ᠤᠨ ︵1355 ᠤᠨ︶᠎ ᠳᠤ ᠮᠦᠨ ᠬᠦ ᠱᠠᠨᠰᠢ ᠳ᠋ᠤᠤᠯᠢ ᠳᠤ ᠬᠠᠷᠢᠶᠠᠯᠠᠭᠤᠯᠵᠠᠢ᠃ ② ᠰᠢᠶᠠᠨ ᠤ ᠨᠡᠷ᠎ᠡ᠃ ᠶᠤᠸᠠᠨ ᠤᠯᠤᠰ ᠤᠨ ᠲᠤᠯᠭᠤᠷ ᠲᠡᠭᠡᠳᠤᠰ ︵ᠲᠠᠶᠢᠽᠦ᠋ᠩ太宗︶ ᠦᠭᠡᠳᠡᠢ ᠬᠠᠭᠠᠨ ᠤ ᠨᠠᠢᠮᠠᠳᠤᠭᠠᠷ ᠤᠨ ︵1236 ᠤᠨ︶᠎ ᠳᠤ ᠦᠷᠦᠨ᠎ᠡ ᠶᠢ ᠠᠮᠤᠷᠵᠢᠭᠤᠯᠤᠭᠴᠢ ᠰᠢᠶᠠᠨ ︵安西县︶᠎ ᠢ ᠪᠠᠶᠢᠭᠤᠯᠵᠦ᠂ ᠦᠷᠦᠨ᠎ᠡ ᠶᠢ ᠲᠤᠭᠲᠠᠭᠠᠭᠴᠢ ᠪᠠᠯᠭᠠᠳ ︵定西州︶᠎ ᠲᠤ ᠬᠠᠷᠢᠶᠠᠯᠠᠭᠤᠯᠪᠠ᠂ ᠲᠠᠷᠤᠢ ᠤᠳᠤᠬᠢ ᠭᠠᠨᠰᠤ ᠮᠤᠵᠢ ︵甘肃省︶᠎ ᠶᠢᠨ ᠲᠦᠪ ᠯᠠᠨᠵᠸᠦ ᠬᠤᠲᠠ ︵兰州市︶᠎ ᠶᠢᠨ ᠵᠡᠭᠦᠨ ᠡᠮᠦᠨᠡᠬᠢ ᠳ᠋ᠢᠩᠰᠢ ︵定西︶ ᠤᠷᠤᠨ ᠪᠤᠯᠤᠨ᠎ᠠ᠃ ᠶᠤᠸᠠᠨ ᠤᠯᠤᠰ ᠤᠨ ᠬᠤᠪᠢᠯᠠᠢ ᠰᠡᠴᠡᠨ ᠬᠠᠭᠠᠨ ᠤ ᠤᠨᠤᠯᠲᠦ ᠲᠡᠷᠢᠭᠦᠨ ︵ᠵᠾᠢ ᠶᠤᠸᠠᠨ至元︶ ᠎ ᠤ ᠬᠤᠶᠠᠳᠤᠭᠠᠷ ᠤᠨ ︵1265 ᠤᠨ︶᠎ ᠳᠤ ᠬᠠᠰᠤᠪᠠ᠂ ᠭᠤᠷᠪᠠᠳᠤᠭᠠᠷ ᠤᠨ ᠳᠤ ᠲᠠᠬᠢᠨ ᠰᠡᠷᠭᠦᠭᠡᠭᠰᠡᠨ ᠪᠤᠯᠪᠠᠴᠤ ᠲᠤᠯᠤᠳᠤᠭᠠᠷ ᠤᠨ ᠳᠤ ᠮᠦᠨ ᠬᠠᠰᠤᠪᠠ᠃           ︵22︶   ᠲᠦᠰᠢᠶ᠎ᠡ  投下  ——  ᠲᠤᠰᠢᠶ᠎ᠡ ᠭᠡᠳᠡᠭ ᠪᠤᠯ ᠶᠤᠸᠠᠨ ᠤᠯᠤᠰ ᠤᠨ ᠲᠦᠷᠦᠯ ᠸᠠᠩ᠂ ᠶᠡᠬᠡᠰ ᠢᠵᠠᠭᠤᠷᠲᠠᠨ᠂ ᠭᠠᠪᠢᠶᠠᠲᠦ ᠲᠦᠰᠢᠮᠡᠳ ᠲᠤ ᠬᠤᠪᠢᠯᠠᠭᠳᠠᠭᠰᠠᠨ ᠬᠠᠷᠢᠶᠠᠲᠦ ᠬᠦᠮᠦᠰ ᠢ ᠬᠡᠯᠡᠳᠡᠭ ᠶᠤᠮ᠃ ᠲᠤᠰᠢᠶ᠎ᠠ ᠭᠡᠳᠡᠭ ᠨᠢ ᠬᠤᠪᠢᠯᠠᠭᠳᠠᠭᠰᠠᠨ ᠬᠠᠷᠢᠶᠠᠲᠦ ᠬᠦᠮᠦᠰ ᠪᠤᠶᠤ ᠤᠷᠤᠨ ᠭᠡᠰᠡᠨ ᠤᠳᠬ᠎ᠠ ᠲᠠᠢ ᠦᠭᠡ ᠪᠤᠯᠤᠨ᠎ᠠ᠃ ᠠᠩᠬ᠎ᠠ ᠯᠠᠤᠬ᠎ᠠ ᠤᠯᠤᠰ ︵ᠯᠢᠶᠤᠤ辽︶᠎ ᠤᠨ ᠦᠶ᠎ᠡ ᠳᠤ ᠪᠤᠢ ᠪᠤᠯᠵᠠᠢ᠃ ᠲᠠᠷᠤᠢ ᠲᠠᠶᠢᠨ ᠳᠤ ᠢᠯᠠᠭᠰᠠᠨ ᠠᠴᠠ ᠪᠤᠯᠵᠦ ᠡᠵᠡᠯᠡᠭᠳᠡᠭᠰᠡᠨ ᠤᠷᠤᠨ ᠤ ᠨᠤᠲᠤᠭ ᠲᠡᠪᠢᠰᠭᠡᠷ ᠬᠢᠭᠡᠳ ᠬᠦᠮᠦᠨ ᠠᠷᠠᠳ ᠵᠢᠴᠢ ᠤᠯᠵᠢᠯᠠᠭᠳᠠᠭᠰᠠᠳ ᠢ ᠦᠪᠡᠷ ᠤᠨ ᠲᠦᠷᠦᠯ ᠸᠠᠩ᠂ ᠶᠡᠬᠡᠰ ᠢᠵᠠᠭᠤᠷᠲᠠᠨ᠂ ᠭᠠᠪᠢᠶᠠᠲᠦ ᠲᠦᠰᠢᠮᠡᠳ ᠲᠡᠭᠡᠨ ᠬᠤᠪᠢᠯᠠᠨ ᠦᠭᠴᠦ ᠦᠮᠴᠢ ᠢᠷᠭᠡᠳ ᠪᠤᠯᠭᠠᠬᠤ ᠶᠢ ᠵᠢᠭᠠᠵᠦ ᠪᠠᠶᠢᠳᠠᠭ᠃ ᠲᠤᠰᠢᠶ᠎ᠠ ᠶᠢᠨ ᠠᠷᠠᠳ ᠨᠢ ᠡᠩᠬᠡ ᠲᠠᠶᠢᠪᠤᠩ ᠴᠠᠭ ᠦᠶ᠎ᠡ ᠳᠤ ᠦᠪᠡᠷ ᠤᠨ ᠡᠵᠡᠨ ᠳᠡᠭᠡᠨ ᠠᠳᠤᠭᠤ ᠮᠠᠯ ᠢ ᠨᠢ ᠠᠷᠠᠴᠢᠯᠠᠨ ᠲᠤᠲᠤᠮᠲᠠᠵᠦ ᠠᠵᠦ ᠠᠮᠢᠳᠤᠷᠯᠠᠭ᠎ᠠ ᠶᠢ ᠨᠢ ᠬᠠᠩᠭᠠᠨ ᠦᠭᠴᠦ᠂ ᠲᠠᠶᠢᠨ ᠪᠠᠶᠢᠯᠳᠤᠭᠠᠨ ᠪᠤᠯᠬᠤ ᠦᠶ᠎ᠡ ᠳᠤ ᠡᠵᠡᠨ ᠤ ᠪᠠᠨ ᠵᠠᠷᠯᠢᠭ ᠢᠶᠠᠷ ᠪᠠᠶᠢᠯᠳᠤᠭᠠᠨ ᠳᠤ ᠤᠷᠤᠯᠴᠠᠳᠠᠭ᠃ ᠮᠤᠩᠭᠤᠯ ᠤᠨ ᠲᠤᠰᠢᠶ᠎ᠠ ᠨᠢ ᠮᠠᠰᠢ ᠶᠡᠭᠡ ᠡᠷᠬᠡ ᠴᠢᠯᠤᠭᠡᠲᠡᠢ ᠶᠤᠮ᠃  
 
ᠢᠷᠡᠯᠲᠡ᠄ ᠬᠡᠰᠢᠭᠳᠡᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号