| | | | ᠬᠡᠰᠢᠭᠲᠡᠨ ᠤ ᠬᠤᠰᠢᠭᠤ ᠨᠣᠳᠤᠭ ᠠᠴᠠ ᠡᠷᠳᠡᠮᠳᠡᠨ ᠪᠣᠯᠣᠨ ᠰᠠᠶᠢᠨ ᠪᠥᠬᠡ ᠲᠠᠰᠣᠷᠠᠳᠠᠭ ᠥᠭᠡᠢ ᠭᠡᠵᠥ | ᠤᠯᠠᠮᠵᠢᠯᠠᠨ ᠶᠠᠷᠢᠭᠳᠠᠳᠠᠭ᠃ ᠬᠡᠰᠢᠭᠳᠡᠨ ᠤ ᠳᠡᠭᠡᠷ᠎ᠡ ᠥᠶ᠎ᠡ ᠶᠢᠨ ᠰᠠᠶᠢᠨ ᠪᠥᠬᠡᠴᠥᠥᠯ ᠳᠤ ᠪᠠᠶᠠᠨᠴᠠᠭᠠᠨ᠂ ᠭᠠᠷᠤᠳᠢ᠂ | ᠠᠯᠲᠠᠨᠸᠠᠴᠢᠷ᠂ ᠳᠡᠯᠬᠡᠶᠢᠬᠤᠩᠭᠤᠷ᠂ ᠳᠠᠯᠠᠶᠢᠪᠣᠯᠠᠭ᠂ ᠰᠧᠮᠧ᠂ ᠰᠣᠳᠮᠠᠸᠠᠩᠴᠤᠭ᠂ ᠸᠠᠩᠴᠤᠭ᠂ ᠰᠢᠷᠠᠯᠠᠢ᠂ ᠡᠨᠡᠪᠢᠰᠢ | ᠂ ᠠᠨᠤ᠂᠂᠂᠂ ᠭᠡᠬᠦ ᠣᠯᠠᠨ ᠰᠠᠶᠢᠨ ᠪᠥᠬᠡᠴᠥᠥᠯ ᠪᠠᠶᠢᠪᠠ᠃ ᠤᠷᠴᠢᠮ ᠥᠶ᠎ᠡ ᠠᠴᠠ ᠰᠠᠶᠢᠨ ᠪᠥᠬᠡᠴᠥᠥᠯ ᠤᠨ | ᠳᠣᠳᠣᠷ᠎ᠠ ᠠᠴᠠ ᠭᠤᠨᠴᠤᠭᠰᠡᠷᠡᠩ ᠴᠣᠯᠭᠤᠷᠠᠨ ᠭᠠᠷᠴᠠᠢ᠃ ᠭᠤᠨᠴᠤᠭᠰᠡᠷᠡᠩ ᠪᠣᠯ ᠰᠢᠨ᠎ᠡ ᠳᠣᠮᠳᠠᠳᠤ ᠣᠯᠣᠰ ᠤᠨ | ᠪᠡᠶ᠎ᠡ ᠲᠠᠮᠢᠷ ᠤᠨ ᠪᠥᠬᠡ ᠶᠢᠨ ᠲᠠᠪᠴᠩ ᠳᠡᠭᠡᠷ᠎ᠡ ᠢᠯᠡᠷᠡᠨ ᠭᠠᠷᠣᠭᠰᠠᠨ ᠥᠪᠣᠷ ᠮᠤᠩᠭᠤᠯ ᠤᠷᠣᠨ ᠤ ᠠᠷᠪᠠᠨ | ᠳᠣᠯᠳᠭᠠᠨ ᠨᠡᠷᠡᠰ ᠤᠳᠭᠠᠨ ᠠᠪᠣᠷᠭᠤ ᠪᠥᠬᠡ ᠶᠢᠨ ᠨᠢᠭᠡ᠂ ᠵᠣᠤ ᠣᠳᠠ ᠠᠶᠢᠮᠠᠭ ᠤᠨ ᠴᠤᠷ ᠤᠨ ᠭᠠᠭᠴᠠ ᠠᠩᠬᠠᠨ | ᠤ ᠠᠪᠤᠷᠭᠤ ᠶᠤᠮ᠃ | ᠲᠡᠷᠡ ᠬᠥᠬᠡ ᠨᠣᠬᠠᠢ ᠵᠢᠯ ( 1934.9 ) ᠳᠤ ᠬᠡᠰᠢᠭᠳᠡᠨ ᠪᠠᠷᠠᠭᠤᠨ ᠠᠷᠤ ᠶᠢᠨ ᠭᠤᠷᠪᠠᠨ ᠬᠥᠷᠢᠶ᠎ᠡ ᠶᠢᠨ | ᠨᠣᠳᠤᠭ ᠲᠠᠢ ᠵᠢᠷ ᠤᠨ ᠮᠠᠯᠴᠢᠨ ᠢᠳᠡᠷᠵᠠᠨᠠ᠂ ᠯᠢᠩᠬᠤᠸ᠎ᠠ ᠶᠢᠨ ᠬᠥᠪᠡᠭᠦᠨ ᠪᠣᠯᠣᠨ ᠵᠠᠶᠠᠭᠠᠵᠤ᠂ ᠡᠥ ᠰᠠᠨ ᠭᠥᠢ | ᠣᠪᠣᠭ ᠤᠨ ᠵᠢᠭᠮᠡᠳ ᠳ᠋ᠠ ᠳᠤ ᠥᠷᠡᠴᠢᠯᠡᠭᠳᠡᠵᠠᠢ᠃ ᠬᠠᠷᠠᠬᠠᠨ ᠪᠠᠭ᠎ᠠ ᠠᠴᠠ ᠪᠥᠬᠡ ᠶᠢᠨ ᠠᠪᠢᠶᠠᠰ ᠪᠢᠯᠢᠭ ᠲᠠᠢ | ᠲᠣᠯᠠ ᠥᠶ᠎ᠡ ᠬᠤᠷᠠᠭ ᠤᠨ ᠨᠠᠶᠢᠵᠢ ᠨᠥᠬᠦᠳ ᠲᠠᠢ ᠪᠠᠨ ᠥᠷᠭᠦᠯᠵᠢ ᠪᠠᠷᠢᠯᠳᠣᠵᠤ ᠨᠣᠴᠤᠯᠳᠣᠬᠤ ᠳᠣᠷ᠎ᠠ ᠪᠠᠭ᠋ᠠᠲᠠᠢ | ᠬᠡᠵᠢᠶᠡᠳᠠ ᠣᠯᠠ ᠨᠢ ᠰᠠᠯᠣᠩᠬᠢ ᠭᠤᠳᠣᠯ᠂ ᠮᠥᠷᠥ ᠨᠢ ᠣᠷᠠᠩᠬᠠᠢ ᠬᠤᠪᠴᠠᠰᠤ ᠲᠠᠢ ᠶᠠᠪᠣᠳᠠᠭ᠃ ᠨᠠᠭᠠᠳᠴᠤ | ᠪᠠᠷᠢᠯᠳᠣᠬᠤ ᠬᠥᠮᠥᠨ ᠳᠣᠬᠢᠶᠠᠯᠳᠣᠪᠠᠯ ᠨᠠᠷᠠ ᠰᠢᠩᠭᠡᠵᠤ᠂ ᠰᠠᠷ᠎ᠠ ᠵᠢᠷᠭᠠᠳᠠᠯᠠ ᠪᠠᠷᠢᠯᠳᠤᠭᠰᠠᠨ ᠴᠦ ᠰᠠᠨᠠᠭ᠎ᠠ ᠬᠠᠨᠳᠠᠭ | ᠥᠭᠡᠢ᠃ ᠠᠷᠪᠠᠨ ᠨᠠᠢᠮᠠᠲᠠᠢ ᠠᠩᠬ᠎ᠠ ᠬᠡᠰᠢᠭᠳᠡᠨ ᠰᠥᠯᠳᠡ ᠣᠪᠣᠭᠠᠨ ᠤ ᠲᠠᠬᠢᠯᠭ᠎ᠠ ᠶᠢᠨ ᠶᠡᠭᠡ ᠨᠠᠶᠢᠷ ᠲᠤ | ᠪᠠᠷᠢᠯᠳᠣᠭᠰᠠᠨ ᠠᠴᠠ ᠡᠬᠢᠯᠡᠨ ( 1950, 1953,1956,1961 ᠣᠨ ) ᠬᠤᠰᠢᠭᠤ ᠰᠥᠯᠳᠡ ᠤᠪᠤᠭ᠎ᠠ | ᠲᠠᠬᠢᠯᠭ᠎ᠠ ᠶᠢᠨ ᠶᠡᠭᠡ ᠨᠠᠶᠢᠷ ᠲᠤ ᠳᠥᠷᠪᠡ ᠤᠳᠠᠭ᠎ᠠ ᠪᠠᠷᠢᠯᠳᠣᠵᠤ ᠨᠢᠭᠡ ᠤᠳᠠᠭ᠎ᠠ ᠲᠡᠳ᠋ᠯᠡᠵᠤ᠂ ᠬᠤᠶᠠᠷ ᠤᠳᠠᠭ᠎ᠠ | ᠲᠡᠷᠢᠭᠦᠯᠡᠪᠡ᠃ ᠭᠤᠨᠴᠤᠭᠰᠡᠷᠡᠩ ᠬᠤᠷᠢ ᠬᠥᠷᠬᠦ ᠶᠢᠨ ᠥᠶ᠎ᠡ ᠳᠤ 1.70 ᠮᠧᠲᠷ᠂ ᠪᠡᠶ᠎ᠡ ᠶᠢᠨ ᠬᠥᠨᠳᠥ | 60kg ᠳᠤ ᠬᠥᠷᠴᠠᠢ᠃ ᠴᠡᠭᠡᠵᠢ ᠠᠭᠤᠳᠠᠮ᠂ ᠮᠥᠷᠥ ᠲᠡᠭᠰᠢ᠂ ᠰᠢᠯᠢ ᠰᠠᠶᠢᠲᠠᠢ ᠪᠥᠬᠡ ᠬᠥᠮᠥᠨ ᠤ ᠪᠠᠶᠢᠳᠠᠯ | ᠢᠯᠡᠷᠡᠨ ᠬᠡᠳᠣᠢ ᠲᠡᠩᠴᠡᠰᠢ ᠥᠭᠡᠢ ᠬᠥᠮᠥᠨ ᠲᠠᠢ ᠪᠠᠨ ᠲᠡᠳᠣᠢ ᠮᠥᠷᠥᠶᠢᠴᠡᠬᠦ ᠪᠠᠭ᠋ᠠᠳᠠᠢ᠂ ᠬᠡᠳᠣᠢ ᠣᠨᠠᠵᠤ | ᠬᠠᠶᠠᠭᠳᠠᠭᠰᠠᠨ ᠴᠦ ᠬᠠᠯᠠᠰᠢᠷᠠᠵᠣ ᠮᠣᠬᠤᠳᠠᠭ ᠥᠭᠡᠢ ᠤᠨᠴᠠᠯᠢᠭ ᠲᠠᠢ᠂ ᠬᠡᠵᠢᠶ᠎ᠡ ᠲᠡᠶᠢᠯᠪᠡᠯ ᠰᠠᠶ᠋ᠢ ᠰᠠᠨᠠᠭ᠎ᠠ ᠰᠡᠳᠭᠢᠯ | ᠠᠮᠠᠷᠠᠳᠠᠭ ᠪᠢᠯᠡ᠃ | 1953 ᠤᠨ ᠤ ᠰᠢᠯᠢ ᠶᠢᠨ ᠭᠤᠣᠯ ᠠᠶᠢᠮᠠᠭ ᠤᠨ ᠶᠬᠡ ᠨᠠᠶᠢᠷ ᠲᠤ ᠲᠡᠷᠠ ᠥᠪᠥᠷ ᠮᠣᠩᠭᠤᠯ ᠣᠷᠣᠨ ᠤ | ᠶᠢᠰᠤᠨ ᠠᠶᠢᠮᠠᠭ ᠤᠨ ᠠᠩᠬᠠᠳᠠᠭᠴᠢ ᠤᠳᠠᠭᠠᠨ ᠤ ᠳᠣᠮᠳᠠᠳᠤ ᠮᠠᠶ᠋ᠢᠭ ᠤᠨ 68kg ᠤᠨ ᠵᠠᠯᠠᠭᠤᠴᠣᠳ ᠤᠨ ᠪᠥᠬᠡ | ᠶᠢᠨ ᠲᠡᠳ᠋ ᠬᠥᠩᠭᠡᠨ ᠲᠡᠰ ᠤᠨ ᠣᠷᠣᠯᠳᠣᠭᠠᠨ ᠳᠤ ᠨᠡᠷ᠎ᠡ ᠮᠡᠳᠡᠭᠦᠯᠵᠥ᠂ ᠵᠡᠭᠦᠨ ᠥᠵᠥᠮᠥᠴᠢᠨ ᠤ ᠠᠯᠳᠠᠷᠳᠤ ᠪᠥᠬᠡ | ᠨᠤᠷᠳᠤᠨ ᠤ ᠰᠢᠷᠤᠪ ( ᠭᠤᠸ᠎ᠠ ᠰᠢᠷᠣᠪ ) ᠲᠠᠢ ᠮᠥᠷᠥᠶᠢᠴᠡᠨ ᠬᠥᠨᠳᠤ ᠰᠢᠷᠬᠠᠳᠤᠵᠤ ᠤᠷᠤᠯᠳᠤᠭᠠᠨ ᠠᠴᠠ | ᠬᠠᠰᠤᠭᠳᠠᠨ ᠳᠥᠷᠪᠡᠳᠤᠭᠡᠷ ᠨᠡᠷ᠎ᠡ ᠳᠤ ᠣᠷᠤᠪᠠ᠃ ᠲᠡᠷᠡ ᠤᠳᠠᠭᠠᠨ ᠤ ᠣᠷᠣᠨ ᠤ ᠬᠡᠪᠴᠢᠶᠡᠨ ᠤ ᠵᠠᠯᠠᠭᠤ | ᠪᠥᠬᠡᠴᠣᠳ ᠰᠣᠩᠭᠤᠬᠤ ᠬᠠᠷᠠᠭ᠎ᠠ ᠳᠤ ᠣᠨᠣᠭᠳᠠᠵᠤ ᠰᠣᠷᠢᠶ᠎ᠠ ᠶᠢᠨ ᠪᠥᠬᠡ ᠪᠠᠷ ᠥᠯᠡᠳᠡᠭᠰᠡᠨ ᠪᠠᠶᠢᠨ᠎ᠠ᠃ | ᠰᠤᠷᠢᠶ᠎ᠠ ᠶᠢᠨ ᠵᠠᠯᠠᠭᠤᠴᠣᠳ ᠲᠤ ᠥᠵᠥᠮᠥᠴᠢᠨ ᠤ ᠰᠡᠩᠭᠡ᠂ ᠠᠪᠠᠭ᠎ᠠ ᠶᠢᠨ ᠯᠥᠨᠳᠥᠪ᠂ ᠰᠥᠨᠢᠳ ᠤᠨ | ᠲᠥᠳᠥᠪ᠂ ᠬᠡᠰᠢᠭᠲᠡᠨ ᠤ ᠭᠤᠨᠴᠤᠭᠰᠡᠷᠡᠩ ᠵᠡᠷᠭᠡ ᠵᠢᠷᠠᠭᠠᠳ ᠨᠡᠷᠡᠰ ᠢ ᠰᠣᠩᠭᠤᠵᠤ ᠪᠠᠷᠠᠭᠤᠨ ᠥᠵᠥᠮᠥᠴᠢᠨ ᠤ | ᠤᠯᠠᠭᠠᠨᠬᠠᠭᠠᠯᠭ᠎ᠠ ᠳᠤ ᠠᠪᠠᠴᠢᠵᠤ ᠥᠵᠥᠮᠥᠴᠢᠨ ᠤ ᠠᠯᠳᠠᠷᠳᠣ ᠪᠥᠬᠡᠴᠣᠳ᠂ ᠪᠠᠭᠠᠳᠣᠷᠠᠠᠷᠰᠯᠡᠨ ᠤ ᠲᠤᠩᠷᠣᠪᠰᠡᠷᠡᠩ᠂ | ᠢᠮᠠᠭᠠᠳᠣ ᠶᠢᠨ ᠪᠠᠳᠤᠸ᠋ᠴᠢᠷ ᠤᠨ ᠰᠧᠳᠡᠩ᠂ ᠮᠠᠮᠠ ᠵᠠᠩᠭᠢ ᠶᠢᠨ ᠠᠷᠠᠰᠢᠰᠧᠪᠴᠢᠨ ( ᠰᠧᠪᠴᠡᠩᠭᠡ )᠂ ᠷᠠᠰᠢᠲᠣᠩᠷᠣᠪ | ᠂ ᠬᠥᠷᠢᠶ᠎ᠡ ᠪᠣᠶᠠᠨᠴᠣᠭᠳᠣ᠂ ᠬᠥᠷᠢᠶ᠎ᠡ ᠲᠡᠮᠡᠴᠣᠢ᠂ ᠢᠨᠵᠠᠭ᠎ᠠ ᠶᠣᠨᠳᠣᠨ᠂ ᠬᠡᠣᠬᠡᠨ ᠤ ᠡᠷᠬᠢᠮᠪᠠᠳᠣ᠂ ᠠᠷᠰᠯᠠᠨ ᠤ | ᠭᠠᠷᠣᠳᠢ᠂ ᠪᠥᠳᠥᠭᠦᠨ ᠵᠢᠷᠭᠠᠯ᠂ ᠰᠢᠨ᠎ᠡ ᠰᠥᠮ᠎ᠡ ᠶᠢᠨ ᠯᠠᠮᠠ᠂ ᠣᠨᠠᠭ᠎ᠠ ᠶᠢᠨ ᠸᠠᠩᠴᠤᠭ᠂ ᠡᠰᠡᠷᠡᠭ ᠨᠠᠷ ᠢ ᠵᠠᠯᠠᠵᠤ | ᠣᠷᠣᠯᠴᠠᠭᠤᠯᠣᠭᠰᠠᠨ ᠪᠠᠶᠢᠨ᠎ᠠ᠃ ᠰᠤᠷᠢᠶ᠎ᠠ ᠶᠢᠨ ᠬᠤᠭᠤᠴᠠᠭ᠎ᠠ ᠨᠢ ᠪᠠᠷᠤᠭ ᠬᠤᠶᠠᠷ ᠰᠠᠷ᠎ᠠ ᠰᠢᠬᠠᠮ ᠶᠠᠪᠣᠭᠳᠠᠬᠤ ᠳᠤ | ᠨᠠᠰᠤ ᠪᠠᠭ᠎ᠠ ᠭᠤᠩᠴᠣᠭᠰᠡᠷᠡᠩ ᠳᠤ ᠬᠡᠯᠡᠪᠡᠯ ᠰᠣᠷᠢᠶ᠎ᠠ ᠶᠢᠨ ᠠᠩᠬᠠᠨ ᠤ ᠬᠤᠭᠤᠴᠠᠭᠠᠨ ᠳᠤ ᠠᠯᠳᠠᠷᠳᠣ ᠪᠥᠬᠡᠴᠣᠳ ᠢ | ᠲᠠᠪᠠᠭ᠋ᠤ ᠶᠢ ᠪᠢᠳᠡᠭᠡᠢ ᠬᠡᠯᠡ᠂ ᠲᠠᠯ᠎ᠠ ᠮᠥᠴᠢᠨ ᠤ ᠲᠤᠷᠪᠢ ᠬᠥᠴᠤᠨ ᠨᠢ ᠲᠡᠩᠴᠡᠰᠢ ᠥᠭᠡᠢ ᠢᠯᠠᠭᠳᠠᠵᠣ ᠪᠠᠶᠢᠪᠠ᠃ | ᠰᠣᠷᠢᠶ᠎ᠠ ᠶᠢᠨ ᠳᠣᠮᠳᠠ ᠬᠤᠭᠤᠴᠠᠭ᠎ᠠ ᠪᠣᠯᠬᠤ ᠳᠤ ᠠᠷᠠᠢ ᠭᠡᠵᠤ ᠠᠮᠢ ᠪᠠᠨ ᠬᠤᠷᠢᠭᠯᠠᠬᠤ ᠬᠡᠮᠵᠢᠶ᠎ᠡ ᠳᠤ ᠬᠥᠷᠴᠤ | ᠰᠣᠷᠢᠶ᠎ᠠ ᠶᠢᠨ ᠰᠡᠭᠦᠯᠴᠢ ᠪᠣᠯᠬᠤ ᠳᠤ ᠠᠪᠣᠨ ᠲᠠᠯᠪᠢᠨ ᠣᠨᠠᠬᠤ ᠥᠭᠡᠢ ᠮᠥᠷᠳᠡᠭᠡᠨ ᠠᠯᠠᠭ ᠡᠭᠡᠯᠵᠢ ᠬᠠᠷᠢᠭᠤ ᠲᠠᠢ | ᠪᠣᠯᠵᠣ ᠲᠡᠭᠡᠭᠰᠢᠯᠡᠭᠰᠡᠨ ᠭᠡᠨ᠎ᠡ᠃ ᠰᠣᠷᠢᠶ᠎ᠠ ᠶᠢᠨ ᠪᠠᠭᠰᠢ ᠨᠠᠷ ᠠᠴᠠ ᠬᠡᠰᠢᠭᠲᠡᠨ ᠤ ᠭᠤᠨᠴᠤᠭᠰᠡᠷᠡᠩ ᠢ ᠣᠨᠠᠭᠠᠳ | ᠮᠣᠬᠤᠳᠠᠭ ᠥᠭᠡᠢ᠂ ᠤᠶᠠᠭᠠᠳ ᠰᠤᠯᠠᠷᠠᠳᠠᠭ ᠦᠭᠡᠢ ᠪᠦᠬᠡ ᠪᠤᠯᠬᠤ ᠵᠤᠷᠢᠭ ᠰᠥᠰᠦ ᠲᠠᠢ ᠬᠦᠮᠥᠨ ᠭᠡᠵᠦ ᠦᠨᠡᠯᠡᠵᠦ | ᠭᠡᠯᠡ᠃ ᠰᠤᠷᠢᠶ᠎ᠠ ᠶᠢᠨ ᠪᠥᠬᠡᠴᠦᠦᠯ ᠤᠨ ᠲᠤᠲᠤᠷ᠎ᠠ ᠠᠴᠠ ᠦᠪᠦᠷ ᠮᠤᠩᠭᠤᠯ ᠤᠷᠤᠨ ᠤ ᠠᠩᠬᠠᠳᠤᠭᠠᠷ ᠤᠳᠠᠭᠠᠨ ᠤ | ᠪᠦᠬᠡ ᠶᠢᠨ ᠪᠤᠯᠪᠠᠰᠤᠷᠠᠯ ᠤᠨ ᠠᠩᠬᠢ ᠶᠢᠨ ᠲᠠᠮᠢᠷᠴᠢᠨ ᠢᠶᠠᠷ ᠰᠢᠯᠢᠭᠳᠡᠨ ᠬᠦᠬᠡᠬᠤᠲᠠ ᠳᠤ ᠬᠦᠷᠴᠠᠢ᠃ | 1958 ᠤᠨ ᠳᠤ ᠭᠤᠨᠴᠤᠭᠰᠡᠷᠡᠩ᠂ ᠦᠪᠦᠷ ᠮᠤᠩᠭᠤᠯ ᠤᠨ ᠪᠦᠬᠡ ᠶᠢᠨ ᠠᠩᠬᠢ ᠶᠢᠨ ᠲᠦᠯᠦᠭᠡᠯᠡᠭᠴᠢ | ᠪᠠᠷ ᠬᠠᠮᠤᠭ ᠠᠩᠬ᠎ᠠ ᠤᠳᠠᠭ᠎ᠠ᠂ ᠮᠤᠩᠭᠤᠯ ᠤᠯᠤᠰ ᠤᠨ ᠵᠠᠮ ᠤᠨ ᠡᠭᠦᠳᠡᠨ ᠳᠤ ᠬᠦᠷᠴᠦ᠂ ᠨᠦᠬᠦᠷᠰᠡᠭ | ᠤᠷᠤᠯᠳᠤᠭᠠᠨ ᠳᠤ ᠤᠷᠤᠯᠴᠠᠭᠰᠠᠨ ᠪᠠᠶᠢᠨ᠎ᠠ᠃ 1958 ᠤᠨ ᠤ 7 ᠰᠠᠷ᠎ᠠ ᠶᠢᠨ 15 ᠳᠤ ᠰᠢᠯᠢᠨᠬᠤᠳᠠ ᠳᠤ | ᠪᠤᠯᠤᠠᠭᠰᠠᠨ ᠪᠦᠬᠡ ᠤᠷᠤᠨ ᠤ ᠳᠤᠮᠳᠠᠳᠤ ᠮᠠᠶ᠋ᠢᠭ ᠤᠨ ᠪᠦᠬᠡ ᠶᠢᠨ ᠤᠷᠤᠯᠳᠠᠭᠠᠨ ᠳᠤ ᠤᠨᠴᠠ ᠰᠠᠶᠢᠨ ᠬᠢᠷᠢ | ᠪᠦᠳᠦᠮᠵᠢ ᠤᠯᠪᠠ᠃ ᠲᠡᠷᠡ ᠥᠪᠦᠷ ᠮᠤᠩᠭᠤᠯ ᠢ ᠲᠦᠯᠦᠭᠡᠯᠡᠵᠦ᠂ ᠤᠯᠤᠰ ᠤᠨ ᠲᠤᠲᠤᠭᠠᠳᠤ ᠳᠠᠬᠢ ᠡᠯ᠎ᠡ ᠮᠤᠵᠢ᠂ | ᠤᠷᠤᠨ᠂ ᠬᠤᠳᠠ ᠶᠢᠨ ᠨᠥᠬᠦᠷᠰᠡᠭ ᠤᠷᠤᠯᠳᠤᠭᠠᠨ ᠳᠤ ᠤᠯᠠᠨ ᠤᠳᠠᠭ᠎ᠠ ᠤᠷᠤᠯᠴᠠᠵᠤ᠂ ᠪᠦᠬᠦ ᠤᠯᠤᠰ ᠤᠨ | ᠨᠢᠭᠡᠳᠦᠭᠡᠷ ᠤᠳᠠᠭ᠎ᠠ᠂ ᠬᠤᠶᠠᠳᠦᠭᠠᠷ ᠤᠳᠠᠭ᠎ᠠ᠂ ᠭᠤᠷᠪᠠᠳᠦᠭᠠᠷ ᠤᠳᠠᠭᠠᠨ ᠤ ᠪᠡᠶ᠎ᠡ ᠶᠢᠨ ᠲᠠᠮᠢᠷ ᠤᠨ ᠴᠤᠠᠭᠯᠠᠭᠠᠨ | ᠳᠤ ᠤᠷᠤᠯᠴᠠᠵᠦ ᠤᠳᠠᠭ᠎ᠠ ᠪᠦᠷᠢ ᠶᠢᠨ ᠮᠥᠷᠦᠶᠢᠴᠡᠭᠡᠨ ᠳᠤ ᠰᠢᠯᠢᠳᠡᠭ ᠠᠮᠵᠢᠯᠳᠠ ᠤᠯᠵᠤ ᠥᠪᠥᠷ ᠮᠤᠩᠭᠤᠯ ᠤᠷᠤᠨ | ᠤ ᠲᠠᠮᠢᠷ ᠤᠨ ᠦᠢᠯᠡᠰ ᠲᠤ ᠭᠠᠪᠢᠶ᠎ᠠ ᠵᠢᠳᠬᠦᠯ ᠨᠡᠮᠡᠷᠢᠯᠡᠵᠦ ᠰᠢᠯᠢᠳᠡᠭ ᠲᠠᠮᠢᠷᠢᠴᠢᠨ ᠢᠶᠠᠷ ᠦᠨᠡᠯᠡᠭᠳᠡᠭᠰᠡᠨ ᠢᠶᠠᠷ | ᠪᠠᠷᠠᠬᠤ ᠦᠭᠡᠢ ᠪᠦᠬᠡ ᠶᠢᠨ ᠰᠤᠷᠭᠠᠭᠴᠢ ᠪᠠᠷ ᠠᠵᠢᠯᠯᠠᠵᠦ ᠤᠯᠠᠨ ᠰᠢᠯᠢᠳᠡᠭ ᠲᠠᠮᠢᠷᠴᠢᠳ ᠬᠦᠮᠥᠵᠢᠭᠦᠯᠪᠡ᠃ | ᠭᠤᠨᠴᠤᠭᠰᠡᠷᠡᠩ ᠭᠤᠸᠠᠢ ᠪᠡᠭᠡᠵᠢᠩ ᠳᠤ ᠪᠣᠯᠣᠭᠰᠠᠨ ᠠᠩᠬᠠᠳᠣᠭᠠᠷ ᠤᠳᠠᠭᠠᠨ ᠤ ᠪᠥᠬᠦ ᠣᠯᠤᠰ ᠤᠨ | ᠪᠡᠶ᠎ᠡ ᠲᠠᠮᠢᠷ ᠤᠨ ᠴᠤᠭᠯᠠᠭᠠᠨ ( 1959.913-20 ) ᠤ ᠠᠪᠣᠷᠭᠤ ᠰᠢᠯᠭᠠᠷᠠᠭᠤᠯᠬᠤ ᠣᠷᠣᠯᠳᠣᠭᠠᠨ ᠳᠤ | ᠳᠣᠮᠳᠠᠳᠣ ᠮᠠᠶ᠋ᠢᠭ ᠤᠨ ᠪᠥᠬᠡ ᠶᠢᠨ 78kg ᠤᠨ ᠲᠡᠰ ᠲᠤ ᠠᠩᠬ᠎ᠠ ᠤᠳᠠᠭ᠎ᠠ ᠠᠪᠤᠷᠭᠤ ᠴᠣᠯᠠ ᠬᠠᠮᠠᠭᠠᠯᠠᠨ᠂ | ᠥᠪᠥᠷ ᠮᠣᠩᠭᠤᠯ ᠤᠷᠣᠨ ᠤ ᠤᠣᠭᠠᠨ ᠠᠪᠣᠷᠭᠤ ᠶᠢᠨ ᠡᠩᠨᠡᠭᠡᠨ ᠳᠤ ᠨᠡᠷ᠎ᠡ ᠲᠡᠮᠳᠡᠭᠯᠡᠭᠳᠡᠪᠡ᠃ | 1960 ᠤᠨ ᠳᠤ ᠴᠠᠬᠠᠷ ᠤᠨ ᠬᠠᠩᠬᠠᠯ ᠤᠨ ᠨᠠᠶᠢᠷ ᠲᠤ ᠬᠥᠷᠴᠤ 128 ᠪᠥᠬᠡ ᠳᠤ ᠨᠠᠶᠢᠷ ᠲᠠᠯᠪᠢᠨ | ᠲᠡᠳ᠋ᠯᠡᠵᠤ ᠠᠪᠠᠭ᠎ᠠ ᠬᠤᠰᠢᠭᠤᠨ ᠤ ᠶᠠᠩᠳᠣ ᠲᠠᠬᠢ ᠨᠠᠶᠢᠷ ᠲᠤ ᠠᠪᠠᠭ᠎ᠠ ᠶᠢᠨ ᠯᠥᠨᠳᠥᠪ᠂ ᠥᠵᠥᠮᠥᠴᠢᠨ ᠤ ᠮᠠᠮᠠ | ᠵᠠᠩᠭᠢ ᠶᠢᠨ ᠠᠷᠠᠰᠢᠰᠧᠪᠴᠢᠨ ᠨᠠᠷ ᠢ ᠲᠠᠪᠠᠵᠤ ᠨᠠᠶᠢᠷ ᠤᠨ ᠲᠡᠷᠢᠭᠦᠨ ᠱᠠᠩ ᠬᠠᠯᠠᠭᠤᠨ ᠬᠤᠰᠢᠭᠤᠳᠣ ᠮᠤᠷᠢ ᠢ | ᠬᠥᠳᠥᠯᠥᠭᠰᠡᠨ ᠤᠳᠠᠭ᠎ᠠ ᠪᠣᠢ᠃ ᠲᠡᠷᠡ ᠣᠯᠠᠨ ᠨᠠᠶᠢᠷ ᠲᠤ ᠪᠠᠷᠢᠯᠳᠣᠬᠤ ᠪᠠᠳᠣᠯᠭ᠎ᠠ ᠲᠠᠢ ᠪᠠᠶᠢᠭᠰᠠᠨ ᠪᠣᠯᠪᠠᠴᠤ | ᠥᠪᠥᠷ ᠮᠣᠩᠭᠤᠯ ᠳᠤ ᠪᠥᠬᠡ ᠶᠢᠨ ᠰᠣᠷᠭᠠᠭᠴᠢ ᠪᠠᠷ ᠠᠵᠢᠯᠯᠠᠵᠣ ᠪᠠᠶᠢᠭᠰᠠᠨ ᠣᠴᠢᠷ ᠠᠴᠠ ᠵᠠᠪ ᠴᠢᠯᠥᠭᠡ ᠲᠣᠩ | ᠬᠤᠪᠣᠷ ᠰᠢᠯᠳᠠᠭᠠᠨ ᠠᠴᠠ ᠣᠯᠠᠨ ᠠᠷᠪᠢᠨ ᠠᠷᠠᠳ ᠤᠨ ᠶᠡᠭᠡ ᠨᠠᠶᠢᠷ ᠲᠤ ᠪᠠᠷᠢᠯᠳᠤᠵᠤ ᠴᠢᠳᠠᠭᠰᠠᠨ ᠥᠭᠡᠢ ᠨᠢ | ᠬᠠᠷᠠᠮᠰᠠᠯᠳᠠᠢ᠃ | 1962 ᠤᠨ ᠳᠤ ᠥᠪᠥᠷ ᠮᠣᠩᠭᠤᠯ ᠤᠨ ᠪᠥᠬᠡ ᠶᠢᠨ ᠠᠩᠬᠢ ᠶᠢᠨ ᠲᠣᠮᠢᠯᠠᠯᠳᠠ ᠪᠠᠷ ᠰᠢᠯᠢ ᠶᠢᠨ | ᠭᠤᠣᠯ ᠠᠶᠢᠮᠠᠭ ᠤᠨ ᠵᠡᠭᠦᠨ ᠥᠵᠥᠮᠥᠴᠢᠨ ᠬᠤᠰᠢᠭᠤᠨ ᠳᠤ ᠬᠥᠷᠴᠤ ᠲᠥᠷ ᠴᠠᠭ ᠤᠨ ᠪᠥᠬᠡ ᠶᠢᠨ ᠪᠣᠯᠪᠠᠰᠥᠷᠠᠯ ᠤᠨ | ᠠᠩᠬᠢ ᠡᠷᠬᠢᠯᠡᠵᠤ ᠰᠢᠨ᠎ᠡ ᠲᠠᠮᠢᠷᠴᠢᠨ ᠰᠤᠩᠭᠤᠨ ᠠᠪᠬᠤ ᠳᠤ ᠭᠤᠣᠯᠯᠠᠨ ᠤᠷᠣᠯᠴᠠᠨ᠂ ᠪᠥᠬᠡ ᠶᠢᠨ ᠥᠯᠥᠬᠡᠢ | ᠥᠵᠥᠮᠥᠴᠢᠨ ᠨᠣᠳᠤᠭ ᠲᠤ ᠬᠡᠰᠢᠭᠳᠡᠨ ᠤ ᠰᠠᠶᠢᠨ ᠪᠥᠬᠡ ᠭᠤᠨᠴᠤᠭᠰᠡᠷᠡᠩ᠂ ᠣᠯᠣᠰ ᠤᠨ ᠠᠪᠣᠷᠭᠤ ᠴᠣᠯᠠ | ᠬᠠᠮᠠᠭᠠᠯᠠᠵᠣ᠂ ᠪᠥᠬᠡ ᠶᠢᠨ ᠪᠠᠭᠰᠢ ᠪᠠᠷ ᠥᠵᠥᠮᠥᠴᠢᠨ ᠠᠴᠠ ᠰᠢᠨ᠎ᠡ ᠪᠥᠬᠡᠴᠣᠣᠯ ᠰᠣᠩᠭᠤᠬᠤ ᠪᠠᠷ ᠢᠷᠡᠵᠠᠢ᠂᠂᠂᠂ | ᠭᠡᠵᠤ ᠥᠵᠥᠮᠥᠴᠢᠨ ᠤ ᠠᠯᠳᠠᠷᠳᠤ ᠪᠥᠬᠡᠴᠣᠳ᠂ ᠭᠠᠬᠢᠯ ᠤᠨ ᠯᠠᠮᠠ ᠨᠠᠷ ᠲᠠᠷᠠᠭ᠎ᠠ ᠲᠠᠷᠠᠭ᠎ᠠ ᠪᠠᠷ ᠢᠶᠠᠨ ᠬᠥᠷᠣᠯᠴᠡᠨ | ᠢᠷᠡᠵᠤ᠂ ᠠᠪᠣᠷᠭᠤ ᠭᠤᠨᠴᠤᠭᠰᠡᠷᠡᠩ ᠲᠠᠢ ᠪᠠᠷᠢᠯᠳᠣᠭᠠᠳ ᠥᠨᠡᠨᠬᠦ ᠠᠪᠣᠷᠭᠤ ᠶᠢᠨ ᠬᠢᠷᠢ ᠳᠤ ᠬᠥᠷᠥᠭᠰᠡᠨ ᠰᠠᠶᠢᠨ | ᠪᠥᠬᠡ ᠪᠣᠯᠵᠠᠢ ᠭᠡᠵᠤ ᠲᠠᠭᠤ ᠨᠢᠭᠡᠲᠠᠢ ᠪᠢᠰᠢᠷᠡᠨ ᠥᠨᠡᠯᠡᠵᠤ ᠪᠠᠶᠢᠪᠠ᠃ | ᠭᠤᠨᠴᠤᠭᠰᠡᠷᠡᠩ ᠵᠠᠮ ᠨᠡᠪᠳᠡᠷᠯᠡᠭᠡ ᠳᠥᠭᠦᠮ ᠥᠭᠡᠢ ᠪᠠᠶᠢᠳᠠᠯ ᠲᠣᠣᠷ᠎ᠠ ᠴᠠᠭ ᠢᠶᠠᠨ ᠠᠰᠢᠭᠯᠠᠨ ᠬᠡᠴᠢᠨᠡᠨ | ᠡᠳᠣᠷ ᠬᠤᠨᠤᠭ ᠵᠠᠮᠨᠠᠨ ᠪᠥᠬᠡ ᠶᠢᠨ ᠥᠯᠥᠭᠡᠢ ᠥᠵᠥᠮᠥᠴᠢᠨ ᠳᠤ ᠭᠤᠷᠪᠠᠨ ᠣᠳᠠᠭᠠᠨ ᠤ ᠶᠡᠭᠡ ᠨᠠᠶᠢᠷ ᠲᠤ | ᠪᠠᠷᠢᠯᠳᠣᠭᠰᠠᠨ ᠲᠡᠣᠬᠡ ᠲᠠᠢ᠃ ᠬᠤᠶᠠᠷ ᠣᠳᠠᠭ᠎ᠠ ᠨᠢ ᠲᠣᠰᠬᠠᠢ ᠪᠠᠷᠢᠯᠳᠣᠬᠤ ᠲᠠᠰᠬᠠᠯ ᠲᠠᠢ ᠬᠥᠷᠥᠭᠰᠡᠨ ᠶᠤᠮ᠃ | ᠬᠠᠮᠤᠭ ᠰᠡᠭᠦᠯᠴᠢ ᠶᠢᠨ ᠣᠳᠠᠭ᠎ᠠ ᠨᠢ ᠵᠢᠷᠭᠤᠭ᠎ᠠ ᠳᠤ ᠤᠷᠣᠵᠤ᠂ ᠭᠤᠷᠪᠠᠳᠠᠬᠢ ᠤᠳᠠᠭ᠎ᠠ ᠨᠢ ᠪᠡᠶ᠎ᠡ ᠡᠮᠵᠡᠭ ᠲᠠᠢ | ᠪᠠᠶᠢᠭᠰᠠᠨ ᠰᠢᠯᠳᠠᠭᠠᠨ ᠠᠴᠠ ᠪᠣᠯᠵᠤ ᠨᠠᠶᠢᠷ ᠲᠠᠯᠪᠢᠨ ᠭᠤᠴᠢᠨ ᠬᠤᠶᠠᠷ ᠲᠤ ᠣᠷᠣᠪᠠ᠃ 1962 ᠤᠨ ᠤ 7 | ᠳ᠋ᠣᠠᠭᠠᠷ ᠰᠠᠷ᠎ᠠ ᠳᠤ ᠥᠵᠥᠮᠥᠴᠢᠨ ᠪᠠᠷᠠᠭᠤᠨ ᠬᠤᠰᠢᠭᠤᠨ ᠤ ᠬᠤᠶᠠᠳᠣᠭᠠᠷ ᠣᠳᠠᠭᠠᠨ ᠤ ᠶᠡᠭᠡ ᠨᠠᠭᠠᠳᠣᠮ ᠤᠨ | ᠬᠤᠷᠠᠯ ᠪᠣᠯᠵᠤ᠂ 512 ᠨᠡᠷᠡᠰ ᠰᠢᠯᠢᠳᠡᠭ ᠪᠥᠬᠡ ᠶᠢᠨ ᠮᠥᠷᠥᠶᠢᠴᠡᠭᠡᠨ ᠳᠤ ᠤᠯᠣᠰ ᠤᠨ ᠠᠪᠤᠡᠭᠤ ᠪᠥᠬᠡᠴᠣᠳ | ᠥᠵᠥᠮᠥᠴᠢᠨ ᠤ ᠰᠡᠩᠭᠡ᠂ ᠮᠥᠩᠬᠡ᠂ ᠬᠤᠶᠠᠷ ᠴᠢᠮᠡᠳ᠂ ᠰᠣᠳᠨᠠᠮᠸᠠᠩᠴᠤᠭ᠂ ᠰᠣᠳᠨᠠᠮ᠂ ᠯᠣᠣᠷᠠᠢ ᠠᠴᠠ ᠭᠠᠳᠠᠨ᠎ᠠ | ᠬᠡᠰᠢᠭᠳᠡᠨ ᠤ ᠭᠤᠨᠴᠤᠭᠰᠡᠷᠡᠩ ᠣᠷᠣᠯᠴᠠᠪᠠ᠃ | ᠭᠤᠨᠴᠤᠭᠰᠡᠷᠡᠩ ᠨᠠᠶᠢᠷ ᠤᠨ ᠬᠤᠶᠠᠳᠤᠭᠠᠷ ᠲᠠᠭᠤᠨ ᠳᠤ ᠥᠵᠥᠮᠥᠴᠢᠨ ᠤ ᠰᠢᠯᠢᠳᠡᠭ ᠵᠠᠯᠠᠭᠤ ᠪᠥᠬᠡ | ᠰᠠᠶᠢᠨᠪᠠᠶᠠᠷ ᠢ ᠲᠠᠪᠠᠨ ᠭᠤᠷᠪᠠᠳᠣᠭᠠᠷ ᠲᠠᠭᠤᠨ ᠳᠤ ᠥᠵᠥᠮᠥᠴᠢᠨ ᠤ ᠠᠯᠳᠠᠷᠳᠤ ᠪᠥᠬᠡ ᠬᠠᠭᠠᠯᠭ᠎ᠠ ᠶᠢᠨ ᠭᠠᠷᠤᠳᠢ ᠶᠢ | ᠲᠠᠪᠠᠵᠤ ᠳᠥᠷᠪᠡᠳᠥᠭᠡᠷ ᠲᠠᠭᠤᠨ ᠳᠤ ᠥᠵᠥᠮᠥᠴᠢᠨ ᠤ ᠯᠣᠣᠷᠠᠢ ᠠᠪᠣᠷᠭᠤ ᠶᠢ ᠲᠠᠪᠠᠪᠠ᠃ ᠲᠠᠪᠣᠳᠣᠭᠠᠷ ᠲᠠᠭᠤᠨ ᠳᠤ | ᠥᠵᠥᠮᠥᠴᠢᠨ ᠤ ᠠᠯᠳᠠᠷᠳᠤ ᠴᠣᠣᠳᠣ ᠪᠥᠬᠡ ᠮᠠᠮᠠ ᠵᠠᠩᠭᠢ ᠶᠢᠨ ᠠᠷᠠᠰᠢᠰᠧᠪᠴᠢᠨ ᠢ ᠲᠠᠪᠠᠵᠤ ᠵᠢᠷᠭᠤᠳᠣᠭᠠᠷ ᠲᠠᠭᠤᠨ | ᠳᠤ ᠥᠵᠥᠮᠥᠴᠢᠨ ᠤ ᠠᠯᠳᠠᠷᠳᠤ ᠴᠣᠣᠳᠣ ᠪᠥᠬᠡ ᠠᠵᠠᠢ ᠶᠢᠨ ᠪᠠᠳᠠᠷᠠᠭᠴᠢ ᠶᠢ ᠲᠠᠪᠠᠵᠤ ᠲᠡᠭᠡᠳᠤ ᠨᠠᠢᠮᠠ ᠶᠢᠨ | ᠨᠣᠭᠤᠯᠤᠭ᠎ᠠ ᠳᠤ ᠭᠤᠨᠴᠤᠭᠰᠡᠷᠡᠩ ᠰᠡᠩᠭᠡ ᠠᠪᠣᠷᠭᠤ ᠳᠤ ᠢᠯᠠᠭᠳᠠᠵᠤ ᠵᠢᠷᠭᠤᠳᠣᠭᠠᠷ ᠨᠡᠷ᠎ᠡ ᠳᠤ ᠣᠷᠣᠵᠠᠢ᠃ | 1964 ᠤᠨ ᠤ ᠥᠵᠥᠮᠥᠴᠢᠨ ᠪᠠᠷᠠᠭᠤᠨ ᠬᠤᠰᠢᠭᠤᠨ ᠤ ᠭᠤᠷᠪᠠᠳᠣᠭᠠᠷ ᠣᠳᠠᠭᠠᠨ ᠤ ᠶᠡᠭᠡ ᠨᠠᠭᠠᠳᠣᠮ | ᠤᠨ ᠶᠡᠭᠡ ᠬᠤᠷᠠᠯ ᠳᠤ ᠵᠡᠭᠦᠨ ᠥᠵᠥᠮᠥᠴᠢᠨ᠂ ᠰᠢᠯᠣᠭᠠᠨ ᠴᠠᠭᠠᠨ᠂ ᠬᠡᠰᠢᠭᠳᠡᠨ᠂ ᠰᠥᠨᠢᠳ᠂ ᠠᠪᠠᠭ᠎ᠠ ᠵᠡᠷᠭᠡ | ᠬᠤᠰᠢᠭᠤᠨ ᠠᠴᠠ ᠨᠡᠶᠢᠳᠡ ᠠᠷᠪᠠᠨ ᠵᠢᠷᠭᠤᠭᠠᠨ ᠨᠡᠷᠡᠰ ᠰᠢᠯᠢᠳᠡᠭ ᠪᠥᠬᠡᠴᠣᠳ ᠬᠥᠷᠬᠦ ᠳᠤ ᠬᠡᠰᠢᠭᠳᠡᠨ ᠠᠴᠠ | ᠭᠤᠨᠴᠤᠭᠰᠡᠷᠡᠩ ᠭᠠᠭᠴᠠᠭᠠᠷ ᠢᠶᠠᠨ ᠬᠥᠷᠴᠠᠢ᠃ ᠨᠠᠶᠢᠳᠡ 512 ᠨᠡᠷᠡᠰ ᠪᠥᠬᠡ ᠪᠠᠷᠢᠯᠳᠣᠵᠤ 32 ᠨᠡᠷᠡᠰ ᠪᠥᠬᠡ | ᠥᠯᠡᠳᠡᠬᠦ ᠥᠶᠡᠰ ᠭᠠᠳᠠᠨ᠎ᠠ ᠬᠤᠰᠢᠭᠤᠨ ᠠᠴᠠ ᠠᠪᠠᠭ᠎ᠠ ᠶᠢᠨ ᠰᠠᠩᠳᠠᠭ᠂ ᠬᠡᠰᠢᠭᠳᠡᠨ ᠤ ᠭᠤᠨᠴᠤᠭᠰᠡᠷᠡᠩ ᠬᠤᠶᠠᠷ | ᠯᠡ ᠥᠯᠡᠳᠡᠵᠡᠢ᠃ ᠭᠤᠩᠴᠣᠭᠰᠡᠷᠡᠩ ᠲᠡᠭᠡᠳᠣ ᠳᠥᠷᠪᠡ ᠶᠢᠨ ᠨᠣᠭᠤᠯᠤᠭ᠎ᠠ ᠳᠤ ᠣᠯᠣᠰ ᠤᠨ ᠠᠪᠣᠷᠭᠤ | ᠰᠣᠳᠨᠠᠮᠸᠠᠩᠴᠤᠭ ᠲᠤ ᠢᠯᠠᠭᠳᠠᠵᠤ ᠭᠤᠷᠪᠠᠳᠣᠭᠠᠷ ᠨᠡᠷ᠎ᠡ ᠳᠤ ᠣᠷᠣᠭᠰᠠᠨ ᠪᠣᠯᠪᠠᠴᠤ ᠥᠵᠥᠮᠥᠴᠢᠨ ᠢ ᠲᠣᠷᠭᠢᠭᠤᠯᠵᠤ | ᠂ ᠬᠡᠰᠢᠭᠳᠡᠨ ᠤ ᠭᠤᠨᠴᠤᠭᠰᠡᠷᠡᠩ ᠥᠨᠡᠨᠬᠦ ᠰᠠᠶᠢᠨ ᠪᠥᠬᠡ ᠭᠡᠳᠡᠭ ᠥᠨᠡᠯᠡᠯᠳᠡ ᠶᠢ ᠣᠯᠣᠭᠰᠠᠨ ᠶᠣᠮ᠃ | ᠭᠤᠨᠴᠤᠭᠰᠡᠷᠡᠩ ᠭᠤᠸᠠᠢ ︽ᠰᠣᠶᠣᠯ ᠤᠨ ᠶᠡᠭᠡ ᠬᠤᠪᠢᠰᠬᠠᠯ︾ ᠤᠨ ᠲᠣᠮᠳᠠ ᠪᠡᠶ᠎ᠡ ᠮᠠᠬᠠᠪᠣᠳ ᠨᠢ | ᠭᠡᠮᠳᠣᠯ ᠳᠤ ᠣᠴᠠᠷᠠᠭᠰᠠᠨ ᠪᠣᠯᠪᠠᠴᠤ ᠠᠮᠢᠳᠣ ᠶᠠᠪᠣᠪᠠᠯ ᠠᠯᠳᠠᠨ ᠠᠶᠠᠭᠠᠨ ᠠᠴᠠ ᠣᠰᠤ ᠣᠣᠭᠤᠨ᠎ᠠ ᠭᠡᠵᠤ ᠠᠬ᠎ᠠ | ᠲᠡᠭᠦᠣ ᠨᠠᠶᠢᠵᠠ ᠨᠠᠷ ᠲᠠᠢ ᠪᠠᠨ ᠠᠮᠢᠳᠣ ᠣᠯᠵᠤ ᠠᠭᠤᠯᠵᠠᠬᠤ ᠲᠠᠪᠢᠯᠠᠩ ᠢᠶᠠᠷ 1973 ᠤᠨ ᠳᠤ ᠥᠵᠥᠮᠥᠴᠢᠨ ᠳᠤ | ᠭᠤᠷᠪᠠᠳᠠᠬᠢ ᠣᠳᠠᠭ᠎ᠠ ᠬᠥᠷᠴᠤ ᠬᠠᠷᠢᠶᠠᠳᠣ ᠰᠣᠮᠣᠨ ᠤ ᠨᠠᠶᠢᠷ ᠲᠤ ᠲᠤᠬᠢᠶᠠᠯᠳᠣᠨ ᠶᠡᠭᠡ ᠬᠤᠷᠠᠯ ᠠᠴᠠ | ᠭᠤᠨᠴᠤᠭᠰᠡᠷᠡᠩ ᠠᠪᠣᠭᠤ ᠶᠢ ᠲᠡᠭᠡᠳᠤ ᠵᠣᠴᠢᠨ ᠢᠶᠠᠷ ᠬᠥᠨᠳᠥᠳᠭᠡᠬᠦ ᠶᠢᠨ ᠲᠠᠭᠠᠣ᠂ ᠨᠠᠶᠢᠷ ᠬᠥᠷ ᠢ ᠬᠥᠭᠵᠢᠭᠦᠯᠬᠦ ᠶᠢᠨ | ᠲᠥᠯᠥᠭᠡ ᠨᠠᠶᠢᠷ ᠤᠨ ᠴᠢᠮᠡᠭ᠂ ᠨᠠᠭᠠᠳᠣᠮ ᠤᠨ ᠮᠥᠷᠥᠶᠢᠴᠡᠭᠡᠨ ᠪᠣᠯᠭᠠᠨ ᠳᠤ ᠪᠠᠷᠢᠯᠳᠣᠭᠤᠯᠣᠭᠰᠠᠨ ᠪᠠᠶᠢᠯ᠎ᠠ᠃ | ᠭᠤᠴᠢᠨ ᠬᠤᠶᠠᠷ ᠤᠨ ᠲᠠᠪᠠᠭᠠᠨ ᠳᠤ ᠵᠠᠯᠠᠭᠤ ᠪᠥᠬᠡ ᠣᠳᠬᠠᠨ ᠳᠤ ᠨᠠᠶᠢᠷ ᠲᠠᠯᠪᠢᠪᠠ᠃ | 1973 ᠤᠨ ᠤ ᠬᠡᠰᠢᠭᠳᠡᠨ ᠤ ᠲᠣᠯᠣᠳᠣᠭᠠᠷ ᠣᠳᠠᠭᠠᠨ ᠤ ᠰᠥᠯᠳᠡ ᠤᠪᠣᠭᠠᠨ ᠲᠠᠬᠢᠯᠭ᠎ᠠ ᠶᠢᠨ ᠶᠡᠭᠡ | ᠨᠠᠶᠢᠷ ᠤᠨ 256 ᠳᠤ ᠥᠵᠥᠭᠦᠷᠯᠡᠵᠤ᠂ 1975.1976 ᠤᠨ ᠳᠤ ᠵᠣᠣ ᠣᠳᠠ ᠠᠶᠢᠮᠠᠭ ᠤᠨ ᠳᠣᠮᠳᠠᠳᠣ ᠮᠠᠶ᠋ᠢᠭ | ᠤᠨ ᠪᠥᠬᠡ ᠶᠢᠨ ᠣᠷᠣᠯᠳᠣᠭᠠᠨ ᠳᠤ ᠬᠤᠶᠠᠷ ᠣᠳᠠᠭ᠎ᠠ ᠲᠡᠷᠢᠭᠦᠯᠡᠪᠡ᠃ 1977 ᠤᠨ ᠤ ᠲᠠᠷᠬᠠᠠᠭᠤᠯᠠ ᠰᠣᠮᠣᠨ ᠤ | 256 ᠳᠤ ᠲᠡᠷᠢᠭᠦᠯᠡᠵᠠᠢ᠃ 1981 ᠤᠨ ᠳᠤ ᠡᠳᠡᠭᠡᠷᠡᠰᠢ ᠥᠭᠡᠢ ᠡᠪᠡᠳᠴᠢᠨ ᠳᠤ ᠨᠡᠷᠪᠡᠭᠳᠡᠭᠰᠡᠨ ᠪᠠᠶᠢᠳᠠᠯ᠎ᠠ | ᠡᠪᠡᠳᠴᠢᠨ ᠢᠶᠠᠨ ᠲᠡᠰᠪᠥᠷᠢᠯᠡᠨ ᠲᠣᠰ ᠰᠣᠮᠣᠨ ᠤ ᠨᠠᠶᠢᠷ ᠲᠠᠭᠠᠨ ᠪᠠᠷᠢᠯᠳᠣᠵᠤ ᠳᠥᠷᠪᠡ ᠳᠤ ᠣᠷᠣᠪᠠ᠃ | ᠥᠵᠥᠮᠥᠴᠢᠨ ᠨᠣᠳᠤᠭ ᠲᠤ ᠬᠡᠰᠢᠭᠳᠡᠨ ᠤ ᠭᠤᠨᠴᠤᠭᠰᠡᠷᠡᠩ ᠤᠨ ᠲᠣᠬᠠᠢ ᠣᠯᠠᠨ ᠵᠣᠭᠠᠭ ᠪᠣᠯᠤᠨ | ᠶᠠᠷᠢᠭᠳᠠᠵᠤ ᠥᠵᠥᠮᠥᠴᠢᠨ ᠪᠥᠬᠡ ᠰᠠᠶᠢᠨ ᠪᠣᠯᠪᠠᠴᠤ ᠬᠡᠰᠢᠭᠳᠡᠨ ᠤ ᠭᠤᠨᠴᠤᠭᠰᠡᠷᠡᠩ ᠢ ᠪᠠᠳᠣᠯᠠᠭ᠎ᠠ ᠲᠠᠢ ᠠᠮᠠᠯᠠᠵᠣ | ᠢᠯᠠᠭᠰᠠᠨ ᠬᠥᠮᠥᠨ ᠭᠠᠷᠣᠭᠠᠳᠣᠢ᠂᠂᠂᠂᠃ ᠬᠤᠶᠠᠷ ᠤᠳᠠᠭᠠᠨ ᠤ ᠶᠡᠭᠡ ᠨᠠᠶᠢᠷ ᠲᠤ ᠭᠤᠩᠴᠣᠭᠰᠡᠷᠡᠩ ᠲᠡᠷᠢᠭᠦᠯᠡᠵᠤ | ᠴᠢᠳᠠᠭᠰᠠᠨ ᠥᠭᠡᠢ ᠪᠣᠯᠪᠠᠴᠤ ᠣᠯᠠᠨ ᠬᠥᠮᠥᠰ ᠤᠨ ᠬᠠᠶᠢᠷ᠎ᠠ ᠬᠥᠨᠳᠥᠳᠭᠡᠯ ᠢ ᠣᠯᠪᠠ ᠭᠡᠵᠤ ᠶᠠᠷᠢᠵᠠᠭᠠᠳᠠᠭ᠃ | ᠨᠠᠰᠣᠳᠠᠶᠢᠴᠣᠳ ᠭᠤᠩᠴᠣᠭᠰᠡᠷᠡᠩ ᠢ ᠲᠣᠷᠠᠰᠬᠤ ᠪᠥᠷᠢ ᠳᠤ ᠵᠠᠩ ᠣᠪᠣᠷ ᠰᠠᠶᠢᠳᠠᠢ᠂ ᠪᠥᠬᠡ ᠶᠢᠨ ᠮᠡᠭᠡ ᠭᠥᠢᠴᠡᠳ᠂ | ᠤᠨᠠᠭᠠᠷᠢ ᠥᠭᠡᠢ ᠰᠠᠶᠢᠨ ᠪᠥᠬᠡ᠂ ᠬᠥᠨᠳᠡᠯᠡᠨ ᠬᠤᠰᠢᠭᠤᠨ ᠳᠤ ᠭᠠᠭᠴᠠᠭᠠᠷ ᠢᠶᠠᠨ ᠵᠣᠷᠢᠵᠤ ᠢᠷᠡᠳᠡᠭ ᠵᠣᠷᠢᠭᠲᠠᠢ | ᠬᠥᠮᠥᠨ ᠭᠡᠵᠤ ᠮᠠᠭᠳᠠᠳᠠᠭ᠃ | ᠮᠠᠮᠠ ᠵᠠᠩᠭᠢ ᠶᠢᠨ ᠠᠷᠠᠰᠢᠰᠧᠪᠴᠢᠨ ᠤ ᠬᠠᠳᠠᠭᠤ ᠪᠠᠷᠢᠴᠠ᠂ ᠲᠥᠭᠦᠷᠡᠩ ᠮᠡᠭᠡ ᠶᠢᠨ ᠥᠵᠥᠮᠥᠴᠢᠨ ᠤ | ᠨᠢᠭᠡ ᠥᠶ᠎ᠡ ᠶᠢᠨ ᠰᠠᠶᠢᠴᠣᠣᠯ ᠪᠠᠷᠤᠭ ᠮᠤᠯᠳᠣᠷᠤᠭᠰᠠᠨ ᠬᠥᠮᠥᠨ ᠥᠭᠡᠢ ᠭᠡᠳᠡᠭ ᠠᠯᠳᠠᠷᠳᠠᠢ ᠰᠠᠶᠢᠨ ᠪᠥᠬᠡ ᠶᠣᠮ᠃ | ᠭᠡᠪᠡᠴᠤ ᠬᠡᠰᠢᠭᠳᠡᠨ ᠤ ᠭᠤᠨᠴᠤᠭᠰᠡᠷᠡᠩ ᠳᠤ ᠭᠤᠷᠪᠠ ᠣᠳᠠᠭ᠎ᠠ ᠲᠠᠷᠠᠭᠠᠯᠠᠨ ᠢᠯᠠᠭᠳᠠᠭᠠᠳ ᠭᠤᠨᠴᠤᠭᠰᠡᠷᠡᠩ ᠨᠠᠳᠠ | ᠠᠴᠠ ᠬᠤᠪᠢ ᠲᠠᠬᠢᠨ ᠢᠯᠡᠭᠦᠣ ᠪᠥᠬᠡ ᠭᠡᠵᠤ ᠭᠤᠨᠴᠤᠭᠰᠡᠷᠡᠩ ᠢ ᠥᠨᠡᠯᠡᠭᠰᠡᠨ ᠪᠠᠶᠢᠨ᠎ᠠ᠃ ᠠᠷᠠᠰᠢᠰᠧᠪᠴᠢᠨ᠄ ︽ᠪᠢ | ᠭᠤᠨᠴᠤᠭᠰᠡᠷᠡᠩ ᠢ ᠲᠠᠪᠠᠭ᠋ᠤ ᠪᠥᠬᠡ ᠪᠢᠰᠢ᠂ ᠠᠩᠬ᠎ᠠ ᠣᠳᠠᠭ᠎ᠠ ᠠᠪᠠᠭ᠎ᠠ ᠶᠢᠨ ᠨᠠᠶᠢᠷ ᠲᠤ ᠲᠡᠷᠢᠭᠦᠯᠡᠬᠦ ᠪᠠᠷ ᠣᠴᠢᠭᠠᠳ | ᠲᠡᠭᠦᠨ ᠳᠤ ᠢᠯᠠᠭᠳᠠᠪᠠ᠃ ᠬᠤᠶᠠᠳᠣᠭᠠᠷ ᠣᠳᠠᠭ᠎ᠠ ᠪᠢ ᠥᠵᠥᠮᠥᠴᠢᠨ ᠤ ᠶᠡᠭᠡ ᠨᠠᠶᠢᠷ ᠲᠡᠭᠡᠷ᠎ᠡ ᠪᠠᠰᠠ ᠢᠯᠠᠭᠳᠠᠪᠠ᠃ | ᠤᠳᠣ ᠴᠦ ᠨᠠᠳᠠᠳᠤ ᠠᠷᠭ᠎ᠠ ᠥᠭᠡᠢ᠃ ᠵᠥᠪᠬᠡᠨ ᠪᠢ ᠲᠡᠭᠦᠨ ᠤ ᠲᠣᠭᠳᠠᠭᠠᠬᠤ ᠠᠷᠭ᠎ᠠ ᠪᠠᠷ ᠬᠥᠴᠥᠨ ᠲᠠᠮᠢᠷ ᠢ ᠨᠢ | ᠪᠠᠭ᠎ᠠ ᠰᠠᠭ᠎ᠠ ᠮᠤᠬᠤᠭᠤᠵᠤ ᠲᠠᠷᠠᠭ᠎ᠠ ᠬᠥᠮᠥᠨ ᠳᠡᠭᠡᠨ ᠥᠭᠬᠦ ᠨᠢᠬᠡ ᠯᠡ ᠠᠷᠭ᠎ᠠ᠂᠂᠂᠂︾ ᠭᠡᠵᠠᠢ᠃ | ᠨᠠᠶᠢᠷ ᠠᠴᠠ ᠴᠣᠯᠭᠤᠢ ᠰᠢᠷᠢ ᠶᠢᠨ ᠪᠢᠳᠡᠭᠦᠥ ᠵᠣᠳᠤᠭ ᠢ ᠠᠷᠠᠰᠢᠰᠧᠪᠴᠢᠨ ᠳᠤ ᠡᠮᠥᠰᠥᠭᠦᠯᠥᠨ᠂ ᠪᠠᠷᠢᠴᠢ ᠤᠯᠭᠤᠯᠬᠤ | ᠥᠭᠡᠢ ᠶᠢᠨ ᠲᠥᠯᠥᠭᠡ ᠬᠤᠶᠠᠷ ᠬᠠᠨᠴᠣᠢ ᠳᠤᠨᠢ ᠬᠤᠷᠤᠭᠤ ᠣᠷᠣᠬᠤ ᠵᠠᠢ ᠥᠭᠡᠢ ᠠᠯᠴᠢᠭᠤᠷ ᠴᠢᠬᠢᠵᠤ ᠡᠩᠭᠡᠷ ᠢ ᠨᠢ | ᠰᠣᠷ ᠢᠶᠠᠷ ᠥᠳᠡᠵᠤ ᠵᠠᠢ ᠥᠭᠡᠢ ᠨᠡᠶᠢᠯᠡᠭᠦᠯᠵᠤ ᠠᠷᠠᠰᠢᠰᠧᠪᠴᠢᠨ ᠳᠤ ᠪᠢᠳᠡᠭᠦᠤ ᠵᠣᠳᠤᠭ ᠡᠮᠥᠰᠭᠦᠯᠵᠡᠢ᠃ ᠵᠣᠳᠤᠭ ᠢ | ᠬᠠᠮᠢᠭ᠎ᠠ ᠠᠴᠠ ᠴᠦ ᠯᠠᠪᠳᠠᠭᠤᠨ ᠪᠠᠷᠢᠬᠤ ᠠᠷᠭ᠎ᠠ ᠥᠭᠡᠢ ᠲᠣᠯᠠ ᠭᠤᠨᠴᠤᠭᠰᠡᠷᠡᠩ᠂ ᠠᠷᠠᠰᠢᠰᠧᠪᠴᠢᠨ ᠤ ᠪᠠᠭᠠᠯᠵᠣᠣᠷ | ᠤᠨ ᠭᠡᠰᠡᠭ ᠤᠨ ᠵᠣᠳᠤᠭ ᠤᠨ ᠰᠡᠳᠡᠷᠬᠡᠢ ᠬᠡᠰᠡᠭ ᠠᠴᠠ ᠨᠢ ᠬᠤᠶᠠᠷ ᠬᠤᠷᠣᠭᠤ ᠪᠠᠷ ᠢᠶᠠᠨ ᠭᠤᠬᠠᠳᠠᠵᠤ ᠲᠤᠭᠳᠠᠭᠠᠨ | ᠰᠢᠷᠣᠭᠦᠨ ᠲᠡᠮᠡᠴᠡᠯᠳᠤᠨ ᠬᠤᠷᠣᠭᠤᠨ ᠤ ᠬᠥᠯᠥᠰᠥᠨ ᠳᠤ ᠬᠠᠳᠠᠭᠤ ᠰᠢᠷᠢ ᠨᠢ ᠲᠡᠪᠲᠡᠵᠤ ᠵᠥᠭᠡᠯᠡᠷᠡᠨ ᠬᠤᠶᠠᠷ | ᠬᠤᠷᠣᠭᠤ ᠪᠠᠷ ᠢᠶᠠᠨ ᠬᠠᠳᠬᠤᠵᠤ ᠨᠥᠬᠡᠯᠡᠨ ᠭᠤᠬᠠᠳᠠᠵᠤ ᠭᠡᠨ᠎ᠡ᠃ ᠳᠠᠷᠠᠭ᠎ᠠ ᠡᠳᠤᠷ ᠨᠢ ᠭᠤᠨᠴᠤᠭᠰᠡᠷᠡᠩ | ᠠᠷᠠᠰᠢᠰᠧᠪᠴᠢᠨ ᠢ ᠠᠮᠠᠷᠬᠠᠨ ᠲᠠᠪᠠᠭᠰᠠᠨ ᠳᠤ ᠠᠷᠠᠰᠢᠰᠧᠪᠴᠢᠨ᠄ ︽ᠪᠢ ᠲᠡᠭᠦᠨ ᠢ ᠥᠪᠡᠷ ᠤᠨ ᠡᠷᠬᠡ ᠥᠭᠡᠢ | ᠰᠠᠶᠢᠨ ᠪᠥᠬᠡ ᠶᠢ ᠨᠢ ᠪᠢᠰᠢᠷᠡᠵᠤ ᠬᠠᠶᠢᠷᠠᠯᠠᠳᠠᠭ᠂᠂᠂᠂︾ ᠭᠡᠵᠤ ᠶᠠᠷᠢᠪᠠ᠃ ᠲᠡᠷᠡ ᠨᠠᠶᠢᠷ ᠲᠤ ᠭᠤᠨᠴᠤᠭᠰᠡᠷᠡᠩ | ᠰᠣᠳᠨᠠᠮᠸᠠᠩᠴᠤᠭ ᠠᠪᠤᠷᠭᠤ ᠳᠤ ᠢᠯᠠᠭᠳᠠᠨ ᠭᠤᠷᠪᠠ ᠳᠤ ᠤᠷᠣᠯᠠ᠃ | ᠭᠤᠨᠴᠤᠭᠰᠡᠷᠡᠩ ᠲᠡᠷᠡ ᠤᠳᠠᠭᠠᠨ ᠤ ᠨᠠᠶᠢᠷ ᠤᠨ ᠲᠣᠬᠠᠢ ᠲᠣᠷᠠᠰᠬᠤ ᠳᠠᠭᠠᠨ ︽ᠪᠢ ᠭᠤᠤᠯᠳᠠᠭᠤ | ᠬᠤᠶᠠᠷ ᠨᠥᠬᠦᠴᠡᠯ ᠠᠴᠠ ᠪᠣᠯᠵᠤ ᠢᠯᠠᠭᠳᠠᠪᠠ᠃ ᠨᠢᠬᠡ ᠳᠤ᠂ ᠠᠷᠠᠰᠢᠰᠧᠪᠴᠢᠨ ᠲᠠᠢ ᠡᠳᠣᠷ ᠢᠯᠡᠭᠦᠥ ᠵᠣᠭᠰᠣᠭᠠᠳ | ᠬᠥᠴᠥ ᠲᠠᠮᠢᠷ ᠰᠣᠯᠠᠷᠠᠭᠰᠠᠨ ᠪᠠᠨ ᠥᠪᠡᠷᠳᠡᠭᠡᠨ ᠮᠡᠳᠡᠭᠰᠡᠨ ᠥᠭᠡᠢ᠃ ᠬᠤᠶᠠᠷ ᠲᠤ᠂ ᠰᠠᠨᠠᠭ᠎ᠠ ᠲᠠᠶᠢᠪᠣᠰᠢᠷᠠᠨ | ᠤᠮᠤᠷᠬᠠᠭᠯᠠᠭᠰᠠᠨ ᠠᠴᠠ ᠪᠣᠯᠪᠠ᠃ ᠤᠴᠢᠷ ᠨᠢ ᠨᠠᠶᠢᠷ ᠤᠨ ᠪᠥᠬᠡ ᠶᠢᠨ ᠲᠡᠭᠡᠳᠤ ᠲᠥᠷᠪᠡ ᠳᠤ ᠪᠢᠳᠡ | ᠲᠥᠷᠪᠡᠭᠦᠯᠬᠡᠨ ᠥᠯᠡᠳᠡᠭᠰᠡᠨ ᠤ ᠲᠤᠳᠣᠷ᠎ᠠ ᠪᠢ ᠠᠯᠢ ᠶᠢ ᠨᠢ ᠴᠦ ᠪᠣᠯᠪᠠᠴᠤ ᠠᠮᠠᠷᠬᠠᠨ ᠠᠪᠬᠤ ᠨᠥᠬᠦᠴᠡᠯ ᠲᠠᠢ᠂ | ᠨᠡᠩ ᠰᠣᠳᠨᠠᠮᠸᠠᠩᠴᠤᠭ ᠠᠪᠣᠷᠭᠤ ᠪᠢᠳᠡ ᠬᠠᠮᠳᠣ ᠪᠣᠯᠪᠠᠰᠣᠷᠠᠯ ᠳᠤ ᠪᠠᠶᠢᠭᠰᠠᠨ᠂ ᠲᠡᠭᠦᠨ ᠢ ᠪᠢ ᠪᠠᠳᠣᠯᠭ᠎ᠠ ᠲᠠᠢ | ᠲᠠᠪᠠᠭ᠋ᠤ ᠤᠮᠣᠷᠬᠠᠭ ᠰᠠᠨᠠᠭ᠎ᠠ ᠳᠥᠭᠦᠷᠡᠩ ᠪᠠᠶᠢᠪᠠ᠃ ᠡᠳᠡᠭᠡᠷ ᠨᠢ ᠪᠥᠷ ᠮᠢᠨᠣ ᠠᠮᠠᠷᠬᠠᠨ ᠢᠯᠠᠭᠳᠠᠬᠤ ᠨᠥᠬᠦᠴᠡᠯ ᠢ | ᠪᠥᠷᠢᠯᠳᠥᠭᠦᠯᠪᠡ︾ ᠭᠡᠵᠤ ᠳ᠋ᠦᠩᠨᠡᠨ ᠶᠠᠷᠢᠪᠠ᠃ | ᠲᠡᠷᠡ ᠪᠣᠯ ᠢᠯᠠᠭᠳᠠᠬᠤ ᠲᠤᠳᠣᠮ ᠥᠪᠡᠷ ᠤᠨ ᠪᠡᠶ᠎ᠡ ᠠᠴᠠ ᠪᠠᠨ ᠵᠥᠷᠢᠶ᠎ᠡ ᠪᠠᠨ ᠡᠷᠢᠳᠡᠭ ᠰᠠᠶᠢᠨ ᠪᠥᠬᠡ | ᠶᠤᠮ᠃ ᠶᠡᠷᠥᠳᠡᠭᠡᠨ ᠣᠮᠣᠷᠬᠠᠭ ᠥᠭᠡ ᠶᠠᠷᠢᠶᠠᠨ ᠥᠭᠡᠢ ᠪᠥᠭᠡᠳ ᠥᠭᠡ ᠲᠠᠭᠤᠨ ᠴᠥᠭᠡᠨ ᠲᠠᠷᠣᠣ ᠬᠥᠮᠥᠨ ᠪᠠᠶᠢᠪᠠ | ᠃ ︽ᠭᠤᠨᠴᠤᠭᠰᠡᠷᠡᠩ ᠪᠠᠭᠰᠢ᠂ ᠰᠠᠶᠢᠨ ᠬᠥᠮᠥᠨ ᠰᠠᠶᠢᠨ ᠪᠥᠬᠡ ᠶᠣᠮ᠃ ᠰᠡᠭᠦᠯ ᠳᠤᠨᠢ ᠲᠡᠷᠡ ᠨᠠᠳᠠ ᠲᠠᠢ | ᠠᠭᠤᠯᠵᠠᠭᠠᠳ ᠰᠠᠶᠢᠨ ᠪᠥᠬᠡ ᠪᠣᠯᠣᠶ᠎ᠠ ᠭᠡᠪᠡᠯ ᠵᠥᠪᠬᠡᠨ ᠬᠤᠰᠢᠭᠤ ᠨᠣᠳᠤᠭ ᠳᠠᠭᠠᠨ ᠨᠡᠷ᠎ᠡ ᠭᠠᠷᠣᠭᠠᠳ ᠪᠣᠯᠬᠤ ᠪᠢᠰᠢ | ᠂ ᠪᠥᠬᠡ ᠰᠠᠶᠢᠲᠠᠢ ᠭᠠᠵᠠᠷ ᠲᠤ ᠬᠥᠷᠴᠤ ᠥᠪᠡᠷ ᠤᠨ ᠬᠢᠷᠢ ᠬᠡᠮᠵᠢᠶ᠎ᠡ ᠪᠠᠨ ᠥᠵᠡᠬᠦ ᠬᠡᠷᠡᠭᠲᠠᠢ ᠭᠡᠵᠤ ᠭᠤᠨᠴᠤᠭᠰᠡᠷᠡᠩ | ᠪᠠᠭᠰᠢ ᠶᠢᠨ ᠬᠥᠮᠥᠨ ᠤ ᠰᠣᠨᠢᠷᠬᠠᠬᠤ ᠠᠷᠭ᠎ᠠ ᠮᠠᠶ᠋ᠢᠭ ᠢ ᠪᠢ ᠶᠡᠭᠡ ᠪᠢᠰᠢᠷᠡᠨ᠎ᠡ᠃ ᠲᠡᠷᠡ ᠬᠥᠮᠥᠨ ᠤ ᠰᠠᠶᠢᠨ | ᠪᠠᠷᠢᠭᠤᠯᠬᠤ ᠨᠢ ᠥᠪᠡᠷ ᠢᠶᠠᠨ ᠰᠠᠶᠢᠨ ᠪᠠᠷᠢᠬᠤ ᠶᠢᠨ ᠲᠥᠯᠥᠭᠡ ᠶᠤᠮ ᠭᠡᠵᠤ ᠰᠣᠷᠭᠠᠳᠠᠭ᠃ ᠬᠥᠮᠥᠨ ᠤ ᠭᠥᠢᠴᠡᠳ | ᠰᠠᠶᠢᠨ ᠮᠡᠭᠡ ᠬᠢᠯᠬᠡᠬᠦ ᠨᠢ ᠲᠡᠭᠦᠨ ᠢ ᠣᠯᠠᠮ ᠠᠮᠠᠷᠬᠠᠨ ᠲᠠᠪᠠᠭ᠋ᠤ ᠶᠢᠨ ᠲᠥᠯᠥᠬᠡ ᠶᠣᠮ ᠭᠡᠵᠤ︾ ᠠᠪᠠᠭ᠎ᠠ ᠶᠢᠨ | ᠨᠠᠶᠢᠳᠠᠨ ᠭᠤᠩᠴᠣᠭᠰᠡᠷᠡᠩ ᠤᠨ ᠲᠣᠬᠠᠢ ᠶᠠᠷᠢᠳᠠᠭ᠃ | ᠭᠤᠨᠴᠤᠭᠰᠡᠷᠡᠩ ᠠᠪᠣᠷᠭᠤ ᠶᠢᠨ ᠪᠥᠰᠡᠭᠦᠢ ᠨᠢ ᠮᠠᠵᠢᠭ ᠭᠡᠳᠡᠭ᠃ ᠵᠣᠯᠡᠭᠡᠷᠡᠯ᠂ ᠬᠤᠸᠠᠷ᠎ᠠ ᠬᠡᠬᠦ ᠬᠤᠶᠠᠷ | ᠥᠬᠢᠨ ᠲᠠᠢ᠃ ︽ᠰᠣᠶᠣᠯ ᠤᠨ ᠶᠡᠭᠡ ᠬᠤᠪᠢᠰᠬᠠᠯ︾ ᠳᠤ ᠭᠤᠨᠴᠤᠭᠰᠡᠷᠡᠩ ᠢ ᠥᠪᠥᠷ ᠮᠤᠩᠭᠤᠯ ᠤᠨ ᠪᠥᠬᠡ ᠶᠢᠨ | ᠠᠩᠬᠢ ᠠᠴᠠ ᠨᠢ ᠬᠠᠰᠣᠵᠤ ᠭᠡᠷ ᠲᠤᠨᠢ ᠶᠠᠪᠣᠭᠤᠯᠣᠨ 1978 ᠤᠨ ᠳᠤ ᠲᠠᠬᠢᠵᠤ ᠠᠵᠢᠯ ᠢ ᠨᠢ ᠰᠡᠷᠭᠦᠭᠡᠪᠡ᠃ | 1979.11-1983 ᠬᠥᠷᠳᠡᠯ᠎ᠡ ᠲᠠᠷᠬᠠᠠᠭᠤᠯᠠ ᠰᠣᠮᠥᠨ ᠤ ᠬᠠᠩᠭᠠᠯᠭ᠎ᠠ ᠶᠢᠨ ᠬᠤᠷᠰᠢᠶ᠎ᠠ ᠳᠤ ᠠᠵᠢᠯᠯᠠᠵᠤ | ᠪᠠᠶᠢᠭᠠᠳ ᠬᠤᠳᠣᠭᠤᠳᠣᠨ ᠤ ᠥᠮᠠᠨ ᠡᠪᠡᠳᠴᠢᠨ ᠢᠶᠠᠷ ᠨᠠᠰᠤ ᠪᠠᠷᠠᠭᠰᠠᠨ ᠳᠤ ᠭᠤᠨᠴᠤᠭᠰᠡᠷᠡᠩ ᠠᠪᠤᠷᠭᠤ ᠶᠢᠨ | ᠲᠥᠷᠥᠭᠰᠡᠨ ᠨᠣᠳᠤᠭ ᠨᠠᠷᠠᠰᠦ ᠭᠠᠴᠠᠭ᠎ᠠ ᠲᠡᠭᠦᠨ ᠢ ᠲᠣᠷᠠᠰᠬᠠᠨ ᠰᠣᠪᠣᠷᠭ᠎ᠠ ᠪᠣᠰᠬᠠᠵᠠᠢ᠃ ︵ᠪᠣᠷᠵᠢᠬᠢᠨ ᠠ᠊᠂ | ᠯᠾᠮᠤᠵᠠᠪ ᠤᠨ ᠵᠣᠬᠢᠶᠠᠭᠰᠠᠨ ︽ᠴᠢᠩᠭᠢᠰ ᠬᠠᠭᠠᠨ ᠤ ᠲᠥᠮᠡᠨ ᠬᠡᠰᠢᠭᠳᠡᠨ ᠤ ᠬᠤᠶᠢᠴᠢᠰ︾ ᠭᠡᠬᠦ ᠨᠣᠮ ᠠᠴᠠ | ᠬᠡᠰᠡᠭᠯᠡᠨ ᠰᠤᠩᠭᠤᠪᠠ︶ | | | | |