| | | | | ᠶᠤᠤ ᠵᠢᠩ ᠲᠣᠣ᠂ ᠡᠷᠡᠭᠲᠡᠶ᠂ ᠮᠣᠩᠭᠤᠯ ᠦᠨᠳᠦᠰᠦᠲᠡᠨ᠂ ᠮᠣᠩᠭᠤᠯ ᠨᠡᠷ᠎ᠡ ᠨᠢ ᠮᠦᠷᠡᠩᠭᠠ᠂ ᠬᠡᠰᠢᠭᠲᠡᠨ | ᠬᠤᠰᠢᠭᠤ ᠶᠢᠨ ᠭᠠᠯᠳᠠᠰᠤᠲᠠᠢ ᠷᠠᠰᠢᠶᠠᠨ ᠤ ᠬᠥᠮᠦᠨ᠂ 1884 ᠣᠨ ᠳᠤ ᠲᠥᠷᠥᠵᠡᠢ᠃ ᠲᠡᠭᠦᠨ ᠤ ᠡᠴᠢᠭᠡ ᠶᠤᠤ | ᠱᠠᠨ ᠪᠣᠯ ᠬᠡᠰᠢᠭᠲᠡᠨ ᠬᠤᠰᠢᠭᠤᠨ ᠤ ᠵᠠᠬᠢᠷᠤᠭᠴᠢ ᠵᠠᠩᠭᠢ᠃ ᠳᠤᠮᠳᠠᠳᠤ ᠢᠷᠭᠡᠨ ᠤᠯᠤᠰ ᠤᠨ ᠵᠠᠰᠠᠭ ᠤᠨ ᠣᠷᠳᠣᠨ ᠤ | ᠨᠢᠭᠡᠳᠦᠭᠡᠷ᠂ ᠬᠤᠶᠠᠳᠤᠭᠠᠷ᠂ ᠭᠤᠷᠪᠠᠳᠤᠭᠠᠷ ᠬᠤᠭᠤᠴᠠᠭᠠᠨ ᠤ ᠳᠤᠤᠷᠠᠳᠤ ᠵᠥᠪᠯᠡᠯᠭᠡᠨ ᠤ ᠭᠡᠰᠢᠭᠦᠨ᠃ ᠳᠡᠭᠦᠦ | ᠱᠣᠰᠢᠩᠭ᠎ᠠ ᠨᠢ ᠳᠤᠮᠳᠠᠳᠤ ᠤᠯᠤᠰ ᠤᠨ ᠡᠪ ᠬᠠᠮᠲᠤ ᠨᠠᠮ ᠤᠨ ᠭᠡᠰᠢᠭᠦᠨ᠂ ᠥᠪᠥᠷ ᠮᠣᠩᠭᠤᠯ ᠤᠨ ᠲᠤᠰᠬᠠᠶ | ᠬᠤᠷᠢᠶᠠᠨ ᠤ ᠭᠡᠰᠢᠭᠦᠨ᠃ ᠶᠤᠤ ᠵᠢᠩ ᠲᠣᠣ ᠴᠢᠩ ᠤᠯᠤᠰ ᠤᠨ ᠰᠡᠭᠦᠯᠴᠢ ᠢᠷᠭᠡᠨ ᠤᠯᠤᠰ ᠤᠨ ᠡᠬᠢᠨ ᠠᠴᠠ | ᠠᠪᠤᠭᠠᠳ ᠰᠤᠷᠭᠠᠨ ᠬᠥᠮᠥᠵᠢᠯ ᠢᠶᠠᠷ ᠦᠨᠳᠦᠰᠦᠲᠡᠨ ᠢᠶᠠᠨ ᠬᠥᠭᠵᠢᠭᠦᠯᠦᠨ ᠮᠠᠨᠳᠤᠭᠤᠯᠬᠤ ᠰᠠᠨᠠᠭ᠎ᠠ ᠣᠷᠣᠭᠰᠠᠨ | ᠪᠠᠶᠢᠵᠠᠢ᠃ 1915 ᠣᠨ ︵ᠢᠷᠭᠡᠨ ᠤᠯᠤᠰ ᠤᠨ 4 ᠣᠨ︶ ᠳᠤ ᠲᠡᠷᠡ ᠥᠪᠡᠷ ᠤᠨ ᠪᠡᠶ᠎ᠡ ᠪᠠᠷ ᠢᠶᠠᠨ ᠪᠢᠷᠠᠭᠤ ᠳᠤ | ᠲᠤᠰ ᠬᠤᠰᠢᠭᠤᠨ ᠤ ᠠᠩᠬᠠᠳᠤᠭᠠᠷ ᠮᠣᠩᠭᠤᠯ ᠦᠨᠳᠦᠰᠦᠲᠡᠨ ᠤ ᠪᠠᠭ᠎ᠠ ᠰᠤᠷᠭᠠᠭᠤᠯᠢ — ᠼᠥᠢ ᠢᠩ ᠪᠠᠭ᠎ᠠ | ᠰᠤᠷᠭᠠᠭᠤᠯᠢ ᠶᠢ ᠡᠭᠦᠳᠦᠨ ᠡᠷᠬᠢᠯᠡᠵᠡᠢ᠃ ᠡᠨᠡ ᠦᠶ᠎ᠡ ᠳᠤ ᠲᠡᠭᠦᠨ ᠤ ᠡᠴᠢᠭᠡ ᠶᠤᠤ ᠱᠠᠨ ᠳᠡᠭᠡᠷᠡᠮ ᠢ ᠤᠰᠠᠳᠬᠠᠨ | ᠭᠠᠪᠢᠶ᠎ᠠ ᠪᠠᠶᠢᠭᠤᠯᠵᠤ ᠢᠷᠭᠡᠨ ᠤᠯᠤᠰ ᠤᠨ ᠵᠠᠰᠠᠭ ᠤᠨ ᠣᠷᠳᠣᠨ ᠵᠠᠷᠯᠠᠨ ᠰᠠᠶᠢᠰᠢᠶᠠᠵᠤ᠂ ᠢᠷᠭᠡᠨ ᠤᠯᠤᠰ ᠤᠨ | ᠵᠠᠰᠠᠭ ᠤᠨ ᠣᠷᠳᠣᠨ ᠤ ᠳᠤᠤᠷᠠᠳᠤ ᠵᠥᠪᠯᠡᠯᠭᠡᠨ ᠤ ᠭᠡᠰᠢᠭᠦᠨ ᠢᠶᠠᠷ ᠰᠣᠩᠭᠤᠭᠳᠠᠪᠠ᠃ ᠢᠩᠬᠢᠭᠡᠳ ᠪᠧᠶᠢᠫᠢᠩ ᠳᠤ | ᠣᠷᠣᠨ ᠰᠠᠭᠤᠴᠠ ᠬᠤᠳᠠᠯᠳᠤᠨ ᠠᠪᠴᠤ᠂ ᠶᠤᠤ ᠵᠢᠩ ᠲᠣᠣ ᠪᠡᠭᠡᠵᠢᠩ ᠳᠤ ᠰᠢᠨᠡᠴᠢᠯᠡᠬᠦ ᠦᠵᠡᠯ ᠰᠠᠨᠠᠭ᠎ᠠ ᠲᠠᠢ ᠪᠠᠢ | ᠶᠦᠨ ᠲᠢ᠂ ᠭᠦᠸᠧ ᠳ᠋ᠤᠤ ᠹᠦ᠋᠂ ᠶᠢᠨ ᠶᠦᠩ ᠴᠠᠩ᠂ ᠪᠦ᠋ᠦ ᠶᠤᠸᠠᠢ ᠴᠢᠩ ᠵᠡᠷᠭᠡ ᠮᠣᠩᠭᠤᠯ ᠵᠠᠯᠠᠭᠤᠴᠤᠳ ᠲᠠᠢ | ᠲᠠᠨᠢᠯᠴᠠᠬᠤ ᠵᠠᠪᠰᠢᠶᠠᠨ ᠲᠠᠢ ᠪᠣᠯᠵᠠᠢ᠃ 1921 ᠣᠨ ᠳᠤ ᠳᠤᠮᠳᠠᠳᠤ ᠤᠯᠤᠰ ᠤᠨ ᠡᠪ ᠬᠠᠮᠲᠤ ᠨᠠᠮ | ᠪᠠᠶᠢᠭᠤᠯᠤᠭᠳᠠᠪᠠ᠃ ᠡᠨᠡ ᠦᠶ᠎ᠡ ᠳᠤ ᠪᠡᠭᠡᠵᠢᠩ ᠤᠨ ᠮᠣᠩᠭᠤᠯ ᠲᠥᠪᠡᠳ ᠤᠨ ᠰᠤᠷᠭᠠᠭᠤᠯᠢ ᠨᠢ ᠡᠯ᠎ᠡ ᠴᠥᠭᠡᠨ | ᠲᠣᠭᠠᠲᠤ ᠦᠨᠳᠦᠰᠦᠲᠡᠨ ᠳᠤ ᠳᠠᠪᠰᠢᠩᠭᠤᠶ ᠦᠵᠡᠯ ᠰᠠᠨᠠᠭ᠎ᠠ ᠶᠢ ᠤᠯᠠᠮᠵᠢᠯᠠᠬᠤ ᠳᠠᠷᠬᠠᠨ ᠣᠷᠣᠨ ᠪᠣᠯᠵᠠᠢ᠃ ᠡᠪ | ᠬᠠᠮᠲᠤ ᠨᠠᠮ ᠤᠨ ᠭᠡᠰᠢᠭᠦᠨ ᠯᠢ ᠳ᠋ᠡ ᠵᠣᠣ᠂ ᠳ᠋ᠧᠩ ᠵᠥᠩ ᠰᠢᠶᠠ᠂ ᠵᠤᠤ ᠱᠢ ᠶᠠᠨ ᠵᠡᠷᠭᠡ ᠬᠥᠮᠦᠰ ᠤᠨ ᠳᠡᠮᠵᠢᠯᠭᠡ | ᠳᠣᠣᠷ᠎ᠠ᠂ ᠨᠢᠭᠡ ᠪᠦᠯᠦᠭ ᠮᠣᠩᠭᠤᠯ ᠦᠨᠳᠦᠰᠦᠲᠡᠨ ᠤ ᠳᠠᠪᠰᠢᠯᠲᠤ ᠵᠠᠯᠠᠭᠤᠴᠤᠳ ᠠᠷᠤ ᠮᠣᠩᠭᠤᠯ᠂ ᠵᠥᠪᠯᠡᠯᠲᠦ | ᠬᠤᠯᠪᠣᠭᠠᠲᠤ ᠤᠯᠤᠰ ᠲᠤ ᠣᠴᠢᠵᠤ ᠬᠤᠪᠢᠰᠬᠠᠯ ᠤᠨ ᠤᠨᠤᠯ ᠰᠤᠷᠤᠯᠴᠠᠵᠤ ᠪᠠᠶᠢᠪᠠ᠃ ᠶᠤᠤ ᠵᠢᠩ ᠲᠣᠣ ᠪᠣᠯ | 1924 ᠣᠨ ᠳᠤ ᠠᠩᠬᠠᠨ ᠤ ᠨᠢᠭᠡ ᠪᠦᠯᠦᠭ ᠠᠷᠤ ᠮᠣᠩᠭᠤᠯ ᠳᠤ ᠣᠴᠢᠵᠤ ᠰᠤᠷᠤᠯᠴᠠᠭᠰᠠᠨ ᠵᠠᠯᠠᠭᠤᠴᠤᠳ ᠤᠨ | ᠨᠢᠭᠡ ᠨᠢ ᠪᠣᠯᠤᠨ᠎ᠠ᠃ ᠶᠤᠤᠵᠢᠩ ᠲᠣᠣ ᠪᠣᠯᠤᠨ ᠬᠠᠨᠢᠲᠠᠨ ᠯᠦ ᠵᠢᠢ ᠰᠠᠨ ᠬᠤᠶᠠᠭᠤᠯᠠ ᠠᠷᠤ ᠮᠣᠩᠭᠤᠯ ᠤᠨ | ᠴᠡᠷᠢᠭ ᠤᠨ ᠰᠤᠷᠭᠠᠭᠤᠯᠢ ᠳᠤ ᠬᠤᠶᠠᠷ ᠵᠢᠯ ᠰᠤᠷᠤᠯᠴᠠᠵᠤ᠂ ᠲᠡᠭᠦᠰᠦᠭᠰᠡᠨ ᠤ ᠳᠠᠷᠠᠭ᠎ᠠ ᠬᠡᠰᠢᠭᠲᠡᠨ ᠬᠤᠰᠢᠭᠤ ᠳᠤ | ᠪᠤᠴᠠᠵᠤ᠂ ᠬᠤᠪᠢᠰᠬᠠᠯ ᠤᠨ ᠨᠢᠭᠤᠴᠠ ᠠᠵᠢᠯ ᠬᠢᠵᠦ᠂ ᠶᠤᠤ ᠵᠢᠩ ᠲᠣᠣ ᠴᠡᠷᠢᠭ ᠤᠨ ᠶᠠᠪᠤᠳᠠᠯ ᠬᠠᠷᠢᠭᠤᠴᠠᠵᠤ᠂ | ᠳ᠋ᠠ ᠸᠠᠩ ᠤᠨ ᠰᠦᠮ᠎ᠡ ᠳᠤ ᠲᠡᠭᠦᠨ ᠤ ᠬᠠᠷᠢᠶᠠᠲᠤ ᠮᠣᠩᠭᠤᠯ ᠮᠣᠷᠢᠲᠤ ᠴᠡᠷᠢᠭ 300 ᠬᠥᠮᠦᠨ ᠪᠠᠶᠢᠪᠠ᠂ ᠲᠡᠷᠡ | ᠠᠷᠤ ᠮᠣᠩᠭᠤᠯ ᠵᠥᠪᠯᠡᠯᠲᠦ ᠬᠤᠯᠪᠣᠭᠠᠲᠤ ᠤᠯᠤᠰ ᠠᠴᠠ 2000 ᠶᠠᠪᠠᠭᠠᠨ ᠫᠤᠤ 20 ᠲᠦᠮᠡᠨ ᠰᠤᠮᠤ ᠣᠯᠵᠤ | ᠠᠪᠴᠢᠷᠠᠵᠠᠢ᠂ ᠬᠤᠰᠢᠭᠤ ᠵᠠᠰᠠᠭ ᠪᠥᠬᠡᠵᠠᠶᠠᠭᠠ ᠳᠤ ᠬᠦᠷᠭᠡᠵᠦ ᠥᠭᠭᠦᠭᠰᠡᠨ 200 ᠫᠤᠤ ᠠᠴᠠ ᠭᠠᠳᠠᠨ᠎ᠠ | ᠪᠤᠰᠤᠳ ᠢ ᠨᠢ ᠴᠥᠮ ᠴᠡᠷᠢᠭ ᠪᠠᠶᠢᠭᠤᠯᠬᠤ ᠳᠤ ᠦᠯᠡᠳᠡᠭᠡᠵᠦ ᠬᠡᠷᠡᠭᠯᠡᠵᠡᠢ᠃ ᠶᠤᠤ ᠵᠢᠩ ᠲᠣᠣ᠂ ᠼᠥᠢ ᠢᠩ ᠪᠠᠭ᠎ᠠ | ᠰᠤᠷᠭᠠᠭᠤᠯᠢ ᠳᠤ ᠵᠦᠪᠯᠡᠯᠳᠤ ᠬᠤᠯᠪᠣᠭᠠᠲᠤ ᠤᠯᠤᠰ ᠤᠨ ᠠᠷᠪᠠᠨ ᠰᠠᠷ᠎ᠠ ᠶᠢᠨ ᠬᠤᠪᠢᠰᠬᠠᠯ ᠤᠨ ᠲᠡᠷᠢᠭᠦᠨ ᠤ ᠦᠵᠡᠯ | ᠰᠠᠨᠠᠭ᠎ᠠ᠂ ᠠᠩᠬᠢ ᠶᠢᠨ ᠲᠡᠮᠡᠴᠡᠯ ᠤᠨ ᠤᠨᠤᠯ ᠢ ᠢᠯᠡ ᠪᠠᠷ ᠤᠬᠠᠭᠤᠯᠵᠤ᠂ ᠰᠤᠷᠤᠭᠴᠢᠳ ᠢ ᠳᠠᠶᠢᠴᠢᠯᠠᠵᠤ ᠪᠢᠷᠠᠭᠤ | ᠵᠡᠭᠡᠯᠢ ᠳᠡᠭᠡᠷ᠎ᠡ ᠸᠠᠩ ᠭᠦᠩ ᠢᠵᠠᠭᠤᠷᠲᠠᠨ ᠢ ᠴᠣᠬᠢᠨ ᠤᠨᠠᠭᠠᠬᠤ ᠱᠤᠭ ᠵᠢᠷᠤᠭ ᠢ ᠢᠯᠡ ᠪᠠᠷ ᠨᠠᠭᠠᠵᠤ᠂ | ᠦᠨᠳᠦᠰᠦᠲᠡᠨ ᠤ ᠡᠷᠬᠡ ᠲᠡᠭᠰᠢ ᠵᠡᠷᠭᠡ ᠶᠠᠷᠢᠶ᠎ᠠ ᠶᠢ ᠶᠡᠬᠡᠪᠡᠷ ᠤᠬᠠᠭᠤᠯᠵᠤ ᠪᠠᠶᠢᠵᠠᠢ᠃ 1925 ᠣᠨ ᠤ 5 | ᠰᠠᠷ᠎ᠠ ᠳᠤ᠂ ᠶᠤᠤ ᠵᠢᠩ ᠲᠣᠣ ᠪᠣᠯᠤᠨ ᠯᠦ ᠵᠢᠢ ᠰᠠᠨ ᠬᠤᠶᠠᠭᠤᠯᠠ ᠪᠠᠰᠠ 50 ᠭᠠᠷᠤᠶ ᠮᠣᠩᠭᠤᠯ ᠵᠠᠯᠠᠭᠤᠴᠤᠳ ᠢ | ᠵᠣᠬᠢᠶᠠᠨ ᠪᠠᠶᠢᠭᠤᠯᠵᠤ᠂ ᠠᠷᠤ ᠮᠣᠩᠭᠤᠯ ᠵᠦᠪᠯᠡᠯᠲᠦ ᠳᠤ ᠣᠴᠢᠭᠤᠯᠵᠤ ᠰᠤᠷᠤᠯᠴᠠᠭᠤᠯᠵᠠᠢ᠂ ᠡᠭᠦᠨ ᠤ ᠳᠣᠲᠣᠷ᠎ᠠ | ᠬᠡᠰᠢᠭᠲᠡᠨ ᠬᠤᠰᠢᠭᠤᠨ ᠤ ᠬᠥᠮᠥᠨ 30 ᠭᠠᠷᠤᠶ ᠪᠠᠶᠢᠵᠠᠢ᠃ ᠲᠤᠰ ᠵᠢᠯ ᠤᠨ 10 ᠰᠠᠷ᠎ᠠ ᠳᠤ᠂ ᠥᠪᠥᠷ | ᠮᠣᠩᠭᠤᠯ ᠤᠨ ᠠᠷᠠᠳ ᠤᠨ ᠬᠤᠪᠢᠰᠬᠠᠯᠲᠤ ᠨᠠᠮ ᠤᠨ ᠠᠩᠬᠠᠳᠤᠭᠠᠷ ᠤᠳᠠᠭᠠᠨ ᠤ ᠲᠥᠯᠥᠭᠡᠯᠡᠭᠴᠢᠳ ᠤᠨ ᠶᠡᠭᠡ ᠬᠤᠷᠠᠯ | ᠴᠢᠭᠤᠯᠣᠯᠳᠣ ᠬᠠᠭᠠᠯᠭ᠎ᠠ ᠳᠤ ᠬᠤᠷᠠᠯᠳᠤᠭᠤᠯᠵᠣ᠂ ᠥᠪᠥᠷ ᠠᠷᠠᠳ ᠤᠨ ᠨᠠᠮ ᠪᠠᠶᠢᠭᠤᠯᠤᠭᠳᠠᠭᠰᠠᠨ ᠢ ᠲᠤᠩᠬᠠᠭᠯᠠᠪᠠ᠂ | ᠶᠤᠤ ᠵᠢᠩ ᠲᠣᠣ ᠪᠠᠶᠢᠩᠭᠤ ᠶᠢᠨ ᠬᠤᠷᠢᠶᠠᠨ ᠤ ᠭᠡᠰᠢᠭᠦᠨ ︵ᠴᠡᠷᠢᠭ ᠤᠨ ᠶᠠᠪᠤᠳᠠᠯ ᠤᠨ ᠬᠤᠷᠢᠶᠠᠨ ᠤ ᠭᠡᠰᠢᠭᠦᠨ︶ | ᠢᠶᠠᠷ ᠰᠣᠩᠭᠤᠭᠳᠠᠭᠰᠠᠨ ᠪᠠᠶᠢᠨ᠎ᠠ᠃ ᠥᠪᠥᠷ ᠠᠷᠠᠳ ᠤᠨ ᠨᠠᠮ ᠤᠨ ᠠᠩᠬᠠᠳᠤᠭᠠᠷ ᠤᠳᠠᠭᠠᠨ ᠤ | ᠲᠥᠯᠥᠭᠡᠯᠡᠭᠴᠢᠳ ᠤᠨ ᠶᠡᠭᠡ ᠬᠤᠷᠠᠯ ᠤᠨ ᠳᠠᠷᠠᠭ᠎ᠠ᠂ ᠶᠤᠤ ᠵᠢᠩ ᠲᠣᠣ ᠬᠡᠰᠢᠭᠲᠡᠨ ᠬᠤᠰᠢᠭᠤᠨ ᠳᠤ ᠪᠠᠨ ᠪᠤᠴᠠᠵᠤ | ᠥᠪᠥᠷ ᠮᠣᠩᠭᠤᠯ ᠤᠨ ᠮᠣᠷᠢᠲᠤ ᠴᠡᠷᠢᠭ ᠤᠨ ᠬᠤᠷᠢᠶ᠎ᠠ ᠪᠠᠨ ᠪᠠᠬᠢᠵᠢᠭᠦᠯᠵᠦ᠂ 12 ᠰᠠᠷ᠎ᠠ ᠶᠢᠨ ᠰᠡᠭᠦᠯᠴᠢ ᠪᠣᠯᠬᠤ ᠳᠤ | 300 ᠬᠥᠮᠦᠨ ᠪᠠᠶᠢᠭᠰᠠᠨ ᠠᠴᠠ ᠪᠠᠨ 600 ᠬᠥᠮᠦᠨ ᠪᠣᠯᠲᠠᠯ᠎ᠠ ᠥᠷᠭᠡᠳᠬᠡᠨ ᠨᠡᠮᠡᠭᠳᠡᠭᠦᠯᠵᠦ᠂ ᠡᠭᠦᠨ ᠤ ᠬᠠᠮᠲᠤ᠂ | ᠪᠢᠷᠠᠭᠤ ᠶᠢᠨ ᠮᠣᠩᠭᠤᠯ ᠦᠨᠳᠦᠰᠦᠲᠡᠨ ᠤ ᠴᠡᠷᠢᠭ ᠤᠨ ᠳᠠᠷᠤᠭ᠎ᠠ ᠶᠢᠨ ᠰᠤᠷᠭᠠᠭᠤᠯᠢ ᠪᠠᠶᠢᠭᠤᠯᠵᠤ᠂ ᠼᠥᠢ ᠢᠩ | ᠪᠠᠭ᠎ᠠ ᠰᠤᠷᠭᠠᠭᠤᠯᠢ ᠶᠢᠨ ᠰᠤᠷᠤᠭᠴᠢᠳ ᠢᠶᠠᠷ ᠰᠠᠭᠤᠷᠢ ᠪᠣᠯᠭᠠᠬᠤ ᠠᠴᠠ ᠭᠠᠳᠠᠨ᠎ᠠ᠂ ᠪᠠᠰᠠ 40 ᠮᠣᠩᠭᠤᠯ | ᠵᠠᠯᠠᠭᠤᠴᠤᠳ ᠢ ᠡᠯᠰᠡᠵᠦ᠂ ᠴᠡᠷᠢᠭ ᠤᠨ ᠶᠠᠪᠤᠳᠠᠯ ᠤᠨ ᠺᠠᠳ᠋ᠷ ᠬᠥᠮᠥᠵᠢᠭᠦᠯᠵᠡᠢ᠃ ᠡᠨᠡ ᠬᠦ ᠬᠤᠭᠤᠴᠠᠭᠠᠨ ᠳᠤ᠂ | ᠳᠤᠮᠳᠠᠳᠤ ᠤᠯᠤᠰ ᠤᠨ ᠡᠪ ᠬᠠᠮᠲᠤ ᠨᠠᠮ ᠤᠨ ᠤᠮᠠᠷᠠᠲᠤ ᠣᠷᠣᠨ ᠤ ᠬᠤᠷᠢᠶ᠎ᠠ ᠹᠧᠩ ᠢᠦ᠋ᠢ ᠰᠢᠶᠠᠩ ᠲᠠᠢ | ᠵᠥᠪᠳᠡᠯᠴᠡᠵᠦ᠂ ᠲᠡᠭᠦᠨ ᠤ ᠴᠡᠷᠢᠭ ᠤᠨ ᠬᠠᠮᠢᠶᠠᠷᠤᠯᠲᠠ ᠶᠢᠨ ᠳᠣᠣᠷ᠎ᠠ᠂ ᠥᠪᠥᠷ ᠮᠣᠩᠭᠤᠯ ᠤᠨ ᠵᠡᠭᠦᠨ ᠬᠡᠰᠡᠭ ᠤᠨ | ᠣᠷᠣᠨ ᠳᠤ ᠮᠣᠷᠢᠲᠤ ᠴᠡᠷᠢᠭ ᠤᠨ ᠭᠤᠷᠪᠠᠨ ᠴᠤᠪᠤᠭ᠎ᠠ ᠠᠩᠬᠢ ᠪᠠᠶᠢᠭᠤᠯᠵᠤ᠂ ︽ᠥᠪᠥᠷ ᠮᠣᠩᠭᠤᠯ ᠤᠨ ᠣᠨᠴᠠᠭᠠᠢ | ᠠᠷᠠᠳ ᠤᠨ ᠴᠡᠷᠢᠭ︾ ᠭᠡᠵᠦ ᠨᠡᠷᠡᠶᠢᠳᠪᠡ᠃ ᠨᠢᠭᠡᠳᠦᠭᠡᠷ ᠴᠤᠪᠤᠭ᠎ᠠ ᠠᠩᠭᠢ ᠳᠤ 5000 ᠴᠡᠷᠢᠭ ᠲᠠᠢ᠂ ᠶᠤᠤ | ᠵᠢᠩ ᠲᠣᠣ ᠰᠧᠯᠢᠩ ᠪᠠᠶᠢᠵᠠᠶ᠃ 1925 ᠣᠨ ᠤ 12 ᠰᠠᠷ᠎ᠠ ᠶᠢᠨ 6 ᠤ ᠡᠳᠦᠷ᠂ ᠶᠤᠤᠵᠢᠩ ᠲᠣᠣ ᠵᠠᠷᠯᠢᠭ | ᠬᠦ᠋ᠯᠢᠶᠡᠨ 600 ᠮᠣᠷᠢᠲᠤ ᠴᠡᠷᠢᠭ ᠢᠶᠠᠨ ᠳᠠᠶᠢᠴᠢᠯᠠᠨ ᠳ᠋ᠡ ᠸᠠᠩ ᠤᠨ ᠰᠦᠮ᠎ᠡ ᠠᠴᠠ ᠮᠣᠷᠳᠠᠨ ᠰᠢᠭᠤᠳ ᠪᠢᠷᠠᠭᠤ ᠶᠢ | ᠳᠠᠭᠠᠷᠢᠵᠠᠢ᠂ ᠲᠤᠬᠠᠶ ᠶᠢᠨ ᠦᠶ᠎ᠡ ᠳᠤ ᠪᠢᠷᠠᠭᠤ ᠶᠢ ᠰᠠᠬᠢᠨ ᠰᠠᠭᠤᠵᠤ ᠪᠠᠶᠢᠭᠰᠠᠨ ᠹᠧᠩᠵᠢᠶᠦ᠋ᠨ ᠴᠡᠷᠢᠭ ᠤᠨ ᠱᠢ | ᠸᠤᠨ ᠬᠤᠸᠠ ᠶᠢᠨ ᠪᠦᠯᠦᠭ ᠪᠠᠷᠤᠭ 1 000 ᠬᠥᠮᠦᠨ ᠪᠠᠶᠢᠵᠠᠢ᠃ ᠶᠤᠤ ᠵᠢᠩ ᠲᠣᠣ ᠬᠠᠷᠢᠨ ᠨᠢᠭᠡ ᠯᠡ ᠳᠡᠭᠡᠷ᠎ᠡ | ᠪᠢᠷᠠᠭᠤ ᠶᠢ ᠳᠠᠭᠠᠷᠢᠨ ᠡᠵᠡᠯᠡᠵᠦ᠂ ᠪᠠᠶᠢᠯᠳᠤᠭᠠᠨ ᠳᠤ ᠹᠧᠩᠵᠢᠶᠦ᠋ᠨ ᠴᠡᠷᠢᠭ 200 ᠬᠥᠮᠥᠨ ᠪᠠᠭᠤᠵᠤ ᠥᠭᠪᠡ᠃ | ᠳᠡᠮᠡᠶ ᠤᠳᠠᠭᠰᠠᠨ ᠦᠭᠡᠢ ᠪᠠᠰᠠ ᠯᠢᠨᠰᠢ᠂ ᠪᠣᠷᠣᠬᠤᠲᠠ ᠶᠢ ᠳᠠᠭᠠᠷᠢᠨ ᠴᠣᠬᠢᠵᠤ ᠨᠢᠭᠡ ᠭᠠᠷᠠᠭ ᠤᠨ ᠳᠣᠲᠣᠷ᠎ᠠ | ᠭᠤᠷᠪᠠᠨ ᠭᠠᠵᠠᠷ ᠢ ᠳᠠᠭᠠᠷᠢᠨ ᠡᠵᠡᠯᠡᠵᠦ᠂ ᠹᠧᠩᠵᠢᠶᠦ᠋ᠨ ᠴᠡᠷᠢᠭ ᠤᠨ 1 ᠱᠲ᠋ᠠᠪ ᠤᠨ ᠳᠠᠷᠤᠭ᠎ᠠ᠂ 1000 ᠴᠡᠷᠢᠭ᠂ | 7 ᠶᠡᠭᠡ ᠫᠤᠤ ᠣᠯᠵᠠᠯᠠᠭᠰᠠᠨ ᠪᠠᠶᠢᠨ᠎ᠠ᠃ ᠲᠤᠬᠠᠢ ᠶᠢᠨ ᠦᠶ᠎ᠡ ᠳᠤ ᠶᠤᠤ ᠵᠢᠩ ᠲᠣᠣ ᠶᠢᠨ ᠴᠡᠷᠢᠭ 600 | ᠬᠥᠮᠦᠨ ᠲᠠᠢ ᠪᠠᠶᠢᠭᠰᠠᠨ ᠠᠴᠠ ᠪᠠᠨ 3000 ᠬᠥᠮᠦᠨ ᠪᠣᠯᠵᠤ ᠨᠡᠮᠡᠭᠳᠡᠭᠰᠡᠨ ᠪᠠᠶᠢᠨ᠎ᠠ᠃ ᠹᠧᠩᠵᠢᠶᠦ᠋ᠨ ᠴᠡᠷᠢᠭ ᠢ | ᠺᠠᠶᠢᠯᠦ᠂ ᠲᠣᠣ ᠨᠠᠨ ᠬᠦᠷᠲᠡᠯ᠎ᠡ ᠬᠥᠭᠡᠭᠡᠵᠦ᠂ ᠡᠭᠦᠨ ᠠᠴᠠ ᠶᠤᠤᠵᠢᠩ ᠲᠣᠣ ᠶᠢᠨ ᠴᠡᠷᠢᠭ ᠤᠨ ᠰᠦᠷ ᠬᠦᠴᠦᠨ | ᠶᠡᠬᠡᠪᠡᠷ ᠠᠯᠳᠠᠷᠰᠢᠵᠠᠢ᠃ 1926 ᠣᠨ ᠤ 3 ᠰᠠᠷ᠎ᠠ ᠳᠤ ᠵᠠᠩ ᠽᠦᠸᠧ ᠯᠢᠨ᠂ ᠦ᠋ ᠫᠸᠢ ᠹᠦ᠋᠂ ᠶᠠᠨ ᠰᠢ ᠱᠠᠨ | ᠵᠢᠴᠢ ᠱᠠᠨᠳᠦ᠋ᠩ ᠤᠨ ᠬᠤᠯᠪᠣᠭᠠᠲᠤ ᠴᠡᠷᠢᠭ ᠲᠠᠢ ᠬᠠᠮᠲᠤᠷᠠᠵᠤ ᠪᠠᠶᠢᠭᠠᠳ ᠹᠧᠩ ᠢᠦ᠋ᠢ ᠰᠢᠶᠠᠩ ᠤᠨ ᠢᠷᠭᠡᠨ ᠤ | ᠴᠡᠷᠢᠭ ᠢ ᠳᠠᠭᠠᠷᠢᠵᠠᠢ᠃ 4 ᠰᠠᠷ᠎ᠠ ᠳᠤ ᠶᠤᠤ ᠵᠢᠩ ᠲᠣᠣ ᠶᠢᠨ ᠴᠤᠪᠤᠭ᠎ᠠ ᠠᠩᠭᠢ ᠵᠠᠷᠯᠢᠭ ᠢᠶᠠᠷ ᠰᠢᠯᠢ ᠶᠢᠨ ᠭᠤᠣᠯ᠂ | ᠵᠤᠦ ᠤᠳᠠ᠂ ᠵᠣᠰᠣᠲᠤ ᠠᠶᠢᠮᠠᠭ ᠠᠴᠠ ᠤᠬᠤᠷᠢᠨ ᠭᠠᠷᠴᠤ ᠪᠠᠷᠠᠭᠤᠨᠰᠢ ᠴᠡᠷᠢᠭᠯᠡᠵᠡᠢ᠃ ᠶᠤᠤ ᠵᠢᠩ ᠲᠣᠣ ᠶᠢᠨ | ᠡᠩᠨᠡᠭᠡ ᠪᠢᠷᠠᠭᠤ ᠶᠢᠨ ᠡᠮᠦᠨᠡᠬᠢ ᠪᠠᠶᠢᠴᠠ ᠠᠴᠠ ᠳᠣᠯᠣᠨᠨᠠᠭᠤᠷ ᠵᠦᠭ ᠤᠷᠤᠭᠰᠢᠯᠠᠭᠰᠠᠨ ᠪᠠᠶᠢᠨ᠎ᠠ᠂ 1 000 ᠭᠠᠷᠤᠶ | ᠬᠥᠮᠦᠨ ᠡᠯᠡᠰᠦ ᠮᠠᠩᠬᠠᠨ ᠳᠤ 10 ᠭᠠᠷᠤᠢ ᠡᠳᠦᠷ ᠶᠠᠪᠤᠵᠤ ᠰᠠᠶ᠋ᠢ ᠳᠣᠯᠣᠨᠨᠠᠭᠤᠷ ᠲᠤ ᠬᠦᠷᠴᠡᠢ᠂ ᠭᠡᠪᠡᠴᠦ 7 | ᠡᠳᠦᠷ ᠤᠨ ᠳᠠᠷᠠᠭ᠎ᠠ ᠹᠧᠩᠵᠢᠶᠦ᠋ᠨ ᠴᠡᠷᠢᠭ ᠲᠤ ᠳᠣᠯᠣᠨᠨᠠᠭᠤᠷ ᠠᠴᠠ ᠬᠥᠭᠡᠭᠡᠭᠳᠡᠨ ᠭᠠᠷᠴᠤ ᠭᠦᠶᠤᠸᠠᠨ ︵ᠫᠢᠩ ᠠᠨ | ᠫᠦ᠋︶ ᠳᠤ ᠬᠦᠷᠴᠦ᠂ ᠵᠢᠶ ᠬᠤᠩ ᠴᠠᠩ ᠤᠨ ᠴᠡᠷᠢᠭ ᠲᠠᠢ ᠨᠡᠶᠢᠯᠡᠵᠦ᠂ ᠲᠠᠬᠢᠨ ᠳᠣᠯᠣᠨᠨᠠᠭᠤᠷ ᠵᠦᠭ ᠴᠡᠷᠢᠭ ᠡᠭᠡᠵᠡᠢ᠃ | ᠴᠢᠭᠤᠯᠤᠯᠲᠤ ᠬᠠᠭᠠᠯᠭ᠎ᠠ᠂ ᠬᠦᠢᠰᠦ᠋ᠢ ︵ᠬᠥᠬᠡᠬᠤᠲᠠ︶ ᠬᠦᠷᠦᠭᠡᠳ ᠤᠳᠠᠯ ᠦᠭᠡᠢ ᠶᠤᠤ ᠵᠢᠩ ᠲᠣᠣ ᠴᠡᠷᠢᠭ | ᠠᠩᠭᠢ ᠠᠴᠠ ᠰᠠᠯᠤᠭᠰᠠᠨ ᠪᠠᠶᠢᠨ᠎ᠠ᠃ 1927 ᠣᠨ ᠤ 8 ᠰᠠᠷ᠎ᠠ ᠳᠤ᠂ ᠥᠪᠥᠷ ᠠᠷᠠᠳ ᠤᠨ ᠨᠠᠮ ᠤᠨ | ᠬᠤᠶᠠᠳᠤᠭᠠᠷ ᠤᠳᠠᠭᠠᠨ ᠤ ᠲᠥᠯᠥᠭᠡᠯᠡᠭᠴᠢᠳ ᠤᠨ ᠶᠡᠭᠡ ᠬᠤᠷᠠᠯ ᠤᠯᠠᠭᠠᠨᠪᠠᠭᠠᠲᠤᠷ ᠲᠤ ᠬᠤᠷᠠᠯᠳᠤᠭᠤᠯᠤᠭᠰᠠᠨ ᠤ | ᠬᠤᠶᠢᠨ᠎ᠠ᠂ ᠶᠤᠤ ᠵᠢᠩ ᠲᠣᠣ ᠥᠪᠥᠷ ᠠᠷᠠᠳ ᠤᠨ ᠨᠠᠮ ᠠᠴᠠ ᠭᠠᠷᠤᠭᠰᠠᠨ ᠢᠶᠠᠨ ᠵᠠᠷᠯᠠᠵᠤ᠂ ᠰᠡᠭᠦᠯᠡᠷ ᠨᠢ | ᠪᠡᠭᠡᠵᠢᠩ ᠤᠨ ᠮᠣᠩᠭᠤᠯ ᠲᠥᠪᠡᠳ ᠤᠨ ᠬᠤᠷᠢᠶ᠎ᠠ ᠳᠤ 5 ᠵᠢᠯ ᠣᠷᠴᠢᠮ ᠠᠵᠢᠯᠯᠠᠵᠠᠢ᠃ ᠶᠠᠫᠣᠨ ᠲᠦᠷᠢᠮᠡᠬᠡᠶᠢᠯᠡᠨ | ᠣᠷᠣᠵᠤ ᠢᠷᠡᠭᠰᠡᠨ ᠬᠤᠶᠢᠨ᠎ᠠ᠂ ᠲᠡᠷᠡ ᠨᠠᠨᠵᠢᠩ ᠳᠤ ᠣᠴᠢᠨ ᠵᠢᠶᠠᠩ ᠵᠢᠶᠧ ᠱᠢ ᠶᠢ ᠲᠦᠰᠢᠵᠦ ᠭᠤᠮᠢᠨᠳᠠᠩ ᠨᠠᠮ ᠳᠤ | ᠣᠷᠣᠪᠠ᠃ ᠭᠤᠮᠢᠨᠳᠠᠩ ᠤᠨ ᠳᠥᠷᠪᠡᠳᠦᠭᠡᠷ ᠤᠳᠠᠭᠠᠨ ᠤ ᠲᠥᠯᠥᠭᠡᠯᠡᠭᠴᠢᠳ ᠤᠨ ᠶᠡᠭᠡ ᠬᠤᠷᠠᠯ ᠤᠨ ᠲᠥᠪ | ᠬᠤᠷᠢᠶᠠᠨ ᠤ ᠭᠡᠰᠢᠭᠦᠨ᠂ ᠲᠠᠪᠤᠳᠤᠭᠠᠷ ᠤᠳᠠᠭᠠᠨ ᠤ ᠲᠥᠯᠥᠭᠡᠯᠡᠭᠴᠢᠳ ᠤᠨ ᠶᠡᠭᠡ ᠬᠤᠷᠠᠯ ᠤᠨ ᠲᠥᠪ ᠤᠨ | ᠭᠦᠢᠴᠡᠳᠬᠡᠬᠦ ᠬᠤᠷᠢᠶᠠᠨ ᠤ ᠭᠡᠰᠢᠭᠦᠨ ᠢᠶᠠᠷ ᠲᠤᠰ ᠲᠤᠰ ᠰᠣᠩᠭᠤᠭᠳᠠᠪᠠ᠃ 1944 ᠣᠨ ᠳᠤ ᠰᠢ ᠠᠨ ᠳᠤ | ᠡᠪᠡᠳᠴᠢᠨ ᠢᠶᠠᠷ ᠨᠠᠰᠤ ᠪᠠᠷᠠᠪᠠ᠂ 61 ᠨᠠᠰᠤᠯᠠᠵᠠᠢ᠃ | | | | | | |