ᠮᠠᠯᠵᠢᠬᠤ ᠤᠷᠤᠨ ᠤ ᠪᠡᠯᠴᠢᠭᠡᠷ ᠠᠰᠢᠬᠯᠠᠯᠲᠠ  ︵ᠭᠤᠷᠪᠠ︶
ᠨᠡᠶᠢᠲᠡᠯᠡᠭᠰᠡᠨ ᠴᠠᠭ᠄
2019/12/31
                                            —— ᠨᠠᠮᠵᠢᠯᠰᠦ᠋ᠷᠦᠩ        ᠮᠠᠯᠵᠢᠬᠤ ᠣᠷᠣᠨ ᠤ ᠪᠡᠯᠴᠢᠭᠡᠷ ᠠᠰᠢᠬᠯᠠᠯᠲᠠ ᠶᠢᠨ ᠵᠦᠪ ᠵᠠᠮ        ᠪᠡᠯᠴᠢᠭᠡᠷ ᠤᠨ ᠮᠠᠯ ᠠᠵᠦ ᠠᠬᠤᠢ ᠡᠷᠬᠢᠯᠡᠭᠰᠡᠨ ᠨᠡᠭᠦᠳᠡᠯᠴᠢᠨ ᠮᠠᠯᠴᠢᠳ᠂ ᠮᠠᠯ ᠰᠦᠷᠦᠭ   ᠪᠠ ᠪᠤᠰᠤᠳ ᠡᠳ᠋ ᠬᠦᠷᠦᠩᠭᠡ ᠶᠢ ᠬᠤᠪᠢᠴᠢᠯᠠᠨ ᠦᠮᠴᠢᠯᠡᠭᠰᠡᠨ ᠪᠠᠶᠢᠳᠠᠭ ᠴᠦ ᠪᠠᠶᠢᠭᠠᠯᠢᠯᠢᠭ ᠪᠡᠯᠴᠢᠭᠡᠷ   ᠨᠤᠲᠤᠭ ᠢ ᠬᠠᠮᠲᠤ ᠶᠢᠨ ᠦᠮᠴᠢᠯᠡᠯ ᠢᠶᠠᠷ ᠦᠵᠡᠵᠦ᠂ ᠬᠠᠮᠲᠤ ᠪᠠᠷ ᠡᠳ᠋ᠯᠡᠵᠦ ᠠᠰᠢᠭ ᠬᠦᠷᠲᠡᠳᠡᠭ᠃ ᠤᠴᠢᠷ ᠨᠢ ᠪᠡᠯᠴᠢᠭᠡᠷ ᠡᠪᠡᠰᠦ ᠪᠣᠯ ᠪᠠᠶᠢᠭᠠᠯᠢ ᠠᠴᠠ ᠰᠣᠶᠣᠷᠬᠠᠬᠰᠠᠨ ᠡᠳ᠋ ᠡᠷᠳᠡᠨᠢᠰ ᠲᠤᠯᠠ   ᠪᠡᠯᠴᠢᠭᠡᠷ ᠤᠨ ᠮᠠᠯ ᠠᠵᠦ ᠠᠬᠤᠢ ᠡᠷᠬᠢᠯᠡᠭᠰᠡᠨ ᠬᠦᠮᠦᠨ ᠪᠦᠬᠦᠨ ᠡᠷᠬᠡ ᠲᠡᠭᠰᠢ ᠡᠳ᠋ᠯᠡᠵᠦ ᠬᠦᠷᠲᠡᠬᠦ   ᠶᠤᠰᠤ ᠲᠠᠢ ᠭᠡᠵᠤ ᠨᠡᠭᠦᠳᠡᠯᠴᠢᠨ ᠮᠤᠩᠭᠤᠯᠴᠤᠳ ᠦᠵᠡᠳᠡᠭ᠃        ᠪᠠᠶᠠᠳ ᠨᠤᠶᠠᠳ᠂ ᠬᠠᠷᠠᠴᠦ ᠠᠷᠠᠳ ᠭᠡᠰᠡᠨ ᠦᠭᠡᠢ᠂ ᠬᠡᠨ ᠤᠷᠢᠳᠠᠪᠠᠷ ᠨᠡᠭᠦᠵᠦ   ᠢᠷᠡᠭᠡᠳ ᠡᠨᠡ ᠨᠤᠲᠤᠭ ᠲᠤ ᠰᠠᠭᠤᠬᠰᠠᠨ ᠪᠣᠯ ᠲᠡᠷᠡ ᠠᠶᠢᠯ ᠨᠡᠭᠦᠵᠦ ᠶᠠᠪᠤᠲᠠᠯ᠎ᠠ ᠡᠨᠡ ᠨᠤᠲᠤᠭ   ᠨᠢ ᠲᠡᠷᠡ ᠠᠶᠢᠯ ᠤᠨ ᠬᠢ ᠪᠠᠶᠢᠵᠦ᠂ ᠦᠭᠡᠷ᠎ᠡ ᠬᠡᠨ ᠴᠦ ᠳᠤᠷ᠎ᠠ ᠪᠠᠷ ᠪᠤᠯᠢᠶᠠᠨ ᠡᠵᠡᠳᠡᠵᠦ ᠪᠤᠯᠳᠠᠭ   ᠦᠭᠡᠢ ᠬᠠᠤᠯᠢ ᠮᠤᠩᠭᠤᠯ ᠣᠷᠣᠨ ᠳᠤ ᠪᠠᠶᠢᠳᠠᠭ᠃ ᠪᠠᠷᠭᠤ ᠶᠢᠨ ᠮᠡᠷᠭᠡᠨ ᠭᠦᠪᠡᠷᠢ ᠭᠡᠭᠴᠢ ᠤᠭᠤᠷᠳᠠ   ᠨᠤᠶᠠᠨ᠂ ᠰᠢᠨ᠎ᠡ ᠪᠠᠷᠭᠤ ᠵᠡᠭᠦᠨ ᠭᠠᠷᠤᠨ ᠤᠭᠤᠷᠳᠠ ᠨᠤᠶᠠᠨ ᠪᠠᠶᠢᠬᠤ ᠦᠶ᠎ᠡ ᠳᠡᠭᠡᠨ ᠭᠡᠷ ᠲᠡᠭᠡᠨ   ᠠᠮᠠᠷᠠᠯᠲᠠ ᠪᠠᠷ ᠬᠠᠷᠢᠭᠠᠳ᠂ ᠨᠢᠭᠡᠨ ᠤᠳᠠᠭ᠎ᠠ ᠶᠢᠨ ᠨᠡᠭᠦᠳᠡᠯ ᠳᠤ ᠦᠪᠡᠷ ᠤᠨ ᠬᠤᠨᠢ ᠪᠠᠨ   ᠲᠠᠭᠤᠵᠠᠢ᠃ ᠰᠢᠨ᠎ᠡ ᠪᠠᠷᠭᠤ ᠪᠠᠷᠠᠭᠤᠨ ᠭᠠᠷᠤᠨ ᠬᠦᠪᠡᠭᠡᠲᠦ ᠬᠦᠬᠡ ᠵᠠᠢ ᠰᠤᠮᠤ ᠶᠢᠨ ᠵᠠᠩᠭᠢ ᠨᠢᠭᠡᠨ   ᠨᠤᠲᠤᠭ ᠤᠨ ᠬᠦᠮᠦᠨ ᠪᠠᠶᠢᠵᠦ᠂ ᠬᠤᠶᠠᠭᠤᠯᠠ ᠠᠭᠤᠯᠵᠠᠨ ᠶᠠᠷᠢᠵᠦ ᠬᠠᠭᠤᠴᠢᠯᠠᠬᠰᠠᠭᠠᠷ ᠪᠠᠶᠢᠭᠠᠳ   ᠮᠡᠳᠡᠯ ᠦᠭᠡᠢ ᠪᠠᠷ ᠠᠶᠢᠯ ᠤᠨ ᠭᠠᠳᠠᠭᠤᠷ ᠬᠤᠨᠢ ᠪᠠᠷ ᠢᠶᠠᠨ ᠳᠠᠭᠠᠷᠢᠭᠤᠯᠴᠢᠬᠠᠵᠠᠢ᠃ ᠨᠤᠣᠷᠬᠠᠢ  ᠪᠦᠷᠢᠶᠡᠰᠦ ᠲᠠᠢ ᠨᠠᠪᠲᠠᠭᠠᠷ ᠪᠤᠷᠤ ᠭᠡᠷ ᠠᠴᠠ ᠠᠶᠢᠯ ᠤᠨ ᠪᠦᠰᠡᠭᠦᠢ ᠭᠠᠷᠴᠤ ᠢᠷᠡᠭᠡᠳ ᠬᠤᠷᠮᠤᠢ   ᠪᠠᠨ ᠸᠠᠳᠠᠩᠨᠠᠨ ᠬᠠᠰᠭᠢᠷᠴᠤ ᠭᠤᠣᠯᠠᠨ ᠭᠦᠶᠦᠵᠦ ᠬᠤᠨᠢ ᠶᠢ ᠨᠢ ᠦᠷᠭᠦᠭᠡᠵᠦ ᠲᠠᠭᠤᠪᠠ᠃ ᠵᠠᠩᠭᠢ  ᠨᠣᠶᠠᠨ ᠶᠡᠭᠡ ᠡᠪ ᠦᠭᠡᠢ ᠪᠣᠯᠵᠦ᠄《 ᠶᠠᠭᠠᠬᠢᠬᠰᠠᠨ ᠡᠬᠢ ᠵᠠᠬ᠎ᠠ ᠦᠭᠡᠢ ᠶᠤᠮ ᠪᠤᠢ︖ ᠤᠭᠤᠷᠳᠠ ᠨᠤᠶᠠᠨ ᠤ ᠬᠤᠨᠢ ᠶᠢ ᠢᠡᠭᠭᠢᠵᠦ ᠬᠦᠭᠡᠭᠡᠵᠦ ᠲᠠᠭᠤᠬᠤ ᠭᠡᠳᠡᠭ᠃ ᠡᠨᠡ ᠮᠠᠨ ᠤ ᠰᠤᠮᠤ ᠶᠢᠨ ᠠᠶᠢᠯ  ᠪᠠᠶᠢᠨ᠎ᠠ᠂ ᠪᠢ ᠣᠴᠢᠵᠦ ᠵᠠᠩᠨᠠᠶ᠎ᠠ︕》 ᠭᠡᠰᠡᠨ ᠳᠤ᠄ 《 ᠲᠡᠭᠡᠵᠦ ᠪᠣᠯᠬᠤ ᠦᠭᠡᠢ︕ ᠪᠢᠳᠡ  ᠶᠠᠷᠢᠶᠠᠨ ᠳᠠᠭᠠᠨ ᠪᠣᠯᠣᠭᠠᠳ ᠬᠠᠷᠠᠯ ᠦᠭᠡᠢ ᠪᠠᠷ ᠬᠦᠮᠦᠨ ᠤ ᠨᠤᠲᠤᠭ ᠲᠤ ᠳᠤᠷ᠎ᠠ ᠪᠠᠷ ᠣᠷᠣᠵᠦ᠂  ᠠᠶᠢᠯ ᠢ ᠬᠤᠨᠢ ᠪᠠᠷ ᠢᠶᠠᠨ ᠳᠠᠭᠠᠷᠢᠭᠤᠯᠤᠬᠰᠠᠨ ᠨᠢ ᠪᠢᠳᠡᠨ ᠤ ᠪᠤᠷᠤᠭᠤ》 ᠭᠡᠵᠤ ᠭᠦᠪᠡᠷᠢ ᠤᠭᠤᠷᠳᠠ ᠵᠠᠩᠭᠢ ᠶᠢ ᠬᠤᠷᠢᠬᠯᠠᠵᠦ ᠪᠤᠷᠤᠭᠤ ᠮᠡᠳᠡᠷᠡᠭᠰᠡᠨ ᠭᠡᠳᠡᠭ᠃ ᠦᠡᠭᠭᠡᠷᠡᠭᠰᠡᠨ ᠳᠤ ᠨᠤᠲᠤᠭ ᠪᠡᠯᠴᠢᠭᠡᠷ ᠢ  ᠬᠠᠮᠲᠤ ᠪᠠᠷ ᠦᠮᠴᠢᠯᠡᠵᠦ᠂ ᠬᠠᠮᠲᠤ ᠪᠠᠷ ᠡᠳ᠋ᠯᠡᠨ᠂ ᠬᠠᠮᠲᠤ ᠪᠠᠷ ᠠᠰᠢᠭ ᠬᠦᠷᠲᠡᠳᠡᠭ ᠪᠤᠯᠬᠤᠷ ᠬᠦᠮᠦᠰ ᠬᠤᠭᠤᠷᠤᠨᠳᠤ ᠪᠠᠨ ᠮᠠᠰᠢ ᠡᠶ᠎ᠡ ᠡᠪᠲᠡᠢ᠂ ᠶᠠᠮᠠᠷᠴᠤ ᠬᠡᠷᠡᠭᠦᠯ ᠵᠢᠭᠤᠷᠭᠠᠨ ᠭᠠᠷᠳᠠᠭ ᠦᠭᠡᠢ ᠪᠠᠶᠢᠵᠠᠢ᠃  ᠨᠤᠲᠤᠭ ᠪᠡᠯᠴᠢᠭᠡᠷ ᠢ ᠬᠠᠮᠲᠤ ᠪᠠᠷ ᠠᠰᠢᠬᠯᠠᠵᠦ ᠬᠡᠷᠡᠭᠯᠡᠬᠦ ᠨᠢ ᠨᠤᠲᠤᠭ ᠪᠡᠯᠴᠢᠭᠡᠷ ᠤᠨ ᠠᠰᠢᠬᠯᠠᠮᠵᠢ ᠶᠢ  ᠳᠡᠭᠡᠭᠰᠢᠯᠡᠭᠦᠯᠬᠦ ᠪᠠᠷ ᠪᠠᠷᠠᠬᠤ ᠦᠭᠡᠢ᠂ ᠬᠦᠮᠦᠨ ᠤ ᠬᠤᠭᠤᠷᠤᠨᠳᠤᠬᠢ ᠬᠠᠷᠢᠯᠴᠠᠨ ᠤᠶᠢᠯᠠᠭᠠᠯᠴᠠᠵᠦ᠂  ᠬᠠᠷᠢᠯᠴᠠᠨ ᠬᠠᠯᠠᠮᠵᠢᠯᠠᠵᠦ᠂ ᠬᠠᠷᠢᠯᠴᠠᠨ ᠬᠦᠨᠳᠦᠳᠭᠡᠬᠦ ᠡᠶᠡᠯᠰᠡᠭ ᠨᠠᠶᠢᠷᠠᠮᠳᠠᠭᠤ ᠨᠦᠬᠦᠷᠰᠡᠭ ᠬᠠᠷᠢᠴᠠᠭ᠎ᠠ   ᠶᠢ ᠴᠦ ᠪᠣᠢ ᠪᠣᠯᠭᠠᠵᠦ᠂ ᠬᠦᠮᠦᠰ ᠢ ᠬᠠᠶᠢᠷ᠎ᠠ ᠶᠢᠨ ᠬᠠᠯᠠᠭᠤᠨ ᠳᠤᠯᠠᠭᠠᠨ ᠠᠭᠤᠷ ᠠᠮᠢᠰᠬᠤᠯ ᠳᠤ   ᠬᠦᠲᠦᠯᠦᠨ᠂ ᠰᠠᠶᠢᠨ ᠰᠠᠶᠢᠬᠠᠨ ᠵᠠᠩ ᠤᠶᠢᠯᠡ ᠳᠤ ᠬᠦᠮᠦᠵᠢᠭᠦᠯᠳᠡᠭ᠃ ᠨᠤᠲᠤᠭ ᠪᠡᠯᠴᠢᠭᠡᠷ ᠢ   ᠡᠷᠦᠬᠡ ᠳᠤ ᠳᠠᠭᠠᠭᠠᠴᠢᠯᠠᠭᠤᠯᠤᠬᠰᠠᠨ ᠤ ᠰᠡᠭᠦᠯᠡᠷ ᠬᠦᠮᠦᠰ ᠤᠨ ᠬᠤᠪᠢᠨᠴᠢᠷ ᠪᠣᠳᠤᠯ ᠳᠠᠪᠠᠷᠠᠵᠦ᠂   ᠦᠪᠡᠷ ᠢ ᠪᠠᠨ ᠪᠣᠳᠤᠬᠰᠠᠨ ᠬᠤᠪᠢᠨᠴᠢᠷ ᠪᠣᠳᠤᠯ ᠨᠢ ᠪᠤᠰᠤᠳ ᠤᠨ ᠳᠡᠮᠵᠢᠯᠭᠡ ᠲᠤᠰᠠᠯᠠᠮᠵᠢ ᠶᠢ   ᠠᠯᠳᠠᠬᠰᠠᠨ ᠭᠠᠭᠴᠠᠭᠠᠷᠳᠠᠯ ᠳᠤ ᠲᠦᠯᠬᠢᠵᠦ᠂ ᠤᠯᠠᠨ ᠠᠷᠪᠢᠨ ᠬᠦᠴᠢᠷᠳᠡᠯ ᠳᠤ   ᠤᠴᠠᠷᠠᠭᠤᠯᠤᠬᠰᠠᠨ ᠪᠦᠭᠡᠳ ᠪᠡᠶ᠎ᠡ ᠰᠡᠳᠭᠢᠯ ᠤᠨ ᠲᠠᠯ᠎ᠠ ᠪᠠᠷ ᠴᠦ ᠢᠲᠡᠭᠡᠯ ᠠᠯᠳᠠᠬᠰᠠᠨ ᠰᠡᠵᠢᠭ   ᠳᠦᠭᠦᠷᠡᠭᠰᠡᠨ ᠬᠤᠣᠷᠠᠲᠤ ᠮᠠᠭᠤ ᠰᠠᠨᠠᠭ᠎ᠠ ᠳᠤ ᠤᠨᠠᠬᠰᠠᠨ ᠬᠡᠷᠴᠡᠭᠡᠢ ᠳᠤᠬᠰᠢᠨ ᠲᠡᠨᠡᠭ ᠮᠠᠩᠬᠤᠣ   ᠵᠠᠩ ᠠᠷᠠᠨᠰᠢᠨ ᠡᠭᠦᠰᠴᠦ᠂ ᠡᠴᠢᠭᠡ ᠬᠦᠣ ᠲᠠᠭᠠᠷᠠᠯᠴᠠᠬᠤ ᠦᠭᠡᠢ ᠪᠣᠯᠵᠦ᠂ ᠠᠬ᠎ᠠ ᠳᠡᠭᠦᠥ   ᠦᠰᠲᠡᠨ ᠪᠣᠯᠣᠬᠰᠠᠨ ᠶᠠᠪᠤᠳᠠᠯ ᠴᠦ ᠭᠠᠷᠴᠤ ᠪᠤᠢ᠃ ᠡᠶᠢᠮᠦ ᠠᠴᠠ ᠮᠠᠯᠴᠢᠳ ᠤᠨ ᠬᠤᠷᠰᠢᠶ᠎ᠠ  ᠪᠠᠶᠢᠭᠤᠯᠵᠦ᠂ ᠬᠠᠮᠲᠤᠷᠠᠵᠦ ᠬᠤᠷᠰᠢᠬᠤ ᠨᠢ ᠨᠤᠲᠤᠭ ᠪᠡᠯᠴᠢᠭᠡᠷ ᠤᠨ ᠡᠬᠢ ᠪᠠᠶᠠᠯᠢᠭ᠂ ᠬᠦᠳᠡᠯᠮᠦᠷᠢ  ᠬᠦᠴᠦᠨ ᠤ ᠡᠬᠢ ᠪᠠᠶᠠᠯᠢᠭ᠂ ᠪᠡᠯᠡ ᠬᠦᠷᠦᠩᠭᠡ ᠶᠢᠨ ᠡᠬᠢ ᠪᠠᠶᠠᠯᠢᠭ ᠵᠡᠷᠭᠡ ᠶᠢ ᠨᠡᠶᠢᠯᠡᠭᠦᠯᠵᠦ᠂   ᠠᠷᠪᠢᠯᠠᠨ ᠭᠠᠮᠨᠠᠵᠦ ︐ ᠬᠡᠪᠴᠢᠶᠡᠵᠢᠭᠦᠯᠦᠨ ᠡᠵᠡᠩᠨᠡᠵᠦ᠂ ᠨᠤᠲᠤᠭ ᠪᠡᠯᠴᠢᠭᠡᠷ ᠢᠶᠠᠨ ᠬᠠᠮᠠᠭᠠᠯᠠᠨ᠂   ᠨᠤᠲᠤᠭ ᠪᠡᠯᠴᠢᠭᠡᠷ ᠤᠨ ᠠᠰᠢᠬᠯᠠᠮᠵᠢ ᠶᠢ ᠳᠡᠭᠡᠭᠰᠢᠯᠡᠭᠦᠯᠵᠦ ᠪᠤᠯᠬᠤ ᠪᠦᠭᠡᠳ ᠨᠡᠶᠢᠬᠡᠮ ᠤᠨ   ᠪᠤᠯᠪᠠᠰᠤᠨ ᠰᠠᠶᠢᠨ ᠰᠠᠶᠢᠬᠠᠨ ᠣᠷᠴᠢᠨ ᠢ ᠪᠤᠢ ᠪᠤᠯᠭᠠᠬᠤ ᠳᠤ ᠴᠦ ᠴᠢᠬᠤᠯᠠ ᠠᠴᠢ ᠬᠤᠯᠪᠤᠬᠳᠠᠯ   ᠲᠠᠢ ᠶᠤᠮ᠃ ᠦᠡᠭᠭᠡᠷᠡᠭᠰᠡᠨ ᠪᠠ ᠣᠳᠣ᠂ ᠢᠷᠡᠭᠡᠳᠦᠢ ᠳᠤ ᠬᠤᠷᠰᠢᠵᠦ ᠬᠠᠮᠲᠤᠷᠠᠬᠤ ᠪᠣᠯ ᠮᠠᠯᠴᠢᠨ   ᠠᠮᠢᠳᠤᠷᠠᠯ ᠤᠨ ᠬᠠᠮᠤᠭ ᠤᠨ ᠪᠦᠲᠦᠮᠵᠢᠲᠡᠢ ᠶᠠᠪᠤᠬᠤ ᠵᠠᠮ ᠮᠥᠨ᠃ ᠮᠠᠯᠴᠢᠳ ᠮᠠᠯ ᠠᠵᠦ ᠠᠬᠤᠢ   ᠡᠷᠬᠢᠯᠡᠭᠰᠡᠨ ᠴᠠᠭ ᠠᠴᠠ ᠬᠠᠮᠲᠤᠷᠠᠵᠦ ᠬᠤᠯᠪᠤᠭᠠᠯᠠᠬᠤ ᠶᠢᠨ ᠠᠴᠢ ᠲᠤᠰᠠ ᠶᠢ ᠮᠡᠳᠡᠵᠦ᠂ ᠣᠯᠠᠨ   ᠲᠠᠯ᠎ᠠ ᠪᠠᠷ ᠬᠤᠯᠪᠤᠭᠠᠯᠠᠨ ᠬᠠᠮᠲᠤᠷᠠᠵᠦ ᠢᠷᠡᠭᠰᠡᠨ ᠢᠷᠠᠭᠤ ᠠᠯᠳᠠᠷᠲᠤ ᠤᠯᠠᠮᠵᠢᠯᠠᠯ ᠪᠠ ᠪᠠᠶᠠᠯᠢᠭ   ᠲᠤᠷᠰᠢᠯᠭ᠎ᠠ ᠲᠠᠢ ᠶᠤᠮ᠃ ᠬᠤᠲᠠ ᠠᠶᠢᠯ᠂ ᠠᠶᠢᠯ ᠰᠠᠬᠠᠬᠠᠯᠲᠠ ᠵᠡᠷᠭᠡ ᠪᠣᠯ ᠪᠡᠯᠴᠢᠭᠡᠷ  ᠤᠨ ᠮᠠᠯ   ᠠᠵᠦ ᠠᠬᠤᠢ ᠶᠢᠨ ᠤᠶᠢᠯᠡᠳᠪᠦᠷᠢᠯᠡᠯ ᠤᠨ ᠱᠠᠭᠠᠷᠳᠠᠯᠭ᠎ᠠ ᠠᠴᠠ ᠪᠣᠯᠤᠬᠰᠠᠨ ᠮᠠᠯᠴᠢᠳ ᠤᠨ   ᠬᠤᠯᠪᠤᠭᠠᠯᠠᠯ ᠬᠤᠷᠰᠢᠶᠠᠵᠢᠯ ᠤᠨ ᠤᠯᠠᠮᠵᠢᠯᠠᠯᠲᠤ ᠬᠡᠯᠪᠡᠷᠢ ᠮᠥᠨ᠃ ᠮᠠᠯᠵᠢᠬᠤ ᠤᠶᠢᠯᠡᠳᠪᠦᠷᠢᠯᠡᠯ ᠤᠨ   ᠪᠡᠯᠴᠢᠭᠡᠷ ᠠᠰᠢᠬᠯᠠᠯᠲᠠ ᠶᠢᠨ ᠱᠠᠭᠠᠷᠳᠠᠯᠭ᠎ᠠ ᠪᠠᠷ ᠵᠣᠬᠢᠶᠠᠨ ᠪᠠᠶᠢᠭᠤᠯᠤᠬᠳᠠᠬᠰᠠᠨ ᠬᠤᠲᠠ ᠠᠶᠢᠯ   ᠪᠠ ᠠᠶᠢᠯ ᠰᠠᠬᠠᠬᠠᠯᠲᠠ ᠨᠢ ᠮᠠᠯ ᠰᠦᠷᠦᠭ ᠤᠨ ᠪᠦᠲᠦᠴᠡ ᠬᠢᠭᠡᠳ ᠪᠡᠯᠴᠢᠭᠡᠷ ᠰᠣᠩᠭᠤᠯᠲᠠ ᠳᠤ   ᠲᠦᠰᠢᠭᠯᠡᠨ ᠬᠦᠮᠦᠨ᠂ ᠮᠠᠯ᠂ ᠪᠠᠶᠢᠭᠠᠯᠢ  ᠶᠢᠨ ᠤᠶᠠᠯᠳᠤᠯ ᠨᠢᠭᠡᠳᠦᠯ ᠤᠨ ᠪᠣᠳᠠᠲᠤ ᠠᠭᠤᠯᠭ᠎ᠠ ᠬᠡᠯᠪᠡᠷᠢ   ᠪᠣᠯᠣᠨ ᠶᠠᠪᠤᠬᠳᠠᠳᠠᠭ᠃        ᠦᠪᠦᠷ ᠮᠤᠩᠭᠤᠯ ᠤᠨ ᠮᠠᠯᠴᠢᠳ ᠤᠨ ᠡᠮᠦᠨ᠎ᠡ ᠲᠠᠯᠪᠢᠬᠳᠠᠬᠰᠠᠨ ᠪᠡᠯᠴᠢᠭᠡᠷ   ᠠᠰᠢᠬᠯᠠᠯᠲᠠ ᠶᠢᠨ ᠣᠯᠠᠨ ᠠᠷᠪᠢᠨ ᠠᠰᠠᠭᠤᠳᠠᠯ ᠳᠤᠲᠤᠷ᠎ᠠ ᠰᠡᠢᠳᠪᠦᠷᠢᠯᠡᠬᠦ ᠴᠢᠬᠤᠯᠠ ᠲᠠᠢ   ᠬᠠᠮᠤᠭ ᠤᠨ ᠲᠣᠮᠣ ᠠᠰᠠᠭᠤᠳᠠᠯ ᠪᠣᠯ ᠮᠠᠯᠴᠢᠳ  ᠤᠨ ᠬᠤᠷᠰᠢᠶᠠᠵᠢᠯ ᠤᠨ ᠲᠤᠬᠠᠢ ᠦᠵᠡᠯ ᠲᠠᠨᠢᠯᠲᠠ   ᠲᠠᠢ ᠪᠣᠯᠬᠤ ᠶᠠᠪᠤᠳᠠᠯ ᠮᠥᠨ᠃ ᠦᠪᠦᠷ ᠮᠤᠩᠭᠤᠯ ᠳᠤ ᠨᠤᠲᠤᠭ ᠪᠡᠯᠴᠢᠭᠡᠷ ᠢ ᠡᠷᠦᠬᠡ ᠳᠤ   ᠬᠤᠪᠢᠶᠠᠷᠢᠯᠠᠨ ᠳᠠᠭᠠᠭᠠᠴᠢᠯᠠᠭᠤᠯᠤᠨ ᠡᠵᠡᠩᠨᠡᠭᠦᠯᠦᠭᠰᠡᠨ ᠠᠴᠠ ᠨᠤᠲᠤᠭ ᠪᠡᠯᠴᠢᠭᠡᠷ ᠵᠢᠵᠢᠭᠯᠡᠭᠳᠡᠨ   ᠪᠠᠭ᠎ᠠ ᠪᠣᠯᠵᠦ᠂ ᠠᠶᠢᠯ ᠡᠷᠦᠬᠡ ᠪᠦᠷᠢ ᠶᠢᠨ ᠬᠤᠪᠢᠶᠠᠨ ᠣᠯᠣᠬᠰᠠᠨ ᠪᠡᠯᠴᠢᠭᠡᠷ ᠨᠢ ᠮᠠᠯ ᠰᠦᠷᠦᠭ   ᠤᠨ ᠪᠡᠯᠴᠢᠭᠡᠷᠯᠡᠨ ᠢᠳᠡᠰᠢᠯᠡᠬᠦ ᠱᠠᠭᠠᠷᠳᠠᠯᠭ᠎ᠠ ᠶᠢ ᠨᠢᠭᠡᠨᠲᠡ ᠬᠠᠨᠭ᠍ᠭᠠᠵᠦ ᠴᠢᠳᠠᠬᠤ ᠦᠭᠡᠢ   ᠪᠣᠯᠵᠠᠢ᠃ ᠡᠶᠢᠮᠦ ᠪᠠᠶᠢᠳᠠᠯ ᠳᠤ ᠮᠠᠰᠢ ᠤᠯᠠᠨ ᠮᠠᠯᠵᠢᠬᠤ ᠡᠷᠦᠬᠡ ᠠᠷᠭ᠎ᠠ ᠪᠤᠰᠤ《 ᠬᠠᠰᠢᠶᠠᠯᠠᠨ   ᠲᠡᠵᠢᠭᠡᠬᠦ》 ᠠᠷᠭ᠎ᠠ ᠵᠠᠮ ᠢ ᠰᠤᠩᠭᠤᠬᠰᠠᠨ ᠪᠠᠶᠢᠨ᠎ᠠ᠃ 《 ᠬᠠᠰᠢᠶᠠᠯᠠᠨ ᠲᠡᠵᠢᠭᠡᠬᠦ》 ᠨᠢ   ᠬᠦᠳᠡᠯᠮᠦᠷᠢ ᠶᠢᠨ ᠬᠦᠨᠳᠦᠴᠡ ᠶᠢ ᠨᠡᠮᠡᠭᠳᠡᠭᠦᠯᠵᠦ᠂ ᠮᠠᠯᠵᠢᠬᠤ ᠤᠶᠢᠯᠡᠳᠪᠦᠷᠢᠯᠡᠯ ᠤᠨ ᠦᠪᠡᠷ ᠤᠨ   ᠦᠷᠲᠡᠭ ᠢ ᠨᠡᠮᠡᠭᠳᠡᠭᠦᠯᠬᠦ ᠪᠠᠷ ᠦᠯᠦ ᠪᠠᠷᠠᠮ᠂ ᠠᠮᠤᠷ ᠲᠦᠪᠰᠢᠨ ᠤ ᠲᠠᠯ᠎ᠠ ᠪᠠᠷ ᠴᠦ ᠠᠯᠢ   ᠣᠯᠠᠨ ᠭᠡᠮ ᠠᠷᠬᠠᠭ ᠲᠠᠢ ᠲᠤᠯᠠ ᠠᠶᠤᠯ ᠦᠭᠡᠢ ᠶᠢᠨ ᠪᠠᠲᠤᠯᠠᠭ᠎ᠠ ᠲᠤᠩ ᠳᠤᠣᠷ᠎ᠠ ᠭᠡᠰᠡᠨ  ᠢ   ᠮᠠᠯᠴᠢᠳ ᠪᠦᠷ ᠮᠡᠳᠡᠵᠦ᠂ ᠬᠠᠰᠢᠶᠠᠯᠠᠨ ᠲᠡᠵᠢᠭᠡᠬᠦ ᠠᠷᠭ᠎ᠠ ᠠᠴᠠ ᠵᠠᠶᠢᠯᠠᠰᠬᠢᠵᠦ᠂ ᠨᠤᠲᠤᠭ   ᠪᠡᠯᠴᠢᠭᠡᠷ ᠤᠨ ᠬᠤᠣᠷᠳᠠᠯ ᠪᠣᠬᠢᠷᠳᠠᠯ ᠢ ᠪᠠᠭᠠᠰᠬᠠᠬᠤ ᠪᠠᠷ ᠰᠠᠨᠠᠭ᠎ᠠ ᠰᠡᠳᠭᠢᠯ ᠢ ᠵᠦᠳᠡᠭᠡᠨ   ᠪᠦᠲᠦᠮᠵᠢᠲᠡᠢ ᠠᠷᠭ᠎ᠠ ᠬᠡᠯᠪᠡᠷᠢ ᠶᠢ ᠬᠠᠶᠢᠨ ᠡᠷᠢᠯᠬᠢᠯᠡᠵᠦ ᠪᠠᠶᠢᠨ᠎ᠠ᠃        ᠪᠢᠳᠡ ᠨᠢᠭᠡᠨᠲᠡ ᠬᠤᠪᠢᠶᠠᠷᠢᠯᠠᠬᠰᠠᠨ ᠨᠤᠲᠤᠭ ᠪᠡᠯᠴᠢᠭᠡᠷ ᠢ ᠳᠠᠬᠢᠨ ᠬᠤᠷᠢᠶᠠᠨ ᠠᠪᠴᠤ   ᠪᠣᠯᠬᠤ ᠦᠭᠡᠢ  ᠨᠢ ᠮᠡᠳᠡᠭᠡᠵᠢ᠃ ᠬᠡᠷᠪᠡ ᠬᠤᠷᠢᠶᠠᠨ ᠠᠪᠬᠤ ᠳᠤ ᠬᠦᠷᠪᠡᠯ᠂ ᠮᠠᠯᠴᠢᠳ ᠴᠦ   ᠵᠦᠪᠰᠢᠶᠡᠷᠡᠬᠦ ᠦᠭᠡᠢ ᠶᠤᠮ᠃ ᠤᠴᠢᠷ ᠨᠢ ᠡᠨᠡᠬᠦ ᠲᠥᠷᠦ ᠶᠢᠨ ᠪᠣᠳᠤᠯᠭ᠎ᠠ ᠬᠡᠷᠡᠭᠵᠢᠭᠦᠯᠦᠭᠳᠡᠭᠡᠳ   ᠨᠢᠭᠡᠨᠲᠡ ᠣᠯᠠᠨ ᠵᠢᠯ ᠪᠣᠯᠵᠦ᠂ ᠤᠯᠤᠰ ᠭᠡᠷ ᠪᠠ ᠬᠤᠪᠢ ᠬᠦᠮᠦᠨ ᠮᠠᠰᠢ ᠶᠡᠭᠡ ᠪᠡᠯᠡ ᠭᠠᠷᠭᠠᠵᠦ᠂   ᠨᠤᠲᠤᠭ ᠪᠡᠯᠴᠢᠭᠡᠷ ᠤᠨ ᠪᠦᠲᠦᠭᠡᠨ ᠪᠠᠶᠢᠭᠤᠯᠤᠯᠲᠠ ᠬᠢᠭᠡᠳ ᠤᠯᠠᠩᠭᠢ ᠬᠦᠮᠦᠨ ᠵᠣᠬᠢᠬᠤ ᠦᠷ᠎ᠡ   ᠠᠰᠢᠭ ᠬᠦᠷᠲᠡᠭᠰᠡᠨ ᠶᠤᠮ᠃ ᠨᠡᠩ ᠴᠦ ᠤᠯᠤᠰ ᠠᠴᠠ《 ᠠᠮᠢ ᠠᠬᠤᠢ ᠶᠢᠨ ᠬᠠᠮᠠᠭᠠᠯᠠᠯᠲᠠ   ᠶᠢᠨ ᠨᠥᠬᠦᠪᠦᠷᠢ》 ᠦᠭᠴᠦ᠂ ᠪᠡᠯᠴᠢᠭᠡᠷ ᠤᠨ ᠡᠪᠳᠡᠭᠳᠡᠯ ᠢ ᠬᠤᠷᠢᠬᠯᠠᠨ ᠵᠣᠬᠰᠤᠭᠠᠬᠤ   ᠢᠳᠡᠪᠬᠢᠲᠡᠢ ᠠᠷᠭ᠎ᠠ ᠠᠪᠴᠤ ᠪᠠᠶᠢᠭ᠎ᠠ ᠪᠦᠭᠡᠳ ᠮᠠᠯᠴᠢᠳ ᠤᠨ ᠠᠮᠢᠳᠤᠷᠠᠯ ᠤᠨ ᠬᠢᠷᠢ ᠲᠦᠪᠰᠢᠨ   ᠪᠠᠭᠤᠷᠠᠬᠤ ᠦᠭᠡᠢ ᠪᠠᠶᠢᠬᠤ ᠪᠠ ᠳᠠᠬᠢᠨ ᠤᠶᠢᠯᠡᠳᠪᠦᠷᠢᠯᠡᠯ ᠳᠤ ᠪᠡᠯᠡ ᠪᠣᠯᠭᠠᠬᠤ ᠠᠷᠭ᠎ᠠ ᠠᠪᠤᠬᠰᠠᠨ   ᠨᠢ ᠮᠠᠯᠴᠢᠳ ᠤᠨ ᠬᠦᠷᠢᠶᠡᠯᠡᠯ ᠢ ᠶᠡᠬᠡᠳᠡ ᠣᠯᠵᠠᠢ᠃ ᠮᠠᠯᠴᠢᠳ ᠲᠤ ᠤᠯᠭᠤᠬᠰᠠᠨ《 ᠨᠤᠲᠤᠭ   ᠤᠨ ᠨᠦᠬᠦᠪᠦᠷᠢ》 ᠨᠢ ᠠᠮᠢᠳᠤᠷᠠᠯ  ᠤᠨ ᠲᠡᠳᠭᠦᠮᠵᠢ ᠶᠢᠨ ᠵᠤᠭᠤᠰ ᠪᠢᠰᠢ ᠴᠦ ᠮᠠᠯᠴᠢᠳ ᠠᠮᠢᠳᠤᠷᠠᠯ   ᠤᠨ ᠲᠡᠳᠭᠦᠮᠵᠢ ᠪᠠᠷ ᠤᠶᠢᠯᠠᠭᠠᠵᠦ᠂ ᠠᠮᠢᠳᠤᠷᠠᠯ  ᠳᠠᠭᠠᠨ ᠭᠤᠣᠯ ᠵᠠᠷᠤᠴᠠᠭᠤᠯᠤᠨ ᠬᠡᠷᠡᠭᠯᠡᠭᠰᠡᠭᠡᠷ   ᠢᠷᠡᠵᠡᠢ᠃ ᠮᠠᠯᠴᠢᠳ ᠤᠨ ᠨᠤᠲᠤᠭ ᠢ ᠬᠤᠷᠢᠶᠠᠨ ᠠᠪᠤᠪᠠᠯ᠂ ᠮᠠᠯᠴᠢᠳ ᠤᠨ ᠣᠯᠬᠤ《 ᠨᠤᠲᠤᠭ   ᠤᠨ ᠨᠦᠬᠦᠪᠦᠷᠢ》 ᠤᠯᠤᠰ ᠠᠴᠠ ᠦᠭᠭᠦ ᠪᠠᠨ ᠵᠣᠬᠰᠣᠭᠠᠬᠤ ᠲᠤᠯᠠ ᠮᠠᠯᠴᠢᠳ ᠤᠨ ᠣᠷᠣᠯᠭ᠎ᠠ   ᠬᠠᠰᠤᠬᠳᠠᠵᠦ ᠨᠤᠲᠤᠭ ᠤᠨ ᠨᠦᠬᠦᠪᠦᠷᠢ》 ᠨᠢ ᠮᠠᠯᠴᠢᠳ ᠬᠤᠬᠢᠷᠠᠯ ᠠᠮᠠᠰᠠᠬᠤ ᠲᠤᠯᠠ ᠮᠠᠯᠴᠢᠳ   ᠵᠦᠪᠰᠢᠶᠡᠷᠡᠬᠦ ᠦᠭᠡᠢ ᠪᠦᠭᠡᠳ ᠨᠠᠮ ᠵᠠᠰᠠᠭ ᠴᠦ ᠲᠡᠭᠡᠵᠦ ᠬᠢᠬᠦ ᠦᠭᠡᠢ ᠶᠤᠮ᠃ ᠭᠡᠲᠡᠯ᠎ᠡ ᠨᠤᠲᠤᠭ    ᠤᠨ ᠨᠦᠬᠦᠪᠦᠷᠢ》 ᠨᠢ ᠣᠳᠣ ᠶᠢᠨ ᠶᠠᠩᠵᠦ ᠪᠠᠷ ᠳᠠᠩ ᠭᠠᠭᠴᠠ ᠠᠶᠢᠯ ᠡᠷᠦᠬᠡ ᠪᠠᠷ   ᠡᠵᠡᠩᠨᠡᠯᠲᠡ ᠬᠢᠪᠡᠯ ᠨᠤᠲᠤᠭ ᠪᠡᠯᠴᠢᠭᠡᠷ ᠤᠨ ᠠᠰᠢᠬᠯᠠᠯᠲᠠ ᠶᠢᠨ ᠨᠣᠷᠮ᠎ᠠ ᠳᠤᠣᠷ᠎ᠠ ᠲᠡᠳᠦᠢ   ᠦᠭᠡᠢ᠂ ᠠᠮᠢ ᠠᠬᠤᠢ ᠶᠢᠨ ᠡᠪᠳᠡᠭᠳᠡᠯ ᠴᠦ ᠦᠷᠭᠦᠯᠵᠢᠯᠡᠬᠦ ᠪᠣᠯᠣᠨ᠎ᠠ᠃ ᠡᠨᠡᠬᠦ ᠠᠰᠠᠭᠤᠳᠠᠯ ᠢ   ᠵᠦᠪ ᠰᠡᠢᠳᠪᠦᠷᠢᠯᠡᠬᠦ ᠲᠤᠬᠠᠢ ᠨᠠᠮ ᠤᠨ ᠲᠦᠪ ᠬᠤᠷᠢᠶ᠎ᠠ᠂ ᠤᠯᠤᠰ ᠤᠨ ᠶᠠᠪᠤᠳᠠᠯ ᠬᠤᠷᠢᠶ᠎ᠠ   ᠲᠣᠬᠲᠠᠭᠠᠯ ᠨᠡᠶᠢᠲᠡᠯᠡᠵᠦ᠂《 ᠲᠠᠷᠢᠶᠠᠨ ᠭᠠᠵᠠᠷ ︵ᠨᠤᠲᠤᠭ ᠪᠡᠯᠴᠢᠭᠡᠷ︶ ᠢ ᠲᠠᠷᠢᠶᠠᠯᠠᠩ ᠤᠨ   ᠲᠠᠯᠠᠪᠠᠢ᠂ ᠲᠤᠮᠤ ᠡᠷᠦᠬᠡ᠂ ᠠᠵᠦ ᠠᠬᠤᠶᠢᠯᠠᠯ ᠪᠠ ᠲᠠᠷᠢᠶᠠᠴᠢᠳ ᠤᠨ ᠬᠤᠷᠰᠢᠶᠠᠵᠢᠯ ᠳᠤ   ᠬᠠᠤᠯᠢ ᠶᠤᠰᠤᠭᠠᠷ ᠰᠢᠯᠵᠢᠭᠦᠯᠦᠨ ᠬᠡᠷᠡᠭᠯᠡᠭᠦᠯᠵᠦ ᠪᠣᠯᠣᠨ᠎ᠠ》 ᠭᠡᠵᠡᠢ᠃ ᠡᠨᠡ ᠨᠢ ᠨᠤᠲᠤᠭ   ᠪᠡᠯᠴᠢᠭᠡᠷ ᠢ ᠬᠡᠷᠡᠭᠯᠡᠬᠦ ᠠᠷᠭ᠎ᠠ ᠬᠡᠯᠪᠡᠷᠢ ᠶᠢᠨ ᠲᠠᠯ᠎ᠠ ᠪᠠᠷ ᠣᠯᠠᠨ ᠵᠤᠶᠢᠯ ᠪᠠᠶᠢᠵᠦ᠂ ᠨᠤᠲᠤᠭ   ᠪᠡᠯᠴᠢᠭᠡᠷ ᠤᠨ ᠡᠬᠢ ᠪᠠᠶᠠᠯᠢᠭ ᠢ ᠨᠡᠶᠢᠯᠡᠭᠦᠯᠦᠨ ᠬᠡᠪᠴᠢᠶᠡᠵᠢᠭᠦᠯᠵᠦ᠂ ᠨᠤᠲᠤᠭ ᠪᠡᠯᠴᠢᠭᠡᠷ ᠤᠨ   ᠠᠰᠢᠬᠯᠡᠯᠲᠠ ᠶᠢᠨ ᠦᠷ᠎ᠡ ᠠᠰᠢᠭ ᠢ ᠳᠡᠭᠡᠭᠰᠢᠯᠡᠭᠦᠯᠬᠦ  ᠪᠠᠷ ᠵᠣᠷᠢᠯᠲᠠ ᠪᠣᠯᠭᠠᠬᠰᠠᠨ᠂ ᠮᠠᠯᠴᠢᠨ   ᠲᠠᠷᠢᠶᠠᠴᠢᠨ ᠢ ᠵᠤᠬᠢᠶᠠᠨ ᠪᠠᠶᠢᠭᠤᠯᠤᠯᠴᠠᠬᠤ ᠳᠤ ᠬᠦᠲᠦᠯᠦᠨ ᠵᠢᠯᠤᠭᠤᠳᠴᠤ ᠂ ᠤᠷᠢᠶᠠᠯᠠᠨ   ᠳᠠᠭᠤᠳᠠᠬᠰᠠᠨ ᠢᠳᠡᠪᠬᠢᠲᠡᠢ ᠠᠷᠭ᠎ᠠ ᠮᠥᠨ᠃ ᠡᠨᠡᠬᠦ ᠠᠷᠭ᠎ᠠ ᠯᠡ ᠰᠠᠶ᠋ᠢ ᠮᠠᠯᠴᠢᠳ ᠤᠨ   ᠬᠤᠪᠢᠶᠠᠷᠢᠯᠠᠨ ᠣᠯᠵᠦ ᠳᠠᠭᠠᠭᠠᠴᠢᠯᠠᠬᠰᠠᠨ ᠨᠤᠲᠤᠭ ᠪᠡᠯᠴᠢᠭᠡᠷ ᠢ ᠦᠷᠭᠦᠯᠵᠢᠯᠡᠨ ᠮᠠᠯᠴᠢᠳ ᠤᠨ   ᠭᠠᠷ ᠲᠤ ᠪᠠᠶᠢᠯᠭᠠᠵᠦ᠂ ᠮᠠᠯᠴᠢᠳ ᠤᠨ ᠤᠯᠬᠤ ᠶᠣᠰᠤᠲᠠᠢ ᠪᠦᠭᠡᠳ ᠣᠯᠣᠬᠰᠠᠭᠠᠷ ᠢᠷᠡᠭᠰᠡᠨ   ᠨᠤᠲᠤᠭ ᠪᠡᠯᠴᠢᠭᠡᠷ ᠤᠨ ᠨᠥᠬᠦᠪᠦᠷᠢ ᠬᠠᠷᠠᠭᠠᠯᠵᠠᠯ ᠢ ᠲᠠᠰᠤᠯᠳᠠᠭᠤᠯᠬᠤ ᠦᠭᠡᠢ ᠪᠠᠶᠢᠵᠦ᠂   ᠤᠶᠢᠯᠡᠳᠪᠦᠷᠢᠯᠡᠯ ᠳᠡᠭᠡᠷ᠎ᠡ ᠨᠤᠲᠤᠭ ᠪᠡᠯᠴᠢᠭᠡᠷ  ᠢᠶᠠᠨ ᠨᠡᠶᠢᠯᠡᠭᠦᠯᠦᠨ᠂ ᠬᠡᠪᠴᠢᠶᠡᠵᠢᠭᠦᠯᠦᠨ   ᠡᠵᠡᠩᠨᠡᠵᠦ᠂ ᠪᠡᠯᠴᠢᠭᠡᠷ ᠠᠰᠢᠬᠯᠠᠯᠲᠠ ᠶᠢ ᠤᠷᠲᠤ ᠤᠳᠠᠭᠠᠨ ᠬᠤᠭᠤᠴᠠᠭ᠎ᠠ ᠪᠠᠷ ᠦᠷᠭᠦᠯᠵᠢᠯᠡᠨ   ᠨᠥᠭᠡᠴᠡ ᠲᠠᠢ ᠠᠰᠢᠬᠯᠠᠵᠦ᠂ ᠠᠮᠢ ᠠᠬᠤᠢ ᠶᠢᠨ ᠬᠠᠮᠠᠭᠠᠯᠠᠯᠲᠠ ᠪᠠ ᠠᠰᠢᠬᠯᠠᠯᠲᠠ᠂ ᠨᠥᠭᠡᠴᠡᠯᠡᠯ   ᠤᠨ ᠦᠷ᠎ᠡ ᠠᠰᠢᠭ ᠢᠶᠠᠨ ᠳᠡᠭᠡᠭᠰᠢᠯᠡᠭᠦᠯᠬᠦ ᠵᠦᠪ ᠦᠵᠡᠯ ᠰᠠᠨᠠᠭ᠎ᠠ᠂ ᠤᠬᠠᠮᠰᠠᠷᠲᠤ ᠰᠣᠩᠭᠤᠯᠲᠠ   ᠮᠥᠨ᠃
 
ᠢᠷᠡᠯᠲᠡ᠄ ᠬᠡᠰᠢᠭᠳᠡᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号